ᠵᠠᠯᠠᠭᠤ ᠣᠷᠡᠨ ᠬᠠᠳᠬᠤᠮᠠᠯᠴᠢᠨ ᠤ ᠲᠠᠭᠤᠯᠠᠯ
ᠨᠡᠶᠢᠲᠡᠯᠡᠭᠰᠡᠨ ᠴᠠᠭ᠄
2019/3/21
          ᠰᠢᠷᠭᠠᠭᠤ ᠬᠦᠳᠡᠯᠮᠦᠷᠢ ᠳᠡᠰᠪᠦᠷᠢ ᠵᠤᠷᠢᠭ ᠲᠤ           ᠰᠠᠮᠠᠭ᠎ᠠ  ᠴᠡᠴᠡᠭ  ᠳᠡᠯᠭᠡᠷᠡᠳᠡᠭ  ᠶᠤᠮ                                 ᠬᠦᠬᠡᠳᠠᠪᠠᠯᠭᠠᠨ            ︽ᠬᠤᠸᠠᠷ ᠢᠶᠠᠨ ᠬᠠᠳᠬᠤᠶ᠎ᠠ᠂ ᠬᠤᠸᠠᠷ ᠢᠶᠠᠨ ᠬᠠᠳᠬᠤᠶ᠎ᠠ︕                         ᠦᠡᠭᠭᠡ ᠦᠡᠭᠭᠡ ᠶᠢᠨ ᠳᠤᠷᠭᠠᠨ ᠳᠡᠭᠡᠷ᠎ᠡ           ᠦᠵᠡᠰᠭᠦᠯᠡᠩ ᠲᠠᠢ ᠰᠠᠶᠢᠬᠠᠨ ᠬᠤᠸᠠᠷ ᠬᠠᠳᠬᠤᠶ᠎ᠠ᠂           ᠤᠬᠠᠭᠠᠨ ᠰᠡᠷᠭᠦᠯᠡᠩ ᠪᠦᠰᠡᠭᠦᠶᠢᠴᠦᠳ ᠪᠢᠳᠡ           ᠤᠷᠠᠨ ᠢᠶᠠᠨ ᠭᠠᠶᠢᠬᠠᠭᠤᠯᠤᠨ ᠣᠷᠣᠯᠳᠣᠨ ᠬᠠᠳᠬᠤᠶ᠎ᠠ᠃           ᠬᠤᠸᠠᠷ ᠢᠶᠠᠨ ᠬᠠᠳᠬᠤᠶ᠎ᠠ᠂ ᠬᠤᠸᠠᠷ ᠢᠶᠠᠨ ᠬᠠᠳᠬᠤᠶ᠎ᠠ︕           ᠦᠷ ᠤᠨ ᠰᠢᠪᠠᠭᠤᠳ ᠢ ᠵᠢᠷᠭᠢᠳᠡᠯ᠎ᠡ ᠬᠠᠳᠬᠤᠶ᠎ᠠ           ᠦᠡᠭᠭᠡ ᠶᠢᠨ ᠡᠷᠪᠡᠭᠡᠢ ᠶᠢ ᠪᠦᠵᠢᠭᠯᠡᠳᠡᠯ᠎ᠡ ᠬᠠᠳᠬᠤᠶ᠎ᠠ  ᠂           ᠦᠳᠡᠯᠦᠭᠡ ᠨᠠᠰᠤᠳᠠᠳ ᠢ ᠪᠠᠶᠠᠰᠳᠠᠯ᠎ᠠ ᠬᠠᠳᠬᠤᠶ᠎ᠠ           ᠦᠶ᠎ᠡ ᠶᠢᠨ  ᠨᠦᠬᠦᠳ ᠢᠶᠠᠨ ᠪᠠᠭ᠋ᠠᠷᠳᠠᠯ᠎ᠠ ᠬᠠᠳᠬᠤᠶ᠎ᠠ  ᠃︾           ᠦᠭᠡᠷᠡᠴᠢᠯᠡᠯᠳᠡ ᠬᠢᠵᠣ ᠴᠢᠯᠦᠭᠡᠳᠡᠢ ᠶᠠᠪᠣᠯᠴᠠᠬᠤ ᠠᠴᠠ ᠡᠮᠣᠨᠡᠬᠢ ᠲᠡᠭᠡᠷ᠎ᠡ ᠵᠠᠭᠤᠨ ᠤ ᠲᠠᠯᠨ ᠨᠠᠶᠠᠭᠠᠳ ᠣᠨ ᠳᠤ ᠲᠦᠷᠦᠵᠣ ᠦᠰᠦᠭᠰᠡᠨ ᠬᠦᠮᠦᠰ ᠲᠤ ᠠᠪᠴᠣ ᠭᠡᠯᠡᠪᠡᠯ᠂  ᠵᠠᠯᠠᠭᠤ ᠪᠠᠭ᠎ᠠ ᠶᠢᠨ ᠬᠦᠰᠡᠯ ᠮᠦᠷᠦᠭᠡᠳᠦᠯ ᠨᠢ ᠪᠠᠷᠤᠭ ᠯᠨ ᠴᠦᠮ ᠳᠡᠭᠡᠨ ︽ᠪᠢᠴᠢᠭ ᠦᠵᠡᠵᠣ ᠰᠣᠶᠣᠯ ᠡᠷᠳᠡᠮ ᠰᠣᠷᠣᠭᠠᠳ ᠬᠦᠳᠡᠭᠡ ᠨᠣᠳᠤᠭ ᠮᠠᠯᠵᠢᠬᠤ ᠲᠡᠷᠢᠶᠠᠯᠠᠬᠤ ᠶᠢᠨ ᠪᠣᠰᠣ ᠠᠵᠢᠯ ᠠᠮᠢᠳᠣᠷᠡᠯ ᠢ ᠭᠢᠬᠦ ᠰᠠᠨ︾ ᠭᠡᠮᠡᠬᠦ ᠠᠳᠠᠯᠢ ᠢᠵᠢᠯᠭᠡᠨ  ᠨᠢᠭᠡᠯᠨ ᠬᠤᠶᠠᠷᠬᠠᠨ ᠵᠦᠢᠯ ᠪᠠᠶᠢᠵᠣ᠂ ᠡᠬᠦᠨ ᠤ ᠪᠠᠨ ᠲᠦᠯᠦᠭᠡ ᠬᠦᠭᠡᠭᠡᠴᠡᠯᠳᠣᠨ ᠴᠣᠴᠠᠯᠳᠠ ᠦᠬᠡᠢ ᠴᠢᠷᠮᠠᠶᠢᠨ ᠰᠣᠷᠣᠯᠴᠠᠨ ᠲᠡᠮᠡᠴᠡᠵᠡᠭᠡᠳᠡᠭ ᠪᠠᠶᠢᠭᠰᠠᠨ ᠪᠠᠶᠢᠬ᠎ᠠ ᠡ᠃ ᠬᠦᠮᠦᠨ ᠤ ᠪᠣᠳᠣᠵᠣ ᠰᠠᠨᠠᠭᠰᠠᠨ ᠪᠦᠬᠦᠨ ᠲᠡᠷᠨ ᠶᠣᠰᠣᠭᠠᠷ ᠪᠦᠳᠦᠨ ᠪᠡᠶᠡᠯᠡᠭᠳᠡᠬᠦ ᠦᠬᠡᠢ ᠪᠣᠯᠪᠠᠴᠣ᠂ ᠭᠡᠬᠦᠳᠡᠭ ᠴᠡᠭᠡᠵᠢᠨ ᠳᠡᠭᠡᠨ ᠬᠦᠰᠡᠯ ᠢᠳᠡᠭᠡᠯ ᠡᠪᠦᠷᠯᠡᠵᠣ᠂ ᠰᠣᠷᠣᠯᠭ᠎ᠠ ᠠᠵᠢᠯ ᠠᠮᠢᠳᠣᠷᠡᠯ ᠤᠨ ᠠᠯᠬᠤᠮ ᠪᠦᠷᠢ ᠳᠡᠭᠡᠨ ᠰᠢᠨᠳᠠᠷᠠᠰᠢ ᠦᠬᠡᠢ ᠬᠢᠴᠢᠶᠡᠯ ᠵᠢᠳᠬᠦᠯ ᠭᠠᠷᠭᠠᠳᠠᠭ ᠯᠨ ᠶᠣᠮ ᠪᠣᠯ ᠵᠣᠷᠢᠭᠰᠠᠨ ᠳᠠᠭᠠᠨ ᠬᠦᠷᠴᠣ ᠰᠠᠨᠠᠭᠰᠠᠨ ᠢᠶᠠᠨ ᠪᠡᠶᠡᠯᠡᠬᠦᠯᠵᠣ ᠶᠠᠪᠣᠬᠤ ᠨᠢ ᠲᠠᠮᠵᠢᠭ ᠦᠬᠡᠢ᠃ ᠡᠬᠦᠨ ᠢ ᠡᠭᠡᠯ ᠵᠢᠷ ᠤᠨ ᠮᠠᠯᠴᠢᠨ ᠭᠡᠣᠭᠡᠨ ᠪᠠᠶᠢᠭᠰᠠᠨ ᠠᠴᠠ ᠪᠠᠨ ᠪᠣᠳᠠᠰ ᠤᠨ ᠪᠣᠰᠣ ᠰᠣᠶᠣᠯ ᠤᠨ ᠦᠪ ᠤᠨ ︽ᠣᠷᠡᠨ ᠬᠠᠣᠬᠤᠮᠠᠯ ᠤᠨ ᠲᠦᠯᠦᠭᠡᠯᠡᠭᠴᠢ ᠦᠪᠯᠡᠨ ᠣᠯᠠᠮᠵᠢᠯᠭᠴᠢ︾ ᠪᠣᠯᠵᠣ᠂   ᠪᠠᠰᠨ ᠠᠵᠢᠯ ᠮᠡᠷᠭᠡᠵᠢᠯ ᠤᠨ ᠲᠣᠮᠳᠠᠳᠣ ᠰᠣᠷᠭᠠᠭᠤᠯᠢ   ᠶᠢᠨ ᠪᠠᠭᠰᠢ ᠪᠠᠷ ᠪᠠᠶᠢᠩᠭᠤ ᠣᠷᠢᠭᠳᠠᠨ᠂ ᠰᠢᠷᠭᠠᠭᠤ ᠬᠦᠳᠡᠯᠮᠦᠷᠢ ᠲᠡᠰᠪᠦᠷᠢ ᠵᠣᠷᠢᠭ ᠢᠶᠠᠷ ᠢᠶᠠᠨ ᠰᠠᠨᠠᠭᠠᠨ ᠤ ᠪᠠᠨ ᠰᠠᠮᠠᠭ᠎ᠠ ᠯᠢᠩᠬᠸ᠎ᠠ ᠴᠡᠴᠡᠭ   ᠢ ᠣᠷᠠᠯᠠᠨ ᠲᠡᠯᠭᠡᠷᠡᠬᠦᠯᠵᠣ᠂  ᠣᠬᠠᠭᠠᠨ ᠤ ᠪᠠᠨ ᠣᠷᠠᠨ ᠰᠢᠪᠠᠭᠤ ᠶᠢ ᠣᠶᠠᠩᠭ᠎ᠠ ᠲᠠᠢ ᠲᠣᠩᠭᠤᠳᠣᠭᠤᠯᠵᠣ᠂ ᠲᠣᠷᠭᠠᠨ ᠲᠡᠭᠡᠷ᠎ᠡ ᠲᠣᠭᠯᠠᠬᠤ ᠪᠠᠭ᠋ᠠᠳᠣᠯ ᠢ ᠡᠳ᠋ᠯᠡᠨ᠂ ᠲᠦᠮᠡᠨ ᠣᠯᠠᠨ ᠳᠠᠭᠠᠨ ᠠᠮᠢᠳᠣᠷᠡᠯ ᠤᠨ ᠰᠠᠶᠢᠬᠠᠨ ᠢ ᠱᠠᠭᠰᠢᠭᠤᠯᠵᠣ ᠶᠠᠪᠣᠭ᠎ᠠ ᠪᠠᠭᠠᠷᠢᠨ ᠪᠠᠷᠠᠭᠤᠨ ᠬᠤᠰᠢᠭᠤᠨ ᠤ ᠦᠨᠳᠦᠰᠦᠲᠡᠨ ᠤ ᠭᠠᠷ ᠣᠶᠢᠯᠡᠳᠬᠡᠯ ᠤᠨ ᠲᠦᠪ ᠤᠨ ᠪᠦᠰᠡᠬᠦᠢ ᠣᠷᠡᠨ ᠬᠠᠳᠬᠤᠮᠠᠯᠴᠢᠨ ᠬᠦᠦᠳᠠᠭᠤᠯ᠎ᠠ ᠶᠢᠨ ᠴᠢᠷᠮᠠᠶᠢᠯᠭ᠎ᠠ ᠵᠢᠳᠬᠦᠯ ᠲᠠ ᠪᠢᠳᠡ  ᠪᠦᠬᠦᠨ ᠳᠡᠭᠡᠨ ᠬᠦᠣᠷᠨᠢᠵᠣ ᠪᠠᠶᠢᠨ᠎ᠠ᠃
           ᠬᠦᠦᠳᠠᠭᠤᠯ᠎ᠠ᠂ ᠲᠡᠭᠡᠷ᠎ᠡ ᠵᠠᠭᠤᠨ ᠤ ᠲᠠᠯᠠᠭᠠᠳ ᠣᠨ ᠤ ᠡᠬᠢ ᠪᠠᠷ ᠠᠷᠪᠠᠨ ᠵᠦᠭ ᠤᠨ ᠭᠡᠰᠡᠷ ᠪᠣᠭᠳᠠ ᠶᠢᠨ ᠠᠷᠵᠠᠭᠠᠷ ᠮᠠᠩᠭᠤᠰ ᠢ ᠲᠠᠷᠣᠭᠰᠠᠨ ᠲᠣᠮᠣᠭᠳᠣ ᠭᠤᠷᠪᠠᠨ ᠲᠣᠯᠭ᠎ᠠ ᠶᠢᠨ ᠲᠦᠰᠢᠯᠭᠡ ᠲᠠᠢ᠂ ᠠᠭᠠᠷ ᠲᠡᠭᠷᠢ ᠶᠢᠨ ᠭᠤᠷᠪᠠᠨ ᠲᠠᠬᠢᠨᠢ ᠶᠢᠨ ᠵᠢᠰᠣ ᠪᠠᠨ ᠲᠣᠯᠢᠳᠠᠭᠰᠠᠨ ᠲᠠᠯᠠᠨᠳᠠᠢ ᠨᠠᠭᠤᠷ ᠤᠨ ᠣᠮᠳᠠ ᠲᠠᠢ ᠬᠤᠯᠨ ᠦᠢᠷ᠎ᠡ  ᠳᠠᠭᠠᠨ ︽ᠣᠳᠠᠳᠣ ᠨᠣᠳᠤᠭ ᠤᠨ ᠵᠢᠶᠠᠩᠨᠠᠨ︾ ᠭᠡᠮᠡᠨ ᠠᠯᠳᠠᠷᠰᠢᠭᠰᠠᠨ ᠣᠯᠠᠭᠠᠨᠬᠠᠳᠠ ᠬᠤᠳᠡ ᠶᠢᠨ ᠪᠠᠭᠠᠷᠢᠨ ᠪᠠᠷᠠᠭᠤᠨ ᠬᠤᠰᠢᠭᠤᠨ ᠤ ᠰᠢᠷᠠᠮᠦ᠋ᠷᠡᠨ ᠰᠣᠮᠣᠨ ᠤ ᠲᠠᠯᠠᠨᠳᠠᠢ ᠭᠠᠴᠠᠭ᠎ᠠ ᠶᠢᠨ  ᠮᠠᠯᠴᠢᠨ ᠨᠣᠮᠣᠨᠳᠠᠯᠠᠢ᠂ ᠰᠠᠷᠠᠠᠭᠡᠷᠡᠯ  ᠤᠨ ᠬᠤᠶᠠᠳᠣᠭᠠᠷ ᠬᠡᠤᠬᠡᠨ ᠨᠢ ᠪᠣᠯᠵᠦ ᠵᠠᠶᠠᠭᠠᠵᠠᠢ᠃ ᠲᠡᠷᠨ ᠪᠠᠯᠴᠢᠷ ᠪᠠᠭ᠎ᠠ ᠨᠠᠰᠣᠨ ᠳᠠᠭᠠᠨ ᠰᠣᠶᠣᠯ ᠡᠷᠳᠡᠮ ᠰᠣᠷᠣᠨ᠎ᠠ ᠭᠡᠵᠤ ᠰᠣᠷᠭᠠᠭᠤᠯᠢ ᠶᠢᠨ ᠪᠣᠱᠤᠭ᠎ᠠ ᠶᠢ ᠡᠬᠢᠯᠡᠨ ᠠᠯᠬᠤᠵᠣ   ᠰᠣᠶᠣᠯ ᠮᠡᠳᠡᠯᠭᠡ ᠲᠠᠢ ᠬᠦᠮᠣᠨ ᠪᠣᠯᠵᠣ ᠰᠢᠯᠦᠭᠴᠢ ᠵᠣᠬᠢᠶᠠᠯᠴᠢ᠂ ᠪᠠᠭᠰᠢ ᠴᠦ ᠪᠣᠯᠬᠤ ᠶᠣᠮ ᠰᠠᠨ ᠭᠡᠰᠡᠨ ᠬᠦᠰᠡᠯ ᠰᠡᠳᠬᠢᠯ ᠢᠶᠠᠷ ᠰᠢᠮᠳᠠᠨ  ᠰᠣᠷᠪᠠ᠃  ᠪᠠᠭ᠎ᠠ ᠰᠣᠷᠭᠠᠭᠤᠯᠢ ᠪᠠᠨ ᠲᠡᠭᠦᠰᠦᠭᠡᠳ ᠠᠩᠬ᠎ᠠ ᠲᠣᠮᠳᠠᠳᠣ ᠳᠤ ᠣᠷᠣᠭᠠᠳ ᠪᠠᠭ᠋ᠠᠳᠠᠢ ᠬᠠᠪᠣᠳᠠᠢ ᠰᠣᠷᠴᠣ ᠣᠯᠠᠨ ᠤ ᠲᠣᠮᠳᠡ ᠣᠷᠣᠶᠢᠯᠠᠨ ᠪᠡᠰᠨ ᠭᠡᠳᠦᠨ ᠮᠦᠷ ᠰᠢᠯᠦᠭ ᠵᠣᠬᠢᠶᠠᠯ ᠪᠢᠴᠢᠴᠢᠭᠡᠭᠡᠳ ᠬᠠᠮᠳᠣ ᠨᠦᠬᠦᠳ ᠲᠡᠭᠡᠨ ᠰᠣᠨᠢᠷᠬᠠᠭᠤᠯᠣᠨ ᠭᠠᠶᠢᠬᠠᠭᠤᠯᠵᠣ ᠠᠳᠠᠯ᠎ᠠ ᠭᠠᠢ ᠭᠠᠵᠠᠷ ᠲᠣᠣᠷ᠎ᠡ ᠠᠴᠠ ᠭᠡᠳᠡᠭᠴᠢᠯᠡᠨ᠂ ᠠᠪᠤ ᠨᠢ ᠬᠦᠨᠳᠣ ᠡᠪᠡᠳᠴᠢᠯᠡᠵᠣ᠂ ᠡᠭᠡᠴᠢ ᠨᠢ ᠲᠡᠭᠡᠳᠣ ᠲᠣᠮᠳᠠᠳᠣ ᠳᠤ ᠣᠷᠣᠵᠣ᠂ ᠦᠬᠢᠨ ᠲᠡᠭᠦᠦ ᠨᠢ ᠪᠠᠭ᠎ᠠ ᠰᠣᠷᠭᠠᠭᠤᠯᠢ ᠳᠤ ᠰᠠᠭᠤᠭᠠᠳ ᠠᠷᠣ ᠭᠡᠷ ᠲᠤᠨᠢ ᠡᠵᠢ   ᠳᠤᠨᠢ ᠲᠡᠮ  ᠪᠣᠯᠬᠤ ᠬᠦᠮᠦᠨ ᠦᠬᠡᠢ ᠪᠣᠯᠬᠤᠷ ᠠᠷᠭ᠎ᠠ ᠪᠣᠰᠣ ᠭᠤᠮᠣᠳᠠᠯ ᠬᠠᠷᠠᠮᠰᠠᠯ ᠡᠪᠦᠷᠯᠡᠨ ᠰᠣᠷᠭᠠᠭᠤᠯᠢ ᠠᠴᠠ   ᠪᠠᠨ ᠲᠣᠷᠭᠤᠨ ᠵᠣᠭᠰᠣᠵᠠᠢ᠃ ᠢᠩᠬᠢᠬᠡᠳ ᠲᠡᠷᠨ ᠲᠠᠯ᠎ᠠ ᠶᠢᠨ ᠰᠠᠷᠠᠯᠠᠩ ᠰᠢᠭ᠋ ᠣᠯᠠᠯᠵᠠᠨ ᠲᠡᠯᠭᠡᠷᠡᠬᠦ ᠭᠡᠣᠭᠡᠳ ᠦᠶ᠎ᠡ ᠶᠢᠨ ᠠᠷᠪᠠᠨ ᠲᠣᠯᠣᠭᠠᠨ ᠨᠠᠰᠣᠨ ᠳᠠᠭᠠᠨ ᠣᠷᠭ᠎ᠠ ᠠᠳᠬᠤᠭᠰᠡᠨ ᠮᠠᠯᠴᠢᠨ ᠬᠡᠤᠬᠡᠨ ᠪᠣᠯᠵᠠᠢ᠃  ᠲᠡᠷᠨ ᠡᠵᠢ ᠳᠡᠭᠡᠨ ᠬᠠᠪᠰᠣᠷᠣᠨ ᠬᠤᠨᠢ ᠮᠠᠯ ᠬᠤᠮᠢᠵᠣ ᠬᠠᠰᠢᠨ᠂  ᠲᠣᠭᠤᠯ ᠲᠠᠳᠠᠵᠣ ᠦᠨᠢᠶ᠎ᠡ ᠰᠠᠭᠠᠬᠤ ᠪᠠ ᠬᠤᠭᠤᠯᠨ ᠪᠣᠳᠠᠭ᠎ᠠ ᠪᠡᠯᠡᠳᠭᠡᠨ᠂ ᠠᠪᠤ ᠶᠢᠨ ᠢᠶᠠᠨ ᠡᠮ ᠲᠠᠩ ᠢ ᠦᠢᠷᠠᠳᠣᠭᠤᠯᠵᠣ ᠦᠭᠬᠦ ᠭᠡᠷ ᠭᠠᠳᠠᠨ᠎ᠠ ᠶᠢᠨ ᠠᠯᠢ ᠣᠯᠠᠨ ᠠᠵᠢᠯ ᠳᠤ ᠡᠳᠦᠷᠵᠢᠨ ᠶᠠᠭᠠᠷᠠᠨ ᠬᠦᠶᠦᠬᠦ ᠪᠣᠯᠵᠠᠢ᠃ ᠪᠠᠰᠨ ᠵᠠᠪ ᠰᠡᠯᠡᠬᠦᠦ ᠪᠠᠷ ᠢᠶᠠᠨ ᠡᠮᠡᠭᠡ ᠪᠠ ᠡᠵᠢ ᠶᠢᠨ ᠢᠶᠠᠨ ᠣᠶᠣᠳᠠᠯ ᠣᠳᠠᠰᠣᠨ ᠳᠤ ᠬᠠᠮᠵᠢᠨ ᠵᠡᠬᠦᠦ ᠣᠳᠠᠰᠣ ᠶᠢ ᠨᠢ ᠰᠦᠪᠡᠯᠵᠣ ᠰᠢᠯᠪᠢ ᠲᠣᠪᠴᠢ ᠶᠢ ᠨᠢ ᠬᠠᠳᠠᠵᠣ ᠪᠠᠶᠢᠭᠰᠠᠨ ᠠᠴᠠ ᠪᠠᠨ ᠶᠠᠭᠤᠮ᠎ᠠ ᠳᠤ ᠠᠪᠬᠠᠯᠵᠢ ᠲᠡᠷᠨ ᠬᠤᠸᠠᠷ ᠬᠠᠳᠬᠤᠬᠤ ᠶᠢ ᠴᠦ ᠲᠦᠰᠦᠭᠡᠯᠡᠬᠦ ᠪᠣᠯᠵᠠᠢ᠃
         ᠦᠪᠡᠷ ᠤᠨ ᠰᠣᠷᠣᠯᠭ᠎ᠠ ᠪᠠᠨ ᠬᠠᠶᠠᠵᠣ ᠠᠷᠣ ᠭᠡᠷ ᠲᠡᠭᠡᠨ ᠬᠠᠷᠢᠭᠰᠠᠨ ᠬᠦᠣᠳᠠᠭᠤᠯ᠎ᠠ᠂ ᠲᠡᠭᠡᠳᠣ ᠲᠣᠮᠳᠠᠳᠣ ᠲᠡᠬᠦᠰᠦᠭᠡᠳ ᠶᠡᠭᠡ ᠰᠣᠷᠭᠠᠭᠤᠯᠢ ᠳᠤ ᠰᠢᠯᠭᠠᠬᠤ ᠵᠠᠪᠰᠢᠶᠠᠨ ᠢᠶᠠᠨ ᠣᠷᠬᠢᠵᠣ ᠲᠡᠭᠦᠨ ᠢ ᠣᠷᠣᠯᠠᠨ ᠭᠡᠷ  ᠤᠨ ᠠᠵᠢᠯ ᠬᠦᠳᠡᠯᠮᠦᠷᠢ ᠳᠤ ᠣᠷᠣᠯᠴᠠᠬᠤ ᠪᠠᠷ ᠰᠢᠭᠤᠳᠣᠭᠰᠠᠨ ᠡᠭᠡᠴᠢ ᠶᠢᠨ ᠢᠶᠠᠨ ᠵᠣᠷᠢᠭᠵᠢᠭᠤᠯᠣᠯ ᠲᠡᠮᠵᠢᠯᠭᠡ ᠪᠠᠷ ᠭᠠᠴᠠᠭ᠎ᠠ ᠰᠣᠮᠣ ᠬᠤᠰᠢᠭᠤᠨ ᠤ ᠪᠠᠨ ᠬᠠᠷᠠᠭᠠᠯᠵᠠᠯᠠᠯ ᠢ ᠬᠦᠷᠳᠡᠵᠣ᠂ 1990 ᠤᠨ ᠳᠤ ᠬᠦᠴᠢᠷᠳᠠᠢ ᠡᠷᠣᠬᠡ ᠶᠢ ᠲᠡᠮᠵᠢᠬᠦ  ᠠᠵᠢᠯᠴᠢᠨ ᠡᠯᠰᠡᠬᠦ  ᠲᠣᠬᠢᠶᠠᠯ ᠣᠯᠵᠣ  ᠬᠤᠰᠢᠭᠤᠨ ᠤ ᠪᠠᠨ ︽ᠬᠡᠪᠢᠰ ᠤᠨ ᠣᠶᠢᠯᠡᠳᠪᠣᠷᠢ︾ ᠳᠤ ᠨᠢᠭᠡᠨ ᠠᠵᠢᠯᠴᠢᠨ  ᠪᠣᠯᠪᠠ᠃ ᠲᠡᠭᠡᠭᠡᠳ ᠣᠣᠯ ᠠᠴᠠ ᠪᠠᠨ ᠭᠠᠷ ᠣᠷᠡᠨ᠂ ᠠᠵᠢᠯ ᠳᠤ ᠰᠢᠭᠤᠷᠬᠠᠢ᠂  ᠣᠯᠠᠨ  ᠳᠠᠭᠠᠨ ᠦᠨᠡᠨᠴᠢ ᠬᠦᠣᠳᠠᠭᠤᠯ᠎ᠠ  ᠦᠢᠯᠡᠳᠪᠦᠷᠢ ᠶᠢᠨ ᠢᠶᠠᠨ ︽ᠲᠡᠷᠢᠬᠦᠨ ᠤ ᠠᠵᠢᠯᠳᠠᠨ︾ ᠤ ᠴᠣᠯᠠ ᠲᠠᠢ ᠬᠡᠪᠢᠰ ᠬᠠᠳᠬᠤᠵᠦ ᠶᠠᠪᠣᠵᠠᠢ᠃ ᠭᠡᠪᠡᠴᠣ ᠲᠡᠬᠦᠨ ᠤ ᠣᠷᠡᠨ ᠭᠡᠪᠢᠰᠴᠢᠨ ᠪᠣᠯᠬᠤ ᠬᠦᠰᠡᠯ ᠨᠢ ᠠᠮᠢᠳᠣᠷᠡᠯ ᠤᠨ ᠠᠬᠤᠢ ᠳᠤ ᠲᠡᠶᠢᠯᠦᠭᠳᠡᠵᠣ᠂ ᠠᠪᠤ ᠶᠢᠨ ᠬᠢᠨ ᠡᠮᠵᠡᠭ ᠨᠢ ᠬᠦᠨᠳᠦᠷᠡᠵᠣ᠂ ᠲᠠᠩᠨᠠᠢ ᠶᠢᠨ ᠭᠤᠷᠪᠠᠨ ᠰᠣᠳᠠᠰᠣ ᠰᠢᠭ᠋ ᠡᠭᠡᠴᠢ ᠨᠢ ᠪᠠᠰᠨ ᠬᠠᠷᠢᠯᠠᠵᠣ  ᠮᠣᠷᠳᠠᠭᠠᠳ᠂ ᠦᠬᠢᠨ ᠲᠡᠬᠦᠦ ᠨᠢ ᠪᠠᠰᠨ ᠦᠷᠬᠦᠯᠵᠢᠯᠡᠨ ᠲᠣᠮᠳᠠᠳᠣ ᠰᠣᠷᠭᠠᠭᠤᠯᠢ ᠳᠤ ᠪᠢᠴᠢᠭ ᠦᠵᠡᠬᠦ ᠪᠠᠨ ᠪᠣᠯᠢᠭᠰᠠᠨ ᠵᠡᠷᠭᠡ ᠰᠢᠯᠳᠠᠭᠠᠨ ᠢᠶᠠᠷ ᠭᠤᠷᠪᠠᠭ᠋ᠠᠨ ᠵᠢᠯ ᠬᠤᠳᠡ ᠣᠷᠣᠵᠣ ᠠᠵᠢᠯᠴᠢᠨ ᠪᠣᠯᠣᠭᠰᠠᠨ ᠠᠮᠢᠳᠣᠷᠡᠯ ᠤᠨ ᠵᠠᠮ ᠨᠢ ᠵᠠᠭᠤ ᠨᠠᠶᠠᠨ ᠺᠷᠠᠳᠦ᠋ᠰ ᠢᠶᠠᠷ ᠡᠷᠬᠢᠯᠳᠡ ᠭᠠᠷᠴᠣ᠂ ᠲᠡᠷᠨ ᠠᠪᠤ ᠡᠵᠢ ᠳᠡᠭᠡᠨ ᠠᠴᠢᠯᠠᠯ ᠬᠦᠢᠴᠡᠳᠭᠡᠨ᠂ ᠡᠭᠡᠴᠢ ᠲᠡᠬᠦᠦ ᠳᠡᠭᠡᠨ ᠵᠢᠷᠦᠮ ᠲᠠᠢ ᠶᠠᠪᠣᠨ᠎ᠠ ᠭᠡᠮᠡᠨ ᠠᠷᠭ᠎ᠠ ᠪᠣᠰᠣ ᠬᠦᠳᠡᠭᠡ ᠨᠣᠳᠤᠭ ᠲᠠᠭᠠᠨ ᠪᠣᠴᠠᠨ ᠮᠠᠯ ᠲᠠᠷᠢᠶ᠎ᠠ᠂ ᠭᠡᠷ ᠵᠠᠭᠤᠷ᠎ᠡ ᠶᠢᠨ ᠠᠳᠠᠯ ᠳᠤ ᠣᠷᠣᠵᠣ᠂  ᠲᠦᠷᠦᠵᠣ ᠦᠰᠭᠡᠭᠰᠡᠨ ᠡᠨᠡᠷᠢᠯᠳᠣ ᠡᠵᠢ ᠶᠢᠨ  ᠢᠶᠠᠨ ᠬᠦᠨᠳᠣ ᠲᠠᠷᠣᠭᠠᠰᠣ   ᠶᠢ ᠬᠤᠪᠢᠶᠠᠨ ᠡᠭᠦᠷᠭᠡᠯᠡᠵᠠᠢ᠃ ᠲᠡᠷᠨ ᠠᠮᠢᠳᠣᠷᠡᠯ ᠤᠨ ᠬᠠᠳᠠᠭᠤ ᠪᠡᠷᠭᠡ ᠶᠢ ᠣᠬᠠᠵᠣ᠂ ᠠᠪᠤ ᠡᠵᠢ ᠶᠢᠨ ᠢᠶᠠᠨ ᠭᠡᠨ ᠳᠤᠨᠢ ᠴᠦ ᠭᠤᠮᠣᠳᠠᠯ ᠦᠬᠡᠢ ᠪᠠᠷ ᠣᠷᠭ᠎ᠠ ᠪᠠᠷᠢᠭᠰᠡᠨ ᠮᠠᠯᠴᠢᠨ᠂ ᠠᠨᠵᠢᠰᠣ ᠪᠠᠷᠢᠭᠰᠡᠨ ᠲᠠᠷᠢᠶᠠᠴᠢᠨ᠂ ᠬᠦᠴᠦ ᠶᠠᠪᠣᠭᠰᠠᠨ ᠠᠵᠢᠯᠴᠢᠨ ᠭᠡᠬᠦ ᠮᠡᠳᠦᠴᠢᠯᠡᠨ ᠠᠪᠤ ᠡᠵᠢ᠂ ᠭᠡᠷ ᠪᠦᠯᠢ ᠶᠢᠨ ᠢᠶᠠᠨ ᠲᠦᠯᠦᠭᠡ  ᠬᠠᠯᠠᠭᠤᠨ ᠳᠤ ᠰᠢᠷᠠᠭᠳᠠᠵᠣ᠂ ᠬᠦᠢᠳᠡᠨ ᠳᠤ ᠪᠡᠭᠡᠷᠡᠵᠣ ᠦᠶ᠎ᠡ ᠬᠤᠷᠠᠭ ᠤᠨ ᠢᠶᠠᠨ ᠲᠣᠳᠣᠷ᠎ᠡ ᠡᠷᠳᠡ ᠠᠵᠢᠯ ᠳᠤ ᠣᠷᠣᠵᠣ ᠣᠬᠠᠭᠠᠷᠠᠨ ᠲᠣᠮᠣᠵᠢᠭᠰᠠᠨ ᠨᠢᠭᠡ ᠨᠢ ᠪᠣᠯᠵᠠᠢ᠃ ᠲᠡᠷᠨ ᠠᠪᠤ ᠶᠢᠨ ᠢᠶᠠᠨ ᠡᠪᠡᠳᠴᠢᠨ ᠢ ᠵᠠᠰᠠᠵᠣ᠂ ᠡᠷᠦᠭᠡ ᠭᠡᠷ ᠤᠨ ᠢᠶᠠᠨ ᠠᠮᠢᠳᠣᠷᠡᠯ ᠳᠤ ᠲᠣᠰᠨ ᠪᠣᠯᠬᠤ ᠶᠢᠨ ᠲᠦᠯᠦᠭᠡ᠂ ᠡᠳᠣᠷ ᠲᠤ ᠭᠡᠳᠦᠭᠡᠨ ᠲᠦᠬᠦᠷᠢᠭ ᠤᠨ ᠬᠦᠯᠦᠰᠣ ᠮᠦᠩᠬᠦ ᠦᠭᠳᠡᠭ ᠰᠢᠪᠠᠷ ᠰᠢᠷᠦᠢ ᠶᠢᠨ ᠲᠦᠷ ᠵᠠᠭᠤᠷ᠎ᠡ ᠶᠢᠨ ᠠᠵᠢᠯ ᠢ ᠴᠦ ᠭᠤᠯᠣᠯ ᠦᠭᠡᠢ ᠬᠢᠵᠦ ᠦᠩᠭᠡᠷᠡᠵᠠᠢ᠃  
           ᠬᠦᠳᠡᠭᠡ ᠨᠣᠳᠤᠭ ᠲᠠᠭᠠᠨ ᠬᠠᠷᠢᠵᠣ ᠪᠣᠴᠠᠭᠰᠠᠨ ᠬᠦᠣᠳᠠᠭᠤᠯ᠎ᠠ ︽ᠭᠡᠣᠭᠡᠨ ᠦᠰᠪᠡᠯ ᠬᠠᠷᠢ ᠳᠤ ᠮᠣᠷᠳᠠᠬᠤ︾ ᠨᠡᠶᠢᠭᠡᠮ ᠠᠮᠢᠳᠣᠷᠡᠯ ᠤᠨ ᠵᠢᠮ᠎ᠡ ᠪᠠᠷ ᠬᠤᠷᠢᠨ ᠬᠤᠶᠠᠷ ᠲᠠᠢ ᠬᠤᠩᠭᠤᠷᠬᠠᠨ ᠨᠠᠰᠣᠨ ᠳᠠᠭᠠᠨ ᠦᠪᠡᠷ ᠤᠨ ᠲᠣᠭᠤᠵᠣ ᠬᠠᠶᠢᠷᠠᠯᠠᠭᠰᠠᠨ ᠵᠠᠯᠠᠭᠤ ᠲᠠᠢ ᠪᠠᠨ ᠣᠷᠣᠭᠯᠠᠵᠣ ᠠᠶᠢᠯ ᠤᠨ ᠪᠡᠷᠢ ᠪᠣᠯᠵᠣ᠂ ᠬᠤᠶᠠᠷ ᠵᠢᠯ ᠤᠨ ᠲᠠᠷᠠᠭ᠎ᠠ ᠨᠢ  ︽ᠠᠮᠠᠨ ᠳᠠᠭᠠᠨ ᠬᠢᠪᠡᠯ ᠬᠠᠶᠢᠯᠣᠭᠤᠵᠠᠢ᠂ ᠠᠯᠠᠭᠠᠨ ᠳᠠᠭᠠᠨ ᠲᠠᠯᠪᠢᠪᠠᠯ ᠪᠦᠮᠪᠦᠷᠢᠬᠦᠵᠠᠢ︾ ᠭᠡᠬᠦ ᠦᠷ᠎ᠡ ᠵᠣᠯᠵᠠᠭ᠎ᠠ ᠡᠩᠬᠦᠷᠠᠢ ᠭᠡᠣᠭᠡᠨ ᠦᠷ᠎ᠡ   ᠪᠠᠨ ᠦᠵᠡᠵᠠᠢ᠃ ᠡᠨᠡ ᠦᠶᠡᠰ ᠲᠡᠬᠦᠨ ᠤ ᠠᠮᠢᠳᠣᠷᠡᠯ ᠤᠨ ᠪᠡᠷᠭᠡ ᠵᠣᠪᠠᠯ ᠪᠠ ᠭᠡᠬᠦᠳᠡᠭ  ᠲᠤᠨᠢ ᠰᠡᠶᠢᠯᠦᠭᠳᠡᠭᠰᠡᠨ ᠰᠣᠷᠣᠯᠭ᠎ᠠ ᠲᠣᠷᠭᠤᠨ ᠵᠣᠭᠰᠣᠭᠰᠠᠨ ᠬᠠᠷᠠᠮᠰᠠᠯ ᠭᠤᠳᠣᠷᠡᠯ ᠨᠢ ᠪᠠᠶᠠᠷ ᠵᠢᠷᠭᠠᠯ ᠢᠶᠠᠷ ᠰᠣᠯᠢᠭᠳᠠᠨ᠂ ᠡᠯᠢᠭᠡ ᠵᠢᠷᠦᠭᠡ ᠶᠢ ᠨᠢ ᠠᠷᠭᠠᠮᠵᠢᠭᠰᠠᠨ ᠭᠡᠣᠭᠡᠳ ᠦᠷ᠎ᠡ ᠪᠠᠨ ᠦᠰᠭᠡᠭᠡᠳ ᠬᠦᠳᠡᠭᠡ ᠨᠣᠳᠤᠭ ᠲᠠᠭᠠᠨ ᠡᠬᠦᠷᠢᠳᠡ ᠠᠵᠣ ᠲᠦᠷᠦᠨ᠎ᠡ ᠭᠡᠮᠡᠨ ᠵᠣᠷᠢᠭ ᠰᠢᠭᠤᠳᠴᠠᠢ᠃  ᠲᠡᠭᠡᠭᠡᠳ ᠮᠠᠯ ᠲᠠᠷᠢᠶ᠎ᠠ᠂ ᠭᠡᠷ ᠵᠠᠭᠤᠷ᠎ᠡ ᠶᠢᠨ ᠠᠵᠢᠯ  ᠤᠨ ᠵᠠᠪᠰᠡᠷ ᠴᠢᠯᠦᠭᠡ ᠪᠠᠷ ᠢᠶᠠᠨ ᠨᠣᠮ ᠵᠣᠬᠢᠶᠠᠯ ᠣᠩᠰᠢᠨ᠂ ᠵᠠᠷᠢᠮ ᠳᠠᠭᠠᠨ  ᠢᠠᠷᠠᠭᠤ ᠨᠠᠶᠢᠷᠠᠭ ᠤᠨ ᠰᠡᠳᠬᠢᠯᠭᠡ ᠲᠦᠷᠦᠭᠳᠡᠨ ᠭᠡᠳᠣᠨ ᠮᠦᠷ ᠰᠢᠯᠦᠭ ᠡᠷᠢᠶᠡᠴᠢᠭᠡᠳ᠂ ᠬᠠᠶ᠋ᠨ ᠳᠠᠭᠠᠨ ᠪᠠᠰᠨ ᠲᠡᠬᠦᠨ ᠢᠶᠠᠨ ᠰᠣᠨᠢᠨ ᠳᠤ ᠢᠯᠡᠭᠡᠭᠡᠳ ᠨᠡᠶᠢᠳᠡᠯᠡᠬᠦᠯᠦᠭᠰᠡᠨ ᠣᠳᠠᠭ᠎ᠠ ᠲᠠᠢ ᠪᠠᠶᠠᠰᠴᠣ ᠪᠠᠶᠢᠳᠠᠭ ᠶᠣᠮ᠃ ᠰᠣᠷᠭᠠᠨ ᠬᠦᠮᠦᠵᠢᠯ ᠤᠨ ᠦᠭᠡᠷᠡᠴᠢᠯᠡᠯᠳᠡ ᠶᠢ ᠲᠠᠭᠠᠯᠳᠣᠨ ᠰᠣᠷᠭᠠᠭᠤᠯᠢ ᠶᠢᠨ ᠪᠠᠶᠢᠷᠢᠰᠢᠯ ᠳᠤ ᠲᠣᠬᠢᠷᠠᠭᠤᠯᠣᠯᠳᠡ ᠬᠢᠵᠣ ᠲᠣᠮᠳᠠᠳᠣ ᠰᠣᠷᠭᠠᠭᠤᠯᠢ ᠬᠤᠰᠢᠭᠤᠨ ᠳᠤ ᠲᠦᠪᠯᠡᠷᠡᠨ ᠪᠠᠭ᠎ᠠ ᠰᠣᠷᠭᠠᠭᠤᠯᠢ ᠰᠣᠮᠣᠨ ᠳᠤ ᠨᠡᠶᠢᠯᠡᠭᠰᠡᠨ ᠨᠢ ᠬᠦᠣᠳᠠᠭᠤᠯ᠎ᠠ ᠳᠤ ᠪᠣᠰᠣᠳ ᠲᠤ ᠪᠠᠶᠢᠮ᠎ᠠ ᠦᠬᠡᠢ ᠬᠦᠴᠢᠷ ᠵᠣᠪᠠᠭᠤᠷᠢ ᠠᠪᠴᠢᠷᠠᠪᠠ᠃ ᠬᠦᠭᠡᠷᠦᠬᠦᠢ ᠬᠡᠣᠭᠡᠨ ᠨᠢ ᠶᠡᠭᠡ ᠪᠠᠭ᠎ᠠ ᠬᠤᠳᠡ ᠪᠠᠯᠭᠠᠰᠣ ᠶᠢᠨ ᠡᠮᠨᠡᠯᠭᠡ ᠶᠢ ᠪᠠᠷᠠᠳᠠᠯ᠎ᠠ ᠡᠯᠡᠭᠡᠵᠣ ᠪᠠᠶᠢᠳᠠᠭ ᠡᠳ᠋ ᠮᠦᠩᠬᠦ ᠪᠠᠨ ᠦᠷᠡᠵᠣ  ᠡᠮᠨᠡᠬᠦᠯᠵᠣ ᠪᠠᠶᠢᠴᠠᠭᠠᠭᠠᠳ ᠰᠢᠯᠳᠠᠭᠠᠨ ᠢ ᠨᠢ ᠦᠯᠦ ᠣᠯᠬᠤ ︽ᠬᠢᠮᠣᠷᠠᠭ᠎ᠠ︾ ᠳᠤ  ᠪᠠᠶᠢᠩᠭᠤ ᠲᠠᠭᠠᠷᠢᠭᠳᠠᠨ ᠦᠯᠦᠭᠡᠢ ᠲᠠᠢ ᠪᠠᠶᠢᠭᠰᠠᠨ ᠠᠴᠠ ᠪᠡ ᠪᠠᠭ᠎ᠠ ᠰᠣᠷᠭᠠᠭᠤᠯᠢ ᠲᠡᠭᠦᠰᠴᠣ ᠠᠩᠬ᠎ᠠ ᠲᠣᠮᠳᠠᠳᠣ ᠳᠤ ᠣᠷᠣᠳᠠᠯ᠎ᠠ ᠦᠷᠬᠦᠯᠵᠢ ᠪᠠᠶ᠎ᠠ ᠨᠢ ᠮᠠᠭᠤᠵᠢᠷᠠᠨ ᠢᠳᠡᠰᠢ ᠣᠣᠭᠤᠰᠢ ᠳᠤ ᠲᠣᠷ᠎ᠡ ᠦᠬᠡᠢ᠂ ᠵᠠᠷᠢᠮ ᠳᠠᠭᠠᠨ ᠶᠠᠪᠣᠵᠣ ᠰᠠᠭᠤᠬᠤ ᠳᠠᠭᠠᠨ ᠴᠦ ᠶᠠᠳᠠᠷᠠᠵᠣ ᠬᠦᠴᠢᠷᠳᠡᠬᠦ ᠪᠠᠶᠢᠳᠠᠯ ᠳᠤ ᠣᠷᠣᠳᠠᠭ ᠪᠣᠯᠪᠠ᠃ ᠬᠦᠣᠳᠠᠭᠤᠯ᠎ᠠ  ᠦᠪᠡᠷ ᠤᠨ ᠲᠣᠮᠳᠠᠳᠣ ᠰᠣᠷᠭᠠᠭᠤᠯᠢ ᠳᠤ ᠴᠦ ᠪᠦᠳᠦᠨ ᠰᠠᠶᠢᠨ ᠰᠣᠷᠣᠯᠴᠠᠵᠣ ᠴᠢᠳᠠᠭᠰᠠᠨ ᠦᠬᠡᠢ ᠬᠠᠷᠠᠮᠰᠠᠯ ᠢᠶᠠᠨ ᠭᠡᠣᠭᠡᠨ ᠤ ᠪᠠᠨ ᠪᠡᠶ᠎ᠡ ᠲᠡᠭᠡᠷ᠎ᠡ ᠲᠠᠬᠢᠨ ᠲᠠᠪᠳᠠᠭᠳᠠᠬᠤ ᠶᠢ ᠦᠵᠡᠬᠦ ᠦᠬᠡᠢ ᠶᠢᠨ ᠲᠦᠯᠦᠭᠡ᠂ 2007 ᠤᠨ ᠳᠤ᠂ ᠬᠡᠣᠬᠡᠨ ᠤ ᠪᠠᠨ ᠰᠣᠷᠭᠠᠭᠤᠯᠢ ᠳᠤ ᠰᠠᠭᠤᠵᠣ ᠪᠢᠴᠢᠭ ᠡᠷᠳᠡᠮ ᠰᠣᠷᠬᠤ ᠶᠢ ᠨᠢ ᠶᠠᠭᠠᠬᠢᠭᠰᠠᠨ ᠴᠦ ᠰᠠᠭᠠᠳᠣᠭᠠᠬᠤ ᠦᠬᠡᠢ ᠭᠡᠮᠡᠨ ᠰᠢᠳᠣ ᠵᠠᠭᠤᠵᠣ᠂ ᠬᠦᠳᠡᠭᠡ ᠠᠶᠢᠯ  ᠨᠣᠳᠤᠭ ᠢᠶᠠᠨ ᠣᠷᠬᠢᠵᠣ ᠭᠡᠷ ᠡᠷᠦᠭᠡ ᠪᠠᠷ  ᠢᠶᠠᠨ  ᠬᠤᠰᠢᠭᠤᠨ ᠲᠦᠪ ᠳ᠋ᠠᠪᠠᠨ ᠳᠤ ᠲᠠᠭᠢᠨᠳᠠ ᠪᠣᠴᠠᠨ ᠢᠷᠡᠵᠣ ᠭᠡᠷ ᠲᠦᠷᠢᠶᠡᠰᠦᠯᠡᠨ ᠰᠠᠭᠤᠵᠣ ᠡᠷ᠎ᠡ ᠨᠦᠬᠦᠷ ᠨᠢ ᠠᠷᠰᠠᠷ ᠬᠦᠯᠦᠰᠦᠨ ᠠᠵᠢᠯ ᠳᠤ ᠶᠠᠪᠣᠨ᠂ ᠦᠪᠡᠷ ᠢᠶᠠᠨ ᠭᠡᠣᠭᠡᠨ ᠳᠡᠭᠡᠨ ᠭᠤᠷᠪᠠᠨ ᠡᠷᠡᠨ ᠤ ᠬᠤᠭᠤᠯᠨ ᠴᠠᠢ ᠪᠡᠯᠡᠳᠭᠡᠨ ᠡᠮ ᠲᠠᠩ ᠢ ᠨᠢ ᠴᠠᠭ ᠴᠠᠭ ᠲᠤᠨᠢ ᠣᠣᠭᠤᠯᠭᠠᠵᠣ ᠰᠣᠪᠢᠯᠠᠵᠣ ᠰᠠᠭᠤᠵᠠᠢ᠃ ᠲᠡᠷᠨ ᠭᠡᠣᠭᠡᠨ ᠢᠶᠠᠨ ᠰᠣᠷᠭᠠᠭᠤᠯᠢ ᠳᠤᠨᠢ ᠲᠣᠰᠴᠣ ᠬᠦᠷᠭᠡᠭᠡᠳ ᠵᠠᠷᠢᠮ ᠳᠠᠭᠠᠨ ᠪᠠᠰᠨ ᠠᠮᠢᠳᠣᠷᠡᠯ ᠡᠮᠨᠡᠯᠭᠡ ᠶᠢᠨ ᠵᠠᠷᠣᠳᠠᠯ ᠢᠶᠠᠨ ᠠᠷᠭᠠᠴᠠᠬᠤ ᠶᠢᠨ ᠲᠦᠯᠦᠭᠡ ᠬᠤᠭᠤᠯᠠᠨ ᠭᠡᠷ ᠲᠤ ᠠᠶᠠᠭ᠎ᠠ ᠰᠠᠪᠬ᠎ᠠ ᠣᠬᠢᠶᠠᠵᠣ  ᠂ ᠦᠢᠷ᠎ᠡ ᠰᠠᠳᠣᠨ ᠨᠠᠶᠢᠵᠨ ᠨᠦᠬᠦᠳ ᠤᠨ ᠢᠶᠠᠨ ᠬᠠᠪᠰᠣᠷᠣᠯᠭ᠎ᠠ ᠲᠡᠮᠵᠢᠯᠭᠡ ᠲᠣᠣᠷ᠎ᠡ ᠬᠤᠪᠢ ᠪᠠᠷ ᠢᠶᠠᠨ ᠵᠢᠵᠢᠭ  ᠬᠤᠳᠠᠯᠳᠤᠭ᠎ᠠ ᠲᠡᠯᠭᠡᠬᠦᠷ ᠴᠦ ᠨᠡᠭᠡᠭᠡᠵᠦ ᠦᠵᠡᠵᠠᠢ᠃  ᠭᠡᠪᠡᠴᠣ ︽ᠵᠣᠭᠤᠰ ᠲᠠᠢ ᠬᠦᠮᠦᠨ ᠤ ᠵᠢᠷᠤᠭ᠎ᠠ ᠶᠢᠷᠳᠢᠨᠴᠣ᠂ ᠵᠣᠭᠤᠰ ᠦᠬᠡᠢ ᠬᠦᠮᠦᠨ ᠤ ᠵᠣᠭᠰᠤᠭ᠎ᠠ ᠶᠢᠷᠳᠢᠨᠴᠣ︾ ᠬᠤᠳᠡ ᠵᠡᠭᠡᠯᠢ ᠳᠤ ᠬᠦᠯ ᠲᠣᠭᠳᠠᠨ᠎ᠠ ᠭᠡᠭᠴᠢ ᠲᠡᠶᠢᠮᠣ ᠬᠢᠯᠪᠠᠷᠬᠠᠨ ᠣᠴᠢᠷ ᠪᠣᠰᠣ᠂  ᠲᠡᠷᠨ ᠡᠷ᠎ᠡ ᠨᠦᠬᠦᠷ ᠲᠠᠢ ᠪᠠᠨ ᠬᠤᠶᠠᠭᠤᠯᠨ ᠪᠠᠨ ᠭᠡᠳᠦᠶᠢᠪᠡᠷ ᠡᠷᠳᠡᠯᠡᠨ ᠣᠷᠣᠶᠢᠯᠠᠨ ᠭᠡᠴᠣᠨᠡᠨ ᠴᠢᠷᠮᠠᠶᠢᠨ ᠵᠢᠳᠭᠦᠭᠰᠡᠨ ᠴᠦ ᠲᠣᠭᠠᠳᠠᠢ ᠭᠡᠳᠣᠨ ᠣᠷᠣᠯᠭ᠎ᠠ ᠣᠯᠵᠠ   ᠨᠢ  ᠡᠮ ᠡᠮᠨᠡᠯᠭᠡ ᠪᠠ ᠡᠳᠦᠷ ᠲᠣᠳᠣᠮ ᠤᠨ ᠵᠠᠷᠣᠯᠭ᠎ᠠ  ᠳᠠᠭᠠᠨ ᠬᠦᠢᠴᠡᠬᠦ ᠦᠬᠡᠢ ᠪᠡᠶ᠎ᠡ ᠰᠡᠳᠬᠢᠯ ᠢ ᠨᠢ ᠵᠣᠪᠠᠭᠠᠵᠣ ᠪᠠᠶᠢᠯ᠎ᠠ᠃              ᠡᠭᠡ ᠡᠴᠢᠭᠡ ᠶᠢᠨ ᠢᠶᠠᠨ ᠠᠯᠠᠭ ᠦᠬᠡᠢ ᠬᠠᠶᠢᠷ᠎ᠡ ᠪᠠᠷ ᠠᠮᠢᠨ ᠦᠷ᠎ᠡ ᠬᠠᠶᠢᠷᠠᠳᠠᠢ ᠭᠡᠣᠭᠡᠨ ᠤ ᠬᠢᠨᠢ ᠡᠮᠵᠡᠭ ᠠᠷᠪᠠᠨ ᠲᠠᠪᠣᠳᠠᠢ ᠲᠡᠷᠨ ᠵᠢᠯ ᠳᠡᠭᠡᠨ ᠠᠯᠳᠠᠷᠠᠵᠣ᠂ ᠪᠠᠰᠨ ᠲᠡᠭᠡᠳᠣ ᠲᠣᠮᠳᠠᠳᠣ ᠪᠠᠨ ᠲᠡᠬᠦᠰᠭᠡᠭᠡᠳ‌‍ᠰᠢᠯᠢᠳᠡᠭ ᠪᠦᠳᠦᠮᠵᠢ ᠪᠠᠷ ᠶᠡᠭᠡ ᠰᠣᠷᠭᠠᠭᠤᠯᠢ ᠳᠤ  ᠰᠢᠯᠭᠠᠨ ᠣᠷᠣᠭᠰᠠᠨ ᠨᠢ ᠬᠦᠣᠳᠠᠭᠤᠯ᠎ᠠ ᠳᠤ ᠠᠪᠴᠣ ᠭᠡᠯᠡᠪᠡᠯ ᠨᠠᠷᠨ ᠨᠢ ᠮᠠᠨᠳᠣᠵᠣ ᠨᠠᠪᠴᠢ ᠨᠢ ᠲᠡᠯᠭᠡᠷᠡᠭᠰᠡᠨ ᠰᠠᠶᠢᠬᠠᠨ ᠣᠯᠡᠷᠢᠯ ᠢᠷᠡᠵᠠᠢ᠃ ᠭᠡᠣᠭᠡᠨ ᠢᠶᠠᠨ ᠶᠡᠭᠡ ᠰᠣᠷᠭᠠᠭᠤᠯᠢ ᠳᠤ ᠬᠦᠷᠭᠡᠭᠡᠳ ᠬᠦᠣᠳᠠᠭᠤᠯ᠎ᠠ ᠦᠪᠡᠷ ᠢᠶᠠᠨ ᠶᠡᠭᠡ ᠰᠣᠷᠭᠠᠭᠤᠯᠢ ᠳᠤ ᠣᠷᠣᠭᠰᠠᠨ ᠮᠡᠳᠣ ᠰᠠᠨᠠᠭ᠎ᠠ ᠨᠢ ᠰᠠᠷᠠᠭᠤᠯᠵᠢᠨ ᠰᠡᠳᠬᠢᠯ ᠨᠢ ᠲᠡᠨᠢᠢᠵᠣ ᠠᠮᠢᠳᠣᠷᠡᠯ ᠤᠨ ᠪᠠᠷᠠᠭᠠᠨ ᠡᠬᠦᠯᠨ ᠨᠢ  ᠰᠠᠷᠨᠢᠵᠵᠣ  ᠦᠢᠯᠡᠰ ᠤᠨ ᠵᠠᠮ ᠨᠢ ᠰᠢᠨ᠎ᠡ ᠪᠠᠷ ᠡᠬᠢᠯᠡᠪᠡ᠃  ᠲᠡᠳᠡᠨᠡᠶᠢᠬᠢᠨ ᠭᠡᠵᠤ ᠣᠳᠣᠮ ᠵᠠᠯᠭᠠᠭᠰᠡᠨ ᠣᠶᠣᠳᠠᠯᠴᠢᠨ ᠬᠠᠳᠬᠤᠮᠠᠯᠴᠢᠨ ᠠᠶᠢᠯ ᠪᠣᠯᠬᠤᠷ  ᠂ ᠲᠡᠷᠨ ᠬᠡᠣᠬᠡᠳ ᠨᠠᠰᠣᠨ ᠠᠴᠠ ᠪᠠᠨ ᠡᠮᠡᠭᠡ  ᠪᠣᠯᠣᠨ ᠡᠵᠢ ᠠᠴᠠ ᠪᠠᠨ  ᠬᠦᠪᠦᠷᠢᠳᠬᠦ᠂ ᠱᠠᠭᠯᠠᠬᠤ᠂  ᠲᠣᠭᠤᠵᠢᠬᠤ᠂ ᠰᠢᠷᠢᠬᠦ ᠮᠡᠳᠣ ᠦᠨᠳᠣᠰᠣᠨ  ᠪᠣᠯᠪᠠᠰᠣᠷᠡᠯ ᠢ ᠠᠩᠬ᠎ᠠ ᠬᠦᠷᠳᠡᠵᠣ᠂ ᠣᠬᠠᠭᠠᠨ ᠲᠣᠮᠤᠭ᠎ᠠ ᠰᠠᠭᠤᠬᠤ ᠲᠣᠳᠣᠮ ᠣᠶᠣᠳᠠᠯ ᠬᠠᠳᠬᠤᠮᠠᠯ ᠳᠤ ᠴᠠᠭᠠᠷᠠᠵᠦ᠂  ᠲᠡᠷᠨ ᠡᠮᠡᠭᠡ ᠪᠣᠯᠣᠨ ᠡᠵᠢ   ᠠᠴᠠ ᠪᠠᠨ ᠦᠪᠯᠡᠵᠣ ᠦᠭᠬᠦᠭᠰᠡᠨ ᠬᠠᠳᠬᠤᠮᠠᠯ ᠢᠶᠠᠨ ᠲᠠᠬᠢᠵᠦ ᠵᠠᠯᠭᠠᠨ  ᠰᠣᠷᠴᠣ ᠬᠠᠳᠬᠤᠪᠠ᠃ ᠬᠦᠣᠳᠠᠭᠤᠯ᠎ᠠ ᠦᠢᠯᠨ ᠣᠳᠠᠰᠣᠨ ᠤ ᠣᠶᠣᠳᠠᠯ  ᠳᠠᠭᠠᠨ ᠠᠵᠢᠯ ᠨᠢᠭᠡᠳᠡᠢ ᠡᠭᠡᠴᠢ ᠲᠡᠬᠦᠦ ᠨᠠᠷ ᠠᠴᠠ ᠪᠡᠨ‌ᠦᠵᠡᠵᠦ ᠰᠣᠷᠣᠨ᠂ ᠵᠢᠭᠠᠯᠭᠠᠵᠣ ᠵᠢᠯᠦᠭᠤᠳᠣᠭᠤᠯᠣᠨ ᠭᠢᠭᠰᠡᠭᠡᠷ ᠪᠠᠶᠢᠵᠣ ᠣᠳᠠᠯ ᠦᠬᠡᠢ ᠡᠨᠡᠬᠦ ᠣᠷᠠᠯᠠᠯ ᠢᠶᠠᠨ ᠦᠪᠡᠷ ᠢᠶᠠᠨ ᠵᠢᠷᠦᠵᠣ ᠲᠦᠯᠦᠪᠯᠡᠨ᠂ ᠪᠠᠶ᠎ᠠ ᠪᠠᠨ ᠲᠠᠭᠠᠭᠠᠨ ᠬᠢᠵᠣ ᠴᠢᠳᠠᠬᠤ ᠪᠣᠯᠵᠣ ᠬᠤᠸᠠᠷ ᠬᠠᠳᠬᠤᠮᠠᠯ ᠤᠨ ᠲᠣᠷᠭᠠᠨ ᠵᠠᠮ ᠳᠠᠭᠠᠨ ᠣᠷᠣᠪᠠ  ᠃ 2014 ᠣᠨ ᠳᠤ᠂ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠨᠢ ᠲᠠᠷᠠᠬᠠᠢ ᠪᠣᠳᠠᠷᠬᠠᠢ ᠪᠠᠶᠢᠭᠰᠠᠨ ︽ᠬᠤᠪᠢ ᠶᠢᠨ ᠡᠷᠦᠭᠡ︾  ᠨᠦᠭᠦᠳ ᠢ  ᠨᠢᠭᠡ ᠲᠣᠣᠷ᠎ᠡ ᠲᠦᠪᠯᠡᠷᠡᠬᠦᠯᠦᠨ‌ᠦᠨᠳᠦᠰᠦᠳᠡᠨ ᠤ ᠬᠤᠪᠴᠠᠰᠣ ᠵᠠᠰᠠᠯ᠂ ᠬᠠᠳᠬᠤᠮᠠᠯ ᠰᠠᠶᠢᠯᠦᠮᠡᠯ᠂  ᠣᠷᠡᠨ ᠲᠠᠷᠬᠠᠨ ᠢ ᠪᠠᠭᠳᠠᠭᠠᠭᠰᠠᠨ ᠪᠠᠭᠠᠷᠢᠨ ᠮᠣᠩᠭᠤᠯ ᠭᠠᠷ ᠣᠶᠢᠯᠡᠳᠬᠡᠯ ᠤᠨ ᠬᠢᠵᠠᠭᠠᠷᠳᠣ ᠺᠣᠮᠫᠠᠨᠢ  ᠪᠠᠶᠢᠭᠤᠯᠬᠤ  ᠳᠤ᠂ ︽ᠭᠠᠭᠴᠨ ᠬᠦᠮᠦᠨ ᠠᠶᠢᠯ ᠪᠣᠯᠬᠤ ᠦᠬᠡᠢ᠂ ᠭᠠᠭᠴᠨ ᠮᠣᠳᠣ ᠣᠢ ᠪᠣᠯᠬᠤ ᠦᠬᠡᠢ︾ ᠭᠡᠮᠡᠭᠦ ᠠᠮᠢᠳᠣᠷᠡᠯ ᠦᠢᠯᠡᠰ ᠤᠨ ᠬᠦᠨ ᠶᠣᠰᠣ ᠶᠢ ᠮᠡᠳᠡᠳᠡᠭ ᠬᠦᠣᠳᠠᠭᠤᠯ᠎ᠠ  ᠬᠠᠮᠤᠭ ᠤᠨ ᠲᠦᠷᠦᠬᠦᠦ ᠪᠦᠯᠦᠭ ᠲᠣᠰ ᠭᠠᠷ ᠦᠢᠯᠡᠳᠭᠡᠯ  ᠤᠨ ᠲᠦᠪ ᠲᠤ ᠣᠷᠣᠵᠣ  ᠰᠠᠭᠤᠷᠢᠰᠢᠨ ︽ᠳ᠋ᠠᠭᠤᠯ᠎ᠠ ᠣᠷᠡᠨ ᠬᠠᠳᠬᠤᠮᠠᠯ︾ ᠲᠡᠯᠭᠡᠭᠦᠷ ᠢᠶᠠᠨ ᠨᠡᠭᠡᠭᠡᠪᠡ᠃  ᠦᠷᠯᠦᠭᠡ ᠦᠳᠡᠰᠢ ᠶᠢ ᠲᠡᠮᠡᠴᠡᠨ ᠰᠣᠷᠴᠣ ᠰᠣᠳᠣᠯᠣᠨ ᠦᠪᠡᠷ ᠤᠨ ᠰᠢᠭᠤᠳᠣᠭᠰᠠᠨ ᠦᠢᠯᠡᠰ ᠲᠡᠭᠡᠨ ᠴᠢᠷᠮᠠᠶᠢᠨ ᠵᠢᠳᠬᠦᠵᠣ᠂ ᠣᠬᠤᠷᠬᠠᠨ ᠭᠡᠳᠣᠨ ᠵᠢᠯ ᠤᠨ ᠲᠣᠳᠣᠷ᠎ᠡ ᠲᠡᠬᠦᠨ ᠤ ᠣᠷᠡᠨ ᠬᠠᠳᠬᠤᠮᠠᠯ ᠨᠢ ᠬᠤᠯᠨ ᠦᠢᠷ᠎ᠡ ᠳᠤ ᠠᠯᠳᠠᠷᠰᠢᠨ ᠮᠠᠰᠢ ᠣᠯᠠᠨ ᠭᠡᠷᠡᠭᠯᠡᠭᠴᠢᠳ ᠤᠨ ᠡᠮᠣᠰᠭᠡᠯ ᠵᠠᠰᠠᠯ ᠠᠮᠢᠳᠣᠷᠡᠯ ᠢ ᠴᠢᠮᠡᠵᠣ᠂  ᠦᠪᠡᠷ ᠤᠨ ᠡᠷᠦᠭᠡ ᠭᠡᠷ  ᠤᠨ ᠠᠵᠣ ᠠᠬᠤᠢ ᠶᠢᠨ ᠣᠯᠵᠠ ᠠᠰᠢᠭ ᠨᠢ ᠴᠦ ᠢᠯᠡᠳᠳᠡ ᠨᠡᠮᠡᠭᠳᠡᠵᠣ ᠠᠮᠢᠳᠣᠷᠡᠯ ᠨᠢ ᠡᠳᠦᠷ ᠠᠴᠠ ᠡᠳᠦᠷ ᠦᠯᠵᠡᠢ ᠦᠭᠡᠳᠡ ᠲᠠᠢ ᠪᠣᠯᠵᠠᠢ᠃ ᠣᠳᠣ ᠲᠡᠳᠡᠨ ᠤ ᠬᠢᠨᠢ ᠦᠪᠡᠷ ᠤᠨ ᠣᠷᠡᠨ ᠭᠠᠷ ᠢᠶᠠᠷ ᠢᠶᠠᠨ ᠴᠢᠨᠡᠭᠡᠯᠢᠭ ᠠᠮᠢᠳᠣᠷᠡᠯ ᠢᠶᠠᠨ ᠴᠣᠭᠴᠠᠯᠠᠵᠣ ᠰᠠᠭᠤᠬᠤ ᠠᠰᠠᠷ ᠲᠠᠭᠳᠣ ᠲᠠᠢ᠂ ᠪᠠᠷᠢᠬᠤ ᠲᠡᠷᠭᠡ ᠮᠠᠰᠢᠨ ᠲᠠᠢ᠂ ᠭᠡᠣᠭᠡᠨ ᠦᠷ᠎ᠡ ᠨᠢ ᠪᠠᠰᠨ ᠣᠶᠣᠳᠠᠨ ᠠᠮᠢᠳᠣᠷᠡᠯ ᠢᠶᠠᠨ ᠲᠡᠭᠦᠰᠭᠡᠭᠡᠳ  ᠨᠡᠶᠢᠳᠡ ᠶᠢᠨ ᠠᠵᠢᠯ  ᠡᠬᠦᠷᠭᠡ ᠬᠦᠢᠴᠡᠳᠭᠡᠵᠣ  ᠰᠡᠳᠬᠢᠯ ᠬᠠᠩᠬᠤᠯᠣᠭᠤᠨ ᠪᠠᠶᠢᠨ᠎ᠠ᠃              ᠠᠮᠢᠳᠣᠷᠡᠯ ᠬᠠᠶᠢᠷ᠎ᠡ ᠲᠡᠭᠡᠷ᠎ᠡ ᠲᠣᠭᠳᠠᠨᠢᠵᠣ᠂ ᠠᠵᠢᠯ ᠦᠢᠯᠡᠰ ᠢᠳᠡᠭᠡᠯ ᠤᠨ ᠲᠣᠮᠳᠡ ᠦᠷᠨᠢᠳᠡᠭ᠃ ᠬᠦᠣᠳᠠᠭᠤᠯ᠎ᠠ ᠬᠠᠳᠬᠤᠮᠠᠯ ᠦᠢᠯᠨ ᠳᠡᠭᠡᠨ ᠭᠠᠷᠮᠠᠭᠠᠢ ᠪᠠᠷ ᠦᠯᠦ ᠪᠠᠷᠠᠮ᠂ ᠪᠣᠰᠣᠳ ᠲᠤ ᠲᠣᠰᠠᠷᠬᠠᠭ᠂ ᠨᠡᠶᠢᠳᠡᠴᠢ ᠢᠳᠡᠪᠬᠢᠳᠠᠢ᠂ ᠦᠭᠬᠢᠶᠡᠮᠦᠷ ᠲᠣᠰᠠᠴᠢ ᠪᠠᠶᠢᠳᠠᠭ ᠶᠣᠮ᠃  ᠲᠡᠷᠨ ᠠᠵᠢᠯ ᠦᠢᠯᠡᠰ ᠨᠢᠭᠡᠳᠡᠨ ᠲᠠᠢ ᠪᠠᠨ  ᠪᠠᠶᠢᠩᠭᠤ ᠣᠶᠣᠳᠠᠯ ᠣᠷᠠᠯᠠᠯ ᠤᠨ ᠠᠷᠭ᠎ᠠ ᠲᠣᠷᠰᠢᠯᠠᠭ᠎ᠠ ᠪᠠᠨ ᠰᠣᠯᠢᠯᠴᠠᠳᠠᠭ ᠪᠦᠭᠡᠳ ᠠᠯᠢ ᠣᠯᠠᠨ ᠪᠦᠯᠬᠦᠮ ᠨᠡᠶᠢᠳᠡ ᠶᠢᠨ ᠦᠵᠡᠬᠦᠯᠦᠯᠭᠡ᠂ ᠣᠷᠣᠯᠳᠣᠭᠠᠨ ᠮᠦᠷᠦᠶᠢᠴᠡᠭᠡᠨ ᠳᠤ ᠬᠤᠴᠣᠷᠣᠯ ᠦᠬᠡᠢ ᠭᠠᠪᠰᠢᠭᠠᠶᠢᠯᠠᠨ ᠣᠷᠣᠯᠴᠠᠳᠠᠭ᠃ ᠬᠦᠣᠳᠠᠭᠤᠯ᠎ᠠ 2015 ᠤᠨ ᠳᠤ᠂ ᠲᠣᠮᠳᠠᠳᠣ ᠣᠯᠣᠰ ᠤᠨ ᠠᠷᠪᠠᠨ ᠵᠢᠷᠭᠤᠳᠣᠭᠠᠷ ᠬᠤᠭᠤᠴᠠᠭᠠᠨ ᠤ ᠪᠠᠭᠠᠷᠢᠨ  ᠲᠡᠨᠢᠬᠢᠷ ᠤᠨ ᠨᠠᠶᠢᠷ ᠲᠡᠭᠡᠷ᠎ᠡ ᠦᠨᠳᠣᠰᠣᠳᠡᠨ ᠤ ᠭᠠᠷ ᠣᠷᠠᠯᠠᠯ ᠤᠨ ᠪᠦᠳᠣᠭᠡᠭᠳᠡᠬᠦᠨ ᠤ ᠦᠵᠡᠬᠦᠯᠥᠯᠭᠡ ᠳᠤ ᠨᠢᠭᠡᠳᠣᠭᠡᠷ ᠲᠡᠰ ᠤᠨ ᠱᠠᠩᠨᠠᠯ ᠬᠦᠷᠳᠡᠵᠣ᠂ ᠣᠯᠠᠭᠠᠨᠬᠠᠳᠠ ᠬᠤᠳᠠ ᠶᠢᠨ ᠠᠩᠬᠠᠳᠣᠭᠠᠷ ᠬᠤᠭᠤᠴᠠᠭᠠᠨ ᠤ ᠠᠵᠢᠯᠳᠠᠨ ᠠᠵᠢᠯᠴᠢᠨ ᠤ ᠦᠨᠳᠣᠰᠣᠳᠡᠨ ᠤ ᠭᠠᠷ ᠣᠷᠠᠯᠠᠯ ᠤᠨ ᠮᠦᠷᠦᠶᠢᠴᠡᠭᠡᠨ ᠳᠤ ᠣᠯᠠᠮᠵᠢᠯᠠᠯᠳᠣ ᠬᠤᠪᠴᠠᠰᠣ ᠪᠣᠯᠣᠨ ᠰᠢᠨ᠎ᠡ ᠮᠠᠶ᠋ᠢᠭ ᠤᠨ ᠦᠪᠴᠢ ᠬᠠᠳᠬᠤᠮᠠᠯᠳᠣ ᠬᠤᠪᠴᠠᠰᠣ ᠶᠢᠨ ᠭᠤᠷᠪᠠᠳᠣᠭᠠᠷ ᠲᠡᠰ ᠤᠨ ᠬᠤᠶᠠᠷ ᠱᠠᠩᠨᠠᠯ ᠲᠣᠰᠴᠣ᠂ ᠲᠣᠮᠳᠠᠳᠣ ᠣᠯᠣᠰ ᠤᠨ ᠠᠷᠪᠠᠨ ᠬᠤᠶᠠᠳᠣᠭᠠᠷ ᠬᠤᠭᠤᠴᠠᠭᠠᠨ ᠤ ᠮᠣᠩᠭᠤᠯ ᠦᠨᠳᠣᠰᠣᠳᠡᠨ ᠤ ᠬᠤᠪᠴᠠᠰᠣ ᠵᠠᠰᠠᠯ ᠤᠨ ᠣᠷᠣᠯᠳᠣᠭᠠᠨ ᠳᠤ ᠲᠡᠬᠦᠨ ᠤ ᠣᠷᠣᠯᠴᠠᠭᠰᠠᠨ ᠲᠣᠭᠤᠶᠢᠯᠠᠩ ᠨᠢ  ᠪᠦᠯᠬᠦᠮ ᠨᠢᠭᠡᠴᠡ ᠶᠢᠨ ᠬᠤᠶᠠᠳᠣᠭᠠᠷ ᠲᠡᠰ ᠤᠨ ᠱᠠᠩᠨᠠᠯ ᠲᠣᠰᠴᠣ᠂ ᠮᠦᠨ ᠵᠢᠯ ᠤᠨ ᠰᠡᠬᠦᠯ ᠳᠤ  ᠠᠩᠬᠠᠳᠣᠭᠠᠷ ᠬᠤᠭᠤᠴᠠᠭᠠᠨ ᠤ ᠣᠯᠠᠭᠠᠨᠬᠠᠳᠠ ᠲᠡᠭᠡᠳᠣ ᠰᠣᠷᠭᠠᠭᠤᠯᠢ ︽ᠰᠢᠷ᠎ᠠ ᠮᠦᠷᠡᠨ ᠤ ᠰᠠᠪᠠ ᠭᠠᠵᠠᠷ ᠤᠨ ᠰᠣᠶᠣᠯ ᠰᠣᠳᠣᠯᠭᠠᠨ ᠤ ᠬᠦᠷᠢᠶᠡᠯᠡᠩ︾ ᠤᠨ ᠡᠷᠳᠡᠮ ᠰᠢᠨᠵᠢᠯᠡᠭᠡᠨ ᠤ ᠰᠣᠶᠣᠯ ᠤᠨ  ᠠᠵᠢᠯᠯᠠᠭᠠᠨ ᠤ ᠮᠣᠩᠭᠤᠯ ᠬᠤᠪᠴᠠᠰᠣ ᠵᠠᠰᠠᠯ ᠤᠨ ᠶᠡᠭᠡ ᠮᠦᠷᠣᠶᠢᠴᠡᠭᠡᠨ ᠳᠤ ᠪᠦᠯᠬᠦᠮ ᠨᠢᠭᠡᠴᠡ ᠶᠢᠨ ᠭᠤᠷᠪᠠᠳᠣᠭᠠᠷ ᠲᠡᠰ ᠤᠨ ᠱᠠᠩᠨᠠᠯ ᠲᠣᠰᠪᠠ  ︔  5 ᠰᠠᠷ᠎ᠠ   ᠳᠤᠨᠢ ᠰᠣᠶᠣᠯ ᠤᠨ ᠶᠠᠮᠣᠨ ᠪᠣᠯᠣᠨ ᠰᠣᠷᠭᠠᠨ ᠬᠦᠮᠣᠵᠢᠯ ᠤᠨ ᠶᠠᠮᠣᠨ  ᠬᠠᠮᠳᠣᠷᠠᠨ ᠦᠪᠣᠷ ᠮᠣᠩᠭᠤᠯ ᠤᠨ ᠲᠠᠷᠢᠶᠠᠯᠠᠩ ᠤᠨ ᠶᠡᠭᠡ ᠰᠣᠷᠭᠠᠭᠤᠯᠢ  ᠳᠤ ᠡᠷᠬᠢᠯᠡᠭᠰᠡᠨ ︽ᠲᠣᠮᠳᠠᠳᠣ ᠣᠯᠣᠰ ᠤᠨ ᠪᠣᠳᠠᠰ ᠤᠨ ᠪᠣᠰᠣ ᠰᠣᠶᠣᠯ ᠤᠨ ᠦᠪ   ᠢ ᠣᠯᠠᠮᠵᠢᠯᠠᠭᠴᠢᠳ ᠤᠨ ᠰᠣᠳᠣᠯᠣᠨ ᠰᠣᠷᠣᠯᠴᠠᠬᠤ ᠪᠣᠯᠪᠠᠰᠣᠷᠠᠯ ᠤᠨ ᠠᠩᠬᠢ︾ ᠳᠤ ᠣᠷᠣᠯᠴᠠᠨ ᠰᠣᠷᠣᠯᠭ᠎ᠠ ᠲᠡᠬᠦᠰᠥᠭᠰᠡᠨ ᠮᠦᠷᠳᠡᠭᠡᠨ ᠬᠤᠪᠴᠠᠰᠣ ᠵᠢᠷᠣᠵᠦ ᠲᠦᠯᠥᠪᠯᠡᠬᠦ᠂ ᠡᠰᠭᠡᠵᠦ ᠣᠶᠣᠬᠤ ᠮᠡᠷᠭᠡᠵᠢᠯ ᠤᠨ ᠲᠦᠷᠪᠡᠳᠣᠭᠡᠷ ᠲᠡᠰ ᠤᠨ ᠴᠣᠯᠠ᠂  ᠲᠣᠬᠠᠶᠢᠯᠠᠭᠰᠠᠨ ᠠᠵᠢᠯ ᠮᠡᠷᠭᠡᠵᠢᠯ ᠤᠨ ᠪᠠᠭᠰᠢ ᠠᠵᠢᠯᠴᠢᠨ ᠤ ᠮᠠᠰᠲ᠋ᠧᠷ ᠴᠣᠯᠠ ᠶᠢ ᠲᠣᠰ ᠲᠣᠰ ᠣᠯᠣᠭᠰᠡᠨ ᠪᠠᠶᠢᠨ᠎ᠠ ᠃ ᠮᠦᠨ ᠵᠢᠯ ᠤᠨ ᠨᠠᠮᠣᠷ ᠨᠢ  ᠪᠡᠭᠡᠵᠢᠩ ᠬᠤᠳᠠ ᠶᠢᠨ ᠡᠮᠡᠭᠳᠠᠶᠢᠴᠣᠳ ᠤᠨ ᠬᠤᠯᠪᠣᠭᠠᠳᠣ ᠬᠤᠷᠠᠯ ᠤᠨ ᠡᠷᠬᠢᠯᠡᠭᠰᠡᠨ ︽ ᠠᠵᠢᠯ ᠲᠦᠷᠣᠯ ᠢᠶᠠᠷ ᠲᠡᠮᠵᠢᠬᠦ︾ ᠪᠣᠯᠪᠠᠰᠣᠷᠠᠯ ᠤᠨ ᠠᠩᠬᠢ ᠳᠤ ᠰᠣᠩᠭᠤᠭᠳᠠᠨ ᠰᠤᠷᠤᠯᠴᠠᠵᠣ ᠮᠡᠳᠡᠯᠭᠡ ᠮᠡᠷᠭᠡᠵᠢᠯ ᠢᠶᠠᠨ ᠲᠡᠭᠡᠭᠰᠢᠯᠡᠬᠦᠯᠵᠠᠢ᠃ 2017 ᠤᠨ ᠤ ᠨᠠᠮᠣᠷ᠂ ᠣᠯᠠᠭᠠᠨᠬᠠᠳᠠ ᠬᠤᠳᠠ ᠶᠢᠨ ᠮᠣᠩᠭᠤᠯ ᠦᠨᠳᠣᠰᠣᠳᠡᠨ ᠤ ᠪᠣᠳᠠᠰ ᠤᠨ ᠪᠣᠰᠣ ᠰᠣᠶᠣᠯ ᠤᠨ ᠦᠪ ᠤᠨ ᠲᠡᠯᠭᠡᠨ ᠦᠵᠡᠬᠦᠯᠥᠯᠭᠡ ᠶᠢᠨ ᠰᠢᠯᠢᠳᠡᠭ ᠲᠡᠰ᠂ 2017 ᠣᠨ ᠤ ︽ᠬᠠᠰ ᠯᠣᠣ ᠬᠤᠨᠳᠠᠭᠠᠳᠣ︾ ᠪᠠᠷᠠᠭᠤᠨ ᠦᠵᠣᠮᠣᠴᠢᠨ ᠤ ᠮᠦᠩᠬᠦᠨ ᠡᠪᠣᠯ ᠤᠨ ᠨᠠᠶᠢᠷ ᠤᠨ ᠬᠤᠪᠴᠠᠰᠣ ᠵᠠᠰᠠᠯ ᠤᠨ ᠣᠷᠣᠯᠳᠣᠭᠠᠨ ᠤ ᠪᠦᠯᠬᠦᠮ ᠨᠢᠭᠡᠴᠡ ᠶᠢᠨ ᠰᠢᠯᠢᠳᠡᠭ ᠲᠡᠰ ᠤᠨ ᠱᠠᠩᠨᠠᠯ ᠢ ᠲᠣᠰ ᠲᠣᠰ ᠬᠦᠷᠳᠡᠵᠠᠢ︔ 2018 ᠤᠨ ᠤ ᠡᠬᠢᠨ᠎ᠡ᠂  ᠪᠠᠭᠠᠷᠢᠨ ᠵᠡᠬᠦᠨ ᠬᠤᠰᠢᠭᠤᠨ ᠤ ᠯᠢᠨᠳᠦ᠋ᠩ ᠳᠤ ᠪᠣᠯᠣᠭᠰᠠᠨ ︽ᠯᠢᠶᠤᠤ  ᠶᠢᠨ ᠲᠡᠭᠡᠳᠣ ᠨᠡᠶᠢᠰᠯᠡᠯ ᠤᠨ ᠠᠩᠬᠠᠳᠣᠭᠠᠷ ᠣᠳᠠᠭᠠᠨ ᠤ ᠮᠦᠩᠬᠦᠨ ᠡᠪᠣᠯ ᠤᠨ ᠬᠤᠪᠴᠠᠰᠣ ᠵᠠᠰᠠᠯ ᠤᠨ ᠨᠠᠶᠢᠷ︾  ᠤᠨ ᠣᠷ᠎ᠡ ᠮᠡᠷᠭᠡᠵᠢᠯ ᠤᠨ ᠣᠷᠣᠯᠳᠣᠭᠠᠨ ᠤ ᠲᠡᠳ᠋  ᠨᠡᠷ᠎ᠡ ᠳᠤ ᠣᠷᠣᠵᠣ᠂ ᠬᠠᠪᠣᠷ ᠨᠢ  ᠪᠠᠭᠠᠷᠢᠨ ᠪᠠᠷᠠᠭᠤᠨ ᠬᠤᠰᠢᠭᠤᠨ ᠤ ᠭᠠᠷ ᠣᠷᠠᠯᠠᠯ ᠤᠨ ᠵᠢᠵᠢᠭ ᠪᠦᠳᠣᠭᠡᠭᠳᠡᠬᠦᠨ ᠤ ᠣᠷᠣᠯᠳᠣᠭᠠᠨ ᠤ ᠭᠤᠷᠪᠠᠳᠣᠭᠠᠷ ᠲᠡᠰ ᠤᠨ ᠱᠠᠩ ᠠᠪᠴᠣ᠂ ᠲᠣᠰ ᠵᠢᠯ ᠤᠨ ᠡᠴᠣᠰ ᠲᠤ᠂  ᠲᠣᠪᠣᠶᠢᠮ᠎ᠠ ᠴᠢᠷᠮᠠᠶᠢᠯᠭ᠎ᠠ ᠵᠢᠳᠬᠦᠯ ᠭᠠᠷᠭᠠᠭᠰᠠᠨ ᠢᠶᠠᠷ ᠢᠶᠠᠨ ᠪᠠᠭᠠᠷᠢᠨ ᠪᠠᠷᠠᠭᠤᠨ ᠬᠤᠰᠢᠭᠤᠨ ᠤ  ᠠᠷᠠᠳ ᠤᠨ ᠰᠣᠶᠣᠯ ᠣᠷᠠᠯᠢᠭ ᠤᠨ ᠨᠦᠬᠦᠷᠯᠡᠯ ᠤᠨ ᠬᠤᠯᠪᠣᠭ᠎ᠠ ᠶᠢᠨ ︽ᠬᠠᠶᠢᠷᠠᠭᠤᠴᠠᠢ︾ ᠱᠠᠩᠨᠠᠯ ᠢ  ᠲᠣᠰᠴᠠᠢ᠃               ᠭᠠᠳᠠᠭᠠᠳᠣ ᠠᠬᠤᠢ ᠨᠦᠬᠦᠴᠡᠯ ᠪᠠ ᠦᠪᠡᠷ ᠤᠨ ᠪᠡᠶᠡᠴᠢ ᠰᠢᠯᠳᠠᠭᠠᠨ ᠠᠴᠠ ᠪᠣᠯᠵᠣ ᠬᠤᠪᠢ ᠵᠠᠶᠠᠭ᠎ᠠ ᠶᠢ ᠦᠪᠡᠰᠦᠪᠡᠨ ᠪᠦᠷᠢᠮᠦᠰᠣᠨ ᠡᠵᠡᠮᠳᠡᠨ ᠲᠣᠭᠳᠠᠭᠠᠵᠣ ᠴᠢᠳᠠᠳᠠᠭ ᠦᠬᠡᠢ ᠴᠦ ︽ᠰᠠᠵᠢᠯᠠᠵᠣ ᠶᠠᠪᠣᠪᠠᠯ ᠬᠦᠷᠦᠨ᠎ᠡ᠂ ᠰᠠᠨᠠᠵᠣ ᠪᠠᠶᠢᠪᠠᠯ ᠪᠦᠳᠦᠬᠦ︾ ᠨᠢ ᠯᠠᠪᠳᠠᠢ᠃  ᠭᠡᠳᠦᠶᠢᠪᠡᠷ ᠰᠢᠯᠦᠭᠴᠢ ᠵᠣᠬᠢᠶᠠᠯᠴᠢ᠂ ᠪᠠᠭᠰᠢ ᠴᠦ ᠪᠣᠯᠬᠤ ᠶᠣᠮ ᠰᠠᠨ ᠭᠡᠰᠡᠨ ᠪᠠᠭ᠎ᠠ ᠶᠢᠨ ᠬᠦᠰᠡᠯ ᠮᠦᠷᠦᠭᠡᠳᠦᠯ ᠨᠢ ᠢᠯᠭᠤᠮ ᠰᠢᠭᠤᠳ ᠪᠡᠶᠡᠯᠡᠭᠳᠡᠭᠰᠡᠨ ᠦᠬᠡᠢ ᠪᠣᠯᠪᠠᠴᠣ᠂ ᠲᠡᠬᠦᠨ ᠤ ᠣᠷᠠᠨ ᠮᠡᠷᠭᠡᠵᠢᠯ᠂ ᠠᠵᠢᠯ ᠤᠨ ᠰᠣᠷᠳᠠᠯ ᠨᠢ ᠰᠣᠶᠣᠯ ᠰᠣᠷᠭᠠᠨ ᠬᠦᠮᠦᠵᠢᠯ ᠵᠢᠭᠠᠨ ᠰᠣᠷᠭᠠᠬᠤ ᠡᠳᠡᠭᠡᠳ ᠤᠨ ᠦᠨᠡᠯᠡᠯᠳᠡ ᠶᠢ ᠣᠯᠵᠣ᠂ 2016 ᠤᠨ ᠳᠤ᠂ ᠬᠦᠣᠳᠠᠭᠤᠯ᠎ᠠ ᠪᠠᠭᠠᠷᠢᠨ ᠪᠠᠷᠠᠭᠤᠨ ᠬᠤᠰᠢᠭᠤᠨ ᠤ ᠣᠯᠠᠮᠵᠢᠯᠠᠯᠳᠣ  ᠰᠣᠶᠣᠯ ᠤᠨ ᠦᠪ ᠤᠨ ᠨᠢᠭᠡ  —  ︽ᠪᠠᠭᠠᠷᠢᠨ ᠬᠠᠳᠬᠤᠮᠠᠯ ᠤᠨ ᠲᠦᠯᠥᠭᠡᠯᠡᠭᠴᠢ ᠴᠢᠨᠠᠷ ᠲᠠᠢ ᠦᠪᠯᠡᠨ ᠣᠯᠠᠮᠵᠢᠯᠠᠭᠴᠢ︾ ᠪᠠᠷ  ᠨᠡᠷᠡᠶᠢᠳᠦᠭᠳᠡᠵᠣ᠂ 2018 ᠤᠨ ᠤ ᠬᠠᠪᠣᠷ᠂  ᠪᠠᠭᠠᠷᠢᠨ ᠪᠠᠷᠠᠭᠤᠨ ᠬᠤᠰᠢᠭᠤᠨ ᠤ ᠠᠵᠢᠯ ᠮᠡᠷᠭᠡᠵᠢᠯ ᠤᠨ ᠲᠣᠮᠳᠠᠳᠣ ᠰᠣᠷᠭᠠᠭᠤᠯᠢ ᠳᠤ ᠦᠨᠳᠦᠰᠦᠳᠡᠨ ᠤ ᠭᠠᠷ ᠣᠷᠠᠯᠠᠯ ᠤᠨ ᠬᠠᠳᠬᠤᠮᠠᠯ ᠣᠷᠠᠯᠠᠯ ᠤᠨ ᠪᠣᠯᠪᠠᠰᠣᠷᠡᠯ ᠤᠨ ᠵᠢᠯᠣᠭᠤᠳᠣᠭᠴᠢ ᠪᠠᠭᠰᠢ ᠪᠠᠷ ᠣᠷᠢᠭᠳᠠᠵᠣ ᠵᠢᠭᠠᠬᠤ ᠲᠠᠪᠴᠠᠩ ᠳᠤ  ᠭᠠᠷᠴᠣ ᠡᠷᠳᠡᠮ ᠮᠡᠷᠭᠡᠵᠢᠯ ᠢᠶᠠᠨ ᠣᠯᠠᠮᠵᠢᠯᠠᠨ᠂ ᠣᠷᠡᠨ ᠬᠠᠳᠬᠤᠮᠠᠯ ᠢᠶᠠᠨ ᠬᠢᠬᠦ ᠶᠢᠨ ᠲᠠᠭᠠᠣ ᠵᠢᠭᠠᠨ ᠰᠣᠷᠭᠠᠬᠤ ᠦᠢᠯᠡᠰ ᠲᠤ  ᠵᠢᠳᠬᠦᠵᠣ ᠡᠬᠢᠯᠡᠭᠰᠡᠨ ᠪᠠᠶᠢᠨ᠎ᠠ᠃ ᠲᠡᠷᠨ ᠬᠤᠰᠢᠭᠤ ᠨᠣᠳᠤᠭ ᠤᠨ ᠢᠶᠠᠨ  ᠭᠡᠳᠣᠨ ᠱᠠᠳᠣᠨ ᠤ ᠡᠮᠡᠭᠳᠡᠶᠢᠴᠣᠳ ᠤᠨ ᠦᠢᠯᠡᠰ ᠪᠣᠰᠬᠠᠬᠤ ᠪᠠ ᠶᠠᠳᠠᠭᠤ ᠶᠢ ᠲᠡᠳᠬᠦᠨ ᠪᠣᠭᠤᠮᠳᠡ ᠰᠢᠪᠳᠣᠯᠬᠤ  ᠣᠶᠣᠳᠠᠯ ᠬᠠᠳᠬᠤᠮᠠᠯ ᠤᠨ ᠲᠣᠰᠬᠠᠢ ᠪᠣᠯᠪᠠᠰᠣᠷᠡᠯ   ᠳᠤ ᠰᠠᠶᠢᠨ ᠲᠣᠷ᠎ᠡ ᠠᠴᠠ ᠪᠠᠨ ᠨᠡᠷ᠎ᠡ ᠮᠡᠳᠡᠭᠦᠯᠦᠨ ᠣᠷᠣᠯᠴᠠᠵᠣ᠂  ᠦᠷᠭᠡᠨ ᠣᠯᠠᠨ ᠡᠭᠡᠴᠢ ᠲᠡᠬᠦᠦ ᠨᠠᠷ ᠲᠠᠭᠠᠨ‌ᠦᠪᠡᠷ ᠤᠨ ᠮᠡᠳᠡᠯᠭᠡ ᠮᠡᠷᠭᠡᠵᠢᠯ ᠢᠶᠠᠨ  ᠬᠠᠷᠠᠮ ᠦᠬᠡᠢ ᠣᠯᠠᠮᠵᠢᠯᠠᠨ ᠵᠢᠭᠠᠳᠠᠭ ᠶᠣᠮ᠃  ᠲᠡᠬᠦᠨ ᠤ ᠬᠠᠳᠬᠤᠮᠠᠯ ᠣᠷᠡᠯᠡᠯ ᠨᠢ ᠬᠤᠯᠨ ᠦᠢᠷ᠎ᠡ ᠳᠠᠭᠠᠨ  ᠬᠦᠷᠢᠶᠡᠯᠡᠭᠳᠡᠨ᠂  ᠠᠯᠳᠡᠷ ᠢᠳᠡᠭᠡᠯ ᠨᠢ ᠣᠯᠠᠨ ᠨᠡᠶᠢᠳᠡ ᠳᠤ ᠬᠦᠨᠳᠦᠳᠭᠡᠭᠳᠡᠨ ᠲᠡᠭᠡᠷ᠎ᠡ ᠣᠨ ᠳᠤ  ᠪᠠᠰᠨ ᠣᠯᠠᠭᠠᠨᠴᠠᠪ ᠬᠤᠳᠡ ᠶᠢᠨ ᠴᠠᠬᠠᠷ ᠪᠠᠷᠠᠭᠤᠨ ᠭᠠᠷᠣᠨ ᠬᠤᠶᠢᠳᠣ ᠬᠤᠰᠢᠭᠤᠨ ᠳᠤ ᠣᠷᠢᠭᠳᠠᠵᠣ ᠭᠤᠷᠪᠠᠨ ᠭᠠᠷᠠᠭ ᠤᠨ ᠬᠤᠭᠤᠴᠠᠭ᠎ᠠ ᠲᠠᠢ ᠬᠠᠳᠬᠤᠮᠠᠯ ᠤᠨ ᠬᠢᠴᠢᠶᠡᠯ ᠵᠢᠭᠠᠵᠣ᠂ ᠦᠨᠳᠦᠰᠦᠳᠡᠨ ᠤ ᠪᠠᠨ ᠰᠣᠶᠣᠯ ᠤᠨ ᠦᠨᠡᠳᠣ ᠦᠪ ᠢ ᠬᠠᠷᠢ ᠠᠶᠢᠮᠠᠭ ᠬᠢᠵᠠᠭᠠᠷ ᠣᠷᠣᠨ ᠳᠤ ᠣᠯᠠᠮᠵᠢᠯᠠᠵᠠᠢ᠃ ᠲᠡᠷᠨ ᠠᠮᠢᠳᠣᠷᠡᠯ ᠢ ᠬᠠᠳᠬᠤᠮᠠᠯ ᠢᠶᠠᠨ ᠰᠢᠭ᠋ ᠣᠷᠡᠯᠠᠵᠣ᠂ ᠬᠠᠳᠬᠤᠮᠠᠯ ᠢᠶᠠᠨ ᠨᠢᠳᠦᠨ ᠴᠡᠴᠡᠭᠡᠢ ᠪᠠᠨ ᠰᠢᠭ ᠬᠠᠶᠢᠷᠠᠯᠠᠬᠤ ᠪᠣᠯᠪᠠ᠃ ᠬᠦᠣᠳᠠᠭᠤᠯ᠎ᠠ ᠦᠢᠯᠡᠰ ᠤᠨ ᠢᠶᠠᠨ ᠰᠠᠶᠢᠬᠠᠨ ᠳᠤ  ᠵᠣᠷᠢᠭᠵᠢᠨ ᠲᠣᠷᠭᠠᠨ ᠲᠡᠭᠡᠷ᠎ᠡ ᠲᠣᠭᠯᠠᠬᠤ ᠵᠢᠷᠭᠠᠯ ᠳᠠᠭᠠᠨ ᠪᠠᠭ᠋ᠠᠳᠣᠨ᠂ ᠬᠠᠶ᠋ᠨ ᠳᠠᠭᠠᠨ ᠭᠡᠳᠣᠨ ᠪᠠᠳᠠᠭ ᠰᠢᠯᠦᠭ  ᠭᠡᠯᠬᠢᠴᠢᠳᠡᠭ ᠶᠣᠮ  —            ᠬᠤᠸᠠᠷ ᠢᠶᠠᠨ ᠬᠠᠳᠬᠤᠶ᠎ᠠ᠂ ᠬᠤᠸᠠᠷ ᠢᠶᠠᠨ ᠬᠠᠳᠬᠤᠶ᠎ᠠ᠂            ᠰᠠᠷᠠᠭᠤᠯ ᠳᠠᠯ᠎ᠠ ᠶᠢ ᠨᠤᠭᠤᠭᠠᠷᠠᠳᠠᠯ᠎ᠠ ᠬᠠᠳᠬᠤᠶ᠎ᠠ            ᠰᠠᠷᠠᠨ᠎ᠠ ᠴᠡᠴᠡᠭ ᠢ ᠤᠯᠠᠯᠵᠠᠳᠠᠯ᠎ᠠ ᠬᠠᠳᠬᠤᠶ᠎ᠠ            ᠰᠠᠨᠰᠠᠷ ᠤᠨ ᠡᠭᠦᠯᠡᠰ ᠢ ᠬᠦᠪᠪᠦᠯᠵᠡᠳᠡᠯ᠎ᠡ ᠬᠠᠳᠬᠤᠶ᠎ᠠ            ᠰᠠᠶᠢᠬᠠᠨ ᠪᠠᠶᠢᠭᠠᠯᠢ ᠪᠠᠨ ᠰᠡᠷᠬᠦᠳᠡᠯ᠎ᠡ ᠬᠠᠳᠬᠤᠶ᠎ᠠ︕             ᠁    ᠁
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2