ᠴᠠᠭᠠᠨᠮᠦ᠋ᠷᠡᠨ ᠰᠤᠮᠤ ᠠᠩᠬᠠᠳᠤᠭᠠᠷ ᠬᠤᠭᠤᠴᠠᠭᠠᠨ ᠤ ︽ᠫᠠᠷᠵᠢ ᠨᠠᠭᠠᠳᠤᠮ︾ ᠤᠨ ᠤᠷᠤᠯᠳᠤᠭᠠᠨ ᠶᠠᠪᠤᠭᠤᠯᠪᠠ
ᠨᠡᠶᠢᠲᠡᠯᠡᠭᠰᠡᠨ ᠴᠠᠭ᠄
2017/2/20
        ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠰᠤᠮᠤ ᠶᠢᠨ ᠨᠠᠮ ᠤᠨ ᠬᠤᠷᠢᠶ᠎ᠠ᠂ ᠠᠷᠠᠳ ᠤᠨ ᠵᠠᠰᠠᠭ ᠤᠨ ᠤᠷᠳᠤᠨ ᠠᠴᠠ ᠵᠤᠬᠢᠶᠠᠨ ᠪᠠᠶᠢᠭᠤᠯᠤᠭᠰᠠᠨ ᠠᠩᠬᠠᠳᠤᠭᠠᠷ ᠤᠳᠠᠭᠠᠨ ᠤ ︽ᠫᠠᠷᠵᠢ ᠨᠠᠭᠠᠳᠤᠮ︾ ᠤᠨ ᠱᠠᠩᠨᠠᠯᠳᠦ ᠮᠦᠷᠦᠶᠢᠴᠡᠬᠡᠨ 2 ᠰᠠᠷ᠎ᠠ ᠶᠢᠨ 12 ᠤ ᠡᠳᠦᠷ᠂ ᠴᠠᠭᠠᠨᠮᠦ᠋ᠷᠡᠨ ᠰᠤᠮᠦ ᠶᠢᠨ ᠰᠢᠪᠠᠷᠲᠠᠢ ᠳᠠᠬᠢ ᠪᠠᠭᠠᠷᠢᠨ ᠸᠠᠩ ᠤᠨ ᠣᠷᠳᠣᠨ ᠤ ᠮᠣᠩᠭᠤᠯ ᠭᠡᠷ ᠲᠤ ᠶᠠᠪᠤᠭᠳᠠᠪᠠ᠃
   ᠲᠤᠰ ᠤᠳᠠᠭᠠᠨ ᠤ ᠮᠦᠷᠦᠶᠢᠴᠡᠬᠡᠨ ᠳᠤ ᠪᠠᠭᠠᠷᠢᠨ ᠪᠠᠷᠠᠭᠤᠨ ᠬᠤᠰᠢᠭᠤᠨ ᠤ ᠵᠠᠰᠠᠭ ᠤᠨ ᠤᠷᠳᠤᠨ ᠤ ᠲᠡᠳ᠋ ᠲᠠᠷᠤᠭ᠎ᠠ ᠰᠡᠴᠡᠨᠳᠦ ᠵᠢᠴᠢ ᠷᠡᠳᠢᠣ᠋ ᠲᠧᠯᠸᠢᠰ ᠦᠢᠯᠡᠴᠢᠯᠡᠬᠡᠨ ᠤ ᠲᠦᠪ ᠤᠨ ᠬᠠᠷᠢᠭᠤᠴᠠᠯᠭᠠᠳᠠᠨ ᠰᠠᠭᠠᠳᠠᠵᠤ ᠵᠢᠭᠠᠨ ᠵᠢᠯᠤᠭᠤᠳᠤᠭᠰᠠᠨ ᠪᠠᠶᠢᠨ᠎ᠠ᠃
 ᠤᠷᠤᠯᠳᠤᠭᠠᠨ ᠳᠤ᠂ ᠪᠦᠬᠦ ᠰᠤᠮᠤᠨ ᠤ 8 ᠭᠠᠴᠠᠭ᠎ᠠ ᠠᠴᠠ 40 ᠮᠠᠯᠴᠢᠨ ᠤᠷᠤᠯᠴᠠᠵᠤ᠂ ᠮᠦᠷᠦᠶᠢᠴᠠᠬᠡᠨ ᠢ ᠬᠦᠷ ᠬᠦᠭᠵᠢᠶᠠᠨ ᠲᠠᠢ ᠪᠤᠯᠭᠠᠭᠰᠠᠨ ᠪᠠᠶᠢᠨ᠎ᠠ᠃ ᠮᠦᠷᠦᠶᠢᠴᠡᠬᠡᠨ ᠳᠤ ᠨᠠᠢᠮᠠᠨ ᠨᠠᠰᠤᠳᠠᠢ ᠵᠢᠭᠠᠯ ᠠᠴᠠ ᠨᠠᠶᠠᠨ ᠨᠠᠰᠤᠳᠠᠢ ᠪᠤᠭᠤᠷᠤᠯ ᠭᠦᠷᠳᠡᠯ᠎ᠡ ᠤᠷᠤᠯᠴᠠᠵᠤ᠂ ᠨᠢᠬᠡ ᠡᠳᠦᠷ ᠤᠨ ᠬᠤᠷᠴᠠ ᠰᠢᠷᠦᠬᠦᠨ ᠲᠡᠮᠡᠴᠡᠬᠡᠨ ᠢᠶᠠᠷ ᠬᠤᠯᠤᠰᠤᠲᠦ ᠪᠤᠯᠤᠩ ᠭᠠᠴᠠᠭ᠎ᠠ ᠲᠡᠷᠢᠬᠦᠯᠡᠵᠦ᠂ ᠲᠡᠳ᠋ ᠪᠠᠶᠢᠷᠢᠨ ᠳᠤ ᠴᠠᠭᠠᠨᠮᠦ᠋ᠷᠡᠨ ᠭᠠᠴᠠᠭ᠎ᠠ᠂ ᠭᠤᠷᠪᠠᠳᠤᠭᠠᠷ ᠪᠠᠶᠢᠷᠢᠨ ᠳᠤ ᠲᠠᠪᠤᠨᠬᠤᠸᠠ ᠭᠠᠴᠠᠭ᠎ᠠ ᠴᠤᠯᠭᠤᠷᠠᠵᠤ ᠱᠠᠩᠨᠠᠯ ᠬᠦᠷᠳᠡᠭᠰᠡᠨ ᠪᠠᠶᠢᠨ᠎ᠠ᠃   ᠡᠨᠡ ᠤᠳᠠᠭᠠᠨ ᠤ ᠮᠦᠷᠦᠶᠢᠴᠡᠬᠡᠨ ᠢ ᠪᠠᠭᠠᠷᠢᠨ ᠮᠤᠩᠭᠤᠯᠴᠤᠳ ᠤᠨ ᠲᠤᠮᠳᠠ ᠦᠷᠬᠡᠨ ᠢᠶᠠᠷ ᠲᠠᠷᠬᠠᠨ ᠤᠯᠠᠮᠵᠢᠯᠠᠭᠳᠠᠨ ᠲᠠᠯᠬᠡᠷᠡᠵᠤ ᠢᠷᠡᠭᠰᠡᠨ ᠢᠵᠠᠭᠤᠷ ᠰᠤᠶᠤᠯ  ᠤᠨ ᠦᠪ ︽ᠫᠠᠷᠵᠢ︾ ᠨᠠᠭᠠᠳᠤᠮ ᠢᠶᠠᠨ ᠤᠯᠠᠮᠵᠢᠯᠠᠨ ᠦᠪᠯᠡᠬᠦᠯᠬᠦ ᠡᠭᠦᠳᠡᠨ ᠠᠴᠠ ᠡᠷᠬᠢᠯᠡᠨ ᠶᠠᠪᠤᠭᠳᠠᠭᠤᠯᠵᠦ᠂ ᠨᠠᠰᠤᠳᠠᠨ ᠪᠤᠭᠤᠷᠤᠯ ᠠᠴᠠ ᠪᠠᠯᠴᠢᠷ ᠪᠠᠭ᠎ᠠ ᠬᠡᠦᠬᠡᠳ ᠬᠦᠷᠳᠠᠯ᠎ᠠ ᠤᠷᠤᠯᠴᠠᠨ᠂ ᠤᠶᠤᠨ ᠤᠬᠠᠭᠠᠨ ᠢᠶᠠᠨ ᠰᠢᠪᠬᠠᠵᠤ᠂ ᠬᠡᠶᠢᠮᠦᠷᠢ ᠰᠦᠯᠳᠡ ᠪᠠᠨ ᠲᠡᠭᠳᠡᠬᠡᠵᠤ᠂ ᠨᠦᠬᠦᠷᠯᠠᠯ ᠬᠠᠶᠢᠷ᠎ᠠ ᠪᠠᠨ ᠵᠤᠵᠠᠭᠠᠳᠬᠠᠨ᠂ ᠤᠯᠠᠮᠵᠢᠯᠠᠯᠳᠦ ᠨᠠᠭᠠᠳᠤᠮ ᠢᠶᠠᠨ ᠬᠦᠷ ᠬᠦᠭᠵᠢᠶᠠᠨ ᠲᠠᠢ ᠶᠠᠪᠤᠭᠳᠠᠭᠤᠯᠵᠠᠢ᠃ ︵ᠪᠡ᠊᠂ ᠴᠤᠯᠮᠤᠨ︶
ᠢᠷᠡᠯᠲᠡ᠄ ᠪᠭᠠᠷᠢᠨ ᠰᠦᠯᠵᠢᠶ᠎ᠡ