ᠪᠠᠭᠠᠷᠢᠨ ᠪᠠᠷᠠᠭᠤᠨ ᠬᠤᠰᠢᠭᠤᠨ ᠤ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠬᠠᠯᠳᠠᠪᠤᠷᠢᠯᠠᠭᠰᠠᠨ ᠠᠭᠤᠰᠬᠢᠨ ᠦᠷᠪᠢᠰᠦᠯ ᠢ ᠰᠡᠷᠭᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠭᠠᠵᠠᠷ ᠤᠨ ᠵᠠᠷᠯᠢᠭ                1 ᠳ᠋ᠦ᠋ᠭᠡᠷ ᠲᠣᠭᠠᠲᠤ
ᠨᠡᠶᠢᠲᠡᠯᠡᠭᠰᠡᠨ ᠴᠠᠭ᠄
2020-01-28
     ᠪᠠᠭᠠᠷᠢᠨ ᠪᠠᠷᠠᠭᠤᠨ ᠬᠤᠰᠢᠭᠤᠨ ᠤ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠬᠠᠯᠳᠠᠪᠤᠷᠢᠯᠠᠭᠰᠠᠨ      ᠠᠭᠤᠰᠬᠢᠨ ᠦᠷᠪᠢᠰᠦᠯ ᠢ ᠰᠡᠷᠭᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠭᠠᠵᠠᠷ ᠤᠨ ᠵᠠᠷᠯᠢᠭ                            1 ᠳ᠋ᠦ᠋ᠭᠡᠷ ᠲᠣᠭᠠᠲᠤ      1 ᠳ᠋ᠦ᠋ᠭᠡᠷ ᠰᠠᠷ᠎ᠠ ᠶᠢᠨ 25 ᠤ ᠡᠳᠦᠷ ᠤᠨ ᠲᠥᠪ ᠬᠤᠷᠢᠶᠠᠨ ᠤ ᠤᠯᠤᠰ ᠲᠥᠷᠥ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ ᠤ ᠬᠤᠷᠠᠯ ᠤᠨ ᠵᠣᠷᠢᠭ ᠰᠠᠨᠠᠭ᠎ᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ ᠤ ᠭᠡᠨᠡᠳᠲᠡ ᠡᠭᠦᠰᠦᠭᠰᠡᠨ‌ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠬᠡᠷᠡᠭ ᠤᠨ 1 ᠳ᠋ᠦ᠋ᠭᠡᠷ ᠲᠠᠰ ᠤᠨ ᠠᠵᠢᠯᠯᠠᠭ᠎ᠠ ᠡᠬᠢᠯᠡᠭᠦᠯᠬᠦ᠂ ᠰᠢᠨ᠎ᠡ ᠬᠡᠯᠪᠡᠷᠢ ᠶᠢᠨ ᠠᠭᠤᠰᠬᠢᠨ ᠦᠷᠪᠢᠰᠦᠯ ᠢ ᠬᠤᠷᠢᠭᠯᠠᠬᠤ ᠲᠡᠶᠢᠨ ᠤ ᠢᠯᠠᠯᠲᠠ ᠶᠢ ᠡᠷᠬᠡᠪᠰᠢ ᠣᠯᠬᠤ ᠱᠠᠭᠠᠷᠳᠠᠯᠭ᠎ᠠ ᠪᠠ ᠤᠯᠠᠭᠠᠨᠬᠠᠳᠠ ᠬᠤᠲᠠ ᠶᠢᠨ ᠰᠢᠨ᠎ᠡ ᠬᠡᠯᠪᠡᠷᠢ ᠶᠢᠨ ᠠᠭᠤᠰᠬᠢᠨ ᠦᠷᠪᠢᠰᠦᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠣᠭᠤᠳᠬᠤ ᠬᠡᠯᠲᠡᠰ ᠤᠨ 1 ᠳ᠋ᠦ᠋ᠭᠡᠷ ᠲᠣᠭᠠᠲᠤ ᠵᠠᠷᠯᠢᠭ ᠤᠨ ᠱᠠᠭᠠᠷᠳᠠᠯᠭ᠎ᠠ ᠶᠣᠰᠣᠭᠠᠷ᠂ ᠳᠠᠷᠠᠭᠠᠬᠢ ᠵᠠᠷᠯᠢᠭ ᠢ ᠪᠠᠭᠤᠯᠭᠠᠪᠠ᠄     ᠨᠢᠭᠡ᠂ ᠬᠤᠰᠢᠭᠤᠨ ᠤ ᠬᠠᠷᠢᠶ᠎ᠠ ᠬᠠᠮᠢᠶ᠎ᠠ ᠪᠥᠬᠦᠶ ᠰᠠᠯᠠᠭ᠎ᠠ ᠮᠥᠴᠢᠷ ᠤᠨ ᠭᠤᠤᠯ ᠤᠳᠤᠷᠢᠳᠤᠯᠭ᠎ᠠ ᠵᠢᠴᠢ ᠬᠠᠮᠢᠶ᠎ᠠ ᠪᠦᠬᠦᠢ ᠠᠵᠢᠯᠲᠠᠳ ᠠᠮᠠᠷᠠᠯᠲᠠ ᠶᠢᠨ ᠴᠢᠯᠥᠭᠡ ᠪᠠᠨ ᠬᠦᠴᠦᠨ ᠥᠬᠡᠶ ᠪᠣᠯᠭᠠᠵᠤ᠂ 1 ᠰᠠᠷ᠎ᠠ ᠶᠢᠨ 27 ᠤ ᠡᠳᠦᠷ ᠤᠨ ᠥᠷᠯᠥᠭᠡ ᠠᠵᠢᠯ ᠤᠨ ᠪᠠᠶᠢᠷᠢ ᠳᠠᠭᠠᠨ ᠪᠤᠴᠠᠵᠤ ᠠᠵᠢᠯᠯᠠᠨ᠎ᠠ᠃     ᠬᠤᠶᠠᠷ᠂ ᠰᠤᠮᠤ ᠪᠠᠯᠭᠠᠰᠤ ︵ᠵᠡᠭᠡᠯᠢ ᠭᠤᠳᠤᠮᠵᠢ︶ ᠶᠢᠨ ᠨᠠᠮ ᠵᠠᠰᠠᠭ ᠤᠨ ᠭᠤᠤᠯ ᠤᠳᠤᠷᠢᠳᠤᠯᠭ᠎ᠠ ᠵᠢᠴᠢ ᠬᠠᠮᠢᠶ᠎ᠠ ᠪᠥᠬᠦᠶ ᠠᠵᠢᠯᠲᠠᠨ ᠠᠮᠠᠷᠠᠯᠲᠠ ᠶᠢᠨ ᠴᠢᠯᠥᠭᠡ ᠪᠠᠨ ᠬᠦᠴᠦᠨ ᠥᠬᠡᠶ ᠪᠣᠯᠭᠠᠵᠤ᠂ 1 ᠰᠠᠷ᠎ᠠ ᠶᠢᠨ 27 ᠤ ᠥᠷᠯᠥᠭᠡ ᠠᠵᠢᠯ ᠤᠨ ᠪᠠᠶᠢᠷᠢ ᠳᠠᠭᠠᠨ ᠪᠤᠴᠠᠵᠤ  ᠠᠵᠢᠯᠯᠠᠨ᠎ᠠ᠃     ᠭᠤᠷᠪᠠ᠂ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ᠪᠣᠶ ᠪᠥᠬᠦᠶ ᠠᠵᠢᠯᠲᠠᠨ ᠠᠮᠠᠷᠠᠯᠲᠠ ᠶᠢᠨ ᠴᠢᠯᠥᠭᠡ ᠪᠠᠨ ᠬᠦᠴᠦᠨ ᠥᠬᠡᠶ ᠪᠣᠯᠭᠠᠵᠤ᠂ 1 ᠰᠠᠷ᠎ᠠ ᠶᠢᠨ 27 ᠤ ᠡᠳᠦᠷ ᠤᠨ ᠥᠷᠯᠥᠭᠡ ᠠᠵᠢᠯ ᠤᠨ ᠪᠠᠶᠢᠷᠢ ᠳᠠᠭᠠᠨ  ᠪᠤᠴᠠᠵᠤ ᠠᠵᠢᠯᠯᠠᠨ᠎ᠠ᠃     ᠳᠥᠷᠪᠡ᠂ ᠬᠤᠰᠢᠭᠤᠨ ᠳᠣᠲᠣᠷᠠᠬᠢ ᠪᠣᠶ ᠪᠥᠬᠦᠶ ᠠᠵᠤ ᠠᠬᠤᠶᠢᠯᠠᠯ  ᠪᠠᠴᠢᠮ ᠣᠨᠴᠠᠭᠠᠶ ᠪᠠᠶᠢᠳᠠᠯ ᠥᠬᠡᠶ ᠪᠣᠯ ᠠᠵᠢᠯ ᠡᠬᠢᠯᠡᠬᠦ ᠪᠠ ᠦᠢᠯᠡᠳᠪᠦᠷᠢᠯᠡᠯ ᠢᠶᠠᠨ ᠰᠡᠷᠭᠦᠭᠡᠬᠦ  ᠶᠢ ᠲᠦᠷ ᠬᠤᠶᠢᠰᠢᠯᠠᠭᠤᠯᠵᠤ᠂ ᠦᠨᠡᠬᠡᠷ ᠠᠵᠢᠯ ᠡᠬᠢᠯᠡᠭᠦᠯᠵᠦ ᠦᠢᠯᠡᠳᠪᠦᠷᠢᠯᠡᠯ  ᠢᠶᠠᠨ ᠰᠡᠷᠭᠦᠭᠡᠬᠦ ᠴᠢᠬᠤᠯᠠᠲᠠᠶ ᠪᠣᠯ ᠨᠠᠷᠢᠨ ᠨᠢᠭᠲᠠ ᠤᠷᠢᠳᠴᠢᠯᠠᠨ ᠰᠡᠷᠭᠡᠶᠢᠯᠡᠬᠦ ᠲᠥᠰᠦᠯ ᠲᠣᠭᠲᠠᠭᠠᠬᠤ ᠮᠥᠷᠲᠡᠭᠡᠨ ᠬᠤᠰᠢᠭᠤᠨ ᠤ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠰᠠᠯᠠᠭ᠎ᠠ ᠮᠥᠴᠢᠷ ᠤᠨ ᠵᠢᠭᠠᠨ ᠵᠢᠯᠣᠭᠤᠳᠣᠯᠭ᠎ᠠ ᠪᠠ ᠬᠢᠨᠠᠨ ᠰᠢᠯᠭᠠᠬᠤ ᠶᠢ ᠳᠠᠮᠵᠢᠬᠤ ᠬᠡᠷᠡᠭᠲᠡᠶ᠃     ᠲᠠᠪᠤ᠂ ᠣᠶᠢᠷ᠎ᠠ ᠶᠢᠨ ᠬᠤᠭᠤᠴᠠᠭᠠᠨ ᠳᠤ ᠵᠣᠴᠢᠳ ᠤᠨ ᠪᠠᠭᠤᠳᠠᠯ ᠪᠠ ᠢᠳᠡᠭᠡᠨ ᠤᠮᠳᠠᠭᠠᠨ ᠤ ᠠᠵᠤ ᠠᠬᠤᠶᠢᠯᠠᠯ ᠤᠳ ᠨᠢᠭᠡ ᠯᠡ ᠤᠳᠠᠭ᠎ᠠ ᠳᠤ 10 ᠬᠥᠮᠦᠨ ᠠᠴᠠ ᠳᠡᠭᠡᠭᠰᠢ ᠬᠠᠮᠲᠤ ᠶᠢᠨ ᠬᠤᠭᠤᠯᠠᠯᠠᠭ᠎ᠠ ᠶᠢ ᠬᠦᠯᠢᠶᠡᠨ ᠠᠪᠴᠤ ᠪᠣᠯᠬᠤ ᠦᠭᠡᠢ᠃     ᠵᠢᠷᠭᠤᠭ᠎ᠠ᠂ ᠭᠤᠤᠯ ᠬᠤᠲᠠ ᠲᠣᠭᠤᠷᠢᠭ ᠤᠨ ᠨᠡᠶᠢᠲᠡ ᠶᠢᠨ ᠮᠠᠰᠢᠨ ᠲᠡᠷᠭᠡ᠂ ᠮᠤᠵᠢ ᠶᠢᠨ ᠬᠤᠭᠤᠷᠣᠨᠳᠣᠬᠢ ᠬᠤᠯᠠ ᠵᠠᠮ ᠤᠨ ᠠᠶᠠᠨᠴᠢᠨ ᠤ ᠮᠠᠰᠢᠨ᠂ ᠵᠢᠭᠤᠯᠴᠢᠯᠠᠯ ᠤᠨ ᠳᠠᠭᠠᠭᠠᠴᠢᠯᠠᠭᠰᠠᠨ ᠲᠡᠷᠭᠡ ᠶᠢ 2020 ᠣᠨ ᠤ 1 ᠰᠠᠷ᠎ᠠ ᠶᠢᠨ 27 ᠤ ᠡᠳᠦᠷ ᠠᠴᠠ ᠡᠬᠢᠯᠡᠨ ᠲᠦᠷ ᠵᠣᠭᠰᠣᠭᠠᠵᠤ᠂ ᠪᠤᠰᠤᠳ ᠲᠡᠭᠡᠭᠡᠪᠦᠷᠢ ᠶᠢᠨ ᠠᠵᠢᠯ ᠡᠵᠡᠩᠨᠡᠵᠦ ᠪᠠᠶᠢᠭ᠎ᠠ ᠲᠡᠷᠭᠡᠨ ᠤ ᠵᠢᠯᠣᠭᠤᠴᠢ ᠵᠢᠴᠢ ᠨᠢᠭᠡᠳᠦᠭᠡᠷ ᠹᠷᠣᠨᠲ ᠤᠨ ᠠᠵᠢᠯ ᠡᠷᠬᠢᠯᠡᠭᠰᠡᠳ ᠡᠷᠬᠡᠪᠰᠢ ᠠᠮᠠᠪᠴᠢ ᠵᠡᠭᠦᠵᠦ ᠠᠵᠢᠯ ᠤᠨ ᠪᠠᠶᠢᠷᠢ ᠳᠤ ᠭᠠᠷᠬᠤ ᠬᠡᠷᠡᠭᠲᠡᠶ᠃     ᠳᠣᠯᠤᠭ᠎ᠠ᠂ ᠪᠦᠬᠦ ᠬᠤᠰᠢᠭᠤᠨ ᠤ ᠮᠦᠽᠧᠶ᠂ ᠨᠣᠮ ᠤᠨ ᠰᠠᠩ᠂ ᠺᠢᠨᠣ᠋ ᠵᠦᠴᠦᠭᠡ ᠶᠢᠨ ᠲᠢᠶᠠᠲᠷ᠂ ᠰᠦᠯᠵᠢᠶᠡᠨ ᠤ ᠪᠠᠭᠠᠷ᠂ KTV᠂ ᠪᠥᠵᠢᠭ ᠤᠨ ᠲᠢᠩᠬᠢᠮ ᠵᠡᠷᠭᠡ ᠣᠯᠠᠨ ᠨᠡᠶᠢᠲᠡ ᠶᠢᠨ ᠵᠤᠭ᠎ᠠ ᠴᠡᠩᠭᠡᠯ  ᠤᠨ ᠭᠠᠵᠠᠷ  ᠶᠢᠨ ᠡᠵᠡᠩᠨᠡᠯᠲᠡ  ᠶᠢ ᠦᠷᠬᠦᠯᠵᠢᠯᠡᠨ  ᠬᠠᠭᠠᠬᠤ ᠶᠢᠨ ᠬᠠᠮᠲᠤ᠂ 2020 ᠣᠨ ᠤ 1 ᠰᠠᠷ᠎ᠠ ᠶᠢᠨ 27 ᠤ ᠡᠳᠦᠷ ᠠᠴᠠ ᠡᠬᠢᠯᠡᠨ ᠪᠦᠬᠦ ᠬᠤᠰᠢᠭᠤᠨ ᠤ ᠤᠬᠢᠶᠠᠯᠭ᠎ᠠ᠂ ᠪᠡᠶ᠎ᠡ ᠴᠢᠭᠢᠷᠠᠭᠵᠢᠭᠤᠯᠬᠤ  ᠭᠠᠵᠠᠷ ᠢ ᠲᠦᠷ ᠬᠠᠭᠠᠨ᠎ᠠ᠃     ᠨᠠᠢᠮᠠ᠂  ᠭᠠᠳᠠᠭᠰᠢ ᠦᠢᠯᠡᠴᠢᠯᠡᠬᠦ  ᠰᠢᠨᠵᠢ ᠲᠠᠢ ᠠᠵᠢᠯ ᠤᠨ ᠪᠠᠶᠢᠷᠢ ᠶᠢᠨ ᠠᠵᠢᠯᠲᠠᠳ ᠡᠷᠬᠡᠪᠰᠢ  ᠪᠦᠭᠦᠳᠡ ᠠᠮᠠᠪᠴᠢ ᠵᠡᠭᠦᠬᠦ ᠬᠡᠷᠡᠭᠲᠡᠶ᠃ ᠭᠠᠯᠲᠤ ᠲᠡᠷᠭᠡᠨ ᠥᠷᠲᠡᠭᠡ᠂ ᠬᠤᠯᠠ ᠵᠠᠮ ᠤᠨ ᠠᠶᠠᠨᠴᠢᠨ ᠤ ᠮᠠᠰᠢᠨ ᠲᠡᠷᠭᠡᠨ ᠥᠷᠲᠡᠭᠡ  ᠶᠢᠨ ᠣᠷᠣᠵᠤ ᠭᠠᠷᠬᠤ ᠠᠶᠠᠨᠴᠢᠳ ᠲᠤ ᠪᠥᠬᠦ ᠲᠠᠯ᠎ᠠ ᠶᠢᠨ ᠪᠡᠶ᠎ᠡ ᠶᠢᠨ ᠳᠤᠯᠠᠭᠠᠨ ᠤ  ᠪᠠᠶᠢᠴᠠᠭᠠᠯᠲᠠ ᠬᠢᠵᠦ ᠂ ᠬᠡᠪ ᠤᠨ ᠪᠤᠰᠤ ᠪᠠᠶᠢᠳᠠᠯ ᠢ ᠣᠯᠵᠤ ᠮᠡᠳᠡᠪᠡᠯ ᠱᠠᠭᠠᠷᠳᠠᠯᠭ᠎ᠠ ᠶᠣᠰᠣᠭᠠᠷ ᠲᠣᠬᠢᠲᠠᠶ  ᠰᠢᠢᠳᠪᠦᠷᠢᠯᠡᠬᠦ ᠬᠡᠷᠡᠭᠲᠡᠶ᠃     ᠶᠢᠰᠦ᠂ ᠡᠯ᠎ᠡ ᠭᠠᠵᠠᠷ ᠤᠨ ᠬᠢᠨ ᠲᠤᠰ ᠬᠠᠷᠢᠶ᠎ᠠ ᠣᠷᠣᠨ ᠳᠠᠭᠠᠨ ᠲᠣᠤᠷᠵᠢᠭᠤᠯᠤᠭᠰᠠᠨ ᠬᠠᠮᠢᠶᠠᠷᠤᠯᠲᠠ ᠶᠢ  ᠬᠡᠷᠡᠭᠵᠢᠭᠦᠯᠵᠦ᠂ ᠬᠥᠨᠳᠡᠯᠡᠨ ᠢᠶᠠᠷ ᠵᠠᠬ᠎ᠠ ᠬᠢᠵᠠᠭᠠᠷ ᠲᠤ ᠬᠦᠷᠲᠡᠯ᠎ᠡ᠂ ᠭᠤᠯᠳᠤ ᠪᠠᠷ ᠡᠯ᠎ᠡ ᠱᠠᠲᠤ  ᠬᠦᠷᠲᠡᠯ᠎ᠡ ᠥᠨᠴᠥᠭ ᠪᠣᠯᠣᠩ ᠦᠯᠡᠳᠡᠭᠡᠯ ᠦᠭᠡᠢ ᠪᠦᠬᠦᠨ ᠢ ᠬᠠᠮᠤᠷᠤᠭᠰᠠᠨ ᠰᠡᠷᠭᠡᠶᠢᠯᠡᠨ ᠡᠵᠡᠮᠳᠡᠬᠦ  ᠲᠣᠣᠷ  ᠢ ᠨᠡᠶᠢᠳᠡᠮ ᠪᠦᠷᠬᠦᠭᠦᠯᠬᠦ ᠬᠡᠷᠡᠭᠲᠡᠶ᠃ ᠬᠠᠷᠢᠶ᠎ᠠ ᠣᠷᠣᠨ ᠤ ᠳᠣᠲᠣᠷ᠎ᠠ ᠬᠠᠯᠠᠭᠤᠷᠠᠵᠤ ᠪᠠᠶᠢᠭ᠎ᠠ᠂ ᠬᠠᠨᠢᠶᠠᠵᠤ ᠪᠠᠶᠢᠭ᠎ᠠ ᠵᠡᠷᠭᠡ ᠢᠯᠡᠷᠡᠯ ᠲᠠᠢ ᠡᠪᠡᠳᠴᠢᠲᠡᠨ ᠢ ᠦᠷᠭᠦᠯᠵᠢᠯᠡᠨ ᠪᠦᠬᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ ᠴᠠᠭ ᠲᠤᠬᠠᠶ ᠳᠤᠨᠢ ᠳᠠᠩᠰᠠ ᠡᠪᠬᠡᠮᠡᠯ ᠪᠠᠶᠢᠭᠤᠯᠤᠨ ᠺᠠᠷᠲ ᠬᠢᠵᠦ᠂ ᠬᠥᠳᠡᠯᠦᠩᠭᠦᠶ ᠬᠠᠮᠢᠶᠠᠷᠴᠤ᠂ ᠡᠪᠡᠳᠴᠢᠲᠡᠨ ᠢ ᠬᠥᠲᠥᠯᠥᠨ ᠵᠢᠯᠣᠭᠤᠳᠴᠤ ᠣᠶᠢᠷ᠎ᠠ ᠬᠠᠪᠢ ᠶᠢᠨ ᠬᠠᠯᠠᠭᠤᠷᠠᠬᠤ ᠶᠢ ᠪᠠᠶᠢᠴᠠᠭᠠᠨ ᠡᠮᠨᠡᠬᠦ ᠡᠭᠦᠳᠡᠨ ᠡᠮᠨᠡᠯᠭᠡ ᠳᠤ ᠬᠦᠷᠴᠦ ᠣᠨᠣᠰᠢᠯᠠᠭᠤᠯᠤᠨ᠂ ᠪᠠᠶᠢᠳᠠᠯ   ᠨᠢ ᠨᠣᠴᠢᠲᠠᠶ ᠪᠣᠯ ᠴᠠᠭ ᠲᠤᠬᠠᠶ ᠳᠤᠨᠢ ᠳᠡᠭᠡᠳᠦ ᠱᠠᠲᠤᠨ ᠳᠤ ᠮᠡᠳᠡᠭᠦᠯᠬᠦ ᠬᠡᠷᠡᠭᠲᠡᠶ᠃     ᠠᠷᠪᠠ᠂ 1 ᠰᠠᠷ᠎ᠠ ᠶᠢᠨ 12 ᠤᠨ ᠡᠳᠦᠷ ᠠᠴᠠ ᠰᠡᠭᠦᠯᠡᠷ ᠬᠤᠪᠧᠶ ᠠᠴᠠ ᠢᠷᠡᠭᠰᠡᠨ ᠪᠤᠶᠤ ᠬᠤᠪᠧᠶ ᠠᠴᠠ ᠬᠤᠰᠢᠭᠤᠨ ᠳᠠᠭᠠᠨ ᠬᠠᠷᠢᠵᠤ ᠢᠷᠡᠭᠰᠡᠨ ᠪᠤᠶ ᠪᠦᠬᠦᠢ ᠬᠥᠮᠦᠰ ᠢ ᠪᠦᠬᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ ᠨᠢᠭᠡᠪᠦᠷᠢᠴᠢᠯᠡᠨ ᠨᠢᠭᠤᠷᠲᠠᠨ ᠣᠶᠢᠯᠠᠭᠠᠵᠤ᠂ ᠰᠡᠷᠭᠡᠶᠢᠯᠡᠨ ᠬᠠᠮᠠᠭᠠᠯᠠᠬᠤ ᠱᠠᠭᠠᠷᠳᠠᠯᠭ᠎ᠠ  ᠶᠢ ᠲᠣᠳᠣᠷᠬᠠᠶᠢᠯᠠᠨ᠂  ᠬᠠᠷᠢᠭᠤᠴᠠᠯᠭ᠎ᠠ ᠶᠢ ᠬᠥᠮᠦᠨ ᠳᠤ ᠲᠤᠯᠭᠠᠨ᠂ ᠬᠤᠪᠢᠷᠠᠯᠲᠠ ᠦᠭᠡᠢ ᠴᠦ ᠡᠳᠦᠷ ᠪᠦᠷᠢ  ‍ᠡᠳᠡᠭᠦᠯᠬᠦ ᠬᠡᠷᠡᠭᠲᠡᠶ᠃     ᠠᠷᠪᠠᠨ ᠨᠢᠭᠡ᠂ ᠵᠣᠴᠢᠳ ᠤᠨ ᠪᠠᠭᠤᠳᠠᠯ ᠨᠢ ᠪᠠᠭᠤᠳᠠᠯ ᠳᠤ  ᠪᠠᠭᠤᠭᠰᠠᠨ ᠵᠣᠴᠢᠳ ᠤᠨ ᠬᠠᠯᠠᠭᠤᠷᠠᠵᠤ ᠪᠠᠶᠢᠬᠤ ᠡᠰᠡᠬᠦ ᠵᠡᠷᠭᠡ ᠰᠡᠵᠢᠭ ᠲᠠᠢ ᠡᠪᠡᠳᠴᠢᠨ ᠤ ᠪᠠᠶᠢᠳᠠᠯ ᠢ ᠪᠠᠶᠢᠨ ᠳᠠᠬᠢᠨ ᠪᠠᠶᠢᠴᠠᠭᠠᠨ ᠦᠵᠡᠬᠦ ᠶᠢᠨ ᠬᠠᠮᠲᠤ ᠪᠠᠶᠢᠭ᠎ᠠ ᠵᠡᠭᠡᠯᠢ ᠭᠤᠳᠤᠮᠵᠢ ᠳᠠᠭᠠᠨ ᠴᠠᠭ ᠲᠤᠬᠠᠶ ᠳᠤᠨᠢ ᠮᠡᠳᠡᠭᠦᠯᠬᠦ ᠬᠡᠷᠡᠭᠲᠡᠶ᠃     ᠠᠷᠪᠠᠨ ᠬᠤᠶᠠᠷ᠂ ᠰᠡᠵᠢᠭᠲᠡᠢ ᠡᠪᠡᠳᠴᠢᠲᠡᠨ ᠢ ᠣᠯᠵᠤ ᠮᠡᠳᠡᠮᠡᠭᠴᠡ ᠳᠠᠷᠤᠶ ᠳᠤᠨᠢ ᠲᠠᠬᠤᠯ ᠡᠪᠡᠳᠴᠢᠨ  ᠤ ᠰᠤᠳᠤᠯᠤᠯ ᠤᠨ ᠪᠠᠶᠢᠴᠠᠭᠠᠯᠲᠠ ᠵᠣᠬᠢᠶᠠᠨ ᠪᠠᠶᠢᠭᠤᠯᠵᠤ᠂ ᠨᠢᠭᠲᠠ ᠣᠶᠢᠷᠠᠲᠤᠭᠰᠠᠳ ᠲᠤ ᠠᠨᠠᠭᠠᠬᠤ ᠤᠬᠠᠭᠠᠨ ᠤ ᠲᠤᠰᠠᠭᠠᠷᠯᠠᠭᠰᠠᠨ ᠠᠵᠢᠭᠯᠠᠯᠲᠠ ᠬᠢᠬᠦ ᠬᠡᠷᠡᠭᠲᠡᠶ᠃     ᠠᠷᠪᠠᠨ ᠭᠤᠷᠪᠠ᠂ ᠰᠢᠨ᠎ᠡ ᠬᠡᠯᠪᠡᠷᠢ ᠶᠢᠨ ᠠᠭᠤᠰᠬᠢᠨ ᠦᠷᠪᠢᠰᠦᠯ ᠤᠨ ᠰᠡᠵᠢᠭᠲᠡᠢ ᠡᠪᠡᠳᠴᠢᠲᠡᠨ ᠭᠡᠵᠦ  ᠨᠤᠲᠠᠯᠠᠭᠰᠠᠨ ᠡᠪᠡᠳᠴᠢᠲᠡᠨ ᠢ ᠬᠤᠲᠠ ᠶᠢᠨ ᠬᠠᠯᠳᠠᠪᠤᠷᠢᠲᠤ ᠡᠪᠡᠳᠴᠢᠨ ᠤ ᠡᠮᠨᠡᠯᠭᠡ ᠶᠢᠨ ᠬᠤᠷᠢᠶᠠᠨ ᠳᠤ  ᠲᠥᠪᠯᠡᠷᠡᠭᠦᠯᠵᠦ᠂ ᠠᠪᠤᠷᠠᠨ ᠡᠮᠴᠢᠯᠡᠵᠦ  ᠂ ︽ ᠳᠥᠷᠪᠡ ᠶᠢ ᠲᠥᠪᠯᠡᠷᠡᠭᠦᠯᠬᠦ︾  ᠶᠢ ᠬᠡᠷᠡᠭᠵᠢᠭᠦᠯᠦᠨ᠎ᠡ᠃    ᠠᠷᠪᠠᠨ ᠳᠥᠷᠪᠡ᠂ ᠬᠤᠰᠢᠭᠤᠨ ᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠥᠴᠢᠷ ᠨᠢ ᠲᠠᠬᠤᠯ ᠡᠪᠡᠳᠴᠢᠨ ᠢ ᠪᠠᠶᠢᠴᠠᠭᠠᠨ ᠰᠤᠳᠤᠯᠬᠤ ᠡᠩᠨᠡᠭᠡ  ᠶᠢ ᠠᠯᠢ ᠲᠦᠷᠭᠡᠨ ᠲᠡᠭᠦᠯᠳᠡᠷᠵᠢᠭᠦᠯᠵᠦ᠂ ᠰᠠᠶᠢᠲᠤᠷ ᠪᠣᠯᠪᠠᠰᠤᠷᠠᠭᠤᠯᠤᠨ᠂ ᠨᠢᠭᠲᠠ ᠣᠶᠢᠷᠠᠲᠤᠭᠰᠠᠳ  ᠢ ᠲᠤᠰᠠᠭᠠᠷᠯᠠᠬᠤ ᠲᠠᠯᠠᠪᠤᠷ ᠢ ᠲᠣᠭᠲᠠᠭᠠᠬᠤ ᠪᠠ  ᠪᠡᠯᠡᠳᠬᠡᠬᠦ ᠠᠵᠢᠯ ᠢ ᠤᠷᠢᠳᠴᠢᠯᠠᠨ ᠰᠠᠶᠢᠲᠤᠷ ᠬᠢᠬᠦ  ᠬᠡᠷᠡᠭᠲᠡᠢ᠃    ᠠᠷᠪᠠᠨ ᠲᠠᠪᠤ᠂ ᠡᠯ᠎ᠡ ᠰᠤᠮᠤ ᠪᠠᠯᠭᠠᠰᠤ ︵ᠵᠡᠭᠡᠯᠢ ᠭᠤᠳᠤᠮᠵᠢ︶  ᠪᠠ ᠬᠤᠰᠢᠭᠤᠨ ᠤ ᠰᠢᠭᠤᠳ ᠬᠠᠷᠢᠶ᠎ᠠ   ᠬᠠᠯᠠᠭᠤᠷᠠᠭᠰᠠᠨ ᠡᠪᠡᠳᠴᠢᠲᠡᠨ ᠢ ᠪᠠᠶᠢᠴᠠᠭᠠᠨ ᠡᠮᠨᠡᠬᠦ ᠪᠦᠬᠦᠶᠢᠯᠡ ᠡᠭᠦᠳᠡᠨ ᠡᠮᠨᠡᠯᠭᠡ ᠨᠢ ᠬᠠᠷᠢᠯᠴᠠᠬᠤ ᠠᠷᠭ᠎ᠠ ᠮᠠᠶ᠋ᠢᠭ ᠢᠶᠠᠨ ᠨᠡᠶᠢᠭᠡᠮ ᠨᠡᠶᠢᠲᠡ ᠳᠤ ᠨᠡᠶᠢᠲᠡᠯᠡᠵᠦ᠂ ᠡᠪᠡᠳᠴᠢᠲᠡᠨ ᠢ ᠨᠥᠬᠦᠴᠡᠯ ᠥᠬᠡᠶ ᠪᠠᠷ ᠭᠥᠯᠢᠶᠡᠨ ᠠᠪᠬᠤ ᠬᠡᠷᠡᠭᠲᠡᠶ᠃     ᠠᠷᠪᠠᠨ ᠵᠢᠷᠭᠤᠭ᠎ᠠ᠂ ᠪᠥᠬᠦ ᠬᠤᠰᠢᠭᠤᠨ ᠤ ᠪᠣᠶ ᠪᠥᠬᠦᠶ ᠡᠮᠴᠢ ᠰᠤᠪᠢᠯᠠᠭᠴᠢ ᠶᠢᠨ  ᠰᠡᠷᠡᠮᠵᠢᠯᠡᠯ ᠬᠠᠮᠠᠭᠠᠯᠠᠯᠲᠠ ᠪᠠ  ᠪᠤᠯᠪᠠᠰᠤᠷᠠᠯ ᠢ ᠤᠯᠠᠮ ᠨᠢᠭᠡ ᠠᠯᠬᠤᠮ ᠴᠢᠩᠭᠠᠷᠠᠭᠤᠯᠵᠤ᠂ ᠰᠡᠷᠭᠡᠶᠢᠯᠡᠨ ᠬᠠᠮᠠᠭᠠᠯᠠᠬᠤ  ᠲᠥᠬᠦᠭᠡᠷᠦᠮᠵᠢ  ᠶᠢᠨ ᠪᠠᠲᠤᠯᠠᠭ᠎ᠠ ᠶᠢ ᠰᠠᠶᠢᠲᠤᠷ ᠬᠢᠵᠦ᠂ ᠰᠣᠯᠪᠢᠴᠠᠨ ᠬᠠᠯᠳᠠᠪᠤᠷᠢᠯᠠᠬᠤ ᠠᠴᠠ ᠴᠢᠩᠭ᠎ᠠ ᠰᠡᠷᠭᠡᠶᠢᠯᠡᠬᠦ ᠬᠡᠷᠡᠭᠲᠡᠢ᠃     ᠲᠤᠰ ᠵᠠᠷᠯᠢᠭ ᠢ 2020 ᠣᠨ ᠤ 1 ᠰᠠᠷ᠎ᠠ ᠶᠢᠨ 27 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃             ᠪᠠᠭᠠᠷᠢᠨ ᠪᠠᠷᠠᠭᠤᠨ ᠬᠤᠰᠢᠭᠤᠨ ᠤ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠬᠠᠯᠳᠠᠪᠤᠷᠢᠯᠠᠭᠰᠠᠨ               ᠠᠭᠤᠰᠬᠢᠨ ᠦᠷᠪᠢᠰᠦᠯ  ᠢ ᠰᠡᠷᠭᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠭᠠᠵᠠᠷ              2020 ᠣᠨ ᠤ 1 ᠰᠠᠷ᠎ᠠ ᠶᠢᠨ 27 ᠤ ᠡᠳᠦᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2