| | ᠪᠠᠭᠠᠷᠢᠨ ᠪᠠᠷᠠᠭᠤᠨ ᠬᠤᠰᠢᠭᠤᠨ ᠤ ᠰᠤᠶᠤᠯ ᠲᠠᠮᠢᠷ ᠷᠠᠳᠢᠤ᠋ ᠲᠧᠯᠸᠢᠰ ᠺᠢᠨᠤ᠋ ᠲᠤᠪᠴᠢᠶ᠎ᠠ᠂ ᠰᠤᠶᠤᠯ ᠤᠨ | ᠤᠷᠳᠤᠨ ᠬᠠᠮᠳᠤᠷᠠᠨ᠂ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 95 ᠵᠢᠯ ᠤᠨ ᠤᠢ ᠶᠢ | ᠪᠡᠯᠬᠡᠯᠡᠬᠦ ᠰᠤᠶᠤᠯ ᠤᠷᠠᠯᠢᠭ ᠤᠨ ᠠᠵᠢᠯᠯᠠᠭᠠᠨ ᠤ ᠨᠢᠭᠡᠨ ᠠᠭᠤᠯᠭ᠎ᠠ ᠪᠤᠯᠭᠠᠵᠤ᠂ ︽ᠴᠢᠮᠠᠳᠳᠤᠷᠵᠢ︾ ᠨᠠᠷᠠᠮᠵᠢᠳᠤ | ᠢᠷᠠᠭᠤ ᠨᠠᠶᠢᠷᠠᠭ ᠤᠨ ᠤᠷᠤᠯᠳᠤᠭᠠᠨ ᠢ ᠡᠷᠬᠢᠯᠠᠨ ᠬᠢᠬᠦ ᠪᠠᠷ ᠪᠤᠯᠪᠠ᠃ | ᠪᠦᠳᠦᠭᠡᠯ ᠡᠯᠰᠡᠬᠦ ᠱᠠᠭᠠᠷᠳᠠᠯᠭ᠎ᠠ᠄ | 1. ᠠᠭᠤᠯᠭ᠎ᠠ ᠰᠠᠨᠠᠭ᠎ᠠ ᠡᠷᠡᠬᠦᠯ ᠰᠠᠷᠠᠭᠤᠯ᠂ ᠦᠪᠡᠷᠮᠢᠴᠠ ᠰᠢᠨ᠎ᠠ ᠰᠡᠳᠬᠢᠬᠦᠢ ᠲᠠᠢ᠂ ᠰᠠᠳᠤᠪ ᠪᠠᠳᠠᠭ ᠮᠦᠷ | ᠴᠢᠯᠦᠭᠡᠳᠠᠢ᠂ ᠶᠠᠮᠠᠷᠴᠤ ᠬᠡᠪᠯᠡᠯ ᠨᠡᠶᠢᠳᠡᠯᠡᠯ ᠰᠦᠯᠵᠢᠶ᠎ᠠ ᠳᠤ ᠭᠡᠷᠡᠭᠯᠡᠭᠡ ᠦᠭᠡᠢ ᠰᠢᠨ᠎ᠠ ᠪᠦᠳᠦᠭᠡᠯ ᠪᠠᠶᠢᠬᠤ ᠭᠡᠷᠡᠭᠳᠡᠢ᠃ | 2. ᠡᠭᠡ ᠪᠢᠴᠢᠭ ᠢᠶᠠᠨ ᠮᠦᠡᠭᠭᠡ ᠭᠠᠯ ᠰᠤᠹᠲ ᠢᠶᠠᠷ ᠪᠢᠴᠢᠵᠤ᠂ ᠬᠠᠶ᠋ᠢᠭ᠂ ᠨᠠᠮᠳᠡᠷ᠂ ᠬᠠᠷᠢᠯᠴᠠᠬᠤ ᠤᠳᠠᠰᠤ | ᠪᠠᠨ ᠠᠷᠤ ᠳᠤᠨᠢ ᠲᠠᠭᠠᠭᠤᠯᠵᠤ ᠢᠷᠡᠬᠦᠯᠬᠦ ᠬᠡᠷᠡᠭᠳᠠᠢ᠃ ᠪᠢᠴᠢᠵᠤ ᠶᠠᠪᠤᠭᠤᠯᠤᠨ᠎ᠠ᠃ | 3. ᠪᠦᠳᠦᠭᠡᠯ ᠡᠯᠰᠡᠬᠦ ᠬᠤᠭᠤᠴᠠᠭ᠎ᠠ᠄ 2016 . 5 .15— 2016. 6. 10 | 4. ᠪᠦᠳᠦᠭᠡᠯ ᠤᠨ ᠰᠢᠯᠭᠠᠷᠠᠭᠤᠯᠤᠯᠳᠠ᠄ | ᠤᠷᠤᠯᠳᠤᠭᠠᠨ ᠳᠤ ᠢᠯᠡᠭᠡᠭᠰᠠᠨ ᠪᠦᠳᠦᠭᠡᠯ ᠢ ᠲᠤᠰᠬᠠᠢ ᠬᠢᠨᠠᠭᠴᠢ ᠶᠢᠨ ᠲᠤᠭᠤᠶᠢᠯᠠᠩ ᠳᠤ ᠲᠠᠪᠰᠢᠬᠦᠯᠵᠤ᠂ | ᠲᠡᠷᠢᠬᠦᠨ᠂ ᠲᠠᠳ᠋᠂ ᠭᠤᠳᠠᠭᠠᠷ ᠲᠤ ᠲᠤᠰᠪᠦᠷᠢ ᠨᠢᠭᠡ ᠪᠦᠳᠦᠭᠡᠯ᠂ ᠲᠤᠰᠬᠠᠢ ᠪᠠᠶᠢᠷᠢ ᠶᠢᠨ ᠱᠠᠩᠨᠠᠯ ᠳᠤ ᠭᠤᠷᠪᠠᠨ | ᠪᠦᠳᠦᠭᠡᠯ ᠢ ᠰᠢᠯᠭᠠᠷᠠᠭᠤᠯᠵᠤ᠂ ᠲᠤᠬᠠᠢ ᠶᠢᠨ ᠴᠠᠭ ᠲᠤᠨᠢ ᠪᠢᠳᠡᠬᠦᠮᠵᠢᠯᠠᠨ ᠬᠠᠳᠠᠵᠤ᠂ ᠱᠠᠩᠨᠠᠯ ᠤᠯᠭᠤᠬᠤ | ᠦᠳᠡᠰᠢᠯᠡᠭᠡ ᠶᠢᠨ ᠠᠬᠤᠢ ᠲᠠᠯᠠᠪᠠᠢ ᠳᠤ ᠨᠡᠭᠡᠭᠡᠨ ᠨᠠᠶᠢᠳᠡᠯᠡᠵᠤ᠂ ᠱᠠᠩᠨᠠᠯ ᠬᠦᠷᠳᠡᠭᠰᠡᠳ ᠢ ᠱᠠᠩᠨᠠᠨ ᠬᠦᠬᠢᠬᠦᠯᠦᠨ᠎ᠠ᠃ | 5. ᠤᠷᠤᠯᠳᠤᠭᠠᠨ ᠳᠤ ᠤᠷᠤᠯᠴᠠᠭᠰᠠᠨ ᠢᠷᠠᠭᠤ ᠨᠠᠶᠢᠷᠠᠭᠴᠢᠳ ᠪᠦᠬᠦᠨ ᠱᠠᠩᠨᠠᠯ ᠤᠯᠭᠤᠬᠤ ᠦᠳᠡᠰᠢᠯᠡᠭᠡ | ᠳᠤ ᠤᠷᠤᠯᠴᠠᠨ᠎ᠠ ᠃ ᠦᠨᠳᠤᠰᠤᠳᠠᠨ ᠤ ᠡᠮᠦᠰᠬᠡᠯ ᠵᠠᠰᠠᠯ ᠲᠠᠢ ᠪᠠᠶᠢᠬᠤ ᠶᠢ ᠱᠠᠭᠠᠷᠳᠠᠨ᠎ᠠ᠃ ᠶᠠᠪᠤᠵᠤ ᠰᠠᠭᠤᠬᠤ | ᠵᠠᠷᠤᠳᠠᠯ ᠰᠦᠢᠳᠭᠡᠯ ᠢᠶᠠᠨ ᠦᠪᠡᠷᠳᠡᠭᠡᠨ ᠬᠠᠷᠢᠭᠤᠴᠠᠨ᠎ᠠ᠃ | 6. ᠦᠳᠡᠰᠢᠯᠡᠭᠡ ᠡᠷᠬᠢᠯᠠᠬᠦ ᠭᠠᠵᠠᠷ᠄ ᠳ᠋ᠠᠪᠠᠨ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠮᠡᠳᠡᠬᠦᠯᠦᠯᠳᠠ ᠶᠢᠨ | ᠲᠠᠩᠬᠢᠮ | ᠦᠳᠡᠰᠢᠯᠡᠭᠡ ᠡᠷᠬᠢᠯᠠᠬᠦ ᠴᠠᠭ᠄ 2016 . 6 .17 ᠤ ᠤᠷᠤᠢ ᠶᠢᠨ 7᠄ 30 ᠮᠢᠨᠦ᠋ᠲ ᠲᠤ | 7. ᠪᠦᠳᠦᠭᠡᠯ ᠢᠯᠠᠭᠡᠬᠦ ᠭᠠᠵᠠᠷ᠄ ᠪᠠᠭᠠᠷᠢᠨ ᠪᠠᠷᠠᠭᠤᠨ ᠬᠤᠰᠢᠭᠤᠨ ᠤ ᠰᠤᠶᠤᠯ ᠤᠨ ᠤᠷᠳᠤᠨ ᠤ ᠨᠠᠷᠢᠨ | ᠪᠢᠴᠢᠭᠡᠴᠢ ᠶᠢᠨ ᠠᠯᠪᠠᠨ ᠭᠡᠷ | ᠢᠮᠧᠯ᠄ 554089352 @qq.com | ᠬᠠᠷᠢᠯᠴᠠᠬᠤ ᠬᠦᠮᠦᠨ᠄ ᠦᠷᠴᠠᠶᠢᠬᠤ ︵152 4869 2645︶ | ᠠᠰᠠᠭᠤᠨ ᠯᠠᠪᠯᠠᠬᠤ ᠤᠳᠠᠰᠤ᠄ 138 4887 5175 | ᠪᠠᠭᠠᠷᠢᠨ ᠪᠠᠷᠠᠭᠤᠨ ᠬᠤᠰᠢᠭᠤᠨ ᠤ ᠰᠤᠶᠤᠯ ᠤᠨ ᠤᠷᠳᠤᠨ | 2016. 5. 15 |