ᠬᠦᠳᠡᠭᠡ ᠲᠤᠰᠬᠤᠨ ᠤ ᠬᠠᠮᠲᠦ ᠶᠢᠨ ᠦᠮᠴᠢᠯᠡᠯᠲᠦ ᠭᠠᠵᠠᠷ ᠰᠢᠷᠤᠢ ᠶᠢᠨ ᠲᠤᠬᠠᠢ ᠬᠠᠤᠯᠢ ᠶᠢᠨ ᠮᠡᠳᠠᠯᠭᠡ
ᠨᠡᠶᠢᠲᠡᠯᠡᠭᠰᠡᠨ ᠴᠠᠭ᠄
2020/6/2
       1. ᠬᠦᠳᠡᠭᠡ ᠲᠤᠰᠬᠤᠨ ᠤ ᠬᠠᠮᠲᠦ ᠶᠢᠨ ᠦᠮᠴᠢᠯᠡᠯᠲᠦ ᠭᠠᠵᠠᠷ ᠰᠢᠷᠤᠢ ᠳᠤ ᠶᠠᠮᠠᠷ ᠬᠡᠳᠦᠨ ᠵᠦᠢᠯ ᠪᠠᠶᠢᠬᠤ ᠪᠤᠢ︖        ᠮᠠᠨ ᠤ ᠤᠯᠣᠰ ᠤᠨ  ︽ᠦᠨᠳᠦᠰᠦᠨ ᠬᠠᠤᠯᠢ︾ ᠪᠠ ︽ᠭᠠᠵᠠᠷ ᠰᠢᠷᠤᠢ ᠶᠢᠨ ᠬᠠᠮᠢᠶᠠᠷᠤᠯᠲᠠ ᠶᠢᠨ ᠬᠠᠤᠯᠢ︾ ᠶᠢᠨ ᠲᠤᠭᠲᠠᠭᠠᠯ ᠢ ᠦᠠᠳᠦᠰᠦᠯᠡᠵᠦ  ᠂ ᠮᠠᠨ ᠤ ᠤᠯᠤᠰ ᠭᠠᠵᠠᠷ ᠰᠢᠷᠤᠢ ᠶᠢᠨ ᠨᠡᠶᠢᠭᠡᠮ ᠵᠢᠷᠦᠮ ᠤᠨ ᠨᠡᠶᠢᠲᠠ ᠶᠢᠨ ᠦᠮᠴᠢᠯᠡᠯ ᠢ ᠬᠡᠷᠡᠭᠵᠢᠭᠦᠯᠵᠦ ᠪᠠᠶᠢᠨ᠎ᠠ᠃ ᠲᠠᠷᠣᠢ ᠤᠯᠤᠰ ᠤᠨ ᠦᠮᠴᠢᠯᠡᠯ ᠪᠠ ᠬᠦᠳᠡᠭᠡ ᠲᠣᠰᠬᠤᠨ ᠤ ᠬᠠᠮᠲᠦ ᠶᠢᠨ ᠦᠮᠴᠢᠯᠡᠯ ᠪᠤᠯᠤᠨ᠎ᠠ᠃        ᠬᠤᠲᠠ ᠶᠢᠨ ᠲᠤᠭᠤᠷᠢᠭ ᠤᠨ ᠭᠠᠵᠠᠷ ᠰᠢᠷᠤᠢ‌ᠤᠯᠤᠰ ᠤᠨ ᠦᠮᠴᠢᠯᠡᠯ ᠪᠤᠯᠬᠤ ᠠᠴᠠ ᠭᠠᠳᠠᠨ᠎ᠠ ᠲᠤᠤᠷᠠᠬᠢ ᠬᠦᠳᠡᠭᠡ ᠲᠤᠰᠬᠤᠨ ᠤ ᠭᠠᠵᠠᠷ ᠰᠢᠷᠤᠢ ᠨᠢ ᠮᠦᠨ ᠴᠦ ᠤᠯᠣᠰ ᠤᠨ ᠦᠮᠴᠢᠯᠡᠯ ᠳᠤ ᠪᠠᠭᠳᠠᠨ᠎ᠠ᠄ ︵1︶ ᠬᠦᠳᠡᠭᠡ ᠲᠤᠰᠬᠤᠨ ᠵᠢᠴᠢ ᠬᠤᠲᠠ ᠶᠢᠨ ᠲᠡᠭᠦᠷᠭᠡ ᠳᠠᠬᠢ ᠨᠢᠭᠡᠨᠲᠠ ᠬᠠᠤᠯᠢ ᠶᠤᠰᠤᠭᠠᠷ ᠲᠠᠳᠠᠪᠤᠷᠢᠯᠠᠭᠳᠠᠨ ᠤᠯᠣᠰ ᠤᠨ ᠦᠮᠴᠢᠯᠡᠯ ᠪᠤᠯᠭᠠᠭᠰᠠᠨ ᠭᠠᠵᠠᠷ ᠰᠢᠷᠤᠢ︔ ︵2︶ ᠤᠯᠤᠰ ᠠᠴᠠ ᠬᠠᠤᠯᠢ ᠶᠤᠰᠤᠭᠠᠷ ᠲᠠᠳᠠᠪᠤᠷᠢᠯᠠᠨ ᠬᠡᠷᠡᠭᠯᠡᠭᠰᠡᠨ ᠭᠠᠵᠠᠷ ᠰᠢᠷᠤᠢ︔ ︵3︶ ᠬᠠᠤᠯᠢ ᠶᠤᠰᠤᠭᠠᠷ ᠬᠠᠮᠲᠦ ᠶᠢᠨ ᠦᠮᠴᠢᠯᠡᠯ ᠳᠤ ᠪᠠᠭᠲᠠᠬᠤ ᠦᠭᠡᠢ ᠤᠢ ᠰᠢᠭᠤᠢ᠂ ᠡᠪᠡᠰᠦᠲᠦ ᠭᠠᠵᠠᠷ᠂ ᠠᠲᠠᠷ ᠭᠠᠵᠠᠷ᠂ ᠭᠤᠤᠯ ᠤᠨ ᠰᠠᠶᠢᠷᠭᠠᠯ ᠵᠢᠴᠢ ᠪᠤᠰᠤᠳ ᠭᠠᠵᠠᠷ ᠰᠢᠷᠤᠢ︔ ︵4︶ ᠬᠦᠳᠡᠭᠡ ᠲᠤᠰᠬᠤᠨ ᠤ ᠬᠠᠮᠲᠦ ᠶᠢᠨ ᠠᠵᠦ ᠠᠬᠤᠢ ᠶᠢᠨ ᠵᠤᠬᠢᠶᠠᠨ ᠪᠠᠶᠢᠭᠤᠯᠤᠯᠲᠠ ᠶᠢᠨ ᠪᠦᠬᠦ ᠭᠡᠰᠢᠭᠦᠨ ᠨᠢ ᠬᠤᠲᠠ ᠪᠠᠯᠭᠠᠰᠤᠨ ᠤ  ᠰᠠᠭᠤᠭᠠᠯᠢ ᠠᠷᠠᠳ ᠪᠤᠯᠤᠭᠰᠠᠨ ᠤ ᠲᠠᠷᠠᠭ᠎ᠠ᠂ ᠤᠥᠯ ᠤᠨ ᠭᠡᠰᠢᠭᠦᠨ ᠳᠤ  ᠦᠮᠴᠢᠯᠡᠭᠳᠡᠬᠦ ᠬᠠᠮᠲᠦ  ᠶᠢᠨ ᠦᠮᠴᠢᠯᠡᠯᠲᠦ ᠭᠠᠵᠠᠷ ᠰᠢᠷᠤᠢ︔ ︵5︶ ᠤᠯᠤᠰ   ᠠᠴᠠ ᠵᠤᠬᠢᠶᠠᠨ ᠪᠠᠶᠢᠭᠤᠯᠤᠨ ᠨᠡᠭᠦᠯᠭᠡᠬᠦ᠂ ᠪᠠᠶᠢᠭᠠᠯᠢ ᠶᠢᠨ ᠭᠠᠮᠰᠢᠭ ᠵᠡᠷᠭᠡ ᠰᠢᠯᠲᠠᠭᠠᠨ ᠠᠴᠠ ᠲᠠᠷᠢᠶᠠᠴᠢᠨ ᠢ ᠬᠠᠮᠲᠦ ᠳᠤᠨᠢ ᠨᠡᠭᠦᠯᠭᠡᠨ ᠰᠢᠯᠵᠢᠭᠦᠯᠦᠭᠰᠡᠨ ᠤ ᠲᠠᠷᠠᠭ᠎ᠠ‌‍ᠲ᠋ᠠᠬᠢᠵᠦ ᠬᠡᠷᠡᠭᠯᠡᠬᠦ ᠪᠠᠨ ᠪᠤᠯᠢᠭᠰᠠᠨ‌ᠨᠡᠭᠦᠨ ᠰᠢᠯᠵᠢᠭᠰᠡᠨ ᠲᠠᠷᠢᠶᠠᠴᠢᠳ ᠤᠨ ᠤᠤᠯ ᠤᠨ ᠬᠠᠮᠲᠦ ᠶᠢᠨ ᠦᠮᠴᠢᠯᠡᠯᠲᠦ ᠭᠠᠵᠠᠷ ᠰᠢᠷᠤᠢ᠃        ᠡᠭᠦᠨ ᠠᠴᠠ ᠭᠠᠳᠠᠨᠠᠬᠢ ᠭᠠᠵᠠᠷ ᠰᠢᠷᠤᠢ ᠨᠢ  ᠬᠦᠳᠡᠭᠡ ᠲᠤᠰᠬᠤᠨ ᠤ ᠬᠠᠮᠲᠦ   ᠶᠢᠨ ᠦᠮᠴᠢᠯᠡᠯ ᠤᠨ ᠬᠢ ᠪᠠᠶᠢᠵᠦ᠂ ᠬᠦᠳᠡᠭᠡ ᠲᠤᠰᠬᠤᠨ ᠪᠠ ᠬᠤᠲᠠ ᠶᠢᠨ ᠲᠡᠭᠦᠷᠭᠡ ᠶᠢᠨ ᠭᠠᠵᠠᠷ ᠰᠢᠷᠤᠢ ᠶᠢᠨ ᠬᠠᠤᠯᠢ ᠴᠠᠭᠠᠵᠠ ᠶᠢᠨ ᠲᠤᠭᠳᠠᠭᠠᠯ ᠢᠶᠠᠷ ᠤᠯᠤᠰ ᠤᠨ ᠦᠮᠴᠢᠯᠡᠯ ᠳᠤ ᠪᠠᠭᠲᠠᠬᠤ ᠠᠴᠠ ᠪᠤᠰᠤᠳ ᠨᠢ ᠲᠠᠷᠢᠶᠠᠴᠢᠨ ᠤ ᠬᠠᠮᠲᠦ ᠶᠢᠨ ᠦᠮᠴᠢᠯᠡᠯ ᠳᠤ ᠪᠠᠭᠲᠠᠨ᠎ᠠ︔ ᠤᠷᠣᠨ ᠰᠠᠭᠤᠴᠠ ᠶᠢᠨ ᠰᠠᠭᠤᠷᠢᠨ ᠭᠠᠵᠠᠷ ᠪᠤᠯᠤᠨ ᠦᠪᠡᠷᠲᠡᠭᠡᠨ ᠦᠯᠡᠳᠡᠭᠡᠭᠰᠡᠨ ᠭᠠᠵᠠᠷ᠂ ᠦᠪᠡᠷᠲᠡᠭᠡᠨ ᠦᠯᠡᠳᠡᠭᠡᠭᠰᠡᠨ ᠠᠭᠤᠯᠠ ᠨᠢ ᠲᠠᠷᠢᠶᠠᠴᠢᠨ ᠤ ᠬᠠᠮᠲᠦ ᠶᠢᠨ ᠦᠮᠴᠢᠯᠡᠯ ᠳᠤ ᠪᠠᠭᠲᠠᠨ᠎ᠠ᠃       2. ᠬᠦᠳᠡᠭᠡ ᠲᠤᠰᠬᠤᠨ ᠤ ᠬᠠᠮᠲᠦ ᠶᠢᠨ ᠦᠮᠴᠢᠯᠡᠯᠲᠦ ᠭᠠᠵᠠᠷ ᠰᠢᠷᠤᠢ ᠶᠢ ᠬᠡᠨ ᠡᠵᠡᠩᠨᠡᠵᠦ  ᠬᠠᠮᠢᠶᠠᠷᠬᠤ ᠪᠤᠢ︖       ᠮᠠᠨ ᠤ ᠤᠯᠣᠰ ᠤᠨ ︽ᠭᠠᠵᠠᠷ‌‍ᠰᠢᠷᠤᠢ ᠶᠢᠨ ᠬᠠᠮᠢᠶᠠᠷᠤᠯᠲᠠ ᠶᠢᠨ ᠬᠠᠤᠯᠢ︾ ᠶᠢᠨ 10 ᠳ᠋ᠤᠭᠠᠷ ᠵᠦᠢᠯ ᠤᠨ ᠲᠤᠭᠲᠠᠭᠠᠯ ᠢ ᠦᠨᠳᠦᠰᠦᠯᠡᠪᠡᠯ᠂ ᠬᠦᠳᠡᠭᠡ ᠲᠤᠰᠬᠤᠨ ᠤ ᠬᠠᠮᠲᠦ ᠶᠢᠨ ᠦᠮᠴᠢᠯᠡᠯᠲᠦ ᠭᠠᠵᠠᠷ ᠰᠢᠷᠤᠢ ᠨᠢ ᠬᠠᠤᠯᠢ ᠶᠤᠰᠤᠭᠠᠷ ᠬᠦᠳᠡᠭᠡ ᠲᠤᠰᠬᠤᠨ ᠤ ᠬᠠᠮᠲᠦ ᠶᠢᠨ  ᠦᠮᠴᠢᠯᠡᠯ ᠳᠤ ᠪᠠᠭᠳᠠᠵᠦ᠂ ᠲᠤᠰᠬᠤᠨ ᠤ ᠬᠠᠮᠲᠦ ᠶᠢᠨ ᠠᠵᠦ ᠠᠬᠤᠢ ᠶᠢᠨ ᠵᠤᠬᠢᠶᠠᠨ ᠪᠠᠶᠢᠭᠤᠯᠤᠯᠲᠠ ᠪᠤᠶᠦ ᠲᠤᠰᠬᠤᠨ ᠤ ᠠᠷᠠᠳ ᠤᠨ ᠵᠦᠪᠯᠡᠯ ᠠᠴᠠ ᠡᠵᠡᠩᠨᠡᠵᠦ ᠬᠠᠮᠢᠶᠠᠷᠤᠨ᠎ᠠ︔ ᠲᠤᠰᠬᠤᠨ ᠤ ᠲᠤᠳᠤᠷᠠᠬᠢ ᠬᠤᠶᠠᠷ ᠠᠴᠠ ᠲᠡᠭᠡᠭᠰᠢᠬᠢ ᠬᠦᠳᠡᠭᠡ ᠲᠤᠰᠬᠤᠨ ᠤ ᠬᠠᠮᠲᠦ ᠶᠢᠨ ᠠᠵᠦ ᠠᠬᠤᠢ ᠶᠢᠨ ᠵᠤᠬᠢᠶᠠᠨ ᠪᠠᠶᠢᠭᠤᠯᠤᠯᠲᠠ ᠶᠢᠨ ᠲᠠᠷᠢᠶᠠᠴᠢᠳ ᠤᠨ ᠬᠠᠮᠲᠦ ᠵᠢᠨ‌ᠦᠮᠴᠢᠯᠡᠯᠲᠦ  ᠬᠠᠷᠢᠶᠠᠯᠠᠭᠳᠠᠪᠠᠯ᠂ ᠲᠤᠰᠬᠤᠨ ᠤ ᠲᠤᠳᠤᠷᠠᠬᠢ ᠡᠯ᠎ᠡ ᠬᠦᠳᠡᠭᠡ ᠲᠣᠰᠬᠤᠨ ᠤ ᠬᠠᠮᠲᠦ ᠶᠢᠨ ᠠᠵᠦ ᠠᠬᠤᠢ ᠶᠢᠨ ᠵᠤᠬᠢᠶᠠᠨ ᠪᠠᠶᠢᠭᠤᠯᠤᠯᠲᠠ ᠪᠤᠶᠦ ᠲᠤᠰᠬᠤᠨ ᠤ ᠠᠷᠠᠳ ᠤᠨ ᠪᠠᠭ᠎ᠠ ᠲᠤᠭᠤᠶᠢᠯᠠᠩ ᠠᠴᠠ ᠡᠵᠡᠩᠨᠡᠵᠦ ᠬᠠᠮᠢᠶᠠᠷᠤᠨ᠎ᠠ︔ ᠰᠢᠶᠠᠩ ︵ᠪᠠᠯᠭᠠᠰᠤᠨ︶ ᠤᠨ ᠲᠠᠷᠢᠶᠠᠴᠢᠨ ᠤ ᠬᠠᠮᠲᠦ ᠶᠢᠨ ᠦᠮᠴᠢᠯᠡᠯ ᠳᠤ ᠪᠠᠭᠳᠠᠪᠠᠯ᠂ ᠰᠢᠶᠠᠩ ︵ᠪᠠᠯᠭᠠᠰᠤᠨ︶ ᠤᠨ ᠬᠦᠳᠡᠭᠡ ᠳᠤᠰᠬᠤᠨ ᠤ ᠬᠠᠮᠲᠦ ᠶᠢᠨ ᠠᠵᠦ ᠠᠬᠤᠢ ᠶᠢᠨ ᠵᠤᠬᠢᠶᠠᠨ ᠪᠠᠶᠢᠭᠤᠯᠤᠯᠳᠠ ᠠᠴᠠ ᠡᠵᠡᠩᠨᠡᠵᠦ ᠬᠠᠮᠢᠶᠠᠷᠤᠨ᠎ᠠ᠃       ᠠᠩᠬᠠᠷᠬᠤ ᠴᠢᠬᠤᠯᠠᠳᠠᠢ ᠨᠢ ᠭᠡᠪᠡᠯ᠂ ᠬᠠᠮᠲᠦ ᠶᠢᠨ ᠦᠮᠴᠢᠯᠡᠯᠲᠦ ᠭᠠᠵᠠᠷ ᠰᠢᠷᠤᠢ ᠶᠢᠨ ᠦᠮᠴᠢᠯᠡᠭᠴᠢ ᠨᠢ ᠬᠦᠳᠡᠭᠡ ᠲᠤᠰᠬᠤᠨ ᠤ ᠬᠠᠮᠲᠦ ᠶᠢᠨ ᠠᠵᠦ ᠠᠬᠤᠢ ᠶᠢᠨ ᠵᠤᠬᠢᠶᠠᠨ ᠪᠠᠶᠢᠭᠤᠯᠤᠯᠲᠠ ᠶᠢᠨ ᠤᠳᠤᠷᠢᠳᠬᠤ ᠪᠠᠶᠢᠭᠤᠯᠤᠮᠵᠢ  ᠂ ᠲᠤᠰᠬᠤᠨ ᠤ ᠠᠷᠠᠳ ᠤᠨ ᠵᠦᠪᠯᠡᠯ ᠪᠠ ᠰᠢᠶᠠᠩ ᠤᠨ ᠵᠠᠰᠠᠭ ᠤᠨ ᠤᠷᠳᠤᠨ ᠪᠢᠰᠢ᠂ ᠬᠦᠳᠡᠭᠡ ᠲᠤᠰᠬᠤᠨ ᠤ ᠬᠠᠮᠲᠦ ᠶᠢᠨ ᠠᠵᠦ ᠠᠬᠤᠢ ᠶᠢᠨ ᠵᠤᠬᠢᠶᠠᠨ ᠪᠠᠶᠢᠭᠤᠯᠤᠯᠲᠠ ᠲᠤᠳᠤᠷᠠᠬᠢ ᠬᠤᠪᠢ ᠬᠦᠮᠦᠨ ᠪᠤᠶᠦ ᠲᠠᠷᠢᠶᠠᠴᠢᠨ ᠡᠷᠦᠭᠡ ᠴᠦ ᠬᠤᠪᠢ ᠶᠤᠰᠤᠭᠠᠷ ᠬᠠᠮᠲᠦ ᠪᠠᠷ ᠦᠮᠴᠢᠯᠡᠬᠦ ᠪᠣᠶᠦ ᠪᠤᠰᠤᠳ ᠠᠷᠭ᠎ᠠ ᠬᠡᠯᠪᠡᠷᠢ ᠪᠠᠷ ᠬᠠᠮᠲᠦ  ᠶᠢᠨ ᠭᠠᠵᠠᠷ ᠰᠢᠷᠤᠢ ᠶᠢ ᠦᠮᠴᠢᠯᠡᠵᠦ ᠪᠤᠯᠬᠤ ᠦᠭᠡᠢ᠃ ᠬᠠᠮᠲᠦ ᠶᠢᠨ ᠭᠠᠵᠠᠷ ᠰᠢᠷᠤᠢ ᠶᠢᠨ ᠦᠮᠴᠢᠯᠡᠯ ᠤᠨ ᠡᠷᠭᠡ  ᠶᠢᠨ ᠭᠤᠤᠯ ᠴᠤᠭᠴᠠ ᠨᠢ ᠵᠦᠪᠬᠡᠨ ᠲᠠᠷᠢᠶᠠᠴᠢᠨ ᠤ ᠬᠠᠮᠲᠦ  ᠨᠡᠶᠢᠲᠠ ᠪᠠᠶᠢᠵᠦ᠂ ᠬᠠᠮᠲᠦ ᠠᠴᠠ ᠡᠵᠡᠩᠨᠡᠵᠦ ᠬᠠᠮᠢᠶᠠᠷᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2