1. ᠭᠡᠷ᠎ᠡ ᠳᠤ ᠶᠠᠮᠠᠷ ᠶᠠᠮᠠᠷ ᠭᠤᠤᠯ ᠵᠦᠢᠯ ᠵᠤᠷᠪᠤᠰ ᠪᠠᠶᠢᠬᠤ ᠪᠤᠢ︖ | ︽ᠭᠡᠷ᠎ᠡ ᠶᠢᠨ ᠬᠠᠤᠯᠢ ︾ ᠶᠢᠨ 12 ᠳ᠋ᠤᠭᠠᠷ ᠵᠦᠢᠯ ᠤᠨ ᠲᠤᠭᠳᠠᠭᠠᠯ ᠢ ᠦᠨᠳᠦᠰᠦᠯᠡᠪᠡᠯ᠂ ᠭᠡᠷ᠎ᠡ ᠳᠤ | ᠶᠡᠷᠦᠳᠡᠭᠡᠨ ᠲᠤᠤᠷᠡᠬᠢ ᠵᠦᠢᠯ ᠵᠤᠷᠪᠤᠰ ᠪᠠᠭᠲᠠᠨ᠎ᠠ᠄ ︵1︶ ᠲᠤᠬᠠᠢ ᠶᠢᠨ ᠬᠦᠮᠦᠨ ᠤ ᠨᠡᠷᠡᠶᠢᠳᠦᠯ ᠪᠤᠶᠦ ᠤᠪᠤᠭ ᠨᠡᠷ᠎ᠡ | ᠪᠠ ᠤᠷᠤᠨ ᠰᠠᠭᠤᠴᠠ︔ ︵2︶ ᠬᠠᠷᠠᠯᠳᠠᠳᠦ ᠵᠦᠢᠯ︔ ︵3︶ ᠲᠤᠭ᠎ᠠ ᠬᠡᠮᠵᠢᠶ᠎ᠡ︔ ︵4︶ ᠶᠠᠰᠦ ᠴᠢᠨᠠᠷ︔ ︵5︶ | ᠦᠨ᠎ᠡ ᠬᠠᠨᠭ᠍ᠰᠢ ᠪᠤᠶᠦ ᠬᠦᠯᠦᠰᠦ ᠤᠯᠭᠤᠮᠵᠢ︔ ︵6︶ ᠭᠦᠢᠴᠡᠳᠭᠡᠬᠦ ᠬᠤᠭᠤᠴᠠᠭᠠᠯᠠᠯ᠂ ᠭᠠᠵᠠᠷ ᠤᠷᠤᠨ ᠪᠠ ᠠᠷᠭ᠎ᠠ | ᠬᠡᠯᠪᠡᠷᠢ︔ ︵7︶ ᠭᠡᠷ᠎ᠡ ᠵᠦᠷᠢᠴᠡᠭᠰᠡᠨ ᠬᠠᠷᠢᠭᠤᠴᠠᠯᠭ᠎ᠠ︔ ︵8︶ ᠮᠠᠷᠭᠤᠯᠳᠤᠭᠠᠨ ᠢ ᠰᠢᠢᠳᠪᠦᠷᠢᠯᠡᠬᠦ ᠠᠷᠭ᠎ᠠ ᠪᠠᠷᠢᠯ᠃ | ᠲᠤᠬᠠᠢ ᠶᠢᠨ ᠬᠦᠮᠦᠨ ᠡᠯ᠎ᠡ ᠵᠦᠢᠯ ᠤᠨ ᠭᠡᠷ᠎ᠡ ᠶᠢᠨ ᠵᠢᠱᠢᠶᠡᠲᠦ ᠲᠤᠪᠬᠢᠮᠠᠯ ᠢᠶᠠᠷ ᠯᠠᠪᠯᠠᠯᠲᠠ ᠪᠤᠯᠭᠠᠵᠦ ᠭᠡᠷ᠎ᠡ | ᠲᠤᠭᠳᠠᠭᠠᠵᠦ ᠪᠤᠯᠤᠨ᠎ᠠ᠂ ᠡᠭᠦᠨ ᠠᠴᠠ ᠭᠠᠳᠠᠨ᠎ᠠ᠂ ᠬᠤᠳᠠᠯᠳᠤᠭᠠᠯᠠᠬᠤ ᠭᠡᠷ᠎ᠡ ᠶᠢᠨ ᠠᠭᠤᠯᠭ᠎ᠠ ᠳᠤ ᠲᠡᠭᠡᠷ᠎ᠡ ᠶᠠᠷᠢᠭᠰᠠᠨ | ᠲᠤᠭᠳᠠᠭᠠᠯ ᠢ ᠦᠨᠳᠦᠰᠦᠯᠡᠬᠦ ᠠᠴᠠ ᠭᠠᠳᠠᠨ᠎ᠠ᠂ ᠪᠠᠰᠠ ᠪᠤᠭᠤᠳᠠᠯᠯᠠᠬᠤ ᠠᠷᠭ᠎ᠠ ᠬᠡᠯᠪᠡᠷᠢ᠂ ᠰᠢᠯᠭᠠᠨ ᠪᠠᠶᠢᠴᠠᠭᠠᠬᠤ | ᠪᠠᠷᠢᠮᠵᠢᠶ᠎ᠠ ᠪᠠ ᠠᠷᠭ᠎ᠠ ᠬᠡᠯᠪᠡᠷᠢ᠂ ᠳ᠋ᠦᠡᠭᠨᠡᠨ ᠪᠤᠳᠤᠬᠤ ᠠᠷᠭ᠎ᠠ ᠬᠡᠯᠪᠡᠷᠢ᠂ ᠭᠡᠷ᠎ᠡ ᠳᠤ ᠬᠡᠷᠡᠭᠯᠡᠬᠦ ᠦᠰᠦᠭ ᠪᠢᠴᠢᠭ | ᠵᠢᠴᠢ ᠲᠡᠭᠦᠨ ᠤ ᠬᠦᠴᠦᠨ ᠵᠡᠷᠭᠡ ᠵᠦᠢᠯ ᠵᠤᠷᠪᠤᠰ ᠢ ᠪᠠᠭᠳᠠᠭᠠᠵᠦ ᠪᠤᠯᠤᠨ᠎ᠠ᠃ | 2. ᠪᠢᠴᠢᠭ ᠤᠨ ᠪᠤᠰᠦ ᠬᠡᠯᠡᠯᠴᠡᠭᠡᠷ ᠤᠨ ᠬᠦᠴᠦᠨ ᠨᠢ ᠬᠢᠷᠢ ᠵᠡᠷᠭᠡ ᠪᠤᠢ︖ | ᠪᠢᠴᠢᠭ ᠤᠨ ᠪᠤᠰᠦ ᠬᠡᠯᠡᠯᠴᠡᠭᠡᠷ ᠨᠢ ᠪᠢᠴᠢᠭ ᠤᠨ ᠬᠡᠯᠪᠡᠷᠢ ᠶᠢ ᠬᠡᠷᠡᠭᠯᠡᠬᠦ ᠦᠭᠡᠢ᠂ ᠶᠠᠷᠢᠶᠠᠨ ᠤ ᠬᠡᠯᠪᠡᠷᠢ | ᠪᠠᠷ ᠲᠠᠮᠵᠢᠨ ᠬᠡᠯᠡᠯᠴᠡᠭᠡᠷ ᠳᠤᠭᠳᠠᠬᠤ ᠶᠢ ᠵᠢᠭᠠᠵᠦ ᠪᠠᠶᠢᠨ᠎ᠠ᠃ ᠪᠢᠴᠢᠭ ᠤᠨ ᠪᠤᠰᠦ ᠬᠡᠯᠡᠯᠴᠡᠭᠡᠷ ᠨᠢ ᠪᠢᠴᠢᠭ ᠤᠨ | ᠬᠡᠯᠪᠡᠷᠢ ᠶᠢᠨ ᠭᠡᠷ᠎ᠡ ᠲᠠᠢ ᠬᠠᠷᠢᠯᠴᠠᠨ ᠵᠤᠬᠢᠴᠠᠯᠳᠤᠨᠠ᠃ ᠭᠡᠷ᠎ᠡ ᠲᠤᠭᠳᠠᠭᠠᠬᠤ ᠬᠡᠯᠪᠡᠷᠢ ᠨᠢ ᠪᠢᠴᠢᠭ ᠤᠨ ᠬᠡᠯᠪᠡᠷᠢ | ᠶᠢᠨ ᠪᠠᠶᠢᠵᠦ ᠪᠤᠯᠤᠨ᠎ᠠ᠂ ᠪᠢᠴᠢᠭ ᠤᠨ ᠪᠤᠰᠦ ᠬᠡᠯᠡᠯᠴᠡᠭᠡᠷ ᠴᠦ ᠪᠠᠶᠢᠵᠦ ᠪᠤᠯᠤᠨ᠎ᠠ᠃ ᠪᠢᠴᠢᠭ ᠤᠨ ᠪᠤᠰᠦ | ᠬᠡᠯᠡᠯᠴᠡᠭᠡᠷ ᠨᠢ ᠪᠢᠴᠢᠭ ᠤᠨ ᠭᠡᠷ᠎ᠡ ᠲᠠᠢ ᠬᠠᠷᠢᠴᠠᠭᠤᠯᠪᠠᠯ ᠨᠡᠩ ᠳᠦᠭᠦᠮ ᠲᠦᠳᠡ ᠬᠢᠯᠪᠠᠷ ᠶᠠᠪᠤᠭᠳᠠᠨ᠎ᠠ᠂ ᠬᠠᠤᠯᠢ | ᠴᠠᠭᠠᠵᠠ ᠳᠤ ᠵᠠᠪᠠᠯ ᠪᠢᠴᠢᠭ ᠤᠨ ᠭᠡᠷ᠎ᠡ ᠲᠤᠭᠳᠠᠭᠠᠬᠤ ᠶᠢ ᠲᠤᠭᠳᠠᠭᠠᠭᠰᠠᠨ ᠦᠭᠡᠢ ᠪᠦᠭᠡᠳ ᠪᠢᠴᠢᠭ ᠤᠨ ᠪᠤᠰᠦ | ᠬᠡᠯᠡᠯᠴᠡᠭᠡᠷ ᠨᠢ ᠪᠠᠰᠠ ᠬᠤᠶᠠᠷ ᠡᠳᠡᠭᠡᠳ ᠤᠨ ᠦᠨᠡᠨ ᠰᠠᠨᠠᠭᠠᠨ ᠤ ᠢᠯᠡᠷᠡᠯ ᠪᠠᠶᠢᠪᠠᠯ ᠠᠳᠠᠯᠢᠬᠠᠨ ᠬᠦᠴᠦᠨ ᠲᠠᠢ᠃ | ᠬᠠᠤᠯᠢ ᠴᠠᠭᠠᠵᠠ ᠳᠤ ᠪᠢᠴᠢᠭ ᠤᠨ ᠭᠡᠷ᠎ᠡ ᠲᠤᠭᠳᠠᠭᠠᠬᠤ ᠶᠢ ᠲᠤᠭᠳᠠᠭᠠᠭᠰᠠᠨ ᠢ ᠨᠢ ᠲᠤᠬᠠᠢ ᠶᠢᠨ ᠬᠦᠮᠦᠨ ᠤ ᠬᠤᠶᠠᠷ | ᠡᠳᠡᠭᠡᠳ ᠭᠠᠭᠴᠠ ᠭᠦ ᠪᠤᠯᠵᠤᠭ᠎ᠠ ᠲᠤᠭᠳᠠᠭᠠᠵᠦ᠂ ᠵᠤᠷᠢᠭᠰᠠᠨ ᠡᠳᠡᠭᠡᠳ ᠨᠢ ᠭᠡᠷᠡᠴᠢ ᠪᠠᠷᠢᠮᠲᠠ ᠭᠠᠷᠭᠠᠵᠦ ᠦᠪᠡᠷ | ᠢᠶᠠᠨ ᠬᠡᠯᠡᠯᠴᠡᠭᠡᠷ ᠢ ᠭᠦᠢᠴᠡᠳᠭᠡᠭᠰᠡᠨ ᠢᠶᠠᠨ ᠭᠡᠷᠡᠴᠢᠯᠡᠬᠦ ᠪᠦᠭᠡᠳ ᠨᠦᠭᠦᠭᠡ ᠡᠳᠡᠭᠡᠳ ᠨᠢ ᠬᠦᠯᠢᠶᠡᠨ ᠠᠪᠤᠭᠰᠠᠨ | ᠪᠠᠶᠢᠪᠠᠯ ᠬᠦᠴᠦᠨ ᠲᠠᠢ ᠪᠠᠷ ᠦᠵᠡᠵᠦ ᠪᠤᠯᠤᠨ᠎ᠠ᠃ | 3. ᠭᠡᠷ᠎ᠡ ᠶᠢᠨ ᠪᠤᠯᠵᠤᠭ᠎ᠠ ᠲᠤᠳᠥᠷᠬᠠᠢ ᠦᠭᠡᠢ ᠶᠢ ᠬᠡᠷᠬᠢᠨ ᠨᠦᠬᠦᠪᠦᠷᠢᠯᠡᠪᠡᠯ ᠵᠤᠬᠢᠬᠤ ᠪᠤᠢ︖ | ︽ᠭᠡᠷ᠎ᠡ ᠶᠢᠨ ᠬᠠᠤᠯᠢ︾ ᠶᠢᠨ 61 ᠳ᠋ᠤᠭᠡᠷ᠂ 62 ᠳ᠋ᠤᠭᠠᠷ ᠵᠥᠢᠯ ᠤᠨ ᠲᠤᠭᠲᠠᠭᠠᠯ ᠢ ᠦᠨᠳᠦᠰᠦᠯᠡᠪᠡᠯ᠂ | ᠭᠡᠷ᠎ᠡ ᠨᠢ ᠬᠦᠴᠦᠨ ᠲᠠᠢ ᠪᠤᠯᠤᠭᠰᠡᠨ ᠤ ᠳᠠᠷᠠᠭ᠎ᠠ᠂ ᠲᠤᠬᠠᠢ ᠶᠢᠨ ᠬᠦᠮᠦᠨ ᠶᠠᠰᠦ ᠴᠢᠨᠠᠷ᠂ ᠦᠨ᠎ᠡ ᠬᠠᠩᠰᠢ ᠪᠤᠶᠤ | ᠬᠦᠯᠦᠰᠦ ᠤᠯᠭᠤᠮᠵᠢ᠂ ᠭᠦᠢᠴᠡᠳᠬᠡᠬᠦ ᠭᠠᠵᠠᠷ ᠤᠷᠦᠨ ᠵᠡᠷᠭᠡ ᠠᠭᠤᠯᠭ᠎ᠠ ᠪᠠᠨ ᠪᠤᠯᠵᠤᠭᠰᠠᠨ ᠦᠭᠡᠢ ᠪᠤᠶᠤ | ᠪᠤᠯᠵᠤᠭᠰᠡᠨ ᠨᠢ ᠲᠤᠳᠦᠷᠬᠠᠢ ᠦᠭᠡᠢ ᠶᠢ ᠨᠢ ᠬᠡᠯᠡᠯᠴᠭᠡᠷ ᠢᠶᠠᠷ ᠨᠦᠭᠦᠪᠦᠷᠢᠯᠡᠵᠤ ᠪᠤᠯᠤᠨ᠎ᠠ︔ ᠨᠦᠬᠦᠪᠦᠷᠢᠯᠡᠬᠦ | ᠬᠡᠯᠡᠯᠴᠡᠭᠡᠷ ᠳᠤᠭᠳᠠᠭᠠᠵᠦ ᠲᠡᠶᠢᠯᠬᠦ ᠦᠬᠡᠢ ᠶᠢ ᠨᠢ ᠭᠡᠷ᠎ᠡ ᠶᠢᠨ ᠬᠤᠯᠪᠤᠭᠳᠠᠯ ᠪᠦᠬᠦᠢ ᠵᠤᠶᠢᠯ ᠵᠤᠷᠪᠤᠰ ᠪᠤᠶᠤ | ᠠᠷᠠᠯᠵᠢᠶ᠎ᠠ ᠶᠢᠨ ᠵᠠᠩᠰᠢᠯ ᠢᠶᠠᠨ ᠦᠨᠳᠦᠰᠦᠯᠡᠵᠦ ᠳᠤᠭᠳᠠᠭᠠᠵᠦ ᠪᠤᠯᠤᠨ᠎ᠠ᠃ | ᠳᠡᠭᠡᠷᠡᠬᠢ ᠲᠤᠭᠲᠠᠭᠠᠯ ᠢ ᠦᠨᠳᠦᠰᠦᠯᠡᠭᠡᠳ ᠲᠤᠭᠲᠠᠭᠠᠵᠤ ᠲᠡᠶᠢᠯᠬᠦ ᠦᠭᠡᠢ ᠶᠢ ᠨᠢ ᠲᠤᠤᠷᠠᠬᠢ ᠲᠤᠭᠲᠠᠭᠠᠯ | ᠢ ᠲᠤᠬᠢᠷᠠᠭᠤᠯᠤᠨ ᠬᠡᠷᠩᠯᠡᠨ᠎ᠡ︔ ︵ᠨᠢᠭᠡ︶ ᠶᠠᠰᠤ ᠴᠢᠨᠠᠷ ᠤᠨ ᠱᠠᠭᠠᠷᠳᠠᠯᠭ᠎ᠠ ᠲᠣᠳᠦᠷᠬᠠᠢ ᠦᠭᠡᠢ ᠶᠢ ᠨᠢ ᠤᠯᠤᠰ | ᠤᠨ ᠪᠠᠷᠢᠮᠵᠢᠶ᠎ᠠ᠂ ᠠᠵᠢᠯ ᠲᠦᠷᠤᠯ ᠤᠨ ᠪᠠᠷᠢᠮᠵᠢᠶ᠎ᠠ ᠶᠢ ᠦᠨᠳᠦᠰᠦᠯᠡᠵᠤ ᠭᠦᠢᠴᠡᠳᠬᠡᠨ᠎ᠡ︔ ᠤᠯᠤᠰ ᠤᠨ ᠪᠠᠷᠢᠮᠵᠢᠶ᠎ᠠ᠂ | ᠠᠵᠢᠯ ᠲᠦᠷᠤᠯ ᠤᠨ ᠪᠠᠷᠢᠮᠵᠢᠶ᠎ᠠ ᠦᠭᠡᠢ ᠶᠢ ᠨᠢ ᠡᠩ ᠤᠨ ᠪᠠᠷᠢᠮᠵᠢᠶ᠎ᠠ ᠪᠤᠶᠤ ᠭᠡᠷ᠎ᠡ ᠶᠢᠨ ᠬᠠᠷᠠᠯᠲᠠ ᠳᠤ ᠨᠡᠶᠢᠴᠡᠬᠦ | ᠤᠨᠴᠠᠭᠠᠢ ᠲᠤᠭᠲᠠᠭᠠᠭᠰᠡᠨ ᠪᠠᠷᠢᠮᠵᠢᠶ᠎ᠠ ᠶᠢ ᠦᠨᠳᠦᠰᠦᠯᠡᠵᠤ ᠬᠦᠢᠴᠡᠳᠬᠡᠨ᠎ᠡ︔ ︵ᠬᠤᠶᠠᠷ︶ ᠦᠨ᠎ᠡ ᠬᠠᠩᠰᠢ ᠪᠤᠶᠤ | ᠬᠦᠯᠦᠰᠦ ᠤᠯᠭᠤᠮᠵᠢ ᠨᠢ ᠲᠤᠲᠥᠷᠬᠠᠢ ᠦᠭᠡᠢ ᠶᠢ ᠨᠢ ᠭᠡᠷ᠎ᠡ ᠳᠤᠭᠳᠠᠭᠠᠬᠤ ᠦᠶ᠎ᠡ ᠳᠤ ᠬᠦᠢᠴᠡᠳᠬᠡᠬᠦ ᠭᠠᠵᠠᠷ ᠤᠷᠦᠨ | ᠤ ᠵᠠᠬ᠎ᠠ ᠲᠡᠯᠬᠡᠬᠦᠷ ᠤᠨ ᠦᠨ᠎ᠡ ᠬᠠᠩᠰᠢ ᠶᠢ ᠦᠨᠳᠦᠰᠦᠯᠡᠵᠤ ᠭᠦᠢᠴᠡᠳᠬᠡᠨ᠎ᠡ︔ ᠬᠠᠤᠯᠢ ᠶᠤᠰᠤᠭᠠᠷ ᠵᠠᠰᠠᠭ ᠤᠨ | ᠤᠷᠳᠤᠨ ᠤ ᠳᠤᠭᠳᠠᠭᠰᠠᠨ ᠦᠨ᠎ᠡ ᠪᠤᠶᠤ ᠵᠠᠰᠠᠭ ᠤᠨ ᠤᠷᠳᠤᠨ ᠤ ᠵᠢᠯᠤᠭᠤᠳᠬᠤ ᠬᠠᠩᠰᠢ ᠶᠢ ᠭᠡᠷᠡᠭᠵᠢᠬᠦᠯᠬᠦ | ᠴᠢᠬᠤᠯᠠ ᠲᠠᠢ ᠳᠤᠭᠳᠠᠭᠠᠯ ᠢ ᠦᠨᠳᠦᠰᠦᠯᠡᠵᠦ ᠬᠦᠢᠴᠡᠳᠬᠡᠨ᠎ᠡ᠃ ︵ᠭᠤᠷᠪᠠ︶ ᠬᠦᠢᠴᠡᠳᠬᠡᠬᠦ ᠭᠠᠵᠠᠷ ᠤᠷᠤᠨ ᠨᠢ | ᠳᠤᠳᠤᠷᠬᠠᠢ ᠦᠬᠡᠢ ᠶᠢ ᠨᠢ ᠵᠤᠭᠤᠰ ᠦᠭᠬᠦᠭᠰᠡᠨ ᠢ ᠨᠢ ᠵᠤᠭᠤᠰ ᠤᠯᠬᠤ ᠡᠳᠡᠬᠡᠳ ᠤᠨ ᠰᠠᠭᠤᠭ᠎ᠠ ᠭᠠᠵᠠᠷ ᠲᠤ | ᠬᠦᠢᠴᠡᠳᠬᠡᠨ᠎ᠡ︔ ᠳᠤᠭᠳᠠᠮᠠᠯ ᠡᠳ᠋ ᠬᠦᠷᠦᠩᠬᠡ ᠦᠭᠬᠦᠭᠰᠡᠨ ᠢ ᠨᠢ ᠳᠤᠭᠳᠠᠮᠠᠯ ᠡᠳ᠋ ᠬᠦᠷᠦᠩᠬᠡ ᠪᠠᠶᠢᠭ᠎ᠠ ᠭᠠᠵᠠᠷ ᠲᠤ | ᠬᠦᠢᠴᠡᠳᠬᠡᠨ᠎ᠡ︔ ᠪᠤᠰᠤᠳ ᠬᠠᠷᠠᠯᠳᠠ ᠶᠢ ᠡᠬᠦᠷᠬᠡ ᠬᠦᠢᠴᠡᠳᠬᠡᠬᠦ ᠡᠳᠡᠬᠡᠳ ᠤᠨ ᠪᠠᠶᠢᠭ᠎ᠠ ᠭᠠᠵᠠᠷ ᠲᠤ | ᠬᠦᠢᠴᠡᠳᠬᠡᠨ᠎ᠡ᠃ ︵ᠲᠦᠷᠪᠡ︶ ᠬᠦᠢᠴᠡᠳᠬᠡᠬᠦ ᠬᠤᠭᠤᠴᠠᠭᠠᠯᠠᠯ ᠨᠢ ᠳᠤᠳᠤᠷᠬᠠᠢ ᠦᠬᠡᠢ ᠶᠢ ᠨᠢ ᠦᠭᠴᠡᠭᠡᠲᠡᠨ ᠴᠠᠭ | ᠢᠮᠠᠭᠳᠠ ᠬᠦᠢᠴᠡᠳᠬᠡᠵᠦ ᠪᠤᠯᠤᠨ᠎ᠠ᠂ ᠠᠪᠴᠠᠭᠠᠳᠠᠨ ᠨᠢ ᠴᠦ ᠴᠠᠭ ᠢᠮᠠᠭᠳᠠ ᠬᠦᠢᠴᠡᠳᠬᠡᠯᠬᠡᠬᠦ ᠶᠢ ᠱᠠᠭᠠᠷᠳᠠᠵᠦ | ᠪᠤᠯᠤᠨ᠎ᠠ᠂ ᠭᠡᠪᠡᠴᠦ ᠨᠦᠬᠦᠭᠡ ᠡᠳᠡᠭᠡᠳ ᠲᠡᠭᠡᠨ ᠴᠢᠬᠤᠯᠠ ᠪᠦᠬᠦᠢ ᠪᠡᠯᠡᠳᠬᠡᠬᠦ ᠴᠠᠭ ᠦᠭᠪᠡᠯ ᠵᠤᠬᠢᠨ᠎ᠠ᠃ ︵ᠳᠠᠪᠤ︶ | ᠬᠦᠢᠴᠡᠳᠬᠡᠬᠦ ᠠᠷᠭ᠎ᠠ ᠬᠡᠯᠪᠡᠷᠢ ᠨᠢ ᠳᠤᠳᠤᠷᠬᠠᠢ ᠦᠬᠡᠢ ᠶᠢ ᠨᠢ ᠭᠡᠷ᠎ᠡ ᠶᠢᠨ ᠬᠠᠷᠠᠯᠳᠠ ᠶᠢ ᠪᠡᠶᠡᠯᠡᠬᠦᠯᠬᠦ ᠳᠤ ᠠᠰᠢᠭ | ᠲᠠᠢ ᠠᠷᠭ᠎ᠠ ᠬᠡᠯᠪᠡᠷᠢ ᠶᠤᠰᠤᠭᠠᠷ ᠬᠦᠢᠴᠡᠳᠬᠡᠨ᠎ᠡ᠃ ︵ᠵᠢᠷᠭᠤᠭ᠎ᠠ︶ ᠬᠦᠢᠴᠡᠳᠬᠡᠬᠦ ᠵᠠᠷᠤᠳᠠᠯ ᠢ ᠡᠬᠦᠷᠬᠡᠯᠡᠬᠦ ᠨᠢ | ᠳᠤᠳᠤᠷᠬᠠᠢ ᠦᠬᠡᠢ ᠶᠢ ᠨᠢ ᠡᠬᠦᠷᠬᠡ ᠬᠦᠢᠴᠡᠳᠬᠡᠬᠦ ᠡᠳᠡᠭᠡᠳ ᠠᠴᠠ ᠡᠬᠦᠷᠬᠡᠯᠡᠨ᠎ᠡ᠃ | ᠵᠠᠰᠠᠭ ᠤᠨ ᠤᠷᠳᠤᠨ ᠤ ᠳᠤᠭᠳᠠᠭᠰᠠᠨ ᠦᠨ᠎ᠡ ᠪᠤᠶᠤ ᠵᠠᠰᠠᠭ ᠤᠨ ᠤᠷᠳᠤᠨ ᠤ ᠵᠢᠯᠤᠭᠤᠳᠬᠤ ᠬᠠᠩᠰᠢ ᠶᠢ | ᠭᠡᠷᠡᠭᠵᠢᠬᠦᠯᠬᠦ ᠨᠢ ᠭᠡᠷ᠎ᠡ ᠳᠤ ᠪᠤᠯᠵᠤᠭᠰᠠᠨ ᠳᠤᠰᠢᠶᠠᠬᠤ ᠬᠤᠭᠤᠴᠠᠭᠠᠯᠠᠯ ᠳᠤᠳᠤᠷ᠎ᠠ ᠵᠠᠰᠠᠭ ᠤᠨ ᠤᠷᠳᠤᠨ ᠤ ᠦᠨ᠎ᠡ | ᠪᠠᠨ ᠲᠤᠬᠢᠷᠠᠭᠤᠯᠪᠠᠯ᠂ ᠳᠤᠰᠢᠶᠠᠬᠤ ᠦᠨ᠎ᠡ ᠶᠢᠨ ᠦᠨ᠎ᠡ ᠶᠢ ᠦᠨᠳᠦᠰᠦᠯᠡᠵᠦ ᠦᠨ᠎ᠡ ᠪᠤᠳᠤᠨ᠎ᠠ᠃ ᠬᠤᠭᠤᠴᠠᠭ᠎ᠠ | ᠠᠴᠠ ᠭᠡᠳᠦᠷᠡᠨ ᠳᠤᠰᠢᠶᠠᠭᠰᠠᠨ ᠬᠠᠷᠠᠯᠳᠠ᠂ ᠪᠤᠳᠠᠰ ᠨᠢ ᠦᠨ᠎ᠡ ᠦᠰᠬᠦ ᠳᠤ ᠲᠤᠬᠢᠶᠠᠯᠳᠤᠪᠠᠯ ᠤᠤᠯ ᠤᠨ ᠦᠨ᠎ᠡ | ᠶᠤᠰᠤᠭᠠᠷ ᠬᠡᠷᠡᠭᠵᠢᠬᠦᠯᠦᠨ᠎ᠡ︔ ᠦᠨ᠎ᠡ ᠪᠠᠭᠤᠷᠠᠬᠤ ᠳᠤ ᠲᠤᠬᠢᠶᠠᠯᠳᠤᠪᠠᠯ ᠰᠢᠨ᠎ᠡ ᠦᠨ᠎ᠡ ᠶᠤᠰᠤᠭᠠᠷ | ᠬᠡᠷᠡᠭᠵᠢᠬᠦᠯᠦᠨ᠎ᠡ᠃ ᠬᠤᠭᠤᠴᠠᠭ᠎ᠠ ᠠᠴᠠ ᠭᠡᠳᠦᠷᠡᠨᠬᠠᠷᠠᠯᠳᠠ ᠵᠢᠨᠪᠤᠳᠠᠰ ᠢᠶᠠᠨ ᠠᠪᠬᠤ ᠪᠤᠶᠤ ᠬᠤᠭᠤᠴᠠᠭ᠎ᠠ ᠠᠴᠠ | ᠭᠡᠳᠦᠷᠡᠨ ᠵᠤᠭᠤᠰ ᠦᠭᠬᠦᠭᠰᠡᠨ ᠨᠢ ᠦᠨᠡᠦᠰᠬᠦ ᠳᠤ ᠲᠤᠬᠢᠶᠠᠯᠳᠤᠪᠠᠯ ᠰᠢᠨ᠎ᠡ ᠦᠨ᠎ᠡ ᠶᠤᠰᠤᠭᠠᠷ ᠬᠡᠷᠡᠭᠵᠢᠬᠦᠯᠦᠨ᠎ᠡ | ︔ ᠦᠨ᠎ᠡ ᠪᠠᠭᠤᠷᠠᠬᠤ ᠳᠤ ᠲᠤᠬᠢᠶᠠᠯᠳᠤᠪᠠᠯ᠂ ᠤᠤᠯ ᠦᠨ᠎ᠡ ᠶᠢ ᠦᠨᠳᠦᠰᠦᠯᠡᠵᠦ ᠬᠡᠷᠡᠭᠵᠢᠬᠦᠯᠦᠨ᠎ᠡ᠃ | 4. ᠭᠡᠷ᠎ᠡ ᠬᠦᠴᠦᠨ ᠦᠬᠡᠢ ᠪᠤᠯᠬᠤ ᠪᠠᠶᠢᠳᠠᠯ ᠶᠠᠮᠠᠷ ᠶᠠᠮᠠᠷ ᠪᠠᠶᠢᠬᠤ ᠪᠤᠢ︖ | ︽ᠭᠡᠷ᠎ᠡ ᠶᠢᠨ ᠬᠠᠤᠯᠢ ︾ ᠶᠢᠨ 52 ᠳ᠋ᠤᠭᠠᠷ ᠵᠥᠢᠯ ᠤᠨ ᠲᠤᠭᠲᠠᠭᠠᠯ ᠢ ᠦᠨᠳᠦᠰᠦᠯᠡᠪᠡᠯ᠂ ᠭᠡᠷ᠎ᠡ | ᠬᠦᠴᠦᠨ ᠦᠭᠡᠢ ᠪᠤᠯᠬᠤ ᠪᠠᠶᠢᠲᠠᠯ ᠳᠤ᠄ | ︵1︶ ᠨᠢᠭᠡ ᠡᠲᠡᠭᠡᠳ ᠨᠢ ᠵᠠᠯᠢᠯᠠᠨᠮᠠᠬᠡᠯᠡᠬᠦ᠂ ᠠᠶᠥᠯᠭᠠᠨ ᠰᠦᠷᠳᠡᠭᠦᠯᠬᠦ ᠠᠷᠭ᠎ᠠ ᠪᠠᠷᠢᠯ ᠢᠶᠠᠷ ᠭᠡᠷ᠎ᠡ | ᠲᠤᠭᠲᠠᠭᠠᠵᠤ᠂ ᠤᠯᠤᠰ ᠤᠨ ᠠᠰᠢᠭ ᠲᠤᠰᠠ ᠶᠢ ᠬᠤᠬᠢᠷᠠᠭᠤᠯᠤᠭᠰᠡᠨ᠃ ᠠᠲᠠ ᠵᠢᠭᠠᠵᠤ ᠪᠠᠶᠢᠭ᠎ᠠ ᠵᠠᠯᠢᠯᠠᠨ ᠮᠠᠬᠡᠯᠡᠵᠤ | ᠂ ᠠᠶᠤᠯᠭᠠᠨ ᠰᠦᠷᠳᠡᠭᠦᠯᠵᠤ ᠲᠤᠭᠲᠠᠭᠠᠭᠰᠡᠨ ᠭᠡᠷ᠎ᠡ ᠨᠢ ᠡᠷᠬᠡᠪᠰᠢ ᠤᠯᠤᠰ ᠤᠨ ᠠᠰᠢᠭ ᠲᠤᠰᠠ ᠶᠢ | ᠬᠤᠬᠢᠷᠠᠭᠤᠯᠤᠭᠰᠡᠨ ᠪᠠᠶᠢᠬᠤ ᠬᠡᠷᠡᠭᠲᠠᠢ᠂ ᠬᠡᠷᠪᠡ ᠤᠯᠤᠰ ᠤᠨ ᠠᠰᠢᠭ ᠲᠤᠰᠠ ᠶᠢ ᠬᠤᠬᠢᠷᠠᠭᠤᠯᠤᠭᠰᠡᠨ ᠦᠭᠡᠢ ᠪᠤᠯ | ᠵᠦᠪᠬᠡᠨ ᠭᠡᠷ᠎ᠡ ᠶᠢ ᠤᠭᠴᠤᠷᠠᠭᠤᠯᠤᠨᠠ᠃ | ︵2︶ ᠬᠠᠷᠠᠳᠠᠨ ᠬᠤᠤᠪᠢᠯᠳᠤᠵᠤ ᠂ ᠣᠯᠤᠰ᠂ ᠬᠠᠮᠲᠦ ᠨᠡᠶᠢᠲᠡ ᠪᠤᠶᠤ ᠭᠤᠷᠪᠡᠳᠡᠬᠢ ᠬᠦᠮᠦᠨ ᠤ ᠠᠰᠢᠭ | ᠲᠤᠰᠠ ᠶᠢ ᠬᠤᠬᠢᠷᠠᠭᠤᠯᠤᠭᠰᠡᠨ ᠭᠡᠷ᠎ᠡ᠃ | ︵3︶ ᠬᠠᠤᠯᠢ ᠶᠤᠰᠦᠨ ᠤ ᠬᠡᠯᠪᠡᠷᠢ ᠪᠠᠷ ᠬᠠᠤᠯᠢ ᠪᠤᠰᠦ ᠬᠠᠷᠠᠯᠲᠠ ᠪᠠᠨ ᠬᠠᠯᠬᠠᠯᠠᠵᠦ ᠳᠤᠭᠳᠠᠭᠠᠭᠰᠠᠨ | ᠭᠡᠷ᠎ᠡ᠃ | ︵4︶ ᠨᠡᠶᠢᠭᠡᠮ ᠨᠡᠶᠢᠲᠡ ᠶᠢᠨ ᠠᠰᠢᠭ ᠲᠤᠰᠠ ᠶᠢ ᠬᠤᠬᠢᠷᠠᠭᠤᠯᠤᠭᠰᠡᠨ ᠭᠡᠷ᠎ᠡ᠃ | ︵5︶ ᠬᠠᠤᠯᠢ ᠴᠭᠠᠵᠠ᠂ ᠵᠠᠰᠠᠭ ᠵᠠᠬᠢᠷᠭᠠᠨ ᠤ ᠬᠠᠤᠯᠢ ᠲᠤᠭᠲᠠᠭᠠᠯ ᠳᠠᠬᠢ ᠠᠯᠪᠠᠳᠠᠯᠭ᠎ᠠ ᠶᠢᠨ ᠴᠢᠨᠠᠷᠲᠠᠢ | ᠲᠤᠭᠲᠠᠭᠠᠯ ᠢ ᠵᠦᠷᠢᠴᠡᠭᠰᠡᠨ ᠭᠡᠷ᠎ᠡ᠃ ᠡᠨᠡ ᠨᠢ ᠡᠷᠬᠡᠪᠰᠢ ᠠᠯᠪᠠᠳᠠᠯᠭ᠎ᠠ ᠶᠢᠨ ᠴᠢᠨᠠᠷ ᠲᠠᠢ ᠲᠤᠭᠲᠠᠭᠠᠯ ᠪᠠᠶᠢᠵᠤ᠂ | ᠰᠠᠨᠠᠭᠠᠨ ᠲᠤᠷ᠎ᠠ ᠶᠢᠨ ᠴᠢᠨᠠᠷ ᠲᠠᠢ ᠲᠤᠭᠲᠠᠭᠠᠯ ᠠᠴᠠ ᠢᠯᠠᠭᠠᠭᠳᠠᠬᠤ ᠪᠦᠭᠡᠳ ᠬᠤᠯᠢ ᠴᠠᠭᠠᠵᠠ᠂ ᠵᠠᠰᠠᠭ ᠵᠠᠬᠢᠷᠭᠠᠨ | ᠤ ᠬᠠᠤᠯᠢ ᠲᠤᠭᠲᠠᠭᠠᠯ ᠪᠠᠶᠢᠬᠤ ᠬᠡᠷᠡᠭᠲᠠᠢ᠂ ᠤᠷᠦᠨ ᠨᠤᠲᠤᠭ ᠤᠨ ᠬᠠᠤᠯᠢ ᠲᠤᠭᠲᠠᠭᠠᠯ᠂ ᠰᠠᠯᠠᠭ᠎ᠠ ᠮᠦᠴᠢᠷ ᠤᠨ | ᠲᠦᠷᠢᠮ ᠳᠤᠭᠳᠠᠭᠠᠯ ᠳᠠᠬᠢ ᠠᠯᠪᠠᠳᠠᠯᠭ᠎ᠠ ᠶᠢᠨ ᠴᠢᠨᠠᠷ ᠲᠠᠢ ᠲᠤᠭᠲᠠᠭᠠᠯ ᠨᠢ ᠭᠡᠷ᠎ᠡ ᠶᠢ ᠬᠦᠴᠦᠨ ᠦᠭᠡᠢ ᠪᠤᠯᠬᠤ ᠶᠢ | ᠲᠤᠩᠬᠠᠭᠯᠠᠬᠤ ᠡᠷᠬᠡ ᠦᠭᠡᠢ᠃ | 5. ᠶᠠᠮᠠᠷ ᠪᠠᠶᠢᠳᠠᠯ ᠲᠤᠤᠷ᠎ᠠ ᠭᠡᠷ᠎ᠡ ᠶᠢᠨ ᠡᠷᠭᠡ ᠡᠭᠦᠷᠭᠡ ᠲᠠᠭᠤᠰᠬᠤ ᠪᠤᠢ︖ | ︽ᠭᠡᠷ᠎ᠡ ᠶᠢᠨ ᠬᠠᠤᠯᠢ︾ ᠶᠢᠨ 91 ᠳ᠋ᠤᠭᠡᠷ ᠵᠦᠢᠯ ᠤᠨ ᠲᠤᠭᠳᠠᠭᠠᠯ ᠢ ᠦᠨᠳᠦᠰᠦᠯᠡᠪᠡᠯ᠂ ᠲᠤᠤᠷᠠᠬᠢ | ᠪᠠᠶᠢᠳᠠᠯ ᠤᠨ ᠨᠢᠭᠡ ᠨᠢ ᠪᠠᠶᠢᠪᠠᠯ᠂ ᠭᠡᠷ᠎ᠡ ᠶᠢᠨ ᠡᠷᠭᠡ ᠡᠭᠦᠷᠭᠡ ᠲᠠᠭᠤᠰᠤᠨ᠎ᠠ᠄ ︵1︶ ᠦᠭᠴᠡᠭᠡ ᠪᠠᠨ ᠨᠢᠭᠡᠨᠲᠠ | ᠪᠤᠯᠵᠤᠭ᠎ᠠ ᠶᠤᠰᠦᠭᠠᠷ ᠭᠦᠢᠴᠡᠳᠭᠡᠭᠰᠡᠨ︔ ᠦᠭᠴᠡᠭᠡ ᠪᠠᠨ ᠨᠢᠭᠡᠨᠲᠠ ᠪᠤᠯᠵᠤᠭ᠎ᠠ ᠶᠤᠰᠦᠭᠠᠷ ᠭᠦᠢᠴᠡᠳᠭᠡᠬᠦ ᠭᠡᠳᠡᠭ | ᠨᠢ ᠦᠭᠴᠡᠭᠡᠲᠠᠨ ᠪᠤᠯᠵᠤᠭᠰᠠᠨ ᠬᠠᠷᠠᠯᠲᠠ᠂ ᠶᠠᠰᠦ ᠴᠢᠨᠠᠷ᠂ ᠲᠤᠭ᠎ᠠ ᠬᠡᠮᠵᠢᠶ᠎ᠠ᠂ ᠦᠨ᠎ᠡ ᠬᠠᠨᠭ᠍ᠰᠢ ᠪᠤᠶᠦ ᠬᠦᠯᠦᠰᠦ | ᠤᠯᠭᠤᠮᠵᠢ᠂ ᠭᠦᠢᠴᠡᠳᠭᠡᠬᠦ ᠬᠤᠭᠤᠴᠠᠭᠠᠯᠠᠯ᠂ ᠭᠦᠢᠴᠡᠳᠭᠡᠬᠦ ᠭᠠᠵᠠᠷ ᠤᠷᠤᠨ ᠪᠠ ᠠᠷᠭ᠎ᠠ ᠬᠡᠯᠪᠡᠷᠢ ᠶᠤᠰᠦᠭᠠᠷ ᠪᠦᠬᠦ | ᠲᠠᠯ᠎ᠠ ᠪᠠᠷ ᠭᠦᠢᠴᠡᠳᠭᠡᠭᠰᠡᠨ ᠢ ᠵᠢᠭᠠᠵᠦ ᠪᠠᠶᠢᠨ᠎ᠠ᠃ ︵2︶ ᠭᠡᠷ᠎ᠡ ᠪᠠᠨ ᠲᠠᠶᠢᠯᠤᠭᠰᠠᠨ᠃ ᠭᠡᠷ᠎ᠡ ᠪᠠᠨ ᠲᠠᠶᠢᠯᠬᠤ | ᠭᠡᠳᠡᠭ ᠨᠢ ᠭᠡᠷ᠎ᠡ ᠪᠦᠲᠦᠮᠵᠢᠳᠠᠢ ᠲᠤᠭᠳᠠᠭᠠᠭᠳᠠᠭᠰᠠᠨ ᠤ ᠲᠠᠷᠠᠭ᠎ᠠ᠂ ᠬᠠᠤᠯᠢ ᠴᠠᠭᠠᠵᠠ ᠳᠤ ᠲᠤᠭᠳᠠᠭᠠᠭᠰᠠᠨ ᠭᠡᠷ᠎ᠡ | ᠪᠠᠨ ᠲᠠᠶᠢᠯᠬᠤ ᠨᠦᠭᠦᠴᠡᠯ ᠢ ᠪᠦᠷᠢᠯᠳᠦᠭᠦᠯᠦᠭᠰᠡᠨ ᠦᠶ᠎ᠡ ᠳᠤ᠂ ᠲᠤᠬᠠᠢ ᠶᠢᠨ ᠬᠦᠮᠦᠨ ᠤ ᠨᠢᠭᠡ ᠡᠳᠡᠭᠡᠳ ᠪᠤᠶᠤ | ᠬᠤᠶᠠᠷ ᠡᠳᠡᠭᠡᠳ ᠤᠨ ᠰᠠᠨᠠᠭ᠎ᠠ ᠪᠠᠷ ᠭᠡᠷ᠎ᠡ ᠶᠢᠨ ᠬᠠᠷᠢᠴᠠᠭ᠎ᠠ ᠤᠰᠠᠳᠤᠭᠰᠠᠨ ᠦᠢᠯᠡ ᠠᠵᠢᠯᠯᠠᠭ᠎ᠠ ᠶᠢ ᠵᠢᠭᠠᠵᠦ | ᠪᠠᠶᠢᠨ᠎ᠠ᠃ ︵3︶ ᠦᠭᠴᠡᠭᠡ ᠨᠢ ᠬᠠᠷᠢᠯᠴᠠᠨ ᠲᠤᠯᠭᠠᠨ ᠲᠠᠶᠢᠯᠤᠭᠳᠠᠭᠰᠠᠨ︔ ᠦᠭᠴᠡᠭᠡ ᠨᠢ ᠬᠠᠷᠢᠯᠴᠠᠨ ᠲᠤᠯᠭᠠᠨ | ᠲᠠᠶᠢᠯᠬᠤ ᠭᠡᠳᠡᠭ ᠨᠢ ᠲᠤᠬᠠᠢ ᠶᠢᠨ ᠬᠦᠮᠦᠨ ᠬᠤᠭᠤᠴᠠᠭ᠎ᠠ ᠲᠤᠯᠤᠭᠰᠠᠨ ᠦᠭᠴᠡᠭᠡ ᠶᠢ ᠬᠠᠷᠢᠯᠴᠠᠨ ᠡᠭᠦᠷᠭᠡᠯᠡᠬᠦ | ᠪᠦᠭᠡᠳ ᠠᠪᠴᠠᠭ᠎ᠠ ᠶᠢ ᠬᠠᠷᠢᠯᠴᠠᠨ ᠡᠳ᠋ᠯᠡᠵᠦ᠂ ᠦᠪᠡᠷ ᠤᠨ ᠠᠪᠴᠠᠭ᠎ᠠ ᠪᠠᠷ ᠢᠶᠠᠨ ᠨᠦᠭᠦᠭᠡ ᠡᠳᠡᠭᠡᠳ ᠤᠨ | ᠠᠪᠴᠠᠭ᠎ᠠ ᠶᠢ ᠲᠤᠯᠭᠠᠨ ᠳᠠᠶᠢᠯᠵᠦ᠂ ᠦᠪᠡᠷ ᠤᠨ ᠦᠭᠴᠡᠭᠡ ᠢᠶᠠᠨ ᠨᠦᠭᠦᠭᠡ ᠡᠳᠡᠭᠡᠳ ᠤᠨ ᠦᠭᠴᠡᠭᠡ ᠲᠠᠢ | ᠲᠡᠩᠴᠡᠭᠦᠦ ᠬᠡᠮᠵᠢᠶᠠᠨ ᠳᠤ ᠤᠰᠠᠳᠬᠤ ᠶᠢ ᠵᠢᠭᠠᠵᠦ ᠪᠠᠶᠢᠨ᠎ᠠ᠃ ︵4︶ ᠦᠭᠴᠡᠭᠡᠲᠡᠨ ᠬᠠᠤᠯᠢ ᠶᠤᠰᠤᠭᠠᠷ | ᠬᠠᠷᠠᠯᠲᠠᠲᠦ ᠡᠳ᠋ ᠢ ᠬᠠᠳᠠᠭᠠᠯᠠᠭᠤᠯᠤᠭᠰᠠᠨ︔ ᠬᠠᠳᠠᠭᠠᠯᠠᠭᠤᠯᠬᠤ ᠭᠡᠳᠡᠭ ᠨᠢ ᠠᠪᠴᠠᠭᠠᠳᠠᠨ ᠤ ᠤᠴᠢᠷ ᠠᠴᠠ | ᠦᠭᠴᠡᠭᠡᠲᠡᠨ ᠠᠴᠠ ᠲᠡᠭᠦᠨ ᠳᠤ ᠭᠡᠷ᠎ᠡ ᠶᠢᠨ ᠬᠠᠷᠠᠯᠲᠠᠲᠦ ᠡᠳ᠋ ᠢᠶᠠᠨ ᠲᠤᠰᠢᠶᠠᠵᠦ ᠴᠢᠳᠠᠬᠤ ᠦᠭᠡᠢ ᠦᠶ᠎ᠡ ᠳᠤ ᠂ | ᠦᠭᠴᠡᠭᠡᠲᠡᠨ ᠠᠴᠠ ᠲᠤᠰ ᠬᠠᠷᠠᠯᠲᠠᠲᠦ ᠡᠳ᠋ ᠢ ᠬᠠᠳᠠᠭᠠᠯᠠᠭᠤᠯᠬᠤ ᠪᠠᠶᠢᠭᠤᠯᠭ᠎ᠠ ᠳᠤ ᠲᠤᠰᠢᠶᠠᠨ ᠭᠡᠷ᠎ᠡ ᠶᠢᠨ ᠲᠦᠷᠢᠮ | ᠢ ᠣᠰᠠᠳᠬᠠᠬᠤ ᠶᠢ ᠵᠢᠭᠠᠵᠦ ᠪᠠᠶᠢᠨ᠎ᠠ᠃ ︵5︶ ᠠᠪᠴᠠᠭᠠᠲᠠᠨᠡᠴᠠᠦᠭᠴᠡᠭᠡ ᠶᠢ ᠬᠡᠯᠳᠦᠷᠢᠭᠦᠯᠦᠭᠰᠡᠨ︔ | ᠠᠪᠴᠠᠭᠠᠲᠠᠨ ᠠᠴᠠ ᠦᠭᠴᠡᠭᠡ ᠶᠢ ᠬᠡᠯᠳᠦᠷᠢᠭᠦᠯᠬᠦ ᠨᠢ ᠠᠪᠴᠠᠭᠠᠲᠠᠨ ᠦᠪᠡᠷ ᠤᠨ ᠠᠪᠴᠠᠭ᠎ᠠ ᠪᠠᠨ ᠬᠠᠶᠠᠭᠰᠠᠨ ᠢ | ᠵᠢᠭᠠᠵᠦ ᠪᠠᠶᠢᠨ᠎ᠠ᠃ ︵6︶ ᠠᠪᠴᠠᠭ᠎ᠠ ᠦᠭᠴᠡᠭᠡ ᠨᠢ ᠨᠢᠭᠡ ᠬᠦᠮᠦᠨ ᠳᠤ ᠬᠠᠷᠢᠶᠠᠯᠠᠭᠳᠠᠬᠤ ︔ ᠲᠠᠷᠤᠢ | ᠦᠭᠴᠡᠭᠡᠨ ᠤ ᠨᠡᠶᠢᠯᠡᠯ ᠨᠢ ᠶᠠᠮᠠᠷ ᠨᠢᠭᠡᠨ ᠪᠤᠳᠠᠲᠦ ᠶᠠᠪᠤᠳᠠᠯ ᠡᠭᠦᠰᠦᠭᠰᠡᠨ ᠠᠴᠠ ᠪᠤᠯᠵᠦ᠂ ᠨᠢᠭᠡᠨ ᠭᠡᠷ᠎ᠡ ᠳᠤ ᠤᠤᠯ | ᠳᠠᠭᠠᠨ ᠨᠢᠭᠡ ᠡᠳᠠᠭᠡᠳ ᠤᠨ ᠲᠤᠬᠠᠢ ᠶᠢᠨ ᠬᠦᠮᠦᠨ ᠨᠢ ᠠᠪᠴᠠᠭ᠎ᠠ ᠶᠢ ᠡᠳ᠋ᠯᠡᠵᠦ᠂ ᠨᠦᠭᠦᠭᠡ ᠡᠳᠡᠭᠡᠳ ᠤᠨ ᠲᠤᠬᠠᠢ | ᠶᠢᠨ ᠬᠦᠮᠦᠨ ᠠᠴᠠ ᠦᠭᠴᠡᠭᠡ ᠶᠢ ᠡᠭᠦᠷᠭᠡᠯᠡᠵᠦ ᠪᠠᠶᠢᠭᠰᠠᠨ ᠢᠶᠠᠨ ᠨᠢᠭᠡᠳᠤᠭᠡᠳ ᠨᠢᠭᠡ ᠡᠳᠡᠭᠡᠳ ᠤᠨ ᠲᠤᠬᠠᠢ ᠶᠢᠨ | ᠬᠦᠮᠦᠨ ᠳᠤ ᠬᠠᠷᠢᠶᠠᠯᠠᠭᠳᠠᠵᠦ᠂ ᠲᠤᠰ ᠲᠤᠬᠠᠢ ᠶᠢᠨ ᠬᠦᠮᠦᠨ ᠨᠢ ᠭᠡᠷ᠎ᠡ ᠶᠢᠨ ᠠᠪᠴᠠᠭᠠᠲᠠᠨ ᠪᠤᠯᠤᠭᠰᠠᠨ ᠢᠶᠠᠷ | ᠪᠠᠷᠠᠬᠤ ᠦᠭᠡᠢ ᠪᠠᠰᠠ ᠭᠡᠷ᠎ᠡ ᠶᠢᠨ ᠦᠭᠴᠡᠭᠡᠲᠡᠨ ᠪᠤᠯᠤᠭᠰᠠᠨ ᠢ ᠵᠢᠭᠠᠨ᠎ᠠ᠃ ︵7︶ ᠬᠠᠤᠯᠢ ᠴᠠᠭᠠᠵᠠ ᠳᠤ | ᠲᠤᠭᠳᠠᠭᠠᠭᠰᠠᠨ ᠪᠤᠶᠦ ᠲᠤᠬᠠᠢ ᠶᠢᠨ ᠬᠦᠮᠦᠨ ᠵᠤᠭᠰᠤᠬᠤ ᠪᠠᠷ ᠪᠤᠯᠵᠤᠭᠰᠠᠨ ᠪᠤᠰᠤᠳ ᠪᠠᠶᠢᠳᠠᠯ᠃ | 6. ᠭᠡᠷ᠎ᠡ ᠶᠢ ᠰᠢᠯᠵᠢᠬᠦᠯᠦᠨ ᠦᠭᠬᠦ ᠭᠡᠳᠡᠭ ᠨᠢ ᠶᠠᠭᠤ ᠶᠢ ᠵᠢᠭᠠᠵᠦ ᠪᠠᠶᠢᠬᠤ ᠪᠤᠢ︖ | ᠭᠡᠷ᠎ᠡ ᠶᠢ ᠰᠢᠯᠵᠢᠭᠦᠯᠦᠨ ᠦᠭᠬᠦ ᠭᠡᠳᠡᠭ ᠨᠢ ᠭᠡᠷ᠎ᠡ ᠬᠠᠤᠯᠢ ᠶᠤᠰᠦᠭᠠᠷ ᠲᠤᠭᠳᠠᠭᠠᠭᠳᠠᠭᠰᠠᠨ ᠤ ᠲᠠᠷᠠᠭ᠎ᠠ᠂ | ᠭᠡᠷ᠎ᠡ ᠶᠢᠨ ᠪᠡᠶᠡᠴᠢ ᠴᠤᠭᠴᠠ ᠶᠢ ᠬᠤᠪᠢᠷᠠᠭᠤᠯᠬᠤ ᠬᠠᠤᠯᠢ ᠴᠠᠭᠠᠵᠠ ᠶᠢᠨ ᠠᠵᠢᠯᠯᠠᠭ᠎ᠠ ᠶᠢ ᠵᠢᠭᠠᠵᠦ ᠪᠠᠶᠢᠨ᠎ᠠ᠃ ᠭᠡᠷ᠎ᠡ | ᠶᠢ ᠦᠭᠡᠷᠡᠴᠢᠯᠡᠬᠦ ᠲᠠᠢ ᠠᠳᠠᠯᠢ ᠦᠭᠡᠢ᠂ ᠦᠭᠡᠷᠡᠴᠢᠯᠡᠬᠦ ᠨᠢ ᠪᠠᠶᠠᠴᠢ ᠴᠤᠭᠴᠠ ᠨᠢ ᠬᠤᠪᠢᠷᠠᠬᠤ ᠦᠭᠡᠢ᠂ ᠭᠡᠪᠡᠴᠦ | ᠭᠡᠷ᠎ᠡ ᠶᠢᠨ ᠠᠭᠤᠯᠭ᠎ᠠ ᠶᠢ ᠵᠦᠪᠯᠡᠯᠴᠡᠵᠦ ᠬᠤᠪᠢᠷᠠᠭᠤᠯᠬᠤ ᠶᠢ ᠵᠢᠭᠠᠨ᠎ᠠ᠃ ᠬᠠᠷᠢᠨ ᠭᠡᠷ᠎ᠡ ᠶᠢ ᠰᠢᠯᠵᠢᠭᠦᠯᠦᠨ ᠦᠭᠬᠦ ᠨᠢ | ᠭᠡᠷ᠎ᠡ ᠶᠢᠨ ᠡᠷᠬᠡ ᠪᠤᠶᠦ ᠡᠭᠦᠷᠭᠡ ᠪᠠᠨ ᠪᠦᠬᠦᠨ ᠪᠤᠶᠦ ᠬᠡᠰᠡᠭ ᠢ ᠨᠢ ᠭᠤᠷᠪᠠᠳᠠᠬᠢ ᠬᠦᠮᠦᠨ ᠳᠤ ᠰᠢᠯᠵᠢᠭᠦᠯᠦᠨ ᠦᠭᠬᠦ | ᠶᠢ ᠵᠢᠭᠠᠨ᠎ᠠ᠃ | ᠰᠢᠯᠵᠢᠭᠦᠯᠦᠨ ᠦᠭᠬᠦ ᠠᠭᠤᠯᠭ᠎ᠠ ᠶᠢ ᠦᠨᠳᠦᠰᠦᠯᠡᠵᠦ ᠲᠤᠤᠷᠡᠬᠢ ᠮᠡᠲᠦ ᠬᠤᠪᠢᠶᠠᠵᠦ ᠪᠤᠯᠤᠨ᠎ᠠ᠄ ᠭᠡᠷ᠎ᠡ ᠶᠢᠨ | ᠡᠷᠬᠡ ᠶᠢ ᠰᠢᠯᠵᠢᠭᠦᠯᠦᠨ ᠦᠭᠬᠦ ᠳᠤ ᠰᠢᠯᠵᠢᠭᠦᠯᠦᠨ ᠦᠭᠬᠦᠭᠴᠢ ᠵᠦᠪᠬᠡᠨ ᠦᠭᠴᠡᠭᠡᠳᠡᠨ ᠳᠤ ᠮᠡᠳᠡᠭᠳᠡᠬᠦ ᠡᠭᠦᠷᠭᠡ ᠶᠢ | ᠭᠦᠢᠴᠡᠳᠭᠡᠨ᠎ᠠ᠃ ᠭᠡᠷ᠎ᠡ ᠶᠢᠨ ᠡᠭᠦᠷᠬᠡ ᠶᠢ ᠰᠢᠯᠵᠢᠭᠦᠯᠦᠨ ᠦᠭᠬᠦ ᠳᠤ ᠦᠭᠴᠡᠭᠡᠳᠡᠨ ᠨᠢ ᠠᠪᠴᠠᠭᠠᠲᠠᠨ ᠤ | ᠵᠦᠪᠰᠢᠶᠡᠷᠡᠯ ᠢ ᠲᠠᠮᠵᠢᠨ᠎ᠠ᠃ ᠭᠡᠷ᠎ᠡ ᠶᠢᠨ ᠡᠷᠬᠡ ᠪᠠ ᠡᠭᠦᠷᠭᠡ ᠪᠠ ᠪᠦᠬᠦᠨ ᠢ ᠰᠢᠯᠵᠢᠭᠦᠯᠦᠨ ᠦᠭᠬᠦ ᠳᠤ ᠬᠤᠶᠠᠷ | ᠡᠳᠡᠭᠡᠳ ᠤᠨ ᠵᠦᠪᠰᠢᠶᠡᠷᠡᠯ ᠢ ᠲᠠᠮᠵᠢᠨ᠎ᠠ᠃ | 7. ᠶᠠᠭᠤ ᠶᠢ ᠬᠤᠳᠠᠯᠳᠤᠭᠠᠯᠠᠬᠤ ᠭᠡᠷ᠎ᠡ ᠭᠡᠬᠦ ᠪᠤᠢ︖ | ᠬᠤᠳᠠᠯᠳᠤᠭᠠᠯᠠᠬᠤ ᠭᠡᠷ᠎ᠡ ᠭᠡᠳᠡᠭ ᠨᠢ ᠬᠤᠳᠠᠯᠳᠤᠭᠴᠢ ᠬᠠᠷᠠᠯᠲᠠᠲᠦ ᠡᠳ᠋ ᠢᠶᠠᠨ ᠲᠤᠰᠢᠶᠠᠭᠰᠠᠨ ᠪᠦᠭᠡᠳ | ᠬᠠᠷᠠᠯᠳᠦ ᠡᠳ᠋ ᠤᠨ ᠦᠮᠴᠢᠯᠡᠯ ᠤᠨ ᠡᠷᠭᠡ ᠪᠠᠨ ᠬᠤᠳᠠᠯᠳᠤᠨ ᠠᠪᠤᠭᠴᠢ ᠳᠤ ᠰᠢᠯᠵᠢᠭᠦᠯᠦᠨ ᠦᠭᠴᠦ᠂ ᠬᠤᠳᠠᠯᠳᠤᠨ | ᠠᠪᠤᠭᠴᠢ ᠠᠴᠠ ᠵᠤᠭᠤᠰ ᠮᠦᠡᠭᠬᠦ ᠦᠭᠬᠦ ᠭᠡᠷ᠎ᠡ ᠶᠢ ᠵᠢᠭᠠᠵᠦ ᠪᠠᠶᠢᠨ᠎ᠠ᠃ ᠬᠤᠳᠠᠯᠳᠤᠭᠠᠯᠠᠬᠤ ᠭᠡᠷ᠎ᠡ ᠳᠤ᠂ ᠪᠤᠯᠵᠤᠭ᠎ᠠ | ᠶᠢ ᠦᠨᠳᠦᠰᠦᠯᠡᠵᠦ᠂ ᠬᠠᠷᠠᠯᠲᠠᠳᠦ ᠡᠳ᠋ ᠲᠤᠰᠢᠶᠠᠭᠰᠠᠨ ᠪᠦᠭᠡᠳ ᠬᠠᠷᠠᠯᠲᠠᠳᠦ ᠡᠳ᠋ ᠤᠨ ᠦᠮᠴᠢᠯᠡᠯ ᠤᠨ ᠡᠷᠭᠡ ᠶᠢ | ᠰᠢᠯᠵᠢᠭᠦᠯᠵᠦ ᠦᠭᠬᠦᠭᠰᠡᠨ ᠨᠢᠭᠡ ᠡᠳᠡᠭᠡᠳ ᠢ ᠬᠤᠳᠠᠯᠳᠤᠭᠴᠢ ᠭᠡᠵᠦ᠂ ᠵᠤᠭᠤᠰ ᠮᠦᠡᠭᠬᠦ ᠦᠭᠬᠦ ᠨᠢᠭᠡ ᠡᠳᠡᠭᠡᠳ ᠢ | ᠬᠤᠳᠠᠯᠳᠤᠨ ᠠᠪᠤᠭᠴᠢ ᠭᠡᠨ᠎ᠡ᠃ ᠬᠤᠳᠠᠯᠳᠤᠭᠴᠢ ᠨᠢ ᠬᠤᠳᠠᠯᠳᠤᠭᠠᠯᠠᠬᠤ ᠭᠡᠷ᠎ᠡ ᠶᠢᠨ ᠬᠠᠷᠠᠯᠲᠠᠲᠦ ᠡᠳ᠋ ᠤᠨ | ᠦᠮᠴᠢᠯᠡᠯ ᠤᠨ ᠡᠷᠭᠡᠲᠡᠨ ᠪᠤᠶᠦ ᠪᠤᠰᠤᠳ ᠰᠢᠢᠳᠪᠤᠷᠢᠯᠡᠬᠦ ᠡᠷᠭᠡ ᠲᠠᠢ ᠬᠦᠮᠦᠨ ᠪᠠᠶᠢᠬᠤ ᠶᠤᠰᠦᠲᠠᠢ᠃ | ᠬᠤᠳᠠᠯᠳᠤᠭᠠᠯᠠᠬᠤ ᠭᠡᠷ᠎ᠡ ᠪᠤᠯ ᠡᠳᠦᠷ ᠲᠤᠳᠤᠮ ᠤᠨ ᠠᠵᠦ ᠠᠬᠤᠢ ᠶᠢᠨ ᠠᠮᠢᠳᠤᠷᠠᠯ ᠳᠠᠬᠢ ᠬᠠᠮᠤᠭ | ᠲᠦᠭᠡᠮᠡᠯ᠂ ᠬᠠᠮᠤᠭ ᠤᠯᠠᠨ ᠬᠠᠷᠠᠭᠳᠠᠳᠠᠭ ᠨᠢᠭᠡ ᠵᠦᠢᠯ ᠤᠨ ᠭᠡᠷ᠎ᠡ ᠮᠦᠨ᠃ ᠲᠡᠭᠦᠨ ᠤ ᠤᠨᠴᠠᠯᠢᠭ ᠨᠢ ᠬᠠᠷᠠᠯᠲᠠᠲᠦ | ᠡᠳ᠋ ᠤᠨ ᠦᠮᠴᠢᠯᠡᠯ ᠤᠨ ᠡᠷᠭᠡ ᠶᠢ ᠰᠢᠯᠵᠢᠭᠦᠯᠬᠦ ᠭᠡᠷ᠎ᠡ ᠪᠤᠯᠬᠤ ᠳᠤ ᠪᠠᠶᠢᠵᠦ᠂ ᠬᠤᠤᠰ ᠡᠭᠦᠷᠭᠡ ᠲᠠᠢ᠂ ᠲᠦᠯᠦᠪᠦᠷᠢ | ᠲᠠᠢ ᠭᠡᠷ᠎ᠡ ᠮᠦᠨ᠂ ᠬᠠᠮᠲᠦ ᠳᠤᠨᠢ ᠪᠠᠰᠠ ᠪᠤᠯᠵᠤᠯᠲᠦ᠂ ᠲᠤᠭᠳᠠᠮᠠᠯ ᠬᠡᠯᠪᠡᠷᠢᠬᠦᠢ ᠭᠡᠷ᠎ᠡ ᠪᠤᠯᠤᠨ᠎ᠠ᠃ ᠠᠮᠢᠳᠤᠷᠠᠯ ᠤᠨ | ᠦᠢᠯᠡᠳᠦᠯᠭᠡ ᠳᠤᠮᠳᠠ᠂ ᠲᠤᠬᠠᠢ ᠶᠢᠨ ᠬᠦᠮᠦᠨ ᠬᠤᠳᠠᠯᠳᠤᠭᠠᠯᠠᠬᠤ ᠭᠡᠷ᠎ᠡ ᠶᠢᠨ ᠬᠡᠯᠪᠡᠷᠢ ᠳᠤ ᠲᠤᠩ ᠴᠢᠯᠦᠭᠡ ᠲᠠᠢ | ᠪᠠᠶᠢᠵᠦ᠂ ᠲᠠᠷᠤᠢ ᠪᠢᠴᠢᠭ ᠢᠶᠠᠷ ᠢᠯᠡᠷᠬᠡᠶᠢᠯᠡᠵᠦ ᠪᠤᠯᠬᠤ ᠪᠠᠷ ᠪᠠᠷᠠᠬᠤ ᠦᠭᠡᠢ ᠶᠠᠷᠢᠶ᠎ᠠ ᠪᠠᠷ ᠢᠯᠡᠷᠬᠡᠶᠢᠯᠡᠵᠦ ᠪᠤᠯᠤᠨ᠎ᠠ᠃ | ᠭᠠᠭᠴᠠ ᠬᠦ ᠬᠤᠳᠠᠯᠳᠤᠭᠴᠢ ᠪᠠ ᠬᠤᠳᠠᠯᠳᠤᠨ ᠠᠪᠤᠭᠴᠢ ᠬᠤᠶᠠᠷ ᠡᠲᠡᠭᠡᠳ ᠢᠶᠠᠷ ᠢᠶᠠᠨ ᠵᠦᠪᠯᠡᠯᠴᠡᠵᠦ ᠨᠢᠭᠡᠳᠴᠦ᠂ | ᠬᠤᠶᠠᠷ ᠡᠳᠡᠭᠡᠳ ᠤᠨ ᠦᠨᠡᠨ ᠰᠠᠨᠠᠭᠠᠨ ᠤ ᠢᠯᠡᠷᠡᠯ ᠪᠠᠶᠢᠪᠠᠯ ᠲᠠᠷᠤᠢ ᠭᠡᠷ᠎ᠡ ᠲᠤᠭᠳᠠᠭᠠᠵᠦ ᠪᠤᠯᠤᠨ᠎ᠠ᠃ | 8. ᠬᠤᠳᠠᠯᠳᠤᠭᠠᠯᠠᠬᠤ ᠭᠡᠷ᠎ᠡ ᠳᠤ᠂ ᠬᠤᠳᠠᠯᠳᠤᠭᠴᠢ ᠪᠠ ᠬᠤᠳᠠᠯᠳᠦᠨ ᠠᠪᠤᠭᠴᠢ ᠨᠢ ᠶᠠᠮᠠᠷ ᠡᠭᠦᠷᠭᠡ | ᠲᠠᠢ ᠪᠤᠢ︖ | ᠬᠤᠳᠠᠯᠳᠤᠭᠠᠯᠠᠬᠤ ᠭᠡᠷ᠎ᠡ ᠳᠤ᠂ ᠬᠤᠳᠠᠯᠳᠤᠭᠴᠢ ᠶᠢᠨ ᠭᠤᠥᠯ ᠡᠭᠦᠷᠭᠡ ᠨᠢ᠄ ︵ 1︶ ᠬᠤᠳᠠᠯᠳᠦᠨ | ᠠᠪᠤᠭᠴᠢ ᠳᠤ ᠬᠠᠷᠠᠯᠳᠠᠲᠦ ᠡᠳ᠋ ᠲᠤᠰᠢᠶᠠᠬᠤ ᠪᠦᠭᠡᠳ ᠬᠠᠷᠠᠯᠳᠠᠲᠦ ᠡᠳ᠋ ᠤᠨ ᠦᠮᠴᠢᠯᠡᠯ ᠤᠨ ᠡᠷᠬᠡ ᠶᠢ | ᠰᠢᠯᠵᠢᠭᠦᠯᠬᠦ ᠡᠭᠦᠷᠭᠡ ᠲᠠᠢ᠃ ᠬᠤᠳᠠᠯᠳᠤᠭᠴᠢ ᠲᠤᠰᠢᠶᠠᠬᠤ ᠡᠭᠦᠷᠭᠡ ᠭᠦᠢᠴᠡᠳᠬᠡᠬᠦ ᠳᠤ ᠡᠷᠬᠡᠪᠰᠢ ᠬᠤᠶᠠᠷ ᠡᠳᠡᠭᠡᠳ | ᠢᠶᠠᠷ ᠢᠶᠠᠨ ᠪᠤᠯᠵᠤᠭᠰᠡᠨ ᠭᠠᠵᠠᠷ ᠤᠷᠦᠨ᠂ ᠬᠤᠭᠤᠴᠠᠭᠠᠯᠠᠯ ᠳᠤ᠂ ᠪᠤᠯᠵᠤᠭᠰᠡᠨ ᠲᠤᠭ᠎ᠠ ᠬᠡᠮᠵᠢᠶ᠎ᠡ ᠪᠠ ᠶᠠᠰᠦ ᠴᠢᠨᠠᠷ | ᠤᠨ ᠪᠠᠷᠢᠮᠵᠢᠶ᠎ᠠ ᠶᠤᠰᠦᠭᠠᠷ ᠲᠤᠰᠢᠶᠠᠨ᠎ᠠ᠃ ︵2︶ ᠬᠠᠷᠠᠯᠳᠠᠲᠦ ᠡᠳ᠋ ᠤᠨ ᠥ ᠰᠡᠪ ᠢ ᠲᠠᠭᠠᠭᠠᠬᠤ ᠡᠭᠦᠷᠭᠡ ᠲᠠᠢ᠃ | ᠬᠤᠳᠠᠯᠳᠤᠭᠴᠢ ᠶᠢᠨ ᠥ ᠰᠡᠪ ᠢ ᠲᠠᠭᠠᠭᠠᠬᠤ ᠡᠭᠦᠷᠭᠡ ᠳᠤ ᠡᠳ᠋ ᠤᠨ ᠥ ᠰᠡᠪ ᠢ ᠲᠠᠭᠠᠭᠠᠬᠤ ᠪᠠ ᠡᠷᠬᠡ ᠶᠢᠨ ᠥ | ᠰᠡᠪ ᠢ ᠲᠠᠭᠠᠭᠠᠬᠤ ᠬᠤᠶᠠᠷ ᠲᠠᠯ᠎ᠠ ᠶᠢ ᠪᠠᠭᠲᠠᠭᠠᠨ᠎ᠠ᠃ ᠡᠳ᠋ ᠤᠨ ᠥ ᠰᠡᠪ ᠢ ᠲᠠᠭᠠᠭᠠᠬᠤ ᠡᠭᠦᠷᠭᠡ ᠭᠡᠳᠡᠭ ᠨᠢ | ᠬᠤᠳᠠᠯᠳᠤᠭᠴᠢ ᠲᠡᠭᠦᠨ ᠤ ᠲᠤᠰᠢᠶᠠᠭᠰᠠᠨ ᠬᠠᠷᠠᠯᠳᠠᠲᠦ ᠡᠳ᠋ ᠤᠨ ᠳᠠᠬᠢᠨ ᠦᠷᠳᠡᠭ ᠪᠤᠶᠤ ᠭᠡᠷᠡᠭᠯᠡᠬᠦ ᠦᠷᠲᠡᠭ ᠢ | ᠪᠠᠭᠤᠷᠠᠭᠤᠯᠬᠤ ᠲᠤᠲᠠᠭᠳᠠᠯ ᠪᠤᠶᠤ ᠪᠤᠰᠤᠳ ᠶᠠᠰᠦ ᠴᠢᠨᠠᠷ ᠤᠨ ᠠᠰᠠᠭᠤᠳᠠᠯ ᠤᠷᠥᠰᠢᠬᠤ ᠦᠭᠡᠢ ᠶᠢ ᠪᠠᠳᠤᠯᠠᠬᠤ ᠶᠢ | ᠵᠢᠭᠠᠵᠤ ᠪᠠᠶᠢᠨ᠎ᠠ᠃ ᠡᠷᠭᠡ ᠶᠢᠨ ᠥ ᠰᠡᠪ ᠢ ᠲᠠᠭᠠᠭᠠᠬᠤ ᠭᠡᠳᠡᠭ ᠨᠢ ᠬᠤᠳᠠᠯᠳᠤᠭᠴᠢ ᠲᠡᠭᠦᠨ ᠤ ᠲᠤᠰᠢᠶᠠᠭᠰᠡᠨ | ᠬᠠᠷᠠᠯᠳᠠᠲᠦ ᠡᠳ᠋ ᠨᠢ ᠶᠠᠮᠠᠷᠪᠠ ᠭᠤᠷᠪᠠᠳᠠᠬᠢ ᠬᠦᠮᠦᠨ ᠤ ᠬᠠᠤᠯᠢ ᠶᠤᠰᠦᠨ ᠤ ᠡᠷᠭᠡ ᠠᠰᠢᠭ ᠲᠤ ᠬᠠᠯᠳᠠᠬᠤ ᠦᠭᠡᠢ | ᠪᠠᠶᠢᠬᠤ ᠶᠢ ᠪᠠᠳᠣᠯᠠᠬᠤ ᠶᠢ ᠵᠢᠭᠠᠵᠤ ᠪᠠᠶᠢᠨ᠎ᠠ᠃ | ᠬᠤᠳᠠᠯᠳᠦᠨ ᠠᠪᠤᠭᠴᠢ ᠶᠢᠨ ᠭᠤᠥᠯ ᠡᠭᠦᠷᠭᠡ ᠳᠤ᠄ ︵1︶ ᠬᠤᠳᠠᠯᠳᠤᠭᠴᠢ ᠳᠤ ᠵᠤᠭᠤᠰ ᠮᠦᠭᠭᠦ ᠦᠭᠬᠦ | ᠡᠭᠦᠷᠭᠡ ᠲᠠᠢ᠃ ᠬᠤᠳᠠᠯᠳᠦᠨ ᠠᠪᠤᠭᠴᠢ ᠭᠡᠷ᠎ᠡ ᠳᠤ ᠪᠤᠯᠵᠤᠭᠰᠡᠨ ᠠᠷᠭ᠎ᠠ ᠬᠡᠯᠪᠠᠷᠢ᠂ ᠴᠠᠭ ᠬᠤᠭᠤᠴᠠᠭ᠎ᠠ᠂ ᠭᠠᠵᠠᠷ | ᠤᠷᠦᠨ ᠪᠠ ᠲᠤᠭ᠎ᠠ ᠬᠡᠮᠵᠢᠶ᠎ᠡ ᠶᠤᠰᠦᠭᠠᠷ ᠵᠤᠭᠤᠰ ᠮᠦᠭᠭᠦ ᠥᠭᠭᠦᠨ᠎ᠡ᠃ ︵2︶ ᠬᠠᠷᠠᠯᠳᠠᠳᠦ ᠡᠳ᠋ ᠢ ᠬᠦᠯᠢᠶᠡᠨ | ᠠᠪᠬᠤ ᠡᠭᠦᠷᠭᠡ ᠲᠠᠢ᠃ ᠬᠤᠳᠠᠯᠳᠦᠨ ᠠᠪᠤᠭᠴᠢ ᠪᠤᠯᠵᠤᠭᠰᠡᠨ ᠴᠠᠭ ᠬᠤᠭᠤᠴᠠᠭ᠎ᠠ᠂ ᠭᠠᠵᠠᠷ ᠤᠷᠦᠨ ᠪᠠ ᠠᠷᠭ᠎ᠠ | ᠬᠡᠯᠪᠠᠷᠢ ᠶᠤᠰᠦᠭᠠᠷ ᠬᠠᠷᠠᠯᠳᠠᠳᠦ ᠡᠳ᠋ ᠢ ᠬᠦᠯᠢᠶᠡᠨ ᠠᠪᠤᠪᠠᠯ ᠵᠤᠬᠢᠨ᠎ᠠ᠃ ᠬᠤᠳᠠᠯᠳᠦᠨ ᠠᠪᠤᠭᠴᠢ ᠶᠢᠨ ᠲᠠᠰᠢᠶᠠᠷᠠᠯ | ᠠᠴᠠ ᠪᠤᠯᠵᠤ ᠴᠠᠭ ᠲᠤᠬᠠᠢ ᠳᠤᠨᠢ ᠬᠠᠷᠠᠯᠳᠠᠳᠦ ᠡᠳ᠋ ᠢᠶᠠᠨ ᠬᠦᠯᠢᠶᠡᠨ ᠠᠪᠤᠭᠰᠡᠨ ᠦᠭᠡᠢ ᠬᠤᠳᠠᠯᠳᠤᠭᠴᠢ ᠳᠤ | ᠬᠤᠬᠢᠷᠠᠯ ᠠᠮᠰᠠᠭᠤᠯᠤᠭᠰᠡᠨ ᠪᠤᠯ ᠬᠤᠳᠠᠯᠳᠤᠭᠴᠢ ᠠᠴᠠ ᠲᠦᠯᠦᠪᠦᠷᠢᠯᠡᠬᠦ ᠬᠠᠷᠢᠭᠤᠴᠠᠯᠭ᠎ᠠ ᠡᠭᠦᠷᠭᠡᠯᠡᠨ᠎ᠡ᠃ | |