ᠰᠠᠨᠠᠭ᠎ᠠ ᠶᠢᠨ ᠰᠠᠶᠢᠬᠠᠨ ᠳᠤ ᠰᠠᠮᠠᠭ᠎ᠠ ᠯᠢᠩᠬᠸ᠎ᠠ ᠲᠡᠯᠭᠡᠷᠡᠭᠡᠳ ᠵᠢᠳᠬᠦᠯ  ᠤᠨ ᠰᠢᠷᠭᠠᠭᠤ ᠳᠤ ᠵᠢᠷᠭᠠᠯ ᠪᠠᠶᠠᠷ ᠡᠳ᠋ᠯᠡᠮᠤᠢ
ᠨᠡᠶᠢᠲᠡᠯᠡᠭᠰᠡᠨ ᠴᠠᠭ᠄
2020/4/24
           —  ︽ᠨᠠᠰᠣᠳᠠᠨ ᠢᠶᠠᠨ ᠬᠦᠨᠳᠦᠯᠡᠭᠰᠡᠨ ᠠᠴᠢᠯᠠᠯᠳᠣ ᠣᠳᠣᠨ︾                ᠰᠠᠮᠠᠭ᠎ᠠ ᠪᠣᠯᠣᠨ ᠲᠡᠭᠦᠨ ᠤ ᠭᠡᠷ ᠪᠦᠯᠢ   ᠶᠢ ᠲᠡᠮᠳᠡᠭᠯᠡᠪᠡ                                                         ᠬᠦᠬᠡᠳᠠᠪᠠᠯᠭᠠᠨ         ᠪᠦᠰᠡᠬᠦᠢ ᠬᠦᠮᠦᠨ ᠤ ᠨᠡᠶᠢᠭᠡᠮ ᠨᠡᠶᠢᠳᠡ ᠪᠣᠯᠣᠨ ᠣᠯᠣᠰ ᠦᠨᠳᠦᠰᠦᠳᠡᠨ   ᠤ ᠲᠣᠳᠣᠷᠡᠬᠢ ᠴᠢᠬᠤᠯᠨ ᠪᠠᠶᠢᠷᠢ ᠰᠠᠭᠤᠷᠢ ᠶᠢ ︽ᠡᠮᠡᠭᠳᠡᠶᠢᠴᠣᠳ ᠪᠣᠯ ᠲᠦᠷᠦ  ᠬᠦᠷᠦᠨ ᠤ ᠬᠠᠭᠠᠰ ᠲᠣᠯᠭᠠᠭᠤᠷᠢ︾ ᠭᠡᠮᠡᠨ ᠬᠤᠪᠢᠰᠬᠠᠯ ᠤᠨ ᠪᠠᠭᠰᠢ ᠠᠯᠢ ᠡᠷᠳᠡ ᠦᠨᠡᠯᠡᠵᠣ ᠪᠢᠯᠨ᠃ ᠨᠢᠭᠡ ᠠᠶᠢᠯ ᠭᠡᠷ ᠲᠤ ᠠᠪᠴᠣ ᠭᠡᠯᠡᠪᠡᠯ᠂ ᠪᠦᠰᠡᠬᠦᠢ ᠬᠦᠮᠦᠨ ᠪᠣᠯ ᠡᠳᠦᠷ  ᠤᠨ ᠨᠠᠷᠨ᠂ ᠦᠳᠡᠰᠢ ᠶᠢᠨ ᠰᠠᠷᠨ ᠴᠦ ᠪᠠᠶᠢᠵᠣ ᠮᠡᠳᠡᠨ᠎ᠡ᠂ ᠠᠶᠢᠯ ᠭᠡᠷ ᠤᠨ ᠢᠶᠠᠨ ᠲᠣᠭᠤᠨᠣ ᠶᠢ ᠭᠡᠶᠢᠬᠦᠯᠵᠣ᠂ ᠲᠣᠯᠭ᠎ᠠ ᠶᠢ ᠲᠦᠷᠡᠯᠵᠡᠬᠦᠯᠵᠣ᠂ ᠭᠡᠭᠡ ᠲᠣᠶᠠᠭ᠎ᠠ᠂ ᠭᠡᠷᠡᠯ ᠢᠯᠴᠢ ᠶᠢ ᠠᠪᠴᠢᠷᠠᠳᠠᠭ ᠬᠦᠮᠦᠨ ᠪᠣᠯ ᠪᠦᠰᠡᠬᠦᠢ ᠬᠦᠮᠦᠨ ᠯᠨ ᠪᠠᠶᠢᠳᠠᠭ᠃  ᠬᠤᠯᠨ ᠦᠢᠷ᠎ᠡ ᠳᠠᠭᠠᠨ  ︽ᠬᠠᠮᠤᠭ ᠠᠴᠠ ᠠᠴᠢᠯᠠᠯ ᠲᠠᠢ ᠪᠡᠷᠢ︾ ᠭᠡᠮᠡᠨ ᠠᠯᠳᠠᠷᠰᠢᠭᠰᠠᠨ ᠮᠠᠯᠴᠢᠨ ᠪᠦᠰᠡᠬᠦᠢ ᠰᠠᠮᠠᠭ᠎ᠠ ᠶᠢᠨ ᠦᠢᠯᠨ ᠭᠡᠷᠡᠭ ᠪᠠ ᠲᠡᠬᠦᠨ ᠤ ᠭᠡᠷ ᠪᠦᠯᠢ ᠶᠢᠨ ᠬᠢᠨ ᠡᠬᠦᠨ ᠢ ᠮᠠᠨ ᠳᠤ ᠬᠦᠣᠷᠨᠢᠨ ᠲᠣᠭᠠᠴᠢᠵᠣ ᠪᠠᠶᠢᠨ᠎ᠠ᠃
        ᠬᠠᠨᠠᠭᠠᠷ ᠲᠡᠯᠡᠭᠡᠢ ᠬᠠᠶᠢᠷ᠎ᠡ ᠶᠢᠨ ᠣᠶᠠᠨ ᠢᠶᠠᠷ ᠠᠮᠢᠰᠬᠤᠯᠯᠠᠨ᠂ ᠬᠠᠷᠭᠠᠨᠠᠳᠣ ᠶᠢᠨ ᠡᠩᠭᠡᠷ ᠵᠣ ᠪᠠᠷ ᠵᠣᠯᠵᠠᠭ᠎ᠠ ᠨᠣᠭᠤᠭ᠎ᠠ ᠴᠣᠬᠤᠶᠢᠵᠣ᠂  ᠬᠤᠨ ᠰᠢᠪᠠᠭᠤᠳ  ᠨᠠᠭᠤᠷ ᠭᠤᠣᠯ   ᠳᠠᠭᠠᠨ ᠡᠷᠬᠢᠨ ᠰᠠᠭᠤᠯᠴᠠᠵᠣ᠂ ᠬᠦᠳᠡᠭᠡ ᠠᠶᠢᠯ ᠬᠤᠷᠠᠭ᠎ᠠ ᠲᠣᠭᠤᠯ ᠢᠶᠠᠨ ᠲᠣᠰᠣᠭᠰᠠᠨ ᠬᠦᠭᠵᠢᠯᠳᠣ ᠰᠠᠶᠢᠬᠠᠨ ᠬᠠᠪᠣᠷ ᠤᠨ ᠡᠳᠦᠷ ᠢᠶᠠᠷ᠂ ᠵᠣᠬᠢᠶᠠᠭᠴᠢ ᠰᠢᠨ᠎ᠡ ᠲᠢᠳᠢᠮᠯᠢᠭ ᠠᠭᠤᠰᠬᠢᠨ ᠦᠷᠪᠢᠰᠦᠯ ᠢ ᠰᠡᠷᠭᠡᠶᠢᠯᠡᠨ ᠬᠢᠵᠠᠭᠠᠷᠯᠠᠬᠤ ᠲᠠᠶᠢᠨ  ᠱᠠᠳᠣᠴᠢ ᠴᠢᠨᠠᠷ ᠲᠠᠢ ᠠᠮᠵᠢᠯᠳᠡ ᠢᠯᠠᠯᠳᠡ ᠣᠯᠣᠭᠠᠳ᠂ ᠬᠤᠷᠢᠭ᠎ᠠ ᠴᠡᠭᠡᠷ ᠪᠠᠭ᠋ᠠᠨ ᠴᠢᠯᠦᠭᠡ ᠲᠠᠢ ᠪᠣᠯᠣᠭᠰᠠᠨ ᠴᠡᠩᠭᠡᠯ ᠲᠠᠢ ᠴᠢᠯᠦᠭᠡᠨ ᠳᠤ᠂ ᠵᠠᠪ ᠣᠯᠵᠣ ᠵᠠᠮ ᠲᠠᠭᠠᠷᠠᠭᠤᠯᠣᠨ ᠣᠯᠠᠭᠠᠨᠬᠠᠳᠠ ᠬᠤᠳᠡ ᠶᠢᠨ ᠪᠠᠭᠠᠷᠢᠨ ᠪᠠᠷᠠᠭᠤᠨ ᠬᠤᠰᠢᠭᠤᠨ ᠤ ᠪᠣᠷᠣᠠᠣᠰᠣ ᠪᠠᠯᠭᠠᠰᠣ  ᠶᠢᠨ ᠪᠠᠷᠠᠭᠤᠨ ᠲᠠᠯ᠎ᠠ ᠳᠠᠭᠠᠨ ᠶᠠᠰᠢᠯᠳᠣ ᠠᠭᠤᠯᠨ ᠶᠢᠨ  ᠪᠠᠷ᠎ᠠ ᠲᠠᠢ᠂ ᠵᠡᠬᠦᠨ ᠰᠣᠭᠤ ᠳᠠᠭᠠᠨ ᠬᠠᠳᠠᠳᠣ ᠶᠢᠨ ᠭᠤᠣᠯ  ᠤᠨ ᠣᠷᠣᠰᠬᠠᠯ ᠲᠠᠢ᠂ 6 ᠲᠣᠭᠤᠶᠢᠯᠠᠩ  ᠲᠠᠪᠣᠨ ᠵᠠᠭᠤᠭᠠᠳ ᠡᠷᠦᠭᠡ 1400 ᠭᠠᠷᠦᠢ ᠠᠮᠨ ᠬᠦᠮᠦᠨ ᠲᠠᠢ ᠪᠠᠶᠠᠨᠬᠤᠸᠠ ᠭᠠᠴᠠᠭ᠎ᠠ ᠶᠢᠨ ᠢᠶᠠᠨ ᠬᠠᠮᠤᠭ ᠤᠨ ᠲᠣᠮᠣ ᠲᠣᠭᠤᠶᠢᠯᠠᠩ ᠪᠣᠯᠬᠤ  ᠪᠠᠶ᠋ᠬᠠᠷᠳᠡᠨᠢ ᠲᠣᠭᠤᠶᠢᠯᠠᠩ ᠤᠨ ᠮᠠᠯᠴᠢᠨ ᠰᠧᠷᠵᠢᠬᠤᠷᠯᠣ ᠶᠢᠨ ᠳᠤ ᠬᠦᠷᠴᠣ᠂ ᠲᠡᠭᠦᠨ ᠤ ᠭᠡᠷ ᠪᠦᠯᠢ᠂ ᠭᠡᠷᠭᠡᠢ ᠰᠠᠮᠠᠭ᠎ᠠ ᠶᠢᠨ ᠲᠣᠬᠠᠢ ᠠᠩᠬᠠᠨ ᠤ ᠰᠣᠷᠪᠣᠯᠵᠢᠯᠠᠭ᠎ᠠ ᠬᠢᠵᠣ ᠪᠢᠯᠨ᠃ ᠠᠶᠢᠯ ᠤᠨ ᠢᠶᠠᠨ ᠵᠡᠬᠦᠨ ᠬᠤᠶᠢᠨ᠎ᠠ  ᠰᠢᠭ᠋ ᠪᠠᠶᠢᠷᠢᠰᠢᠭᠰᠠᠨ ᠲᠣᠮᠣ ᠲᠦᠷᠪᠡᠨ ᠲᠠᠰᠣᠯᠭ᠎ᠠ ᠣᠯᠠᠭᠠᠨ ᠸᠠᠭᠠᠷ ᠤᠨ ᠪᠠᠶᠢᠰᠢᠩ ᠤᠨ ᠵᠡᠬᠦᠨ ᠨᠢ ᠭᠤᠷᠪᠠᠨ ᠲᠠᠰᠣᠯᠭ᠎ᠠ ᠪᠢᠴᠢᠬᠠᠨ ᠰᠢᠭ ᠸᠠᠭᠠᠷ ᠤᠨ ᠪᠠᠶᠢᠰᠢᠩ ᠵᠡᠷᠭᠡᠴᠡᠨ᠂ ᠲᠣᠮᠳᠡ ᠨᠢ ᠬᠤᠶᠠᠷ ᠲᠠᠰᠣᠯᠭ᠎ᠠ ᠰᠠᠩ ᠬᠦᠮᠦᠷᠭᠡ ᠲᠣᠭᠤᠭᠠᠨ ᠭᠡᠷ ᠲᠠᠢ ᠲᠣᠮᠣᠬᠠᠨ ᠬᠦᠷᠢᠶᠡᠨ ᠡᠬᠦᠳᠡᠨ ᠤ ᠬᠤᠶᠠᠷ ᠲᠠᠯ᠎ᠠ ᠳᠤ ᠨᠢᠭᠡ ᠨᠢᠭᠡ  ᠣᠯᠢᠶᠠᠰᠣᠨ ᠮᠣᠳᠣ ᠡᠩ  ᠰᠠᠴᠠᠭᠤ ᠭᠤᠷᠪᠠ ᠭᠤᠷᠪᠠᠨ ᠵᠢᠭᠳᠡ ᠰᠠᠶᠢᠬᠠᠨ ᠰᠠᠯᠠᠭ᠎ᠠ ᠲᠠᠢ ᠲᠡᠭᠷᠢ ᠶᠢ ᠪᠠᠭᠠᠨᠠᠳᠠᠨ ᠰᠡᠬᠦᠶᠢᠭᠡᠳ᠂ ᠶᠠᠭ ᠯᠨ ᠠᠶᠢᠯᠴᠢᠨ ᠭᠡᠶᠢᠴᠨ ᠢᠶᠠᠨ ᠲᠣᠰᠣᠨ ᠬᠦᠯᠢᠶᠡᠵᠣ ᠪᠠᠶᠢᠭ᠎ᠠ ᠶᠣᠮ ᠰᠢᠭ᠋ ᠲᠣᠯᠠᠭᠠᠨ ᠲᠠᠭᠠᠳᠠᠢ ᠬᠠᠷᠠᠭᠳᠠᠵᠣ᠂ ᠬᠦᠷᠢᠶᠡᠨ ᠭᠡᠷᠡᠮ ᠤᠨ ᠬᠠᠨ᠎ᠠ ᠲᠡᠭᠡᠷ᠎ᠡ ᠪᠠᠯᠭᠠᠰᠣ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ ᠠᠴᠠ ᠡᠨᠡ ᠵᠢᠯ  ᠤᠨ ︽3.8︾ ᠶᠢᠨ ᠲᠡᠯᠡᠭᠡᠢ ᠶᠢᠨ ᠬᠦᠳᠡᠯᠮᠦᠷᠢᠴᠢᠨ ᠡᠮᠡᠭᠲᠡᠶᠢᠴᠦᠳ ᠤᠨ ᠪᠠᠶᠠᠷ ᠢᠶᠠᠷ ᠣᠯᠭᠤᠭᠰᠠᠨ ︽ᠡᠮᠡᠭᠳᠡᠢ ᠬᠤᠰᠢᠭᠤᠴᠢ — ᠨᠠᠰᠣᠳᠠᠨ ᠢᠶᠠᠨ ᠠᠴᠢᠯᠠᠵᠣ ᠲᠦᠷᠦᠯ ᠰᠠᠳᠣᠨ ᠢᠶᠠᠨ ᠬᠠᠶᠢᠷᠠᠯᠠᠭᠰᠠᠨ ᠵᠢᠱᠢᠶᠡᠴᠢ︾ ᠭᠡᠮᠡᠬᠦ ᠮᠣᠩᠭᠤᠯ ᠬᠢᠳᠡᠳ ᠢᠶᠠᠷ ᠵᠡᠷᠭᠡᠴᠡᠬᠦᠯᠦᠨ ᠪᠢᠴᠢᠭᠰᠡᠨ ᠣᠯᠠᠭᠠᠨ ᠦᠰᠦᠭ ᠲᠠᠢ ᠠᠯᠳᠠᠨ ᠰᠢᠷᠭᠠᠯ ᠰᠠᠶᠢᠰᠢᠶᠠᠯ ᠤᠨ ᠫᠠᠶᠢᠵᠨ ᠨᠠᠷᠠᠨ ᠤ ᠭᠡᠷᠡᠯ ᠳᠤ ᠰᠢᠵᠢᠷᠳᠣᠨ᠎ᠡ᠃ ᠬᠠᠷ᠎ᠠ ᠪᠣᠷᠣ ᠴᠢᠷᠠᠢ ᠳᠠᠭᠠᠨ ᠬᠠᠯᠠᠭᠤᠨ ᠢᠨᠢᠶᠡᠮᠰᠦᠭ ᠲᠠᠢ ᠬᠦᠳᠡᠷ ᠲᠣᠮᠣ ᠪᠡᠶ᠎ᠡ ᠲᠠᠢ ᠬᠦᠷᠢᠶᠡᠨ ᠭᠠᠳᠠᠨ᠎ᠠ ᠪᠠᠨ ᠨᠠᠮᠠᠢᠢ ᠣᠭᠳᠣᠨ ᠠᠪᠣᠭᠰᠠᠨ ᠨᠢ ᠡᠨᠡ ᠭᠡᠷ ᠤᠨ ᠡᠵᠡᠨ  ᠰᠧᠷᠵᠢᠬᠤᠷᠯᠣ᠂ ᠬᠦᠷᠢᠶᠡᠨ ᠲᠣᠮᠳᠡ ᠪᠠᠨ ᠲᠠᠶᠠᠭ ᠲᠠᠢ ᠨᠠᠰᠣᠳᠠᠢ ᠡᠵᠢ ᠶᠢ ᠲᠦᠰᠢᠵᠣ ᠲᠣᠯᠵᠣ ᠨᠠᠷᠨ ᠰᠠᠯᠬᠢᠨ ᠦᠵᠡᠬᠦᠯᠵᠣ ᠶᠠᠪᠣᠭ᠎ᠠ ᠨᠢ ᠰᠧᠷᠵᠢᠬᠤᠷᠯᠣ ᠶᠢᠨ ᠭᠡᠷᠭᠡᠢ ᠰᠠᠮᠠᠭ᠎ᠠ᠃
        ᠴᠡᠪᠡᠷ ᠠᠭᠤᠵᠢᠮ ᠪᠠᠶᠢᠰᠢᠩ ᠭᠡᠷ ᠤᠨ ᠪᠠᠷᠠᠭᠤᠨ ᠦᠷᠦᠭᠡ ᠳᠤᠨᠢ ᠣᠷᠣᠭᠠᠳ ᠨᠠᠰᠣᠳᠠᠨ ᠡᠵᠢ ᠲᠠᠢ ᠮᠡᠨᠳᠦᠴᠢᠯᠡᠨ ᠠᠮᠣᠷ ᠡᠷᠢᠨ ᠵᠣᠯᠭᠠᠬᠤ ᠳᠤ᠂ ᠬᠠᠷᠠᠭ᠎ᠠ ᠲᠣᠩᠭᠠᠯᠠᠭ ᠰᠣᠨᠣᠷ ᠰᠠᠶᠢᠳᠠᠢ ᠶᠡᠷᠡᠨ ᠨᠢᠭᠡ ᠶᠢᠨ ᠦᠨᠳᠦᠷ ᠨᠠᠰᠣᠨ ᠬᠤᠳᠤᠭ ᠢ ᠵᠣᠭᠤᠭᠯᠠᠭᠰᠠᠨ ᠡᠨᠡᠷᠢᠩᠭᠦᠢ ᠵᠦᠭᠡᠯᠡᠨ ᠴᠢᠷᠠᠢ ᠲᠠᠢ ᠨᠠᠰᠣᠳᠠᠨ ᠡᠵᠢ  ︽ᠬᠦᠦ ᠮᠢᠨᠢ ᠰᠠᠶᠢᠨ ᠶᠠᠪᠣᠵᠣ ᠢᠷᠡᠪᠡ ᠦᠦ︖ ᠲᠣᠳᠣᠭᠰᠢ ᠰᠠᠭᠤ᠂ ᠲᠣᠳᠣᠭᠰᠢ ᠰᠠᠭᠤ︕︾ ᠭᠡᠮᠡᠨ ᠨᠠᠮᠠᠢᠢ ᠣᠷᠢᠵᠣ ᠪᠠᠶᠢᠯ᠎ᠠ᠃ ᠬᠦᠦ ᠪᠡᠷᠢ ᠰᠠᠮᠠᠭ᠎ᠠ ᠨᠢ ᠬᠠᠨᠵᠣᠨ ᠰᠢᠷᠡᠭᠡ ᠪᠠᠨ ᠵᠦᠯᠬᠦᠨ ᠬᠠᠪ ᠬᠠᠯᠠᠭᠤᠨ ᠰᠦ ᠲᠠᠢ ᠴᠠᠢ ᠶᠢ ᠡᠵᠢ ᠳᠡᠭᠡᠨ ᠣᠷᠢᠳᠠᠪᠠᠷ ᠪᠠᠷᠢᠵᠣ  ᠲᠠᠷᠠᠭ᠎ᠠ ᠨᠢ ᠨᠠᠳᠠᠳᠣ ᠠᠶᠠᠭᠠᠯᠠᠪᠠ᠃ ᠨᠠᠰᠣᠳᠠᠨ ᠠᠴᠠ ᠪᠢ᠄ ︽ᠡᠵᠢ ᠡ᠂ ᠲᠠ ᠭᠡᠷ ᠲᠡᠭᠡᠨ ᠭᠡᠳᠦᠬᠦᠯᠨ ᠪᠣᠢ︖︾ ᠭᠡᠬᠦ ᠳᠤ᠂ ᠨᠠᠰᠣᠳᠠᠨ᠄ ︽ᠨᠠᠳᠠ ᠳᠤ ᠭᠤᠷᠪᠠᠨ ᠦᠬᠢᠨ ᠲᠣᠯᠣᠭᠠᠨ ᠬᠦᠦ ᠲᠠᠢ ᠶᠣᠮ᠂ ᠣᠳᠣ ᠪᠢ ᠭᠤᠷᠪᠠᠳᠣᠭᠠᠷ ᠬᠦᠦ ᠬᠦᠦ ᠪᠡᠷᠢ ᠲᠠᠢ ᠪᠠᠨ᠂ ᠣᠮᠪᠣᠯ ᠲᠠᠢ ᠲᠣᠮᠪᠣᠯ ᠲᠠᠢ ᠪᠠᠨ ᠠᠮᠨ ᠪᠦᠯᠢ ᠲᠣᠯᠣᠭᠤᠯᠨ ᠠᠵᠣ ᠲᠦᠷᠦᠵᠣ ᠪᠠᠶᠢᠨ᠎ᠠ︾ ᠭᠡᠳ᠂ ᠭᠠᠵᠠᠷ ᠲᠣᠮᠳᠡ ᠭᠠᠷ ᠲᠠᠯᠪᠢᠨ ᠪᠡᠷᠢᠯᠡᠨ ᠵᠣᠭᠰᠣᠵᠣ ᠪᠠᠶᠢᠭ᠎ᠠ ᠰᠠᠮᠠᠭ᠎ᠠ ᠦᠭᠡᠳᠡ ᠬᠠᠨᠳᠣᠵᠣ᠂ ︽ᠪᠢ ᠶᠡᠷᠡᠨ ᠨᠠᠰᠣᠨ ᠤ ᠪᠠᠨ ᠲᠦᠴᠢᠨ ᠨᠠᠰᠣ ᠶᠢ ᠨᠢ ᠡᠨᠡ ᠪᠡᠷᠢ ᠲᠠᠢ ᠪᠠᠨ ᠬᠠᠮᠳᠣ ᠦᠩᠭᠡᠷᠡᠬᠦᠯᠵᠣ ᠪᠠᠶᠢᠨ᠎ᠠ᠂ ᠮᠢᠨᠣ ᠡᠨᠡ ᠪᠡᠷᠢ ᠶᠣᠰᠣᠳᠠᠢ ᠠᠷᠪᠠ ᠪᠠᠷ ᠨᠢᠭᠡ ᠶᠢ ᠰᠣᠯᠢᠬᠤ ᠦᠬᠡᠢ ᠰᠠᠶᠢᠨ ᠪᠡᠷᠢ ᠰᠢᠣ︕︾ ᠭᠡᠳ ᠦᠳᠡᠯᠦᠭᠡ ᠬᠦᠮᠦᠨ ᠤ ᠲᠣᠯᠪᠤ ᠠᠳᠦᠷᠢᠶ᠎ᠠ ᠰᠠᠭᠤᠭᠰᠠᠨ  ᠬᠠᠴᠠᠷ ᠲᠠᠭᠠᠨ ᠪᠠᠭ᠋ᠠᠳᠣᠯ ᠲᠣᠳᠣᠷᠠᠭᠤᠯᠣᠨ ᠮᠢᠰᠢᠶᠡᠵᠣ ᠡᠷᠡᠭᠡᠢ ᠵᠢᠭᠠᠨ ᠶᠠᠷᠢᠵᠣ ᠭᠠᠷᠣᠯ᠎ᠠ᠃         ᠬᠦᠳᠡᠭᠡ ᠲᠣᠰᠬᠤᠨ ᠮᠠᠯᠵᠢᠬᠤ ᠣᠷᠣᠨ ᠳᠤ ︽ᠬᠤᠷᠢᠶᠠᠯᠳᠠ ᠲᠠᠢ ᠨᠢ ᠬᠤᠯᠪᠣᠭᠳᠠᠭᠤᠯᠣᠨ ᠡᠷᠦᠭᠡ ᠳᠤ ᠲᠠᠭᠠᠭᠠᠴᠢᠯᠠᠭᠤᠯᠬᠤ︾ ᠲᠦᠷᠦ ᠶᠢᠨ ᠪᠣᠳᠣᠯᠭ᠎ᠠ ᠶᠢ ᠨᠠᠶᠢᠳᠠᠪᠦᠷᠢᠵᠢᠭᠤᠯᠣᠭᠰᠠᠨ ᠡᠬᠢᠨ ᠤ ᠵᠢᠯ ᠢᠶᠠᠷ᠂ ᠨᠢᠭᠡᠳᠦᠯ ᠪᠠᠷᠢᠭᠠᠳᠠ ᠳᠠᠭᠠᠨ ︽ᠲᠡᠮᠣᠷ ᠭᠡᠣᠭᠡᠨᠴᠣᠳ ᠤᠨ ᠠᠩᠬᠢ︾ ᠶᠢᠨ ᠨᠢᠭᠡᠨ ᠭᠡᠰᠢᠬᠦᠨ ᠪᠣᠯᠵᠣ ᠮᠠᠯ ᠲᠠᠷᠢᠶᠠᠯᠠᠩ ᠤᠨ ᠦᠨᠳᠦᠰᠦᠨ ᠪᠦᠳᠦᠭᠡᠨ ᠪᠠᠶᠢᠭᠤᠯᠣᠯᠳᠡ ᠶᠢᠨ ᠶᠡᠭᠡ ᠲᠣᠯᠣᠯᠳᠣᠭᠠᠨ ᠳᠤ ᠭᠠᠷᠮᠠᠭᠠᠶᠢᠯᠠᠨ ᠬᠢᠯᠠᠷᠠᠭᠤᠯᠵᠣ ᠶᠠᠪᠣᠭᠰᠠᠨ ᠰᠠᠮᠠᠭ᠎ᠠ᠂ ᠵᠠᠭᠤᠴᠢ ᠶᠢᠨ ᠲᠠᠨᠢᠯᠴᠠᠭᠤᠯᠭ᠎ᠠ ᠪᠠᠷ ᠨᠢᠭᠡ ᠭᠤᠣᠯ ᠢ ᠲᠠᠭᠠᠵᠣ ᠰᠠᠭᠤᠭᠰᠠᠨ ᠪᠣᠷᠣᠳᠣᠪᠤ ᠭᠠᠴᠠᠭ᠎ᠠ ᠠᠴᠠ  ᠪᠠᠨ ᠡᠮᠣᠨ᠎ᠡ ᠵᠠᠯᠭᠠᠯᠳᠤᠭ᠎ᠠ ᠪᠠᠶᠠᠨᠬᠤᠸᠠ ᠭᠠᠴᠠᠭ᠎ᠠ ᠳᠤ ᠲᠡᠭᠡᠷ᠎ᠡ ᠪᠠᠨ ᠠᠪᠤ ᠡᠵᠢ ᠲᠠᠢ ᠪᠠᠨ ᠡᠯᠢᠭᠡ ᠲᠦᠰᠢᠨ ᠵᠠᠶᠠᠭᠠᠭᠰᠠᠨ ᠭᠤᠷᠪᠠᠨ ᠡᠭᠡᠴᠢ ᠬᠤᠶᠠᠷ ᠠᠬ᠎ᠠ ᠲᠠᠢ᠂ ᠲᠡᠷᠭᠡᠳᠡ ᠪᠠᠨ ᠲᠦᠷᠪᠡᠨ ᠲᠡᠬᠦᠦ ᠲᠠᠢ ᠰᠧᠵᠢᠬᠤᠷᠯᠣ ᠲᠠᠢ ᠣᠷᠤᠭ ᠪᠠᠷᠢᠯᠳᠣᠨ ᠡᠨᠡᠬᠦ ᠲᠣᠮᠣ ᠭᠡᠷ ᠪᠦᠯᠢ ᠶᠢᠨ  ᠪᠡᠷᠢ ᠨᠢ ᠪᠣᠯᠵᠠᠢ᠃ ᠬᠠᠷᠢ ᠶᠢᠨ ᠭᠠᠵᠠᠷ ᠬᠠᠳᠠᠮ ᠤᠨ ᠭᠡᠷ ᠲᠤ ᠰᠠᠶ᠋ᠢ ᠮᠣᠷᠳᠠᠵᠣ ᠢᠷᠡᠬᠦ ᠳᠤ᠂ ᠰᠧᠵᠢᠬᠤᠷᠯᠣ ᠶᠢᠨ ᠶᠡᠭᠡ ᠠᠬ᠎ᠠ ᠨᠢ ᠴᠡᠷᠢᠭ ᠤᠨ ᠠᠯᠪᠠᠨ ᠳᠤ ᠶᠠᠪᠣᠵᠣ᠂ ᠭᠤᠷᠪᠠᠨ ᠡᠭᠡᠴᠢ ᠬᠤᠶᠠᠳᠣᠭᠠᠷ ᠠᠬ᠎ᠠ ᠨᠢ ᠴᠦᠮ ᠠᠶᠢᠯ ᠪᠣᠯᠵᠣ ᠠᠰᠳᠠᠭᠠᠨ ᠡᠷᠦᠭᠡ ᠪᠣᠰᠬᠠᠭᠠᠳ ᠲᠡᠬᠦᠦ ᠨᠠᠷ ᠨᠢ ᠴᠦᠮ ᠪᠠᠭ᠎ᠠ᠂ ᠲᠣᠮᠳᠠᠳᠣ ᠰᠣᠷᠭᠠᠭᠤᠯᠢ ᠳᠤ ᠰᠣᠷᠣᠯᠭ᠎ᠠ ᠭᠦᠬᠡᠬᠡᠵᠣ᠂ ᠰᠧᠵᠢᠬᠤᠷᠯᠣ ᠪᠣᠯᠣᠨ ᠡᠵᠢ ᠬᠤᠶᠠᠷ ᠨᠢ ᠡᠨᠡ ᠭᠡᠷ  ᠤᠨ ᠢᠶᠠᠨ ᠭᠤᠣᠯ ᠬᠦᠳᠡᠯᠮᠣᠷᠢ ᠪᠣᠯᠵᠣ ᠠᠪᠤ ᠨᠢ ᠰᠢᠯᠳᠠᠭᠠᠨ ᠢ ᠨᠢ ᠦᠯᠦ ᠮᠡᠳᠡᠬᠦ ᠡᠪᠡᠳᠴᠢᠨ ᠳᠤ ᠨᠡᠷᠪᠡᠭᠳᠡᠵᠣ ᠭᠡᠪᠳᠡᠷᠢ ᠳᠤ ᠣᠷᠣᠭᠠᠳ ᠪᠠᠶᠢᠪᠠ᠃  ᠦᠭᠡ ᠲᠠᠭᠤ ᠴᠦᠭᠡᠨ ᠪᠣᠯᠪᠠᠴᠣ   ᠰᠠᠨᠠᠭ᠎ᠠ ᠰᠠᠷᠠᠭᠤᠯ ᠴᠤᠭ ᠵᠣᠯᠢ ᠪᠠᠳᠠᠷᠠᠩᠭᠤᠢ ᠰᠠᠮᠠᠭ᠎ᠠ᠂ ᠲᠦᠷᠦᠵᠣ ᠦᠰᠭᠡᠭᠰᠡᠨ ᠠᠪᠤ ᠶᠢᠨ ᠢᠶᠠᠨ ᠠᠯᠠᠭᠠᠨ ᠲᠡᠭᠡᠷ᠎ᠡ ᠡᠵᠢ ᠶᠢᠨ ᠢᠶᠠᠨ ᠡᠯᠢᠭᠡᠨ ᠳᠤ ᠦᠩ ᠦᠭᠡᠳᠡ ᠲᠠᠢ ᠲᠠᠪᠠᠭᠤᠯᠢᠭ ᠠᠮᠢᠳᠣᠷᠡᠯ ᠲᠠᠢ ᠪᠠᠶᠢᠭᠰᠠᠨ ᠪᠣᠯᠪᠠᠴᠣ ᠨᠢᠭᠡᠯᠨ ᠲᠡᠭᠡᠷ᠎ᠡ ᠡᠶᠢᠮᠣ ᠣᠯᠠᠨ ᠠᠮᠨ ᠪᠦᠯᠢ ᠲᠠᠢ ᠠᠨᠠᠶᠢᠬᠠᠨ ᠣᠨᠳᠣᠷᠣᠯᠭ᠎ᠠ ᠲᠠᠢ ᠠᠶᠢᠯ ᠳᠤ ᠵᠠᠶᠠᠭᠠᠯ᠎ᠠ ᠭᠡᠮᠡᠨ ᠡᠯᠳᠡᠪ ᠢ ᠪᠣᠳᠣᠵᠣ ᠭᠤᠮᠣᠳᠠᠨ ᠭᠤᠳᠣᠷᠠᠭᠰᠠᠨ  ᠴᠦ ᠦᠬᠡᠢ᠂ ᠡᠪᠦᠭᠡ ᠡᠮᠡᠭᠡ ᠠᠴᠠ ᠪᠠᠨ ᠦᠪᠯᠡᠵᠣ ᠡᠵᠢ ᠠᠪᠤ ᠠᠴᠠ ᠪᠠᠨ ᠵᠢᠭᠠᠭᠰᠠᠨ ᠠᠴᠢᠯᠠᠯ ᠵᠢᠷᠦᠮ ᠲᠠᠢ ᠠᠵᠣ ᠲᠦᠷᠦᠵᠤ ᠶᠠᠪᠤᠬᠤ ᠣᠯᠠᠮᠵᠢᠯᠠᠯ ᠰᠣᠷᠭᠠᠯ ᠢᠶᠠᠨ ᠪᠣᠣ ᠮᠠᠷᠳᠠᠶ᠎ᠠ ᠭᠡᠳ ᠬᠠᠨᠢ ᠨᠦᠬᠦᠷ ᠰᠧᠵᠢᠬᠤᠷᠯᠣ ᠲᠠᠢ ᠪᠠᠨ ᠰᠡᠳᠬᠢᠯ ᠲᠠᠭᠠᠷᠠᠨ ᠡᠷᠳᠡᠯᠡᠨ ᠣᠷᠣᠶᠢᠯᠠᠵᠣ ᠡᠮᠵᠡᠭ ᠲᠠᠢ ᠠᠪᠤ ᠪᠠᠨ ᠠᠰᠠᠷᠠᠬᠤ ᠠᠴᠠ ᠣᠰᠣ ᠲᠠᠮᠨᠠᠬᠤ᠂ ᠠᠮᠣ ᠴᠠᠶᠢᠯᠭᠠᠬᠤ᠂ ᠡᠪᠡᠰᠣ ᠲᠦᠯᠡᠭᠡ ᠬᠤᠮᠢᠬᠤ᠂  ᠬᠤᠭᠤᠯᠨ ᠪᠣᠳᠠᠭ᠎ᠠ ᠪᠠᠵᠠᠭᠠᠬᠤ᠂ ᠦᠢᠯᠨ ᠣᠳᠠᠰᠣ ᠣᠶᠣᠬᠤ᠂ ᠲᠠᠷᠢᠶ᠎ᠠ ᠠᠷᠴᠢᠨ ᠮᠠᠯ ᠠᠷᠠᠴᠢᠯᠠᠬᠤ ᠵᠡᠷᠭᠡ ᠭᠡᠷ ᠭᠠᠳᠠᠨ᠎ᠠ ᠶᠢᠨ ᠠᠯᠢ ᠣᠯᠠᠨ ᠠᠵᠢᠯ ᠬᠦᠳᠡᠯᠮᠣᠷᠢ ᠳᠤ ᠪᠣᠷᠪᠢ ᠪᠤᠰᠬᠢᠯ ᠦᠬᠡᠢ ᠰᠢᠭᠤᠳᠪᠠ᠃ ᠰᠠᠮᠠᠭ᠎ᠠ ᠶᠢ ᠡᠳᠡᠨᠠᠶᠢᠬᠢᠨ ᠳᠤ ᠮᠣᠷᠳᠠᠵᠣ ᠢᠷᠡᠭᠰᠡᠨ ᠨᠢᠭᠡ ᠵᠢᠯ ᠢᠯᠡᠬᠦᠦ ᠶᠢᠨ ᠲᠣᠷᠰᠢ᠂ ᠬᠤᠪᠢᠳᠠᠵᠣ ᠲᠠᠭᠠᠭᠠᠴᠢᠯᠠᠭᠰᠠᠨ ᠬᠤᠨᠢ ᠢᠮᠠᠭ᠎ᠠ ᠦᠭᠡᠷ ᠮᠣᠷᠢ ᠨᠢ ᠦᠷᠡᠵᠢᠨ ᠲᠦᠯᠵᠢᠵᠣ᠂  ᠲᠠᠷᠢᠵᠣ ᠲᠠᠩᠨᠠᠭᠰᠠᠨ‌‍ᠲ᠋ᠠᠷᠢᠶ᠎ᠠ ᠲᠦᠮᠦᠰᠣ ᠨᠢ ᠰᠠᠩ ᠲᠦᠬᠦᠷᠡᠩ ᠬᠤᠷᠢᠶᠠᠵᠣ᠂ ᠰᠧᠵᠢᠬᠤᠷᠯᠣ ᠰᠠᠮᠠᠭ᠎ᠠ ᠬᠤᠶᠠᠷ ᠤᠨ ᠬᠠᠶᠢᠷ᠎ᠡ  ᠶᠢᠨ ᠴᠡᠴᠡᠭ ᠨᠢ ᠵᠢᠮᠢᠰᠯᠡᠭᠡᠳ ᠪᠦᠭᠡᠮ ᠪᠠᠶᠠᠷ ᠨᠡᠮᠡᠵᠣ ᠦᠭᠡᠳᠡᠯᠡᠬᠦ ᠠᠶᠢᠯ ᠤᠨ ᠦᠷ᠎ᠡ ᠵᠠᠯᠭᠠᠵᠣ  ᠣᠣᠭᠠᠨ ᠬᠦᠦ ᠪᠡᠨ‌‍ᠲ᠋ᠡᠪᠡᠷᠢᠪᠡ᠃ ᠰᠠᠮᠠᠭ᠎ᠠ ᠶᠢᠨ ᠡᠳᠦᠷᠵᠢᠨ ᠬᠠᠳᠠᠮ ᠡᠵᠢ   ᠲᠠᠢ ᠪᠠᠨ ᠬᠠᠮᠵᠢᠨ ᠡᠮ ᠲᠠᠩ᠂ ᠢᠳᠡᠰᠢ ᠣᠣᠭᠤᠰᠢ ᠶᠢ  ᠨᠢ ᠦᠢᠷᠠᠳᠣᠭᠤᠯᠵᠣ ᠨᠢᠮᠪᠠᠢ ᠠᠰᠠᠷᠠᠭᠰᠠᠨ ᠢᠶᠠᠷ ᠠᠪᠤ ᠨᠢ ᠲᠡᠷᠨ ᠨᠢᠭᠡᠨ ᠪᠦᠭᠡᠮ ᠪᠠᠶᠠᠷ ᠪᠣᠯᠣᠭᠰᠠᠨ ᠡᠳᠦᠷ᠂  ᠨᠢᠭᠡᠯᠨ ᠲᠡᠭᠡᠷ᠎ᠡ ᠬᠠᠨᠵᠣ ᠣᠷᠣ ᠠᠴᠠ ᠪᠠᠨ ᠰᠠᠯᠵᠣ ᠭᠠᠶᠢᠬᠠᠮᠰᠢᠭ ᠲᠠᠢ ᠪᠠᠷ  ᠦᠨᠳᠡᠶᠢᠨ ᠪᠣᠰᠪᠠ᠃ ᠭᠡᠳᠣᠨ ᠵᠢᠯ ᠬᠦᠮᠦᠨ ᠤ ᠭᠠᠷ ᠲᠤ ᠣᠷᠣᠵᠣ ᠵᠣᠪᠠᠵᠣ ᠪᠠᠴᠢᠮᠳᠠᠭᠰᠠᠨ ᠨᠠᠰᠣᠳᠠᠨ ᠦᠷ᠎ᠡ ᠶᠢᠨ ᠢᠶᠠᠨ ᠦᠷ᠎ᠡ ᠪᠠᠨ ᠦᠵᠡᠭᠡᠳ ᠬᠠᠷᠢᠨ ᠡᠪᠡᠳᠴᠢᠨ ᠬᠠᠭᠤᠴᠢᠨ ᠨᠢ ᠪᠦᠷᠢᠮᠦᠰᠦᠨ ᠡᠳᠡᠭᠡᠷᠡᠵᠠᠢ᠃  ︽ᠮᠢᠨᠣ ᠬᠦᠦ ᠪᠡᠷᠢ ᠨᠠᠮᠠᠢᠢ ᠠᠴᠢᠯᠠᠵᠣ ᠮᠢᠨᠣ ᠣᠮᠪᠣᠯ ᠮᠢᠨᠣ ᠠᠮᠢ ᠶᠢ ᠠᠪᠣᠷᠠᠵᠠᠢ︕︾ ᠭᠡᠮᠡᠨ ᠪᠠᠶᠠᠷᠯᠠᠨ ᠲᠣᠭᠳᠣᠯᠵᠣ᠂ ᠦᠪᠡᠷ ᠤᠨ ᠲᠡᠷᠨ ᠵᠢᠯ ᠤᠨ ᠨᠠᠰᠣᠨ ᠲᠤᠭ᠎ᠠ ᠪᠠᠷ ᠢᠶᠠᠨ ᠣᠮᠪᠣᠯ ᠳᠠᠭᠠᠨ  ︽ᠲᠠᠪᠢᠠᠨᠠᠢᠮᠨ︾ ᠭᠡᠰᠡᠨ ᠮᠠᠰᠢ ᠣᠳᠬ᠎ᠠ ᠲᠦᠭᠦᠷᠡᠩ ᠨᠡᠷ᠎ᠡ ᠬᠠᠶᠢᠷᠠᠯᠠᠭᠰᠠᠨ ᠪᠠᠶᠢᠵᠠᠢ᠃
         ᠨᠢᠭᠡ ᠠᠶᠢᠯ ᠭᠡᠷ ᠲᠤ ᠠᠪᠴᠣ ᠬᠡᠯᠡᠪᠡᠯ᠂ ᠨᠠᠰᠣᠳᠠᠨ ᠲᠣᠮᠣᠭᠠᠳᠠᠨ ᠨᠢ ᠲᠠᠷᠦᠢ ᠰᠠᠶᠢᠨ ᠪᠠᠭᠰᠢ ᠮᠦᠨ᠃ ᠰᠠᠮᠠᠭ᠎ᠠ᠂ ᠲᠡᠷᠨ ᠴᠠᠭ ᠦᠶ᠎ᠡ ᠶᠢᠨ ᠨᠦᠬᠦᠴᠡᠯ ᠠᠴᠠ ᠰᠢᠯᠲᠠᠭᠠᠯᠠᠭᠳᠠᠵᠣ ᠠᠶᠢᠯ ᠤᠨ ᠪᠠᠭ᠎ᠠ ᠰᠣᠷᠭᠠᠭᠤᠯᠢ ᠪᠠᠨ ᠲᠦᠩᠭᠡᠨ  ᠲᠡᠭᠦᠰᠭᠡᠵᠣ ᠨᠠᠰᠣᠨ ᠠᠴᠠ ᠪᠠᠨ ᠡᠮᠣᠨ᠎ᠡ  ᠣᠶᠢᠯᠨ ᠣᠳᠠᠰᠣ᠂  ᠬᠦᠨᠳᠣ ᠬᠦᠳᠡᠯᠮᠦᠷᠢ ᠳᠤ ᠣᠷᠣᠯᠴᠠᠵᠣ᠂ ᠴᠠᠢ ᠣᠰᠤ ᠬᠤᠭᠤᠯᠨ ᠬᠤᠰᠢ ᠪᠡᠯᠡᠳᠭᠡᠬᠦ ᠳᠤ ᠴᠠᠭᠠᠷᠠᠵᠠᠢ᠃ ᠡᠵᠢ ᠠᠪᠤ ᠶᠢᠨ ᠢᠶᠠᠨ ᠲᠡᠷᠭᠡᠳᠡ ᠪᠠᠶᠢᠬᠤ ᠳᠤ ᠪᠠᠷᠢᠭᠠᠳᠠ ᠨᠡᠶᠢᠲᠡ ᠶᠢᠨ ᠮᠠᠯ ᠲᠠᠷᠢᠶ᠎ᠠ ᠶᠢᠨ ᠬᠦᠳᠡᠯᠮᠦᠷᠢ ᠠᠵᠢᠯ ᠳᠤ ᠣᠷᠣᠯᠴᠠᠬᠤ ᠶᠢᠨ ᠵᠡᠷᠭᠡᠪᠡᠷ ᠨᠠᠰᠣᠳᠠᠨ ᠡᠪᠦᠭᠡ ᠡᠮᠡᠭᠡ ᠪᠠᠨ ᠲᠡᠭᠡᠳᠦᠯᠡᠨ ᠠᠰᠠᠷᠠᠬᠤ ᠶᠢ ᠬᠦᠢᠴᠡᠳᠭᠡᠬᠦ ᠲᠣᠮᠳᠡ ᠠᠴᠠ ᠲᠡᠷᠨ ᠠᠬᠠᠰ ᠵᠠᠬᠠᠰ ᠢᠶᠠᠨ ᠬᠦᠨᠳᠦᠯᠡᠨ ᠲᠡᠬᠦᠦ ᠨᠠᠷ ᠨᠢᠯᠬ᠎ᠠ ᠶᠢ ᠬᠠᠶᠢᠷᠠᠯᠠᠬᠤ᠂ ᠲᠣᠰᠠᠴᠢ ᠬᠦᠮᠦᠨ ᠪᠤᠯᠵᠤ ᠠᠵᠢᠯᠴᠢ ᠰᠢᠳᠣᠷᠭᠤ ᠵᠢᠷᠣᠮ ᠲᠠᠢ ᠶᠠᠪᠤᠬᠤ ᠶᠣᠰᠣ ᠶᠢ ᠰᠣᠷᠴᠣ ᠭᠡᠬᠦᠳᠡᠭ ᠴᠡᠭᠡᠵᠢᠨ ᠳᠡᠭᠡᠨ ᠪᠠᠲᠦ ᠴᠡᠭᠡᠵᠢᠯᠡᠵᠠᠢ ᠃ ᠠᠪᠤ ᠨᠢ ᠡᠪᠡᠳᠴᠢᠯᠴᠵᠣ᠂ ᠲᠠᠪᠣᠨ ᠰᠣᠷᠣᠭᠴᠢ ᠵᠡᠷᠭᠡᠪᠡᠷ ᠰᠣᠷᠭᠠᠭᠤᠯᠢ ᠳᠤ ᠰᠣᠷᠣᠯᠴᠠᠬᠤ ᠪᠣᠯᠣᠭᠰᠠᠨ ᠢᠶᠠᠷ ᠰᠧᠷᠵᠢᠬᠤᠷᠯᠣ  ᠠᠷᠭ᠎ᠠ ᠪᠣᠰᠣ ᠲᠡᠭᠡᠳᠣ ᠲᠣᠮᠳᠠᠳᠣ ᠪᠠᠨ ᠨᠢᠭᠡ ᠵᠢᠯ ᠡᠮᠣᠨ᠎ᠡ ᠲᠡᠭᠦᠰᠭᠡᠵᠣ ︵ᠲᠣᠬᠠᠢ ᠶᠢᠨ ᠦᠶᠡᠰ ᠲᠡᠭᠡᠵᠣ ᠲᠡᠭᠦᠰᠭᠡᠵᠣ ᠪᠠᠶᠢᠵᠠᠢ︶ ᠠᠷᠣ ᠭᠡᠷ ᠲᠡᠭᠡᠨ ᠬᠠᠷᠢᠵᠣ ᠠᠶᠢᠯ ᠭᠡᠷ ᠢᠶᠠᠨ ᠲᠣᠳᠣᠮᠳᠠᠨ ᠠᠵᠢᠯ ᠬᠦᠳᠡᠯᠮᠣᠷᠢ ᠳᠤ ᠣᠷᠣᠯᠴᠠᠵᠠᠢ᠃ ᠰᠠᠮᠠᠭ᠎ᠠ ᠶᠢ ᠪᠡᠷᠢ ᠪᠣᠯᠵᠤ ᠮᠣᠷᠳᠠᠨ ᠢᠷᠡᠬᠦ ᠳᠤ᠂  ᠡᠨᠡ ᠭᠡᠷ ᠤᠨ ᠣᠨᠴᠠᠯᠢᠭ ᠨᠢ ᠬᠦᠮᠦᠨ ᠣᠯᠠᠨ᠂ ᠬᠦᠦ ᠣᠯᠠᠨ᠂ ᠰᠣᠷᠣᠭᠴᠢ ᠣᠯᠠᠨ᠂ ᠬᠦᠳᠡᠯᠮᠦᠷᠢ ᠴᠦᠭᠡᠨ᠃  ᠰᠠᠮᠠᠭ᠎ᠠ ᠰᠧᠷᠵᠢᠬᠤᠷᠯᠣ ᠬᠤᠶᠠᠭᠤᠯᠨ ᠠᠶᠢᠯ ᠭᠡᠷ ᠪᠠᠶᠢᠭᠤᠯᠣᠭᠰᠠᠨ ᠠᠩᠬᠠᠨ ᠤ ᠡᠳᠦᠷ ᠠᠴᠠ ᠪᠠᠨ ᠡᠨᠡ ᠭᠡᠷ ᠤᠨ ᠭᠠᠳᠠᠨ᠎ᠠ ᠲᠣᠳᠣᠨ᠎ᠠ ᠠᠵᠢᠯ ᠤᠨ ᠭᠤᠣᠯ ᠪᠠᠭᠠᠳᠣᠷ ᠪᠣᠯᠵᠣ᠂ ᠡᠪᠡᠳᠴᠢᠨ ᠲᠠᠢ ᠠᠪᠤ ᠪᠠᠨ ᠠᠰᠠᠷᠠᠬᠤ ᠪᠠ ᠰᠣᠷᠭᠠᠭᠤᠯᠢ ᠳᠤ ᠰᠠᠭᠤᠭ᠎ᠠ ᠲᠡᠬᠦᠦ ᠨᠠᠷ ᠤᠨ ᠢᠶᠠᠨ ᠬᠦᠨᠡᠰᠦ ᠬᠤᠭᠤᠯᠨ ᠶᠢ ᠬᠦᠷᠦᠯᠴᠡᠬᠦᠶᠢᠴᠡ ᠪᠡᠯᠡᠳᠭᠡᠵᠣ᠂ ᠬᠤᠪᠴᠠᠰᠣ ᠲᠠᠪᠠᠯ ᠢ ᠨᠢ ᠲᠣᠪᠬᠢᠵᠣ ᠦᠭᠬᠦ᠂ ᠬᠤᠪᠢᠳᠠᠭᠰᠠᠨ ᠲᠠᠷᠢᠶ᠎ᠠ ᠮᠠᠯ ᠢᠶᠠᠨ ᠠᠷᠠᠴᠢᠯᠠᠨ ᠦᠷᠡᠵᠢᠬᠦᠯᠬᠦ ᠲᠡᠭᠡᠷ᠎ᠡ ᠪᠦᠬᠦ ᠣᠶᠣᠨ ᠣᠬᠠᠭᠠᠨ ᠪᠠ ᠬᠦᠴᠦᠨ ᠴᠢᠳᠠᠯ ᠢᠶᠠᠨ ᠰᠢᠪᠬᠠᠵᠠᠢ᠃  ᠰᠠᠮᠠᠭ᠎ᠠ ᠰᠧᠷᠵᠢᠬᠤᠷᠯᠣ ᠬᠤᠶᠠᠭᠤᠯᠨ ᠠᠷᠬᠠᠭ ᠡᠮᠵᠡᠭ ᠲᠠᠢ ᠪᠣᠯᠣᠭᠰᠠᠨ ᠠᠪᠤ᠂ ᠠᠭᠰᠢᠷᠠᠭ᠎ᠠ ᠪᠣᠯᠣᠭᠰᠠᠨ ᠡᠵᠢ ᠶᠢᠨ ᠢᠶᠠᠨ ᠡᠬᠦᠷᠭᠡ ᠲᠠᠷᠣᠭᠠᠰᠣ ᠶᠢ ᠬᠦᠩᠭᠡᠯᠡᠨ᠂  ᠭᠡᠷ ᠤᠨ ᠠᠯᠢᠪᠠ ᠭᠡᠷᠡᠭ ᠣᠴᠢᠷ ᠲᠤ ᠲᠦᠰᠢᠭ ᠪᠣᠯᠵᠣ ᠡᠵᠡᠨ ᠮᠡᠳᠡᠭᠰᠡᠨ ᠬᠤᠪᠢ ᠪᠠᠷ ᠲᠡᠬᠦᠦ ᠨᠠᠷ ᠨᠢ ᠪᠣᠯᠣᠭᠰᠠᠨ ᠪᠣᠯᠪᠠᠴᠣ ᠴᠡᠷᠢᠭ ᠤᠨ ᠠᠯᠪᠠᠨ ᠳᠤ  ᠶᠠᠪᠣᠭᠠᠳ ᠢᠷᠡᠭᠰᠡᠨ ᠶᠡᠭᠡ ᠠᠬ᠎ᠠ ᠶᠢᠨ ᠢᠶᠠᠨ ᠬᠤᠷᠢᠮ ᠢ ᠪᠡᠯᠡᠳᠭᠡᠨ ᠲᠦᠬᠦᠭᠡᠷᠡᠨ ᠬᠢᠵᠣ ᠦᠭᠴᠠᠢ᠃ ᠦᠪᠡᠷᠰᠡᠳ ᠢᠶᠠᠨ ᠰᠣᠷᠣᠯᠭ᠎ᠠ ᠲᠣᠷᠭᠤᠨ ᠵᠣᠭᠰᠣᠭᠰᠠᠨ ᠳᠠᠭᠠᠨ ᠬᠠᠷᠠᠮᠰᠠᠨ ᠡᠷᠡᠮᠡᠯᠵᠡᠯᠡᠯ ᠬᠦᠰᠡᠯ ᠢᠶᠠᠨ ᠲᠡᠬᠦᠦ ᠨᠠᠷ ᠲᠠᠭᠠᠨ ᠲᠠᠯᠪᠢᠨ ᠲᠦᠷᠪᠡᠨ ᠲᠡᠬᠦᠦ ᠪᠠᠨ ᠲᠡᠭᠡᠳᠣ ᠲᠣᠮᠳᠠᠳᠣ ᠲᠡᠭᠦᠰᠳᠡᠯ᠎ᠡ ᠪᠢᠴᠢᠭ  ᠦᠵᠡᠬᠦᠯᠦᠭᠰᠡᠨ ᠪᠦᠭᠡᠳ ᠨᠢᠭᠡᠳ ᠨᠢᠭᠡ ᠪᠠᠷ ᠠᠶᠢᠯ ᠭᠡᠷ ᠪᠣᠯᠭᠠᠵᠵᠣ ᠠᠰ ᠠᠰ ᠲᠤᠨᠢ ᠠᠮᠢᠳᠣᠷᠡᠯ ᠤᠨ ᠵᠠᠮ  ᠳᠤᠨᠢ ᠬᠦᠳᠦᠯᠵᠠᠢ᠃ ᠭᠡᠳᠦᠶᠢᠪᠡᠷ ᠲᠡᠷᠨ ᠬᠤᠶᠠᠷ ᠤᠨ ᠬᠦᠳᠡᠯᠮᠣᠷᠢ ᠶᠢᠨ ᠣᠷᠣᠯᠭ᠎ᠠ ᠨᠢ ᠮᠠᠰᠢ ᠬᠢᠵᠠᠭᠠᠷ ᠲᠠᠢ ᠪᠣᠯᠪᠠᠴᠣ ᠵᠢᠭᠡᠯᠡᠨ ᠲᠡᠭᠰᠢᠯᠡᠵᠣ ᠪᠠᠶᠢᠭᠠᠳ  ᠲᠡᠳᠡᠨᠡᠷ ᠲᠠᠭᠠᠨ ᠬᠤᠷᠢᠮ ᠤᠨ ᠵᠠᠷᠣᠳᠠᠯ᠂  ᠡᠨᠡ ᠲᠡᠷᠨ ᠦᠷᠢ ᠰᠢᠷᠢ ᠭᠡᠮᠡᠨ ᠨᠢᠭᠡ ᠮᠦᠩᠬᠦ ᠴᠦ ᠣᠨᠣᠭᠳᠠᠭᠤᠯᠣᠭᠰᠠᠨ ᠦᠬᠡᠢ᠃ ᠨᠡᠩ ᠴᠦ ᠣᠳᠬᠤᠨ ᠲᠡᠭᠦᠦ   ᠪᠠᠨ ᠬᠠᠷᠠᠬᠠᠨ ᠪᠠᠭ᠎ᠠ  ᠠᠴᠠ ᠨᠢ ᠬᠠᠯᠠᠮᠵᠢᠯᠠᠨ ᠰᠠᠨᠠᠵᠣ᠂ ᠪᠠᠭ᠎ᠠ ᠰᠣᠷᠭᠠᠭᠤᠯᠢ ᠠᠴᠠ ᠶᠡᠭᠡ ᠰᠣᠷᠭᠠᠭᠤᠯᠢ ᠲᠡᠭᠦᠰᠳᠡᠯ᠎ᠡ ᠪᠢᠴᠢᠭ  ᠦᠵᠡᠬᠦᠯᠵᠣ ᠂ ᠪᠠᠰᠨ ᠪᠠᠭᠰᠢ ᠶᠢᠨ ᠠᠵᠢᠯ ᠳᠤ ᠭᠠᠷᠭᠠᠵᠣ᠂ ᠠᠯᠣᠰ ᠬᠤᠯᠨ ᠨᠢᠩᠴᠧᠩ ᠰᠢᠶᠠᠨ ᠳᠤ ᠠᠶᠢᠯ ᠭᠡᠷ ᠪᠣᠯᠭᠠᠵᠣ ᠦᠭᠡᠳᠡ ᠲᠠᠳᠠᠭᠰᠠᠨ ᠨᠢ ᠦᠨᠡᠯᠡᠰᠢ ᠦᠬᠡᠢ ᠠᠴᠢ ᠭᠠᠪᠢᠶ᠎ᠠ ᠲᠠᠢ ᠠᠬ᠎ᠠ ᠪᠡᠷᠭᠡᠨ ᠪᠣᠯᠬᠤ ᠶᠣᠮ᠃ ᠰᠠᠮᠠᠭ᠎ᠠ ᠶᠢᠨ ᠬᠠᠳᠠᠮ ᠠᠪᠤ ᠡᠵᠢ ᠨᠢ ᠠᠶᠢᠯ ᠬᠤᠳᠣᠭᠤᠷ ᠲᠠᠭᠠᠨ ᠨᠡᠷ᠎ᠡ ᠬᠦᠨᠳᠣ ᠲᠠᠢ᠂  ᠬᠦᠮᠦᠰ ᠲᠤ  ᠬᠠᠯᠠᠭᠤᠮᠰᠤᠭ ᠲᠣᠳᠤᠨᠤ᠂ ᠭᠡᠣᠭᠡᠳ ᠦᠷ᠎ᠡ ᠳᠡᠭᠡᠨ ᠰᠣᠷᠭᠠᠯ ᠴᠢᠩᠭ᠎ᠠ ᠪᠠᠶᠢᠳᠠᠭ ᠶᠣᠮ᠃ ᠡᠳᠦᠷ ᠲᠣᠳᠣᠮ ᠤᠨ ᠠᠷᠰᠠᠷ ᠵᠦᠢᠯ ᠠᠴᠠ ᠠᠵᠢᠯ ᠠᠮᠢᠳᠣᠷᠡᠯ ᠲᠡᠭᠡᠷ᠎ᠡ ᠬᠦᠷᠳᠡᠯ᠎ᠡ ᠬᠦᠦ ᠨᠦᠭᠦᠳ ᠢᠶᠠᠨ ᠬᠠᠳᠠᠭᠤ ᠴᠢᠩᠭ᠎ᠠ ᠱᠠᠭᠠᠷᠳᠠᠨ ᠰᠣᠷᠭᠠᠳᠠᠭ ᠪᠣᠯᠪᠠᠴᠣ ᠰᠠᠮᠠᠭ᠎ᠠ  ᠶᠢ ᠬᠠᠷᠢᠨ ᠦᠪᠡᠷ ᠤᠨ ᠭᠡᠣᠭᠡᠨ ᠢᠶᠠᠨ ᠰᠢᠭ ᠢᠳᠡᠭᠡᠨ ᠰᠠᠨᠠᠵᠣ ᠪᠡᠷᠢ ᠪᠠᠨ ᠶᠡᠷᠦ ᠨᠢ ︽ᠢᠩᠬᠢ︕ ᠴᠢᠩᠬᠢ︕︾ ᠭᠡᠮᠡᠨ ᠵᠢᠭᠠᠨ ᠵᠠᠬᠢᠳᠠᠭ ᠦᠬᠡᠢ᠃ ᠰᠠᠮᠠᠭ᠎ᠠ ᠴᠦ ᠡᠨᠡ ᠭᠡᠷ ᠤᠨ ᠢᠶᠠᠨ ᠵᠠᠩᠰᠢᠯ ᠵᠢᠷᠣᠮ ᠢ ᠪᠠᠷᠢᠮᠳᠠᠯᠠᠨ ᠲᠠᠭᠠᠵᠣ᠂  ᠪᠣᠭᠤᠷᠣᠯ ᠬᠤᠶᠠᠷ ᠨᠠᠰᠣᠳᠠᠨ ᠤ ᠪᠠᠨ ᠨᠢᠭᠡ ᠦᠭᠡ ᠨᠢᠬᠡ ᠬᠠᠷᠠᠴᠨ ᠠᠴᠠ ᠨᠢ ᠲᠡᠳᠡᠨᠡᠷ ᠤᠨ ᠢᠶᠠᠨ ᠰᠠᠨᠠᠭ᠎ᠠ ᠪᠣᠳᠣᠯ ᠢ ᠦᠢᠯᠠᠭᠠᠨ᠂ ᠴᠠᠭ ᠢᠠᠮᠭᠳᠠ ᠣᠰᠣᠯ ᠠᠳᠡᠬᠦᠦ ᠭᠠᠷᠭᠠᠬᠤ ᠠᠴᠠ ᠪᠣᠯᠭᠤᠮᠵᠢᠯᠠᠨ ᠬᠢᠴᠢᠶᠡᠳᠡᠭ᠃  ᠨᠠᠰᠣ ᠪᠠᠷ ᠢᠶᠠᠨ ᠰᠦᠷᠦᠭ ᠤᠨ ᠲᠣᠭᠤᠰᠣ ᠲᠠᠭᠠᠵᠣ ᠲᠠᠷᠢᠶᠠᠨ ᠵᠣᠷᠬ᠎ᠠ ᠪᠠᠷᠢᠭᠰᠠᠨ ᠠᠵᠢᠯᠴᠢ ᠪᠣᠷᠤᠭᠵᠢᠭᠤᠨ ᠲᠠᠯᠨ ᠭᠠᠷᠣᠭᠰᠠᠨ  ᠬᠠᠳᠠᠮ ᠠᠪᠤ ᠨᠢ ᠵᠢᠷᠦᠬᠡᠨ ᠡᠪᠡᠳᠴᠢᠨ  ᠲᠣᠰᠴᠣ ᠪᠡᠶ᠎ᠡ ᠳᠡᠭᠡᠨ ᠵᠦᠪ ᠦᠭᠡᠢ ᠪᠣᠯᠵᠣ᠂ ᠰᠠᠮᠠᠭ᠎ᠠ ᠭᠡᠳᠦᠶᠢᠪᠡᠷ ᠡᠳᠣᠷ ᠰᠦᠨᠢ ᠦᠭᠡᠢ ᠰᠡᠳᠬᠢᠯ ᠲᠠᠯᠪᠢᠨ ᠠᠰᠠᠷᠠᠨ ᠰᠣᠪᠢᠯᠠᠭᠰᠠᠨ ᠪᠣᠯᠪᠠᠴᠣ ᠭᠤᠷᠪᠠᠨ ᠵᠢᠯ ᠪᠣᠯᠣᠭᠠᠳ ᠪᠣᠰᠣᠳ ᠬᠦᠨᠳᠣ ᠡᠪᠡᠳᠴᠢᠨ ᠲᠠᠪᠬᠤᠷᠯᠠᠵᠣ᠂ ᠬᠦᠦ ᠪᠡᠷᠢ ᠶᠢᠨ ᠢᠶᠠᠨ ᠠᠴᠢᠯᠠᠯ ᠵᠢᠷᠦᠮ ᠢ ᠪᠦᠬᠦᠯᠢ ᠬᠤᠷᠢᠨ ᠨᠢᠭᠡᠨ ᠵᠢᠯ ᠬᠦᠯᠢᠶᠡᠭᠰᠡᠨ ᠲᠠᠯᠠᠨ ᠨᠠᠢᠮᠠᠨ ᠨᠠᠰᠣᠳᠠᠢ ᠡᠨᠡ ᠭᠡᠷ ᠤᠨ ᠦᠨᠳᠦᠷ ᠲᠦᠰᠢᠭ  ᠶᠢᠷᠲᠢᠨᠴᠦ ᠠᠴᠠ ᠠᠶᠠᠷᠯᠠᠨ ᠠᠩᠬᠢᠵᠢᠷᠠᠵᠠᠢ᠃  ᠠᠪᠤ  ᠠᠴᠠ ᠨᠢ ᠬᠤᠶᠢᠨ᠎ᠡ ᠡᠵᠢ ᠶᠢᠨ ᠬᠢᠨ ᠪᠡᠶ᠎ᠡ ᠮᠡᠳᠡᠭᠳᠡᠮ᠎ᠡ ᠮᠠᠭᠤᠳᠠᠵᠣ ᠰᠧᠷᠵᠢᠬᠤᠷᠯᠣ ᠰᠠᠮᠠᠭ᠎ᠠ ᠬᠤᠶᠠᠷ ᠲᠤ ᠮᠠᠰᠢ ᠶᠡᠭᠡ ᠰᠡᠳᠬᠢᠯ ᠤᠨ ᠲᠠᠷᠣᠭᠠᠰᠣ ᠨᠡᠮᠡᠭᠳᠡᠪᠡ᠃  ᠭᠡᠷᠬᠢᠨ ᠡᠳᠦᠷ ᠪᠦᠷᠢ ᠡᠵᠢ ᠪᠠᠨ ᠰᠠᠨᠠᠭ᠎ᠠ ᠵᠣᠪᠠᠵᠣ ᠣᠶᠢᠮᠣᠷᠬᠤ ᠦᠬᠡᠢ᠂ ᠰᠡᠳᠬᠢᠯ  ᠡᠮᠳᠡᠷᠡᠨ ᠭᠠᠭᠴᠠᠭᠠᠷᠳᠠᠭᠤᠯᠬᠤ ᠦᠬᠡᠢ ᠪᠠᠶᠢᠬᠤ ᠶᠢ ᠪᠣᠳᠣᠵᠣ᠂ ᠲᠡᠷᠨ ᠬᠤᠶᠠᠭᠤᠯᠨ ᠭᠡᠷ ᠠᠴᠠ ᠪᠠᠨ ᠬᠤᠯᠠ ᠰᠠᠯᠵᠣ ᠴᠢᠳᠠᠬᠤ ᠦᠬᠡᠢ ᠪᠣᠯᠵᠠᠢ᠃ ᠡᠵᠢ ᠨᠢ ᠲᠠᠯᠠᠨ ᠨᠠᠢᠮᠠᠨ ᠨᠠᠰᠣᠨ ᠳᠠᠭᠠᠨ ᠨᠢᠭᠡ ᠣᠳᠠᠭ᠎ᠠ ᠬᠦᠨᠳᠣ ᠡᠪᠡᠳᠴᠢᠯᠠᠵᠣ᠂ ᠪᠠᠰᠨ ᠰᠦᠰᠦ ᠶᠢᠨ ᠮᠡᠰᠨ ᠵᠠᠰᠠᠯ  ᠠᠪᠣᠭᠰᠠᠨ ᠠᠴᠠ ᠬᠤᠶᠢᠨ᠎ᠠ ᠡᠪᠣᠯ ᠬᠠᠪᠣᠷ ᠴᠠᠭ ᠣᠯᠠᠷᠢᠯ ᠬᠤᠪᠢᠷᠠᠬᠤ ᠪᠠᠷ ᠬᠢᠯᠪᠠᠷᠬᠠᠨ ᠬᠢᠮᠣᠷᠠᠭ᠎ᠠ ᠲᠠᠭᠰᠢᠭᠤᠷ ᠬᠦᠷᠴᠣ᠂ ᠬᠦᠳᠡᠯᠵᠣ ᠪᠠᠷᠢᠬᠤ ᠠᠨᠠᠢ᠂ ᠬᠦᠮᠦᠨ ᠢᠶᠠᠷ  ᠲᠡᠮᠨᠡᠬᠦᠯᠬᠦ ᠪᠣᠯᠣᠭᠠᠳ ᠠᠷᠪᠠᠭᠠᠳ ᠵᠢᠯ ᠪᠣᠯᠵᠣ ᠬᠠᠵᠠᠭᠤᠳᠠ ᠠᠴᠠ ᠨᠢ ᠨᠢᠭᠡ ᠡᠳᠦᠷ ᠰᠦᠨᠢ ᠴᠦ ᠬᠦᠮᠦᠨ ᠰᠠᠯᠵᠣ ᠦᠵᠡᠭᠡᠳᠦᠢ᠂  ᠰᠠᠮᠠᠭ᠎ᠠ ᠨᠠᠰᠣᠳᠠᠨ ᠤ ᠪᠠᠨ ᠣᠶᠢᠴᠢᠵᠣ ᠲᠣᠰᠣᠭᠠᠳ ᠡᠶᠢᠮᠣ ᠲᠡᠶᠢᠮᠣ ᠪᠣᠯᠭᠤᠵᠠᠢ ᠭᠡᠮᠡᠨ ᠢᠮᠠᠭᠳᠠ ᠠᠶᠣᠨ ᠡᠮᠢᠶᠡᠨ᠎ᠡ᠃ ᠰᠠᠮᠠᠭ᠎ᠠ ᠨᠠᠰᠣᠳᠠᠨ ᠢᠶᠠᠨ ᠠᠰᠠᠷᠠᠨ ᠰᠣᠪᠢᠯᠠᠬᠤ ᠶᠢᠨ ᠲᠦᠯᠦᠭᠡ ᠠᠷᠪᠠᠭᠠᠳ ᠯᠨ ᠭᠠᠵᠠᠷ ᠤᠨ ᠵᠠᠶᠢᠳᠠᠢ ᠲᠦᠷᠬᠦᠮ ᠳᠡᠭᠡᠨ ᠲᠡᠮᠡᠢ ᠣᠯᠠᠨ ᠬᠠᠷᠢᠳᠠᠭ ᠦᠭᠡᠢ᠂ ᠬᠠᠶᠠ ᠨᠢᠭᠡ ᠤᠳᠠᠭ᠎ᠠ  ᠶᠠᠭᠠᠷᠠᠤ ᠰᠠᠨᠳᠤᠷᠤ ᠲᠦᠷᠬᠦᠮᠴᠢᠯᠡᠬᠦ ᠳᠡᠭᠡᠨ ᠭᠡᠳᠦᠶᠢᠪᠡᠷ ᠲᠦᠷᠬᠦᠮ ᠤᠨ ᠲᠡᠬᠦᠦ ᠪᠡᠷᠢ ᠨᠢ ᠨᠠᠰᠣᠳᠠᠢ ᠡᠵᠢ ᠶᠢ ᠨᠢ  ᠲᠡᠬᠦᠨ ᠲᠠᠢ ᠠᠳᠠᠯᠢ ᠨᠢᠮᠪᠠᠢ ᠠᠰᠠᠷᠠᠨ ᠰᠣᠪᠢᠯᠠᠵᠤ ᠪᠠᠶᠢᠪᠠᠴᠤ᠂ ᠦᠷᠭᠦᠭᠡ ᠭᠡᠷ ᠠᠴᠠ ᠪᠠᠨ ᠭᠠᠷᠴᠤ ᠲᠡᠶᠢᠯᠬᠦ ᠪᠠᠨ ᠪᠤᠯᠢᠭᠰᠠᠨ ᠡᠵᠢ ᠶᠢᠨ  ᠢᠶᠠᠨ ᠰᠠᠯᠵᠦ ᠶᠠᠳᠠᠭᠰᠡᠨ ᠵᠠᠶᠢᠷᠲᠦ  ᠨᠢᠳᠦ ᠶᠢ ᠬᠠᠷᠠᠭᠠᠳ ᠲᠤᠶᠢᠯ ᠤᠨ ᠥᠷᠤᠪᠳᠦᠯ ᠤᠨ ᠰᠡᠳᠬᠢᠯᠭᠡ ᠶᠢ ᠡᠪᠤᠷᠯᠡᠨ ᠨᠢᠯᠪᠣᠰᠣ ᠲᠠᠢ ᠬᠠᠷᠢᠵᠣ ᠢᠷᠡᠳᠡᠭ  ᠃ ᠲᠡᠭᠡᠭᠡᠳ ᠵᠠᠷᠢᠮ ᠳᠠᠭᠠᠨ ᠪᠠᠰᠠ  ︽ᠦᠪᠡᠷ ᠢᠶᠠᠨ ᠪᠢ ᠬᠦᠦ ᠨᠢ ᠪᠣᠯᠣᠭᠰᠠᠨ ᠴᠤ ᠪᠣᠯ ᠳ᠋ᠠ᠂ ᠬᠠᠵᠠᠭᠤᠳᠡ ᠠᠴᠠ ᠨᠢ ᠰᠠᠯᠬᠤ ᠦᠬᠡᠢ ᠪᠢᠰᠢᠣ︕︾ ᠭᠡᠵᠣ ᠪᠤᠳᠤᠳᠠᠭ ᠭᠡᠨ᠎ᠡ᠃   ᠡᠪᠡᠳᠴᠢᠨ ᠠᠷᠬᠠᠭ ᠲᠠᠢ ᠦᠳᠡᠯᠦᠭᠡ ᠨᠠᠰᠣᠳᠠᠨ ᠢ ᠠᠰᠠᠷᠠᠬᠤ ᠬᠠᠮᠤᠭ ᠤᠨ ᠬᠦᠴᠢᠷ ᠨᠢ ᠦᠳᠭᠡᠨ ᠰᠢᠩᠭᠡᠨ ᠮᠦᠷ ᠢ ᠨᠢ ᠠᠷᠢᠯᠠᠭᠠᠵᠣ ᠵᠦᠭᠡᠭᠡᠭᠦ᠂ ᠬᠤᠪᠴᠠᠰᠣ ᠬᠦᠨᠵᠢᠯᠨ ᠶᠢ ᠨᠢ ᠣᠬᠢᠶᠠᠵᠣ ᠴᠡᠪᠡᠷᠯᠡᠬᠦ ᠶᠠᠪᠣᠳᠠᠯ ᠲᠡᠳᠦᠢ ᠪᠢᠰᠢ᠂ ᠢᠳᠡᠬᠦ ᠣᠣᠭᠤᠬᠤ ᠶᠢ ᠨᠢ ᠲᠣᠬᠢᠷᠠᠭᠤᠯᠬᠤ᠂ ᠬᠠᠯᠠᠭᠤᠨ ᠬᠦᠢᠳᠡᠨ ᠢ ᠨᠢ ᠲᠡᠩᠴᠡᠬᠦᠯᠬᠦ ᠨᠢ ᠬᠠᠷᠢᠨ ᠬᠢᠯᠪᠡᠷ ᠦᠬᠡᠢ ᠣᠴᠢᠷ ᠶᠣᠮ ᠪᠠᠶᠢᠨ᠎ᠠ᠃  ᠰᠠᠮᠠᠭ᠎ᠠ ᠬᠠᠶ᠋ᠨ ᠨᠢᠭᠡ ᠲᠡᠪᠴᠢᠵᠣ ᠲᠡᠰᠬᠦ ᠦᠬᠡᠢ ᠣᠴᠢᠵᠣ ᠢᠷᠡᠬᠦ ᠣᠴᠢᠷ ᠢᠶᠠᠷ ᠭᠡᠷ ᠠᠴᠠ ᠪᠠᠨ ᠭᠠᠷᠴᠣ  ᠬᠠᠭᠠᠰ ᠡᠳᠦᠷ ᠨᠢᠭᠡ  ᠬᠤᠨᠤᠭ ᠢᠶᠠᠷ ᠭᠠᠳᠠᠭᠰᠢ ᠭᠠᠷᠪᠠᠯ ᠦᠢᠷᠠᠬᠠᠨ ᠪᠠᠶᠢᠭ᠎ᠠ  ᠠᠪᠢᠰᠣᠨ ᠠᠵᠢᠨ ᠨᠠᠷ ᠨᠢ ᠢᠷᠡᠵᠣ ᠬᠤᠭᠤᠯᠨ ᠴᠠᠢ ᠶᠢ ᠨᠢ ᠪᠡᠯᠡᠳᠭᠡᠵᠣ ᠦᠭᠳᠡᠭ ᠣᠳᠠᠭ᠎ᠠ ᠲᠠᠢ᠃ ᠭᠡᠪᠡᠴᠣ ᠲᠡᠳᠡᠨᠡᠷ ᠶᠠᠭᠠᠬᠢᠵᠣ ᠴᠢᠷᠮᠠᠶᠢᠯ᠎ᠠ ᠭᠡᠳ ᠬᠠᠨᠵᠣ ᠶᠢ ᠬᠦᠢᠳᠡᠨ ᠪᠣᠯᠭᠠᠵᠠᠢ᠂ ᠬᠤᠭᠤᠯᠠᠨ ᠤ ᠲᠠᠪᠣᠰᠣ ᠨᠢ ᠲᠣᠳᠠᠭᠰᠠᠨ ᠦᠬᠡᠢ ᠪᠣᠯ ᠲᠣᠰᠣ ᠨᠢ ᠠᠬᠠᠳᠠᠯ᠎ᠠ ᠭᠡᠳ ᠪᠣᠰᠣᠳ ᠪᠡᠷᠢ ᠪᠠᠨ ᠲᠣᠭᠤᠵᠣ ᠶᠠᠳᠠᠨ ᠭᠠᠭᠴᠠᠬᠦ ᠰᠠᠮᠠᠭ᠎ᠠ ᠶᠢᠨ ᠭᠠᠷ ᠠᠴᠠ ᠯᠨ ᠠᠶᠠᠭ᠎ᠠ ᠲᠣᠰᠬᠤ ᠲᠣᠷᠠᠳᠠᠢ ᠪᠣᠯᠵᠠᠢ᠃ ᠰᠠᠮᠠᠭ᠎ᠠ ᠴᠦ ᠡᠵᠢ ᠶᠢᠨ ᠰᠠᠨᠠᠯ ᠬᠠᠶᠢᠷ᠎ᠡ ᠶᠢ ᠪᠦᠷᠢᠨ ᠦᠢᠯᠠᠭᠠᠵᠣ ᠶᠠᠭᠤ ᠪᠦᠬᠦᠨ ᠢ ᠦᠪᠡᠷ ᠤᠨ ᠭᠠᠷ  ᠢᠶᠠᠷ ᠢᠶᠠᠨ  ᠪᠡᠯᠡᠳᠭᠡᠵᠣ᠂ ᠨᠠᠰᠣᠳᠠᠨ ᠢ ᠡᠷᠬᠢᠵᠣ ᠪᠣᠯᠭᠤᠭᠠᠬᠤ ᠪᠠᠷ ᠢᠷᠡᠭᠰᠡᠨ ᠲᠡᠷᠨ ᠣᠯᠠᠨ ᠦᠢᠷ᠎ᠡ  ᠲᠦᠷᠦᠯ᠂ ᠠᠬ᠎ᠠ ᠲᠡᠬᠦᠦ ᠰᠠᠳᠣᠨ ᠪᠦᠬᠦᠨ ᠢ ᠭᠡᠶᠢᠴᠢᠨ ᠤ ᠶᠣᠰᠣᠭᠠᠷ ᠴᠠᠶᠢᠯᠠᠵᠣ ᠵᠣᠴᠢᠯᠠᠭᠠᠳ ᠢᠯᠡᠭᠡᠨ᠎ᠡ᠃
          ︽ᠦᠭᠡᠳᠡᠯᠡᠬᠦ ᠠᠶᠢᠯ ᠤᠨ ᠦᠭᠡ ᠨᠢ ᠨᠢᠭᠡ᠂ ᠦᠰᠬᠦ ᠮᠠᠯ ᠤᠨ ᠦᠩᠭᠡ ᠨᠢ ᠨᠢᠭᠡ︾ ᠭᠡᠳᠡᠭᠴᠢᠯᠡᠨ ᠰᠠᠮᠠᠭ᠎ᠠ ᠰᠧᠷᠵᠢᠬᠤᠷᠯᠣ ᠬᠤᠶᠠᠭᠤᠯᠠ ᠬᠤᠷᠢᠮᠯᠠᠵᠣ ᠠᠶᠢᠯ ᠭᠡᠷ ᠪᠣᠯᠣᠭᠰᠠᠨ ᠲᠦᠴᠢ ᠰᠢᠬᠠᠮ ᠵᠢᠯ ᠤᠨ ᠲᠤᠷᠰᠢ᠂  ᠦᠳᠡᠯᠦᠭᠡ ᠨᠠᠰᠣᠳᠠᠨ ᠢᠶᠠᠨ ᠠᠰᠠᠷᠠᠬᠤ᠂ ᠡᠪᠡᠳᠴᠢᠨ ᠡᠮᠵᠡᠭ ᠢᠶᠠᠨ ᠦᠵᠡᠬᠦᠯᠵᠣ ᠵᠠᠰᠠᠭᠤᠯᠬᠤ᠂  ᠭᠡᠣᠭᠡᠳ ᠨᠢᠯᠬᠠᠰ  ᠢᠶᠠᠨ ᠲᠦᠷᠦᠵᠣ ᠦᠰᠭᠡᠬᠦ᠂  ᠨᠡᠶᠢᠭᠡᠮ ᠨᠡᠶᠢᠳᠡ ᠶᠢᠨ ᠬᠠᠷᠢᠯᠴᠠᠭᠠᠨ ᠠᠵᠢᠯᠯᠠᠭᠠᠨ ᠳᠤ ᠣᠷᠣᠯᠴᠠᠬᠤ ᠵᠡᠷᠭᠡ ᠠᠯᠢ ᠣᠯᠠᠨ ᠠᠮᠢᠳᠣᠷᠡᠯ ᠤᠨ ᠠᠯᠬᠤᠮ ᠪᠦᠷᠢ ᠳᠤ ᠬᠠᠷᠢᠯᠴᠠᠨ ᠬᠦᠨᠳᠦᠳᠭᠡᠨ ᠬᠠᠷᠢᠯᠴᠠᠨ ᠬᠠᠮᠳᠣᠷᠠᠯᠴᠠᠵᠣ᠂ ᠶᠡᠷᠦ ᠠᠴᠠ ᠴᠢᠷᠠᠢ ᠬᠤᠪᠢᠷᠠᠨ ᠨᠢᠭᠡ ᠨᠢᠭᠡᠨ ᠳᠡᠭᠡᠨ ᠭᠡᠳᠡᠷ ᠶᠣᠳᠡᠷ ᠦᠭᠡ ᠭᠡᠯᠡᠵᠣ ᠭᠡᠯᠨ ᠶᠠᠷᠢᠶᠠᠨ  ᠪᠣᠯᠳᠠᠭ ᠦᠭᠡᠢ᠃ ᠨᠢᠭᠡᠨ ᠴᠠᠭ ᠲᠤ ᠰᠢᠭᠤᠳᠴᠣ ᠲᠣᠭᠳᠠᠬᠤ ᠳᠤ ᠲᠦᠪᠡᠭ ᠲᠠᠢ ᠣᠴᠢᠷ ᠬᠠᠷᠭᠤᠬᠤ ᠪᠣᠯᠭᠠᠨ ᠳᠤ ᠡᠷ᠎ᠡ ᠡᠮ᠎ᠡ ᠬᠤᠶᠠᠭᠤᠯᠠ  ᠪᠠᠨ ᠬᠠᠷᠢᠯᠴᠠᠨ ᠨᠠᠶᠢᠷ ᠬᠠᠶᠠᠯᠴᠠᠵᠦ᠂ ᠡᠶᠡᠯᠳᠡᠭ ᠲᠠᠯᠪᠢᠭᠤ ᠪᠠᠷ ᠵᠦᠪᠳᠡᠯᠴᠡᠨ ᠰᠢᠢᠳᠪᠤᠷᠢᠯᠡᠳᠡᠭ ᠠᠴᠠ ᠨᠠᠰᠣᠳᠠᠳ  ᠤᠨ ᠢᠶᠠᠨ ᠡᠮᠣᠨ᠎ᠡ  ᠴᠢᠷᠠᠢ ᠬᠤᠪᠢᠯᠵᠣ᠂ ᠬᠡᠤᠬᠡᠳ ᠠᠴᠢᠨᠠᠷ ᠤᠨ ᠢᠶᠠᠨ ᠡᠮᠤᠨ᠎ᠡ ᠨᠢᠭᠤᠷ  ᠣᠯᠠᠶᠢᠵᠣ ᠦᠵᠡᠭᠰᠡᠨ ᠦᠬᠡᠢ᠂ ᠮᠠᠰᠢ ᠡᠶ᠎ᠡ ᠨᠠᠶᠢᠷᠳᠠᠢ ᠭᠡᠷ ᠪᠦᠯᠢ ᠶᠢᠨ ᠴᠢᠯᠦᠭᠡᠳᠡᠢ ᠣᠷᠴᠢᠨ ᠢ ᠪᠦᠷᠢᠯᠳᠦᠭᠦᠯᠦᠭᠰᠡᠨ ᠪᠠᠶᠢᠨ᠎ᠠ᠃ ᠭᠡᠷ  ᠲᠡᠭᠡᠨ ᠠᠴᠢᠯᠠᠯ ᠲᠠᠢ ᠭᠠᠳᠠᠨ᠎ᠠ ᠪᠠᠨ ᠬᠦᠷᠢᠶᠡᠯᠡᠯ ᠲᠠᠢ ᠰᠧᠷᠵᠢᠬᠤᠷᠯᠣ ᠬᠠᠮᠳᠣ ᠣᠯᠠᠨ ᠪᠣᠯᠣᠨ ᠵᠣᠬᠢᠶᠠᠨ ᠪᠠᠶᠢᠭᠤᠯᠣᠯᠳᠡ ᠶᠢᠨ ᠢᠳᠡᠭᠡᠯ ᠨᠠᠶᠢᠳᠠᠪᠦᠷᠢ ᠶᠢ ᠬᠦᠯᠢᠶᠡᠵᠣ ᠣᠷᠢᠳ ᠬᠤᠵᠢᠳ ᠪᠠᠭ᠎ᠠ ᠲᠣᠭᠤᠶᠢᠯᠠᠩ ᠤᠨ ᠲᠠᠷᠤᠭ᠎ᠠ᠂ ᠠᠮᠣᠷ ᠢ ᠬᠠᠮᠠᠭᠠᠯᠠᠬᠤ ᠭᠠᠴᠠᠭᠠᠨ ᠲᠠᠷᠤᠭ᠎ᠠ  ᠂ ᠱᠦᠵᠢ ᠶᠢᠨ ᠠᠯᠪᠠ ᠲᠣᠰᠢᠶᠠᠯ   ᠢ ᠠᠷᠪᠠᠭᠠᠳ ᠵᠢᠯ ᠬᠠᠷᠢᠭᠤᠴᠠᠪᠠ᠃ ᠰᠣᠮᠣ ᠪᠠᠯᠭᠠᠰᠣ ᠳᠠᠭᠠᠨ ︽ᠰᠢᠯᠢᠳᠡᠭ ᠡᠪ ᠬᠠᠮᠳᠣ ᠨᠠᠮ ᠤᠨ ᠭᠡᠰᠢᠬᠦᠨ︾ ᠢᠶᠠᠷ ᠰᠠᠶᠢᠰᠢᠶᠠᠭᠳᠠᠵᠣ ᠶᠠᠪᠣᠭᠰᠠᠨ ᠰᠧᠷᠵᠢᠬᠤᠷᠯᠣ  ᠠᠷᠪᠠᠨ ᠵᠢᠯ ᠤᠨ ᠡᠮᠣᠨ᠎ᠡ ᠪᠡᠶ᠎ᠡ ᠶᠢᠨ ᠡᠷᠡᠬᠦᠯ ᠴᠢᠬᠢᠷᠠᠭ ᠤᠨ ᠬᠠᠷᠠᠭ᠎ᠠ ᠠᠴᠠ ᠪᠣᠯᠵᠣ ᠡᠷᠡᠮᠡᠯᠵᠡᠯᠡᠵᠣ  ᠭᠠᠴᠠᠭ᠎ᠠ ᠶᠢᠨ ᠱᠦᠵᠢ ᠶᠢᠨ ᠲᠣᠰᠢᠶᠠᠯ ᠢᠶᠠᠨ ᠶᠡᠭᠦᠯᠡᠪᠡ᠃  ᠰᠧᠷᠵᠢᠬᠤᠷᠯᠣ ᠶᠢᠨ ︽ᠭᠡᠷ ᠭᠠᠳᠠᠨ᠎ᠠ ᠶᠢᠨ ᠠᠵᠢᠯ ᠲᠠᠪᠬᠤᠷᠯᠠᠭᠠᠳ ᠮᠢᠨᠣ ᠪᠡᠶ᠎ᠡ ᠴᠦ  ᠭᠡᠳᠣ ᠣᠳᠠᠭ᠎ᠠ ᠵᠢᠷᠦᠬᠡ ᠵᠣᠭᠰᠣᠵᠣ  ᠭᠡᠨᠡᠳᠳᠡ ᠬᠠᠮᠢᠭ᠎ᠠ ᠪᠣᠯ ᠬᠠᠮᠢᠭ᠎ᠠ ᠮᠡᠳᠡᠭᠡ ᠦᠬᠡᠢ ᠪᠣᠯᠵᠣ ᠦᠩᠭᠦᠷᠢᠭᠡᠳ ᠣᠨᠠᠨ᠎ᠠ᠃ ᠪᠢ ᠭᠠᠴᠠᠭ᠎ᠠ ᠲᠣᠭᠤᠶᠢᠯᠠᠩ ᠤᠨ ᠠᠵᠢᠯ ᠬᠠᠷᠢᠭᠤᠴᠠᠭᠰᠠᠨ ᠪᠠ ᠪᠡᠶ᠎ᠡ ᠡᠮᠵᠡᠭ ᠭᠠᠷᠣᠭᠰᠠᠨ ᠠᠴᠠ ᠲᠡᠬᠦᠨ ᠤ ᠲᠠᠷᠣᠭᠠᠰᠣ ᠮᠡᠳᠡᠭᠳᠡᠮ᠎ᠡ ᠠᠬᠠᠳᠠᠵᠠᠢ᠃ ᠭᠡᠪᠡᠴᠣ ᠪᠢ ᠪᠣᠯ ᠮᠠᠰᠢ ᠬᠤᠪᠢ ᠪᠣᠶᠠᠨ ᠲᠠᠢ ᠬᠦᠮᠦᠨ ᠰᠢᠣ᠂ ᠲᠡᠷᠨ ᠮᠢᠨᠢ ᠨᠠᠳᠠᠳᠣ ᠮᠠᠰᠢ ᠶᠡᠭᠡ ᠬᠦᠴᠦᠨ᠂ ᠬᠠᠶᠢᠷ᠎ᠡ ᠢᠳᠡᠭᠡᠯ ᠢ ᠦᠭᠳᠡᠭ᠃  ᠭᠡᠷᠭᠡᠢ ᠮᠢᠨᠢ ᠮᠠᠯ ᠣᠨᠤᠭ᠎ᠠ ᠡᠪᠡᠰᠣᠯᠡᠬᠦ᠂ ᠬᠤᠷᠢᠶ᠎ᠠ ᠬᠦᠷᠢᠶ᠎ᠡ ᠴᠡᠪᠡᠷᠯᠡᠬᠦ᠂ ᠠᠷᠭᠠᠯ ᠲᠦᠯᠡᠭᠡ  ᠦᠢᠷᠠᠳᠣᠭᠤᠯᠬᠤ ᠠᠵᠢᠯ ᠢ ᠪᠣᠯᠢᠶᠠᠯᠳᠣᠨ ᠬᠢᠵᠣ᠂ ᠦᠷᠬᠦᠯᠵᠢ  ᠨᠠᠮᠠᠢᠢ ᠬᠦᠳᠡᠯᠬᠦ ᠠᠴᠠ ᠡᠮᠣᠨ᠎ᠡ ᠬᠢᠭᠡᠳ ᠲᠠᠭᠤᠰᠬᠠᠴᠢᠬᠠᠳᠠᠭ ᠶᠣᠮ᠂  ᠪᠣᠰᠣᠳ ᠤᠨ ᠡᠷ᠎ᠡ ᠡᠮ᠎ᠡ ᠠᠳᠠᠯᠢ ︽ᠴᠢ ᠪᠠᠭᠠᠷᠠᠩ ᠪᠢ ᠰᠢᠭᠡᠷᠡᠩ︾ ᠭᠡᠮᠡᠨ ᠶᠠᠷᠬᠢᠶᠠᠨ ᠲᠠᠳᠠᠳᠠᠭ ᠦᠬᠡᠢ᠂ ᠦᠪᠡᠷ  ᠤᠨ ᠪᠡᠶ᠎ᠡ ᠨᠢ ᠦᠶ᠎ᠡ ᠭᠡᠰᠢᠬᠦᠦ ᠶᠢᠨ ᠭᠡᠷᠡᠮᠡᠯ ᠦᠷᠪᠢᠰᠦᠯ ᠲᠠᠢ ᠪᠣᠯᠣᠭᠰᠠᠨ ᠲᠡᠷᠨ ᠮᠢᠨᠢ᠂ ᠡᠪᠡᠳᠴᠣ ᠡᠪᠡᠷᠰᠢᠶᠡᠬᠦ  ᠪᠠᠨ ᠲᠡᠰᠪᠦᠷᠢᠯᠡᠨ ᠵᠠᠷᠢᠮ ᠳᠠᠭᠠᠨ ᠨᠠᠮᠠᠢᠢ ᠪᠡᠶ᠎ᠡ ᠮᠠᠭᠤᠳᠠᠢ ᠭᠡᠳ ᠰᠡᠷᠭᠦᠭᠡᠬᠦ ᠴᠦ ᠦᠬᠡᠢ ᠪᠠᠷ ᠱᠠᠩ ᠲᠠᠢ ᠲᠠᠷᠢᠶ᠎ᠠ ᠪᠠᠨ ᠦᠷ ᠢᠶᠠᠷ ᠬᠠᠳᠣᠵᠣ  ᠪᠣᠭᠤᠵᠢᠯᠠᠭᠠᠳ ᠬᠠᠷᠢᠵᠣ ᠢᠷᠡᠭᠡᠳ ᠡᠵᠢ ᠶᠢᠨ ᠴᠠᠢ ᠬᠤᠭᠤᠯᠨ ᠶᠢ  ᠪᠡᠯᠡᠳᠭᠡᠵᠣ ᠦᠷᠯᠦᠭᠡᠯᠡᠬᠦᠯᠦᠭᠡᠳ ᠶᠠᠭᠠᠷᠠᠤ ᠰᠠᠨᠳᠤᠷᠤᠤ ᠬᠠᠭᠠᠰ ᠳᠤᠳᠠᠭᠤ  ᠢᠳᠡᠵᠣ᠂ ᠲᠠᠬᠢᠨ ᠠᠶᠢᠯ ᠤᠨ ᠬᠦᠮᠦᠰ ᠲᠠᠢ ᠴᠤᠭ ᠡᠳᠦᠷ ᠤᠨ ᠠᠵᠢᠯ ᠳᠠᠭᠠᠨ ᠭᠠᠷᠳᠠᠭ ᠰᠢᠣ︕︾ ᠭᠡᠮᠡᠨ ᠰᠡᠳᠬᠢᠯ ᠲᠣᠭᠳᠣᠯᠣᠨ ᠶᠠᠷᠢᠭᠰᠠᠨ ᠨᠢ ᠡᠪ ᠡᠩ ᠤᠨ ᠵᠣᠭᠤᠭ ᠪᠣᠯᠪᠠᠴᠣ ᠨᠢᠭᠡ ᠠᠶᠢᠯ ᠭᠡᠷ ᠤᠨ ᠪᠦᠰᠡᠬᠦᠢ ᠬᠦᠮᠦᠨ ᠤ ᠡᠷᠬᠢᠮ ᠲᠡᠭᠡᠳᠣ ᠨᠠᠷᠠᠨ ᠰᠠᠷᠠᠨ ᠮᠡᠳᠣ ᠵᠦᠪ ᠡᠨᠧᠷᠬᠢ ᠲᠠᠢ ᠶᠠᠪᠣᠬᠤ ᠶᠢᠨ ᠦᠨᠡᠳᠣ ᠴᠢᠨᠠᠷ ᠢ ᠲᠣᠰᠬᠠᠵᠣ ᠴᠢᠳᠠᠵᠠᠢ᠃        ᠰᠠᠮᠠᠭ᠎ᠠ ᠠᠪᠢᠰᠣᠨ ᠠᠵᠢᠨ ᠨᠠᠷ ᠲᠠᠢ ᠪᠠᠨ ᠡᠶ᠎ᠡ ᠨᠠᠶᠢᠷᠰᠠᠭ᠂ ᠠᠴᠢ ᠬᠦᠪᠡᠭᠦᠳ ᠦᠬᠢᠳ ᠲᠠᠭᠠᠨ ᠡᠭᠡᠯᠢ  ᠲᠠᠢ ᠪᠠᠷ ᠦᠯᠦ ᠪᠠᠷᠠᠮ᠂ ᠠᠶᠢᠯ ᠰᠠᠭᠠᠬᠠᠯᠳᠠ ᠳᠠᠭᠠᠨ ᠲᠣᠰᠠᠯᠠᠨ ᠣᠶᠢᠷ᠎ᠠ ᠰᠠᠳᠤᠨ ᠢᠶᠠᠨ ᠮᠡᠲᠦ  ᠦᠵᠡᠨ᠂  ᠡᠶ᠎ᠡ ᠵᠣᠬᠢᠴᠠᠩᠭᠤᠢ ᠬᠠᠷᠢᠯᠴᠠᠨ ᠬᠠᠪᠰᠤᠷᠤᠯᠴᠠᠭᠰᠡᠨ ᠰᠢᠨ᠎ᠡ ᠴᠠᠭ ᠦᠶ᠎ᠡ ᠶᠢᠨ ᠬᠦᠷᠰᠢ ᠶᠢᠨ ᠬᠠᠷᠢᠴᠠᠭ᠎ᠠ ᠶᠢ ᠪᠠᠶᠢᠭᠤᠯᠤᠨ  ᠪᠠᠷᠢᠮᠳᠠᠯᠠᠳᠠᠭ᠃ ᠣᠯᠠᠨ ᠵᠢᠯ ᠤᠨ ᠲᠤᠷᠰᠢ᠂ ᠠᠶᠢᠯ ᠠᠶᠢᠮᠠᠭ ᠤᠨ ᠳᠣᠲᠤᠷ᠎ᠠ ᠪᠠᠨ ᠬᠤᠷᠢᠮ ᠨᠠᠶᠢᠷ ᠪᠣᠯᠬᠤ ᠪᠣᠶᠣ ᠶᠠᠮᠠᠷ ᠨᠢᠭᠡᠨ ᠬᠦᠴᠢᠷ ᠪᠡᠷᠭᠡ ᠲᠠᠢ ᠬᠦᠴᠦᠨ ᠲᠣᠳᠠᠭᠳᠠᠬᠤ ᠶᠠᠪᠤᠳᠠᠯ ᠤᠴᠢᠷ ᠲᠠᠭᠠᠷᠠᠯᠳᠤᠪᠠᠯ᠂ ᠲᠡᠷᠡ ᠬᠡᠵᠢᠶᠡᠳᠡ ᠬᠦᠶᠦᠨ ᠬᠦᠷᠴᠦ ᠴᠢᠳᠠᠯ ᠤᠨ ᠬᠢᠷᠢ ᠪᠠᠷ ᠢᠶᠠᠨ  ᠬᠠᠪᠰᠣᠷᠣᠨ ᠲᠡᠮᠵᠢᠳᠡᠭ᠃ ︽ᠠᠶᠢᠯ ᠠᠶᠢᠮᠠᠭ ᠤᠨ ᠠᠮᠢ ᠨᠢ ᠨᠢᠭᠡ ᠂ ᠠᠨᠵᠢᠰᠣᠨ ᠦᠭᠡᠷ ᠤᠨ ᠲᠦᠷᠦ ᠨᠢ ᠨᠢᠭᠡ︾ ᠪᠣᠯᠬᠤᠷ᠂ ᠲᠣᠰ ᠭᠠᠴᠠᠭ᠎ᠠ ᠶᠢᠨ  ᠨᠢᠭᠡ ᠬᠦᠴᠢᠷᠳᠠᠢ ᠡᠷᠦᠭᠡ ᠶᠢᠨ  ᠪᠢᠴᠢᠬᠠᠨ ᠭᠡᠣᠭᠡᠳ ᠴᠢᠰᠣ ᠴᠠᠶᠢᠬᠤ ᠡᠪᠡᠳᠴᠢᠨ ᠳᠤ ᠨᠡᠷᠪᠡᠭᠳᠡᠭᠰᠡᠨ ᠳᠤ᠂ ᠰᠠᠮᠠᠭ᠎ᠠ ᠰᠧᠷᠵᠢᠬᠤᠷᠯᠣ ᠬᠤᠶᠠᠭᠤᠯᠨ ᠭᠡᠷ  ᠲᠤᠨᠢ ᠬᠦᠷᠴᠣ 1000 ᠲᠦᠬᠦᠷᠢᠭ  ᠢᠶᠠᠷ ᠲᠡᠮᠵᠢᠨ ᠲᠣᠰᠠᠯᠠᠵᠠᠢ᠃ ᠮᠠᠰᠢᠨ ᠮᠣᠲ᠋ᠣᠷ ᠲᠦᠭᠡᠮᠡᠯᠵᠢᠭᠡᠳᠦᠢ ᠪᠠᠶᠢᠬᠤ  ᠳᠤ᠂  ᠠᠶᠢᠯ ᠰᠠᠭᠠᠬᠠᠯᠳᠠ ᠶᠢᠨ ᠬᠢᠨ ᠲᠦᠷᠭᠡᠨ ᠡᠪᠡᠳᠴᠢᠯᠡᠵᠣ ᠭᠠᠴᠢᠭᠳᠠᠪᠠᠯ ᠰᠧᠷᠵᠢᠬᠤᠷᠯᠣ ᠴᠦ ᠦᠪᠡᠷ ᠢᠶᠠᠨ ᠦᠳᠡᠰᠢ ᠣᠷᠣᠢ ᠢᠯᠭᠠᠯ ᠦᠬᠡᠢ ᠣᠨᠳᠠᠵᠣ ᠠᠮᠠᠷᠠᠬᠤ ᠪᠠᠨ ᠦᠷᠡᠭᠳᠡᠭᠦᠯᠦᠨ ᠡᠮᠨᠡᠯᠭᠡ ᠳᠤ ᠬᠦᠷᠭᠡᠵᠣ  ᠂ ᠡᠮᠴᠢ ᠲᠣᠮᠴᠢ ᠵᠠᠯᠠᠵᠣ ᠡᠮᠴᠢᠯᠡᠭᠦᠯᠳᠡᠭ ᠪᠠᠶᠢᠵᠠᠢ᠃  ᠰᠠᠮᠠᠭ᠎ᠠ ᠶᠢᠨ ᠠᠭᠤᠵᠢᠮ ᠲᠦᠯᠬᠢᠨ ᠵᠠᠩ ᠠᠷᠠᠨᠰᠢᠨ᠂ ᠡᠯᠪᠡᠷᠢᠯ ᠵᠢᠷᠦᠮ ᠲᠠᠢ ᠦᠢᠯᠨ ᠶᠠᠪᠣᠳᠠᠯ᠂ ᠦᠷ᠎ᠡ ᠭᠡᠣᠭᠡᠳ ᠢᠶᠠᠨ ᠦᠭᠡᠳᠡ ᠭᠡᠶᠢᠮᠣᠷᠢᠳᠠᠢ ᠰᠣᠷᠭᠠᠵᠣ ᠬᠦᠮᠦᠵᠢᠬᠦᠯᠦᠭᠰᠡᠨ ᠡᠭᠡᠯ ᠵᠢᠷ ᠤᠨ ᠪᠣᠯᠪᠠᠴᠣ ᠡᠷᠬᠢᠮ ᠲᠡᠭᠡᠳᠣ ᠦᠢᠯᠨ ᠠᠵᠢᠯᠯᠠᠭ᠎ᠠ ᠨᠢ ᠠᠶᠢᠯ ᠭᠠᠴᠠᠭ᠎ᠠ ᠨᠣᠳᠤᠭ ᠣᠰᠣᠨ ᠤ ᠪᠠᠨ ᠦᠭᠡ ᠶᠢᠨ ᠣᠭᠤᠰᠣᠷ ᠦᠯᠢᠭᠡᠷ ᠲᠠᠭᠤᠷᠢᠶᠠᠯ ᠪᠣᠯᠵᠣ᠂ 2014 ᠣᠨ ᠳᠤ᠂ ᠰᠠᠮᠠᠭ᠎ᠠ ᠪᠣᠷᠣᠠᠣᠰᠣ  ᠪᠠᠯᠭᠠᠰᠣ ᠶᠢᠨ ᠨᠠᠮ ᠤᠨ ᠬᠤᠷᠢᠶ᠎ᠠ ᠠᠷᠠᠳ ᠤᠨ ᠵᠠᠰᠠᠭ ᠤᠨ ᠣᠷᠳᠣᠨ ᠤ ᠪᠠᠨ ︽ᠰᠠᠶᠢᠨ ᠰᠠᠶᠢᠬᠠᠨ ᠭᠡᠷ ᠪᠦᠯᠢ︾᠂  2015 ᠣᠨ ᠳᠤ ᠪᠠᠭᠠᠷᠢᠨ ᠪᠠᠷᠠᠭᠤᠨ ᠬᠤᠰᠢᠭᠤᠨ ᠤ ᠨᠠᠮ ᠤᠨ ᠬᠤᠷᠢᠶ᠎ᠠ ᠶᠢᠨ ᠣᠬᠠᠭᠤᠯᠬᠤ ᠭᠡᠯᠳᠡᠰ᠂ ᠣᠶᠣᠨ ᠤ ᠪᠣᠯᠪᠠᠰᠣᠨ ᠤ ᠠᠯᠪᠠᠨ ᠭᠡᠷ᠂ ᠷᠠᠳᠢᠣ᠋  ᠲᠧᠯᠸᠢᠰ ᠦᠢᠯᠡᠴᠢᠯᠡᠭᠡᠨ ᠤ ᠲᠦᠪ᠂ ᠪᠠᠭᠠᠷᠢᠨ ᠪᠠᠷᠠᠭᠤᠨ ᠬᠤᠰᠢᠭᠤᠨ ᠤ ᠡᠮᠡᠭᠳᠡᠶᠢᠴᠣᠳ  ᠤᠨ ᠬᠤᠯᠪᠤᠭᠠᠲᠤ ᠬᠤᠷᠠᠯ ᠤᠨ ᠬᠠᠮᠳᠣᠷᠠᠨ ᠦᠷᠨᠢᠬᠦᠯᠦᠭᠰᠡᠨ ︽ᠬᠠᠮᠤᠭ ᠠᠴᠠ ᠭᠤᠶᠣ ᠭᠡᠷ ᠪᠦᠯᠢ ᠶᠢᠨ ᠬᠢᠨ ᠢ ᠡᠷᠢᠬᠦ︾ ᠠᠵᠢᠯᠯᠠᠭᠠᠨ ᠳᠤ ᠰᠠᠮᠠᠭ᠎ᠠ ︽ᠬᠠᠮᠤᠭ ᠠᠴᠠ ᠠᠴᠢᠯᠠᠯ ᠲᠠᠢ ᠪᠡᠷᠢ︾ ᠪᠠᠷ ᠴᠣᠯᠭᠤᠷᠠᠪᠠ︔  2016 ᠣᠨ  ᠳᠤ  ᠂ ᠪᠠᠯᠭᠠᠰᠣᠨ ᠤ ᠪᠠᠨ ᠨᠠᠮ ᠤᠨ ᠬᠤᠷᠢᠶ᠎ᠠ ᠠᠷᠠᠳ ᠤᠨ ᠵᠠᠰᠠᠭ ᠤᠨ ᠣᠷᠳᠣᠨ ᠤ ︽ᠶᠣᠰᠣ ᠮᠣᠷᠡᠯ ᠤᠨ ᠵᠢᠱᠢᠶᠡᠴᠢ︾ ᠶᠢᠨ ᠴᠣᠯᠨ ᠶᠢ ᠬᠦᠷᠳᠡᠪᠡ  ︔  ᠮᠦᠨ ᠵᠢᠯ ᠤᠨ ᠨᠠᠮᠣᠷ᠂  ᠲᠡᠷᠨ  ᠪᠠᠰᠨ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠨᠠᠰᠣᠳᠠᠶᠢᠴᠣᠳ ᠤᠨ ᠠᠵᠢᠯ ᠤᠨ ᠵᠦᠪᠯᠡᠯ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠶᠠᠪᠣᠳᠠᠯ ᠤᠨ ᠲᠢᠩᠬᠢᠮ ᠤᠨ ︽ᠨᠠᠰᠣᠳᠠᠨ ᠢᠶᠠᠨ ᠬᠦᠨᠳᠦᠯᠡᠭᠰᠡᠨ ᠠᠴᠢᠯᠠᠯᠳᠣ ᠣᠳᠣᠨ︾ ᠢᠶᠠᠷ ᠴᠣᠯᠠᠯᠠᠭᠳᠠᠪᠠ︔  2017 ᠣᠨ ᠳᠤ ᠣᠯᠠᠭᠠᠨᠬᠠᠳᠠ ᠬᠤᠳᠡ ᠶᠢᠨ ᠣᠶᠣᠨ ᠤ ᠪᠣᠯᠪᠠᠰᠣᠨ ᠤ ᠴᠣᠭᠴᠠᠯᠠᠯᠳᠡ ᠶᠢᠨ ᠵᠦᠪᠯᠡᠯ ᠤᠨ ︽ᠠᠷᠪᠠᠨ ᠣᠳᠣᠨ ᠲᠡᠰ ᠤᠨ ᠪᠣᠯᠪᠠᠰᠣᠨ ᠡᠷᠦᠭᠡ︾ ᠶᠢᠨ ᠢᠷᠠᠭᠤ ᠠᠯᠳᠠᠷ ᠢ ᠲᠣᠰᠪᠠ︔  2020 ᠣᠨ ᠤ 3 ᠰᠡᠷ᠎ᠡ ᠳᠤ ᠪᠣᠷᠣᠠᠣᠰᠣ ᠪᠠᠯᠭᠠᠰᠣ ᠶᠢᠨ ᠨᠠᠮ ᠤᠨ ᠬᠤᠷᠢᠶ᠎ᠠ ᠠᠷᠠᠳ ᠤᠨ ᠵᠠᠰᠠᠭ  ᠤᠨ ᠣᠷᠳᠣᠨ ᠤ ︽ᠡᠮᠡᠭᠳᠡᠢ ᠬᠤᠰᠢᠭᠤᠴᠢ — ᠨᠠᠰᠣᠳᠠᠨ ᠢᠶᠠᠨ ᠠᠴᠢᠯᠠᠵᠣ ᠲᠦᠷᠦᠯ ᠰᠠᠳᠣᠨ ᠢᠶᠠᠨ ᠬᠠᠶᠢᠷᠠᠯᠠᠭᠰᠠᠨ ᠵᠢᠱᠢᠶᠡᠴᠢ︾ ᠶᠢᠨ ᠰᠠᠶᠢᠰᠢᠶᠠᠯ ᠬᠦᠬᠢᠬᠦᠯᠦᠯ ᠢ ᠬᠦᠷᠳᠡᠵᠠᠢ᠃           ᠲᠡᠭᠡᠵᠢᠯᠡᠵᠣ ᠬᠦᠨᠳᠦᠯᠡᠬᠦ ᠲᠡᠭᠷᠢ ᠮᠡᠲᠦ ᠦᠨᠳᠦᠷ ᠨᠠᠰᠣᠳᠠᠨ ᠡᠨᠡᠷᠢᠯᠳᠦ ᠡᠵᠢ ᠲᠠᠢ᠂ ᠪᠦᠳᠦᠨ ᠵᠢᠷᠠᠨ  ᠤ ᠬᠠᠪᠣᠷ ᠨᠠᠮᠣᠷ ᠢ ᠣᠭᠳᠣᠨ ᠦᠳᠡᠵᠣ᠂ ᠪᠣᠷᠣᠭᠠᠨ ᠴᠠᠰᠣ ᠰᠠᠯᠬᠢᠨ ᠵᠣᠳ ᠢ  ᠲᠣᠭᠤᠯᠣᠨ ᠡᠯᠡᠭᠡᠵᠣ᠂  ᠦᠰᠦ  ᠪᠠᠨ ᠴᠠᠶᠢᠳᠠᠯ᠎ᠠ ᠵᠢᠳᠬᠦᠵᠣ ᠦᠳᠡᠭᠦᠰ ᠤᠨ ᠲᠤᠭ᠎ᠠ ᠳᠤ ᠪᠠᠭᠳᠠᠭᠠᠳ᠂ ᠦᠨᠡᠨ ᠪᠣᠶᠠᠨ ᠬᠤᠷᠢᠶᠠᠵᠣ ᠦᠷ᠎ᠡ ᠶᠢᠨ ᠬᠤᠳᠤᠭ ᠣᠷᠣᠰᠢᠭᠰᠠᠨ ᠰᠧᠷᠵᠢᠬᠤᠷᠯᠣ ᠰᠠᠮᠠᠭ᠎ᠠ ᠬᠤᠶᠠᠷ ᠠᠴᠠ ᠬᠤᠶᠠᠷ ᠬᠦᠦ ᠨᠢᠭᠡ ᠦᠬᠢᠨ ᠵᠠᠶᠠᠭᠠᠵᠠᠢ᠃ ᠦᠪᠡᠷ  ᠢᠶᠠᠨ ᠵᠦᠪᠬᠡᠨ ᠪᠠᠭ᠎ᠠ ᠰᠣᠷᠭᠠᠭᠤᠯᠢ ᠶᠢᠨ ᠰᠣᠶᠣᠯ ᠤᠨ ᠬᠢᠷᠢ ᠬᠡᠮᠵᠢᠶ᠎ᠡ ᠲᠠᠢ ᠡᠵᠢ ᠪᠣᠯᠣᠭᠰᠠᠨ ᠰᠠᠮᠠᠭ᠎ᠠ ᠬᠡᠤᠬᠡᠳ ᠤᠨ  ᠢᠶᠠᠨ ᠰᠣᠷᠭᠠᠨ ᠬᠦᠮᠦᠵᠢᠯ ᠪᠣᠯᠪᠠᠰᠣᠷᠡᠯ ᠬᠦᠷᠲᠡᠬᠦ ᠶᠢ ᠲᠣᠶᠢᠯ ᠢᠶᠠᠷ  ᠡᠷᠬᠢᠮᠯᠡᠨ ᠦᠵᠡᠵᠦ᠂  ᠲᠠᠩᠨᠠᠢ ᠶᠢᠨ ᠰᠣᠳᠠᠰᠣ ᠪᠣᠯᠣᠭᠰᠠᠨ ᠭᠤᠷᠪᠠᠨ ᠬᠡᠤᠬᠡᠳ ᠢᠶᠠᠨ ᠢᠮᠠᠭᠳᠠ ᠰᠣᠶᠤᠯ ᠮᠡᠳᠡᠯᠭᠡ ᠶᠢ ᠴᠢᠷᠮᠠᠶᠢᠨ ᠰᠣᠷᠣᠯᠴᠠᠵᠦ᠂  ᠣᠶᠣᠨ ᠲᠠᠷᠢᠬᠢ   ᠪᠠᠨ ᠮᠡᠳᠡᠯᠭᠡ ᠮᠡᠳᠡᠴᠡ ᠪᠠᠷ ᠲᠦᠬᠦᠷᠭᠡᠪᠡᠯ ᠰᠠᠶ᠋ᠢ ᠨᠡᠶᠢᠭᠡᠮ ᠨᠡᠶᠢᠳᠡ ᠳᠤ ᠭᠡᠷᠡᠭᠴᠡᠭᠡ ᠲᠠᠢ ᠬᠦᠮᠦᠨ ᠪᠣᠯᠵᠦ ᠴᠢᠳᠠᠨ᠎ᠠ ᠰᠢᠣ ᠭᠡᠵᠤ ᠵᠠᠬᠢᠵᠣ ᠰᠣᠷᠭᠠᠳᠠᠭ᠃ ᠲᠡᠳᠡ ᠡᠷ᠎ᠡ ᠡᠮ᠎ᠡ ᠬᠤᠶᠠᠷ ᠤᠨ ᠬᠠᠯᠠᠰᠢᠷᠡᠯ ᠦᠭᠡᠢ ᠴᠢᠷᠮᠠᠶᠢᠨ ᠵᠢᠳᠬᠦᠵᠣ᠂ ᠬᠠᠯᠠᠭᠤᠨ ᠳᠤ ᠬᠠᠯᠠᠵᠣ ᠬᠦᠢᠳᠡᠨ ᠳᠤ ᠲᠠᠭᠠᠷᠠᠭᠤᠵᠠᠢ ᠭᠡᠮᠡᠨ ᠪᠡᠶ᠎ᠡ ᠰᠡᠳᠬᠢᠯ ᠢᠶᠠᠨ ᠵᠦᠳᠡᠭᠡᠵᠣ ᠰᠣᠷᠣᠯᠭ᠎ᠠ ᠶᠢᠨ ᠠᠯᠢ ᠣᠯᠠᠨ ᠵᠠᠷᠣᠳᠠᠯ ᠰᠦᠢᠳᠭᠡᠯ ᠢ ᠨᠢ ᠲᠣᠳᠠᠭᠠᠯ ᠦᠬᠡᠢ ᠪᠦᠷᠢᠯᠳᠦᠭᠦᠯᠦᠨ ᠦᠭᠴᠣ᠂ ᠭᠠᠷ ᠢ ᠨᠢ ᠭᠠᠨᠵᠣᠭᠠᠨ ᠳᠤ ᠬᠦᠯ ᠨᠢ ᠲᠦᠷᠦᠭᠡᠨ ᠳᠤ  ᠭᠦᠷᠭᠡᠭᠰᠡᠨ ᠢᠶᠠᠷ  ᠣᠷᠠᠨ ᠰᠠᠨᠠᠭ᠎ᠠ ᠠᠷᠢᠭᠤᠨ‌ᠣᠬᠠᠭᠠᠨ ᠢ ᠨᠢ ᠠᠪᠴᠣ ᠲᠦᠷᠦᠭᠰᠡᠨ ᠭᠤᠷᠪᠠᠨ ᠭᠡᠣᠭᠡᠳ ᠨᠢ ᠠᠪᠤ ᠡᠵᠢ ᠶᠢᠨ ᠢᠶᠠᠨ ᠬᠦᠰᠡᠵᠣ ᠨᠠᠶᠢᠳᠠᠭᠰᠠᠨ ᠢᠶᠠᠷ ᠭᠤᠷᠪᠠᠭᠤᠯᠨ ᠪᠠᠨ ᠴᠦᠮ ᠶᠡᠭᠡ ᠰᠣᠷᠭᠠᠭᠤᠯᠢ ᠳᠤ ᠰᠢᠯᠭᠠᠨ ᠣᠷᠣᠵᠣ ᠰᠣᠷᠣᠯᠭ᠎ᠠ ᠪᠠᠨ  ᠲᠦᠬᠦᠷᠡᠩ ᠲᠡᠭᠦᠰᠴᠣ᠂ 2008 ᠣᠨ ᠳᠤ ᠶᠡᠭᠡ ᠬᠦᠦ ᠨᠢ ᠶᠠᠫᠦᠨ ᠬᠦᠷᠦᠨ ᠳᠤ ᠭᠠᠷᠴᠣ ᠰᠣᠷᠣᠯᠴᠠᠨ ᠠᠵᠢᠯᠯᠠᠵᠣ᠂ ᠣᠳᠣ ᠲᠡᠨᠳᠡ ᠬᠦᠯ ᠲᠣᠭᠳᠠᠨ ᠠᠵᠢᠯ ᠠᠮᠢᠳᠣᠷᠡᠯ ᠢᠶᠠᠨ ᠪᠣᠰᠬᠠᠭᠠᠳ ᠪᠠᠶᠢᠨ᠎ᠠ  ︔ ᠦᠬᠢᠨ ᠨᠢ  ᠠᠰᠫᠢᠷᠠᠨᠲ ᠦᠵᠡᠵᠣ ᠲᠡᠭᠦᠰᠦᠭᠡᠳ ᠠᠶᠢᠯ  ᠡᠷᠦᠭᠡ ᠪᠣᠯᠵᠣ ᠪᠢᠴᠢᠬᠠᠨ  ᠨᠢᠯᠬ᠎ᠠ ᠨᠢ ᠴᠦ ᠰᠣᠷᠬᠤ ᠨᠠᠰᠣᠨ ᠳᠤ ᠬᠦᠷᠴᠠᠢ︔ ᠪᠠᠭ᠎ᠠ ᠬᠦᠦ ᠨᠢ ᠶᠡᠭᠡ ᠰᠤᠷᠭᠠᠭᠤᠯᠢ  ᠲᠡᠬᠦᠰᠴᠦ᠂ ᠭᠡᠰᠢᠭᠳᠡᠨ ᠬᠤᠰᠢᠭᠤᠨ ᠤ ᠪᠢᠷᠠᠭᠤ ᠳᠠᠬᠢ ᠮᠣᠩᠭᠤᠯ ᠲᠣᠮᠳᠠᠳᠣ ᠰᠣᠷᠭᠠᠭᠤᠯᠢ ᠳᠤ  ᠪᠠᠭᠰᠢᠯᠠᠵᠣ᠂ ᠠᠶᠢᠯ ᠭᠡᠷ ᠢᠶᠠᠨ ᠴᠣᠭᠴᠠᠯᠠᠭᠠᠳ ᠰᠠᠮᠠᠭ᠎ᠠ ᠰᠧᠷᠵᠢᠬᠤᠷᠯᠣ ᠬᠤᠶᠠᠷ ᠲᠤ ᠠᠴᠢ ᠵᠢᠭᠡ ᠪᠠᠨ ᠲᠡᠯᠭᠡᠷᠡᠭᠦᠯᠦᠨ ᠡᠮᠡᠭᠡ ᠡᠪᠦᠭᠡ ᠰᠠᠭᠤᠵᠣ ᠦᠷ᠎ᠡ ᠶᠢᠨ ᠢᠶᠠᠨ ᠦᠷ᠎ᠡ ᠶᠢ ᠦᠵᠡᠬᠦ ᠠᠮᠢᠳᠣᠷᠡᠯ ᠤᠨ ᠠᠱᠢᠳᠠᠢ ᠵᠢᠷᠭᠠᠯ ᠢ ᠡᠳ᠋ᠯᠡᠬᠦᠯᠵᠣ ᠪᠠᠶᠢᠨ᠎ᠠ᠃  ︵ᠬᠥᠬᠡᠳᠠᠪᠠᠯᠭᠠᠨ︶  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2