ᠭᠤᠷᠪᠠᠨ ᠦᠶ᠎ᠡ ᠶᠢᠨ ᠶᠢᠰᠦᠨ ᠪᠠᠭᠰᠢ ᠶᠢᠨ ᠲᠠᠭᠤᠷᠢᠶᠠᠯ ᠡᠵᠢ ᠪᠠᠭᠰᠢ
ᠨᠡᠶᠢᠲᠡᠯᠡᠭᠰᠡᠨ ᠴᠠᠭ᠄
2020/5/13
         ᠬᠠᠭᠤᠴᠢᠨ ᠨᠡᠶᠢᠭᠡᠮ ᠳᠤ ᠲᠦᠷᠦᠭᠡᠳ ᠰᠢᠨ᠎ᠡ ᠨᠡᠶᠢᠭᠡᠮ ᠤᠨ ᠴᠢᠯᠦᠭᠡᠯᠡᠯᠳᠡ᠂ ᠪᠦᠳᠦᠭᠡᠨ ᠪᠠᠶᠢᠭᠤᠯᠣᠯᠳᠡ ᠂ ᠦᠭᠡᠷᠡᠴᠢᠯᠡᠯᠳᠡ   ᠶᠢ ᠨᠢᠳᠣ ᠪᠠᠷ ᠢᠶᠠᠨ ᠦᠵᠡᠵᠣ᠂ ᠲᠡᠷᠨ ᠪᠦᠬᠦᠨ ᠳᠤ ᠣᠷᠣᠯᠴᠠᠨ ᠭᠡᠷᠡᠴᠢᠯᠡᠵᠣ ᠶᠠᠪᠣᠭ᠎ᠠ ᠪᠦᠭᠡᠳ ᠦᠷ᠎ᠡ ᠶᠢᠨ ᠢᠶᠠᠨ ᠰᠠᠶᠢᠨ ᠢ ᠦᠵᠡᠵᠣ᠂  ᠦᠷ᠎ᠡ ᠶᠢᠨ ᠦᠷ᠎ᠡ ᠪᠣᠯᠣᠭᠰᠠᠨ‌ᠣᠮᠪᠣᠯ ᠲᠣᠮᠪᠣᠯ   ᠤᠨ ᠢᠶᠠᠨ ᠰᠠᠶᠢᠬᠠᠨ ᠢ ᠬᠠᠷᠠᠵᠣ᠂ ᠨᠡᠶᠢᠭᠡᠮ ᠵᠢᠷᠣᠮ ᠤᠨ ᠰᠢᠨ᠎ᠡ ᠴᠠᠭ ᠦᠶ᠎ᠡ ᠶᠢᠨ ᠪᠠᠶᠠᠨ ᠴᠢᠨᠡᠭᠡᠯᠢᠭ ᠠᠮᠢᠳᠣᠷᠡᠯ ᠢ ᠪᠠᠭ᠋ᠠᠳᠣᠨ ᠡᠳ᠋ᠯᠡᠵᠣ ᠶᠠᠪᠣᠭ᠎ᠠ ᠡᠵᠢ ᠬᠦᠮᠦᠨ ᠵᠢᠷᠭᠠᠯ ᠤᠨ ᠨᠠᠷᠠ ᠭᠡᠯᠳᠠᠢ᠃ ᠡᠷᠦᠭᠡ ᠭᠡᠷ ᠤᠨ ᠢᠶᠠᠨ ᠠᠭᠤᠯᠨ ᠮᠡᠳᠣ ᠲᠦᠰᠢᠭ᠂ ᠡᠩᠬᠦᠷᠠᠢ ᠭᠡᠣᠭᠡᠳ ᠤᠨ ᠢᠶᠠᠨ ᠨᠠᠷᠨ ᠮᠡᠳᠣ ᠭᠡᠭᠡ ᠪᠣᠯᠣᠭᠰᠠᠨ ᠨᠠᠶᠠᠨ ᠲᠠᠪᠤ ᠶᠢᠨ ᠦᠨᠳᠦᠷ ᠨᠠᠰᠣᠨ ᠬᠤᠳᠤᠭ ᠵᠣᠭᠤᠭᠯᠠᠭᠰᠠᠨ᠂ ᠭᠤᠷᠪᠠᠨ ᠦᠶ᠎ᠡ ᠶᠢᠨ ᠶᠢᠰᠦᠨ ᠪᠠᠭᠰᠢ ᠶᠢᠨ ᠲᠠᠭᠤᠷᠢᠶᠠᠯ ᠣᠳᠣᠠᠭᠡᠷᠡᠯ ᠨᠠᠰᠣᠳᠠᠨ ᠶᠣᠰᠣᠳᠠᠢ ︽ ᠡᠷᠳᠡᠮ ᠮᠡᠳᠡᠯᠭᠡ ᠪᠠᠨ ᠰᠣᠶᠣᠷᠬᠠᠭᠰᠠᠨ ᠪᠠᠭᠰᠢ᠂ ᠡᠨᠡᠷᠢᠯ ᠬᠠᠶᠢᠷ᠎ᠡ ᠪᠠᠨ ᠢᠪᠡᠭᠡᠭᠰᠡᠨ ᠡᠵᠢ︾  ᠪᠣᠯᠬᠤ ᠶᠣᠮ᠃
        ᠲᠦᠷᠦ ᠬᠦᠷᠦᠨ ᠡᠩᠬᠡᠵᠢᠨ ᠲᠣᠭᠳᠠᠭᠠᠳᠣᠢ᠂ ᠲᠠᠶᠢᠨ ᠲᠣᠯᠣᠯᠳᠣᠭᠠᠨ ᠤ ᠲᠠᠷᠢ ᠶᠢᠨ ᠣᠳᠤᠭ᠎ᠠ ᠪᠣᠰᠴᠣ ᠪᠠᠶᠢᠭᠰᠠᠨ ᠣᠯᠠᠭᠠᠨ ᠬᠤᠯᠣᠭᠠᠨ᠎ᠠ ᠵᠢᠯ᠂ ᠣᠳᠣᠠᠭᠡᠷᠡᠯ ᠪᠠᠭᠠᠷᠢᠨ ᠪᠠᠷᠠᠭᠤᠨ ᠬᠤᠰᠢᠭᠤᠨ ᠤ ᠰᠣᠪᠣᠷᠭ᠎ᠠ ᠰᠣᠮᠣᠨ ᠤ ᠪᠠᠭᠠᠨᠠᠳᠣ ᠶᠢᠨ ᠠᠶᠢᠯ ᠤᠨ ᠵᠦᠷᠵᠢᠨ ᠣᠪᠣᠭᠳᠠᠨ ᠤ ᠭᠡᠷ ᠲᠤ ᠠᠪᠤ ᠬᠠᠯᠵᠠᠨ᠂ ᠡᠵᠢ ᠫᠦᠵᠢᠳ ᠤᠨ ᠢᠶᠠᠨ ᠣᠣᠭᠠᠨ ᠦᠷ᠎ᠡ ᠨᠢ ᠪᠣᠯᠵᠣ ᠮᠡᠨᠳᠦᠯᠡᠵᠡᠢ᠃ ᠦᠪᠦᠷ ᠮᠣᠩᠭᠤᠯ ᠤᠨ ᠦᠪᠡᠷᠳᠡᠭᠡᠨ ᠵᠠᠰᠠᠭ ᠣᠷᠣᠨ ᠪᠠᠶᠢᠭᠤᠯᠣᠭᠳᠠᠭᠰᠠᠨ ᠤ ᠲᠠᠷᠠᠭ᠎ᠠ ᠵᠢᠯ᠂ ᠦᠭᠡᠷ᠎ᠡ ᠪᠠᠷ ᠭᠡᠯᠡᠪᠡᠯ᠂ ᠣᠯᠣᠰ ᠪᠠᠶᠢᠭᠤᠯᠣᠭᠳᠠᠬᠤ ᠶᠢᠨ ᠡᠮᠣᠨ᠎ᠡ ᠵᠢᠯ  ︵1948 ᠣᠨ︶ ᠠᠴᠠ ᠨᠣᠣᠷᠭᠠᠢ ᠪᠠᠭ᠎ᠠ ᠰᠣᠷᠭᠠᠭᠤᠯᠢ  ︵ᠵᠣᠣ ᠤᠳᠡ ᠠᠶᠢᠮᠠᠭ ᠠᠴᠠ ᠡᠷᠬᠢᠯᠡᠭᠰᠡᠨ ᠰᠣᠷᠭᠠᠭᠤᠯᠢ︶ ᠳᠤ ᠰᠣᠷᠣᠯᠴᠠᠨ᠂ ᠪᠦᠬᠦ ᠨᠡᠶᠢᠭᠡᠮ ᠢᠶᠠᠷ ᠢᠶᠠᠨ ᠪᠢᠴᠢᠭ ᠰᠣᠶᠣᠯ ᠤᠨ ᠪᠠᠯᠠᠢ ᠠᠴᠠ  ᠡᠬᠢᠯᠡᠨ ᠲᠠᠶᠢᠯᠣᠭᠳᠠᠵᠣ ᠪᠠᠶᠢᠬᠤ ᠳᠤ᠂ ᠠᠷᠪᠠᠨ ᠵᠢᠷᠭᠤᠭᠠᠨ ᠨᠠᠰᠣᠳᠠᠢ ᠣᠳᠣᠠᠭᠡᠷᠡᠯ ᠲᠦᠷᠦᠭᠰᠡᠨ ᠨᠣᠳᠤᠭ ᠤᠨ ᠢᠶᠠᠨ ᠰᠣᠪᠣᠷᠭ᠎ᠠ ᠪᠠᠭ᠎ᠠ ᠰᠣᠷᠭᠠᠭᠤᠯᠢ ᠳᠤ ᠪᠠᠭᠰᠢ ᠪᠠᠷ ᠣᠷᠢᠭᠳᠠᠨ ᠵᠢᠭᠠᠬᠤ ᠲᠠᠪᠴᠠᠩ ᠳᠤ ᠭᠠᠷᠴᠣ᠂  ᠪᠠᠭᠰᠢ ᠬᠦᠮᠦᠨ ᠡᠳᠦᠷ ᠤᠨ ᠣᠳᠣᠨ ᠮᠡᠳᠣ ᠴᠦᠭᠡᠨ ᠪᠠᠶᠢᠭᠰᠠᠨ  ᠴᠠᠭ ᠦᠶ᠎ᠡ ᠳᠤ ᠭᠡᠣᠭᠡᠳ ᠬᠤᠶᠢᠴᠢ ᠶᠢᠨ ᠢᠶᠠᠨ ᠣᠶᠣᠨ ᠤ ᠨᠠᠷᠨ ᠪᠣᠯᠣᠨ ᠭᠡᠷᠡᠯᠳᠣᠵᠣ᠂ ᠠᠬ᠎ᠠ ᠲᠡᠬᠦᠦ ᠡᠭᠡᠴᠢ ᠲᠡᠬᠦᠦ ᠶᠢᠰᠣᠬᠦᠯᠨ ᠶᠢᠨ ᠢᠶᠠᠨ ᠲᠣᠳᠣᠷ᠎ᠠ ᠭᠠᠭᠴᠠᠬᠠᠨ ᠦᠨᠳᠦᠷ ᠰᠣᠷᠣᠯᠭ᠎ᠠ ᠶᠢᠨ ᠨᠠᠮᠳᠠᠷ ᠲᠠᠢ᠂ ᠰᠣᠶᠣᠯ ᠪᠣᠯᠪᠠᠰᠣᠷᠡᠯ ᠢᠶᠠᠷ ᠠᠳᠠᠯ ᠦᠢᠯᠡᠰ ᠪᠣᠰᠬᠠᠵᠣ ᠶᠠᠪᠣᠭᠰᠠᠨ ᠰᠣᠳᠣᠨ ᠪᠣᠯᠵᠣ ᠴᠣᠯᠭᠤᠷᠠᠵᠠᠢ᠃ ᠣᠳᠣᠠᠭᠡᠷᠡᠯ ᠪᠠᠭᠰᠢ ᠰᠣᠷᠬᠤ ᠳᠤ ᠬᠠᠯᠠᠰᠢᠷᠠᠬᠤ ᠦᠬᠡᠢ ᠪᠠᠶᠢᠵᠣ᠂1960 ᠣᠨ ᠠᠴᠠ ᠭᠤᠷᠪᠠᠨ ᠵᠢᠯ ᠵᠣᠣ ᠣᠳᠡ ᠶᠢᠨ ᠪᠠᠭᠰᠢ ᠶᠢᠨ ᠲᠣᠰᠬᠠᠢ ᠮᠡᠷᠭᠡᠵᠢᠯ ᠤᠨ ᠰᠣᠷᠭᠠᠭᠤᠯᠢ ᠳᠤ ᠵᠠᠬᠢᠳᠠᠯ ᠢᠶᠠᠷ ᠰᠣᠷᠣᠯᠴᠠᠨ ᠡᠷᠳᠡᠮ ᠪᠣᠯᠪᠠᠰᠣᠷᠡᠯ ᠢᠶᠠᠨ ᠲᠡᠭᠡᠭᠰᠢᠯᠡᠬᠦᠯᠣᠨ᠂ ᠲᠣᠮᠳᠠᠳᠣ ᠵᠡᠷᠭᠡ ᠶᠢᠨ ᠲᠣᠰᠬᠠᠢ ᠮᠡᠷᠭᠡᠵᠢᠯ ᠤᠨ ᠰᠣᠷᠣᠯᠭ᠎ᠠ ᠶᠢᠨ ᠨᠠᠮᠳᠡᠷ ᠲᠠᠢ  ᠪᠣᠯᠵᠠᠢ᠃  ᠲᠡᠷᠨ ᠣᠷᠢᠳ ᠬᠤᠵᠢᠳ ᠬᠤᠰᠢᠭᠤ ᠰᠣᠮᠣᠨ ᠤ ᠭᠤᠷᠭᠤᠣᠯᠳᠠᠢ ᠪᠦᠷᠢᠨ ᠪᠠᠭ᠎ᠠ ᠰᠣᠷᠭᠠᠭᠤᠯᠢ᠂ ᠲᠠᠪᠤᠨᠪᠠᠨ ᠪᠠᠭ᠎ᠠ ᠰᠣᠷᠭᠠᠭᠤᠯᠢ᠂ ᠪᠠᠶᠠᠨᠳᠠᠯ᠎ᠠ ᠪᠠᠭ᠎ᠠ ᠰᠣᠷᠭᠠᠭᠤᠯᠢ ᠵᠡᠷᠭᠡ ᠰᠣᠷᠭᠠᠭᠤᠯᠢ ᠳᠤ ᠬᠢᠴᠢᠶᠡᠯ ᠤᠨ ᠪᠠᠭᠰᠢ᠂ ᠬᠢᠴᠢᠶᠡᠯ ᠬᠦᠮᠦᠵᠢᠯ ᠤᠨ ᠡᠷᠬᠢᠯᠡᠭᠴᠢ᠂ ᠰᠣᠷᠭᠠᠭᠤᠯᠢ ᠶᠢᠨ ᠵᠠᠬᠢᠷᠦᠯ ᠢᠶᠠᠷ ᠠᠵᠢᠯᠯᠠᠪᠠ᠃1981 ᠣᠨ ᠠᠴᠠ1980 ᠣᠨ ᠪᠣᠯᠳᠠᠯ᠎ᠠ ᠪᠠᠭᠠᠷᠢᠨ ᠪᠠᠷᠠᠭᠤᠨ ᠬᠤᠰᠢᠭᠤᠨ ᠤ ᠣᠯᠣᠰ ᠲᠦᠷᠦ ᠶᠢᠨ ᠵᠦᠪᠯᠡᠯᠭᠡᠨ ᠤ ᠨᠢᠭᠡ᠂ ᠬᠤᠶᠠᠷ᠂ ᠭᠤᠷᠪᠠᠳᠣᠭᠠᠷ ᠬᠤᠭᠤᠴᠠᠭᠠᠨ ᠤ ᠵᠦᠪᠯᠡᠯ ᠤᠨ ᠭᠡᠰᠢᠬᠦᠨ᠂ ᠪᠠᠶᠢᠩᠭᠤ ᠶᠢᠨ ᠭᠡᠰᠢᠬᠦᠨ ᠤ ᠲᠣᠰᠢᠶᠠᠯ ᠢ ᠬᠠᠷᠢᠭᠤᠴᠠᠵᠣ᠂ ᠰᠠᠭᠤᠷᠢ ᠰᠣᠷᠭᠠᠨ ᠬᠦᠮᠦᠵᠢᠯ  ᠢ ᠬᠦᠨᠳᠦᠳᠭᠡᠨ᠂ ᠭᠡᠣᠭᠡᠳ ᠤᠨ ᠨᠠᠰᠣᠨ ᠳᠤᠨᠢ ᠲᠣᠬᠢᠷᠠᠭᠤᠯᠣᠨ ᠵᠢᠭᠠᠬᠤ ᠪᠠ ᠦᠨᠳᠦᠰᠦᠳᠡᠨ ᠤ ᠭᠡᠯᠨ ᠪᠠᠨ ᠰᠣᠷᠴᠣ ᠭᠡᠷᠡᠭᠯᠡᠬᠦ ᠶᠢ ᠲᠡᠮᠵᠢᠵᠣ ᠣᠷᠮᠠᠰᠢᠭᠤᠯᠬᠤ ᠲᠣᠬᠠᠢ ᠰᠠᠨᠠᠯ ᠲᠣᠷᠠᠳᠣᠯᠭ᠎ᠠ ᠪᠠᠨ ᠣᠳᠠᠭ᠎ᠠ ᠪᠣᠯᠭᠠᠨ ᠭᠠᠷᠭᠠᠵᠣ ᠦᠪᠡᠷ ᠤᠨ ᠡᠷᠭᠡ ᠡᠬᠦᠷᠭᠡ ᠪᠠᠨ ᠰᠠᠶᠢᠳᠣᠷ ᠬᠦᠢᠴᠡᠳᠭᠡᠵᠣ ᠢᠷᠡᠭᠰᠡᠨ ᠪᠠᠶᠢᠨ᠎ᠠ᠃  ᠲᠡᠷᠨ ᠰᠠᠭᠤᠷᠢ ᠰᠣᠷᠭᠠᠨ ᠬᠦᠮᠦᠵᠢᠯ ᠤᠨ ᠹᠷᠣᠨᠲ ᠲᠡᠭᠡᠷ᠎ᠡ ᠪᠦᠳᠦᠨ ᠭᠤᠴᠢᠨ ᠲᠣᠯᠣᠭᠠᠨ ᠬᠠᠪᠣᠷ ᠨᠠᠮᠣᠷ ᠢ ᠣᠭᠳᠣᠨ ᠦᠳᠡᠵᠣ ᠪᠢᠴᠢᠭ ᠵᠢᠭᠠᠵᠣ ᠬᠦᠮᠦᠨ ᠢ ᠬᠦᠮᠦᠵᠢᠬᠦᠯᠦᠨ᠂  ᠬᠤᠰᠢᠭᠤ᠂ ᠠᠶᠢᠮᠠᠭ ‍ᠤᠨ‌‍ᠲ᠋ᠡᠰ ᠤᠨ ᠲᠡᠷᠢᠬᠦᠨ ᠤ ᠪᠠᠭᠰᠢ᠂ ᠵᠢᠭᠠᠨ ᠰᠣᠷᠭᠠᠬᠤ ᠴᠢᠳᠠᠪᠦᠷᠢᠳᠡᠨ ᠢᠶᠠᠷ  ᠦᠨᠡᠯᠡᠭᠳᠡᠵᠦ᠂ ᠵᠢᠭᠠᠨ ᠰᠣᠷᠭᠠᠬᠤ ᠠᠷᠭ᠎ᠠ ᠲᠣᠷᠰᠢᠯᠭ᠎ᠠ ᠨᠢ ᠦᠪᠡᠷᠮᠢᠴᠨ ᠲᠠᠪᠠᠭᠤᠯᠢᠭ ᠲᠤᠯᠡ᠂ ᠯᠢᠨᠳᠦ᠋ᠩ ᠳᠠᠬᠢ ᠪᠠᠭᠰᠢ ᠶᠢᠨ ᠰᠣᠷᠭᠠᠭᠤᠯᠢ ᠵᠡᠷᠭᠡ ᠣᠯᠠᠨ ᠰᠣᠷᠭᠠᠭᠤᠯᠢ ᠨᠤᠭᠤᠳ ᠢᠶᠠᠷ ᠣᠷᠢᠭᠳᠠᠨ ᠬᠢᠴᠢᠶᠡᠯ ᠲᠠᠶᠢᠯᠣᠮᠵᠢ ᠬᠢᠵᠣ ᠠᠷᠭ᠎ᠠ ᠲᠣᠷᠰᠢᠯᠭ᠎ᠠ ᠪᠠᠨ ᠲᠠᠨᠢᠯᠴᠠᠭᠤᠯᠵᠣ ᠶᠠᠪᠣᠵᠠᠢ᠃ ︽ᠰᠠᠶᠢᠬᠠᠨ ᠬᠠᠨ ᠢ ᠴᠠᠰᠤ ᠲᠠᠷᠣᠵᠣ᠂ ᠰᠠᠶᠢᠬᠠᠨ ᠪᠡᠶ᠎ᠡ ᠶᠢ ᠨᠠᠰᠤ ᠲᠠᠷᠣᠬᠤ︾ ᠶᠢᠨ ᠡᠷᠬᠡ ᠢᠶᠠᠷ᠂ ᠣᠳᠣᠠᠭᠡᠷᠡᠯ ᠪᠠᠭᠰᠢ1989 ᠣᠨ ᠳᠤ ᠪᠠᠭ᠎ᠠ ᠰᠣᠷᠭᠠᠭᠤᠯᠢ ᠶᠢᠨ ᠦᠨᠳᠦᠷ ᠲᠡᠰ ᠤᠨ ᠪᠠᠭᠰᠢ ᠶᠢᠨ ᠴᠣᠯᠨ ᠲᠠᠢ ᠠᠵᠢᠯ ᠤᠨ ᠠᠮᠠᠷᠠᠯᠳᠠ ᠪᠠᠨ ᠠᠪᠴᠠᠢ᠃
        ᠪᠠᠭ᠎ᠠ ᠰᠣᠷᠭᠠᠭᠤᠯᠢ ᠶᠢᠨ ᠪᠠᠭᠰᠢ ᠪᠣᠯ ᠪᠦᠷᠢᠨ ᠴᠢᠳᠠᠪᠦᠷᠢᠳᠣ ᠪᠠᠭᠰᠢ ᠶᠣᠮ᠂ ᠨᠢᠭᠡᠯᠨ ᠲᠦᠷᠦᠯ ᠤᠨ ᠬᠢᠴᠢᠶᠡᠯ ᠵᠢᠭᠠᠳᠠᠭ ᠦᠬᠡᠢ᠂ ᠪᠠᠰᠨ ᠠᠩᠬᠢ ᠡᠷᠬᠢᠯᠡᠨ᠂ ᠲᠦᠷᠦᠯ ᠪᠦᠷᠢ ᠶᠢᠨ ᠬᠢᠴᠢᠶᠡᠯ ᠢ ᠴᠦᠮ ᠵᠢᠭᠠᠳᠠᠭ ᠶᠣᠮ᠃ ᠣᠳᠣᠠᠭᠡᠷᠡᠯ ᠪᠠᠭᠰᠢ ᠪᠣᠯ ᠪᠦᠷᠢᠨ ᠴᠢᠳᠠᠪᠦᠷᠢᠳᠠᠢ ᠮᠦᠷᠳᠡᠭᠡᠨ ᠶᠡᠭᠡ ᠵᠣᠷᠢᠭ ᠰᠦᠰᠣ ᠲᠠᠢ ᠬᠦᠮᠦᠨ ᠶᠣᠮ᠂ ᠰᠠᠶ᠋ᠢ ᠪᠠᠭ᠎ᠠ ᠰᠣᠷᠭᠠᠭᠤᠯᠢ ᠳᠤ ᠪᠢᠴᠢᠭ ᠦᠵᠡᠬᠦ ᠳᠤ ᠠᠶᠢᠯ ᠳᠤᠨᠢ ᠰᠣᠷᠭᠠᠭᠤᠯᠢ ᠪᠠᠶᠢᠬᠤ ᠦᠬᠡᠢ᠂ ᠵᠠᠭᠤ ᠢᠯᠡᠬᠦᠦ ᠭᠠᠵᠠᠷ  ᠤᠨ ᠠᠯᠣᠰ ᠰᠣᠷᠭᠠᠭᠤᠯᠢ ᠳᠤ ᠪᠠᠶᠢᠷᠢᠯᠠᠵᠣ ᠰᠠᠭᠤᠨ᠎ᠠ᠃ ᠡᠪᠣᠯ ᠤᠨ ᠡᠳᠦᠷ ᠣᠬᠤᠷ ᠪᠣᠯᠬᠤᠷ᠂ ᠵᠠᠮ ᠳᠠᠭᠠᠨ ᠪᠠᠰᠨ ᠲᠠᠷᠢᠶᠠᠴᠢᠨ ᠠᠶᠢᠯ ᠤᠨ ᠭᠡᠷ ᠲᠤ ᠬᠤᠨᠤᠭ ᠵᠢᠭᠡᠯᠡᠵᠣ ᠠᠮᠠᠷᠠᠵᠣ ᠭᠠᠷᠣᠨ᠎ᠠ᠃ ᠲᠡᠭᠡᠷ᠎ᠡ ᠵᠠᠭᠤᠨ ᠤ ᠲᠠᠯᠠᠭᠠᠳ ᠣᠨ ᠤ ᠡᠬᠢ ᠪᠠᠷ᠂ ᠣᠷᠤᠭ᠎ᠠ ᠪᠣᠰᠬᠠᠭ᠎ᠠ ᠴᠠᠭ ᠢ ᠦᠩᠭᠡᠷᠡᠭᠡᠭᠡᠳ ᠰᠣᠷᠭᠠᠭᠤᠯᠢ ᠨᠤᠭᠤᠳ ᠰᠣᠷᠣᠯᠭ᠎ᠠ ᠪᠠᠨ ᠠᠩᠬ᠎ᠠ ᠡᠬᠢᠯᠡᠵᠣ ᠪᠠᠶᠢᠭᠰᠠᠨ ᠦᠶ᠎ᠡ ᠳᠤ᠂ ᠬᠦᠳᠡᠭᠡ ᠲᠣᠰᠬᠤᠨ ᠮᠠᠯᠵᠢᠬᠤ ᠣᠷᠣᠨ ᠤ ᠨᠢᠭᠡ ᠪᠦᠯᠦᠭ ᠰᠣᠶᠣᠯ ᠲᠣᠣᠷ᠎ᠠ ᠲᠠᠨᠢᠯᠳᠠ ᠲᠣᠷᠦᠢ ᠭᠡᠷ ᠤᠨ ᠠᠬᠠᠮᠠᠳ ᠭᠡᠣᠭᠡᠳ ᠢᠶᠠᠨ ᠮᠣᠩᠭᠤᠯ ᠪᠢᠴᠢᠭ ᠦᠵᠡᠬᠦᠯᠬᠦ ᠠᠴᠠ ᠠᠶᠣᠬᠤ ᠪᠣᠶᠣ ︽ᠮᠣᠩᠭᠤᠯ ᠪᠢᠴᠢᠭ ᠭᠡᠷᠡᠭ ᠠᠴᠠ ᠭᠠᠷᠴᠠᠢ︾ ᠭᠡᠰᠡᠨ ᠪᠣᠷᠣᠭᠤ ᠦᠢᠯᠠᠭᠠᠯᠳᠡ ᠲᠠᠢ ᠪᠣᠯᠣᠭᠰᠠᠨ ᠠᠴᠠ ᠣᠣᠯ   ᠤᠨ ᠮᠣᠩᠭᠤᠯ  ᠢᠶᠠᠷ ᠰᠣᠷᠴᠣ ᠪᠠᠶᠢᠭᠰᠠᠨ ᠨᠡᠯᠢᠶᠡᠳ ᠲᠣᠭᠠᠨ ᠤ ᠭᠡᠣᠭᠡᠳ ᠬᠢᠳᠡᠳ ᠠᠩᠬᠢ ᠳᠤ ᠰᠢᠯᠵᠢᠨ ᠣᠷᠣᠬᠰᠠᠨ ᠦᠵᠡᠭᠳᠡᠯ ᠭᠠᠷᠪᠠ᠃ ᠣᠳᠣᠠᠭᠡᠷᠡᠯ ᠪᠠᠭᠰᠢ ᠭᠠᠷᠠᠭ ᠤᠨ ᠡᠳᠦᠷ᠂ ᠡᠳᠦᠷ ᠤᠨ ᠭᠢᠴᠢᠶᠡᠯ ᠪᠠᠭᠤᠭᠰᠠᠨ ᠴᠢᠯᠦᠭᠡ ᠴᠠᠭ ᠢᠶᠠᠷ ᠲᠡᠳᠡᠭᠡᠷ ᠰᠣᠷᠣᠭᠴᠢᠳ ᠤᠨ ᠭᠡᠷ ᠲᠤ ᠬᠦᠷᠴᠣ ᠦᠪᠡᠷ ᠤᠨ ᠦᠨᠳᠦᠰᠦᠳᠡᠨ ᠤ ᠭᠡᠯᠨ ᠪᠠᠷ ᠢᠶᠠᠨ ᠰᠣᠷᠬᠤ ᠶᠢ ᠣᠬᠠᠭᠤᠯᠣᠨ ᠲᠠᠶᠢᠴᠢᠯᠠᠵᠣ᠂ ᠶᠠᠭ ᠦᠭᠡ ᠪᠠᠷ ᠨᠢ ᠣᠷᠣᠳᠠᠭ ᠦᠬᠡᠢ ᠰᠣᠷᠣᠭᠴᠢ ᠶᠢ ᠬᠢᠳᠡᠳ ᠠᠩᠬᠢ ᠠᠴᠠ ᠨᠢ ᠴᠢᠷᠴᠣ ᠡᠬᠦᠷᠦᠨ ᠮᠣᠩᠭᠤᠯ ᠠᠩᠬᠢ ᠳᠠᠭᠠᠨ ᠠᠪᠴᠢᠷᠠᠨ ᠵᠢᠭᠠᠵᠣ ᠰᠣᠷᠭᠠᠵᠣ ᠪᠠᠶᠢᠵᠠᠢ᠃ ᠣᠳᠣ ᠪᠣᠯᠬᠤ ᠳᠤ᠂ ᠣᠳᠣᠠᠭᠡᠷᠡᠯ ᠪᠠᠭᠰᠢ ︽ᠪᠢᠳᠡ ᠮᠣᠩᠭᠤᠯ ᠢᠶᠠᠷ ᠢᠶᠠᠨ ᠰᠣᠷᠣᠭᠰᠠᠨ ᠳᠠᠭᠠᠨ ᠶᠡᠭᠡ ᠰᠣᠷᠭᠠᠭᠤᠯᠢ ᠳᠤ ᠣᠷᠣᠵᠠᠢ︾ ᠭᠡᠰᠡᠨ ᠣᠯᠠᠨ ᠰᠣᠷᠣᠭᠴᠢᠳ ᠤᠨ ᠢᠶᠠᠨ ᠪᠠᠶᠠᠷ ᠲᠠᠯᠠᠷᠬᠠᠯ ᠤᠨ ᠦᠭᠡ ᠶᠢ ᠰᠣᠨᠣᠰᠣᠭᠠᠳ ᠰᠡᠳᠬᠢᠯ ᠳᠡᠭᠡᠨ ᠣᠮᠣᠭᠰᠢᠯ ᠲᠦᠷᠦᠳᠡᠭ ᠪᠦᠭᠡᠳ ᠪᠠᠰᠨ ᠭᠡᠰᠡᠭ ᠰᠣᠷᠣᠭᠴᠢᠳ ᠤᠨ ᠢᠶᠠᠨ ︽ᠮᠣᠩᠭᠤᠯ ᠢᠶᠠᠷ ᠢᠶᠠᠨ ᠰᠣᠷᠣᠭᠰᠠᠨ ᠦᠬᠡᠢ ᠬᠤᠴᠣᠷᠴᠠᠢ︾ ᠭᠡᠰᠡᠨ ᠭᠡᠮᠰᠢᠯ ᠤᠨ ᠦᠭᠡ ᠶᠢ ᠰᠣᠨᠣᠰᠣᠭᠠᠳ ᠲᠣᠩ ᠬᠠᠷᠠᠮᠰᠠᠳᠠᠭ᠃ ᠨᠡᠩ ᠴᠦ ᠵᠦᠪᠭᠡᠨ ᠭᠡᠣᠭᠡᠳ ᠬᠤᠶᠢᠴᠰ ᠢᠶᠠᠨ ᠦᠨᠳᠦᠰᠦᠳᠡᠨ ᠤ ᠦᠭᠡ ᠭᠡᠯᠨ ᠪᠠᠷ ᠨᠢ ᠰᠣᠷᠭᠠᠵᠣ ᠦᠰᠭᠡᠶ᠎ᠡ ᠭᠡᠵᠣ  ᠂ ᠲᠣᠬᠠᠢ ᠶᠢᠨ ᠦᠶᠡᠰ ᠪᠠᠭ᠎ᠠ ᠰᠠᠭ᠎ᠠ ᠵᠡᠷᠭᠡ ᠵᠢᠩᠰᠨ ᠲᠠᠢ ᠵᠦᠷᠢᠬᠦᠦ ᠪᠣᠷᠣᠭᠤ ᠬᠦᠮᠦᠰ ᠲᠠᠢ ᠠᠰ ᠲᠣᠯᠣᠨ ᠠᠪᠣᠨ ᠬᠠᠷᠢᠭᠤᠴᠠᠭᠰᠠᠨ  ᠠᠴᠠ ᠪᠣᠯᠵᠣ᠂ ᠨᠠᠮ ᠤᠨ ᠪᠡᠯᠡᠳᠭᠡᠯ ᠭᠡᠰᠢᠬᠦᠨ ᠪᠠᠶᠢᠭᠰᠠᠨ ᠠᠴᠠ ᠪᠠᠨ ᠬᠠᠰᠣᠭᠳᠠᠭᠰᠠᠨ ᠶᠠᠪᠣᠳᠠᠯ ᠨᠢ ᠴᠡᠴᠡᠭ ᠬᠤᠸᠠᠷ ᠰᠢᠭ᠋ ᠵᠠᠯᠠᠭᠤ ᠪᠠᠭ᠎ᠠ ᠨᠠᠰᠣᠨ ᠠᠴᠠ ᠪᠠᠨ ᠵᠠᠭᠠᠯ ᠪᠣᠭᠤᠷᠣᠯ ᠪᠣᠯᠳᠠᠯ᠎ᠠ ᠨᠠᠮ ᠤᠨ ᠰᠣᠷᠭᠠᠨ ᠬᠦᠮᠦᠵᠢᠯ ᠤᠨ ᠦᠢᠯᠡᠰ ᠲᠤ ᠦᠪᠡᠷ ᠢ ᠪᠠᠨ ᠣᠮᠠᠷᠳᠠᠨ ᠦᠷᠯᠦᠭᠡ ᠦᠳᠡᠰᠢ ᠲᠠᠢ ᠣᠷᠣᠯᠳᠣᠨ ᠵᠢᠳᠭᠦᠭᠰᠡᠨ ᠣᠳᠣᠠᠭᠡᠷᠡᠯ ᠪᠠᠭᠰᠢ ᠳᠤ ᠠᠪᠴᠣ ᠭᠡᠯᠡᠪᠡᠯ᠂  ᠬᠤᠪᠢ ᠪᠡᠶ᠎ᠡ ᠶᠢᠨ ᠬᠢᠨᠢ ᠬᠠᠮᠤᠭ ᠤᠨ ᠲᠣᠮᠣ ᠬᠠᠷᠠᠮᠰᠠᠯ ᠪᠣᠯᠵᠣ ᠬᠤᠴᠣᠷᠴᠠᠢ᠃           ᠨᠢᠭᠡ ᠬᠦᠮᠦᠨ ᠨᠠᠰᠣᠨ ᠲᠣᠷᠰᠢ ᠨᠢᠭᠡᠯᠨ ᠵᠦᠢᠯ ᠤᠨ ᠠᠵᠢᠯ ᠢ ᠬᠢᠵᠣ ᠲᠡᠷᠨ ᠮᠦᠷᠳᠡᠭᠡᠨ ᠠᠮᠵᠢᠯᠳᠠ ᠪᠦᠳᠦᠭᠡᠯ ᠭᠠᠷᠭᠠᠨ᠎ᠠ ᠭᠡᠭᠴᠢ ᠲᠡᠶᠢᠮᠣ ᠴᠦ ᠬᠢᠯᠪᠡᠷ ᠪᠢᠰᠢ᠃ ᠣᠳᠣᠠᠭᠡᠷᠡᠯ ᠪᠠᠭᠰᠢ ᠪᠣᠯ ᠰᠠᠶᠢᠨ ᠪᠠᠭᠰᠢ ᠮᠦᠷᠳᠡᠭᠡᠨ ᠰᠠᠶᠢᠨ ᠡᠵᠢ ᠶᠣᠮ᠃ ᠲᠦᠴᠢ ᠰᠢᠬᠠᠮ ᠵᠢᠯ ᠤᠨ ᠵᠢᠭᠠᠨ ᠰᠣᠷᠭᠠᠬᠤ ᠬᠠᠳᠠᠭᠤ ᠪᠡᠷᠬᠡ ᠣᠷᠳᠣ ᠠᠶᠠᠨ ᠳᠠᠭᠠᠨ ᠲᠡᠷᠨ ᠣᠯᠠᠨ ᠠᠷᠪᠢᠨ ᠡᠷᠳᠡᠮᠳᠡᠨ ᠴᠢᠳᠠᠪᠦᠷᠢᠳᠠᠨ ᠢ ᠬᠦᠮᠦᠵᠢᠬᠦᠯᠵᠣ᠂ ᠵᠢᠷᠨ ᠲᠠᠯᠠᠭᠠᠳ ᠣᠨ ᠤ ᠶᠠᠳᠠᠭᠤ ᠬᠤᠭᠤᠰᠣᠨ ᠭᠠᠴᠢᠭ ᠬᠦᠴᠢᠷ ᠲᠠᠢ ᠵᠢᠯ ᠤᠳ ᠢᠶᠠᠷ ᠲᠡᠬᠦᠨ ᠤ  ᠨᠢᠭᠡ ᠲᠦᠭᠦᠷᠭ ᠮᠦᠩᠬᠦ᠂ ᠨᠢᠭᠡ ᠠᠶᠠᠭ᠎ᠠ ᠬᠤᠭᠤᠯᠨ ᠪᠠᠷ ᠲᠡᠳᠭᠦᠨ ᠲᠡᠮᠵᠢᠭᠰᠡᠨ ᠰᠣᠷᠣᠭᠴᠢ ᠭᠡᠣᠭᠡᠳ ᠤᠳ ᠨᠢ ᠡᠳᠦᠭᠡ ᠨᠢᠭᠡᠨᠳᠡ ᠡᠭᠡ ᠣᠯᠣᠰ ᠤᠨ ᠡᠯ᠎ᠡ ᠠᠵᠢᠯ ᠤᠨ ᠹᠷᠣᠨᠲ ᠲᠤ ᠡᠷᠬᠢᠯᠡᠭᠰᠡᠨ ᠠᠵᠢᠯ ᠳᠠᠭᠠᠨ ᠬᠤᠰᠢᠭᠤᠴᠢᠯᠠᠨ᠂ ᠵᠠᠷᠢᠮ ᠨᠢ ᠨᠡᠩ ᠴᠦ ᠪᠠᠶᠢᠭᠤᠯᠤᠭ᠎ᠠ ᠨᠢᠭᠡᠴᠨ ᠶᠢᠨ  ᠢᠶᠠᠨ ᠨᠢᠷᠣᠭᠤ ᠲᠣᠯᠭᠠᠭᠤᠷᠢ ᠬᠦᠴᠦᠨ ᠪᠣᠯᠵᠣ ᠬᠢᠯᠠᠷᠠᠭᠤᠯᠵᠣ ᠪᠠᠶᠢᠨ᠎ᠠ᠃ ᠣᠳᠣᠠᠭᠡᠷᠡᠯ ᠪᠠᠭᠰᠢ ᠶᠢᠨ ᠭᠠᠷ ᠤᠨ ᠱᠠᠪᠢ ᠪᠠᠶᠢᠭᠰᠠᠨ ᠦᠪᠦᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠡᠷᠳᠡᠮᠳᠡᠨ᠂ ᠣᠣᠯ ᠤᠨ ᠲᠡᠳ᠋ ᠵᠠᠬᠢᠷᠣᠯ ᠵᠣᠷᠢᠭᠳᠣ᠂ ᠦᠪᠦᠷ ᠮᠣᠩᠭᠤᠯ ᠤᠨ ᠲᠧᠯᠸᠢᠰ ᠬᠤᠷᠢᠶ᠎ᠠ ᠶᠢᠨ ᠨᠡᠷᠡᠳᠣ ᠬᠦᠳᠦᠯᠦᠭᠴᠢ ᠲ᠊ ·  ᠴᠢᠮᠡᠳ ᠨᠠᠷ ᠪᠣᠯ ᠴᠦᠮ ᠬᠠᠶᠢᠷᠠᠳᠠᠢ ᠭᠠᠷ ᠤᠨ ᠱᠠᠪᠢ ᠨᠢ ᠪᠠᠶᠢᠵᠣ ᠠᠶᠠᠨ ᠤ ᠠᠯᠳᠠᠨ ᠵᠢᠯᠣᠭᠤ ᠪᠠᠨ ᠠᠴᠢᠳᠣ ᠣᠳᠣᠠᠭᠡᠷᠡᠯ ᠪᠠᠭᠰᠢ ᠠᠴᠠ ᠪᠠᠨ ᠠᠳᠬᠤᠵᠣ ᠠᠯᠣᠰ ᠢ ᠵᠣᠷᠢᠭᠰᠠᠨ ᠬᠦᠮᠦᠰ ᠶᠣᠮ᠃ ᠣᠳᠣᠠᠭᠡᠷᠡᠯ ᠪᠠᠭᠰᠢ ᠶᠢᠨ ᠬᠠᠮᠤᠭ ᠤᠨ ᠶᠡᠭᠡ ᠲᠣᠷ᠎ᠠ ᠰᠣᠨᠢᠷᠬᠠᠯ  ᠨᠢ ᠨᠣᠮ ᠣᠩᠰᠢᠬᠤ ᠶᠠᠪᠣᠳᠠᠯ ᠪᠣᠯᠣᠨ᠎ᠠ᠃  ︽ᠨᠢᠭᠡ ᠴᠠᠭ ᠬᠤᠭᠤᠯᠨ ᠢᠳᠡᠬᠦ ᠦᠬᠡᠢ ᠳᠤ ᠪᠣᠯᠣᠨ᠎ᠠ᠂ ᠨᠢᠭᠡ ᠡᠳᠦᠷ ᠨᠣᠮ ᠣᠩᠰᠢᠬᠤ ᠦᠬᠡᠢ ᠪᠣᠯ ᠦᠯᠦ ᠪᠣᠯᠣᠨ᠎ᠠ︾ ᠭᠡᠵᠣ ᠭᠡᠣᠭᠡᠳ ᠲᠡᠭᠡᠨ ᠵᠠᠬᠢᠵᠣ ᠭᠡᠪ ᠲᠦᠷᠢᠮ ᠪᠣᠯᠳᠠᠭ ᠪᠦᠭᠡᠳ ᠡᠳᠦᠷ ᠪᠦᠷᠢ ᠨᠣᠮ ᠣᠩᠰᠢᠬᠤ ᠶᠢ ᠪᠠᠷᠢᠮᠳᠠᠯᠠᠳᠠᠭ᠃ ᠨᠠᠶᠠᠨ ᠭᠠᠷᠴᠢᠬᠠᠭᠰᠠᠨ ᠠᠳᠠᠯ᠎ᠠ᠂ ᠰᠠᠭᠤᠭᠠᠳ ᠶᠠᠳᠠᠷᠠᠪᠠᠯ ᠰᠣᠷᠣᠭᠴᠢᠳ ᠤᠨ ᠢᠶᠠᠨ ᠬᠦᠨᠳᠦᠳᠭᠡᠨ ᠪᠡᠯᠭᠡᠯᠡᠵᠣ ᠲᠣᠷᠠᠰᠬᠠᠭᠰᠠᠨ ᠠᠭᠤᠵᠢᠭᠤ ᠡᠯᠪᠡᠭ ᠲᠠᠩᠰᠡᠨ ᠰᠠᠨᠳᠠᠯᠢ ᠲᠡᠭᠡᠷ᠎ᠡ  ᠪᠠᠨ ᠲᠠᠩᠭᠠᠶᠢᠵᠣ ᠨᠣᠮ ᠰᠡᠳᠬᠦᠯ ᠣᠩᠰᠢᠳᠠᠭ᠃
         ᠰᠢᠨ᠎ᠡ ᠲᠣᠮᠳᠠᠳᠣ ᠣᠯᠣᠰ ᠪᠠᠶᠢᠭᠤᠯᠣᠭᠳᠠᠨ᠂ ᠬᠦᠮᠦᠨ ᠠᠷᠠᠳ ᠤᠨ ᠠᠵᠣ ᠠᠮᠢᠳᠣᠷᠡᠯ ᠰᠠᠶᠢᠵᠢᠷᠠᠵᠣ ᠰᠡᠳᠬᠢᠯ ᠰᠠᠨᠠᠭ᠎ᠠ ᠠᠮᠣᠷ ᠪᠣᠯᠣᠭᠰᠠᠨ1954 ᠣᠨ ᠳᠤ᠂ ︽ᠰᠠᠶᠢᠨ ᠬᠦᠮᠦᠨ ᠤ ᠦᠷ᠎ᠡ᠂ ᠰᠦᠳᠣ ᠭᠡᠭᠦᠦ ᠶᠢᠨ ᠣᠨᠠᠭ᠎ᠠ︾ ᠵᠦᠷᠵᠢᠳ ᠠᠶᠢᠮᠠᠭ ᠤᠨ ᠰᠣᠳᠣᠨ ᠭᠡᠣᠭᠡᠨ ᠣᠳᠣᠠᠭᠡᠷᠡᠯ ᠪᠣᠷᠵᠢᠬᠢᠨ ᠣᠪᠣᠭ ᠤᠨ ᠷᠠᠰᠢᠳᠣᠩᠷᠣᠪ ᠲᠠᠢ ᠭᠡᠷᠯᠡᠵᠣ᠂ ᠲᠡᠭᠡᠳᠣ ᠶᠢᠨ ᠨᠣᠳᠤᠭ ᠪᠠᠭᠠᠷᠢᠨ ᠳᠠᠭᠠᠨ ᠲᠡᠯᠡᠭᠡᠢ ᠬᠠᠷᠠᠭᠰᠠᠨ ᠡᠷᠦᠭᠡ ᠪᠠᠨ ᠰᠡᠬᠦᠨ᠂ ᠲᠡᠭᠵᠢᠷᠡᠬᠦ ᠠᠮᠢᠳᠣᠷᠡᠯ ᠤᠨ ᠲᠣᠯᠭ᠎ᠠ ᠪᠠᠨ ᠲᠦᠷᠡᠯᠵᠡᠬᠦᠯᠵᠣ ᠲᠡᠪᠭᠡᠷᠡᠨ ᠪᠣᠰᠣᠭᠰᠠᠨ ᠲᠦᠷᠪᠡᠨ ᠬᠦᠦ ᠲᠦᠷᠦᠵᠣ ᠦᠰᠭᠡᠵᠠᠢ᠃ ᠣᠳᠣᠠᠭᠡᠷᠡᠯ ᠲᠦᠷᠪᠡᠨ ᠭᠡᠣᠭᠡᠳ ᠢᠶᠠᠨ ᠣᠨᠠᠭᠠᠵᠣ ᠲᠣᠰᠬᠠᠯ ᠦᠭᠡᠢ᠂ ᠠᠶᠣᠵᠣ ᠡᠮᠢᠶᠡᠯᠭᠡᠭᠰᠡᠨ ᠦᠬᠡᠢ ᠡᠷᠡᠬᠦᠯ ᠪᠡᠶ᠎ᠡ ᠰᠠᠷᠠᠭᠤᠯ ᠣᠬᠠᠭᠠᠨ ᠲᠠᠢ  ᠭᠠᠷ ᠢ ᠨᠢ ᠭᠠᠨᠵᠤᠭ᠎ᠠ ᠳᠤ ᠬᠦᠯ ᠢ ᠨᠢ ᠲᠦᠷᠦᠭᠡ ᠳᠤ ᠬᠦᠷᠭᠡᠵᠠᠢ  ᠃ ᠲᠡᠷᠨ ᠭᠡᠣᠭᠡᠳ  ᠤᠨ ᠢᠶᠠᠨ ᠡᠵᠢ ᠨᠢ ᠮᠦᠷᠳᠡᠭᠡᠨ ᠪᠠᠭᠰᠢ ᠨᠢ ᠴᠦ ᠶᠣᠮ᠃ ᠬᠠᠨᠢ ᠨᠦᠬᠦᠷ ᠨᠢ ᠰᠣᠮᠣ ᠬᠤᠰᠢᠭᠤ ᠶᠢᠨ ᠵᠠᠯᠠᠭᠤᠴᠣᠳ ᠤᠨ ᠡᠪᠯᠡᠯ ᠤᠨ ᠺᠠᠳ᠋ᠷ᠂ ᠨᠠᠷᠢᠨ ᠪᠢᠴᠢᠭᠡᠴᠢ᠂ ᠡᠳ᠋ ᠤᠨ ᠵᠠᠰᠠᠭ ᠤᠨ ᠰᠠᠯᠪᠣᠷᠢ ᠶᠢᠨ ᠲᠠᠷᠤᠭ᠎ᠠ ᠵᠡᠷᠭᠡ ᠠᠯᠪᠠ ᠲᠣᠰᠢᠶᠠᠯ ᠢᠶᠠᠷ ᠭᠡᠷ ᠢᠶᠠᠨ ᠣᠷᠬᠢᠭᠠᠳ ᠠᠯᠣᠰ ᠬᠤᠯᠠ ᠠᠵᠢᠯᠯᠠᠬᠤ ᠳᠤ  ᠣᠳᠣᠠᠭᠡᠷᠡᠯ ᠪᠠᠭᠰᠢ ᠪᠢᠴᠢᠭ ᠵᠢᠭᠠᠵᠣ ᠠᠩᠬᠢ ᠡᠷᠬᠢᠯᠡᠬᠦ᠂ ᠰᠣᠷᠭᠠᠭᠤᠯᠢ ᠶᠢᠨ ᠬᠠᠮᠢᠶᠠᠷᠣᠯᠳᠡ ᠳᠤ ᠣᠷᠣᠯᠴᠠᠬᠤ ᠪᠠ ᠭᠡᠣᠭᠡᠳ ᠨᠢᠯᠬ᠎ᠠ ᠪᠠᠨ ᠠᠰᠠᠷᠠᠵᠣ ᠬᠠᠷᠠᠭᠠᠯᠵᠠᠬᠤ ᠬᠦᠨᠳᠣ ᠡᠬᠦᠷᠭᠡ ᠶᠢ ᠭᠠᠭᠴᠠᠭᠠᠷ ᠢᠶᠠᠨ ᠳᠠᠭᠠᠭᠠᠵᠣ᠂  ᠣᠨᠳᠠᠬᠤ ᠨᠦᠢᠷ ᠦᠭᠡᠢ᠂ ᠢᠳᠡᠵᠣ ᠠᠮᠠᠷᠠᠬᠤ ᠪᠠᠨ ᠣᠮᠠᠷᠳᠠᠨ ᠪᠡᠷᠬᠡ ᠬᠠᠳᠠᠭᠤᠵᠢᠯ ᠲᠠᠢ ᠣᠨ ᠵᠢᠯ ᠢ ᠲᠣᠭᠤᠯᠵᠠᠢ᠃ ᠣᠳᠣᠠᠭᠡᠷᠡᠯ ᠪᠠᠭᠰᠢ ᠭᠡᠣᠭᠡᠳ ᠢᠶᠠᠨ ᠭᠡᠵᠢᠶ᠎ᠡ ᠢᠮᠠᠭᠳᠠ ︽ᠲᠠᠷᠣᠣ ᠨᠣᠮᠣᠬᠠᠨ ᠵᠠᠩ ᠲᠠᠢ ᠪᠠᠶᠢᠬᠤ ᠭᠡᠷᠡᠭᠳᠡᠢ᠂ ᠠᠵᠢᠯᠴᠢ ᠪᠣᠷᠣᠭᠵᠢᠭᠤᠨ ᠠᠮᠢᠳᠣᠷᠡᠯ ᠤᠨ ᠰᠣᠷᠳᠠᠯ ᠢ ᠪᠠᠷᠢᠮᠳᠠᠯᠠᠬᠤ ᠭᠡᠷᠡᠭᠳᠡᠢ᠂ ᠰᠣᠶᠣᠯ ᠰᠣᠷᠭᠠᠨ ᠬᠦᠮᠦᠵᠢᠯ ᠢ ᠬᠦᠨᠳᠦᠳᠭᠡᠬᠦ ᠭᠡᠷᠡᠭᠳᠡᠢ︾ ᠭᠡᠮᠡᠨ ᠴᠢᠩᠭ᠎ᠠ ᠵᠠᠬᠢᠨ ᠰᠣᠷᠭᠠᠳᠠᠭ ᠶᠣᠮ᠃ ᠭᠡᠣᠭᠡᠳ ᠤᠨ ᠬᠢᠨ ᠭᠡᠯᠡᠬᠦ ᠪᠠᠷ᠂ ᠡᠨᠡ ᠰᠣᠷᠭᠠᠯ ᠨᠢ ᠡᠳᠡᠨ ᠤ ᠭᠡᠷ ᠪᠦᠯᠢ ᠶᠢᠨ ᠢᠶᠠᠨ ︽ᠠᠮᠢᠨ ᠭᠤᠷᠪᠠᠨ ᠡᠷᠳᠡᠨᠢ ᠶᠢᠨ ᠰᠣᠷᠭᠠᠯ︾ ᠪᠣᠯᠵᠠᠢ ᠭᠡᠨ᠎ᠡ᠃ ᠲᠦᠷᠪᠡᠨ ᠬᠦᠦ ᠨᠢ ᠴᠦᠮ ᠡᠵᠢ ᠶᠢᠨ ᠢᠶᠠᠨ ᠵᠢᠭᠠᠵᠤ ᠪᠠᠶᠢᠭᠰᠠᠨ ᠠᠩᠬᠢ ᠪᠣᠶᠣ ᠰᠣᠷᠭᠠᠭᠤᠯᠢ ᠠᠴᠠ ᠪᠠᠭ᠎ᠠ ᠰᠣᠷᠭᠠᠭᠤᠯᠢ ᠪᠠᠨ ᠲᠡᠭᠦᠰᠴᠠᠢ᠃  ᠣᠣᠭᠠᠨ ᠬᠦᠦ ᠬᠠᠰᠪᠠᠭᠠᠨ᠎ᠠ  ᠨᠢ ᠠᠩᠬ᠎ᠠ ᠵᠡᠷᠭᠡ ᠶᠢᠨ ᠲᠣᠮᠳᠠᠳᠣ ᠰᠣᠷᠭᠠᠭᠤᠯᠢ ᠲᠡᠭᠦᠰᠦᠨ᠂  ᠲᠣᠬᠠᠢ ᠶᠢᠨ ᠴᠠᠭ ᠤᠨ ᠣᠷᠢᠶᠠᠯᠭ᠎ᠠ ᠶᠢ ᠲᠠᠭᠠᠨ ᠰᠡᠭᠡᠭᠡᠳᠡᠨ ᠵᠠᠯᠠᠭᠤ ᠪᠠᠷ ᠬᠦᠳᠡᠭᠡ ᠪᠠᠭᠤᠵᠣ ᠲᠠᠪᠳᠠᠭᠳᠠᠵᠣ ᠵᠠᠰᠠᠭ ᠤᠨ ᠠᠯᠪᠠᠨ ᠳᠤ ᠭᠠᠷᠴᠠᠢ᠃ ᠶᠡᠭᠡ ᠰᠣᠷᠭᠠᠭᠤᠯᠢ  ᠳᠤ ᠰᠢᠯᠭᠠᠬᠤ ᠲᠦᠷᠢᠮ ᠰᠡᠷᠭᠦᠬᠡᠭᠳᠡᠭᠰᠡᠨ ᠤ ᠲᠠᠷᠠᠭ᠎ᠠ ᠪᠠᠷ  ᠤᠳᠤᠠᠭᠡᠷᠡᠯ ᠪᠠᠭᠰᠢ ᠶᠢᠨ ᠭᠤᠷᠪᠠᠨ ᠬᠦᠦ ᠨᠢ ᠬᠤᠶᠢᠨ᠎ᠡ ᠬᠤᠶᠢᠨ᠎ᠡ ᠠᠴᠠ ᠪᠠᠨ ᠶᠡᠭᠡ ᠰᠣᠷᠭᠠᠭᠤᠯᠢ ᠳᠤ ᠰᠢᠯᠭᠠᠨ ᠣᠷᠣᠵᠣ᠂ ᠡᠵᠢ ᠶᠢᠨ ᠢᠶᠠᠨ ᠨᠠᠰᠣᠨ ᠲᠣᠷᠰᠢ ᠪᠢᠴᠢᠭ ᠵᠢᠭᠠᠵᠣ ᠬᠦᠮᠦᠨ ᠢ ᠬᠦᠮᠦᠵᠢᠬᠦᠯᠦᠨ ᠵᠢᠳᠬᠦᠵᠣ᠂ ᠦᠪᠡᠷ ᠤᠨ ᠦᠯᠡᠮᠵᠢ ᠡᠷᠳᠡᠮ ᠮᠡᠳᠡᠯᠭᠡ ᠦᠭᠭᠢᠶᠡᠮᠦᠷ ᠬᠠᠶᠢᠷ᠎ᠠ ᠪᠠᠷ ᠢᠶᠠᠨ ᠦᠪᠡᠷ ᠪᠣᠰᠣᠳ ᠤᠨ ᠦᠷ᠎ᠡ ᠭᠡᠣᠭᠡᠳ ᠢ ᠨᠢᠭᠡᠯᠨ ᠠᠳᠠᠯᠢ ᠬᠠᠶᠢᠷᠠᠯᠠᠨ ᠪᠠᠶᠠᠰᠣᠨ ᠶᠠᠪᠣᠳᠠᠭ ᠠᠵᠢᠯ ᠲᠦᠷᠦᠯ ᠢ ᠪᠢᠰᠢᠷᠡᠨ ᠪᠠᠭ᠋ᠠᠷᠬᠠᠵᠣ ᠴᠦᠮ ᠪᠠᠭᠰᠢ ᠶᠢᠨ ᠰᠣᠷᠭᠠᠭᠤᠯᠢ᠂ ᠪᠠᠭᠰᠢ ᠶᠢᠨ ᠲᠣᠰᠬᠠᠢ ᠮᠡᠷᠭᠡᠵᠢᠯ ᠢ ᠰᠣᠩᠭᠤᠨ ᠰᠣᠷᠣᠯᠴᠠᠵᠣ ᠲᠡᠭᠦᠰᠦᠭᠡᠳ ᠪᠠᠭᠰᠢ ᠶᠢᠨ ᠠᠵᠢᠯ ᠳᠤ  ᠭᠠᠷᠣᠭᠠᠳ ᠰᠣᠶᠣᠯ ᠰᠣᠷᠭᠠᠨ ᠬᠦᠮᠦᠵᠢᠯ ᠢ ᠴᠠᠭᠠᠨ᠎ᠠ ᠠᠴᠠ  ᠪᠠᠨ ᠬᠦᠨᠳᠦᠳᠭᠡᠨ ᠲᠡᠭᠡᠳᠦᠯᠡᠳᠡᠭ ᠡᠨᠡᠬᠦ ᠭᠡᠷ ᠪᠦᠯᠢ ᠶᠢᠨ ᠬᠢᠨ ᠬᠤᠰᠢᠭᠤ ᠨᠣᠳᠤᠭ ᠤᠨ ᠢᠶᠠᠨ ᠣᠳᠣᠨ ᠰᠣᠳᠣᠨ ᠪᠣᠯᠵᠣ᠂ ᠨᠡᠶᠢᠭᠡᠮ ᠨᠡᠶᠢᠳᠡ ᠳᠤ ︽ᠰᠣᠶᠣᠯᠳᠣ ᠭᠡᠷ ᠪᠦᠯᠢ  ᠂ ᠰᠣᠷᠭᠠᠨ ᠬᠦᠮᠦᠵᠢᠯ ᠤᠨ ᠭᠡᠷ ᠪᠦᠯᠢ︾ ᠭᠡᠬᠦ ᠰᠠᠶᠢᠬᠠᠨ ᠠᠯᠳᠠᠷ ᠢᠶᠠᠷ ᠮᠡᠳᠡᠷᠡᠭᠳᠡᠨ ᠮᠠᠭᠳᠠᠭᠠᠯ ᠰᠠᠶᠢᠰᠢᠶᠡᠯ ᠢ ᠬᠦᠷᠳᠡᠵᠣ ᠶᠠᠪᠣᠵᠠᠢ᠃  ᠬᠤᠶᠠᠳᠣᠭᠠᠷ ᠬᠦᠦ ᠬᠠᠰᠪᠠᠭᠠᠳᠣᠷ ᠨᠢ ᠵᠣᠣ ᠣᠳᠡ ᠶᠢᠨ ᠮᠣᠩᠭᠤᠯ ᠦᠨᠳᠦᠰᠦᠳᠡᠨ ᠤ ᠪᠠᠭᠰᠢ ᠶᠢᠨ ᠲᠣᠰᠬᠠᠢ ᠮᠡᠷᠭᠡᠵᠢᠯ ᠤᠨ ᠰᠣᠷᠭᠠᠭᠤᠯᠢ ᠠᠴᠠ ᠲᠡᠭᠦᠰᠴᠣ ᠪᠠᠶᠠᠨᠳᠠᠯ᠎ᠠ ᠰᠣᠮᠣ ᠶᠢᠨ ᠭᠤᠣᠯ ᠪᠠᠭ᠎ᠠ ᠰᠣᠷᠭᠠᠭᠤᠯᠢ ᠳᠤ ᠬᠢᠴᠢᠶᠡᠯ ᠬᠦᠮᠦᠵᠢᠯ ᠤᠨ ᠡᠷᠬᠢᠯᠡᠭᠴᠢ᠂ ᠠᠴᠢᠯᠴᠢᠨ ᠤ ᠡᠪᠯᠡᠯ ᠤᠨ ᠲᠡᠷᠢᠬᠦᠯᠡᠭᠴᠢ ᠵᠡᠷᠭᠡ ᠡᠭᠦᠷᠭᠡ ᠲᠣᠰᠢᠶᠠᠯ ᠢ ᠬᠠᠷᠢᠭᠤᠴᠠᠵᠤ ᠶᠠᠪᠣᠭᠠᠳ ᠰᠠᠶ᠋ᠢᠬᠠᠨ ᠲᠣᠮᠳᠠᠳᠣ ᠰᠣᠷᠭᠠᠭᠤᠯᠢ ᠶᠢᠨ ᠦᠨᠳᠦᠷ ᠲᠡᠰ ᠤᠨ ᠪᠠᠭᠰᠢ ᠶᠢᠨ ᠴᠣᠯᠨ ᠲᠠᠢ ᠠᠵᠢᠯ ᠠᠴᠠ ᠪᠠᠨ ᠠᠮᠠᠷᠠᠪᠠ᠃  ᠭᠤᠷᠪᠠᠳᠤᠭᠠᠷ ᠬᠦᠦ ᠨᠢ ᠬᠠᠰᠪᠠᠳᠦ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠠᠮᠢᠳᠤ ᠪᠣᠳᠠᠰ ᠤᠨ ᠰᠠᠯᠪᠤᠷᠢ ᠠᠴᠠ ᠲᠡᠭᠦᠰᠴᠤ᠂ ᠣᠳᠣ ᠣᠯᠠᠭᠠᠨᠬᠠᠳᠠ ᠲᠡᠭᠡᠳᠤ ᠰᠣᠷᠭᠠᠭᠤᠯᠢ ᠳᠤ ᠲᠡᠳ᠋ ᠹᠷᠤᠹᠧᠰᠰᠤᠷ ᠤᠨ ᠴᠣᠯᠨ ᠲᠠᠢ ᠠᠵᠢᠯᠯᠠᠵᠣ ᠪᠠᠶᠢᠨ᠎ᠠ᠃ ᠤᠳᠬᠤᠨ ᠬᠦᠦ ᠬᠠᠰᠴᠢᠯᠠᠭᠤ ᠨᠢ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠠᠴᠠ ᠲᠡᠭᠦᠰᠴᠣ᠂ ᠣᠯᠠᠭᠠᠨᠬᠠᠳᠠ ᠳᠠᠬᠢ ᠮᠤᠩᠭᠤᠯ ᠦᠨᠳᠦᠰᠦᠳᠡᠨ ᠤ ᠲᠣᠮᠳᠠᠳᠣ ᠰᠣᠷᠭᠠᠭᠤᠯᠢ ᠳᠤ ᠪᠠᠭᠰᠢ ᠪᠣᠯᠵᠤ᠂ ᠰᠣᠷᠭᠠᠭᠤᠯᠢ ᠶᠢᠨ ᠡᠪᠯᠡᠯ ᠤᠨ ᠬᠤᠷᠢᠶ᠎ᠠ ᠶᠢᠨ ᠱᠦᠵᠢ᠂ ᠣᠯᠣᠰ ᠳᠦᠷᠦ ᠬᠦᠮᠦᠵᠢᠯ ᠤᠨ ᠭᠠᠵᠠᠷ ᠤᠨ ᠡᠷᠬᠢᠯᠡᠭᠴᠢ᠂ ᠵᠢᠭᠠᠬᠤ ᠶᠢ ᠰᠣᠳᠣᠯᠬᠤ ᠭᠠᠵᠠᠷ ᠤᠨ ᠡᠷᠬᠢᠯᠡᠭᠴᠢ ᠵᠡᠷᠭᠡ ᠲᠣᠰᠢᠶᠠᠯ ᠤᠳ ᠢ ᠡᠭᠦᠷᠭᠡᠯᠡᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠰ ᠤᠨ ᠬᠢᠴᠢᠶᠡᠯ ᠲᠦᠷᠦᠯ ᠤᠨ ᠲᠠᠭᠠᠭᠤᠯᠣᠭᠴᠢ᠂ ᠵᠢᠭᠠᠨ ᠰᠣᠷᠭᠠᠬᠤ ᠴᠢᠳᠠᠪᠦᠷᠢᠳᠡᠨ᠂ ᠭᠤᠣᠯᠯᠠᠭᠴᠢ ᠪᠠᠭᠰᠢ ᠶᠢᠨ ᠴᠣᠯᠨ ᠲᠠᠢ ᠵᠢᠭᠠᠨ ᠰᠣᠷᠭᠠᠯᠳᠠ ᠶᠢᠨ ᠵᠢᠯᠭᠤᠳᠣᠭᠴᠢ ᠪᠠᠭᠰᠢ ᠪᠠᠷ ᠠᠵᠢᠯᠯᠠᠵᠤ ᠪᠠᠶᠢᠨ᠎ᠠ᠃ ᠣᠳᠣ ᠣᠳᠣᠠᠭᠡᠷᠡᠯ ᠪᠠᠭᠰᠢ ᠶᠢᠨ ᠣᠮᠪᠣᠯ ᠭᠡᠣᠭᠡᠳ ᠤᠨ ᠦᠶ᠎ᠡ ᠶᠢᠨ ᠬᠢᠨ ᠴᠦᠮ ᠶᠡᠭᠡ ᠰᠣᠷᠭᠠᠭᠤᠯᠢ ᠲᠡᠭᠦᠰᠴᠣ᠂ ᠳ᠋ᠣᠺᠲ᠋ᠣᠷ᠂ ᠠᠰᠫᠢᠷᠠᠨᠲ ᠤᠨ ᠴᠣᠯᠨ ᠬᠠᠮᠠᠭᠠᠯᠠᠵᠣ᠂ ᠣᠯᠣᠰ ᠣᠷᠣᠨ ᠤ ᠪᠠᠨ ᠰᠣᠷᠭᠠᠨ ᠬᠦᠮᠦᠵᠢᠯ᠂  ᠵᠠᠰᠠᠭ ᠵᠠᠬᠢᠷᠭ᠎ᠠ᠂ ᠡᠮ ᠡᠮᠨᠡᠯᠭᠡ᠂ ᠬᠠᠣᠯᠢ ᠴᠠᠭᠠᠵᠨ ᠶᠢᠨ ᠠᠳᠠᠯᠢ ᠪᠣᠰᠣ ᠠᠵᠢᠯ ᠤᠨ ᠪᠠᠶᠢᠷᠢ ᠲᠡᠭᠡᠷ᠎ᠡ ᠦᠩᠭᠡ ᠦᠭᠡᠳᠠ᠂ ᠭᠡᠶᠢᠮᠣᠷᠢ ᠵᠢᠪᠬᠤᠭ᠎ᠠ ᠲᠠᠢ ᠭᠠᠪᠰᠢᠭᠠᠶᠢᠯᠠᠵᠣ ᠪᠠᠶᠢᠨ᠎ᠠ᠃ ᠣᠳᠣᠠᠭᠡᠷᠡᠯ ᠪᠠᠭᠰᠢ ᠶᠢᠨ ᠠᠷᠣ ᠳᠠᠭᠠᠨ ᠡᠬᠦᠷᠦᠨ ᠡᠯᠢᠭᠡᠨ ᠳᠡᠭᠡᠨ ᠲᠡᠪᠡᠷᠢᠨ ᠦᠰᠭᠡᠭᠰᠡᠨ ᠬᠠᠶᠢᠷᠠᠳᠠᠢ ᠵᠢᠷᠭᠤᠭᠠᠨ ᠣᠮᠪᠣᠯ ᠤᠨ ᠬᠠᠮᠤᠭ ᠶᠡᠭᠡ ᠪᠣᠯᠣᠭᠰᠠᠨ ᠣᠮᠪᠣᠯ ᠭᠡᠣᠭᠡᠨ ᠰᠣᠮᠢᠶ᠎ᠠ ᠨᠢ ᠶᠡᠭᠡ ᠰᠣᠷᠭᠠᠭᠤᠯᠢ ᠶᠢᠨ ᠰᠣᠷᠣᠯᠭ᠎ᠠ ᠶᠢᠨ ᠨᠠᠮᠳᠡᠷ ᠲᠠᠢ᠂ ᠪᠠᠭ᠎ᠠ ᠰᠣᠷᠭᠠᠭᠤᠯᠢ ᠶᠢᠨ ᠦᠨᠳᠦᠷ ᠲᠡᠰ ᠤᠨ ᠪᠠᠭᠰᠢ ᠶᠢᠨ ᠴᠣᠯᠨ ᠲᠠᠢ ᠬᠤᠳᠡ ᠶᠢᠨ ᠲᠡᠰ ᠤᠨ ᠭᠤᠣᠯᠯᠠᠭᠴᠢ ᠪᠠᠭᠰᠢ ᠪᠠᠷ ᠳ᠋ᠠᠪᠠᠨ ᠤ ᠮᠤᠩᠭᠤᠯ ᠦᠨᠳᠦᠰᠦᠳᠡᠨ ᠤ ᠪᠠᠭ᠎ᠠ ᠰᠣᠷᠭᠠᠭᠤᠯᠢ ᠳᠤ ᠠᠵᠢᠯᠯᠠᠵᠣ ᠪᠠᠶᠢᠨ᠎ᠠ᠃ ᠣᠮᠪᠣᠯ ᠬᠦᠦ ᠠᠽᠢᠶ᠎ᠠ ᠨᠢ ᠣᠯᠠᠭᠠᠨᠬᠠᠳᠠ ᠲᠡᠭᠡᠳᠣ ᠰᠣᠷᠭᠠᠭᠤᠯᠢ ᠶᠢᠨ ᠣᠷᠡᠨ ᠵᠢᠷᠤᠭ ᠤᠨ ᠲᠣᠰᠬᠠᠢ ᠮᠡᠷᠭᠡᠵᠢᠯ ᠢᠶᠠᠷ ᠲᠡᠭᠦᠰᠴᠣ᠂ ᠣᠳᠣ ᠠᠷᠣ ᠬᠤᠷᠴᠢᠨ ᠬᠤᠰᠢᠭᠤᠨ ᠤ ᠪᠠᠶᠠᠨᠠᠦ᠋ᠠᠳᠦᠷ ᠪᠠᠭ᠎ᠠ ᠰᠣᠷᠭᠠᠭᠤᠯᠢ ᠳᠤ ᠬᠢᠴᠢᠶᠡᠯ ᠬᠦᠮᠦᠵᠢᠯ ᠤᠨ ᠡᠷᠬᠢᠯᠡᠭᠴᠢ ᠪᠠᠷ ᠠᠵᠢᠯᠯᠠᠵᠣ ᠪᠠᠶᠢᠨ᠎ᠠ᠃ ᠣᠮᠪᠣᠯ ᠭᠡᠣᠭᠡᠨ ᠠᠨᠴᠠᠷ ᠨᠢ ᠰᠧᠴᠣᠸᠠᠨ ᠶᠡᠭᠡ ᠰᠣᠷᠭᠠᠭᠤᠯᠢ ᠶᠢᠨ ᠬᠠᠣᠯᠢ ᠶᠢᠨ ᠣᠬᠠᠭᠠᠨ ᠤ ᠳ᠋ᠤᠺᠲ᠋ᠤᠷ ᠴᠣᠯᠨ ᠬᠠᠮᠠᠭᠠᠯᠠᠭᠠᠳ᠂ ᠣᠳᠣ ᠶᠦᠨᠨᠠᠨ ᠦᠨᠳᠦᠰᠦᠳᠡᠨ ᠤ ᠶᠡᠭᠡ ᠰᠣᠷᠭᠠᠭᠤᠯᠢ ᠳᠤ ᠪᠠᠭᠰᠢᠯᠠᠵᠣ ᠪᠠᠶᠢᠨ᠎ᠠ᠃ ᠣᠮᠪᠣᠯ ᠬᠦᠦ ᠤᠳᠠ ᠨᠢ ᠵᠦᠩᠨᠠᠨ ᠶᠡᠭᠡ ᠰᠣᠷᠭᠠᠭᠤᠯᠢ ᠶᠢᠨ ᠵᠠᠮ ᠬᠠᠷᠢᠯᠴᠠᠭᠠᠨ ᠤ ᠲᠦᠯᠦᠪᠯᠡᠭᠡ ᠬᠢᠭᠡᠳ ᠬᠠᠮᠢᠶᠠᠷᠣᠯᠳᠠ ᠶᠢᠨ ᠲᠣᠰᠬᠠᠢ ᠮᠡᠷᠭᠡᠵᠢᠯ ᠢᠶᠠᠷ ᠠᠰᠫᠢᠷᠠᠨᠲ ᠲᠡᠭᠦᠰᠴᠣ ᠣᠷᠳᠣᠰ ᠬᠤᠳᠡ ᠶᠢᠨ ᠵᠡᠭᠦᠨᠭᠠᠷ ᠬᠤᠰᠢᠭᠤᠨ ᠤ ᠨᠢᠭᠡᠳᠦᠭᠡᠷ ᠲᠣᠮᠳᠠᠳᠣ ᠰᠣᠷᠭᠠᠭᠤᠯᠢ ᠳᠤ ᠪᠠᠭᠰᠢᠯᠠᠵᠣ ᠪᠠᠶᠢᠭᠠᠳ ᠰᠢᠯᠢᠨ ᠰᠣᠩᠭᠤᠯᠳᠡ ᠪᠠᠷ ᠲᠠᠮᠵᠢᠨ ᠲᠣᠮᠳᠠᠳᠣ ᠣᠯᠣᠰ ᠤᠨ ᠲᠡᠮᠣᠷ ᠵᠠᠮ ᠤᠨ ᠺᠣᠮᠫᠠᠨᠢ ᠳᠤ ᠲᠣᠰᠠᠯᠠᠭᠴᠢ ᠢᠨᠵᠧᠨᠧᠷ ᠢᠶᠠᠷ ᠠᠵᠢᠯᠯᠠᠵᠣ ᠪᠠᠶᠢᠭᠰᠠᠨ ᠢᠶᠠᠨ ᠣᠳᠣ ᠣᠯᠣᠰ ᠤᠨ ᠬᠦᠭᠵᠢᠭᠦᠯᠦᠯᠳᠡ ᠬᠢᠭᠡᠳ ᠦᠭᠡᠷᠡᠴᠢᠯᠡᠯᠳᠡ ᠶᠢᠨ ᠵᠦᠪᠯᠡᠯ ᠳᠤ ᠠᠵᠢᠯᠯᠠᠵᠣ ᠪᠠᠶᠢᠨ᠎ᠠ᠂ ᠬᠦᠰᠡᠯ ᠬᠦᠭᠡᠭᠡᠴᠡᠯᠳᠣᠯ ᠨᠢᠭᠡᠳᠡᠢ ᠤᠳᠠ ᠶᠢᠨ ᠭᠡᠷᠭᠡᠢ᠂ ᠣᠳᠣᠠᠭᠡᠷᠡᠯ ᠪᠠᠭᠰᠢ ᠶᠢᠨ ᠣᠮᠪᠣᠯ ᠪᠡᠷᠢ ᠭᠧᠩ ᠬᠤᠩ ᠯᠢ ᠨᠢ ᠣᠷᠳᠣᠰ ᠬᠤᠳᠡ ᠶᠢᠨ ᠵᠡᠭᠦᠨᠭᠠᠷ ᠬᠤᠰᠢᠭᠤᠨ ᠤ ᠨᠢᠭᠡᠳᠦᠭᠡᠷ ᠲᠣᠮᠳᠠᠳᠣ ᠰᠣᠷᠭᠠᠭᠤᠯᠢ ᠳᠤ ᠪᠠᠭᠰᠢᠯᠠᠵᠣ ᠪᠠᠶᠢᠭᠠᠳ ᠮᠦᠨ ᠰᠢᠯᠢᠨ ᠰᠣᠩᠭᠤᠯᠳᠡ ᠪᠠᠷ ᠲᠠᠮᠵᠢᠨ ᠣᠳᠣ ᠣᠯᠣᠰ ᠤᠨ ᠰᠣᠷᠭᠠᠨ ᠬᠦᠮᠦᠵᠢᠯ ᠤᠨ ᠶᠠᠮᠣᠨ ᠳᠤ  ᠠᠵᠢᠯᠯᠠᠵᠣ ᠪᠠᠶᠢᠨ᠎ᠠ᠃  ᠲᠣᠮᠪᠣᠯ ᠦᠶ᠎ᠡ ᠶᠢᠨ ᠬᠢᠨ ᠴᠦ ᠦᠰᠦᠭᠡᠢ ᠵᠠᠯᠭᠠᠨ ᠰᠣᠷᠣᠯᠭ᠎ᠠ ᠰᠣᠶᠣᠯ ᠭᠡᠳ ᠡᠬᠢᠯᠡᠨ ᠮᠡᠷᠡᠶᠢᠵᠣ ᠪᠠᠶᠢᠨ᠎ᠠ᠃ ᠣᠳᠣᠠᠭᠡᠷᠡᠯ ᠪᠠᠭᠰᠢ ᠠᠴᠠ ᠲᠡᠯᠭᠡᠭᠰᠡᠨ ᠦᠷ᠎ᠡ ᠨᠠᠮᠠᠭ᠎ᠠ ᠣᠯᠣᠰ ᠲᠠᠶᠠᠭᠠᠷ ᠲᠦᠭᠡᠵᠣ᠂  ᠲᠦᠷᠦ ᠬᠦᠷᠦᠨ ᠤ ᠶᠠᠮᠣᠨ ᠲᠠᠰ ᠤᠨ ᠪᠠᠶᠢᠭᠤᠯᠣᠯᠭ᠎ᠠ ᠳᠤ ᠠᠯᠪᠠ ᠵᠡᠷᠭᠡ ᠲᠠᠢ ᠶᠠᠪᠣᠵᠣ ᠪᠠᠶᠢᠭ᠎ᠠ ᠣᠮᠪᠣᠯ ᠦᠷᠡᠰ ᠪᠠᠶᠢᠬᠤ ᠪᠦᠭᠡᠳ ᠣᠳᠣᠠᠭᠡᠷᠡᠯ ᠪᠠᠭᠰᠢ ᠵᠢᠨ‌‍ᠲ᠋ᠣᠰ ᠪᠡᠶ᠎ᠡ ᠠᠴᠠ ᠨᠢ ᠪᠣᠳᠣᠪᠠᠯ  ᠡᠳᠡᠨᠠᠶᠢᠬᠢᠨ ᠲᠣᠮᠣ ᠪᠦᠯᠢ ᠳᠤ ᠨᠢᠭᠡᠨᠳᠡ ᠶᠢᠰᠣᠨ ᠪᠠᠭᠰᠢ ᠲᠠᠢ ᠪᠣᠯᠵᠠᠢ          ᠣᠳᠣᠠᠭᠡᠷᠡᠯ ᠪᠠᠭᠰᠢ᠂ ︽ᠶᠣᠰᠣ ᠮᠣᠷᠡᠯ ᠲᠠᠢ ᠬᠦᠮᠦᠨ ᠪᠣᠯᠬᠤ᠂ ᠰᠣᠶᠣᠯ ᠰᠣᠷᠭᠠᠨ ᠬᠦᠮᠦᠵᠢᠯ ᠢ ᠬᠦᠨᠳᠦᠳᠭᠡᠳᠡᠭ᠂ ᠨᠣᠮ ᠵᠣᠬᠢᠶᠠᠯ ᠶᠡᠭᠡ ᠣᠩᠰᠢᠳᠠᠭ᠂ ᠪᠣᠳᠠᠭᠠᠯᠢ ᠬᠦᠮᠦᠨ ᠤ ᠶᠡᠷᠦᠩᠭᠡᠢ ᠭᠡᠪ ᠴᠢᠨᠰᠠᠭ᠎ᠠ ᠪᠠᠨ ᠲᠠᠰᠣᠷᠠᠯᠳᠡ ᠦᠬᠡᠢ ᠲᠡᠭᠡᠭᠰᠢᠯᠡᠬᠦᠯᠳᠡᠭ︾ ᠭᠡᠷ ᠪᠦᠯᠢ ᠶᠢᠨ ᠰᠢᠯᠢᠳᠡᠭ ᠣᠯᠠᠮᠵᠢᠯᠡᠯ ᠢ ᠵᠠᠯᠭᠠᠮᠵᠢᠯᠡᠨ ᠪᠠᠳᠠᠷᠠᠭᠤᠯᠬᠤ ᠭᠡᠷᠡᠭᠳᠡᠢ ᠭᠡᠵᠣ ᠭᠡᠷ ᠤᠨ ᠬᠦᠮᠦᠰ ᠢᠶᠠᠨ ᠦᠷᠬᠦᠯᠵᠢ ᠴᠢᠩᠭ᠎ᠠ ᠰᠣᠷᠭᠠᠨ ᠵᠠᠬᠢᠳᠠᠭ᠃  ᠲᠡᠯᠡᠭᠡᠢ ᠲᠡᠭᠡᠷᠡᠭᠢ ᠬᠠᠮᠤᠭ  ᠤᠨ ᠲᠣᠮᠣ ᠨᠠᠮ ᠪᠠᠶᠢᠭᠠᠳ‌ᠡᠪ ᠬᠠᠮᠳᠣ ᠨᠠᠮ ᠪᠠᠰᠨ ︽ᠬᠠᠮᠢᠭ᠎ᠠ ᠠᠴᠠ ᠢᠷᠡᠵᠣ ᠬᠠᠮᠢᠭ᠎ᠠ ᠬᠦᠷᠬᠦ︾ ᠪᠠᠨ ᠰᠡᠳᠬᠢᠵᠣ ᠲᠡᠮᠳᠡᠭᠯᠡᠵᠣ ᠪᠠᠶᠢᠬᠤ ᠳᠤ᠂ ᠣᠯᠣᠰ ᠭᠡᠷ᠂ ᠨᠡᠶᠢᠭᠡᠮ ᠨᠡᠶᠢᠳᠡ ᠶᠢᠨ ᠡᠰ ᠪᠣᠯᠣᠭᠰᠠᠨ ᠭᠡᠷ ᠪᠦᠯᠢ ᠦᠪᠡᠷ ᠤᠨ ᠲᠡᠣᠭᠡ ᠴᠠᠳᠢᠭ ᠦᠭᠡᠢ ᠭᠡᠷᠭᠢᠨ ᠪᠣᠯᠬᠤ ᠠᠵᠠᠢ︖ ᠭᠡᠮᠡᠨ ᠣᠳᠣᠠᠭᠡᠷᠡᠯ ᠪᠠᠭᠰᠢ᠂ ᠬᠦᠦ ᠪᠠᠨ ᠵᠢᠯᠣᠭᠤᠳᠣᠨ ᠬᠠᠪᠰᠣᠷᠴᠣ ᠭᠡᠷ ᠪᠦᠯᠢ ᠶᠢᠨ ᠴᠠᠳᠢᠭ ᠪᠢᠴᠢᠵᠣ᠂ ᠣᠷᠴᠢᠮ ᠤᠨ ᠵᠢᠯ ᠡᠮᠬᠢᠳᠭᠡᠨ ᠲᠡᠪᠳᠡᠷᠯᠡᠨ ᠭᠡᠪᠯᠡᠬᠦᠯᠵᠣ ᠦᠷ᠎ᠡ ᠬᠤᠶᠢᠴᠰ  ᠲᠠᠭᠠᠨ ᠦᠨᠡᠯᠡᠰᠢ ᠦᠭᠡᠢ ᠨᠠᠨᠳᠢᠨ ᠦᠪ ᠬᠦᠷᠦᠩᠭᠡ ᠬᠠᠳᠠᠭᠠᠯᠠᠵᠣ ᠦᠭᠴᠠᠢ᠃  ᠴᠠᠭᠠᠨ ᠬᠤᠯᠣᠭᠠᠨ᠎ᠠ ᠵᠢᠯ ᠰᠠᠭᠠᠳᠠᠬᠤ ᠪᠠᠷ ᠨᠠᠶᠠᠨ ᠲᠠᠪᠤ ᠶᠢᠨ ᠵᠢᠯ ᠢᠶᠠᠨ ᠵᠢᠷᠬᠢᠭᠰᠡᠨ ᠣᠳᠣᠠᠭᠡᠷᠡᠯ ᠪᠠᠭᠰᠢ ᠶᠢᠨ ᠲᠣᠮᠣ ᠭᠡᠷ ᠪᠦᠯᠢ ᠳᠤ ᠭᠤᠷᠪᠠᠨ ᠲᠣᠮᠣ ᠪᠠᠶᠠᠷ ᠲᠣᠬᠢᠶᠠᠵᠣ ᠭᠤᠷᠪᠠᠨ ᠲᠣᠮᠪᠣᠯ ᠨᠡᠮᠡᠭᠳᠡᠵᠠᠢ᠃  ᠬᠠᠶᠢᠷ᠎ᠡ ᠶᠢᠨ ᠭᠡᠯᠬᠢᠶ᠎ᠡ ᠪᠣᠯᠣᠭᠰᠠᠨ‌ᠦᠨᠳᠣᠰᠣ ᠨᠠᠮᠠᠭ᠎ᠠ  ᠶᠢᠨ ᠢᠶᠠᠨ ᠡᠷᠡᠬᠦᠯ ᠡᠩᠭᠡ ᠦᠰᠴᠣ ᠪᠣᠶᠢᠵᠢᠨ᠂ ᠦᠭᠡᠯᠡᠢ ᠪᠣᠯᠣᠭᠠᠳ ᠨᠡᠶᠢᠭᠡᠮ ᠨᠡᠶᠢᠳᠡ ᠳᠡᠭᠡᠨ ᠠᠴᠢ ᠲᠣᠰᠨ ᠦᠨᠳᠦᠷ ᠵᠢᠳᠭᠦᠯ ᠲᠠᠢ᠂ ᠦᠯᠵᠡᠢ ᠭᠡᠶᠢᠮᠣᠷᠢᠳᠠᠢ ᠶᠠᠪᠣᠬᠤ ᠶᠢ ᠨᠢ ᠵᠦᠩᠨᠡᠨ᠂ ᠡᠷᠳᠡᠨᠢ ᠶᠢᠨ ᠴᠢᠨᠳᠠᠮᠣᠨᠢ ᠪᠣᠯᠣᠭᠰᠠᠨ ᠭᠤᠷᠪᠠ ᠳᠠᠭᠠᠨ ᠦᠨᠳᠦᠷ ᠨᠠᠰᠣᠳᠠᠢ ᠡᠯᠣᠨᠴᠨ ᠡᠮᠡᠭᠡ ᠨᠢ ᠬᠠᠶᠢᠷ᠎ᠡ ᠬᠦᠰᠡᠯ᠂ ᠢᠳᠡᠭᠡᠯ ᠵᠦᠩᠨᠡᠯ ᠰᠢᠩᠭᠡᠭᠰᠡᠨ ︽ᠬᠠᠶᠢᠷ᠎ᠠ︾ ︽ ᠠᠵᠠᠨᠠᠷᠨ︾ ︽ ︽ᠠᠵᠠᠰᠠᠷᠨ︾ ᠭᠡᠮᠡᠬᠦ ᠭᠤᠶᠢᠳᠡ ᠰᠠᠶᠢᠬᠠᠨ ᠨᠡᠷ᠎ᠡ ᠬᠠᠶᠢᠷᠠᠯᠠᠭᠰᠠᠨ ᠭᠡᠨ᠎ᠡ᠃  ︵ᠬᠥᠬᠡᠳᠠᠪᠠᠯᠭᠠᠨ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2