2017  ᠤᠨ ᠎ ᠤ  ᠡᠳ᠋ ᠎ ᠤᠨ  ᠵᠠᠰᠠᠭ ᠎ ᠤᠨ  ᠲᠦᠰᠤᠪ ᠎ ᠢ  ᠭᠡᠷᠡᠭᠵᠢᠭᠦᠯᠦᠭᠰᠡᠨ  ᠪᠠᠶᠢᠳᠠᠯ  ᠪᠠ  2018 ᠤᠨ ᠤ ᠡᠳ᠋ ᠤᠨ ᠵᠠᠰᠠᠭ ᠤᠨ ᠲᠦᠰᠤᠪ ︵ᠡᠭᠡ ᠲᠦᠰᠤᠯ︶᠎ ᠤᠨ ᠲᠤᠬᠠᠢ ᠮᠡᠳᠡᠭᠦᠯᠤᠯᠳᠠ ︵ᠨᠢᠭᠡ︶
ᠨᠡᠶᠢᠲᠡᠯᠡᠭᠰᠡᠨ ᠴᠠᠭ᠄
2018/3/12
     2018 ᠤᠨ ᠤ 1 ᠰᠠᠷ᠎ᠠ ᠶᠢᠨ 20  ᠎ ᠤ ᠡᠳᠤᠷ ᠪᠠᠭᠠᠷᠢᠨ ᠪᠠᠷᠠᠭᠤᠨ ᠬᠤᠰᠢᠭᠤᠨ ᠤ ᠠᠷᠪᠠᠨ ᠲᠤᠯᠤᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠬᠤᠷᠠᠯᠳᠤᠭᠠᠨ ᠲᠡᠭᠡᠷ᠎ᠠ              ᠪᠠᠭᠠᠷᠢᠨ ᠪᠠᠷᠠᠭᠤᠨ ᠬᠤᠰᠢᠭᠤᠨ ᠤ ᠡᠳ᠋ ᠤᠨ ᠵᠠᠰᠠᠭ ᠤᠨ ᠲᠤᠪᠴᠢᠶ᠎ᠡᠲᠦᠯᠦᠭᠡᠯᠡᠭᠴᠢᠳ ᠡ  ᠄      ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠨᠠᠶᠢᠳᠠᠯᠭ᠎ᠠ ᠪᠠᠷ ᠶᠡᠭᠡ ᠬᠤᠷᠠᠯ ᠳᠤ 2017 ᠤᠨ ᠤ ᠪᠦᠭᠦ ᠬᠤᠰᠢᠭᠤᠨ ᠤ ᠡᠳ᠋ ᠤᠨ ᠵᠠᠰᠠᠭ ᠤᠨ ᠲᠦᠰᠤᠪ ᠢ ᠭᠡᠷᠡᠭᠵᠢᠭᠦᠯᠦᠭᠰᠡᠨ ᠪᠠᠶᠢᠳᠠᠯ ᠪᠠ 2018 ᠤᠨ ᠤ ᠡᠳ᠋ ᠤᠨ ᠵᠠᠰᠠᠭ ᠤᠨ ᠲᠦᠰᠤᠪ ︵ᠡᠭᠡ ᠲᠦᠰᠤᠯ︶᠎ ᠢ ᠮᠡᠳᠡᠭᠦᠯᠦᠶ᠎ᠡ᠂ ᠭᠢᠨᠠᠨ ᠵᠦᠪᠯᠠᠭᠦ ᠪᠤᠯᠪᠠ ᠤᠤ ᠂ ᠡᠭᠦᠨ ᠤ ᠲᠠᠭᠠᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠳ ᠪᠠ ᠰᠤᠯᠠ ᠤᠷᠤᠯᠴᠠᠭᠰᠠᠳ ᠤᠨ ᠰᠠᠨᠠᠯ ᠢᠶᠠᠨ ᠲᠤᠷᠠᠳᠬᠤ ᠶᠢ ᠭᠦᠰᠡᠶ᠎ᠡ᠃      ᠨᠢᠭᠡ᠂ 2017  ᠤᠨ ᠤ ᠡᠳ᠋ ᠤᠨ ᠵᠠᠰᠠᠭ ᠤᠨ ᠲᠦᠰᠤᠪ ᠢ ᠭᠡᠷᠡᠭᠵᠢᠭᠦᠯᠦᠭᠰᠡᠨ ᠪᠠᠶᠢᠳᠠᠯ      ︵ᠨᠢᠭᠡ︶ ᠪᠦᠭᠦ ᠬᠤᠰᠢᠭᠤᠨ ᠤ ᠡᠳ᠋ ᠤᠨ ᠵᠠᠰᠠᠭ ᠤᠨ ᠲᠦᠰᠤᠪ ᠢ ᠭᠡᠷᠡᠭᠵᠢᠭᠦᠯᠦᠭᠰᠡᠨ ᠪᠠᠶᠢᠳᠠᠯ      2017  ᠤᠨ ᠳᠤ᠂ ᠪᠦᠭᠦ ᠬᠤᠰᠢᠭᠤᠨ ᠤ ᠡᠳ᠋ ᠤᠨ ᠵᠠᠰᠠᠭ ᠤᠨ ᠤᠷᠤᠯᠭ᠎ᠠ ᠶᠢ 50028 ᠲᠦᠮᠠᠨ ᠲᠦᠭᠦᠷᠢᠭ ᠪᠠᠶᠠᠯᠠᠭᠦᠯᠪᠠ᠂ ᠡᠭᠦᠨ ᠳᠤ᠄ ᠲᠡᠭᠡᠭᠰᠢ ᠲᠦᠪ ᠲᠤ ᠰᠢᠯᠵᠢᠭᠦᠯᠦᠭᠰᠡᠨ ᠤᠷᠤᠯᠭ᠎ᠠ 15727 ᠲᠦᠮᠠᠨ ᠲᠦᠭᠦᠷᠢᠭ᠂ ᠡᠨᠡ ᠨᠢ ᠲᠦᠷᠤᠭᠦᠦ ᠵᠢᠯ ᠠᠴᠠ 580 ᠲᠦᠮᠠᠨ ᠲᠦᠭᠦᠷᠢᠭ ᠨᠡᠮᠡᠭᠳᠡᠵᠦ᠂ 3.82% ᠨᠡᠮᠡᠭᠳᠡᠪᠠ︔ ᠲᠡᠭᠡᠭᠰᠢ ᠦᠪᠠᠷᠳᠡᠭᠡᠨ ᠵᠠᠰᠠᠬᠤ ᠤᠷᠤᠨ ᠳᠤ ᠰᠢᠯᠵᠢᠭᠦᠯᠦᠭᠰᠡᠨ ᠤᠷᠤᠯᠭ᠎ᠠ 4311 ᠲᠦᠮᠠᠨ ᠲᠦᠭᠦᠷᠢᠭ᠂ ᠡᠨᠡ ᠨᠢ ᠲᠦᠷᠤᠭᠦᠦ ᠵᠢᠯ ᠠᠴᠠ 856 ᠲᠦᠮᠠᠨ ᠲᠦᠭᠦᠷᠢᠭ ᠨᠡᠮᠡᠭᠳᠡᠵᠦ᠂ 24.78% ᠨᠡᠮᠡᠭᠳᠡᠪᠠ︔ ᠲᠡᠭᠡᠭᠰᠢ ᠬᠤᠳᠠ ᠶᠢᠨ ᠱᠠᠳᠤᠨ ᠳᠤ ᠰᠢᠯᠵᠢᠭᠦᠯᠦᠭᠰᠡᠨ ᠭᠠᠶᠢᠯᠢ ᠶᠢᠨ ᠤᠷᠤᠯᠭ᠎ᠠ 205 ᠲᠦᠮᠠᠨ ᠲᠦᠭᠦᠷᠢᠭ︔ ᠤᠯᠠᠨ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ 29990 ᠲᠦᠮᠠᠨ ᠲᠦᠭᠦᠷᠢᠭ᠂ ᠡᠨᠡ ᠨᠢ ᠲᠦᠷᠤᠭᠦᠦ ᠵᠢᠯ ᠠᠴᠠ 14172 ᠲᠦᠮᠠᠨ ᠲᠦᠭᠦᠷᠢᠭ ᠬᠠᠰᠤᠭᠳᠠᠪᠠ᠃ ᠬᠤᠳᠠ ᠪᠠ ᠬᠤᠰᠢᠭᠤ ᠰᠢᠶᠠᠨ ᠤ ᠲᠤᠰ ᠱᠠᠳᠤᠨ ᠤ ᠡᠩ ᠤᠨ ᠤᠯᠠᠨ ᠨᠠᠶᠢᠳᠠ ᠶᠢᠨ ᠲᠦᠰᠤᠪ ᠤᠨ ᠤᠷᠤᠯᠭ᠎ᠠ ᠶᠢ ᠰᠠᠯᠠᠭ᠎ᠠ ᠮᠦᠴᠢᠷ ᠬᠤᠪᠢᠶᠠᠨ ᠪᠡᠶᠡᠯᠡᠭᠦᠯᠦᠭᠰᠡᠨ ᠪᠠᠶᠢᠳᠠᠯ ᠨᠢ᠄ ᠤᠯᠤᠰ ᠤᠨ ᠭᠠᠶᠢᠯᠢ ᠶᠢᠨ ᠰᠠᠯᠠᠭ᠎ᠠ ᠮᠦᠴᠢᠷ 8476 ᠲᠦᠮᠠᠨ ᠲᠦᠭᠦᠷᠢᠭ︔ ᠤᠷᠤᠨ ᠨᠤᠳᠤᠭ ᠤᠨ ᠭᠠᠶᠢᠯᠢ ᠎ ᠶᠢᠨ ᠰᠠᠯᠠᠭ᠎ᠠ ᠮᠦᠴᠢᠷ 15712 ᠲᠦᠮᠠᠨ ᠲᠦᠭᠦᠷᠢᠭ︔ ᠡᠳ᠋ ᠤᠨ ᠵᠠᠰᠠᠭ ᠤᠨ ᠰᠠᠯᠠᠭ᠎ᠠ ᠮᠦᠴᠢᠷ 6007 ᠲᠦᠮᠠᠨ ᠲᠦᠭᠦᠷᠢᠭ ᠢ ᠲᠤᠰ ᠲᠤᠰ ᠪᠠᠶᠠᠯᠠᠭᠦᠯᠪᠠ᠃      2017  ᠤᠨ ᠤ ᠪᠦᠭᠦ ᠬᠤᠰᠢᠭᠤᠨ ᠤ ᠤᠯᠠᠨ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠵᠠᠷᠤᠯᠭ᠎ᠠ 251362 ᠲᠦᠮᠠᠨ ᠲᠦᠭᠦᠷᠢᠭ ᠪᠤᠯᠤᠨ᠎ᠠ᠃ ᠡᠨᠡ ᠨᠢ ᠵᠢᠯ ᠤᠨ ᠲᠦᠰᠤᠪ ᠠᠴᠠ 16.3% ᠨᠡᠮᠡᠭᠳᠡᠪᠠ᠂ ᠲᠦᠰᠤᠪ ᠠᠴᠠ ᠭᠡᠳᠤᠷᠡᠭᠰᠠᠨ ᠭᠤᠤᠯ ᠰᠢᠯᠳᠠᠭᠠᠨ ᠨᠢ ᠲᠡᠭᠡᠳᠦ ᠱᠠᠳᠤᠨ ᠤ ᠡᠳ᠋ ᠤᠨ ᠵᠠᠰᠠᠭ ᠤᠨ ᠱᠠᠭᠠᠷᠳᠠᠯᠭ᠎ᠠ ᠪᠠᠷ ᠲᠡᠭᠡᠳᠦ ᠱᠠᠳᠤᠨ ᠤ ᠲᠤᠰᠬᠠᠢ ᠵᠤᠶᠢᠯ ᠤᠨ ᠪᠠᠯᠠ ᠮᠦᠩᠭᠦ ᠶᠢᠨ ᠵᠦᠪᠭᠡᠨ ᠤᠷᠢᠳᠴᠢᠯᠠᠨ ᠲᠤᠷᠤᠭᠰᠢ ᠪᠠᠭᠤᠯᠭᠠᠭᠰᠠᠨ ᠭᠡᠰᠡᠭ ᠢ ᠵᠢᠯ ᠤᠨ ᠡᠭᠢᠨ ᠤ ᠲᠦᠰᠤᠪ ᠲᠤ ᠤᠷᠤᠭᠤᠯᠤᠭᠰᠠᠨ ᠠᠴᠠ ᠶᠤᠮ᠃ ᠡᠭᠦᠨ ᠳᠤ᠄ ᠡᠩ ᠤᠨ ᠤᠯᠠᠨ ᠨᠠᠶᠢᠳᠠ ᠶᠢᠨ ᠤᠶᠢᠯᠠᠴᠢᠯᠡᠭᠡᠨ ᠤ ᠵᠠᠷᠤᠯᠭ᠎ᠠ 29989 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 47.5% ᠨᠡᠮᠡᠭᠳᠡᠪᠠ︔ ᠤᠯᠤᠰ ᠤᠨ ᠪᠠᠳᠤᠯᠠᠨ ᠬᠠᠮᠠᠭᠠᠯᠠᠯᠳᠠ ᠶᠢᠨ ᠵᠠᠷᠤᠯᠭ᠎ᠠ 149 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 50% ᠪᠠᠭᠤᠷᠠᠪᠠ︔ ᠤᠯᠠᠨ ᠨᠠᠶᠢᠳᠠ ᠶᠢᠨ ᠠᠮᠤᠷ ᠲᠦᠪᠰᠢᠨ ᠤ ᠵᠠᠷᠤᠯᠭ᠎ᠠ 7236 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 37.% ᠪᠠᠭᠤᠷᠠᠪᠠ︔ ᠰᠤᠷᠭᠠᠨ ᠭᠦᠮᠤᠵᠢᠯ ᠤᠨ ᠵᠠᠷᠤᠯᠭ᠎ᠠ 44957 ᠲᠦᠮᠠᠨ ᠲᠦᠭᠦᠷᠢᠭ ᠪᠠᠶᠢᠵᠦ᠂ ᠡᠨᠡ ᠨᠢ  ᠠᠳᠠᠯᠢ ᠬᠤᠭᠤᠴᠠᠭᠠᠨ ᠠᠴᠠ 5% ᠨᠡᠮᠡᠭᠳᠡᠪᠠ︔ ᠰᠢᠨᠵᠢᠯᠠᠭᠦ ᠤᠬᠠᠭᠠᠨ ᠮᠡᠷᠭᠡᠵᠢᠯ ᠤᠨ ᠵᠠᠷᠤᠯᠭ᠎ᠠ 56 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 52.% ᠪᠠᠭᠤᠷᠠᠪᠠ︔ ᠰᠤᠶᠤᠯ ᠪᠠᠶ᠎ᠠ ᠶᠢᠨ ᠲᠠᠮᠢᠷ ᠪᠤᠯᠤᠨ ᠵᠠᠭᠤᠴᠢᠯᠠᠭᠤᠷ ᠤᠨ ᠵᠠᠷᠤᠯᠭ᠎ᠠ 2734 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 12.6% ᠪᠠᠭᠤᠷᠠᠪᠠ︔ ᠨᠡᠶᠢᠭᠡᠮ ᠤᠨ ᠪᠠᠳᠤᠯᠠᠭ᠎ᠠ ᠪᠠ ᠠᠵᠢᠯ ᠤᠯᠭᠤᠬᠤ ᠵᠠᠷᠤᠯᠭ᠎ᠠ 33062 ᠲᠦᠮᠠᠨ ᠲᠦᠭᠦᠷᠢᠭ ᠪᠠᠶᠢᠵᠦ᠂ ᠡᠨᠡ ᠨᠢ ᠠᠳᠠᠯᠢ ᠬᠤᠭᠤᠴᠠᠭᠠᠨ ᠠᠴᠠ 0.6% ᠨᠡᠮᠡᠭᠳᠡᠪᠠ︔ ᠡᠮᠨᠡᠯᠭᠡ ᠡᠷᠡᠭᠦᠯ ᠬᠠᠮᠠᠭᠠᠯᠠᠯ ᠪᠤᠯᠤᠨ ᠲᠦᠯᠤᠪᠯᠡᠭᠡᠳᠦ ᠦᠷᠠᠵᠢᠯ ᠤᠨ ᠵᠠᠷᠤᠯᠭ᠎ᠠ 19063 ᠲᠦᠮᠠᠨ ᠲᠦᠭᠦᠷᠢᠭ ᠪᠠᠶᠢᠵᠦ᠂ ᠡᠨᠡ ᠨᠢ ᠠᠳᠠᠯᠢ ᠬᠤᠭᠤᠴᠠᠭᠠᠨ ᠠᠴᠠ 56.6% ᠨᠡᠮᠡᠭᠳᠡᠪᠠ︔ ᠡᠨᠧᠷᠭᠢ ᠠᠷᠪᠢᠯᠠᠵᠦ ᠤᠷᠴᠢᠨ ᠲᠤᠭᠤᠷᠢᠨ ᠢ ᠬᠠᠮᠠᠭᠠᠯᠠᠬᠤ ᠵᠠᠷᠤᠯᠭ᠎ᠠ 11062 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 19.3% ᠨᠡᠮᠡᠭᠳᠡᠪᠠ︔ ᠬᠤᠳᠠ ᠭᠦᠳᠡᠭᠡ ᠶᠢᠨ ᠨᠡᠶᠢᠭᠡᠮ ᠲᠤᠭᠤᠷᠢᠭ ᠤᠨ ᠠᠵᠢᠯ ᠤᠨ ᠵᠠᠷᠤᠯᠭ᠎ᠠ 13722 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 70.6% ᠨᠡᠮᠡᠭᠳᠡᠪᠠ︔ ᠲᠠᠷᠢᠶᠠᠯᠠᠩ ᠤᠢ ᠰᠢᠭᠤᠢ ᠤᠰᠤᠨ ᠠᠰᠢᠭᠯᠠᠯᠳᠠ ᠶᠢᠨ ᠠᠵᠢᠯ ᠤᠨ ᠵᠠᠷᠤᠯᠭ᠎ᠠ 63484 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 24.1% ᠪᠠᠭᠤᠷᠠᠪᠠ︔ ᠵᠠᠮ ᠬᠠᠷᠢᠯᠴᠠᠭ᠎ᠠ ᠲᠡᠭᠡᠭᠡᠪᠤᠷᠢ ᠶᠢᠨ ᠵᠠᠷᠤᠯᠭ᠎ᠠ 10080 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 84.1% ᠨᠡᠮᠡᠭᠳᠡᠪᠠ︔ ᠡᠭᠢ ᠪᠠᠶᠠᠯᠢᠭ ᠢ ᠬᠠᠶᠢᠨ ᠰᠢᠨᠵᠢᠭᠦ ᠴᠠᠭᠢᠯᠭᠠᠨ ᠭᠦᠴᠦ ᠮᠡᠳᠡᠭᠡ ᠵᠠᠩᠭᠢ ᠵᠡᠷᠭᠡ ᠠᠵᠢᠯ ᠤᠨ ᠵᠠᠷᠤᠯᠭ᠎ᠠ 591 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 152.6% ᠨᠡᠮᠡᠭᠳᠡᠪᠠ︔ ᠬᠤᠳᠠᠯᠳᠤᠭ᠎ᠠ ᠤᠶᠢᠯᠠᠴᠢᠯᠡᠭᠡᠨ ᠤ ᠤᠶᠢᠯᠠᠰ ᠤᠨ ᠠᠵᠢᠯ ᠤᠨ ᠵᠠᠷᠤᠯᠭ᠎ᠠ 3457 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 104.% ᠨᠡᠮᠡᠭᠳᠡᠪᠠ︔ ᠤᠯᠤᠰ ᠤᠨ ᠭᠠᠵᠠᠷ ᠰᠢᠷᠤᠢ ᠶᠢᠨ ᠡᠭᠢ ᠪᠠᠶᠠᠯᠢᠭ ᠴᠠᠭ ᠠᠭᠤᠷ ᠵᠡᠷᠭᠡ ᠠᠵᠢᠯ ᠤᠨ ᠵᠠᠷᠤᠯᠭ᠎ᠠ 1596 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 61.2% ᠪᠠᠭᠤᠷᠠᠪᠠ︔ ᠤᠷᠤᠨ ᠰᠠᠭᠤᠴᠠ ᠶᠢᠨ ᠪᠠᠳᠤᠯᠠᠭ᠎ᠠ ᠶᠢᠨ ᠵᠠᠷᠤᠯᠭ᠎ᠠ 9906 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 57.9% ᠨᠡᠮᠡᠭᠳᠡᠪᠠ︔ ᠠᠮᠤ ᠲᠤᠰᠤ ᠡᠳ᠋ ᠪᠤᠳᠠᠰ ᠤᠨ ᠬᠠᠮᠢᠶᠠᠷᠤᠯᠳᠠ ᠶᠢᠨ ᠠᠵᠢᠯ ᠤᠨ ᠵᠠᠷᠤᠯᠭ᠎ᠠ 532 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 39.9% ᠪᠠᠭᠤᠷᠠᠪᠠ︔ ᠤᠯᠤᠰ ᠤᠨ ᠠᠯᠪᠠᠨ ᠵᠢᠭᠡᠯᠡᠯᠭᠡ ᠶᠢᠨ ᠭᠦᠤ ᠮᠦᠩᠭᠦ ᠶᠢ ᠦᠭᠭᠦᠭᠰᠡᠨ ᠵᠠᠷᠤᠯᠭ᠎ᠠ 2011 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 675 ᠲᠦᠮᠠᠨ ᠲᠦᠭᠦᠷᠢᠭ ᠪᠠᠶᠢᠵᠦ᠂ ᠡᠨᠡ ᠨᠢ ᠲᠦᠷᠤᠭᠦᠦ ᠵᠢᠯ ᠤᠨ ᠠᠳᠠᠯᠢ ᠬᠤᠭᠤᠴᠠᠭᠠᠨ ᠠᠴᠠ 134.4% ᠨᠡᠮᠡᠭᠳᠡᠪᠠ᠃       ︵ᠬᠤᠶᠠᠷ︶ ᠵᠠᠰᠠᠭ ᠤᠨ ᠤᠷᠳᠤᠨ ᠤ ᠴᠢᠨᠠᠷᠳᠠᠢ ᠰᠠᠭᠤᠷᠢ ᠮᠦᠩᠭᠦ ᠶᠢᠨ ᠤᠷᠤᠯᠭ᠎ᠠ ᠵᠠᠷᠤᠯᠭ᠎ᠠ ᠶᠢ ᠪᠠᠶᠠᠯᠠᠭᠦᠯᠦᠭᠰᠡᠨ ᠪᠠᠶᠢᠳᠠᠯ       2017 ᠤᠨ ᠤ ᠪᠦᠭᠦ ᠬᠤᠰᠢᠭᠤᠨ ᠤ ᠵᠠᠰᠠᠭ ᠤᠨ ᠤᠷᠳᠤᠨ ᠤ ᠴᠢᠨᠠᠷᠳᠠᠢ ᠰᠠᠭᠤᠷᠢ ᠮᠦᠩᠭᠦ ᠶᠢᠨ ᠤᠷᠤᠯᠭ᠎ᠠ 43980 ᠲᠦᠮᠠᠨ ᠲᠦᠭᠦᠷᠢᠭ᠂ ᠡᠭᠦᠨ ᠎ ᠳᠤ᠄ ᠲᠤᠰ ᠱᠠᠳᠤᠨ ᠤ ᠤᠷᠤᠯᠭ᠎ᠠ ᠶᠢ 16166 ᠲᠦᠮᠠᠨ ᠲᠦᠭᠦᠷᠢᠭ ᠪᠠᠶᠠᠯᠠᠭᠦᠯᠵᠦ᠂ ᠲᠡᠭᠡᠳᠦ ᠱᠠᠳᠤᠨ ᠤ ᠨᠦᠭᠦᠪᠤᠷᠢ ᠶᠢᠨ ᠤᠷᠤᠯᠭ᠎ᠠ 1950 ᠲᠦᠮᠠᠨ ᠲᠦᠭᠦᠷᠢᠭ᠂ ᠲᠤᠰᠬᠠᠢ ᠵᠤᠶᠢᠯ ᠤᠨ ᠵᠢᠭᠡᠯᠡᠯᠭᠡ ᠶᠢᠨ ᠲᠡᠮᠳᠡᠭ ᠢ ᠵᠢᠭᠡᠯᠡᠯᠭᠡ ᠳᠤ ᠰᠢᠯᠵᠢᠭᠦᠯᠦᠭᠰᠡᠨ ᠤᠷᠤᠯᠭ᠎ᠠ 6641 ᠲᠦᠮᠠᠨ ᠲᠦᠭᠦᠷᠢᠭ᠂ ᠲᠦᠷᠤᠭᠦᠦ ᠵᠢᠯ ᠤᠨ ᠦᠯᠠᠳᠠᠪᠤᠷᠢ 19223 ᠲᠦᠮᠠᠨ ᠲᠦᠭᠦᠷᠢᠭ ᠪᠤᠯᠤᠨ᠎ᠠ᠃ ᠵᠠᠰᠠᠭ ᠤᠨ ᠤᠷᠳᠤᠨ ᠤ ᠴᠢᠨᠠᠷᠳᠠᠢ ᠵᠠᠷᠤᠯᠭ᠎ᠠ 17013 ᠲᠦᠮᠠᠨ ᠲᠦᠭᠦᠷᠢᠭ᠂ ᠵᠢᠯ ᠤᠨ ᠡᠴᠤᠰ ᠤᠨ ᠦᠯᠠᠳᠠᠪᠤᠷᠢ 26967 ᠲᠦᠮᠠᠨ ᠲᠦᠭᠦᠷᠢᠭ ᠪᠤᠯᠤᠨ᠎ᠠ᠃       ︵ᠭᠤᠷᠪᠠ︶ ᠨᠡᠶᠢᠭᠡᠮ ᠤᠨ ᠪᠠᠳᠤᠯᠠᠭ᠎ᠠ ᠶᠢᠨ ᠰᠠᠭᠤᠷᠢ ᠮᠦᠩᠭᠦ ᠶᠢᠨ ᠤᠷᠤᠯᠭ᠎ᠠ ᠵᠠᠷᠤᠯᠭ᠎ᠠ ᠶᠢ ᠪᠠᠶᠠᠯᠠᠭᠦᠯᠦᠭᠰᠡᠨ ᠪᠠᠶᠢᠳᠠᠯ       2017  ᠤᠨ ᠤ ᠪᠦᠭᠦ ᠬᠤᠰᠢᠭᠤᠨ ᠤ ᠨᠡᠶᠢᠭᠡᠮ ᠤᠨ ᠪᠠᠳᠤᠯᠠᠭ᠎ᠠ ᠶᠢᠨ ᠰᠠᠭᠤᠷᠢ ᠮᠦᠩᠭᠦᠨ ᠤ ᠤᠷᠤᠯᠭ᠎ᠠ 34540 ᠲᠦᠮᠠᠨ ᠲᠦᠭᠦᠷᠢᠭ᠂ ᠵᠠᠷᠤᠯᠭ᠎ᠠ 24748 ᠲᠦᠮᠠᠨ ᠲᠦᠭᠦᠷᠢᠭ ᠪᠤᠯᠤᠨ᠎ᠠ᠃ ᠡᠭᠦᠨ ᠳᠤ᠄ ᠬᠤᠳᠠ ᠭᠦᠳᠡᠭᠡ ᠶᠢᠨ ᠰᠠᠭᠤᠭᠠᠯᠢ ᠠᠷᠠᠳ ᠤᠨ ᠨᠠᠰᠤᠳᠠᠨ ᠢ ᠠᠰᠠᠷᠠᠬᠤ ᠦᠨᠳᠤᠰᠤᠨ ᠲᠠᠭᠠᠳᠬᠠᠯ ᠤᠨ ᠰᠠᠭᠤᠷᠢ ᠮᠦᠩᠭᠦ ᠶᠢᠨ ᠤᠷᠤᠯᠭ᠎ᠠ 2975 ᠲᠦᠮᠠᠨ ᠲᠦᠭᠦᠷᠢᠭ᠂ ᠵᠠᠷᠤᠯᠭ᠎ᠠ 2373 ᠲᠦᠭᠦᠷᠢᠭ ᠪᠤᠯᠤᠨ᠎ᠠ︔ ᠬᠤᠳᠠ ᠪᠠᠯᠭᠠᠰᠤᠨ ᠤ ᠠᠵᠢᠯᠴᠢᠨ ᠠᠵᠢᠯᠳᠠᠨ ᠤ ᠦᠨᠳᠤᠰᠤᠨ ᠡᠮᠨᠡᠯᠭᠡ ᠶᠢᠨ ᠲᠠᠭᠠᠳᠬᠠᠯ ᠤᠨ ᠰᠠᠭᠤᠷᠢ ᠮᠦᠩᠭᠦ ᠶᠢᠨ ᠤᠷᠤᠯᠭ᠎ᠠ 7496  ᠲᠦᠮᠠᠨ ᠲᠦᠭᠦᠷᠢᠭ᠂ ᠵᠠᠷᠤᠯᠭ᠎ᠠ 7184 ᠲᠦᠮᠠᠨ ᠲᠦᠭᠦᠷᠢᠭ ᠪᠤᠯᠤᠨ᠎ᠠ ︔ ᠬᠤᠳᠠ ᠪᠠᠯᠭᠠᠰᠤᠨ ᠤ ᠠᠵᠢᠯᠴᠢᠨ ᠠᠵᠢᠯᠳᠠᠨ ᠤ ᠦᠷᠠᠵᠢᠯ ᠤᠨ ᠲᠠᠭᠠᠳᠬᠠᠯ ᠤᠨ ᠰᠠᠭᠤᠷᠢ ᠮᠦᠩᠭᠦᠨ ᠤ ᠤᠷᠤᠯᠭ᠎ᠠ 346 ᠲᠦᠮᠠᠨ ᠲᠦᠭᠦᠷᠢᠭ᠂ ᠵᠠᠷᠤᠯᠭ᠎ᠠ 178 ᠲᠦᠮᠠᠨ ᠲᠦᠭᠦᠷᠢᠭ ᠪᠤᠯᠤᠨ᠎ᠠ︔ ᠬᠤᠳᠠ ᠭᠦᠳᠡᠭᠡ ᠶᠢᠨ ᠰᠠᠭᠤᠭᠠᠯᠢ ᠠᠷᠠᠳ ᠤᠨ ᠡᠮᠨᠡᠯᠭᠡ ᠶᠢᠨ ᠲᠠᠭᠠᠳᠬᠠᠯ ᠤᠨ ᠰᠠᠭᠤᠷᠢ ᠮᠦᠩᠭᠦ ᠶᠢᠨ ᠤᠷᠤᠯᠭ᠎ᠠ 9288 ᠲᠦᠮᠠᠨ ᠲᠦᠭᠦᠷᠢᠭ᠂ ᠵᠠᠷᠤᠯᠭ᠎ᠠ 7200 ᠲᠦᠮᠠᠨ ᠲᠦᠭᠦᠷᠢᠭ ᠪᠤᠯᠤᠨ᠎ᠠ︔ ᠠᠵᠢᠯ ᠠᠴᠠ ᠪᠤᠯᠤᠭᠰᠠᠨ ᠭᠡᠮᠳᠤᠯ ᠤᠨ ᠲᠠᠭᠠᠳᠬᠠᠯ ᠤᠨ ᠰᠠᠭᠤᠷᠢ ᠮᠦᠩᠭᠦ ᠎ ᠶᠢᠨ ᠵᠠᠷᠤᠯᠭ᠎ᠠ 7200 ᠲᠦᠮᠠᠨ ᠲᠦᠭᠦᠷᠢᠭ ᠪᠤᠯᠤᠨ᠎ᠠ︔ ᠠᠵᠢᠯ ᠠᠴᠠ ᠪᠤᠯᠤᠭᠰᠠᠨ ᠭᠡᠮᠳᠤᠯ ᠤᠨ ᠲᠠᠭᠠᠳᠬᠠᠯ ᠤᠨ ᠰᠠᠭᠤᠷᠢ ᠮᠦᠩᠭᠦ ᠶᠢᠨ ᠤᠷᠤᠯᠭ᠎ᠠ 323 ᠲᠦᠮᠠᠨ ᠲᠦᠭᠦᠷᠢᠭ᠂ ᠵᠠᠷᠤᠯᠭ᠎ᠠ 351 ᠲᠦᠮᠠᠨ ᠲᠦᠭᠦᠷᠢᠭ ᠪᠤᠯᠤᠨ᠎ᠠ᠃
ᠢᠷᠡᠯᠲᠡ᠄ ᠲᠣᠲᠣᠷᠬᠠᠢ ᠦᠭᠡᠢ