2017  ᠤᠨ ᠎ ᠤ  ᠡᠳ᠋ ᠎ ᠤᠨ  ᠵᠠᠰᠠᠭ ᠎ ᠤᠨ  ᠲᠦᠰᠤᠪ ᠎ ᠢ  ᠭᠡᠷᠡᠭᠵᠢᠭᠦᠯᠦᠭᠰᠡᠨ  ᠪᠠᠶᠢᠳᠠᠯ  ᠪᠠ  2018 ᠤᠨ ᠤ ᠡᠳ᠋ ᠤᠨ ᠵᠠᠰᠠᠭ ᠤᠨ ᠲᠦᠰᠤᠪ ︵ᠡᠭᠡ ᠲᠦᠰᠤᠯ︶᠎ ᠤᠨ ᠲᠤᠬᠠᠢ ᠮᠡᠳᠡᠭᠦᠯᠤᠯᠳᠠ ︵ᠬᠤᠶᠠᠷ︶
ᠨᠡᠶᠢᠲᠡᠯᠡᠭᠰᠡᠨ ᠴᠠᠭ᠄
2018/3/12
    ᠬᠤᠶᠠᠷ᠂ 2017 ᠤᠨ ᠤ ᠡᠳ᠋ ᠤᠨ ᠵᠠᠰᠠᠭ ᠤᠨ ᠠᠵᠢᠯ ᠤᠨ ᠠᠮᠵᠢᠯᠳᠠ ᠪᠦᠳᠤᠮᠵᠢ ᠪᠤᠯᠤᠨ ᠤᠷᠤᠰᠢᠵᠦ ᠪᠠᠶᠢᠭ᠎ᠠ ᠪᠡᠷᠭᠡᠰᠢᠶᠠᠯ ᠪᠠ ᠠᠰᠠᠭᠤᠳᠠᠯ     ︵ᠨᠢᠭᠡ︶ ᠤᠷᠤᠯᠭ᠎ᠠ ᠶᠢᠨ ᠬᠠᠮᠢᠶᠠᠷᠤᠯᠳᠠ ᠶᠢ ᠴᠢᠩᠭᠠᠳᠬᠠᠵᠦ᠂ ᠡᠳ᠋ ᠤᠨ ᠵᠠᠰᠠᠭ ᠤᠨ ᠤᠷᠤᠯᠭ᠎ᠠ ᠶᠢᠨ ᠯᠠᠪᠳᠠᠭᠤᠨ ᠪᠦᠭᠡᠳ ᠡᠷᠡᠭᠦᠯ ᠢᠶᠠᠷ ᠨᠡᠮᠡᠭᠳᠡᠭᠦ ᠶᠢ ᠠᠭᠢᠭᠤᠯᠪᠠ᠃ ᠬᠤᠷᠸ᠎ᠡ ᠠᠵᠦ ᠠᠬᠤᠢ ᠮᠠᠭᠤᠳᠠᠵᠦ᠂ ᠲᠦᠷᠦ ᠶᠢᠨ ᠪᠤᠳᠤᠯᠭ᠎ᠠ ᠶᠢᠨ ᠴᠢᠨᠠᠷᠳᠠᠢ ᠤᠷᠤᠯᠭ᠎ᠠ ᠬᠠᠰᠤᠭᠳᠠᠭᠰᠠᠨ ᠵᠡᠷᠭᠡ ᠤᠯᠠᠨ ᠲᠠᠪᠬᠤᠷ ᠲᠠᠷᠤᠭᠠᠰᠤ ᠳᠤ ᠬᠠᠨᠳᠤᠭᠤᠯᠵᠦ᠂ ᠡᠳ᠋ ᠤᠨ ᠵᠠᠰᠠᠭ ᠭᠠᠶᠢᠯᠢ ᠶᠢᠨ ᠰᠠᠯᠠᠭ᠎ᠠ ᠮᠦᠴᠢᠷ ᠬᠠᠤᠯᠢ ᠪᠠᠷ ᠭᠠᠶᠢᠯᠢ ᠶᠢ ᠵᠠᠰᠠᠬᠤ ᠶᠢ ᠪᠠᠷᠢᠮᠳᠠᠯᠠᠨ᠂ ᠭᠠᠶᠢᠯᠢ ᠲᠠᠳᠠᠪᠤᠷᠢᠯᠠᠬᠤ ᠬᠠᠮᠢᠶᠠᠷᠤᠯᠳᠠ ᠶᠢ ᠴᠢᠩᠭᠠᠳᠬᠠᠭᠠᠳ ᠤᠷᠤᠯᠭ᠎ᠠ ᠨᠡᠮᠡᠭᠳᠡᠭᠦᠯᠭᠦ ᠠᠷᠭ᠎ᠠ ᠭᠡᠮᠵᠢᠶ᠎ᠡ ᠪᠠᠨ ᠰᠢᠨᠠᠴᠢᠯᠠᠪᠠ᠃ ᠭᠤᠤᠯᠳᠠᠯᠭ᠎ᠠ ᠲᠠᠢ ᠠᠵᠦ ᠠᠬᠤᠶᠢᠯᠠᠯ ᠢ ᠭᠤᠤᠯᠳᠠᠯᠭ᠎ᠠ ᠪᠤᠯᠭᠠᠨ ᠠᠳᠬᠤᠬᠤ᠂ ᠭᠤᠤᠯᠳᠠᠯᠭ᠎ᠠ ᠲᠠᠢ ᠲᠦᠷᠤᠯ ᠵᠤᠶᠢᠯ ᠢ ᠠᠰ ᠢᠶᠠᠷ ᠨᠢ ᠲᠤᠭᠢᠷᠠᠭᠤᠯᠬᠤ᠂ ᠫᠢᠶᠤᠤ ᠪᠠᠷᠢᠮᠳᠠ ᠪᠠᠷ ᠭᠠᠶᠢᠯᠢ ᠶᠢ ᠭᠢᠵᠠᠭᠠᠷᠯᠠᠬᠤ ᠵᠡᠷᠭᠡ ᠤᠯᠠᠨ ᠵᠤᠶᠢᠯ ᠤᠨ ᠠᠷᠭ᠎ᠠ ᠪᠠᠷ ᠤᠷᠤᠯᠭ᠎ᠠ ᠶᠢ ᠵᠤᠭᠢᠶᠠᠨ ᠪᠠᠶᠢᠭᠤᠯᠬᠤ ᠠᠵᠢᠯ ᠤᠨ ᠲᠤᠭᠢᠷᠠᠭᠤᠯᠤᠯᠳᠠ ᠶᠢᠨ ᠬᠤᠷᠠᠯ ᠢ ᠲᠤᠭᠳᠠᠮᠠᠯ ᠬᠤᠭᠤᠴᠠᠭ᠎ᠠ ᠪᠠᠷ ᠬᠤᠷᠠᠯᠳᠤᠭᠤᠯᠵᠦ᠂ ᠤᠷᠤᠯᠭ᠎ᠠ ᠶᠢᠨ ᠪᠠᠶᠢᠳᠠᠯ ᠢ ᠰᠤᠳᠤᠯᠵᠦ ᠮᠠᠭᠠᠳᠯᠠᠨ᠂ ᠤᠷᠤᠯᠭ᠎ᠠ ᠨᠡᠮᠡᠭᠳᠡᠭᠦᠯᠭᠦ ᠲᠠᠯᠳᠠ ᠭᠦᠴᠤᠨ ᠢ ᠠᠭᠤᠳᠠᠯᠠᠵᠦ᠂ ᠤᠷᠤᠯᠭ᠎ᠠ ᠵᠤᠭᠢᠶᠠᠨ ᠪᠠᠶᠢᠭᠤᠯᠬᠤ ᠶᠠᠪᠤᠴᠠ ᠳᠤ ᠲᠤᠯᠭᠠᠷᠠᠭᠰᠠᠨ ᠡᠯ᠎ᠠ ᠵᠤᠶᠢᠯ ᠎ ᠤᠨ ᠪᠡᠷᠭᠡᠰᠢᠶᠠᠯ ᠪᠠ ᠠᠰᠠᠭᠤᠳᠠᠯ ᠢ ᠵᠤᠭᠢᠴᠠᠭᠤᠯᠤᠨ ᠰᠢᠢᠳᠪᠤᠷᠢᠯᠡᠭᠡᠳ ᠬᠤᠷᠢᠶᠠᠬᠤ ᠵᠤᠭᠢᠬᠤ ᠶᠢ ᠲᠤᠶᠢᠯᠪᠤᠷᠢᠳᠠᠢ ᠬᠤᠷᠢᠶᠠᠬᠤ ᠶᠢ ᠪᠠᠳᠤᠯᠠᠪᠠ᠃      ︵ᠬᠤᠶᠠᠷ︶ ᠴᠠᠯᠢᠩ᠂ ᠡᠷᠭᠢᠯᠳᠠ᠂ ᠠᠷᠠᠳ ᠤᠨ ᠠᠮᠢᠳᠤᠷᠠᠯ ︽ᠭᠤᠷᠪᠠ ᠶᠢ ᠪᠠᠳᠤᠯᠠᠬᠤ︾ ᠠᠵᠢᠯ ᠢ ᠯᠠᠪᠳᠠᠭᠤᠨ ᠪᠦᠳᠤᠮᠵᠢᠳᠠᠢ ᠭᠢᠪᠠ᠃ ᠴᠦᠭᠦᠷᠠᠰᠢ ᠦᠭᠡᠢ ᠴᠢᠷᠮᠠᠶᠢᠯᠭ᠎ᠠ ᠪᠠᠷ ᠪᠦᠭᠦ ᠺᠠᠳ᠋ᠷ ᠠᠵᠢᠯᠳᠠᠨ ᠤ ᠴᠠᠯᠢᠩ ᠢ ᠴᠠᠭ ᠲᠤᠨᠢ ᠲᠤᠭ᠎ᠠ ᠭᠦᠢᠴᠠᠳ ᠤᠯᠭᠤᠬᠤ ᠶᠢ ᠪᠠᠳᠤᠯᠠᠵᠦ᠂ ᠵᠢᠯ ᠤᠨ ᠡᠭᠢᠨ ᠳᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠠᠴᠠ ᠪᠠᠳᠤᠯᠠᠭᠰᠠᠨ ᠲᠦᠰᠤᠪ ᠢ ᠰᠠᠶᠢᠳᠤᠷ ᠭᠦᠢᠴᠠᠳᠭᠡᠨ᠂ ᠪᠦᠭᠦ ᠬᠤᠰᠢᠭᠤᠨ ᠤ ᠰᠢᠨ᠎ᠠ ᠪᠠᠷ ᠠᠵᠢᠯ ᠢᠶᠠᠨ ᠡᠭᠢᠯᠡᠭᠦᠯᠦᠭᠰᠡᠨ ᠭᠤᠤᠯᠳᠠᠯᠭ᠎ᠠ ᠲᠠᠢ ᠲᠦᠷᠤᠯ ᠵᠤᠶᠢᠯ ᠤᠨ ᠪᠠᠯᠠ ᠮᠦᠩᠭᠦ ᠶᠢ ᠰᠠᠯᠭᠠᠨ ᠦᠭᠭᠦ ᠶᠢ ᠰᠠᠶᠢᠳᠤᠷ ᠪᠠᠳᠤᠯᠠᠪᠠ᠃ ᠪᠦᠭᠦ ᠵᠢᠯ ᠤᠨ ᠲᠦᠯᠤᠵᠦ ᠦᠭᠭᠦᠭᠰᠡᠨ ᠬᠤᠭᠤᠴᠠᠭ᠎ᠠ ᠲᠤᠯᠤᠭᠰᠠᠨ ᠵᠢᠭᠡᠯᠡᠯᠭᠡ ᠶᠢᠨ ᠵᠤᠭᠤᠰ ᠤᠨ ᠡᠭᠡ ᠭᠦᠤ ᠨᠢ 1035 ᠲᠦᠮᠠᠨ ᠲᠦᠭᠦᠷᠢᠭ ᠲᠤ ᠭᠦᠷᠴᠤ᠂ ᠵᠠᠰᠠᠭ ᠤᠨ ᠤᠷᠳᠤᠨ ᠤ ᠢᠳᠡᠭᠡᠯ ᠭᠦᠨᠳᠦ ᠶᠢ ᠪᠠᠳᠤᠯᠠᠪᠠ᠃ 12 ᠰᠠᠷ᠎ᠠ ᠶᠢᠨ ᠡᠴᠤᠰ ᠪᠤᠯᠳᠠᠯ᠎ᠠ ᠠᠷᠪᠠ ᠶᠢ ᠪᠦᠭᠦ ᠲᠠᠯ᠎ᠠ ᠪᠠᠷ ᠪᠦᠷᠭᠦᠭᠦᠯᠭᠦ ᠪᠠᠷᠢᠯᠭ᠎ᠠ ᠶᠢᠨ 13.7 ᠳ᠋ᠦᠩᠰᠢᠭᠤᠷ ᠲᠦᠭᠦᠷᠢᠭ ᠢ ᠰᠠᠯᠭᠠᠨ ᠦᠭᠴᠤ᠂ ᠪᠠᠯᠠ ᠮᠦᠩᠭᠦ ᠶᠢ ᠰᠠᠯᠭᠠᠨ ᠦᠭᠭᠦᠭᠰᠡᠨ ᠨᠤᠷᠮ᠎ᠠ 70%᠎ ᠠᠴᠠ ᠲᠡᠭᠡᠭᠰᠢ ᠳᠤ ᠭᠦᠷᠴᠤ᠂ ᠨᠡᠶᠢᠭᠡᠮ ᠤᠨ ᠲᠤᠭᠳᠠᠭᠤᠨ ᠪᠠᠶᠢᠳᠠᠯ ᠢ ᠲᠤᠷᠪᠢᠳᠠᠢ ᠰᠠᠶᠢᠨ ᠬᠠᠮᠠᠭᠠᠯᠠᠪᠠ᠃ ᠪᠦᠭᠦ ᠬᠤᠰᠢᠭᠤᠨ ᠤ ᠠᠷᠠᠳ ᠤᠨ ᠠᠮᠢᠳᠤᠷᠠᠯ ᠳᠤ ᠭᠡᠷᠡᠭᠯᠡᠭᠰᠡᠨ ᠵᠤᠭᠤᠰ 17.6 ᠳ᠋ᠦᠩᠰᠢᠭᠤᠷ ᠲᠤ ᠭᠦᠷᠴᠤ᠂ ᠡᠳ᠋ ᠤᠨ ᠵᠠᠰᠠᠭ ᠤᠨ ᠪᠦᠭᠦ ᠵᠠᠷᠤᠯᠭ᠎ᠠ ᠶᠢᠨ 71.3% ᠎ ᠶᠢ ᠡᠵᠡᠯᠡᠪᠠ᠃      ︵ᠭᠤᠷᠪᠠ︶ ᠡᠳ᠋ ᠤᠨ ᠭᠦᠴᠤᠨ ᠤ ᠪᠠᠳᠤᠯᠠᠭ᠎ᠠ ᠶᠢ ᠴᠢᠩᠭᠠᠳᠬᠠᠵᠦ᠂ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠶᠢ ᠭᠦᠴᠤᠳᠠᠢ ᠲᠡᠮᠵᠢᠪᠠ᠃ ᠪᠦᠭᠦ ᠬᠤᠰᠢᠭᠤᠨ ᠤ ᠡᠳ᠋ ᠤᠨ ᠵᠠᠰᠠᠭ ᠨᠢ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠢ ᠪᠦᠭᠦ ᠭᠦᠴᠤᠨ ᠢᠶᠠᠷ ᠠᠭᠢᠭᠤᠯᠪᠠ᠃ ᠶᠠᠳᠠᠭᠤ ᠶᠢ ᠲᠡᠳᠭᠦᠭᠦ ᠡᠯ᠎ᠠ ᠲᠦᠷᠤᠯ ᠤᠨ ᠪᠠᠯᠠ ᠮᠦᠩᠭᠦ ᠶᠢ 10389 ᠲᠦᠮᠠᠨ ᠲᠦᠭᠦᠷᠢᠭ ᠤᠷᠤᠭᠤᠯᠵᠦ᠂ 5314 ᠭᠦᠮᠤᠨ ᠢ ᠶᠠᠳᠠᠭᠤ ᠠᠴᠠ ᠯᠠᠪᠳᠠᠭᠤᠨ ᠢᠶᠠᠷ ᠠᠩᠭᠢᠵᠢᠷᠠᠭᠯᠤᠤᠨ᠂ 7074 ᠭᠦᠮᠤᠨ ᠢ ᠪᠠᠭᠢᠵᠢᠭᠦᠯᠤᠨ ᠲᠡᠭᠡᠭᠰᠢᠯᠠᠭᠦᠯᠵᠦ᠂ 13 ᠶᠠᠳᠠᠭᠤ ᠭᠦᠴᠢᠷᠳᠠᠢ ᠭᠠᠴᠠᠭ᠎ᠠ ᠲᠤᠰᠬᠤᠨ ᠢ ᠶᠠᠳᠠᠭᠤ ᠠᠴᠠ ᠠᠩᠭᠢᠵᠢᠷᠠᠭᠤᠯᠤᠭᠠᠳ ᠶᠠᠳᠠᠭᠤ ᠠᠴᠠ ᠡᠩᠨᠡᠭᠡ ᠠᠴᠠ ᠭᠠᠷᠪᠠ᠃ ᠡᠷᠡᠭᠦᠯ ᠮᠠᠨᠳᠦ ᠪᠠᠷ ᠶᠠᠳᠠᠭᠤ ᠶᠢ ᠲᠡᠳᠭᠦᠭᠦ ᠢᠨᠵᠧᠨᠧᠷᠢᠩ ᠢ ᠭᠦᠨᠵᠡᠭᠡᠢ ᠭᠡᠷᠡᠭᠵᠢᠭᠦᠯᠵᠦ᠂ 16230 ᠶᠠᠳᠠᠭᠤ ᠭᠦᠴᠢᠷᠳᠠᠢ ᠭᠦᠮᠤᠨ ᠳᠤ ᠠᠰᠢᠭ ᠭᠦᠷᠳᠡᠭᠡᠭᠡᠳ ᠡᠷᠡᠭᠦᠯ ᠮᠠᠨᠳᠦ ᠪᠠᠷ ᠶᠠᠳᠠᠭᠤ ᠶᠢ ᠲᠡᠳᠭᠦᠭᠦ ᠳᠤ 1280 ᠲᠦᠮᠠᠨ ᠲᠦᠭᠦᠷᠢᠭ ᠤᠨ ᠪᠠᠯᠠ ᠤᠷᠤᠭᠤᠯᠪᠠ᠃      ︵ᠲᠦᠷᠪᠠ︶ ︽ᠲᠦᠰᠤᠪ ᠤᠨ ᠬᠠᠤᠯᠢ︾᠎ ᠶᠢ ᠭᠢᠨᠠᠮᠠᠭᠠᠢ ᠲᠤᠤᠱᠯᠠᠭᠤᠯᠤᠨ ᠭᠡᠷᠡᠭᠵᠢᠭᠦᠯᠵᠦ᠂ ᠡᠳ᠋ ᠤᠨ ᠶᠠᠪᠤᠳᠠᠯ ᠢ ᠬᠠᠤᠯᠢ ᠶᠤᠰᠤᠭᠠᠷ ᠰᠢᠨᠵᠢᠯᠠᠭᠦ ᠤᠬᠠᠭᠠᠨᠴᠢ ᠪᠠᠷ ᠬᠠᠮᠢᠶᠠᠷᠪᠠ᠃ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠵᠦᠪᠰᠢᠶᠡᠷᠡᠭᠰᠡᠨ ᠤᠷᠤᠯᠭ᠎ᠠ ᠵᠠᠷᠤᠯᠭ᠎ᠠ ᠶᠢᠨ ᠡᠭᠦᠷᠭᠡ ᠶᠢ ᠭᠡᠷᠡᠭᠵᠢᠭᠦᠯᠵᠦ᠂ ᠲᠦᠰᠤᠪ ᠤᠨ ᠲᠤᠳᠤᠷ᠎ᠠ ᠭᠠᠳᠠᠨ᠎ᠠ ᠶᠢᠨ ᠪᠠᠯᠠ ᠮᠦᠩᠭᠦ ᠶᠢ ᠰᠠᠯᠭᠠᠨ ᠦᠭᠭᠦ ᠪᠤᠯᠤᠨ ᠨᠢᠠᠠᠳᠠᠯᠠᠨ ᠪᠤᠳᠤᠭᠴᠢ ᠶᠢᠨ ᠲᠤᠭᠠᠴᠠᠭ᠎ᠠ ᠭᠢᠭᠦ ᠶᠢ ᠰᠠᠶᠢᠳᠤᠷ ᠭᠦᠢᠴᠠᠳᠭᠡᠭᠡᠳ ᠲᠦᠰᠤᠪ ᠤᠨ ᠭᠡᠷᠡᠭᠵᠢᠭᠦᠯᠤᠯᠳᠠ ᠶᠢᠨ ᠬᠤᠪᠢᠷᠠᠰᠢ ᠦᠭᠡᠢ ᠰᠢᠨᠵᠢ ᠶᠢ ᠬᠠᠮᠠᠭᠠᠯᠠᠪᠠ᠃ ᠲᠤᠰ ᠵᠢᠯ ᠳᠤ ᠪᠦᠭᠦ ᠬᠤᠰᠢᠭᠤᠨ ᠤ ᠡᠳ᠋ ᠤᠨ ᠶᠠᠪᠤᠳᠠᠯ ᠨᠢᠠᠠᠳᠠᠯᠠᠨ ᠪᠤᠳᠤᠬᠤ ᠠᠵᠢᠯᠳᠠᠨ ᠤ ᠲᠤᠬᠠᠶᠢᠯᠠᠭᠰᠠᠨ ᠠᠵᠢᠯ ᠤᠨ ᠴᠢᠳᠠᠪᠤᠷᠢ ᠶᠢ ᠲᠡᠭᠡᠭᠰᠢᠯᠠᠭᠦᠯᠭᠦ ᠪᠤᠯᠪᠠᠰᠤᠷᠠᠯ ᠢ 2 ᠤᠳᠠᠭ᠎ᠠ ᠵᠤᠭᠢᠶᠠᠨ ᠪᠠᠶᠢᠭᠤᠯᠬᠤ ᠳᠤ ᠲᠦᠰᠤᠪ ᠤᠨ ᠡᠯ᠎ᠠ ᠨᠢᠭᠡᠴᠠ ᠶᠢᠨ ᠨᠢᠭᠡᠳᠤᠭᠡᠷ ᠭᠠᠷ ᠴᠦᠮ ᠪᠤᠯᠪᠠᠰᠤᠷᠠᠯ ᠳᠤ ᠤᠷᠤᠯᠴᠠᠪᠠ᠃ ᠪᠤᠯᠪᠠᠰᠤᠷᠠᠯ ᠢᠶᠠᠷ ᠲᠠᠮᠵᠢᠭᠤᠯᠤᠨ ᠲᠦᠰᠤᠪ ᠢ ᠭᠡᠷᠡᠭᠵᠢᠭᠦᠯᠭᠦ ᠲᠦᠪᠰᠢᠨ ᠪᠠ ᠪᠠᠯᠠ ᠮᠦᠩᠭᠦ ᠎ ᠶᠢᠨ ᠭᠡᠷᠡᠭᠯᠡᠯᠳᠠ ᠶᠢᠨ ᠴᠢᠳᠠᠮᠵᠢ ᠶᠢ ᠪᠦᠳᠤᠮᠵᠢᠳᠠᠢ ᠲᠡᠭᠡᠭᠰᠢᠯᠡᠭᠦᠯᠤᠭᠡᠳ ᠡᠳ᠋ ᠤᠨ ᠵᠠᠰᠠᠭ ᠤᠨ ᠪᠠᠯᠠ ᠮᠦᠩᠭᠦ ᠶᠢᠨ ᠬᠠᠮᠤᠭ ᠤᠨ ᠶᠡᠭᠡ ᠦᠷ᠎ᠠ ᠠᠰᠢᠭ ᠢ ᠪᠠᠳᠠᠷᠠᠭᠤᠯᠪᠠ᠃      ︵ᠲᠠᠪᠤ︶ ᠡᠳ᠋ ᠤᠨ ᠵᠠᠰᠠᠭ ᠤᠨ ᠪᠠᠯᠠ ᠤᠷᠤᠭᠤᠯᠤᠯᠳᠠ ᠶᠢ ᠦᠨᠠᠯᠠᠭᠦ ᠪᠠ ᠵᠠᠰᠠᠭ ᠤᠨ ᠤᠷᠳᠤᠨ ᠤ ᠬᠤᠳᠠᠯᠳᠤᠨ ᠠᠪᠬᠤ ᠲᠠᠰ ᠲᠠᠷᠠᠭᠠᠯᠠᠯ ᠢ ᠲᠦᠷᠢᠮᠵᠢᠭᠦᠯᠵᠦ᠂ ᠡᠳ᠋ ᠤᠨ ᠵᠠᠰᠠᠭ ᠤᠨ ᠪᠠᠯᠠ ᠮᠦᠩᠭᠦ ᠶᠢ ᠠᠷᠪᠢᠯᠠᠪᠠ᠃ 12 ᠰᠠᠷ᠎ᠠ ᠶᠢᠨ 31᠎ ᠤ ᠡᠳᠤᠷ ᠪᠤᠯᠳᠠᠯ᠎ᠠ 157 ᠲᠦᠷᠤᠯ ᠵᠤᠶᠢᠯ ᠢ ᠭᠢᠨᠠᠨ ᠲᠤᠭᠳᠠᠭᠠᠵᠦ᠂ 11.04 ᠳ᠋ᠦᠩᠰᠢᠭᠤᠷ ᠲᠦᠭᠦᠷᠢᠭ ᠢ ᠭᠢᠨᠠᠨ ᠲᠤᠭᠳᠠᠭᠠᠯᠭᠠᠨ᠂ 9.14 ᠳ᠋ᠦᠩᠰᠢᠭᠤᠷ ᠲᠦᠭᠦᠷᠢᠭ ᠢ ᠭᠢᠨᠠᠨ ᠲᠤᠭᠳᠠᠭᠠᠵᠦ᠂ 1.9 ᠳ᠋ᠦᠩᠰᠢᠭᠤᠷ ᠲᠦᠭᠦᠷᠢᠭ ᠢ ᠭᠢᠨᠠᠵᠦ ᠬᠠᠰᠤᠭᠠᠳ᠂ ᠭᠢᠨᠠᠵᠦ ᠬᠠᠰᠤᠭᠰᠠᠨ ᠨᠤᠷᠮ᠎ᠠ 17.21%᠎ ᠲᠤ ᠭᠦᠷᠪᠠ᠃ ᠪᠦᠭᠦ ᠬᠤᠰᠢᠭᠤᠨ ᠤ ᠵᠠᠰᠠᠭ ᠤᠨ ᠤᠷᠳᠤᠨ ᠬᠤᠳᠠᠯᠳᠤᠨ ᠠᠪᠬᠤ ᠲᠦᠰᠤᠪ 1.49 ᠳ᠋ᠦᠩᠰᠢᠭᠤᠷ ᠲᠦᠭᠦᠷᠢᠭ ᠠᠴᠠ ᠪᠤᠳᠠᠳᠠᠢ ᠬᠤᠳᠠᠯᠳᠤᠨ ᠠᠪᠬᠤ ᠳᠤ 1.44 ᠳ᠋ᠦᠩᠰᠢᠭᠤᠷ ᠲᠦᠭᠦᠷᠢᠭ ᠵᠠᠷᠤᠭᠠᠳ 0.05 ᠳ᠋ᠦᠩᠰᠢᠭᠤᠷ ᠲᠦᠭᠦᠷᠢᠭ ᠠᠷᠪᠢᠯᠠᠵᠦ᠂ ᠠᠷᠪᠢᠯᠠᠭᠰᠠᠨ ᠨᠤᠷᠮ᠎ᠠ 3.36%᠎ ᠳᠤ ᠭᠦᠷᠪᠠ᠃      ︵ᠵᠢᠷᠭᠤᠭ᠎ᠠ︶ ᠨᠡᠶᠢᠭᠡᠮ ᠤᠨ ᠭᠦᠷᠤᠩᠭᠡ ᠶᠢᠨ ᠪᠠᠯᠠ ᠭᠦᠢᠯᠭᠡᠭᠡ ᠶᠢ ᠴᠢᠩᠭᠠᠳᠬᠠᠵᠦ᠂ ᠮᠦᠩᠭᠦᠨ ᠭᠦᠢᠯᠭᠡᠭᠡ ᠶᠢᠨ ᠵᠠᠬ᠎ᠠ ᠲᠡᠯᠭᠡᠭᠦᠷ ᠤᠨ ᠤᠶᠢᠯᠡᠳᠤᠯ ᠢ ᠭᠦᠢᠴᠠᠳ ᠪᠠᠳᠠᠷᠠᠭᠤᠯᠪᠠ᠃  ︽ᠪᠠᠭᠠᠷᠢᠨ ᠪᠠᠷᠠᠭᠤᠨ ᠬᠤᠰᠢᠭᠤᠨ ᠤ ᠠᠵᠦ ᠠᠬᠤᠶᠢᠯᠠᠯ ᠤᠨ ᠵᠠᠬ᠎ᠠ ᠲᠡᠯᠭᠡᠭᠦᠷ ᠲᠤ ᠭᠠᠷᠴᠤ ᠫᠠᠶᠢᠰᠠ ᠡᠯᠭᠦᠭᠦ ᠶᠢ ᠲᠦᠯᠭᠢᠨ ᠠᠭᠢᠭᠤᠯᠬᠤ ᠶᠢ ᠭᠡᠷᠡᠭᠵᠢᠭᠦᠯᠭᠦ ᠲᠦᠰᠤᠯ︾ ᠵᠡᠷᠭᠡ ᠬᠤᠯᠪᠤᠭᠳᠠᠯ ᠪᠦᠭᠦᠢ ᠲᠦᠷᠦ ᠶᠢᠨ ᠪᠤᠳᠤᠯᠭ᠎ᠠ ᠶᠢ ᠲᠤᠭᠳᠠᠭᠠᠵᠦ᠂ 6 ᠠᠵᠦ ᠠᠬᠤᠶᠢᠯᠠᠯ ᠦᠪᠤᠷ ᠮᠤᠩᠭᠤᠯ ᠤᠨ ᠰᠲ᠋ᠤᠺ ᠤᠨ ᠡᠷᠭᠡ ᠶᠢᠨ ᠠᠷᠠᠯᠵᠢᠶᠠᠨ ᠤ ᠲᠦᠪ ᠲᠤ ᠫᠠᠶᠢᠰᠠ ᠪᠠᠨ ᠠᠮᠵᠢᠯᠳᠠ ᠲᠠᠢ ᠡᠯᠭᠦᠪᠠ᠃ ᠲᠠᠭᠠᠳᠬᠠᠯ ᠤᠨ ᠪᠠᠯᠠ ᠮᠦᠩᠭᠦ ᠶᠢ ᠲᠡᠮᠵᠢᠭᠦ ᠶᠢ ᠢᠳᠡᠪᠭᠢᠳᠠᠢ ᠠᠭᠢᠭᠤᠯᠵᠦ᠂ 750 ᠲᠦᠮᠠᠨ ᠲᠦᠭᠦᠷᠢᠭ ᠤᠨ ᠪᠠᠯᠠ ᠤᠷᠤᠭᠤᠯᠤᠯᠳᠠ ᠶᠢ ᠤᠶᠢᠷ᠎ᠠ ᠶᠢᠨ ᠬᠤᠭᠤᠴᠠᠭᠠᠨ ᠳᠤ ᠵᠢᠭᠡᠯᠡᠭᠦᠯᠭᠦ ᠪᠠᠷ ᠪᠠᠶᠢᠨ᠎ᠠ᠃ ᠪᠦᠭᠦ ᠬᠤᠰᠢᠭᠤᠨ ᠤ ᠬᠤᠳᠠ ᠶᠢᠨ ᠲᠠᠰ ᠤᠨ 2018 ᠤᠨ ᠤ PPP ᠲᠦᠷᠤᠯ ᠵᠤᠶᠢᠯ ᠤᠨ ᠭᠦᠮᠤᠷᠭᠡ ᠳᠤ ᠵᠢᠠᠠᠰᠠᠭᠠᠭᠳᠠᠭᠰᠠᠨ ᠭᠤᠤᠯᠳᠠᠯᠭ᠎ᠠ ᠲᠠᠢ ᠲᠤᠭᠢᠷᠠᠭᠤᠯᠬᠤ ᠲᠦᠷᠤᠯ ᠵᠤᠶᠢᠯ 5 ᠪᠤᠢ᠃      ᠤᠷᠤᠰᠢᠵᠦ ᠪᠠᠶᠢᠭ᠎ᠠ ᠪᠠᠷᠭᠡᠰᠢᠶᠠᠯ ᠪᠠ ᠠᠰᠠᠭᠤᠳᠠᠯ      ᠨᠢᠭᠡ ᠳᠤ ᠤᠯᠠᠨ ᠨᠠᠶᠢᠳᠠ ᠶᠢᠨ ᠡᠳ᠋ ᠤᠨ ᠵᠠᠰᠠᠭ ᠤᠨ ᠲᠦᠰᠤᠪ ᠤᠨ ᠤᠷᠤᠯᠭ᠎ᠠ ᠶᠢᠨ ᠨᠡᠮᠡᠭᠳᠡᠯ ᠰᠤᠯᠠ ᠲᠤᠷᠤᠢ ᠪᠠᠶᠢᠨ᠎ᠠ᠃ ᠤᠷᠤᠨ ᠤ ᠤᠳᠤᠭ ᠤᠨ ᠤᠷᠤᠯᠭ᠎ᠠ ᠨᠢ ᠠᠵᠦ ᠤᠶᠢᠯᠠᠰ ᠤᠨ ᠪᠦᠳᠤᠴᠠ ᠪᠠ ︽ᠡᠵᠡᠩᠨᠡᠯᠳᠠ ᠶᠢᠨ ᠭᠠᠶᠢᠯᠢ ᠶᠢ ᠦᠷᠳᠡᠭ ᠤᠨ ᠨᠡᠮᠡᠭᠳᠡᠯ ᠤᠨ ᠭᠠᠶᠢᠯᠢ ᠪᠤᠯᠭᠠᠨ ᠬᠤᠪᠢᠷᠠᠭᠤᠯᠬᠤ︾ ᠲᠦᠷᠦ ᠎ ᠶᠢᠨ ᠪᠤᠳᠤᠯᠭ᠎ᠠ ᠶᠢᠨ ᠨᠦᠯᠤᠭᠡᠯᠡᠯ ᠢᠶᠠᠷ ᠤᠷᠤᠯᠭ᠎ᠠ ᠶᠢ ᠵᠤᠭᠢᠶᠠᠨ ᠪᠠᠶᠢᠭᠤᠯᠬᠤ ᠳᠤ ᠪᠡᠷᠭᠡᠳᠡᠵᠦ᠂ ᠬᠤᠰᠢᠭᠤ ᠲᠠᠰ ᠤᠨ ᠭᠡᠷᠡᠭᠯᠡᠵᠦ ᠪᠤᠯᠬᠤ ᠡᠳ᠋ ᠤᠨ ᠭᠦᠴᠤᠨ ᠮᠡᠭᠦᠰᠳᠡᠵᠦ ᠪᠠᠶᠢᠨ᠎ᠠ᠃ ᠬᠤᠶᠠᠷ ᠲᠤ ᠡᠳ᠋ ᠤᠨ ᠢᠷᠠᠯᠳᠠ ᠶᠢᠨ ᠪᠦᠳᠤᠴᠠ ᠲᠠᠩ ᠴᠤᠯᠭᠤᠢ᠂ ᠤᠷᠤᠯᠭ᠎ᠠ ᠶᠢᠨ ᠴᠢᠨᠠᠷ ᠴᠢᠨᠰᠠᠭ᠎ᠠ  ᠠᠨᠠᠢ ᠪᠠᠶᠢᠨ᠎ᠠ᠃ ᠡᠳ᠋ ᠤᠨ ᠵᠠᠰᠠᠭ ᠭᠠᠶᠢᠯᠢ ᠶᠢᠨ ᠤᠷᠤᠯᠭ᠎ᠠ ᠶᠢᠨ ᠡᠵᠡᠯᠡᠭᠦ ᠬᠠᠷᠢᠴᠠᠯ ᠲᠤᠤᠷ᠎ᠠ ᠤᠴᠢᠷ ᠠᠴᠠ ᠭᠤᠤᠯᠳᠠᠭᠤ ᠭᠠᠶᠢᠯᠢ ᠪᠤᠰᠤ ᠤᠷᠤᠯᠭ᠎ᠠ ᠳᠤ ᠲᠦᠰᠢᠭᠯᠡᠵᠦ ᠭᠦᠮᠤᠷᠭᠡᠯᠡᠭᠦ ᠶᠢ ᠲᠠᠭᠠᠭᠤᠯᠤᠭᠠᠳ ᠭᠤᠤᠯᠯᠠᠭᠴᠢ ᠡᠳ᠋ ᠤᠨ ᠢᠷᠠᠯᠳᠠ ᠲᠤᠳᠠᠮᠠᠭ ᠪᠠᠶᠢᠨ᠎ᠠ᠃ ᠭᠠᠶᠢᠯᠢ ᠪᠤᠰᠤ ᠤᠷᠤᠯᠭ᠎ᠠ ᠶᠢᠨ ᠬᠠᠭᠤᠷᠮᠠᠭ ᠵᠤᠶᠢᠯ ᠢ ᠰᠢᠬᠠᠵᠦ ᠭᠠᠷᠭᠠᠭᠰᠠᠨ ᠤᠶᠢᠯᠠᠴᠢᠯᠡᠭᠡ ᠢᠯᠡᠷᠡᠭᠡᠳ ᠶᠡᠷᠤᠩᠭᠡᠢ ᠭᠡᠮᠵᠢᠶ᠎ᠡ ᠠᠳᠠᠯᠢ ᠬᠤᠭᠤᠴᠠᠭ᠎ᠠ ᠠᠴᠠ ᠭᠦᠨᠳᠦ ᠨᠤᠴᠢᠳᠠᠢ ᠪᠠᠭᠤᠷᠠᠪᠠ᠃ ᠭᠤᠷᠪᠠ ᠳᠤ ᠬᠤᠪᠢᠷᠠᠰᠢ ᠦᠭᠡᠢ ᠵᠠᠷᠤᠯᠭ᠎ᠠ ᠶᠡᠭᠡᠰᠴᠤ ᠂ ᠤᠷᠤᠯᠭ᠎ᠠ ᠵᠠᠷᠤᠯᠭ᠎ᠠ ᠶᠢᠨ ᠵᠦᠷᠢᠴᠠᠯ ᠲᠤᠪᠤᠶᠢᠵᠦ ᠪᠠᠶᠢᠨ᠎ᠠ᠃ ᠭᠤᠤᠯᠳᠠᠯᠭ᠎ᠠ ᠲᠠᠢ ᠲᠦᠷᠤᠯ ᠵᠤᠶᠢᠯ ᠢ ᠪᠠᠳᠤᠯᠠᠵᠦ᠂ ᠲᠦᠭᠦᠮ ᠪᠦᠳᠤᠴᠠᠳᠦ ᠤᠷᠤᠨ ᠰᠠᠭᠤᠴᠠ ᠶᠢ ᠦᠭᠡᠷᠡᠴᠢᠯᠠᠭᠦ ᠵᠢᠭᠡᠯᠡᠯᠭᠡ ᠶᠢᠨ ᠵᠤᠭᠤᠰ ᠢ ᠨᠠᠶᠢᠳᠠᠪᠤᠷᠢᠵᠢᠭᠤᠯᠤᠨ᠂ ᠤᠨᠢᠨ ᠲᠡᠭᠡᠷ᠎ᠡ ᠨᠢ ᠶᠠᠳᠠᠭᠤ ᠶᠢ ᠲᠡᠳᠭᠦᠭᠦ ᠪᠠᠯᠠ ᠤᠷᠤᠭᠤᠯᠤᠯᠳᠠ ᠶᠢ ᠨᠡᠮᠡᠭᠳᠡᠭᠦᠯᠵᠦ᠂ ᠭᠤᠤᠯᠳᠠᠯᠭ᠎ᠠ ᠲᠠᠢ ᠲᠦᠷᠤᠯ ᠵᠤᠶᠢᠯ ᠤᠨ ᠭᠠᠵᠠᠷ ᠰᠢᠷᠤᠢ ᠲᠠᠳᠠᠪᠤᠷᠢᠯᠠᠬᠤ ᠡᠮᠤᠨᠡᠭᠢ ᠬᠤᠭᠤᠴᠠᠭᠠᠨ ᠤ ᠵᠠᠷᠤᠳᠠᠯ᠂ ᠰᠤᠷᠭᠠᠨ ᠭᠦᠮᠤᠵᠢᠯ᠂ ᠡᠮᠨᠡᠯᠭᠡ ᠪᠠ ᠨᠡᠶᠢᠭᠡᠮ ᠤᠨ ᠪᠠᠳᠤᠯᠠᠭ᠎ᠠ ᠵᠡᠷᠭᠡ ᠠᠷᠠᠳ ᠤᠨ ᠠᠮᠢᠳᠤᠷᠠᠯ ᠳᠤ ᠭᠡᠷᠡᠭᠯᠡᠭᠰᠡᠨ ᠵᠠᠷᠤᠯᠭ᠎ᠠ ᠶᠡᠭᠡᠰᠤᠭᠡᠳ ᠤᠷᠤᠯᠭ᠎ᠠ ᠵᠠᠷᠤᠯᠭ᠎ᠠ ᠶᠢᠨ ᠵᠦᠷᠢᠴᠠᠯ ᠲᠤᠪᠤᠶᠢᠪᠠ᠃ ᠲᠦᠷᠪᠠ ᠳᠤ ᠪᠡᠯᠠ ᠮᠦᠩᠭᠦ ᠶᠢ ᠭᠢᠨᠠᠨ ᠬᠠᠮᠢᠶᠠᠷᠬᠤ ᠡᠷᠴᠢᠮ ᠢ ᠴᠢᠩᠭᠠᠷᠠᠭᠤᠯᠬᠤ ᠴᠢᠬᠤᠯᠠᠳᠠᠢ ᠪᠠᠶᠢᠨ᠎ᠠ᠃ ᠪᠠᠯᠠ ᠮᠦᠩᠭᠦ ᠶᠢᠨ ᠠᠮᠵᠢᠯᠳᠠ ᠪᠦᠳᠤᠮᠵᠢ ᠶᠢ ᠰᠢᠯᠭᠠᠨ ᠦᠨᠠᠯᠠᠭᠦ᠂ ᠦᠷᠢ ᠦᠭᠴᠡᠭᠡ ᠶᠢ ᠬᠠᠮᠢᠶᠠᠷᠬᠤ ᠲᠠᠯ᠎ᠠ ᠪᠠᠷ ᠭᠦᠷᠤᠯᠴᠠᠭᠦ ᠦᠭᠡᠢ ᠪᠠᠶᠢᠵᠦ᠂ ᠪᠠᠯᠠ ᠮᠦᠩᠭᠦ ᠶᠢᠨ ᠬᠠᠮᠢᠶᠠᠷᠤᠯᠳᠠ ᠶᠢ ᠴᠢᠬᠤᠯᠠᠴᠢᠯᠠᠵᠦ᠂ ᠪᠠᠯᠠ ᠮᠦᠩᠭᠦ ᠶᠢ ᠭᠢᠨᠠᠨ ᠬᠠᠮᠶᠠᠷᠬᠤ ᠶᠢ ᠭᠦᠩᠭᠡᠪᠴᠢᠯᠠᠭᠦ ᠦᠵᠡᠭᠳᠡᠯ ᠮᠦᠨ ᠴᠤ ᠤᠷᠤᠰᠢᠭᠰᠠᠭᠠᠷ ᠪᠠᠶᠢᠨ᠎ᠠ᠃ ᠡᠳᠡᠭᠡᠷ ᠠᠰᠠᠭᠤᠳᠠᠯ ᠢ ᠪᠢᠳᠠ ᠲᠡᠭᠡᠳᠦ ᠭᠡᠮᠵᠢᠶ᠎ᠡ ᠪᠠᠷ ᠴᠢᠬᠤᠯᠠᠴᠢᠯᠠᠨ ᠦᠵᠠᠵᠦ᠂ ᠬᠤᠶᠢᠰᠢᠳᠠ ᠶᠢᠨ ᠠᠵᠢᠯ ᠤᠨ ᠲᠤᠮᠳᠠ ᠢᠳᠡᠪᠭᠢᠳᠠᠢ ᠠᠷᠭ᠎ᠠ ᠭᠡᠮᠵᠢᠶ᠎ᠡ ᠠᠪᠴᠤ ᠴᠢᠷᠮᠠᠶᠢᠨ ᠰᠢᠢᠳᠪᠤᠷᠢᠯᠠᠨ᠎ᠠ᠃
ᠢᠷᠡᠯᠲᠡ᠄ ᠲᠣᠲᠣᠷᠬᠠᠢ ᠦᠭᠡᠢ