ᠵᠠᠰᠠᠭ ᠤᠨ ᠣᠷᠳᠣᠨ ᠤ ᠠᠵᠢᠯ ᠤᠨ ᠢᠯᠡᠳᠬᠡᠯ ︵ᠲᠦᠰᠦᠯ︶
ᠨᠡᠶᠢᠲᠡᠯᠡᠭᠰᠡᠨ ᠴᠠᠭ᠄
2018/1/30
    ︵ᠠᠷᠪᠠ︶ ᠵᠠᠰᠠᠭ ᠤᠨ  ᠤᠷᠳᠤᠨ ᠤ  ᠴᠢᠳᠠᠪᠤᠷᠢ ᠶᠢᠨ ᠪᠦᠲᠦᠭᠡᠨ ᠪᠠᠶᠢᠭᠤᠯᠤᠯᠲᠠ ᠶᠢ ᠴᠢᠩᠭ᠎ᠠ ᠠᠬᠢᠭᠤᠯᠵᠤ  ᠂  ᠰᠢᠨ᠎ᠡ  ᠳᠦᠷᠢ ᠳᠦᠷᠰᠦ ᠶᠢ ᠳᠠᠬᠢᠨᠲᠠ ᠪᠤᠢ ᠪᠤᠯᠭᠠᠨ᠎ᠠ᠃ ᠤᠯᠤᠰ ᠲᠥᠷᠥ ᠶᠢᠨ ᠤᠬᠠᠮᠰᠠᠷ ᠢ  ᠴᠢᠩᠭᠠᠳᠬᠠᠵᠤ᠂  ᠨᠠᠮ ᠳᠤ ᠬᠠᠷᠢᠴᠠᠯᠢᠰᠢᠬᠦᠢ ᠦᠨᠡᠨᠴᠢ ᠬᠠᠨᠳᠤᠨ᠎ᠠ᠃  ᠨᠠᠮ ᠤᠨ  ᠤᠯᠤᠰ ᠲᠥᠷᠥ ᠶᠢᠨ ᠰᠠᠬᠢᠯᠭ᠎ᠠ ᠪᠠᠲᠤ ᠪᠠ ᠤᠯᠤᠰ ᠲᠥᠷᠥ ᠶᠢᠨ  ᠶᠤᠰᠤ ᠵᠢᠷᠤᠮ ᠢ ᠴᠢᠩᠭ᠎ᠠ ᠰᠠᠬᠢᠵᠤ᠂ ᠨᠠᠮ ᠤᠨ  ᠲᠥᠪ ᠬᠤᠷᠢᠶ᠎ᠠ ᠶᠢᠨ ᠡᠷᠭᠡ ᠰᠦᠷ ᠪᠠ ᠨᠢᠭᠡᠲᠦᠯᠲᠡᠢ ᠲᠥᠪᠯᠡᠷᠡᠭᠦᠯᠦᠭᠰᠡᠨ ᠤᠳᠤᠷᠢᠳᠤᠯᠭ᠎ᠠ ᠶᠢ ᠡᠷᠡᠰ ᠬᠠᠮᠠᠭᠠᠯᠠᠵᠤ᠂ ᠬᠤᠳᠠ ᠶᠢᠨ ᠨᠠᠮ ᠤᠨ  ᠬᠤᠷᠢᠶ᠎ᠠ᠂ ᠬᠤᠲᠠ ᠶᠢᠨ ᠵᠠᠰᠠᠭ ᠤᠨ  ᠤᠷᠳᠤᠨ ᠪᠠ ᠬᠤᠰᠢᠭᠤᠨ ᠤ  ᠨᠠᠮ ᠤᠨ  ᠬᠤᠷᠢᠶ᠎ᠠ ᠶᠢᠨ ᠰᠢᠢᠳᠪᠦᠷᠢ ᠪᠠᠶᠢᠷᠢᠯᠠᠭᠤᠯᠤᠯᠲᠠ ᠶᠢ ᠡᠷᠡᠰ ᠬᠡᠷᠡᠭᠵᠢᠭᠦᠯᠦᠨ  ᠂  ᠥᠭᠡᠷᠡᠴᠢᠯᠡᠬᠦ ᠦᠭᠡᠢ ᠪᠠᠷ ᠶᠤᠰᠤᠴᠢᠯᠠᠨ ᠪᠡᠶᠡᠯᠡᠭᠦᠯᠬᠦ ᠶᠢ ᠪᠠᠲᠤᠯᠠᠵᠤ  ᠂  ᠵᠠᠰᠠᠭ ᠤᠨ  ᠵᠠᠷᠯᠢᠭ ᠨᠢᠭᠡᠲᠦᠯᠲᠡᠢ ᠪᠠᠶᠢᠬᠤ ᠶᠢ ᠬᠠᠮᠠᠭᠠᠯᠠᠬᠤ ᠬᠡᠷᠡᠭᠲᠡᠢ᠃  ᠰᠢ ᠶᠢᠨ ᠫᠢᠩ ᠤᠨ ᠰᠢᠨ᠎ᠡ ᠴᠠᠭ ᠡᠷᠡᠨ ᠤ ᠳᠤᠮᠳᠠᠳᠤ ᠶᠢᠨ ᠤᠨᠴᠠᠯᠢᠭ ᠲᠠᠢ ᠨᠡᠶᠢᠭᠡᠮ ᠵᠢᠷᠤᠮ   ᠤᠨ  ᠦᠵᠡᠯ ᠰᠠᠨᠠᠭ᠎ᠠ   ᠶᠢ ᠤᠬᠠᠮᠰᠠᠷ ᠠᠴᠠ ᠪᠠᠨ ᠬᠡᠷᠡᠭᠯᠡᠵᠦ ᠵᠠᠰᠠᠭ ᠤᠨ ᠤᠷᠳᠤᠨ ᠤ ᠠᠵᠢᠯ ᠢ  ᠤᠳᠤᠷᠢᠳᠤᠭᠤᠯᠤᠨ᠂ ᠬᠥᠭᠵᠢᠯᠲᠡ ᠶᠢᠨ ᠰᠡᠳᠬᠢᠮᠵᠢ᠂ ᠬᠠᠷᠠᠯᠲᠠ ᠡᠭᠦᠷᠭᠡ᠂  ᠪᠡᠶᠡᠯᠡᠭᠦᠯᠬᠦ  ᠵᠠᠮ ᠮᠦᠷ   ᠢ  ᠰᠢᠨᠵᠢᠯᠡᠬᠦ ᠤᠬᠠᠭᠠᠨᠴᠢ ᠪᠠᠷ  ᠲᠤᠭᠲᠠᠭᠠᠵᠤ  ᠂ ᠵᠠᠰᠠᠭ ᠤᠨ  ᠤᠷᠳᠤᠨ ᠤ ᠡᠯ᠎ᠡ ᠲᠥᠷᠥᠯ ᠤᠨ  ᠠᠵᠢᠯ ᠢᠮᠠᠭᠲᠠ ᠵᠥᠪ ᠤᠨᠤᠪᠴᠢᠲᠠᠢ ᠴᠢᠭᠯᠡᠯ ᠤᠨ  ᠳᠠᠭᠠᠤ ᠤᠷᠤᠭᠰᠢᠯᠠᠬᠤ ᠶᠢ ᠪᠠᠲᠤᠯᠠᠬᠤ ᠬᠡᠷᠡᠭᠲᠡᠢ᠃  ᠬᠠᠤᠯᠢ  ᠪᠠᠷ ᠵᠠᠰᠠᠬᠤ  ᠰᠡᠳᠬᠢᠬᠦᠢ ᠶᠢ ᠴᠢᠩᠭᠠᠳᠬᠠᠨ  ᠂  ᠬᠠᠤᠯᠢ ᠶᠤᠰᠤᠭᠠᠷ  ᠠᠷᠠᠳᠴᠢᠯᠠᠭᠰᠠᠨ ᠵᠠᠰᠠᠭ ᠶᠠᠪᠤᠭᠤᠯᠤᠨ᠎ᠠ  ᠃ ᠦᠨᠳᠦᠰᠦᠨ ᠬᠠᠤᠯᠢ ᠬᠠᠤᠯᠢ ᠴᠠᠭᠠᠵᠠ  ᠳᠡᠭᠡᠳᠦ ᠭᠡᠰᠡᠨ ᠲᠠᠨᠢᠯᠲᠠ ᠶᠢ ᠪᠠᠲᠤᠲᠠᠢ ᠪᠤᠢ ᠪᠤᠯᠭᠠᠵᠤ   =᠂ ᠬᠠᠤᠯᠢ ᠪᠠᠷ ᠵᠠᠰᠠᠬᠤ ᠵᠠᠰᠠᠭ ᠤᠨ  ᠤᠷᠳᠤᠨ ᠤ  ᠴᠤᠭᠴᠠᠯᠠᠯᠲᠠ ᠶᠢ  ᠠᠬᠢᠭᠤᠯᠤᠨ᠂ ᠬᠠᠤᠯᠢ ᠳᠤ ᠲᠤᠭᠲᠠᠭᠰᠠᠨ ᠳᠡᠰ ᠳᠠᠷᠠᠭᠠᠯᠠᠯ  ᠢ  ᠴᠢᠩᠭ᠎ᠠ ᠵᠢᠷᠤᠮᠯᠠᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠵᠦ᠂ ᠴᠢᠬᠤᠯᠠ  ᠲᠤᠮᠤ ᠠᠰᠠᠭᠤᠳᠠᠯ ᠢ  ᠬᠠᠮᠲᠤ  ᠪᠠᠷ ᠰᠢᠢᠳᠬᠦ ᠳᠦᠷᠢᠮ᠂ ᠨᠡᠶᠢᠭᠡᠮ ᠳᠤ ᠢᠯᠡ  ᠨᠡᠶᠢᠲᠡᠯᠡᠬᠦ ᠳᠦᠷᠢᠮ᠂   ᠭᠡᠷᠡᠴᠢᠯᠡᠭᠡ ᠰᠤᠨᠤᠰᠬᠤ ᠳᠦᠷᠢᠮ ᠢ  ᠬᠢᠨᠠᠮᠠᠭᠠᠢ ᠬᠡᠷᠡᠭᠵᠢᠭᠦᠯᠦᠨ᠂  ᠬᠠᠤᠯᠢ ᠶᠤᠰᠤᠭᠠᠷ ᠵᠠᠰᠠᠭ ᠶᠠᠪᠤᠭᠤᠯᠬᠤ ᠬᠢᠷᠢ ᠲᠥᠪᠰᠢᠨ ᠢ  ᠲᠠᠰᠤᠷᠠᠯᠲᠠ ᠦᠭᠡᠢ ᠳᠡᠭᠡᠭᠰᠢᠯᠡᠭᠦᠯᠦᠨ᠎ᠡ  ᠃ ᠬᠠᠤᠯᠢ   ᠪᠠᠷ ᠬᠤᠰᠢᠭᠤ ᠪᠠᠨ ᠵᠠᠰᠠᠬᠤ ᠠᠬᠢᠴᠠ ᠶᠢ ᠲᠠᠰᠤᠷᠠᠯᠲᠠ ᠦᠭᠡᠢ ᠲᠦᠷᠭᠡᠳᠬᠡᠨ᠂ ︽ ᠳᠤᠯᠤᠳᠤᠭᠠᠷ  ᠲᠠᠪᠤᠨ ᠵᠢᠯ︾   ᠤᠨ  ᠬᠠᠤᠯᠢ ᠲᠦᠭᠡᠭᠡᠮᠡᠯᠵᠢᠭᠦᠯᠬᠦ  ᠠᠵᠢᠯ ᠢ  ᠭᠦᠨᠵᠡᠭᠡᠢ ᠥᠷᠨᠢᠭᠦᠯᠵᠦ᠂ ᠬᠠᠤᠯᠢ  ᠪᠠᠷ ᠵᠠᠰᠠᠬᠤ ᠰᠡᠳᠬᠢᠬᠦᠢ ᠪᠠ ᠬᠠᠤᠯᠢ ᠪᠠᠷ ᠵᠠᠰᠠᠬᠤ ᠠᠷᠭ᠎ᠠ ᠮᠠᠶ᠋ᠢᠭ ᠢᠶᠠᠷ  ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ᠂ ᠬᠥᠭᠵᠢᠯᠲᠡ ᠶᠢ ᠠᠬᠢᠭᠤᠯᠬᠤ᠂ ᠵᠥᠷᠢᠴᠡᠯ ᠢ ᠨᠠᠮᠳᠠᠭᠠᠬᠤ ᠴᠢᠳᠠᠪᠤᠷᠢ ᠪᠠᠨ   ᠨᠡᠮᠡᠭᠳᠡᠭᠦᠯᠦᠨ᠂ ᠪᠦᠬᠦ ᠨᠡᠶᠢᠭᠡᠮ ᠢᠶᠠᠷ   ᠢᠶᠠᠨ ᠬᠠᠤᠯᠢ ᠶᠢ ᠵᠢᠷᠤᠮᠯᠠᠨ ᠬᠠᠤᠯᠢ ᠰᠠᠬᠢᠵᠤ ᠬᠠᠤᠯᠢ ᠰᠤᠷᠴᠤ ᠬᠠᠤᠯᠢ ᠬᠡᠷᠡᠭᠯᠡᠬᠦ  ᠠᠭᠤᠷ ᠠᠮᠢᠰᠬᠤᠯ ᠢ ᠪᠤᠢ ᠪᠤᠯᠭᠠᠨ᠎ᠠ᠃  ᠠᠷᠠᠳ ᠤᠨ  ᠲᠥᠯᠥᠭᠡᠯᠡᠭᠴᠢᠳ ᠤᠨ  ᠶᠡᠭᠡ ᠬᠤᠷᠠᠯ ᠤᠨ  ᠬᠠᠤᠯᠢ ᠴᠠᠭᠠᠵᠠ ᠶᠢᠨ ᠬᠢᠨᠠᠯᠲᠠ᠂ ᠤᠯᠤᠰ ᠲᠥᠷᠥ ᠶᠢᠨ ᠵᠥᠪᠯᠡᠯᠭᠡᠨ ᠤ  ᠠᠷᠠᠳᠴᠢᠯᠠᠯ ᠤᠨ  ᠬᠢᠨᠠᠯᠲᠠ ᠪᠠ ᠨᠡᠶᠢᠭᠡᠮ ᠤᠨ  ᠶᠠᠷᠢᠶ᠎ᠠ ᠬᠡᠯᠡᠯᠴᠡᠬᠡᠨ ᠤ  ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠵᠦ᠂ ᠠᠷᠠᠳ ᠤᠯᠠᠨ ᠪᠠ ᠨᠡᠶᠢᠭᠡᠮ ᠤᠨ ᠡᠯ᠎ᠡ ᠡᠲᠡᠭᠡᠳ ᠤᠨ ᠰᠠᠨᠠᠯ ᠰᠠᠨᠠᠭᠤᠯᠭ᠎ᠠ ᠶᠢ ᠥᠷᠭᠡᠨ ᠢᠶᠠᠷ  ᠰᠤᠨᠤᠰᠴᠤ  ᠂ ᠵᠠᠰᠠᠭ ᠵᠠᠬᠢᠷᠭᠠᠨ ᠤ ᠰᠢᠢᠳᠪᠦᠷᠢ ᠶᠢᠨ ᠠᠷᠠᠳᠴᠢᠯᠠᠯ  ᠪᠠ ᠰᠢᠨᠵᠢᠯᠡᠬᠦ  ᠤᠬᠠᠭᠠᠨᠴᠢ  ᠬᠢᠷᠢ ᠲᠥᠪᠰᠢᠨ   ᠢ ᠦᠨᠡᠨ ᠬᠦ ᠳᠡᠭᠡᠭᠰᠢᠯᠡᠭᠦᠯᠦᠨ᠎ᠡ  ᠃  ᠡᠭᠦᠷᠭᠡᠯᠡᠵᠦ ᠬᠠᠷᠢᠭᠤᠴᠠᠬᠤ ᠵᠤᠷᠢᠭ ᠰᠠᠨᠠᠭ᠎ᠠ   ᠶᠢ ᠴᠢᠩᠭᠠᠳᠬᠠᠨ᠂ ᠠᠵᠢᠯ ᠤᠨ  ᠨᠠᠶᠢᠳᠠᠪᠤᠷᠢᠵᠢᠭᠤᠯᠤᠯᠲᠠ ᠶᠢ ᠴᠢᠩᠭ᠎ᠠ ᠠᠳᠬᠤᠨ᠎ᠠ᠃  ᠠᠯᠢᠪᠠ ᠠᠵᠢᠯ ᠬᠥᠭᠵᠢᠯᠲᠡ ᠪᠠᠷ ᠤᠷᠢᠳᠠᠴᠢ ᠪᠤᠯᠭᠠᠬᠤ ᠶᠢ ᠪᠠᠷᠢᠮᠲᠠᠯᠠᠨ  ᠂  ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠪᠠᠷ ᠭᠤᠤᠯ ᠪᠤᠯᠭᠠᠵᠤ᠂ ᠵᠠᠪᠰᠢᠶᠠᠨ ᠲᠤᠬᠢᠶᠠᠯ ᠤᠨ ᠤᠬᠠᠮᠰᠠᠷ ᠢ ᠴᠢᠨᠠᠭᠰᠢᠲᠠ ᠴᠢᠩᠭᠠᠳᠬᠠᠵᠤ᠂ ᠦᠵᠡᠯ ᠰᠠᠨᠠᠭ᠎ᠠ ᠪᠠᠨ ᠶᠡᠭᠡ ᠪᠠᠷ ᠴᠢᠯᠥᠭᠡᠯᠡᠵᠦ  ᠂ ᠲᠠᠨᠢᠯᠲᠠ ᠪᠠᠨ ᠦᠨᠡᠨ ᠭᠦ ᠰᠢᠨᠡᠴᠢᠯᠡᠨ᠂  ᠵᠤᠷᠰᠢᠯ ᠢ  ᠵᠤᠷᠢᠭᠲᠠᠢ  ᠡᠪᠳᠡᠵᠦ᠂  ᠵᠤᠷᠢᠭᠲᠠᠢ ᠥᠭᠡᠷᠡᠴᠢᠯᠡᠨ  ᠂ ᠥᠩᠭᠡᠷᠡᠭᠰᠡᠨ ᠲᠠᠢ ᠠᠶᠠᠷᠯᠠᠨ ᠢᠷᠡᠭᠡᠳᠦᠢ ᠶᠢ  ᠤᠭᠲᠤᠵᠤ᠂  ᠬᠤᠴᠤᠷᠴᠤ ᠪᠠᠶᠢᠭᠰᠠᠨ  ᠠᠴᠠ ᠪᠠᠨ ᠳᠠᠪᠠᠵᠤ ᠲᠡᠷᠢᠭᠦᠨ ᠳᠤ ᠨᠢ ᠶᠠᠪᠤᠬᠤ ᠡᠷᠴᠢ ᠵᠤᠷᠢᠭ ᠢᠶᠠᠷ  ᠬᠦᠴᠢᠷ ᠪᠡᠷᠬᠡ ᠲᠠᠷᠤᠭᠠᠰᠤ   ᠶᠢ ᠡᠮᠦᠨ᠎ᠡ  ᠠᠴᠠ   ᠨᠢ ᠲᠤᠯᠵᠤ  ᠂ ᠰᠢᠨ᠎ᠡ ᠴᠠᠭ ᠡᠷᠡᠨ ᠤ   ᠦᠨᠳᠦᠷ ᠴᠢᠨᠰᠠᠭ᠎ᠠ   ᠲᠠᠢ  ᠬᠥᠭᠵᠢᠯᠲᠡ ᠶᠢᠨ ᠵᠠᠮ ᠢᠶᠠᠷ  ᠵᠠᠮᠨᠠᠨ᠎ᠠ  ᠃  ᠡᠷᠴᠢ ᠴᠢᠷᠮᠠᠶᠢᠯᠭ᠎ᠠ   ᠲᠠᠢ   ᠤᠷᠮ᠎ᠠ ᠵᠤᠷᠢᠭ ᠢ  ᠢᠮᠠᠭᠲᠠ ᠪᠠᠲᠤᠯᠠᠵᠤ  ᠂ ᠪᠦᠬᠦ ᠰᠡᠳᠬᠢᠯ ᠢᠶᠠᠷ  ᠨᠠᠶᠢᠳᠠᠪᠤᠷᠢᠵᠢᠭᠤᠯᠬᠤ ᠶᠢ ᠠᠳᠬᠤᠨ  ᠂ ᠦᠨᠡᠨ ᠢ  ᠬᠡᠯᠡᠵᠦ᠂ ᠪᠤᠲᠠᠳᠤ ᠠᠵᠢᠯ ᠬᠢᠵᠦ᠂ ᠪᠤᠲᠠᠲᠠᠢ ᠠᠷᠭ᠎ᠠ  ᠠᠪᠴᠤ᠂ ᠪᠤᠲᠠᠲᠠᠢ ᠦᠷ᠎ᠡ ᠠᠰᠢᠭ ᠡᠷᠬᠢᠮᠯᠡᠬᠦ ᠵᠠᠷᠴᠢᠮ ᠢ ᠪᠠᠷᠢᠮᠲᠠᠯᠠᠵᠤ᠂  ᠠᠵᠢᠯ ᠭᠦᠢᠴᠡᠳᠬᠡᠬᠦ ᠴᠢᠳᠠᠪᠤᠷᠢ ᠶᠢ ᠳᠡᠭᠡᠭᠰᠢᠯᠡᠭᠦᠯᠦᠨ᠂ ᠯᠠᠪᠳᠠᠭᠤᠨ ᠲᠤᠭᠲᠠᠭᠤᠨ ᠠᠯᠬᠤᠮ  ᠪᠦᠷᠢ ᠳᠡᠭᠡᠨ ᠪᠤᠯᠭᠤᠮᠵᠢᠲᠠᠢ ᠪᠠᠶᠢᠵᠤ᠂  ᠡᠯ᠎ᠡ ᠲᠥᠷᠥᠯ  ᠤᠨ ᠠᠵᠢᠯ ᠢ  ᠢᠳᠡᠭ ᠢᠳᠡᠭ ᠢᠶᠠᠷ  ᠠᠬᠢᠭᠤᠯᠵᠤ᠂  ᠦᠨᠡᠨ ᠪᠤᠲᠠᠲᠠᠢ ᠦᠷ᠎ᠡ ᠠᠰᠢᠭ ᠢᠶᠠᠷ  ᠵᠠᠰᠠᠭ ᠤᠨ  ᠤᠷᠳᠤᠨ ᠤ ᠡᠷᠬᠡ ᠰᠦᠷ ᠢ  ᠪᠤᠢ ᠪᠤᠯᠭᠠᠨ᠂ ᠠᠷᠠᠳ ᠤᠯᠠᠨ ᠤ ᠢᠲᠡᠭᠡᠯ ᠪᠢᠰᠢᠷᠡᠯ ᠢ  ᠤᠯᠤᠨ᠎ᠠ᠃  ᠠᠮᠵᠢᠯᠲᠠ ᠦᠷ᠎ᠡ ᠠᠰᠢᠭ ᠢ  ᠬᠢᠨᠠᠨ ᠰᠢᠯᠭᠠᠬᠤ ᠪᠠ  ᠴᠢᠳᠠᠪᠤᠷᠢ ᠶᠢ ᠬᠢᠨᠠᠨ ᠪᠠᠶᠢᠴᠠᠭᠠᠬᠤ ᠠᠵᠢᠯ ᠢ  ᠴᠢᠩᠭᠠᠳᠬᠠᠨ  ᠂ ᠪᠡᠶᠡᠯᠡᠭᠦᠯᠬᠦ ᠦᠭᠡᠢ᠂  ᠬᠤᠶᠢᠷᠭᠤᠰᠢᠬᠤ  ᠂ ᠲᠤᠷ᠎ᠠ ᠪᠠᠷ ᠢᠶᠠᠨ  ᠦᠢᠯᠡᠳᠬᠦ  ᠬᠠᠨᠳᠤᠰᠢ   ᠶᠢ ᠡᠷᠡᠰ ᠵᠠᠯᠠᠷᠠᠭᠤᠯᠵᠤ  ᠂ ᠨᠢᠭᠡ ᠪᠦᠯᠦᠭ  ᠵᠠᠰᠠᠭ ᠤᠨ  ᠤᠷᠳᠤᠨ ᠤ  ᠠᠵᠢᠯᠲᠠᠳ ᠤᠨ ᠬᠠᠷᠢᠭᠤᠴᠠᠯᠭᠠᠲᠤ ᠰᠡᠳᠬᠢᠯᠭᠡ ᠰᠤᠯᠠ  ᠂ ᠬᠡᠪ ᠰᠤᠷᠲᠠᠯ ᠵᠠᠳᠠᠭᠠᠢ ᠬᠤᠶᠢᠷᠭᠤ᠂ ᠠᠵᠢᠯ ᠤᠨ  ᠦᠷ᠎ᠡ ᠪᠦᠲᠦᠭᠡᠯ ᠳᠤᠤᠷ᠎ᠠ ᠪᠠᠶᠢᠬᠤ ᠦᠵᠡᠭᠳᠡᠯ ᠢ ᠬᠦᠴᠦ ᠤᠷᠤᠭᠤᠯᠵᠤ ᠰᠢᠢᠳᠪᠦᠷᠢᠯᠡᠨ᠎ᠡ  ᠃ ᠱᠠᠩᠨᠠᠨ ᠬᠥᠬᠢᠭᠦᠯᠬᠦ ᠲᠤᠭᠲᠠᠯᠴᠠᠭ᠎ᠠ ᠪᠠ  ᠠᠯᠳᠠᠭ᠎ᠠ ᠶᠢ ᠠᠭᠤᠴᠢᠯᠠᠵᠤ ᠵᠠᠯᠠᠷᠠᠭᠤᠯᠬᠤ ᠲᠤᠭᠲᠠᠯᠴᠠᠭ᠎ᠠ ᠶᠢ ᠲᠡᠭᠦᠯᠳᠡᠷᠵᠢᠭᠦᠯᠦᠨ  ᠂  ᠠᠵᠢᠯ ᠲᠥᠯᠥᠪᠯᠡᠵᠦ ᠦᠢᠯᠡᠰ ᠪᠦᠲᠦᠭᠡᠬᠦ ᠤᠷᠮ᠎ᠠ ᠵᠤᠷᠢᠭ ᠢ  ᠬᠥᠪᠴᠢᠯᠡᠵᠦ᠂   ᠦᠢᠯᠡ  ᠬᠡᠷᠡᠭ  ᠰᠡᠳᠬᠢᠵᠦ᠂  ᠵᠤᠷᠢᠭᠲᠠᠢ ᠪᠠᠷ ᠠᠵᠢᠯ ᠬᠢᠵᠦ  ᠂ ᠦᠢᠯᠡᠰ ᠪᠦᠲᠦᠭᠡᠬᠦ   ᠶᠢ  ᠵᠤᠷᠢᠭᠵᠢᠭᠤᠯᠤᠨ᠎ᠠ᠃  ᠠᠷᠢᠭᠤᠨ ᠴᠢᠭᠡᠴᠢ  ᠵᠠᠩ ᠴᠢᠨᠠᠷ ᠢ  ᠴᠢᠩᠭᠠᠳᠬᠠᠵᠤ᠂  ᠬᠡᠪ ᠰᠤᠷᠲᠠᠯ ᠢ   ᠴᠢᠨᠠᠭᠰᠢᠲᠠ ᠰᠠᠶᠢᠵᠢᠷᠠᠭᠤᠯᠤᠨ᠎ᠠ  ᠃  ᠨᠢᠭᠡ ᠪᠠᠶᠢᠷᠢᠨ ᠤ  ᠬᠤᠤᠰ ᠬᠠᠷᠢᠭᠤᠴᠠᠯᠭ᠎ᠠ   ᠶᠢ ᠪᠠᠷᠢᠮᠲᠠᠯᠠᠵᠤ᠂ ᠤᠯᠠᠭᠠᠨ ᠱᠤᠭᠤᠮ ᠤᠨ  ᠤᠬᠠᠮᠰᠠᠷ ᠪᠠ  ᠦᠨᠳᠦᠰᠦᠨ ᠱᠠᠭᠠᠷᠳᠠᠯᠭ᠎ᠠ ᠶᠢᠨ  ᠤᠬᠠᠮᠰᠠᠷ ᠢ  ᠴᠢᠩᠭᠠᠳᠬᠠᠨ᠂ ᠨᠠᠮ ᠤᠨ  ᠰᠤᠷᠲᠠᠯ ᠴᠢᠭᠡᠴᠢ ᠵᠠᠰᠠᠭ ᠤᠨ ᠪᠦᠲᠦᠭᠡᠨ ᠪᠠᠶᠢᠭᠤᠯᠤᠯᠲᠠ ᠶᠢᠨ ᠬᠠᠷᠢᠭᠤᠴᠠᠯᠭ᠎ᠠ ᠶᠢᠨ ᠳᠦᠷᠢᠮ ᠢ  ᠬᠢᠨᠠᠮᠠᠭᠠᠢ ᠬᠡᠷᠡᠭᠵᠢᠭᠦᠯᠵᠦ  ᠂ᠨᠠᠮ  ᠤᠨ  ᠰᠤᠷᠲᠠᠯ ᠴᠢᠭᠡᠴᠢ ᠵᠠᠰᠠᠭ ᠤᠨ  ᠪᠠᠶᠢᠭᠤᠯᠤᠯᠲᠠ ᠪᠠ ᠢᠯᠵᠡᠷᠡᠯ ᠢ  ᠡᠰᠡᠷᠭᠦᠴᠡᠬᠦ ᠲᠡᠮᠡᠴᠡᠯ ᠢ  ᠡᠴᠦᠰ ᠳᠤ ᠨᠢ ᠲᠤᠯᠲᠠᠯ᠎ᠠ ᠬᠢᠨ᠎ᠠ᠃  ᠡᠷᠬᠡ ᠲᠥᠪᠯᠡᠷᠡᠭᠰᠡᠨ ᠰᠠᠯᠠᠭ᠎ᠠ ᠮᠥᠴᠢᠷ ᠪᠠ ᠠᠵᠢᠯ ᠤᠨ  ᠪᠠᠶᠢᠷᠢ   ᠶᠢᠨ ᠬᠢᠨᠠᠯᠲᠠ ᠶᠢ ᠭᠦᠨᠵᠡᠭᠡᠶᠢᠷᠡᠭᠦᠯᠵᠦ  ᠂ ᠶᠠᠳᠠᠭᠤ ᠠᠴᠠ ᠠᠩᠬᠢᠵᠢᠷᠠᠭᠤᠯᠬᠤ ᠰᠢᠪᠲᠤᠯᠤᠯᠲᠠ᠂ ᠠᠷᠠᠳ ᠤᠨ  ᠠᠮᠢᠵᠢᠷᠠᠯᠭ᠎ᠠ ᠶᠢᠨ ᠪᠠᠲᠤᠯᠠᠭ᠎ᠠ ᠵᠡᠷᠭᠡ ᠬᠦᠷᠢᠶᠡᠨ   ᠳᠠᠬᠢ ᠬᠠᠤᠯᠢ ᠴᠠᠭᠠᠵᠠ ᠰᠠᠬᠢᠯᠭ᠎ᠠ ᠪᠠᠲᠤ ᠶᠢ ᠵᠥᠷᠢᠴᠡᠭᠰᠡᠨ ᠬᠡᠷᠡᠭ ᠢ ᠴᠢᠩᠭ᠎ᠠ ᠪᠠᠶᠢᠴᠠᠭᠠᠨ ᠰᠢᠢᠳᠪᠦᠷᠢᠯᠡᠵᠦ   ᠥᠷᠭᠡᠨ ᠤᠯᠠᠨ ᠲᠦᠮᠡᠨ ᠤ  ᠦᠨᠳᠦᠰᠦᠨ ᠠᠰᠢᠭ ᠲᠤᠰᠠ ᠶᠢ ᠰᠠᠶᠢᠲᠤᠷ ᠬᠠᠮᠠᠭᠠᠯᠠᠨ᠎ᠠ᠃ ᠨᠡᠶᠢᠲᠡ ᠶᠢᠨ  ᠪᠡᠯᠡ ᠮᠥᠩᠭᠦ᠂ ᠤᠯᠤᠰ ᠤᠨ ᠡᠳ᠋ ᠬᠥᠷᠥᠩᠭᠡ᠂ ᠤᠯᠤᠰ ᠤᠨ  ᠡᠬᠢ ᠪᠠᠶᠠᠯᠢᠭ   ᠤᠨ  ᠲᠤᠬᠠᠢ ᠬᠢᠨᠠᠨ ᠪᠤᠳᠤᠬᠤ  ᠬᠢᠨᠠᠯᠲᠠ ᠶᠢ ᠨᠡᠶᠢᠳᠡᠮ ᠬᠢᠵᠦ᠂ ᠪᠤᠯᠵᠤᠯ ᠵᠠᠷᠯᠠᠬᠤ  ᠠᠵᠢᠯ ᠤᠨ  ᠡᠯ᠎ᠡ ᠵᠦᠢᠯ ᠤᠨ ᠬᠠᠤᠯᠢ ᠳᠦᠷᠢᠮ  ᠲᠤᠭᠲᠠᠭᠠᠯ ᠢ ᠶᠤᠰᠤᠭᠠᠷ ᠬᠡᠷᠡᠭᠵᠢᠭᠦᠯᠦᠨ  ᠂ ᠵᠠᠰᠠᠭ ᠤᠨ  ᠤᠷᠳᠤᠨ ᠬᠥᠷᠥᠩᠭᠡ ᠤᠷᠤᠭᠤᠯᠬᠤ ᠲᠥᠰᠥᠯ ᠤᠨ ᠬᠠᠮᠢᠶᠠᠷᠤᠯᠲᠠ ᠪᠠ ᠢᠨᠵᠧᠨᠧᠷᠢᠩ ᠤᠨ  ᠥᠭᠡᠷᠡᠴᠢᠯᠡᠯᠲᠡ ᠶᠢᠨ ᠬᠠᠮᠢᠶᠠᠷᠤᠯᠲᠠ ᠶᠢ ᠴᠢᠩᠭᠠᠳᠬᠠᠵᠤ᠂ ᠤᠯᠤᠰ ᠤᠨ ᠬᠥᠷᠥᠩᠭᠡ ᠶᠢᠨ ᠬᠠᠮᠢᠶᠠᠷᠤᠯᠲᠠ ᠶᠢᠨ ᠲᠤᠭᠲᠠᠯᠴᠠᠭ᠎ᠠ ᠶᠢ ᠲᠡᠭᠦᠯᠳᠡᠷᠵᠢᠭᠦᠯᠦᠨ᠂ ᠡᠯ᠎ᠡ ᠵᠦᠢᠯ ᠤᠨ  ᠡᠳ᠋   ᠤᠨ  ᠵᠠᠰᠠᠭ   ᠤᠨ  ᠪᠡᠯᠡ ᠮᠥᠩᠭᠦ   ᠶᠢ ᠠᠷᠪᠢᠲᠠᠢ ᠵᠤᠬᠢᠰᠲᠠᠢ ᠦᠷ᠎ᠡ ᠠᠰᠢᠭ ᠲᠠᠢ ᠬᠡᠷᠡᠭᠯᠡᠬᠦ ᠶᠢ ᠠᠬᠢᠭᠤᠯᠤᠨ᠎ᠠ᠃ ︽ ᠬᠤᠶᠠᠷ ᠢ  ᠰᠤᠷᠤᠯᠴᠠᠵᠤ  ᠰᠢᠯᠢᠳᠡᠭ ᠨᠠᠮ ᠤᠨ  ᠭᠡᠰᠢᠭᠦᠨ ᠪᠤᠯᠬᠤ  ︾  ᠰᠤᠷᠤᠯᠴᠠᠯᠭ᠎ᠠ ᠬᠥᠮᠥᠵᠢᠯ   ᠢ  ᠪᠠᠶᠢᠩᠭᠤᠵᠢᠭᠤᠯᠤᠨ ᠳᠦᠷᠢᠮᠵᠢᠭᠦᠯᠵᠦ  ᠂ ︽ ᠤᠭ ᠰᠠᠨᠠᠭ᠎ᠠ ᠪᠠᠨ ᠥᠯᠥ ᠤᠮᠠᠷᠲᠠᠨ  ᠂ ᠡᠭᠦᠷᠭᠡ ᠬᠠᠷᠢᠭᠤᠴᠠᠯᠭ᠎ᠠ  ᠪᠠᠨ ᠪᠠᠲᠤ ᠴᠡᠭᠡᠵᠢᠯᠡᠬᠦ︾  ᠭᠤᠤᠯ ᠰᠡᠳᠦᠪᠲᠦ ᠬᠦᠮᠦᠵᠢᠯ ᠢ  ᠰᠠᠶᠢᠲᠤᠷ ᠥᠷᠨᠢᠭᠦᠯᠦᠨ᠂ ᠲᠥᠪ   ᠤᠨ  ᠨᠠᠢᠮᠠᠨ ᠵᠤᠷᠪᠤᠰ ᠲᠤᠭᠲᠠᠭᠠᠯ ᠤᠨ ᠵᠤᠷᠢᠭ ᠰᠠᠨᠠᠭ᠎ᠠ ᠶᠢ   ᠭᠦᠨᠵᠡᠭᠡᠶᠢᠷᠡᠭᠦᠯᠵᠦ  ᠂ ︽ᠳᠦᠷᠪᠡᠨ ᠰᠤᠷᠲᠠᠯ︾   ᠤᠨ  ᠠᠰᠠᠭᠤᠳᠠᠯ ᠳᠠᠬᠢᠨ ᠢᠯᠡᠷᠡᠬᠦ ᠶᠢ ᠡᠷᠡᠰ ᠰᠡᠷᠭᠡᠶᠢᠯᠡᠨ᠎ᠡ᠃  ︽ ᠳᠦᠷᠪᠡᠨ ᠤᠬᠠᠮᠰᠠᠷ︾   ᠢ ᠴᠢᠩᠭ᠎ᠠ ᠵᠢᠷᠤᠮᠯᠠᠵᠤ᠂ ᠠᠷᠠᠳ ᠲᠦᠮᠡᠨ ᠤ  ᠲᠥᠯᠥᠭᠡ  ᠭᠡᠰᠡᠨ ᠵᠤᠷᠢᠯᠲᠠ ᠶᠢ ᠢᠮᠠᠭᠲᠠ ᠪᠠᠲᠤ ᠴᠡᠭᠡᠵᠢᠯᠡᠵᠦ᠂ ᠦᠨᠡᠨ ᠪᠤᠲᠠᠲᠠᠢ ᠪᠠᠶᠢᠬᠤ  ᠬᠡᠪ ᠰᠤᠷᠲᠠᠯ ᠢ ᠪᠠᠳᠠᠷᠠᠭᠤᠯᠤᠨ  ᠂  ᠺᠠᠳ᠋ᠷ  ᠲᠥᠪ ᠰᠢᠳᠤᠷᠭᠤ  ᠵᠠᠰᠠᠭ ᠤᠨ  ᠤᠷᠳᠤᠨ ᠠᠷᠢᠭᠤᠨ  ᠴᠢᠭᠡᠴᠢ ᠪᠠᠶᠢᠬᠤ  ᠶᠢ ᠦᠨᠡᠨ ᠬᠦ  ᠪᠠᠲᠤᠯᠠᠨ᠎ᠠ᠃       ᠲᠥᠯᠥᠭᠡᠯᠡᠭᠴᠢᠳ ᠡ  ᠂ ᠴᠠᠭ ᠦᠶ᠎ᠡ  ᠪᠢᠳᠡᠨ ᠢ ᠤᠷᠢᠶᠠᠯᠠᠨ ᠳᠠᠭᠤᠳᠠᠵᠤ᠂ ᠡᠭᠦᠷᠭᠡ ᠬᠠᠷᠢᠭᠤᠴᠠᠯᠭ᠎ᠠ ᠮᠥᠷᠥᠨ ᠳᠡᠭᠡᠷ᠎ᠡ   ᠪᠠᠶᠢᠨ᠎ᠠ  ᠃  ᠲᠡᠤᠬᠡ ᠶᠢᠨ ᠰᠢᠨ᠎ᠡ  ᠭᠠᠷᠤᠭᠠᠨ ᠳᠡᠭᠡᠷ᠎ᠡ  ᠵᠤᠭᠰᠤᠬᠤ ᠳᠤ  ᠤᠮᠤᠭ ᠵᠤᠷᠢᠭ ᠪᠢᠯᠬᠠᠵᠤ ᠢᠲᠡᠭᠡᠯ ᠵᠤᠷᠢᠭ  ᠲᠡᠭᠦᠯᠳᠡᠷ ᠪᠠᠶᠢᠨ᠎ᠠ  ᠃ ᠪᠢᠳᠡ ᠰᠢ ᠶᠢᠨ ᠫᠢᠩ  ᠨᠥᠬᠦᠷ ᠢᠶᠠᠷ ᠭᠤᠤᠯ ᠪᠤᠯᠭᠠᠭᠰᠠᠨ ᠨᠠᠮ  ᠤᠨ  ᠲᠥᠪ ᠬᠤᠷᠢᠶ᠎ᠠ ᠶᠢᠨ ᠲᠤᠭᠤᠷᠢᠨ ᠳᠤ ᠨᠡᠩ  ᠢᠯᠡᠭᠦᠦ ᠨᠢᠭᠲᠠᠷᠠᠨ ᠪᠦᠯᠬᠦᠮᠳᠡᠵᠦ᠂ ᠬᠤᠰᠢᠭᠤᠨ ᠤ  ᠨᠠᠮ ᠤᠨ  ᠬᠤᠷᠢᠶ᠎ᠠ ᠶᠢᠨ ᠡᠷᠡᠰ ᠴᠢᠩᠭ᠎ᠠ ᠤᠳᠤᠷᠢᠳᠤᠯᠭ᠎ᠠ ᠶᠢᠨ ᠳᠤᠤᠷ᠎ᠠ᠂ ᠬᠤᠰᠢᠭᠤᠨ ᠤ  ᠠᠷᠠᠳ ᠤᠨ  ᠲᠥᠯᠥᠭᠡᠯᠡᠭᠴᠢᠳ  ᠤᠨ  ᠶᠡᠭᠡ ᠬᠤᠷᠠᠯ  ᠂ ᠤᠯᠤᠰ ᠲᠥᠷᠥ ᠶᠢᠨ ᠵᠥᠪᠯᠡᠯᠭᠡᠨ ᠤ ᠬᠢᠨᠠᠯᠲᠠ ᠳᠡᠮᠵᠢᠯᠭᠡ ᠶᠢᠨ ᠳᠤᠤᠷ᠎ᠠ  ᠂ ᠤᠭ ᠰᠠᠨᠠᠭ᠎ᠠ  ᠪᠠᠨ ᠥᠯᠥ ᠤᠮᠠᠷᠲᠠᠨ᠂ ᠡᠭᠦᠷᠭᠡ  ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠬᠦᠴᠦᠨ ᠢᠶᠠᠨ  ᠨᠢᠭᠡᠳᠬᠡᠨ ᠬᠦᠴᠢᠷ  ᠢ  ᠢᠯᠠᠵᠤ᠂  ᠪᠠᠶᠢᠳᠠᠭ ᠬᠦᠴᠦᠨ ᠢᠶᠠᠷ   ᠢᠶᠠᠨ   ᠮᠠᠬᠠᠷᠠᠨ ᠵᠢᠳᠬᠦᠵᠦ᠂  ᠴᠢᠨᠡᠭᠡᠯᠢᠭ ᠨᠡᠶᠢᠭᠡᠮ ᠢ  ᠪᠦᠬᠦ ᠲᠠᠯ᠎ᠠ ᠪᠠᠷ  ᠴᠤᠭᠴᠠᠯᠠᠬᠤ  ᠪᠠ ᠵᠤᠯ ᠵᠢᠷᠭᠠᠯᠲᠤ ᠪᠠᠭᠠᠷᠢᠨ ᠪᠠᠷᠠᠭᠤᠨ ᠬᠤᠰᠢᠭᠤ   ᠶᠢ ᠪᠠᠶᠢᠭᠤᠯᠬᠤ ᠠᠤᠭ᠎ᠠ   ᠬᠠᠷᠠᠯᠲᠠ   ᠶᠢᠨ ᠲᠥᠯᠥᠭᠡ  ᠴᠢᠷᠮᠠᠶᠢᠨ ᠲᠡᠮᠡᠴᠡᠵᠡᠭᠡᠶ᠎ᠡ  ︕
<< < 1 2 3 4 5 > >>  
ᠢᠷᠡᠯᠲᠡ᠄ ᠪᠠᠭᠠᠷᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2