ᠬᠦᠮᠦᠨ ᠳᠤ ᠵᠣᠷᠢᠭ ᠪᠠᠶᠢᠪᠠᠯ ᠲᠡᠯᠡᠭᠡᠢ ᠳᠤ ᠪᠡᠷᠭᠡ ᠠᠯᠠᠭ᠎ᠠ
ᠨᠡᠶᠢᠲᠡᠯᠡᠭᠰᠡᠨ ᠴᠠᠭ᠄
2020/6/24
                  ᠬᠦᠮᠦᠨ ᠳᠤ ᠵᠣᠷᠢᠭ ᠪᠠᠶᠢᠪᠠᠯ ᠲᠡᠯᠡᠭᠡᠢ ᠳᠤ ᠪᠡᠷᠭᠡ ᠠᠯᠠᠭ᠎ᠠ                      — ᠠᠬᠠᠮᠠᠳ ᠰᠣᠶᠣᠯ ᠣᠷᠠᠯᠢᠭ ᠤᠨ ᠠᠵᠢᠯᠳᠠᠨ ᠨᠣ · ᠪᠠᠭᠠᠳᠣᠷ ᠲᠠᠢ ᠬᠢᠭᠰᠡᠨ ᠶᠠᠷᠢᠯᠴᠠᠭ᠎ᠠ                                                                 ᠬᠦᠬᠡᠳᠠᠪᠠᠯᠭᠠᠨ            ︽ᠴᠡᠯ ᠨᠣᠭᠤᠭᠠᠷᠠᠨ ᠬᠠᠷᠠᠭᠳᠠᠬᠤ ᠠᠴᠠ ᠴᠠᠭᠠᠨ ᠮᠦᠷᠡᠨ ᠤ ᠮᠢᠨᠢ ᠲᠡᠨᠵᠢ ᠦᠦ ᠳ᠋ᠠ᠂ ᠴᠢᠬᠢ ᠬᠠᠶᠢᠴᠢᠯᠠᠨ ᠢᠨᠴᠠᠭᠠᠬᠤ ᠠᠴᠠ ᠴᠢᠳᠠᠯ ᠲᠠᠢ ᠭᠡᠬᠦᠦ ᠶᠢᠨ ᠣᠨᠠᠭ᠎ᠠ ᠦᠦ ᠳ᠋ᠠ᠂ ᠁︾  ᠃  ᠮᠦᠩᠭᠡ ᠲᠡᠭᠷᠢ ᠶᠢᠨ ᠬᠤᠷ᠎ᠠ ᠣᠶᠠᠩᠭ᠎ᠠ ᠠᠶᠢᠵᠠᠮ ᠲᠠᠢ ᠱᠠᠬᠢᠵᠣ᠂ ᠮᠠᠯ ᠰᠦᠷᠦᠭ ᠣᠰᠣᠨ ᠲᠠᠷᠭᠤ ᠲᠠᠢ ᠬᠦᠴᠦ ᠲᠡᠨᠢᠬᠦᠨ ᠪᠡᠯᠴᠢᠭᠰᠡᠨ ᠴᠠᠭᠠᠨ ᠬᠤᠯᠣᠭᠠᠨ᠎ᠠ ᠵᠢᠯ   ᠤᠨ ᠨᠠᠯᠠᠭᠠᠷ ᠣᠯᠠᠷᠢᠯ ᠪᠠᠭᠠᠷᠢᠨ ᠨᠣᠳᠤᠭ ᠲᠤ ᠠᠮᠣᠭᠤᠯᠠᠩ ᠰᠠᠭᠠᠳᠠᠭᠰᠠᠨ ᠵᠣᠨ ᠤ ᠲᠣᠶᠢᠯ ᠤᠨ ᠡᠳᠦᠷ ᠢᠶᠠᠷ᠂ ᠭᠠᠯ ᠵᠠᠯᠠᠭᠤ ᠨᠠᠰᠣᠨ ᠳᠠᠭᠠᠨ ᠨᠣᠳᠤᠭ ᠤᠨ ᠢᠶᠠᠨ ᠣᠮᠤᠭ ᠰᠦᠯᠳᠡ ᠪᠣᠯᠭᠠᠵᠣ ︽ᠪᠠᠭᠠᠷᠢᠨ ᠭᠡᠬᠦᠦ  ᠶᠢᠨ ᠣᠨᠠᠭ᠎ᠠ︾ ᠭᠡᠬᠦ ᠲᠠᠭᠤᠣ ᠪᠠᠷ ᠢᠶᠠᠨ ᠰᠣᠨᠣᠰᠣᠭᠴᠢ ᠲᠦᠮᠡᠨ ᠢᠶᠠᠨ ᠰᠣᠭᠳᠣᠷᠠᠭᠤᠯᠵᠣ ᠶᠠᠪᠣᠭᠰᠠᠨ ᠪᠠᠭᠠᠷᠢᠨ ᠪᠠᠷᠠᠭᠤᠨ ᠬᠤᠰᠢᠭᠤᠨ ᠤ ᠠᠬᠠᠮᠠᠳ ᠰᠣᠶᠣᠯ ᠤᠨ ᠠᠵᠢᠯᠳᠠᠨ ᠨᠣ · ᠪᠠᠭᠠᠳᠣᠷ ᠭᠤᠸᠠᠢ ᠲᠠᠢ ᠪᠣᠯᠵᠣᠨ ᠠᠭᠤᠯᠵᠠᠵᠣ ᠶᠠᠷᠢᠯᠴᠠᠭ᠎ᠠ ᠰᠣᠷᠪᠣᠯᠵᠢᠯᠠᠭ᠎ᠠ ᠬᠢᠵᠣ ᠪᠢᠯᠨ᠃ ᠪᠦᠳᠦᠴᠢᠨ ᠪᠣᠰᠣᠨ ᠲᠡᠮᠡᠣᠯᠣᠨ ᠪᠦᠳᠦᠨ ᠵᠢᠷᠠᠨ ᠢ ᠦᠳᠡᠵᠣ᠂ ᠪᠡᠷᠭᠡ ᠵᠣᠪᠠᠯ ᠪᠦᠬᠦᠨ ᠢ ᠵᠣᠷᠢᠭ ᠰᠦᠰᠦ ᠪᠠᠷ ᠢᠶᠠᠨ ᠰᠢᠪᠳᠣ ᠲᠠᠭᠠᠷᠢᠨ ᠢᠯᠠᠭᠠᠳ᠂ ᠪᠣᠭᠤᠷᠣᠯ ᠨᠠᠰᠣᠨ ᠳᠠᠭᠠᠨ ᠬᠦᠷᠦᠭᠡᠳ ᠪᠦᠳᠦᠭᠡᠯ ᠵᠢᠳᠬᠦᠯ ᠢᠶᠠᠷ ᠢᠶᠠᠨ ᠪᠣᠶᠠᠨ ᠵᠢᠷᠭᠠᠯ ᠡᠳ᠋ᠯᠡᠨ ᠶᠠᠪᠣᠨ᠎ᠠ ᠭᠡᠭᠴᠢ ᠶᠠᠭᠤᠳᠠᠢ ᠠᠵᠨ ᠵᠠᠪᠰᠢᠶᠠᠨ ᠠᠵᠠᠢ︕
       ᠬᠦᠬᠡᠳᠠᠪᠠᠯᠭᠠᠨ ︵ᠲᠣᠷᠣᠭᠰᠢ  ︽ᠬᠦ᠊︾  ᠭᠡᠵᠣ ᠲᠦᠭᠦᠮᠴᠢᠯᠡᠨ᠎ᠡ︶᠄ ᠣᠷᠠᠯᠢᠭᠴᠢᠨ ᠠᠬ᠎ᠠ ᠲᠠ ᠰᠠᠶᠢᠨ ᠦᠦ︕ ᠰᠠᠶᠢᠬᠠᠨ ᠵᠣᠰᠠᠵᠣ ᠪᠠᠶᠢᠨ᠎ᠠ ᠦᠦ︕ ᠲᠠᠨ ᠤ  ᠣᠷᠴᠢᠮᠬᠠᠨ ᠨᠠᠶᠢᠷᠠᠭᠤᠯᠣᠨ ᠭᠡᠪᠯᠡᠬᠦᠯᠦᠭᠰᠡᠨ ︽ᠪᠠᠷᠠᠭᠤᠨ ᠬᠠᠷᠠᠮᠣᠳᠦ ᠭᠠᠴᠠᠭᠠᠨ ᠤ ᠣᠶᠢᠯᠠᠯᠭ᠎ᠠ︾  ᠴᠢᠨᠢ ᠡᠷᠦᠭᠡ ᠪᠦᠬᠦᠳᠡ ᠶᠢᠨ ᠢᠶᠠᠨ ᠠᠪᠳᠠᠷ᠎ᠠ ᠲᠡᠭᠡᠷ᠎ᠡ ᠡᠷᠳᠡᠨᠢ ᠪᠣᠯᠵᠣ ᠲᠠᠯᠪᠢᠭᠳᠠᠨ᠂ ᠠᠶᠢᠯ ᠤᠨ ᠲᠦᠮᠡᠨ ᠴᠢᠨᠢ ᠮᠠᠰᠢ ᠨᠠᠨᠳᠢᠩᠨᠠᠨ ᠦᠵᠡᠵᠣ ᠪᠠᠶᠢᠨ᠎ᠠ ᠭᠡᠰᠡᠨ᠃ ᠲᠠ ᠶᠠᠭᠠᠬᠢᠬᠤ ᠳᠠᠭᠠᠨ ᠭᠠᠴᠠᠭ᠎ᠠ ᠶᠢᠨ ᠦᠢᠯᠠᠯᠭ᠎ᠠ ᠡᠮᠬᠢᠳᠭᠡᠵᠣ ᠲᠣᠭᠤᠷᠪᠢᠬᠤ ᠰᠠᠨᠠᠭ᠎ᠠ ᠣᠷᠣᠪᠠ ᠳ᠋ᠠ︖       ᠨᠣ · ᠪᠠᠭᠠᠳᠣᠷ ︵ᠲᠣᠷᠣᠭᠰᠢ  ︽ᠪᠠ᠊︾  ᠭᠡᠵᠣ ᠲᠦᠭᠦᠮᠴᠢᠯᠡᠨ᠎ᠡ︶᠄ ᠰᠠᠶᠢᠨ᠂ ᠰᠠᠶᠢᠨ︕ ᠴᠢᠮᠡᠭᠡᠯᠡᠭᠴᠢ ᠲᠡᠬᠦᠦᠳᠠᠢ ᠲᠠ ᠰᠠᠶᠢᠨ ᠢᠷᠡᠪᠡᠣ᠃ ᠮᠢᠨᠤ ᠲᠦᠷᠦᠵᠣ ᠦᠰᠦᠭᠰᠡᠨ ᠦᠯᠦᠭᠡᠢ ᠨᠤᠳᠤᠭ ᠪᠣᠯ ᠪᠠᠶᠠᠨ ᠡᠷᠳᠡᠨᠢᠳᠦ ᠨᠣᠳᠤᠭ ᠤᠨ ᠪᠠᠷᠠᠭᠤᠨ ᠬᠠᠷᠠᠮᠣᠳᠦ ᠭᠠᠴᠠᠭ᠎ᠠ᠃ ᠡᠨᠡ ᠭᠠᠴᠠᠭ᠎ᠠ ᠪᠣᠯ ᠲᠡᠤᠬᠡ ᠲᠠᠢ ᠰᠣᠶᠣᠯ ᠲᠠᠢ ᠰᠠᠶᠢᠬᠠᠨ ᠨᠣᠳᠤᠭ ᠃ ᠡᠨᠡ ᠭᠠᠴᠠᠭ᠎ᠠ ᠠᠴᠠ ᠤᠷᠢᠳ ᠬᠤᠵᠢᠳ ᠨᠡᠷ᠎ᠡ ᠠᠯᠳᠠᠷ ᠢᠶᠠᠨ ᠲᠡᠯᠡᠭᠡᠢ ᠲᠠᠶᠠᠭᠠᠷ ᠣᠯᠣᠰ ᠣᠷᠣᠨ ᠳᠠᠭᠠᠨ ᠮᠠᠨᠳᠣᠭᠤᠯᠣᠭᠰᠠᠨ ᠦᠶ᠎ᠡ ᠦᠶ᠎ᠡ ᠶᠢᠨ ᠠᠯᠳᠠᠷ ᠴᠣᠣᠲᠦ ᠬᠦᠮᠤᠰ ᠭᠠᠷᠣᠭᠰᠠᠨ ᠡ᠃ ᠵᠢᠱᠢᠶᠡᠯᠡᠪᠡᠯ᠂ ᠷᠢᠨᠴᠢᠠᠭᠠᠸᠠ᠂ ᠨ᠊ · ᠰᠠᠶᠢᠰᠢᠶᠠᠯᠳᠣ᠂  ᠤᠯᠠᠭᠠᠨᠽᠠᠨᠳᠠᠨ᠂ ᠰᠡᠴᠡᠨᠵᠣᠷᠢᠭ᠂  ᠪᠢᠯᠢᠭᠳᠦ᠂ ᠴᠢᠬᠢᠷᠠᠭ ᠮᠡᠲᠦ ᠶᠢᠨ ᠠᠯᠳᠠᠷᠳᠣ ᠣᠷᠴᠢᠭᠤᠯᠣᠭᠴᠢ᠂ ᠮᠣᠩᠭᠤᠯ ᠰᠣᠳᠣᠯᠣᠯ ᠤᠨ ᠡᠷᠳᠡᠮᠳᠡᠨ  ᠂ ᠲᠣᠮᠳᠠᠳᠣ ᠰᠣᠷᠭᠠᠭᠤᠯᠢ ᠶᠢᠨ ᠣᠨᠴᠨ ᠲᠡᠰ ᠤᠨ ᠪᠠᠭᠰᠢ᠂ ᠨᠡᠷᠡᠲᠦ  ᠫᠷᠣᠹᠧᠰᠰᠣᠷ᠂ ᠤᠯᠤᠰ ᠤᠨ ᠠᠯᠪᠠᠳᠠᠨ᠂ ᠣᠷᠡᠨ ᠪᠢᠴᠢᠯᠭᠡᠳᠡᠨ᠂ ᠰᠣᠷᠪᠣᠯᠵᠢᠯᠠᠭᠴᠢ ᠣᠯᠠᠨ ᠭᠠᠷᠴᠦ ᠣᠳᠣᠨ ᠪᠣᠯᠵᠣ ᠬᠢᠯᠠᠯᠵᠠᠨ ᠦᠯᠦᠭᠡᠢ ᠨᠤᠳᠤᠭ ᠬᠠᠷᠠᠮᠣᠳᠦ ᠶᠢᠨ ᠢᠶᠠᠨ ᠨᠡᠷ᠎ᠡ  ᠲᠦᠷᠦ ᠬᠡᠶᠢᠮᠤᠷᠢ ᠰᠦᠯᠳᠡ  ᠶᠢ ᠡᠷᠬᠦᠵᠦ  ᠶᠠᠪᠣᠭᠰᠠᠳ ᠪᠢᠱᠢᠬᠦᠢ ᠣᠯᠠᠨ᠃ ᠡᠭᠦᠨ ᠢᠶᠠᠷ ᠪᠠᠷᠠᠬᠤ ᠦᠭᠡᠢ ᠠᠳᠡᠬᠢ ᠨᠤᠳᠤᠭ ᠤᠨ ᠠᠭᠤᠯᠠ ᠤᠰᠤ᠂ ᠡᠯᠡᠰᠦ ᠮᠠᠩᠬ᠎ᠠ᠂ ᠣᠩᠭᠤᠨ ᠪᠠᠶᠢᠭᠠᠯᠢ ᠳᠤᠨᠢ ᠬᠦᠷᠳᠡᠯ᠎ᠡ ᠦᠯᠢᠭᠡᠷ ᠲᠣᠮᠤᠭ ᠲᠠᠢ᠂ ᠦᠨᠢ ᠤᠳᠠᠭᠠᠨ ᠲᠡᠤᠬᠡ ᠰᠣᠶᠣᠯ ᠢ ᠬᠠᠳᠠᠭᠠᠯᠠᠭᠰᠠᠨ ᠰᠣᠶᠣᠯᠲᠦ ᠭᠠᠴᠠᠭ᠎ᠠ ᠶᠤᠮ ᠰᠠᠨ᠃ ᠪᠢ ᠲᠡᠮᠡᠢ ᠵᠣᠬᠢᠶᠠᠨ ᠪᠦᠳᠦᠭᠡᠯᠭᠡ ᠬᠢᠳᠡᠭ ᠦᠬᠡᠢ᠂ ᠭᠡᠪᠡᠴᠣ ᠨᠠᠳᠠᠳᠣ ︽ᠡᠨᠡ ᠨᠤᠳᠤᠭ ᠤᠨ ᠢᠶᠠᠨ ᠲᠡᠤᠬᠡ ᠰᠣᠶᠤᠯ ᠤᠨ ᠲᠣᠬᠠᠢ ᠪᠢᠴᠢᠵᠦ ᠲᠡᠮᠳᠡᠭᠯᠡᠭᠰᠡᠨ ᠪᠣᠯ ᠳ᠋ᠠ︕︾  ᠭᠡᠰᠡᠨ ᠪᠣᠳᠤᠯ ᠣᠷᠣᠭᠠᠳ ᠣᠳᠠᠵᠣ ᠪᠠᠶᠢᠭᠰᠠᠨ ᠶᠣᠮ᠃ ᠭᠡᠲᠡᠯ᠎ᠡ ᠠᠵᠢᠯ ᠠᠮᠢᠳᠤᠷᠠᠯ ᠤᠨ ᠬᠠᠷᠠᠭ᠎ᠠ ᠠᠴᠠ ᠪᠣᠯᠤᠭᠠᠳ  ᠶᠡᠷᠣᠨᠢ ᠪᠢᠷ ᠬᠦᠳᠡᠯᠭᠡᠭᠰᠡᠨ ᠦᠭᠡᠢ ᠣᠨ ᠣᠳᠠᠯ᠎ᠠ᠃ ᠡᠨᠡ ᠲᠣᠬᠠᠢ ᠬᠦᠰᠡᠯ ᠪᠣᠳᠤᠯ ᠢᠶᠠᠨ ᠮᠠᠨ ᠤ ᠨᠤᠳᠤᠭ ᠤᠨ ᠭᠡᠳᠣᠨ ᠲᠣᠮᠣᠭᠠᠳᠠᠨ ᠳᠤ ᠶᠠᠷᠢᠵᠦ ᠦᠩᠭᠡᠷᠡᠭᠰᠡᠨ ᠡ᠂ ᠮᠥᠨ ᠲᠡᠳᠡ ᠨᠠᠷ ᠢ ᠬᠠᠪᠰᠣᠷᠣᠨ ᠪᠢᠴᠢᠵᠦ ᠲᠡᠮᠳᠡᠭᠯᠡᠵᠦ ᠦᠭᠬᠦ ᠶᠢ ᠭᠤᠶᠤᠴᠢᠯᠠᠨ ᠰᠠᠨᠠᠭᠠᠴᠢᠯᠠᠵᠦ᠂ ᠪᠣᠷᠤ ᠮᠠᠲ᠋ᠧᠷᠢᠶᠠᠯ ᠴᠣᠭᠯᠠᠭᠤᠯᠬᠤ᠂ ᠲᠡᠷᠭᠡ ᠤᠨᠤᠭ᠎ᠠ᠂ ᠵᠠᠷᠤᠳᠠᠯ ᠮᠦᠩᠭᠦ ᠶᠢᠨ ᠲᠠᠯ᠎ᠠ ᠪᠠᠷ ᠪᠢ ᠭᠠᠷᠭᠠᠵᠣ ᠲᠡᠮᠵᠢᠶ᠎ᠡ ᠭᠡᠮᠡᠨ ᠣᠯᠠᠨ ᠣᠳᠠᠭ᠎ᠠ ᠬᠡᠯᠡᠭᠰᠡᠨ ᠶᠤᠮ᠃ ᠭᠡᠳᠡᠯ᠎ᠡ ᠵᠠᠷᠢᠮ ᠨᠢ ᠰᠣᠶᠤᠯ ᠢᠶᠠᠷ ᠲᠣᠷᠦᠢ᠂ ᠮᠡᠳᠡᠯᠭᠡ ᠬᠦᠷᠬᠦ ᠦᠬᠡᠢ ᠭᠡᠳ ᠶᠡᠷᠤᠨᠢ  ᠶᠣᠭᠤᠰᠢ ᠦᠭᠡᠢ ᠲᠤᠯᠠ᠂ ᠣᠯᠳᠣᠢ ᠪᠢ ᠪᠠᠭ᠎ᠠ ᠰᠣᠷᠭᠠᠭᠤᠯᠢ ᠶᠢᠨ ᠭᠤᠷᠪᠠᠨ ᠣᠨ ᠤ  ᠬᠢᠷᠢ ᠭᠡᠮᠵᠢᠶ᠎ᠡ ᠲᠠᠢ ᠪᠡᠶ᠎ᠡ ᠪᠠᠨ ᠭᠤᠯᠤᠯ ᠦᠭᠡᠢ᠂ 2016 ᠣᠨ  ᠠᠴᠠ︽ᠪᠠᠷᠠᠭᠤᠨ ᠬᠠᠷᠠᠮᠣᠳᠦ ᠭᠠᠴᠠᠭᠠᠨ ᠤ ᠣᠶᠢᠯᠠᠯᠭ᠎ᠠ︾ ᠬᠡᠮᠡᠬᠦ ᠨᠣᠮ ᠪᠢᠴᠢᠬᠦ ᠪᠠᠷ ᠪᠣᠷᠤ ᠮᠠᠲ᠋ᠧᠷᠢᠶᠠᠯ ᠡᠮᠬᠢᠳᠬᠡᠨ ᠴᠤᠭᠯᠠᠭᠤᠯᠵᠦ᠂ ᠭᠤᠷᠪᠠᠨ ᠵᠢᠯ ᠲᠣᠷᠰᠢ ᠡᠪᠣᠯ ᠵᠣᠨ ᠢᠯᠭᠠᠯ ᠦᠭᠡᠢ ᠬᠦᠳᠡᠭᠡ ᠭᠠᠳᠠᠭ᠎ᠠ᠂ ᠠᠭᠤᠯᠠ ᠤᠰᠤ᠂ ᠮᠠᠩᠬ᠎ᠠ ᠡᠯᠡᠰᠦ᠂ ᠠᠶᠢᠯ ᠡᠷᠤᠬᠡ ᠪᠠᠷ ᠰᠣᠷᠪᠣᠯᠵᠢᠯᠠᠨ ᠲᠡᠮᠳᠡᠭᠯᠡᠵᠦ ᠶᠠᠪᠤᠵᠠᠢ᠃        ᠬᠦ᠊  ᠄  ︽ᠪᠠᠷᠠᠭᠤᠨ ᠬᠠᠷᠠᠮᠣᠳᠦ ᠭᠠᠴᠠᠭᠠᠨ ᠤ ᠣᠶᠢᠯᠠᠯᠭ᠎ᠠ︾ ᠳᠤ ᠲᠣᠰ ᠭᠠᠴᠠᠭ᠎ᠠ ᠶᠢᠨ ᠪᠣᠢ ᠪᠣᠯᠵᠣ ᠪᠦᠷᠢᠯᠳᠦᠭᠰᠡᠨ ᠠᠴᠠ ᠴᠢᠬᠤᠯᠨ ᠭᠡᠷᠡᠭ ᠶᠠᠪᠣᠳᠠᠯ᠂ ᠰᠣᠷᠭᠠᠭᠤᠯᠢ ᠰᠣᠷᠭᠠᠨ ᠬᠦᠮᠦᠵᠢᠯ᠂ ᠨᠡᠷ᠎ᠡ ᠴᠣᠣᠳᠣ ᠬᠦᠮᠦᠰ᠂ ᠠᠭᠤᠯᠨ ᠣᠰᠣᠨ ᠤ ᠨᠡᠷᠡᠶᠢᠳᠣᠯ᠂ ᠦᠯᠢᠭᠡᠷ ᠲᠣᠮᠤᠭ᠂ ᠡᠷᠦᠭᠡ ᠶᠢᠨ ᠴᠠᠳᠢᠭ ᠭᠡᠬᠦᠴᠢᠯᠡᠨ ᠣᠯᠠᠨ ᠠᠩᠬᠢ ᠪᠦᠯᠦᠭ ᠢ ᠪᠠᠭᠳᠠᠭᠠᠵᠠᠢ᠃ ᠡᠨᠡᠬᠦ ᠭᠠᠴᠠᠭᠠᠨ ᠤ ᠣᠶᠢᠯᠠᠯᠭ᠎ᠠ ᠪᠢᠴᠢᠬᠦ ᠳᠡᠭᠡᠨ ᠪᠠᠭ᠎ᠠ ᠪᠣᠰᠣ ᠬᠦᠴᠢᠷ ᠪᠡᠷᠭᠡ ᠲᠣᠯᠭᠠᠷᠠᠭᠰᠠᠨ ᠪᠠᠶᠢᠬ᠎ᠠ᠂ ᠣᠯᠣᠯᠳᠡ ᠲᠦᠷᠦᠭᠳᠡᠯ ᠠᠴᠠ ᠪᠠᠨ ᠶᠠᠷᠢᠨ᠎ᠠ ᠦᠦ︖        ᠪᠠ᠊  ᠄   ᠭᠠᠴᠠᠭ᠎ᠠ ᠶᠢᠨ ᠦᠢᠯᠠᠯᠭ᠎ᠠ ᠶᠢ ᠪᠢᠴᠢᠬᠦ ᠳᠤ ᠡᠷᠭᠡᠪᠰᠢ ᠠᠶᠢᠯ ᠡᠷᠦᠭᠡ ᠶᠢᠨ ᠴᠠᠳᠢᠭ ᠲᠡᠣᠭᠡ ᠶᠢ ᠪᠠᠭᠳᠠᠭᠠᠬᠤ ᠭᠡᠷᠡᠭᠳᠡᠢ᠂ ᠡᠷᠤᠬᠡ ᠭᠡᠷ ᠤᠨ ᠴᠠᠳᠢᠭ ᠢ ᠪᠢᠴᠢᠬᠦ ᠳᠤ ᠵᠠᠷᠢᠮ ᠬᠦᠮᠤᠨ ᠨᠢ ᠦᠪᠡᠷ ᠤᠨ ᠭᠡᠷ ᠤᠨ ᠢᠶᠠᠨ ᠤᠪᠤᠭ ᠠᠶᠢᠮᠠᠭ ᠢᠶᠠᠨ ᠮᠡᠳᠡᠬᠦ ᠦᠭᠡᠢ᠂ ᠵᠠᠷᠢᠮ ᠨᠢ ᠨᠢᠭᠡ ᠭᠡᠷ   ᠲᠥᠷᠥᠯ ᠤᠨ ᠢᠶᠠᠨ ᠬᠤᠭᠤᠷᠤᠨᠳᠤᠬᠢ ᠬᠠᠷᠢᠴᠠᠭ᠎ᠠ ᠲᠠᠭᠤᠳᠠᠯᠭ᠎ᠠ ᠪᠠᠨ ᠴᠦ ᠮᠡᠳᠡᠬᠦ ᠦᠭᠡᠢ᠃ ᠡᠶᠢᠮᠤ ᠠᠴᠠ ᠪᠢ ᠪᠣᠰᠤᠳ ᠮᠡᠳᠡᠳᠡᠭ ᠲᠠᠨᠢᠳᠠᠭ ᠠᠬᠠᠮᠠᠳ ᠲᠣᠮᠤᠭᠠᠳᠠᠨ  ᠠᠴᠠ ᠠᠰᠠᠭᠤᠵᠦ ᠰᠤᠷᠠᠵᠦ ᠪᠠᠶᠢᠭᠠᠳ ᠲᠣᠰ ᠡᠷᠤᠬᠡ ᠶᠢᠨ ᠴᠠᠳᠢᠭ ᠢ ᠵᠦᠪ ᠣᠨᠣᠪᠴᠢᠲᠠᠢ ᠪᠢᠴᠢᠵᠦ  ᠲᠡᠮᠳᠡᠭᠯᠡᠵᠣ ᠠᠪᠳᠠᠭ ᠪᠠᠶᠢᠨ᠎ᠠ᠃  ᠦᠨᠡᠨ ᠵᠦᠪ ᠪᠠᠶᠢᠬᠤ ᠶᠢ ᠬᠢᠴᠢᠶᠡᠵᠣ᠂  ᠵᠠᠷᠢᠮ ᠳᠠᠭᠠᠨ ᠨᠢᠭᠡ ᠬᠦᠮᠦᠨ᠂ ᠨᠢᠭᠡ ᠡᠷᠦᠭᠡ ᠶᠢ ᠪᠢᠴᠢᠵᠣ ᠲᠡᠮᠳᠡᠭᠯᠡᠬᠦ ᠳᠤ ᠭᠡᠳᠣᠨ  ᠠᠶᠢᠯ ᠲᠠᠮᠵᠢᠨ ᠭᠡᠳᠣ ᠭᠡᠳᠣᠨ ᠬᠦᠮᠦᠨ ᠢ ᠡᠷᠢᠵᠣ ᠰᠣᠷᠪᠣᠯᠵᠢᠯᠠᠨ ᠠᠰᠠᠭᠤᠨ᠎ᠠ᠃ ᠪᠢ ᠠᠩᠬ᠎ᠠ ᠤᠳᠠᠭ᠎ᠠ ᠨᠣᠮ ᠪᠢᠴᠢᠵᠦ ᠬᠡᠪᠯᠡᠭᠦᠯᠵᠦ ᠪᠠᠶᠢᠭ᠎ᠠ ᠤᠴᠢᠷ ᠠᠴᠠ ᠨᠣᠮ ᠤᠨ ᠳᠣᠲᠣᠷᠠᠬᠢ ᠠᠭᠤᠯᠭ᠎ᠠ ᠶᠢ ᠶᠠᠭᠠᠬᠢᠵᠦ ᠭᠠᠷᠴᠠᠭᠯᠠᠬᠤ᠂ ᠬᠡᠷᠬᠢᠨ ᠠᠩᠬᠢᠯᠠᠬᠤ᠂ ᠠᠯᠢᠨ ᠢ ᠨᠢ ᠡᠮᠤᠨ᠎ᠡ ᠨᠢ᠂ ᠠᠯᠢᠨ ᠢ ᠨᠢ ᠬᠤᠶᠢᠨ᠎ᠠ ᠨᠢ ᠣᠷᠣᠭᠤᠯᠬᠤ ᠲᠣᠬᠠᠢ ᠮᠡᠳᠡᠬᠦ ᠦᠭᠡᠢ ᠲᠣᠯᠠ ᠨᠣᠮ ᠬᠡᠪᠯᠡᠭᠦᠯᠵᠦ ᠦᠩᠭᠡᠷᠡᠭᠰᠡᠨ ᠲᠣᠷᠰᠢᠯᠭ᠎ᠠ ᠲᠠᠢ ᠪᠠᠭᠰᠢ ᠨᠠᠷ ᠠᠴᠠ ᠠᠰᠠᠭᠤᠨ ᠯᠠᠪᠯᠠᠵᠦ᠂ ᠬᠠᠷᠠᠮ ᠦᠭᠡᠢ ᠰᠣᠷᠭᠠᠯ ᠢ ᠨᠢ ᠬᠦᠷᠳᠡᠭᠰᠡᠨ ᠶᠤᠮ ᠡ᠃ ᠡᠭᠦᠨ ᠳᠤ  ᠨᠠᠶ᠋ᠨ ᠬᠦᠷᠦᠭᠰᠡᠨ ᠦᠨᠳᠦᠷ ᠨᠠᠰᠣᠳᠠᠨ ᠨᠣᠳᠤᠭ ᠤᠨ ᠲᠣᠮᠣᠭᠠᠳᠠᠨ ᠰᠠᠮᠪᠠᠯᠨᠣᠷᠪᠦ  ᠂ ᠪᠠᠭᠠᠷᠢᠨ ᠲᠡᠣᠬᠡᠴᠢ᠂ ᠰᠣᠶᠣᠯ ᠤᠨ ᠵᠢᠳᠬᠦᠯᠳᠡᠨ ᠲᠣᠷᠵᠢᠰᠠᠩᠪᠤᠤ ᠪᠠᠭᠰᠢ᠂ ᠡᠷᠳᠡᠮᠳᠡᠨ᠂  ᠰᠠᠶᠢᠨ ᠨᠠᠶᠢᠵᠢ ᠪ᠊ · ᠤᠷᠳᠤᠨᠠᠰᠤᠲᠤ᠂ ᠡ᠊ · ᠪᠠᠭᠠᠳᠤᠷ  ᠨᠠᠷ ᠮᠠᠰᠢ ᠶᠡᠭᠡ ᠲᠣᠰᠨ ᠲᠠᠮ ᠦᠵᠡᠬᠦᠯᠦᠭᠰᠡᠨ ᠶᠣᠮ᠃  ᠡᠷᠳᠡᠮᠳᠡᠨ ᠨᠠᠰᠣᠳᠠᠨ ᠨ᠊ ·  ᠰᠠᠶᠢᠰᠢᠶᠠᠯᠳᠣ ᠪᠠᠭᠰᠢ ᠣᠷᠣᠰᠢᠯ ᠬᠠᠶᠢᠷᠠᠯᠠᠨ ᠪᠢᠴᠢᠵᠣ ᠦᠨᠡᠯᠡᠵᠣ ᠦᠭᠬᠦᠭᠰᠡᠨ ᠨᠢ ᠨᠠᠳᠠᠳᠣ  ᠨᠡᠩᠳᠡ ᠣᠮᠣᠭᠰᠢᠯ ᠪᠣᠯᠵᠣ ᠪᠠᠶᠢᠨ᠎ᠠ᠃ ᠪᠢ ᠲᠡᠳᠡᠨᠡᠷ ᠲᠠᠭᠠᠨ ᠲᠣᠩ ᠶᠡᠭᠡ ᠪᠠᠶᠠᠷᠯᠠᠨ ᠲᠠᠯᠠᠷᠬᠠᠵᠦ ᠪᠠᠶᠢᠨ᠎ᠠ ᠰᠢᠣ᠃          2015 ᠣᠨ ᠤ 8 ᠰᠠᠷ᠎ᠠ ᠳᠤ᠂ ᠪᠢ  ᠱᠠᠩᠬᠠᠢ ᠳᠠᠬᠢ  ᠹᠦᠳᠠᠨ ᠶᠡᠭᠡ ᠰᠤᠷᠭᠠᠭᠤᠯᠢ ᠶᠢᠨ ᠬᠠᠷᠢᠶᠠᠲᠦ ᠡᠮᠨᠡᠯᠭᠡ ᠶᠢᠨ ᠬᠤᠷᠢᠶᠠᠨ ᠳᠤ ᠤᠯᠠᠭᠠᠨ ᠬᠤᠭᠤᠯᠠᠢ ᠶᠢᠨ ᠦᠮᠠᠨ ᠤ ᠮᠡᠰᠡ ᠵᠠᠰᠠᠯ ᠬᠢᠯᠭᠡᠭᠰᠡᠨ ᠶᠣᠮ᠃  ᠭᠠᠢ ᠵᠣᠪᠠᠯᠠᠩ ᠭᠠᠵᠠᠷ ᠲᠣᠣᠷ᠎ᠡ ᠠᠴᠠ ᠭᠡᠳᠡᠭᠴᠢᠯᠡᠨ᠂ ᠭᠡᠨᠨᠡᠳᠳᠡ ᠬᠦᠨᠳᠣ ᠡᠪᠡᠳᠴᠢᠨ ᠢᠶᠠᠷ ᠲᠣᠳᠣᠯᠠᠭᠤᠯᠵᠣ᠂ ᠭᠡᠷ ᠨᠣᠳᠤᠭ ᠠᠴᠠ ᠪᠠᠨ ᠰᠠᠯᠵᠣ ᠬᠠᠷᠢ ᠨᠣᠳᠤᠭ ᠬᠤᠯᠨ ᠶᠢᠨ ᠭᠠᠵᠠᠷ ᠡᠮᠨᠡᠬᠦᠯᠭᠦ ᠪᠠᠷ ᠶᠠᠪᠣᠬᠤ ᠳᠤ  ᠂ ᠠᠶᠢᠯ ᠨᠣᠳᠤᠭ  ᠤᠨ ᠮᠢᠨᠢ ᠬᠤᠩᠬᠢᠯᠲᠦ ᠶᠢᠨ ᠨᠠᠭᠤᠷ᠂ ᠬᠠᠪᠳᠠᠭ᠎ᠠ ᠣᠷᠣᠢ᠂ ᠡᠭᠦᠳᠡ ᠶᠢᠨ ᠬᠠᠳᠠ᠂ ᠮᠡᠨᠳᠦ ᠶᠢᠨ ᠬᠤᠰᠢᠭᠤ ᠣᠷᠣᠢ ᠵᠡᠷᠭᠡ ᠮᠢᠨᠤ ᠨᠣᠳᠤᠭ ᠤᠨ ᠲᠠᠨᠢᠯ ᠲᠠᠰᠣᠯ ᠠᠭᠤᠯᠠ ᠤᠰᠤ ᠪᠠᠨ ᠦᠵᠡᠭᠡᠳ᠄ ︽ᠨᠠᠮᠠᠢᠢ ᠦᠰᠭᠡᠵᠦ ᠬᠦᠮᠤᠵᠢᠭᠦᠯᠥᠭᠰᠡᠨ ᠨᠤᠳᠤᠭ ᠣᠰᠣ᠂ ᠬᠦᠮᠤᠨ ᠠᠷᠠᠳ ᠤᠨ ᠢᠶᠠᠨ ᠠᠴᠢ ᠶᠢ ᠶᠠᠭᠠᠬᠢᠵᠦ ᠬᠠᠷᠢᠭᠤᠯᠣᠶ᠎ᠠ︖ ᠬᠦᠦ ᠴᠢᠨᠢ ᠪᠢ ᠲᠠᠨᠠᠷ ᠲᠠᠭᠠᠨ ᠦᠷᠢ ᠲᠠᠢ ᠶᠠᠪᠤᠯ᠎ᠠ᠂ ᠲᠦᠷᠦᠭᠰᠡᠨ ᠨᠤᠳᠤᠭ ᠤᠨ ᠲᠡᠤᠬᠡ ᠶᠢ ᠪᠢᠴᠢᠵᠦ ᠬᠤᠵᠢᠮ ᠤᠨ ᠦᠷ᠎ᠡ ᠬᠤᠶᠢᠴᠢᠰ ᠲᠠᠭᠠᠨ ᠦᠯᠡᠳᠡᠭᠡᠶ᠎ᠡ ᠭᠡᠳ ᠪᠣᠳᠣᠵᠦ ᠰᠡᠳᠬᠢᠭᠡᠳ ᠣᠳᠠᠭᠰᠠᠨ ᠪᠣᠯᠪᠠᠴᠦ ᠪᠡᠶᠡᠯᠡᠭᠦᠯᠵᠦ ᠲᠡᠶᠢᠯᠥᠭᠰᠡᠨ ᠦᠭᠡᠢ ᠨᠢ ᠲᠣᠶᠢᠯ ᠤᠨ ᠶᠡᠭᠡ ᠬᠠᠷᠠᠮᠰᠠᠯ ᠡ᠂ ᠣᠰᠣᠯ ᠪᠣᠯᠣᠯ᠎ᠠ ᠬᠦᠦ ᠴᠢᠨᠢ︕ ᠡᠷᠬᠢᠬᠦ ᠲᠦᠷᠤᠯ ᠪᠠᠶᠢᠳᠠᠭ ᠪᠣᠯ ᠪᠢ ᠲᠠᠬᠢᠭᠠᠳ ᠪᠠᠶᠠᠨ ᠡᠷᠳᠡᠨᠢᠳᠦ ᠨᠣᠳᠤᠭ ᠤᠨ ᠪᠠᠷᠠᠭᠤᠨ ᠬᠠᠷᠠᠮᠤᠳᠤ ᠳᠤ ᠪᠠᠨ ᠢᠷᠡᠨ᠎ᠡ ᠡ᠂ ᠪᠠᠭᠠᠷᠢᠨ ᠳᠠᠭᠠᠨ ᠢᠷᠡᠶ᠎ᠡ︕︾ ᠭᠡᠳ ᠬᠡᠭᠦᠳᠡᠭ ᠴᠡᠭᠡᠵᠢᠨ ᠳᠣᠲᠣᠷ᠎ᠠ ᠪᠠᠨ ᠨᠠᠮᠠᠨᠴᠢᠯᠠᠨ ᠰᠠᠯᠵᠦ ᠶᠠᠳᠠᠭᠰᠠᠨ ᠰᠡᠳᠬᠢᠯᠭᠡ ᠲᠠᠢ ᠪᠠᠭᠠᠷᠢᠨ ᠬᠦᠬᠦᠷᠭᠡ ᠪᠠᠷ ᠣᠷᠣᠭᠰᠢ ᠦᠩᠭᠡᠷᠡᠨ ᠭᠠᠷᠴᠣ ᠪᠢᠯᠨ᠃  ᠮᠡᠰᠨ ᠵᠠᠰᠠᠯ ᠰᠠᠨᠠᠭᠰᠠᠨ ᠠᠴᠠ ᠭᠠᠳᠠᠭᠤᠷ ᠢᠯᠭᠤᠮ ᠣᠷᠣᠭᠰᠢᠳᠠᠢ ᠪᠣᠯᠵᠣ᠂ ᠬᠠᠩᠵᠧᠣ ᠬᠤᠳᠠᠨ᠎ᠠ ᠪᠠᠭ᠎ᠠ ᠬᠦᠦ ᠶᠢᠨ ᠳᠡᠭᠡᠨ ᠢᠷᠡᠵᠣ ᠰᠠᠷ᠎ᠠ ᠰᠢᠬᠠᠮ ᠰᠣᠪᠢᠯᠠᠭᠠᠳ ᠪᠠᠭᠠᠷᠢᠨ ᠨᠣᠳᠤᠭ ᠲᠠᠭᠠᠨ ᠡᠰᠡᠨ ᠮᠡᠨᠳᠣ ᠪᠣᠴᠠᠨ ᠬᠠᠷᠢᠵᠦ ᠢᠷᠡᠪᠡ᠃ ᠪᠠᠭᠠᠷᠢᠨ ᠬᠦᠬᠦᠷᠭᠡ ᠪᠠᠷ ᠬᠤᠶᠢᠰᠢ ᠦᠩᠭᠡᠷᠡᠬᠦ ᠳᠡᠭᠡᠨ ᠪᠢ᠄ ︽ᠮᠠᠭᠤ ᠬᠦᠦ ᠴᠢᠨᠢ ᠡᠪᠡᠳᠴᠢᠨ ᠡᠮᠬᠡᠭ ᠠᠴᠠ ᠪᠠᠨ ᠰᠠᠯᠤᠭᠠᠳ ᠬᠠᠷᠢᠵᠦ ᠢᠷᠡᠯ᠎ᠡ᠃ ᠲᠠᠨ ᠤ ᠪᠠᠨ ᠡᠯᠢᠭᠡᠨ ᠳᠤ ᠲᠠᠬᠢᠭᠠᠳ ᠢᠷᠡᠨ᠎ᠡ ᠭᠡᠵᠤ ᠰᠠᠨᠠᠭᠰᠠᠨ ᠦᠭᠡᠢ᠃ ᠪᠠᠭᠠᠷᠢᠨ ᠨᠤᠳᠤᠭ ᠬᠠᠷᠠᠮᠣᠳᠣ  ᠮᠢᠨᠢ ᠨᠢᠳᠤᠨ ᠳᠤ ᠶᠠᠭᠠᠬᠢᠭᠰᠠᠨ ᠡᠶᠢᠮᠤ ᠬᠠᠯᠠᠭᠤᠬᠠᠨ ᠪᠣᠢ︖ ᠵᠠ᠂ ᠬᠦᠦ ᠴᠢᠨᠢ ᠪᠢ ᠡᠨᠡ ᠬᠢᠵᠠᠭᠠᠷ  ᠲᠠᠢ ᠠᠮᠢ ᠨᠠᠰᠤᠨ ᠳᠠᠭᠠᠨ ᠬᠢᠵᠠᠭᠠᠷ ᠦᠭᠡᠢ ᠬᠠᠶᠢᠷᠠᠳᠠᠢ ᠲᠠᠨ ᠢ ᠪᠠᠨ ᠪᠢᠴᠢᠭᠯᠡᠨ ᠲᠡᠮᠳᠡᠭᠯᠡᠵᠦ ᠲᠠᠯᠪᠢᠶ᠎ᠠ︾ ᠭᠡᠰᠡᠨ ᠬᠦᠨ ᠪᠣᠳᠤᠯ ᠳᠤ ᠱᠤᠩᠪᠠᠨ᠂ ᠲᠡᠷᠨ ᠴᠠᠭ ᠠᠴᠠ ᠨᠢᠭᠡᠨᠳᠡᠭᠡᠭᠦᠷ ᠡᠮ ᠲᠠᠩ ᠣᠣᠭᠤᠵᠣ ᠪᠡᠶ᠎ᠡ ᠪᠠᠨ ᠰᠣᠪᠢᠠᠯᠨ᠂ ᠨᠦᠬᠦᠭᠡᠳᠡᠭᠦᠷ ︽ᠪᠠᠷᠠᠭᠤᠨ ᠬᠠᠷᠠᠮᠣᠳᠦ ᠭᠠᠴᠠᠭᠠᠨ ᠤ ᠣᠶᠢᠯᠠᠯᠭ᠎ᠠ︾ ᠪᠠᠨ ᠡᠬᠢᠯᠡᠨ ᠰᠢᠭᠤᠳᠴᠣ ᠲᠦᠰᠥᠪᠯᠡᠵᠦ ᠲᠣᠭᠤᠷᠪᠢᠵᠠᠢ᠃
              ᠬᠦ᠊  ᠄ ᠰᠠᠨᠠᠭ᠎ᠠ ᠵᠣᠷᠢᠭ ᠦᠢᠯᠨ ᠶᠠᠪᠣᠳᠠᠯ ᠴᠢᠨᠢ ᠦᠨᠡᠭᠡᠷ ᠨᠡᠷ᠎ᠡ ᠲᠠᠢ ᠪᠠᠨ ᠠᠳᠠᠯᠢ ᠪᠠᠭᠠᠳᠣᠷᠯᠢᠭ ᠪᠠᠶᠢᠨ᠎ᠠ ᠳ᠋ᠠ᠂ ᠦᠩᠭᠡᠷᠡᠭᠰᠡᠨ ᠵᠠᠭᠤᠨ ᠤ ᠨᠠᠶᠠᠭᠠᠳ ᠣᠨ ᠠᠴᠠ᠂ ᠲᠠᠨ ᠤ ︽ᠪᠠᠭᠠᠷᠢᠨ ᠭᠡᠬᠦᠦ ᠶᠢᠨ ᠣᠨᠠᠭ᠎ᠠ︾ ᠭᠡᠬᠦ  ᠭᠤᠴᠣᠯᠠᠯ ᠲᠠᠭᠤᠣ ᠶᠢ ᠪᠠᠭ᠋ᠠᠷᠣᠨ ᠰᠣᠨᠣᠰᠳᠠᠭ ᠪᠦᠭᠡᠳ ︽ᠵᠠᠩ ᠮᠦᠷᠡᠨ ᠤ ᠣᠰᠣ︾ ᠭᠡᠮᠡᠬᠦ ᠲᠠᠭᠤᠣ ᠶᠢᠨ ᠲᠣᠰᠬᠠᠢ ᠡᠮᠬᠢᠳᠭᠡᠯ ᠤᠨ ᠰᠣᠷᠢᠨᠵᠢᠨ ᠪᠦᠰᠨ ᠶᠢ ᠴᠢᠨᠢ ᠴᠦ ᠪᠣᠯᠢᠶᠠᠯᠳᠣᠨ ᠠᠪᠴᠣ ᠰᠣᠨᠣᠰᠴᠣ ᠪᠠᠶᠢᠭᠰᠠᠨ᠂ ᠲᠠ ᠣᠯᠠᠭᠠᠨᠮᠦ᠋ᠴᠢᠷ ᠤᠨ ᠲᠠᠭᠤᠴᠢᠨ᠂ ᠲᠣᠭᠯᠠᠭᠴᠢ ᠪᠠᠷ ᠣᠳᠠᠭᠠᠨ ᠵᠢᠯ ᠠᠵᠢᠯᠯᠠᠯ᠎ᠠ ᠭᠡᠰᠡᠨ᠂ ᠠᠮᠵᠢᠯᠳᠡ ᠪᠦᠳᠦᠭᠡᠯ  ᠠᠴᠠ ᠴᠢᠨᠢ ᠬᠤᠪᠢᠶᠠᠯᠴᠠᠬᠤ ᠳᠤ ᠶᠠᠮᠠᠷ ᠪᠣᠢ︖         ᠪᠠ᠊  ᠄  ᠪᠢ ᠶᠢᠰᠣᠨ ᠨᠠᠰᠣᠨ ᠠᠴᠠ ᠪᠠᠨ ᠠᠶᠢᠯ ᠤᠨ ᠢᠶᠠᠨ ᠰᠣᠷᠭᠠᠭᠤᠯᠢ ᠳᠤ  ᠰᠠᠭᠤᠵᠣ᠂  ᠰᠣᠷᠭᠠᠭᠤᠯᠢ ᠡᠬᠦᠳᠡ ᠪᠠᠨ ᠬᠠᠭᠠᠭᠰᠠᠨ ᠢᠶᠠᠷ ᠭᠤᠷᠪᠠᠨ ᠣᠨ ᠢᠶᠠᠨ ᠠᠷᠠᠢ ᠲᠡᠭᠦᠰᠴᠣ ᠲᠡᠶᠢᠯᠦᠭᠰᠡᠨ ᠦᠭᠡᠢ ᠪᠠᠷ ᠰᠣᠷᠣᠯᠭ᠎ᠠ ᠵᠣᠭᠰᠣᠵᠣ᠂ ᠠᠷᠣ ᠭᠡᠷ ᠲᠡᠭᠡᠨ ᠬᠠᠪᠰᠣᠷᠣᠨ ᠬᠤᠷᠠᠭ᠎ᠠ ᠲᠣᠭᠤᠯ ᠬᠠᠷᠢᠭᠤᠯᠵᠣ ᠬᠤᠨᠢᠨ ᠰᠦᠷᠦᠭ ᠤᠨ ᠢᠶᠠᠨ ᠲᠡᠷᠭᠡᠳᠡ ᠲᠠᠭᠤᠣ ᠪᠠᠨ ᠲᠠᠭᠤᠯᠠᠵᠣ ᠶᠠᠪᠣᠵᠠᠢ᠃  ᠯᠢᠨᠳᠦ᠋ᠩ ᠤᠨ ᠦᠪᠡᠷᠳᠡᠭᠡᠨ ᠵᠠᠰᠠᠬᠤ ᠰᠣᠷᠭᠠᠭᠤᠯᠢ ᠳᠤ ᠰᠣᠷᠣᠯᠴᠠᠵᠣ ᠡᠷᠳᠡᠮ ᠮᠡᠳᠡᠯᠭᠡ ᠬᠦᠷᠳᠡᠵᠣ᠂  ᠬᠤᠵᠢᠮ ᠨᠢ ᠪᠠᠭᠠᠷᠢᠨ ᠪᠠᠷᠠᠭᠤᠨ ᠬᠤᠰᠢᠭᠤᠨ ᠤ ᠯᠠᠮ᠎ᠠ ᠡᠮᠴᠢ ᠶᠢᠨ ᠬᠤᠷᠢᠶ᠎ᠠ ᠶᠢᠨ ᠲᠠᠷᠤᠭ᠎ᠠ ᠶᠢᠨ ᠲᠣᠰᠢᠶᠠᠯ ᠢ ᠬᠠᠷᠢᠭᠤᠴᠠᠵᠣ ᠪᠠᠶᠢᠭᠰᠠᠨ‌‍ᠰᠣᠶᠣᠯ ᠭᠡᠭᠡᠷᠡᠯ ᠢ ᠡᠷᠬᠢᠮᠯᠡᠨ ᠬᠦᠨᠳᠦᠳᠭᠡᠳᠡᠭ ᠠᠪᠤ ᠶᠢᠨ ᠢᠶᠠᠨ ᠠᠴᠢ ᠪᠠᠷ᠂ ᠪᠢ 1970 ᠣᠨ ᠳᠤ ᠬᠦᠷᠰᠢᠯᠡᠵᠣ ᠰᠠᠭᠤᠭᠰᠠᠨ ᠯᠢᠨᠰᠢ ᠰᠢᠶᠠᠨ ᠤ ᠰᠢᠶᠣᠣ ᠴᠧᠩᠽᠢ ᠨᠢᠭᠡᠳᠦᠯ ᠤᠨ ᠰᠢᠶᠠ ᠴᠠᠩ ᠭᠡᠮᠡᠬᠦ ᠬᠢᠳᠡᠳ ᠲᠣᠰᠬᠤᠨ ᠤ ᠰᠣᠷᠭᠠᠭᠤᠯᠢ ᠳᠤ ᠲᠠᠬᠢᠨ ᠰᠣᠷᠭᠠᠭᠤᠯᠢ ᠶᠢᠨ ᠡᠬᠦᠳᠡ ᠶᠢ ᠠᠯᠬᠤᠵᠣ᠂ ᠭᠤᠷᠪᠠᠳᠣᠭᠠᠷ ᠣᠨ ᠠᠴᠠ ᠡᠬᠢᠯᠡᠨ ᠪᠠᠭ᠎ᠠ ᠰᠣᠷᠭᠠᠭᠤᠯᠢ᠂ ᠠᠩᠬ᠎ᠠ ᠲᠣᠮᠳᠠᠳᠣ᠂ ᠲᠡᠭᠡᠳᠣ ᠲᠣᠮᠳᠠᠳᠣ ᠪᠠᠨ ᠲᠡᠭᠦᠰᠳᠡᠯ᠎ᠡ ᠮᠦᠨ ᠠᠶᠢᠯ ᠤᠨ ᠬᠢᠳᠡᠳ ᠪᠠᠭᠠᠴᠣᠳ ᠲᠠᠢ ᠨᠠᠭᠠᠳᠣᠨ ᠲᠣᠭᠯᠠᠨ ᠰᠣᠷᠴᠠᠢ᠃ ᠲᠣᠰ ᠠᠶᠢᠯ ᠤᠨ ᠰᠣᠷᠭᠠᠭᠤᠯᠢ ᠳᠤ ᠲᠣᠯᠣᠭᠠᠨ ᠵᠢᠯ ᠰᠣᠷᠴᠣ ᠰᠣᠶᠣᠯ ᠮᠡᠳᠡᠯᠭᠡ ᠲᠠᠢ ᠰᠡᠭᠡᠭᠡᠳᠡᠨ ᠪᠣᠯᠵᠣ ᠨᠣᠳᠤᠭ ᠲᠠᠭᠠᠨ ᠬᠠᠷᠢᠵᠣ ᠦᠢᠯᠡᠳᠪᠦᠷᠢᠯᠡᠯ ᠬᠦᠳᠡᠯᠮᠣᠷᠢ ᠳᠤ ᠣᠷᠣᠯᠴᠠᠨ᠂ ᠬᠤᠶᠠᠷ ᠵᠢᠯ ᠤᠨ ᠲᠠᠷᠠᠭ᠎ᠠ ᠨᠢ ᠪᠠᠶ᠋ᠬᠠᠷᠳᠡᠨᠢ ᠨᠢᠭᠡᠳᠣᠯ ᠤᠨ ᠠᠵᠢᠯ ᠤᠨ ᠴᠢᠯᠦᠭᠡᠨ ᠤ ᠣᠷᠠᠨ ᠰᠠᠶᠢᠬᠠᠨ ᠤ ᠠᠩᠬᠢ ᠪᠠᠶᠢᠭᠤᠯᠬᠤ ᠳᠤ᠂ ᠰᠠᠶᠢᠨ ᠲᠣᠷ᠎ᠠ ᠠᠴᠠ ᠪᠠᠨ ᠨᠡᠷ᠎ᠡ ᠮᠡᠳᠡᠬᠦᠯᠦᠨ ᠣᠷᠣᠯᠴᠠᠵᠣ᠂ ᠲᠣᠰᠬᠠᠢ ᠠᠵᠢᠯ ᠤᠨ ᠰᠣᠶᠣᠯ ᠤᠨ ᠺᠠᠳ᠋ᠷ ᠪᠠᠭᠰᠢ ᠨᠠᠷ ᠤᠨ ᠵᠢᠯᠣᠭᠤᠳᠣᠯᠭ᠎ᠠ ᠶᠢ ᠬᠦᠷᠳᠡᠵᠵᠣ ᠲᠠᠭᠤᠣ ᠪᠦᠵᠢᠭ ᠲᠠᠢ ᠡᠬᠢᠯᠡᠨ ᠬᠠᠨᠢᠰᠣᠨ ᠨᠦᠬᠦᠷᠯᠡᠵᠠᠢ᠃ 1980 ᠣᠨ ᠤ ᠡᠬᠢᠨ ᠳᠤ᠂  ᠨᠢᠭᠡᠨ ᠣᠳᠠᠭ᠎ᠠ ᠠᠶᠢᠯ ᠪᠠᠷᠢᠭᠠᠳᠠ ᠪᠠᠷ ᠲᠣᠭᠤᠷᠢᠨ ᠣᠬᠠᠭᠤᠯᠣᠨ ᠲᠣᠭᠯᠠᠵᠣ ᠶᠠᠪᠣᠵᠣ ᠪᠠᠶᠢᠭᠠᠳ ᠬᠤᠰᠢᠭᠤᠨ ᠤ ᠣᠯᠠᠭᠠᠨᠮᠦ᠋ᠴᠢᠷ ᠤᠨ ᠲᠣᠭᠯᠠᠭᠴᠢᠳ ᠲᠠᠢ ᠲᠠᠭᠠᠷᠠᠯᠳᠣᠵᠣ᠂ ᠠᠯᠳᠠᠷᠳᠣ ᠪᠦᠵᠢᠭᠴᠢᠨ᠂ ᠣᠯᠣᠰ ᠤᠨ ᠨᠢᠭᠡᠳᠦᠭᠡᠷ ᠲᠡᠰ  ᠤᠨ ᠪᠦᠵᠢᠭ ᠨᠠᠶᠢᠷᠠᠭᠤᠯᠣᠨ ᠣᠳᠣᠷᠢᠳᠣᠭᠠᠴᠢ᠂  ᠬᠤᠰᠢᠭᠤᠨ ᠤ ᠣᠯᠠᠭᠠᠨᠮᠦ᠋ᠴᠢᠷ ᠤᠨ ᠲᠠᠷᠤᠭ᠎ᠠ ᠪᠠᠳᠮ᠎ᠠ ᠪᠠᠭᠰᠢ  ᠳᠤ ᠲᠣᠭᠤᠭᠳᠠᠨ᠂  ᠪᠠᠭᠠᠷᠢᠨ ᠪᠠᠷᠠᠭᠤᠨ ᠬᠤᠰᠢᠭᠤᠨ ᠤ ᠪᠠᠨ ᠣᠯᠠᠭᠠᠨᠮᠦ᠋ᠴᠢᠷ ᠤᠨ ᠲᠠᠭᠤᠴᠢᠨ ᠢᠶᠠᠷ ᠡᠯᠰᠡᠭᠳᠡᠵᠣ ᠣᠷᠠᠯᠢᠭ ᠤᠨ ᠵᠠᠮ ᠢᠶᠠᠨ ᠡᠯᠬᠦᠵᠠᠢ᠃  ᠮᠠᠨ ᠤ ᠬᠤᠰᠢᠭᠤᠨ ᠤ  ᠣᠯᠠᠭᠠᠨᠮᠦ᠋ᠴᠢᠷ ᠪᠣᠯ ᠪᠦᠬᠦ ᠦᠪᠦᠷ ᠮᠣᠩᠭᠤᠯ  ᠳᠠᠭᠠᠨ ᠡᠷᠳᠡ ᠪᠠᠶᠢᠭᠤᠯᠣᠭᠳᠠᠭᠰᠠᠨ ᠣᠯᠠᠭᠠᠨᠮᠦ᠋ᠴᠢᠷ ᠤᠨ ᠨᠢᠭᠡ ᠨᠢ ᠪᠣᠯᠬᠤ ᠶᠣᠮ᠂  ᠨᠠᠮᠠᠢᠢ ᠣᠯᠠᠭᠠᠨᠮᠦ᠋ᠴᠢᠷ ᠲᠤ ᠲᠠᠭᠤᠴᠢᠨ ᠶᠠᠪᠣᠭᠰᠠᠨ ᠠᠩᠬᠠᠨ ᠤ ᠵᠢᠯ ᠤᠳ ᠲᠤ ᠪᠢᠳᠡ ᠡᠳᠦᠷ ᠨᠢ ᠵᠣᠬᠢᠶᠠᠨ ᠪᠦᠳᠦᠭᠡᠯᠭᠡ ᠣᠷᠣᠯᠳᠣᠨ ᠲᠠᠭᠤᠣ ᠪᠦᠵᠢᠭ᠂ ᠬᠤᠯᠪᠣᠭ᠎ᠠ ᠵᠦᠴᠦᠭᠡ ᠪᠣᠯᠪᠠᠰᠣᠷᠴᠣ᠂ ᠦᠳᠡᠰᠢ ᠣᠷᠣᠢ ᠳᠠᠭᠠᠨ ᠠᠵᠢᠯ ᠠᠴᠠ ᠪᠠᠨ ᠪᠠᠭᠤᠭᠰᠠᠨ ᠮᠠᠯᠴᠢᠨ ᠲᠠᠷᠢᠶᠠᠴᠢᠨ ᠺᠠᠳ᠋ᠷ ᠣᠯᠠᠨ ᠲᠦᠮᠡᠨ ᠳᠤ ᠣᠷᠡᠨ ᠰᠠᠶᠢᠬᠠᠨ ᠤ ᠲᠣᠭᠯᠠᠯᠳᠡ ᠪᠠᠨ ᠭᠠᠷᠭᠠᠵᠣ ᠦᠵᠡᠬᠦᠯᠦᠨ᠎ᠡ᠃ ᠲᠡᠷᠨ ᠦᠶᠡᠰ ᠪᠠᠷᠤᠭ ᠲᠠᠭᠠᠨ ᠴᠦᠮ ᠬᠦᠳᠡᠭᠡ ᠭᠠᠳᠠᠨ᠎ᠠ ᠠᠶᠢᠯ ᠪᠠᠷᠢᠭᠠᠳᠠ᠂  ᠰᠣᠷᠭᠠᠭᠤᠯᠢ᠂ ᠣᠳᠣᠷ ᠰᠠᠭᠤᠷᠢᠰᠢᠯ ᠢᠶᠠᠷ ᠬᠦᠷᠴᠣ ᠣᠯᠠᠨ ᠲᠦᠮᠡᠨ ᠤ ᠲᠣᠮᠳᠡ ᠪᠠᠶᠢᠵᠣ᠂ ᠬᠠᠮᠤᠭ ᠤᠨ ᠣᠯᠠᠨ ᠲᠣᠭᠯᠠᠯᠳᠡ ᠭᠠᠷᠭᠠᠭᠰᠠᠨ ᠵᠢᠯ ᠳᠤ184 ᠲᠠᠯᠠᠪᠣᠷ ᠭᠦᠷᠴᠣ᠂ ᠪᠠᠷᠤᠭ ᠬᠤᠶᠠᠷ ᠡᠳᠦᠷ ᠲᠤ ᠨᠢᠭᠡ ᠲᠠᠯᠠᠪᠣᠷ ᠲᠣᠭᠯᠠᠯᠳᠡ ᠭᠠᠷᠭᠠᠭᠰᠠᠨ ᠲᠡᠮᠳᠡᠭᠯᠡᠯ ᠲᠠᠢ᠃ ᠪᠠᠰᠠ ᠴᠦ ︽ᠪᠦᠬᠦ ᠣᠯᠣᠰ ᠤᠨ ᠲᠡᠷᠢᠬᠦᠨ ᠤ ᠣᠯᠠᠭᠠᠨᠮᠦ᠋ᠴᠢᠷ︾ ᠤᠨ ᠠᠯᠳᠠᠷ ᠴᠣᠯᠨ ᠲᠠᠢ ᠪᠦᠯᠬᠦᠮ ᠨᠡᠶᠢᠳᠡ ᠶᠣᠮ᠃ ︽ᠪᠠᠭᠠᠷᠢᠨ ᠭᠡᠬᠦᠦ ᠶᠢᠨ ᠣᠨᠠᠭ᠎ᠠ︾ ᠪᠣᠯ ᠮᠢᠨᠣ ᠣᠯᠠᠭᠠᠨᠮᠦ᠋ᠴᠢᠷ ᠲᠤ ᠡᠯᠰᠡᠭᠳᠡᠭᠰᠡᠨ ᠤ ᠲᠠᠷᠠᠭᠠᠬᠢ ᠬᠠᠮᠤᠭ ᠤᠨ ᠠᠩᠬᠠᠨ  ᠤ ᠲᠠᠭᠤᠯᠠᠳᠠᠭ ᠲᠠᠭᠤᠣ ᠶᠢᠨ ᠨᠢᠭᠡ ᠶᠣᠮ᠃ 1982 ᠣᠨ ᠳᠤ᠂ ᠵᠣᠣ ᠣᠳᠡ ᠶᠢᠨ ᠠᠷᠠᠳ ᠤᠨ ᠷᠠᠳᠢᠣ᠋  ᠨᠡᠪᠳᠡᠷᠡᠬᠦᠯᠭᠡ ᠶᠢᠨ ᠬᠤᠷᠢᠶ᠎ᠠ ᠮᠢᠨᠣ ᠲᠠᠭᠤᠯᠠᠭᠰᠠᠨ ︽ᠪᠠᠭᠠᠷᠢᠨ ᠭᠡᠬᠦᠦ ᠶᠢᠨ ᠣᠨᠠᠭ᠎ᠠ︾ ︽ᠠᠬ᠎ᠠ ᠶᠢᠨ ᠬᠦᠰᠡᠯ︾ ︽ ᠬᠤᠶᠠᠭᠤᠯᠨ ᠪᠠᠨ ᠵᠢᠱᠢᠶᠡᠴᠢ︾ ᠵᠡᠷᠭᠡ ᠲᠠᠭᠤᠣ ᠨᠤᠭᠤᠳ ᠢ ᠰᠢᠩᠭᠡᠭᠡᠯᠳᠡ ᠬᠢᠵᠣ ᠨᠡᠪᠳᠡᠷᠡᠭᠦᠯᠦᠭᠰᠡᠨ ᠶᠣᠮ᠃  ᠲᠣᠰ ᠵᠢᠯ ᠤᠨ ᠨᠠᠮᠣᠷ᠂ ᠦᠪᠡᠷᠳᠡᠭᠡᠨ ᠵᠠᠰᠠᠬᠤ ᠣᠷᠣᠨ ᠤ ᠣᠯᠠᠭᠠᠨᠮᠦ᠋ᠴᠢᠷ ᠪᠠᠶᠢᠭᠤᠯᠣᠭᠳᠠᠭᠰᠠᠨ25 ᠵᠢᠯ ᠤᠨ ᠣᠢ  ᠶᠢᠨ ᠣᠷᠠᠯᠢᠭ ᠤᠨ ᠨᠠᠶᠢᠷ ᠲᠤ ᠮᠠᠨ ᠤ ᠬᠤᠰᠢᠭᠤᠨ ᠤ ᠣᠯᠠᠭᠠᠨᠮᠦ᠋ᠴᠢᠷ ᠨᠢ ᠵᠣᠣ ᠣᠳᠡ ᠠᠶᠢᠮᠠᠭ ᠢᠶᠠᠨ ᠲᠦᠯᠦᠭᠡᠯᠡᠨ ᠣᠷᠣᠯᠴᠠᠵᠣ᠂ ᠪᠢ ᠬᠤᠣᠰᠯᠠᠨ ᠲᠠᠭᠤᠯᠠᠭᠰᠠᠨ ᠪᠠᠭᠠᠷᠢᠨ ᠠᠷᠠᠳ ᠤᠨ ᠲᠠᠭᠤᠣ ︽ᠵᠠᠩ ᠮᠦᠷᠡᠨ ᠤ ᠣᠰᠣ︾ ᠪᠠᠷ  ᠢᠶᠠᠨ ᠦᠵᠡᠬᠦᠯᠦᠯᠭᠡ ᠶᠢᠨ ᠱᠠᠩᠨᠠᠯ ᠲᠣᠰᠪᠠ︔ ᠲᠡᠬᠦᠨ ᠠᠴᠠ ᠲᠠᠷᠠᠭᠠᠯᠠᠨ ᠮᠢᠨᠣ ᠲᠠᠭᠤᠯᠠᠭᠰᠠᠨ ︽ᠨᠣᠳᠤᠭ ᠤᠨ ᠰᠠᠶᠢᠬᠠᠨ ᠪᠠᠭᠠᠷᠢᠨ︾ ︽ᠣᠯᠠᠭᠠᠨ ᠭᠡ ᠭᠡ︾ ︽ ᠵᠢᠷᠣᠭᠠᠬᠠᠨ ᠵᠢᠷᠣᠭᠠᠬᠠᠨ ᠣᠯᠠᠭᠠᠨ︾ ᠵᠡᠷᠭᠡ ᠲᠠᠭᠤᠣ ᠨᠤᠭᠤᠳ  ᠢ  ᠵᠣᠣ ᠣᠳᠡ‌ᠠᠶᠢᠮᠠᠭ ︵ᠣᠯᠠᠭᠠᠨᠬᠠᠳᠠ ᠬᠤᠳᠡ︶ ᠪᠣᠯᠣᠨ ᠣᠷᠣᠨ᠂ ᠲᠦᠪ ᠷᠠᠳᠢᠣ᠋ ︽ᠭᠠᠷᠠᠭ ᠤᠨ ᠲᠠᠭᠤᠣ︾  ᠪᠠᠷ ᠣᠯᠠᠨᠳᠠ ᠨᠡᠪᠳᠡᠷᠡᠭᠦᠯᠦᠭᠰᠡᠨ ᠣᠳᠠᠭ᠎ᠠ ᠲᠠᠢ ᠶᠣᠮ᠃ 1987 ᠣᠨ ᠳᠤ᠂ ᠬᠦᠬᠡᠬᠤᠳᠡ ᠳᠤ ᠪᠣᠯᠣᠭᠰᠠᠨ ᠦᠪᠡᠷᠳᠡᠭᠡᠨ ᠵᠠᠰᠠᠬᠤ ᠣᠷᠣᠨ ᠤ ᠣᠯᠠᠭᠠᠨᠮᠦ᠋ᠴᠢᠷ ᠪᠠᠶᠢᠭᠤᠯᠣᠭᠳᠠᠭᠰᠠᠨ30 ᠵᠢᠯ ᠤᠨ ᠣᠢ   ᠶᠢ ᠲᠣᠷᠠᠰᠬᠠᠬᠤ ᠬᠠᠷᠢᠭᠤ ᠮᠡᠳᠡᠭᠦᠯᠦᠯᠳᠡ ᠵᠢᠨ‌‍ᠲ᠋ᠣᠭᠯᠠᠯᠳᠡ ᠮᠦᠷᠦᠶᠢᠴᠡᠭᠡᠨ ᠳᠤ ᠣᠷᠣᠯᠴᠠᠵᠣ᠂ ᠬᠠᠮᠳᠣ ᠨᠢᠭᠡᠴᠨ ᠶᠢᠨ ᠲᠣᠬᠠᠶᠢᠯᠠᠭᠰᠠᠨ ᠮᠡᠷᠭᠡᠵᠢᠯ ᠤᠨ ᠱᠠᠩᠨᠠᠯ ᠪᠠ ᠣᠶᠣᠨ ᠤ ᠪᠣᠯᠪᠠᠰᠣᠨ ᠤ ᠴᠣᠭᠴᠠᠯᠠᠯᠳᠡ ᠶᠢᠨ ᠨᠢᠭᠡᠴᠨ ᠶᠢᠨ ᠰᠠᠶᠢᠰᠢᠶᠠᠯ ᠬᠦᠬᠢᠬᠦᠯᠦᠯ ᠲᠣᠰᠴᠣ᠂ ︽ᠰᠢᠷᠡᠮᠦ᠋ᠷᠡᠨ᠂ ᠡᠵᠢ ᠮᠦᠷᠡᠨ ᠮᠢᠨᠢ︾ ᠭᠡᠬᠦ ᠭᠤᠴᠣᠯᠠᠯ ᠲᠠᠭᠤᠣ ᠪᠠᠷ ᠢᠶᠠᠨ ᠰᠢᠯᠢᠳᠡᠭ ᠲᠣᠭᠯᠠᠭᠴᠢ  ᠶᠢᠨ ᠱᠠᠩᠨᠠᠯ ᠬᠦᠷᠳᠡᠪᠡ︔ ᠮᠦᠨ ᠵᠢᠯ ᠤᠨ 9 ᠰᠡᠷ᠎ᠡ ᠳᠤ ᠦᠪᠡᠷᠳᠡᠭᠡᠨ ᠵᠠᠰᠠᠬᠤ ᠣᠷᠣᠨ ᠤ ᠣᠯᠠᠭᠠᠨᠮᠦ᠋ᠴᠢᠷ ᠤᠨ ᠣᠷᠠᠯᠢᠭ ᠤᠨ ᠪᠦᠯᠬᠦᠮ ᠳᠤ ᠰᠢᠯᠢᠭᠳᠡᠨ ᠣᠷᠣᠵᠣ᠂  ᠪᠡᠭᠡᠵᠢᠩ ᠳᠤ ᠪᠣᠯᠣᠭᠰᠠᠨ  ᠠᠩᠬᠠᠳᠣᠭᠠᠷ ᠣᠳᠠᠭᠠᠨ ᠤ ᠲᠣᠮᠳᠠᠳᠣ ᠣᠯᠣᠰ ᠤᠨ ᠣᠷᠠᠯᠢᠭ ᠤᠨ ᠨᠠᠶᠢᠷ ᠲᠤ ᠣᠷᠢᠭᠳᠠᠨ ᠣᠷᠣᠯᠴᠠᠵᠣ᠂ ︽ᠦᠷᠨᠢᠨ ᠬᠦᠭᠵᠢᠭᠰᠡᠨ ᠦᠪᠦᠷ ᠮᠣᠩᠭᠤᠯ︾ ᠭᠡᠮᠡᠬᠦ ᠲᠠᠭᠤᠣ ᠪᠠᠷ ᠢᠶᠠᠨ ᠲᠦᠮᠡᠨ ᠣᠯᠠᠨ ᠦᠵᠡᠭᠴᠢᠳ ᠤᠨ ᠮᠠᠭᠳᠠᠭᠠᠯ ᠰᠠᠶᠢᠰᠢᠶᠠᠯ ᠢ ᠣᠯᠵᠣ᠂ ᠣᠯᠣᠰ ᠤᠨ ᠲᠡᠳ᠋ ᠲᠡᠷᠢᠬᠦᠯᠡᠭᠴᠢ ᠣᠯᠠᠭᠠᠨᠬᠦᠦ ᠮᠠᠨᠣᠰ ᠢ ᠬᠦᠯᠢᠶᠡᠨ ᠠᠪᠴᠣ ᠠᠭᠤᠯᠵᠠᠵᠠᠢ︔ 1987 ᠣᠨ ᠳᠤ ᠣᠯᠣᠰ ᠤᠨ ᠬᠤᠶᠠᠳᠣᠭᠠᠷ ᠲᠡᠰ ᠤᠨ ᠲᠣᠭᠯᠠᠭᠴᠢ ᠶᠢᠨ ᠮᠡᠷᠭᠡᠵᠢᠯ ᠤᠨ ᠴᠣᠯᠨ ᠬᠦᠷᠳᠡᠵᠣ᠂ ᠬᠤᠰᠢᠭᠤᠨ ᠲᠡᠰ ᠤᠨ ︽ᠲᠡᠷᠢᠬᠦᠨ ᠤ ᠠᠵᠢᠯᠳᠠᠨ︾᠂ ᠦᠪᠡᠷᠳᠡᠭᠡᠨ ᠵᠠᠰᠠᠬᠤ ᠣᠷᠣᠨ ᠤ ︽ᠲᠡᠷᠢᠬᠦᠨ ᠤ ᠠᠵᠢᠯᠳᠠᠨ︾ ᠢᠶᠠᠷ ᠰᠣᠩᠭᠤᠭᠳᠠᠭᠰᠠᠨ ᠦᠩᠭᠡᠷᠡᠯᠳᠡ ᠲᠠᠢ᠃ 1990 ᠣᠨ ᠤ 3 ᠰᠠᠷ᠎ᠠ ᠠᠴᠠ ᠰᠢᠨ᠎ᠡ ᠪᠠᠷ ᠨᠠᠶᠢᠷᠠᠭᠤᠯᠣᠨ ᠵᠣᠬᠢᠶᠠᠭᠰᠠᠨ ᠵᠣᠣ ᠣᠳᠠ ᠮᠣᠩᠭᠤᠯ ᠵᠦᠴᠦᠭᠡ ︽ᠱᠠᠭᠳᠠᠷ︾ ᠢ ᠪᠣᠯᠪᠠᠰᠣᠷᠠᠨ ᠲᠣᠭᠯᠠᠬᠤ ᠳᠤ ᠭᠤᠣᠯ ᠲᠦᠷᠢ ᠶᠢ ᠲᠣᠭᠯᠠᠨ᠂ ᠠᠷᠠᠳ ᠤᠨ ᠠᠮᠠᠨ ᠢᠷᠡᠭᠤ ᠨᠠᠶᠢᠷᠠᠭᠴᠢ ᠱᠠᠭᠳᠠᠷ ᠤᠨ ᠴᠡᠴᠡᠨ ᠣᠬᠠᠭᠠᠯᠢᠭ᠂ ᠡᠷᠡᠯᠭᠡᠭ ᠪᠠᠭᠠᠳᠣᠷᠯᠢᠭ  ᠲᠦᠷᠢ ᠶᠢ ᠲᠠᠶᠢᠰᠠᠨ ᠳᠤ ᠣᠷᠠᠯᠢᠭ ᠢᠶᠠᠷ  ᠠᠮᠢᠯᠠᠭᠤᠯᠵᠣ᠂ ᠬᠤᠰᠢᠭᠤᠨ ᠲᠣᠳᠣᠷ᠎ᠠ ᠪᠠᠨ ᠭᠤᠴᠢᠭᠠᠳ ᠲᠠᠯᠠᠪᠠᠢ ᠲᠣᠭᠯᠠᠭᠠᠳ ᠦᠷᠭᠡᠨ ᠣᠯᠠᠨ ᠮᠠᠯᠴᠢᠨ ᠲᠠᠷᠢᠶᠠᠴᠢᠨ ᠦᠵᠡᠭᠴᠢ ᠲᠦᠮᠡᠨ ᠤ ᠪᠠᠭ᠋ᠠᠷᠬᠠᠯ ᠮᠠᠭᠳᠠᠭᠠᠯ ᠢ ᠣᠯᠵᠣ᠂  ᠪᠠᠰᠨ‌ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠬᠢᠮ ᠤᠨ ᠭᠤᠣᠯ᠂ ᠲᠡᠳ᠋ ᠭᠤᠷᠪᠠᠨ ᠲᠢᠩᠬᠢᠮ ᠤᠨ ᠲᠠᠷᠤᠭ᠎ᠠ ᠲᠣᠰ ᠵᠦᠴᠦᠭᠡ ᠶᠢ ᠰᠣᠨᠢᠷᠬᠠᠨ ᠦᠵᠡᠭᠡᠳ ᠲᠡᠭᠡᠳᠣ ᠭᠡᠮᠵᠢᠶᠡᠨ ᠤ ᠦᠨᠡᠯᠡᠯᠳᠡ ᠪᠠ ᠮᠠᠭᠳᠠᠭᠠᠯ ᠰᠠᠶᠢᠰᠢᠶᠠᠯ ᠦᠭᠬᠦᠭᠰᠡᠨ ᠣᠳᠠᠭ᠎ᠠ ᠲᠠᠢ ᠶᠣᠮ᠃ ᠲᠣᠰ ᠵᠢᠯ ᠳᠤ᠂ ᠦᠪᠦᠷ ᠮᠣᠩᠭᠤᠯ ᠤᠨ ᠦᠨᠳᠦᠰᠦᠳᠡᠨ ᠤ ᠲᠠᠭᠤᠣ ᠲᠦᠷᠢ ᠰᠢᠩᠭᠡᠭᠡᠬᠦ ᠲᠦᠪ ᠠᠴᠠ ᠮᠢᠨᠣ ᠪᠣᠰᠣᠳ ᠲᠠᠢ ᠬᠠᠮᠳᠣᠷᠠᠭᠰᠠᠨ ︽ᠵᠠᠩ ᠮᠦᠷᠡᠨ ᠤ ᠣᠰᠣ︾ ᠭᠡᠮᠡᠬᠦ ᠲᠠᠭᠤᠣ ᠶᠢᠨ ᠰᠣᠷᠢᠨᠵᠢᠨ ᠪᠦᠰᠨ ᠶᠢ ᠦᠢᠯᠡᠳᠴᠣ ᠲᠠᠷᠬᠠᠭᠠᠭᠰᠠᠨ ᠪᠠᠶᠢᠨ᠎ᠠ᠃ 1991 ᠣᠨ ᠳᠤ ᠪᠦᠬᠦ ᠬᠤᠳᠡ ᠶᠢᠨ ᠲᠣᠬᠠᠶᠢᠯᠠᠭᠰᠠᠨ ᠠᠵᠢᠯ ᠤᠨ ᠣᠷᠠᠯᠢᠭ ᠤᠨ ᠪᠦᠯᠬᠦᠮ ᠤᠨ ᠬᠠᠮ ᠲᠣᠭᠯᠠᠯᠳᠡ ᠳᠤ  ᠮᠢᠨᠣ ᠦᠪᠡᠷ ᠤᠨ ᠵᠣᠬᠢᠶᠠᠯ ᠤᠨ ᠲᠠᠭᠤᠣ ︽ᠲᠠᠯ᠎ᠠ ᠶᠢᠨ ᠮᠠᠭᠳᠠᠭᠤ︾ ᠪᠠ ᠮᠢᠨᠣ ᠨᠠᠶᠢᠷᠠᠭᠤᠯᠣᠨ ᠪᠢᠴᠢᠭᠰᠡᠨ ᠦᠯᠢᠭᠡᠷᠳᠣ ᠲᠠᠭᠤᠯᠠᠯ ︽ᠠᠳᠣᠭᠤᠴᠢᠨ ᠵᠠᠯᠠᠭᠤ ᠶᠢᠨ ᠣᠴᠠᠷᠠᠯ︾  ᠭᠡᠬᠦ ᠲᠣᠭᠯᠠᠯᠳᠡ ᠪᠠᠷ ᠲᠣᠭᠯᠠᠭᠴᠢ ᠶᠢᠨ ᠱᠠᠩᠨᠠᠯ ᠪᠠ ᠵᠣᠬᠢᠶᠠᠨ ᠪᠦᠳᠦᠭᠡᠭᠰᠡᠨ ᠱᠠᠩᠨᠠᠯ  ᠠᠪᠴᠠᠢ︔ 1997 ᠣᠨ ᠳᠤ ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠬᠢᠮ ᠠᠴᠠ ᠣᠯᠭᠤᠭᠰᠠᠨ ︽ᠠᠯᠳᠠᠨ ᠬᠠᠶᠢᠷᠠᠭᠤᠴᠠᠢ︾ ᠢᠷᠠᠭᠤ ᠴᠣᠯᠨ ᠶᠢ ᠲᠣᠰᠴᠠᠢ︔ 1995 ᠣᠨ ᠤ ᠰᠡᠬᠦᠯᠴᠢ ᠪᠠᠷ  ᠣᠯᠠᠭᠠᠨᠮᠦ᠋ᠴᠢᠷ  ᠠᠴᠠ ᠬᠤᠰᠢᠭᠤᠨ ᠤ ᠰᠣᠶᠣᠯ ᠤᠨ ᠣᠷᠳᠣᠨ ᠳᠤ ᠠᠵᠢᠯ ᠰᠢᠯᠵᠢᠭᠰᠡᠨ ᠤ ᠪᠠᠨ ᠲᠠᠷᠠᠭ᠎ᠠ᠂ ᠲᠣᠬᠠᠶᠢᠯᠠᠭᠰᠠᠨ ᠠᠵᠢᠯ  ᠢᠶᠠᠨ ᠰᠠᠶᠢᠳᠣᠷ ᠪᠡᠶᠡᠯᠡᠬᠦᠯᠬᠦ ᠶᠢᠨ ᠲᠠᠭᠠᠣ ᠠᠵᠢᠯ ᠤᠨ ᠴᠢᠯᠦᠭᠡᠨ ᠤ ᠣᠷᠠᠯᠢᠭᠴᠢᠨ ᠤ ᠬᠤᠪᠢ ᠪᠠᠷ ᠣᠯᠠᠨ ᠣᠳᠠᠭ᠎ᠠ  ᠶᠢᠨ ᠣᠷᠠᠯᠢᠭ ᠤᠨ ᠮᠦᠷᠦᠶᠢᠴᠡᠭᠡᠨ ᠪᠠ ᠲᠣᠭᠯᠠᠯᠳᠡ ᠳᠤ ᠣᠷᠣᠯᠴᠠᠵᠣ᠂ ᠬᠤᠰᠢᠭᠤ᠂ ᠬᠤᠳᠡ ᠬᠤᠶᠠᠷ ᠱᠠᠳᠣᠨ ᠤ ᠱᠠᠩᠨᠠᠯ ᠢ ᠲᠣᠰᠴᠣ ᠶᠠᠪᠣᠭᠰᠠᠨ ᠪᠦᠭᠡᠳ 2006 ᠣᠨ ᠠᠴᠠ ᠦᠪᠡᠷᠳᠡᠭᠡᠨ ᠵᠠᠰᠠᠬᠤ ᠣᠷᠣᠨ ᠤ ᠣᠯᠠᠨ ᠲᠦᠮᠡᠨᠴᠢ ᠰᠣᠶᠣᠯ ᠤᠨ ᠦᠵᠡᠬᠦᠯᠦᠯᠭᠡ ᠶᠢᠨ ᠲᠣᠭᠯᠠᠯᠳᠠ ᠳᠤ ᠭᠤᠷᠪᠠᠨ ᠵᠢᠯ ᠲᠠᠷᠠᠭᠠᠯᠠᠨ ᠣᠷᠣᠯᠴᠠᠵᠣ ᠠᠯᠳᠠᠨ ᠮᠧᠳᠠᠯ   ᠢᠶᠠᠷ ᠱᠠᠩᠨᠠᠭᠤᠯᠵᠣ ᠶᠠᠪᠣᠵᠠᠢ᠃    
       ᠬᠦ᠊  ᠄ ᠲᠠ ᠡᠩ ᠤᠨ ᠴᠠᠭ ᠠᠵᠢᠯ ᠤᠨ ᠴᠢᠯᠦᠭᠡᠨ ᠳᠡᠭᠡᠨ ᠵᠢᠷᠤᠭ ᠰᠡᠬᠦᠳᠡᠷ ᠲᠦᠷᠰᠣ ᠰᠢᠩᠭᠡᠭᠡᠯᠳᠡ ᠬᠢᠬᠦ ᠲᠣᠷ᠎ᠠ ᠪᠠᠭ᠋ᠠᠳᠠᠢ ᠪᠠᠶᠢᠯ᠎ᠠ ᠭᠡᠰᠡᠨ᠂ ᠲᠡᠭᠡᠭᠡᠳ ᠪᠠᠰᠨ ᠣᠳᠣ ᠴᠠᠭ ᠤᠨ ᠣᠷᠣᠰᠬᠠᠯ ᠪᠣᠯᠵᠣ ᠬᠦᠭᠵᠢᠵᠣ ᠪᠠᠶᠢᠭ᠎ᠠ  ᠪᠢᠴᠢᠯ ᠺᠢᠨᠣ᠋ ᠵᠢᠷᠣᠭᠯᠠᠵᠣ ᠰᠡᠬᠦᠳᠡᠷᠯᠡᠭᠡᠳ ᠠᠮᠵᠢᠯᠳᠠ ᠣᠯᠣᠯ᠎ᠠ ᠭᠡᠵᠣ ᠮᠡᠳᠡᠭᠡ ᠵᠠᠭᠤᠴᠢᠯᠠᠭᠤᠷ ᠲᠡᠭᠡᠷ᠎ᠡ ᠲᠠᠮᠵᠢᠭᠳᠠᠵᠣ ᠪᠠᠶᠢᠭᠰᠠᠨ᠂ ᠡᠬᠦᠨ ᠤ ᠪᠠᠨ ᠲᠣᠬᠠᠢ ᠶᠠᠷᠢᠭᠠᠳ ᠦᠭᠬᠦᠨ᠎ᠡ ᠦᠦ︖        ᠪᠠ᠊  ᠄  ᠦ  ᠂   ᠲᠠ ︽ᠨᠠᠨᠳᠢᠨ ᠬᠠᠶᠢᠷ᠎ᠠ︾   ᠶᠢ ᠭᠡᠯᠡᠵᠣ ᠪᠠᠶᠢᠨ᠎ᠠ ᠰᠢᠳᠡ᠃ ᠴᠠᠭᠠᠨ ᠬᠤᠯᠣᠭᠠᠨ᠎ᠠ ᠵᠢᠯ  ᠤᠨ ᠴᠠᠭᠠᠨ ᠰᠠᠷ᠎ᠠ ᠪᠠᠷ ᠦᠬᠠᠨ ᠬᠤᠳᠡ ᠪᠠᠷ ᠡᠬᠢᠯᠡᠵᠣ ᠲᠡᠯᠭᠡᠷᠡᠵᠣ ᠲᠦᠭᠡᠭᠰᠡᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠲᠦᠭ ᠲᠦᠮᠡᠨ ᠢ ᠰᠣᠴᠢᠭᠠᠨ ᠭᠡᠯᠮᠡᠭᠳᠡᠬᠦᠯᠵᠣ᠂ ᠬᠢᠵᠢᠭ ᠢ ᠲᠠᠷᠣᠬᠤ ᠪᠦᠬᠦ ᠠᠷᠠᠳ ᠤᠨ ᠲᠠᠶᠢᠨ ᠣᠯᠣᠰ ᠭᠡᠪᠴᠢᠶᠡᠨ᠎ᠡ ᠦᠷᠨᠢᠵᠣ᠂  ᠡᠮᠴᠢ ᠰᠣᠪᠢᠯᠠᠭᠴᠢᠳ ‍ᠤᠨ‌‍ᠬᠦ᠋ᠮᠣᠰ ᠤᠨ ᠰᠡᠳᠬᠢᠯ ᠢ ᠲᠣᠭᠳᠣᠯᠣᠭᠤᠯᠣᠭᠰᠠᠨ ᠦᠢᠯᠡ ᠭᠡᠷᠡᠭ ᠮᠢᠨᠣ ᠰᠡᠳᠬᠢᠯ ᠢ ᠮᠠᠰᠢ ᠬᠦᠳᠡᠯᠭᠡᠪᠡ᠃ ᠪᠢ ᠪᠣᠯ ᠡᠮᠴᠢ ᠰᠣᠪᠢᠯᠠᠭᠴᠢᠳ ᠤᠨ ᠠᠴᠢ ᠪᠠᠷ ᠬᠤᠶᠠᠳᠡᠬᠢ ᠠᠮᠢ  ᠪᠠᠨ ᠣᠯᠣᠭᠰᠠᠨ ᠬᠦᠮᠦᠨ᠃ ᠲᠡᠳᠡᠨᠡᠷ ᠤᠨ ᠡᠷᠦᠭᠡ ᠭᠡᠷ ᠢᠶᠠᠨ ᠣᠷᠬᠢᠨ ᠦᠪᠡᠷ ᠢ ᠪᠠᠨ ᠦᠷᠡᠭᠳᠡᠬᠦᠯᠦᠨ ᠡᠮᠣᠨ᠎ᠡ ᠹᠷᠣᠨᠲ ᠲᠤ ᠬᠦᠷᠴᠣ ᠪᠠᠶᠢᠯᠳᠣᠨ ᠲᠡᠮᠡᠴᠡᠭᠰᠡᠨ ᠰᠦᠷᠳᠡᠰᠢ ᠦᠬᠡᠢ ᠠᠭᠤᠣ ᠵᠣᠷᠢᠭ ᠢᠷᠠᠭᠤ ᠦᠢᠯᠡᠰ ᠪᠠᠶᠢᠭᠰᠠᠨ ᠦᠬᠡᠢ ᠪᠣᠯ ᠪᠢᠳᠡᠨ ᠤ ᠠᠮᠣᠷ ᠲᠠᠶᠢᠪᠣᠩ ᠠᠮᠢᠳᠣᠷᠡᠯ ᠬᠠᠨᠠᠰᠨ ᠪᠠᠶᠢᠵᠣ ᠴᠢᠳᠠᠬᠤ ᠪᠣᠢ︖ ᠪᠢᠳᠡ ᠲᠡᠳᠡᠨᠡᠷ ᠢᠶᠠᠨ ᠮᠠᠭᠳᠠᠨ ᠲᠠᠭᠤᠯᠠᠬᠤ ᠦᠬᠡᠢ ᠦᠭᠡᠷ᠎ᠡ ᠭᠡᠨ ᠢ ᠮᠠᠭᠳᠠᠨ ᠲᠠᠭᠤᠯᠠᠬᠤ ᠪᠣᠢ︖ ᠡᠨᠡ ᠵᠢᠯ ᠤᠨ ᠬᠤᠶᠠᠷ ᠰᠠᠷ᠎ᠠ ᠶᠢᠨ ᠲᠣᠮᠳᠠᠴᠢ ᠳᠤ᠂ ᠪᠢ ᠲᠦᠪ ᠲᠧᠯᠸᠢᠰ ᠨᠡᠪᠳᠡᠷᠡᠬᠦᠯᠭᠡ ᠶᠢ ᠦᠵᠡᠵᠦ ᠪᠠᠶᠢᠭᠠᠳ ᠡᠯ᠎ᠡ ᠮᠣᠵᠢ ᠬᠤᠳᠠ ᠶᠢᠨ ᠦᠬᠠᠨ  ᠳᠤ ᠬᠦᠷᠴᠤ  ᠬᠢᠵᠢᠭ ᠢ ᠰᠡᠷᠭᠡᠶᠢᠯᠡᠬᠦ ᠤᠲᠤᠭ᠎ᠠ ᠦᠭᠡᠢ ᠲᠠᠶᠢᠨ ᠳᠤ ᠣᠷᠣᠯᠴᠠᠭᠠᠳ ᠲᠠᠶᠢᠰᠣᠨ ᠢᠶᠠᠨ ᠲᠠᠷᠣᠵᠣ ᠲᠠᠷᠬᠠᠨ ᠴᠣᠯᠨ ᠪᠠᠨ ᠮᠠᠨᠳᠣᠭᠤᠯᠣᠨ᠂ ᠲᠠᠬᠢᠨ ᠲᠠᠶᠢᠨ ᠤ ᠲᠠᠯᠠᠪᠣᠷ ᠠᠴᠠ ᠪᠣᠴᠠᠵᠦ  ᠪᠠᠶᠢᠭ᠎ᠠ ᠮᠡᠳᠡᠭᠡᠯᠡᠯ ᠤᠨ ᠳᠣᠲᠤᠷ᠎ᠠ ᠠᠴᠠ ᠥᠪᠥᠷ ᠮᠣᠩᠭᠤᠯ ᠠᠴᠠ ᠲᠣᠮᠢᠯᠠᠭᠰᠠᠨ ᠡᠮᠨᠡᠯᠭᠡ ᠶᠢᠨ ᠠᠩᠬᠢ ᠶᠢᠨ ᠬᠢᠨ ᠲᠠᠶᠢᠰᠣᠨ ᠢᠶᠠᠨ ᠲᠠᠷᠣᠵᠣ ᠲᠠᠷᠬᠠᠨ ᠴᠣᠯᠨ ᠪᠠᠨ ᠮᠠᠨᠳᠣᠭᠤᠯᠣᠨ ᠢᠯᠡᠯᠳᠡ ᠲᠠᠢ ᠪᠠᠷ ᠣᠷᠳᠤᠰ ᠬᠤᠳᠠ ᠶᠢᠨ ᠨᠢᠰᠭᠡᠯ ᠤᠨ ᠪᠠᠭᠤᠳᠠᠯ ᠳᠤ  ᠪᠣᠴᠠᠨ ᠢᠷᠡᠵᠣ ᠪᠠᠭᠤᠬᠤ ᠳᠤ ᠣᠷᠣᠨ ᠤ ᠨᠠᠮ ᠵᠠᠰᠠᠭ ᠤᠨ ᠤᠳᠤᠷᠢᠳᠤᠯᠭ᠎ᠠ ᠨᠠᠷ ᠣᠷᠣᠭᠰᠢ ᠬᠦᠷᠴᠦ ᠤᠭᠳᠤᠨ ᠠᠪᠴᠦ ᠪᠠᠶᠢᠭ᠎ᠠ ᠦᠵᠡᠭᠳᠡᠯ ᠢ ᠦᠵᠡᠭᠡᠳ ᠦᠪᠡᠷ ᠤᠨ ᠡᠷᠬᠡ ᠦᠭᠡᠢ ᠰᠡᠳᠬᠢᠯ ᠬᠦᠳᠡᠯᠵᠣ ᠰᠠᠨᠠᠭ᠎ᠠ ᠣᠷᠭᠤᠪᠠ᠃ ᠲᠡᠭᠡᠭᠡᠳ ᠲᠡᠮᠡᠢ ᠬᠤᠶᠠᠷ ᠡᠳᠦᠷ ᠪᠣᠯᠣᠯ ᠦᠬᠡᠢ ᠪᠢᠴᠢᠯ  ᠵᠦᠴᠦᠭᠡ ᠶᠢᠨ ᠵᠣᠬᠢᠶᠠᠯ ᠲᠣᠭᠤᠷᠪᠢᠵᠣ᠂ ᠲᠡᠳᠡᠭᠡᠷ ᠮᠣᠩᠭᠤᠯ ᠦᠨᠳᠦᠰᠦᠲᠡᠨ ᠤ ᠴᠠᠭᠠᠨ ᠴᠠᠮᠴᠠᠳᠠᠨ ᠡᠮᠴᠢ ᠰᠣᠪᠢᠯᠠᠭᠴᠢᠳ ᠤᠨ ᠠᠷᠠᠳ ᠣᠯᠠᠨ ᠤ ᠠᠮᠢ ᠨᠠᠰᠣ ᠠᠮᠣᠷ ᠠᠮᠣᠭᠤᠯᠠᠩ ᠤᠨ ᠲᠦᠯᠦᠭᠡ  ᠭᠡᠷ ᠪᠦᠯᠢ ᠪᠠᠨ ᠣᠷᠬᠢᠨ ᠣᠯᠣᠰ ᠭᠡᠷ ᠢᠶᠠᠨ ᠪᠣᠳᠣᠵᠣ᠂  ᠡᠮᠣᠨ᠎ᠡ ᠹᠷᠣᠨᠲ ᠲᠤ ᠭᠠᠪᠰᠢᠭᠠᠶᠢᠯᠠᠨ᠂ ᠠᠷᠦ ᠭᠡᠷ ᠤᠨ ᠬᠦᠮᠦᠰ ᠤᠨ ᠬᠢᠨᠢ ᠬᠦᠴᠢᠷ ᠢ ᠲᠡᠪᠴᠢᠨ ᠬᠦᠴᠦᠳᠠᠢ ᠵᠦᠪᠰᠢᠶᠡᠨ ᠲᠡᠮᠵᠢᠭᠰᠡᠨ ᠦᠯᠢᠭᠡᠷ   ᠢᠶᠠᠷ ᠰᠡᠳᠦᠪᠯᠡᠨ ︽ᠨᠠᠨᠳᠢᠨ ᠬᠠᠶᠢᠷ᠎ᠠ︾ ᠭᠡᠬᠦ ᠪᠢᠴᠢᠯ ᠺᠢᠨᠤ᠋ ᠶᠢᠨ ᠵᠥᠴᠦᠭᠡ ᠶᠢ ᠨᠠᠶᠢᠷᠠᠭᠤᠯᠣᠨ ᠪᠢᠴᠢᠭᠰᠡᠨ ᠶᠤᠮ᠃ ᠲᠤᠰ  ᠵᠥᠴᠦᠭᠡ ᠶᠢ ᠮᠠᠨ ᠤ ᠪᠠᠭᠠᠷᠢᠨ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠬᠡᠰᠡᠭ ᠪᠥᠯᠥᠭ ᠲᠣᠭᠯᠠᠭᠴᠢᠳ ᠭᠤᠣᠯᠴᠢᠯᠠᠨ ᠲᠣᠭᠯᠠᠵᠦ᠂ ᠬᠤᠰᠢᠭᠤᠨ ᠤ ᠵᠠᠮ ᠬᠠᠷᠢᠯᠴᠠᠭᠠᠨ ᠤ ᠴᠠᠭᠳᠠᠭ᠎ᠠ ᠨᠠᠷ ᠠᠴᠠ ᠬᠠᠪᠰᠣᠷᠣᠨ ᠲᠣᠭᠯᠠᠵᠠᠢ᠃ ᠮᠠᠨ ᠤ ᠬᠤᠰᠢᠭᠤᠨ ᠤ ᠤᠯᠠᠭᠠᠨᠮᠦ᠋ᠴᠢᠷ ᠤᠨ ᠠᠯᠳᠠᠷᠲᠦ ᠺᠢᠨᠤ᠋ ᠲᠣᠭᠯᠠᠭᠴᠢ᠂ ᠤᠯᠤᠰ ᠤᠨ ᠨᠢᠭᠡᠳᠦᠭᠡᠷ ᠲᠡᠰ ᠤᠨ ᠲᠣᠭᠯᠠᠭᠴᠢ᠂ ᠤᠳᠤᠷᠢᠳᠣᠭᠠᠴᠢ ᠮ᠊ · ᠲᠣᠷᠵᠢ ᠭᠤᠸᠠᠢ ᠪᠡᠶ᠎ᠡ ᠪᠠᠷ ᠢᠶᠠᠨ ᠲᠣᠭᠯᠠᠨ ᠤᠳᠤᠷᠢᠳᠤᠭᠰᠠᠨ ᠶᠣᠮ᠃ ︽ᠨᠠᠨᠳᠢᠨ ᠬᠠᠶᠢᠷ᠎ᠠ︾ ᠣᠳᠣᠬᠠᠨ` ᠤ ᠬᠢᠵᠢᠭ ᠤᠨ ᠪᠠᠶᠢᠳᠠᠯ ᠢ ᠡᠰᠡᠷᠭᠦᠴᠡᠬᠦ ᠤᠳᠠᠭᠠᠨ ᠲᠠᠭᠠᠭᠠᠮᠠᠭᠠᠢ ᠠᠷᠠᠳ ᠤᠨ ᠲᠠᠶᠢᠨ ᠢ ᠬᠠᠷᠠᠭᠤᠯᠤᠭᠰᠠᠨ ᠪᠢᠴᠢᠯ ᠺᠢᠨᠤ᠋ ᠶᠢᠨ ᠪᠦᠲᠦᠭᠡᠯ ᠪᠣᠯᠵᠣ ᠴᠢᠳᠠᠵᠠᠢ᠃ ᠲᠣᠰ ᠺᠢᠨᠤ᠋ ᠶᠢ ᠰᠡᠭᠦᠳᠡᠷᠯᠡᠨ ᠣᠶᠢᠯᠡᠳᠬᠦ ᠳᠤ ᠨᠠᠶᠢᠵᠢ  ᠮ᠊ · ᠲᠣᠷᠵᠢ ᠭᠤᠸᠠᠢ ᠯᠢᠶᠤᠤᠨᠢᠩ ᠮᠣᠵᠢ ᠶᠢᠨ ᠵᠢᠨᠵᠸᠦ  ᠬᠤᠳᠠ ᠠᠴᠠ ᠰᠠᠶᠢᠨ ᠨᠠᠶᠢᠵᠠ ᠺᠢᠨᠤ᠋ ᠤᠳᠤᠷᠢᠳᠣᠭᠠᠴᠢ ᠸᠠᠩ ᠵᠢᠩ ᠹᠧᠩ᠂ ᠰᠡᠭᠦᠳᠡᠷᠯᠡᠭᠴᠢ ᠺᠠᠩ ᠨᠠᠢ ᠹᠧᠩ ᠢ ᠤᠷᠢᠨ ᠵᠠᠯᠠᠵᠦ ᠨᠢᠭᠡ ᠭᠠᠷᠠᠭ ᠤᠨ ᠳᠣᠲᠤᠷ᠎ᠠ ᠰᠡᠭᠦᠳᠡᠷᠯᠡᠨ ᠪᠥᠲᠦᠭᠡᠭᠰᠡᠨ ᠪᠠᠶᠢᠨ᠎ᠠ᠃ ᠰᠡᠭᠦᠳᠡᠷᠯᠡᠨ ᠤᠶᠢᠯᠡᠳᠥᠭᠰᠡᠨ ᠤ ᠲᠠᠷᠠᠭ᠎ᠠ ᠲᠦᠪ ᠷᠠᠳᠢᠤ᠋ ᠲᠧᠯᠸᠢᠰ ᠲᠠᠪᠴᠠᠩ ᠪᠠ ᠥᠪᠥᠷ ᠮᠣᠩᠭᠤᠯ ᠤᠨ ᠣᠳᠣᠨ ᠲᠧᠯᠸᠢᠰ ᠰᠣᠪᠠᠭ ᠤᠨ ᠲᠠᠪᠴᠠᠩ ᠢᠶᠠᠷ ᠲᠠᠮᠵᠢᠭᠤᠯᠣᠨ ᠦᠵᠡᠭᠴᠢᠳ ᠲᠦᠮᠡᠨ ᠳᠡᠭᠡᠨ ᠰᠣᠨᠢᠷᠬᠠᠭᠤᠯᠤᠭᠰᠠᠨ ᠪᠠᠶᠢᠨ᠎ᠠ᠃  ᠠᠷᠪᠠᠭᠠᠳ ᠵᠢᠯ ᠤᠨ ᠣᠷᠢᠳᠠᠢ᠂ ᠪᠢ  ᠬᠤᠶᠠᠷ ᠣᠳᠠᠭ᠎ᠠ ᠨᠡᠯᠢᠶᠡᠳ ᠣᠷᠳᠣ ᠴᠠᠭ ᠭᠡᠷᠡᠭᠰᠡᠵᠣ  ᠂ ᠣᠷᠢᠳ ᠬᠤᠵᠢᠳ ᠣᠣᠯ ᠤᠨ ᠪᠠᠶᠠᠠᠬᠠᠨ ᠰᠣᠮᠣ ᠶᠢᠨ ᠰᠢᠷᠠᠮᠦ᠋ᠷᠡᠨ ᠭᠠᠴᠠᠭ᠎ᠠ  ᠶᠢᠨ ᠰᠠᠮᠠᠭ᠎ᠠ ᠨᠠᠰᠣᠳᠠᠨ ᠤ ᠮᠣᠩᠭᠤᠯ ᠭᠤᠳᠣᠯ ᠣᠭᠠᠯᠵᠠ ᠬᠠᠳᠬᠤᠨ ᠣᠷᠡᠯᠠᠬᠤ ᠪᠦᠬᠦ ᠶᠠᠪᠣᠴᠨ ᠶᠢ ᠲᠠᠭᠠᠨ ᠰᠡᠬᠦᠳᠡᠷᠯᠡᠵᠣ ᠲᠣᠰᠬᠠᠢ ᠹᠢᠯᠢᠮ ᠦᠢᠯᠡᠳᠴᠣ  ᠂ ᠰᠢᠷᠠᠮᠦ᠋ᠷᠡᠨ ᠰᠣᠮᠣᠨ ᠤ ᠬᠠᠷᠠᠵᠠᠢ ᠭᠠᠴᠠᠭ᠎ᠠ ᠶᠢᠨ ᠵᠢᠨᠵᠢᠷᠮ᠎ᠠ ᠨᠠᠰᠣᠳᠠᠨ   ᠢ ᠰᠣᠷᠪᠣᠯᠵᠢᠯᠠᠵᠣ  ᠢᠰᠡᠭᠡᠢ ᠣᠶᠢᠮᠣᠰᠣ ᠬᠢᠬᠦ ᠪᠦᠬᠦ ᠶᠠᠪᠣᠴᠨ ᠶᠢ ᠰᠡᠬᠦᠳᠡᠷᠯᠡᠨ ᠰᠢᠩᠭᠡᠭᠡᠵᠣ᠂  ᠲᠣᠰᠬᠠᠢ ᠹᠢᠯᠢᠮ ᠦᠢᠯᠡᠳᠴᠣ ᠬᠤᠰᠢᠭᠤᠨ ᠤ ᠷᠠᠳᠢᠣ᠋ ᠲᠧᠯᠸᠢᠰ ᠬᠤᠷᠢᠶ᠎ᠠ ᠳᠤ ᠡᠬᠡ ᠮᠠᠲ᠋ᠧᠷᠢᠶᠠᠯ ᠬᠠᠩᠭᠠᠵᠣ ᠪᠡᠶᠡᠳᠣ ᠪᠣᠰᠣ ᠰᠣᠶᠣᠯ ᠤᠨ ᠦᠪ ᠤᠨ ᠲᠣᠰᠬᠠᠢ ᠰᠡᠳᠦᠪ   ᠢᠶᠠᠷ ᠨᠡᠪᠳᠡᠷᠡᠬᠦᠯᠵᠠᠢ᠃        ᠬᠦ᠊᠄  ᠦᠢᠷ᠎ᠡ ᠶᠢᠨ ᠵᠢᠯ᠂ ᠣᠷᠡᠨ ᠪᠢᠴᠢᠯᠭᠡ ᠶᠢᠨ ᠣᠷᠣᠯᠳᠣᠭᠠᠨ ᠦᠵᠡᠬᠦᠯᠦᠯᠭᠡ ᠶᠢᠨ ᠰᠣᠶᠣᠯ ᠤᠨ ᠠᠵᠢᠯᠯᠠᠭᠠᠨ ᠤ ᠲᠣᠬᠠᠢ ᠰᠣᠷᠪᠦᠯᠵᠢᠯᠠᠵᠣ ᠮᠡᠳᠡᠭᠡᠯᠡᠵᠣ ᠶᠠᠪᠣᠬᠤ ᠳᠠᠭᠠᠨ᠂ ᠲᠠᠨ ᠤ ᠢᠳᠡᠯᠢᠭ᠂ ᠣᠷᠠᠯᠢᠭ ᠣᠷᠡᠨ ᠪᠢᠴᠢᠯᠭᠡ ᠶᠢᠨ ᠪᠦᠳᠦᠭᠡᠯ ᠢ ᠣᠯᠠᠨ ᠬᠠᠷᠠᠵᠣ ᠪᠠᠭ᠋ᠠᠷᠴᠣ ᠪᠠᠶᠢᠯ᠎ᠠ᠃ ᠰᠠᠢᠢ ᠶᠢᠨ ᠦᠢᠯᠠᠭᠠᠭᠰᠠᠨ ᠢᠶᠠᠷ᠂ ᠲᠠ ᠵᠦᠪᠭᠡᠨ ᠭᠤᠷᠪᠠᠭ᠋ᠠᠨ ᠵᠢᠯ ᠮᠣᠩᠭᠤᠯ ᠪᠢᠴᠢᠭ ᠢᠶᠠᠨ ᠦᠵᠡᠭᠰᠡᠨ ᠠᠳᠠᠯ᠎ᠠ᠂ ᠪᠠᠰᠨ ᠮᠣᠩᠭᠤᠯ ᠣᠷᠡᠨ ᠪᠢᠴᠢᠯᠭᠡ ᠶᠢ ᠶᠠᠭᠠᠬᠢᠵᠣ ᠲᠡᠭᠡᠵᠣ ᠴᠢᠳᠠᠮᠠᠭᠠᠢ ᠰᠣᠷᠴᠣ ᠪᠣᠯᠪᠠᠰᠣᠷᠠᠭᠰᠠᠨ ᠪᠣᠢ︖        ᠪᠠ᠊  ᠄  ᠭᠡᠳᠦᠶᠢᠪᠡᠷ ᠭᠤᠷᠪᠠᠨ ᠵᠢᠯ ᠰᠣᠷᠭᠠᠭᠤᠯᠢ ᠳᠤ ᠰᠠᠭᠤᠵᠣ ᠮᠣᠩᠭᠤᠯ ᠭᠡᠯᠨ ᠪᠠᠨ ᠰᠣᠷᠣᠭᠰᠠᠨ ᠪᠣᠯᠪᠠᠴᠣ᠂ ᠪᠢ ᠮᠣᠩᠭᠤᠯ ᠭᠡᠯᠨ ᠮᠣᠩᠭᠤᠯ ᠲᠠᠭᠤᠣ ᠪᠠᠷ ᠢᠶᠠᠨ ᠠᠵᠢᠯ ᠳᠤ ᠭᠠᠷᠴᠣ᠂ ᠮᠣᠩᠭᠤᠯ ᠬᠢᠳᠡᠳ ᠬᠤᠣᠰ ᠭᠡᠯᠨ ᠪᠠᠷ ᠠᠮᠢᠳᠣᠷᠠᠨ ᠵᠢᠳᠬᠦᠵᠣ ᠢᠷᠡᠭᠰᠡᠨ ᠬᠦᠮᠦᠨ ᠰᠢᠣ  ︕  ᠰᠣᠷᠭᠠᠭᠤᠯᠢ ᠳᠤ ᠰᠣᠷᠣᠭᠰᠠᠨ ᠦᠬᠡᠢ ᠭᠡᠵᠣ ᠰᠢᠯᠳᠠᠵᠣ ᠦᠯᠦ ᠪᠣᠯᠣᠨ᠎ᠠ᠂ ᠰᠣᠷᠣᠶ᠎ᠠ ᠭᠡᠰᠡᠨ ᠰᠠᠨᠠᠭ᠎ᠠ ᠵᠣᠷᠢᠭ ᠪᠠᠶᠢᠪᠠᠯ  ᠡᠴᠢᠨᠡᠨ ᠣᠯᠠᠨ ᠭᠤᠷᠪᠠᠨ ᠵᠢᠯ ᠳᠤ ᠠᠷᠪᠢᠨ ᠶᠠᠭᠤᠮ᠎ᠠ ᠣᠷᠣᠯᠳᠣᠵᠣ ᠰᠣᠷᠴᠣ ᠪᠣᠯᠣᠨ᠎ᠠ ᠯᠨ ᠳ᠋ᠠ᠃ ᠪᠢ ᠶᠡᠭᠡ ᠮᠡᠰᠨ ᠵᠠᠰᠠᠯ ᠠᠪᠣᠭᠠᠳ ᠠᠷᠠᠢ ᠬᠠᠭᠠᠰ ᠵᠢᠯ ᠪᠣᠯᠣᠭᠠᠳᠦᠢ᠂ ᠰᠢᠩᠭᠡᠨ ᠰᠦᠮᠦᠰᠣ ᠣᠭᠤᠴᠢᠵᠣ ᠵᠠᠯᠬᠢᠬᠤ ᠳᠠᠭᠠᠨ ᠴᠦ ᠬᠦᠴᠢᠷᠳᠠᠵᠣ ᠵᠣᠪᠠᠵᠣ ᠪᠠᠶᠢᠬᠤ ᠦᠶ᠎ᠡ  ᠪᠠᠷ᠂ ᠲᠣᠬᠠᠶᠢᠯᠠᠪᠠᠯ 2016 ᠣᠨ ᠤ ᠬᠠᠪᠤᠷ ᠠᠴᠠ ᠡᠬᠢᠯᠡᠵᠦ ᠮᠣᠩᠭᠤᠯ ᠣᠷᠠᠨ ᠪᠢᠴᠢᠯᠭᠡ ᠪᠢᠴᠢᠵᠦ ᠣᠷᠣᠯᠳᠣᠵᠠᠢ᠃ ᠣᠣᠯ ᠳᠠᠭᠠᠨ ᠪᠢ ᠪᠣᠰᠤᠳ ᠬᠦᠮᠤᠰ ᠤᠨ ᠪᠢᠴᠢᠬᠦ ᠤᠷᠠᠨ ᠪᠢᠴᠢᠯᠭᠡ ᠶᠢᠨ ᠪᠦᠳᠦᠭᠡᠯ ᠢ ᠪᠠᠭ᠋ᠠᠷᠳᠠᠭ ᠠᠴᠠ ᠪᠢᠰᠢ ᠥᠪᠡᠷᠳᠡᠭᠡᠨ ᠪᠢᠴᠢᠬᠦ ᠰᠠᠭᠤᠷᠢ ᠮᠡᠳᠡᠯᠭᠡ᠂ ᠪᠠᠭᠠᠵᠢ ᠬᠡᠷᠡᠭᠰᠡᠯ ᠶᠠᠭᠤ ᠴᠤ ᠦᠭᠡᠢ ᠪᠠᠶᠢᠭᠰᠠᠨ ᠡ᠃ ᠡᠪᠡᠳᠴᠢᠨ ᠢᠶᠠᠨ ᠰᠤᠪᠢᠯᠠᠵᠣ ᠰᠤᠯᠠ ᠴᠠᠭ ᠢᠶᠠᠷ ᠢᠶᠠᠨ ᠨᠣᠮ ᠪᠢᠴᠢᠭ ᠦᠵᠡᠬᠦ ᠶᠢᠨ ᠲᠠᠭᠠᠤ ᠤᠷᠠᠨ ᠪᠢᠴᠢᠯᠭᠡ ᠣᠷᠣᠯᠳᠣᠵᠦ᠂ ᠴᠠᠭ ᠢ ᠪᠢᠳᠡᠬᠡᠢ ᠲᠠᠯᠠᠭᠠᠷ ᠥᠩᠭᠡᠷᠡᠭᠦᠯᠦᠶ᠎ᠡ ᠭᠡᠰᠡᠨ ᠪᠣᠳᠤᠯ ᠠᠴᠠ ᠡᠬᠢᠯᠡᠵᠦ ᠪᠢᠴᠢᠵᠦ ᠣᠷᠣᠯᠳᠣᠵᠠᠢ᠃ ᠨᠢᠭᠡᠨ ᠡᠳᠦᠷ ᠤᠨ ᠦᠳᠡ ᠶᠢᠨ ᠬᠤᠶᠢᠨ᠎ᠠ ᠪᠢ  ᠬᠤᠰᠢᠭᠤᠨ ᠤ ᠤᠷᠠᠨ ᠪᠢᠴᠢᠯᠭᠡᠴᠢᠳ ᠤᠨ ᠨᠡᠶᠢᠭᠡᠮᠯᠢᠭ ᠤᠨ ᠬᠠᠷᠢᠭᠤᠴᠠᠯᠭᠠᠳᠠᠨ ᠮᠠᠩᠯᠠᠶᠢᠪᠠᠶᠠᠷ ᠪᠠᠭᠰᠢ ᠶᠢ ᠡᠷᠢᠵᠦ ᠣᠴᠢᠭᠠᠳ ᠤᠷᠠᠨ ᠪᠢᠴᠢᠯᠭᠡ ᠶᠢᠨ ᠲᠤᠬᠠᠢ ᠬᠢᠴᠢᠶᠡᠯ ᠲᠠᠶᠢᠯᠤᠮᠵᠢ ᠰᠣᠨᠤᠰᠴᠦ᠂ ᠲᠡᠭᠦᠨ ᠠᠴᠠ ᠦᠰᠦᠨ ᠪᠢᠷ᠂ ᠲᠣᠷᠭᠠᠨ ᠴᠠᠭᠠᠰᠤ ᠵᠡᠷᠭᠡ ᠪᠠᠭᠠᠵᠢ ᠬᠡᠷᠡᠭᠰᠡᠯ ᠣᠯᠵᠦ ᠠᠪᠤᠭᠠᠳ ᠡᠬᠢᠯᠡᠭᠡᠳ ᠪᠢᠴᠢᠵᠵᠣ ᠣᠷᠣᠯᠳᠣᠵᠠᠢ᠃  ᠦᠵᠦᠭ᠂ ᠦᠰᠦᠨ ᠪᠢᠷ ᠢᠶᠠᠷ ᠰᠠᠶᠢᠨ ᠪᠢᠴᠢᠳᠡᠭ ᠮᠠᠩᠯᠠᠶᠢᠪᠠᠶᠠᠷ ᠪᠠᠭᠰᠢ ᠠᠴᠠ ᠦᠰᠤᠨ ᠪᠢᠷ ᠢᠶᠠᠨ ᠶᠠᠭᠠᠬᠢᠵᠦ ᠪᠠᠷᠢᠬᠤ᠂ ᠲᠣᠷᠭᠠᠨ ᠴᠠᠭᠠᠰᠤ ᠪᠠᠨ ᠶᠠᠭᠠᠬᠢᠵᠦ ᠨᠤᠭᠤᠯᠵᠦ ᠱᠣᠭᠤᠮᠳᠠᠬᠤ᠂ ᠠᠩᠬ᠎ᠠ ᠬᠢᠴᠢᠶᠡᠩᠭᠦᠢ ᠲᠢᠭ ᠢ ᠬᠡᠷᠬᠢᠨ ᠪᠢᠴᠢᠬᠦ ᠵᠡᠷᠭᠡ ᠰᠠᠭᠤᠷᠢ ᠮᠡᠳᠡᠯᠭᠡ ᠶᠢ ᠪᠡᠶᠡᠳᠡᠨ ᠵᠢᠭᠠᠭᠰᠠᠨ ᠮᠦᠷᠳᠡᠭᠡᠨ ᠪᠠᠰᠠ ᠨᠢᠵᠡᠭᠡᠳ ᠳᠡᠪᠲᠡᠷ ᠤᠷᠠᠨ ᠪᠢᠴᠢᠯᠭᠡ ᠶᠢᠨ ᠨᠣᠮ ᠰᠡᠳᠬᠦᠯ ᠦᠭᠭᠦᠭᠰᠡᠨ ᠪᠠᠶᠢᠨ᠎ᠠ᠃ ᠢᠩᠬᠢᠭᠡᠳ ᠪᠢ ᠲᠡᠷᠡᠬᠦ ᠨᠣᠮ ᠰᠡᠳᠬᠦᠯ ᠳᠡᠭᠡᠷᠡᠬᠢ ᠤᠷᠠᠨ ᠪᠢᠴᠢᠯᠭᠡᠲᠡᠨ ᠪᠠᠭᠰᠢ ᠨᠠᠷ ᠤᠨ ᠬᠡᠪ ᠨᠠᠮᠪᠠ᠂ ᠭᠠᠷ ᠤᠨ ᠲᠢᠭ ᠢ ᠳᠠᠭᠤᠷᠢᠶᠠᠨ ᠡᠬᠢᠯᠡᠨ ᠪᠢᠴᠢᠵᠦ ᠪᠦᠳᠦᠭᠡᠯ ᠬᠢᠵᠣ ᠣᠷᠣᠯᠳᠤᠭᠰᠠᠨ ᠪᠠᠶᠢᠨ᠎ᠠ᠃ ᠬᠡᠳᠦᠨ ᠵᠢᠯ ᠤᠨ ᠴᠢᠷᠮᠠᠶᠢᠯᠭ᠎ᠠ ᠪᠠᠷ ᠳᠠᠮᠵᠢᠭᠠᠳ᠂ 2017 ᠣᠨ ᠤ ᠵᠣᠨ᠂ ᠪᠠᠭᠠᠷᠢᠨ ᠪᠠᠷᠠᠭᠤᠨ ᠬᠤᠰᠢᠭᠤᠨ ᠤ ᠠᠬᠠᠮᠠᠳ ᠺᠠᠲᠠᠷᠴᠣᠳ ᠤᠨ ᠲᠣᠪᠴᠢᠶ᠎ᠠ ᠠᠴᠠ ᠡᠷᠬᠢᠯᠡᠭᠰᠡᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠲᠠᠯᠠᠨ ᠵᠢᠯ ᠤᠨ ᠣᠢ ᠶᠢ ᠪᠡᠯᠭᠡᠯᠡᠬᠦ ᠤᠷᠠᠨ ᠪᠢᠴᠢᠯᠭᠡ ᠶᠢᠨ ᠤᠷᠤᠯᠳᠤᠭᠠᠨ ᠳᠤ ᠭᠤᠷᠪᠠᠳᠤᠭᠠᠷ ᠲᠡᠰ ᠤᠨ ᠱᠠᠩᠨᠠᠯ ᠬᠦᠷᠲᠡᠵᠠᠢ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠲᠠᠯᠠᠨ ᠵᠢᠯ ᠤᠨ ᠣᠢ ᠵᠢᠴᠢ ᠮᠠᠨᠵᠣᠣᠷ ᠬᠤᠲᠠ ᠶᠢᠨ ᠮᠣᠩᠭᠤᠯ ᠤᠷᠠᠨ ᠪᠢᠴᠢᠯᠭᠡᠲᠡᠨ ᠤ ᠨᠡᠶᠢᠭᠡᠮᠯᠢᠭ ᠪᠠᠶᠢᠭᠤᠯᠤᠭᠳᠠᠭᠰᠠᠨ ᠪᠠᠶᠠᠷ ᠢ ᠪᠡᠯᠭᠡᠯᠡᠬᠦ ︽ᠪᠢᠷ ᠪᠡᠬᠡᠰ ᠢᠶᠠᠷ ᠳᠤᠮᠳᠠᠳᠦ ᠪᠠᠨ ᠤᠶᠠᠩᠭᠠᠯᠠᠵᠦ᠂ ᠬᠢᠯᠢ ᠶᠢᠨ ᠮᠠᠨᠵᠣᠣᠷ ᠢᠶᠠᠨ ᠰᠣᠶᠣᠯ ᠤᠨ ᠬᠤᠲᠠ ᠪᠣᠯᠭᠠᠨ ᠪᠥᠲᠦᠭᠡᠨ ᠪᠠᠶᠢᠭᠤᠯᠬᠤ︾ ᠭᠤᠣᠯ ᠰᠡᠳᠦᠪᠲᠦ ᠮᠣᠩᠭᠤᠯ ᠤᠷᠠᠨ ᠪᠢᠴᠢᠯᠭᠡ ᠶᠢᠨ ᠦᠵᠡᠭᠦᠯᠦᠯᠭᠡ ᠳᠤ ᠣᠷᠣᠯᠴᠠᠭᠰᠠᠨ ᠦᠨᠡᠮᠯᠡᠯ ᠭᠠᠷᠳᠠᠵᠠᠢ︔ 2018ᠣᠨ ᠤ7ᠰᠠᠷ᠎ᠠ ᠳᠤ ᠪᠠᠭᠠᠷᠢᠨ ᠪᠠᠷᠠᠭᠤᠨ ᠬᠤᠰᠢᠭᠤᠨ ᠤ ᠠᠬᠠᠮᠠᠳ ᠺᠠᠲᠠᠷᠴᠣᠳ ᠤᠨ ᠲᠣᠪᠴᠢᠶ᠎ᠠ ᠠᠴᠠ ᠡᠷᠬᠢᠯᠡᠭᠰᠡᠨ‌ᠥᠭᠡᠷᠡᠴᠢᠯᠡᠯᠲᠡ ᠨᠡᠭᠡᠭᠡᠯᠲᠡ ᠶᠢᠨ ᠲᠦᠴᠢᠨ ᠵᠢᠯ ᠤᠨ ᠣᠢ ᠵᠢᠴᠢ ᠨᠠᠮ ᠪᠠᠶᠢᠭᠤᠯᠤᠭᠳᠠᠭᠰᠠᠨ ᠶᠡᠷᠡᠨ ᠳᠣᠯᠤᠭᠠᠨ ᠵᠢᠯ ᠤᠨ ᠣᠢ ᠶᠢ ᠳᠤᠷᠠᠰᠬᠠᠬᠤ ᠤᠷᠠᠨ ᠪᠢᠴᠢᠯᠭᠡ ᠶᠢᠨ ᠠᠵᠢᠯᠯᠠᠭᠠᠨ ᠳᠤ ᠭᠤᠷᠪᠠᠳᠤᠭᠠᠷ ᠲᠡᠰ ᠤᠨ ᠱᠠᠩᠨᠠᠯ ᠬᠦᠷᠲᠡᠵᠠᠢ᠃ 8 ᠰᠠᠷ᠎ᠠ ᠳᠤ  ᠂ ᠣᠯᠠᠭᠠᠨᠬᠠᠳᠠ ᠬᠤᠲᠠ ᠶᠢᠨ ᠰᠠᠬᠢᠯᠭ᠎ᠠ ᠪᠠᠲᠦ ᠪᠠᠶᠢᠴᠠᠭᠠᠬᠤ ᠬᠤᠷᠢᠶ᠎ᠠ᠂ ᠬᠢᠨᠠᠨ ᠪᠠᠶᠢᠴᠠᠭᠠᠬᠤ ᠵᠥᠪᠯᠡᠯ ᠠᠴᠠ ᠡᠷᠬᠢᠯᠡᠭᠰᠡᠨ ︽ᠠᠷᠢᠭᠤᠨ ᠴᠢᠭᠡᠴᠢ ᠬᠡᠪ ᠰᠤᠷᠲᠠᠯ᠂ ᠪᠠᠭ᠋ᠠᠷᠣᠯ ᠢ ᠲᠠᠲᠠᠭᠰᠠᠨ ᠣᠯᠠᠭᠠᠨᠬᠠᠳᠠ︾ ᠬᠡᠮᠡᠬᠦ ᠰᠡᠳᠥᠪᠲᠦ ᠪᠦᠬᠦ ᠬᠤᠲᠠ ᠶᠢᠨ ᠴᠡᠪᠡᠷ ᠴᠢᠭᠡᠴᠢ ᠰᠣᠶᠣᠯ ᠤᠨ ᠪᠦᠲᠦᠭᠡᠯ ᠤᠨ ᠮᠣᠩᠭᠤᠯ ᠤᠷᠠᠨ ᠪᠢᠴᠢᠯᠭᠡ ᠶᠢᠨ ᠳᠤᠭᠤᠶᠢᠯᠠᠩ ᠤᠨ ᠰᠢᠯᠢᠳᠡᠭ ᠱᠠᠩᠨᠠᠯ ᠢ ᠲᠣᠰᠴᠠᠢ᠃ 12 ᠰᠠᠷ᠎ᠠ ᠳᠤ ᠠᠷᠣ ᠬᠤᠷᠴᠢᠨ ᠬᠤᠰᠢᠭᠤᠨ ᠳᠤ ᠪᠣᠯᠣᠭᠰᠠᠨ ᠥᠭᠡᠷᠡᠴᠢᠯᠡᠯᠲᠡ ᠨᠡᠭᠡᠭᠡᠯᠲᠡ ᠶᠢᠨ ᠲᠦᠴᠢᠨ ᠵᠢᠯ ᠤᠨ ᠣᠢ  ᠶᠢ ᠳᠣᠷᠠᠰᠬᠠᠨ ᠲᠡᠮᠳᠡᠭᠯᠡᠬᠦ ︽ᠪᠡᠭᠡ ᠶᠢᠨ ᠦᠨᠦᠷ︾ ᠤᠷᠠᠨ ᠪᠢᠴᠢᠯᠭᠡ ᠶᠢᠨ ᠤᠷᠤᠯᠳᠤᠭᠠᠨ ᠳᠤ ᠰᠢᠯᠢᠳᠡᠭ ᠱᠠᠩᠨᠠᠯ ᠢ  ᠬᠦᠷᠲᠡᠵᠠᠢ  ︔ 2019 ᠣᠨ ᠤ 8 ᠰᠠᠷ᠎ᠠ ᠳᠤ ᠨᠠᠢᠮᠠᠨ ᠮᠤᠵᠢ ᠣᠷᠣᠨ ᠤ ︽ᠪᠣᠯᠣᠷ ᠡᠷᠢᠬᠡ︾  ᠮᠣᠩᠭᠤᠯ ᠤᠷᠠᠨ ᠪᠢᠴᠢᠯᠭᠡ ᠶᠢᠨ ᠦᠵᠡᠭᠦᠯᠦᠯᠭᠡ ᠳᠤ ᠮᠢᠨᠤ ᠪᠥᠲᠦᠭᠡᠯ  ᠰᠣᠩᠭᠤᠭᠳᠠᠪᠠ᠃ 12 ᠰᠠᠷ᠎ᠠ ᠳᠤ᠂ ᠪᠠᠭᠠᠷᠢᠨ ᠪᠠᠷᠠᠭᠤᠨ ᠬᠤᠰᠢᠭᠤᠨ ᠤ ᠤᠷᠠᠨ ᠪᠢᠴᠢᠯᠭᠡᠲᠡᠨ ᠤ ᠨᠡᠶᠢᠭᠡᠮᠯᠢᠭ  ᠠᠴᠠ ᠨᠠᠳᠠᠳᠣ ︽2018 ᠣᠨ ᠤ ᠤᠷᠠᠨ ᠪᠢᠴᠢᠯᠭᠡ ᠶᠢᠨ ᠵᠣᠬᠢᠶᠠᠨ ᠪᠥᠲᠦᠭᠡᠬᠦ ᠠᠵᠢᠯ ᠳᠤ ᠲᠣᠪᠣᠶᠢᠮ᠎ᠠ ᠠᠮᠵᠢᠯᠲᠠ ᠤᠯᠣᠭᠰᠠᠨ︾  ᠰᠠᠶᠢᠰᠢᠶᠠᠯ ᠬᠦᠷᠳᠡᠭᠡᠵᠠᠢ᠃        ᠬᠦ᠊  ᠄ ᠣᠷᠠᠨ ᠪᠢᠴᠢᠯᠭᠡ ᠶᠢ ᠣᠷᠠᠯᠢᠭ ᠲᠡᠳᠦᠢ ᠪᠢᠰᠢ᠂ ᠪᠠᠰᠨ ᠨᠢᠭᠡ ᠵᠦᠢᠯ ᠤᠨ ᠰᠡᠳᠬᠢᠯ ᠤᠨ ᠲᠠᠮᠢᠷ ᠭᠡᠮᠡᠨ ᠦᠵᠡᠵᠣ ᠪᠣᠯᠣᠨ᠎ᠠ᠃ ᠲᠠ ᠣᠷᠠᠯᠢᠭ ᠬᠦᠭᠡᠭᠡᠵᠣ᠂ ᠣᠷᠡᠨ ᠪᠢᠴᠢᠯᠭᠡ ᠬᠢᠵᠣ ᠶᠠᠪᠣᠭᠰᠠᠨ ᠢᠶᠠᠷ ᠢᠶᠠᠨ ᠮᠠᠰᠢ ᠪᠠᠶᠠᠰᠣᠩᠭᠤᠢ ᠵᠣᠯᠢ ᠲᠠᠢ ᠯᠨ ᠦᠳᠡᠯᠦᠭᠡ ᠨᠠᠰᠣ   ᠪᠠᠨ ᠡᠬᠢᠯᠡᠵᠣ  ᠪᠠᠶᠢᠨ᠎ᠠ᠃  ︽ᠪᠠᠷᠠᠭᠤᠨ ᠬᠠᠷᠠᠮᠣᠳᠦ ᠭᠠᠴᠠᠭᠠᠨ  ᠤ ᠣᠶᠢᠯᠠᠯᠭ᠎ᠠ︾   ᠳᠤ ᠲᠠᠨ ᠤ ᠭᠡᠷ ᠪᠦᠯᠢ ᠶᠢᠨ ᠪᠦᠷᠢᠯᠳᠦᠬᠦᠨ ᠤ ᠨᠡᠷᠡᠰ ᠢ  ᠲᠡᠮᠳᠡᠭᠯᠡᠵᠣ ᠪᠠᠶᠢᠨ᠎ᠠ᠃ ᠲᠡᠭᠡᠪᠡᠯ ᠲᠠ ᠦᠪᠡᠷ ᠤᠨ ᠭᠡᠷ ᠪᠦᠯᠢ ᠶᠢᠨ ᠢᠶᠠᠨ ᠠᠵᠢᠯ ᠠᠮᠢᠳᠣᠷᠠᠯ ᠤᠨ ᠪᠠᠶᠢᠳᠠᠯ ᠢᠶᠠᠨ  ᠵᠢᠭᠠᠬᠠᠨ ᠶᠠᠷᠢᠵᠣ ᠪᠣᠯᠬᠤ ᠦᠦ︖        ᠪᠠ᠊  ᠄  ᠲᠡᠭᠡ ᠡ᠃  ᠪᠢ 1956  ᠣᠨ ᠤ 2 ᠰᠠᠷ᠎ᠠ ᠳᠤ ᠣᠣᠯ ᠤᠨ ᠪᠠᠶᠠᠭᠷᠳᠡᠨᠢ ᠨᠢᠭᠡᠳᠦᠯ ᠤᠨ ᠪᠠᠷᠠᠭᠤᠨ ᠬᠠᠷᠠᠮᠣᠳᠣ  ᠭᠠᠴᠠᠭ᠎ᠠ ᠶᠢᠨ ᠳ᠋ᠠ ᠢᠩᠽᠢ ᠲᠣᠭᠤᠶᠢᠯᠠᠩ ᠤᠨ ᠪᠣᠷᠵᠢᠬᠢᠳ ᠣᠪᠣᠭᠳᠣ ᠮᠠᠯᠴᠢᠨ ᠠᠶᠢᠯ ᠤᠨ ᠦᠷ᠎ᠡ ᠶᠢᠨ ᠭᠠᠭᠴᠠ ᠬᠦᠪᠡᠬᠦᠨ ᠪᠣᠯᠵᠣ ᠵᠠᠶᠠᠭᠠᠵᠠᠢ᠃  ᠮᠢᠨᠣ ᠠᠪᠤ ᠨᠣᠮᠣᠨᠵᠢᠷᠦᠭᠡ᠂  ᠡᠵᠢ ᠰᠧᠷᠵᠢᠮᠧᠳᠡᠭ ᠭᠡᠳᠡᠭ  ᠂  ᠪᠦᠷ ᠦᠨᠳᠦᠷ ᠨᠠᠰᠣᠳᠠᠢ ᠦᠭᠡᠳᠠ ᠪᠣᠯᠵᠠᠢ᠃  ᠮᠢᠨᠣ ᠪᠡᠶ᠎ᠡ ᠪᠠᠭᠠᠷᠢᠨ ᠪᠠᠷᠠᠭᠤᠨ ᠬᠤᠰᠢᠭᠤᠨ ᠤ ᠰᠣᠶᠣᠯ ᠤᠨ ᠣᠷᠳᠣᠨ ᠠᠴᠠ ᠠᠵᠢᠯ ᠤᠨ ᠠᠮᠠᠷᠠᠯᠳᠠ ᠪᠠᠨ ᠠᠪᠴᠠᠢ᠃ ᠮᠢᠨᠣ ᠡᠭᠡᠨᠡᠷ ᠣᠷᠢᠶᠠᠩᠬᠠᠢ ᠣᠪᠣᠭᠳᠠᠢ ᠰᠠᠩᠴᠣᠮ᠎ᠠ ᠭᠡᠳᠡᠭ ᠂  ᠣᠩᠨᠢᠭᠤᠳ ᠬᠤᠰᠢᠭᠤᠨ ᠤ ᠭᠡᠷᠰᠡᠩ ᠰᠣᠮᠣ ᠪᠠᠷ ᠲᠦᠷᠬᠦᠮ ᠲᠠᠢ᠃ ᠪᠠᠭ᠎ᠠ ᠰᠣᠷᠭᠠᠭᠤᠯᠢ ᠶᠢᠨ ᠲᠡᠭᠡᠳᠣ ᠲᠡᠰ  ᠤᠨ ᠪᠠᠭᠰᠢ ᠶᠢᠨ ᠴᠣᠯᠨ ᠲᠠᠢ ᠠᠵᠢᠯ ᠠᠴᠠ ᠪᠠᠨ ᠠᠮᠠᠷᠠᠵᠠᠢ  ᠂ ᠴᠣᠯ ᠮᠣᠩᠭᠤᠯ ᠢᠶᠠᠷ ᠢᠶᠠᠨ ᠰᠣᠷᠴᠣ ᠪᠠᠭᠰᠢ ᠶᠢᠨ ᠰᠣᠷᠭᠠᠭᠤᠯᠢ ᠲᠡᠬᠦᠰᠴᠣ ᠭᠡᠰᠡᠨ ᠢᠶᠠᠷ ᠢᠶᠠᠨ ᠲᠦᠷᠪᠡᠨ ᠵᠢᠯ ᠤᠨ ᠡᠮᠣᠨ᠎ᠡ ᠨᠠᠳᠠᠴᠨ ᠣᠷᠢᠳᠠᠵᠣ ︽ᠮᠣᠩᠭᠤᠯ ᠠᠷᠠᠳ  ᠤᠨ ᠠᠮᠠᠨ ᠦᠯᠢᠭᠡᠷ︾ ︽ᠮᠣᠩᠭᠤᠯ ᠠᠷᠠᠳ ᠤᠨ ᠵᠦᠢᠷ ᠰᠡᠴᠡᠨ ᠦᠭᠡ︾ ᠭᠡᠮᠡᠬᠦ ᠬᠤᠶᠠᠷ ᠲᠡᠭᠦᠪᠦᠷᠢ ᠨᠣᠮ ᠨᠠᠶᠢᠷᠠᠭᠤᠯᠣᠨ ᠭᠡᠪᠯᠡᠬᠦᠯᠴᠢᠭᠡᠵᠠᠢ ︵ᠬᠦᠬᠦᠷᠡᠨ ᠢᠨᠢᠶᠡᠪᠡ︶᠃ ᠪᠢᠳᠡ ᠬᠤᠶᠠᠭᠤᠯᠨ ᠠᠴᠠ ᠬᠤᠶᠠᠷ ᠬᠦᠦ ᠨᠢᠭᠡ ᠭᠡᠣᠭᠡᠨ ᠲᠠᠢ ᠶᠣᠮ᠂ ᠴᠦᠮ ᠰᠣᠷᠭᠠᠭᠤᠯᠢ ᠰᠣᠶᠣᠯ ᠤᠨ ᠮᠦᠷ ᠬᠦᠭᠡᠭᠡᠵᠣ᠂ ᠠᠵᠢᠯ ᠠᠯᠪᠠᠨ ᠳᠤ ᠭᠠᠷᠣᠭᠠᠳ  ᠠᠰ ᠠᠰ ᠲᠠᠭᠠᠨ ᠠᠶᠢᠯ ᠭᠡᠷ ᠪᠠᠶᠢᠭᠤᠯᠣᠭᠠᠳ ᠦᠷ᠎ᠡ ᠶᠢᠨ ᠰᠠᠶᠢᠬᠠᠨ ᠢ ᠦᠵᠡᠬᠦᠯᠵᠣ ᠦᠢᠯᠡᠰ ᠤᠨ ᠰᠠᠶᠢᠬᠠᠨ ᠳᠠᠭᠠᠨ ᠮᠡᠷᠡᠶᠢᠵᠣ ᠪᠠᠶᠢᠨ᠎ᠠ᠃ ᠶᠡᠭᠡ ᠬᠦᠦ᠂ ᠬᠦᠦ ᠪᠡᠷᠢ᠂ ᠭᠡᠣᠭᠡᠨ᠂ ᠭᠦᠷᠭᠡᠨ ᠴᠦᠮ ᠬᠤᠰᠢᠭᠤ ᠨᠣᠳᠤᠭ ᠤᠨ ᠢᠶᠠᠨ ᠲᠣᠮᠳᠠᠳᠣ ᠪᠠᠭ᠎ᠠ ᠰᠣᠷᠭᠠᠭᠤᠯᠢ ᠪᠠᠷ ᠬᠢᠴᠢᠶᠡᠯ ᠵᠢᠭᠠᠵᠣ᠂ ᠪᠠᠭ᠎ᠠ ᠬᠦᠦ ᠵᠧᠵᠢᠶᠠᠩ ᠬᠠᠩᠵᠧᠣ ᠳᠤ ᠨᠡᠯᠢᠶᠡᠳ ᠬᠤᠭᠤᠴᠠᠭ᠎ᠠ ᠠᠵᠢᠯᠯᠠᠵᠣ ᠪᠠᠶᠢᠭᠰᠠᠨ ᠢᠶᠠᠨ ᠣᠳᠣ ᠲᠡᠭᠡᠳᠣ ᠲᠡᠰ ᠤᠨ ᠢᠨᠵᠧᠨᠧᠷ ᠤᠨ ᠮᠡᠷᠭᠡᠵᠢᠯ ᠤᠨ ᠴᠣᠯᠨ ᠲᠠᠢ ᠱᠠᠨᠳᠦ᠋ᠩ ᠮᠣᠵᠢ ᠶᠢᠨ ᠴᠢᠩᠳᠣᠣ ᠬᠤᠳᠡ ᠳᠤ ᠨᠢᠭᠡᠨ ᠰᠢᠨ᠎ᠡ ᠡᠨᠧᠷᠬᠢ ᠶᠢᠨ ᠮᠠᠲ᠋ᠧᠷᠢᠶᠠᠯ ᠰᠣᠳᠣᠯᠬᠤ ᠬᠦᠷᠢᠶᠡᠯᠡᠩ  ᠤᠨ ᠬᠢᠵᠠᠭᠠᠷᠳᠣ ᠺᠣᠮᠫᠠᠨᠢ ᠳᠤ ᠶᠡᠷᠦᠩᠬᠡᠢ ᠵᠠᠬᠢᠷᠦᠯ ᠤᠨ ᠲᠣᠰᠢᠶᠠᠯ ᠲᠠᠢ ᠠᠵᠢᠯᠯᠠᠵᠣ᠂  ᠰᠢᠨᠵᠢᠶᠠᠩ ᠨᠣᠳᠤᠭ ᠲᠠᠢ ᠬᠦᠦ ᠪᠡᠷᠢ ᠵᠧᠵᠢᠶᠠᠩ ᠶᠡᠭᠡ ᠰᠣᠷᠭᠠᠭᠤᠯᠢ   ᠳᠤ ᠳ᠋ᠣᠺᠲ᠋ᠣᠷ ᠴᠣᠯᠨ ᠬᠠᠮᠠᠭᠠᠯᠠᠵᠣ᠂ ᠣᠳᠣ ᠴᠢᠩᠳᠣᠣ ᠬᠦᠳᠡᠭᠡ ᠠᠵᠣ ᠠᠬᠤᠢ ᠶᠢᠨ ᠶᠡᠭᠡ ᠰᠣᠷᠭᠠᠭᠤᠯᠢ ᠳᠤ ᠪᠠᠭᠰᠢᠯᠠᠵᠣ ᠪᠣᠢ᠃
       ᠬᠦ᠊  ᠄  ᠵᠠ᠂  ᠲᠠᠨ ᠲᠠᠢ ᠦᠨᠦᠳᠦᠷ ᠰᠠᠶᠢᠬᠠᠨ ᠵᠣᠭᠤᠭ ᠲᠡᠯᠭᠡᠭᠰᠡᠨ ᠳᠡᠭᠡᠨ ᠮᠠᠰᠢ ᠣᠯᠵᠠᠭᠤᠷᠬᠠᠵᠣ ᠪᠠᠶᠢᠨ᠎ᠠ᠃  ᠣᠷᠠᠯᠢᠭᠴᠢᠨ ᠠᠬ᠎ᠠ ᠶᠢᠨ ᠠᠵᠢᠯ ᠦᠢᠯᠡᠰ᠂ ᠠᠶᠢᠯ ᠭᠡᠷ ᠠᠯᠢᠪᠠ ᠪᠦᠬᠦᠨ ᠴᠢᠨᠢ ᠮᠠᠰᠢ ᠦᠭᠡᠳᠡ ᠡᠰᠡᠷᠡᠭ ᠪᠠᠶᠢᠨ᠎ᠠ ᠳ᠋ᠠ᠃ ᠲᠠᠨ ᠤ ᠦᠳᠡᠯᠦᠭᠡ ᠨᠠᠰᠣᠨ ᠳᠠᠭᠠᠨ ᠦᠯᠵᠡᠢ ᠪᠣᠶᠠᠨ ᠲᠠᠢ᠂ ᠡᠷᠡᠬᠦᠯ ᠡᠩᠭᠡ ᠪᠠᠶᠠᠰᠣᠨ ᠵᠢᠷᠭᠠᠬᠤ ᠶᠢ ᠵᠦᠩᠨᠡᠶ᠎ᠡ᠃        ᠪᠠ᠊  ᠄  ᠪᠣᠳᠤᠵᠦ ᠬᠦᠰᠡᠭᠰᠡᠨ ᠵᠦᠢᠯ ᠢᠶᠠᠨ ᠡᠪᠡᠳᠴᠢᠨ ᠡᠮᠬᠡᠭ   ᠠᠴᠠ ᠡᠳᠡᠭᠡᠷᠡᠵᠦ ᠡᠷᠡᠭᠦᠯᠰᠢᠭᠰᠡᠨ ᠴᠠᠭ ᠦᠶ᠎ᠡ ᠳᠡᠭᠡᠨ ᠪᠡᠶᠡᠯᠡᠬᠦᠯᠵᠣ᠂ ᠭᠡᠳᠣᠨ ᠶᠠᠭᠤᠮ᠎ᠠ ᠣᠷᠣᠯᠳᠣᠨ ᠪᠦᠳᠦᠭᠡᠵᠣ ᠨᠡᠶᠢᠭᠡᠮ ᠨᠡᠶᠢᠳᠡ ᠳᠡᠭᠡᠨ ᠠᠴᠢ ᠲᠣᠰᠠᠳᠠᠢ ᠵᠢᠭᠠᠬᠠᠨ ᠶᠠᠭᠤᠮ᠎ᠠ ᠨᠡᠮᠡᠷᠢᠯᠡᠯ᠎ᠡ᠃ ︽ᠪᠠᠷᠠᠭᠤᠨ ᠬᠠᠷᠠᠮᠣᠳᠦ ᠭᠠᠴᠠᠭᠠᠨ ᠤ ᠣᠶᠢᠯᠠᠯᠭ᠎ᠠ︾ ᠬᠡᠮᠡᠬᠦ ᠨᠣᠮ   ᠢ ᠪᠠᠨ ᠬᠡᠪᠯᠡᠭᠦᠯᠵᠦ᠂ ᠨᠤᠳᠤᠭ ᠤᠰᠤᠨ ᠤ ᠪᠠᠨ ᠦᠷ᠎ᠡ ᠬᠤᠶᠢᠴᠢᠰ ᠲᠤ ᠦᠯᠡᠳᠡᠭᠡᠵᠦ ᠦᠭᠴᠣ ᠴᠢᠳᠠᠭᠰᠠᠨ ᠳᠠᠭᠠᠨ ᠳᠣᠲᠣᠷ᠎ᠠ ᠮᠠᠨᠢ ᠬᠠᠮᠤᠭ ᠤᠨ ᠶᠡᠭᠡ ᠪᠠᠶᠠᠷ ᠲᠠᠢ ᠪᠠᠶᠢᠨ᠎ᠠ᠃  ᠴᠢᠮᠡᠭᠡᠯᠡᠭᠴᠢ ᠲᠡᠭᠦᠦᠳᠡᠢ ᠲᠠᠨ ᠤ ᠪᠠᠨ ᠴᠠᠭ ᠢᠶᠠᠨ ᠦᠷᠡᠵᠣ ᠰᠣᠷᠪᠣᠯᠵᠢᠯᠠᠭ᠎ᠠ ᠬᠢᠭᠰᠡᠨ ᠳᠤ ᠴᠢᠨᠢ ᠲᠠᠯᠠᠷᠬᠠᠵᠣ  ᠪᠠᠶᠢᠨ᠎ᠠ᠂  ᠲᠠᠨ ᠳᠠᠭᠠᠨ ᠮᠦᠨ ᠡᠩᠬᠡ ᠮᠡᠨᠳᠣ᠂ ᠰᠠᠶᠢᠨ ᠰᠠᠶᠢᠬᠠᠨ ᠢ ᠬᠦᠰᠡᠶ᠎ᠡ︕       ᠬᠦ᠊  ᠄  ᠲᠠ ᠵᠠᠯᠠᠭᠤ ᠬᠠᠯᠠᠭᠤᠨ ᠨᠠᠰᠣᠨ ᠠᠴᠠ ᠪᠠᠨ ᠨᠣᠳᠤᠭ ᠣᠰᠣ ᠪᠠᠨ ᠬᠠᠶᠢᠷᠠᠯᠠᠨ ᠲᠠᠭᠤᠯᠠᠵᠣ ᠮᠠᠯᠴᠢᠨ ᠲᠦᠮᠡᠨ ᠳᠡᠭᠡᠨ ᠮᠠᠰᠢ ᠬᠦᠨᠳᠦᠳᠭᠡᠯ ᠲᠣᠷᠠᠰᠣᠮᠵᠢ ᠲᠠᠢ ᠶᠠᠪᠣᠭᠰᠠᠨ ᠣᠷᠠᠯᠢᠭᠴᠢᠨ ᠬᠦᠮᠦᠨ᠂ ᠲᠠᠨ ᠤ ᠦᠪᠡᠷ ᠢᠶᠠᠨ ᠵᠣᠬᠢᠶᠠᠵᠣ ᠲᠠᠭᠤᠯᠠᠭᠰᠠᠨ ︽ᠨᠣᠳᠤᠭ ᠤᠨ ᠰᠠᠶᠢᠬᠠᠨ ᠪᠠᠭᠠᠷᠢᠨ︾   ᠢ ᠴᠢᠨᠢ ᠲᠠᠬᠢᠨ ᠠᠮᠳᠠᠷᠬᠠᠨ ᠰᠣᠨᠣᠰᠬᠤ ᠶᠢ ᠰᠠᠨᠠᠵᠣ ᠪᠠᠶᠢᠨ᠎ᠠ᠂ ᠠᠶᠠᠯᠭᠤᠯᠴᠢᠬᠠᠬᠤ ᠦᠦ︖        ᠪᠠ᠊  ᠄  ᠲᠡᠭᠡᠶ᠎ᠡ︕        ︽ᠠᠮᠣᠭᠤᠯᠠᠩ ᠲᠦᠷᠢ ᠪᠠᠷ ᠰᠡᠬᠦᠶᠢᠨ ᠰᠦᠨᠳᠡᠷᠯᠡᠭᠰᠡᠨ\ ᠠᠰᠬ᠎ᠠ ᠬᠠᠶᠢᠷᠬᠠᠨ ᠰᠠᠶᠢᠬᠠᠨ ᠬᠠᠨ  ᠲᠠᠢ\ᠠᠴᠢᠯᠠᠯᠳᠣ ᠦᠷ᠎ᠡ ᠪᠠᠨ ᠡᠩᠬᠦᠷᠠᠶᠢᠯᠠᠨ ᠣᠮᠳᠠᠯᠠᠭᠰᠠᠨ\ ᠠᠷᠢᠭᠤᠨ ᠲᠣᠩᠭᠠᠯᠠᠭ ᠴᠠᠭᠠᠨ ᠮᠦᠷᠡᠨ ᠲᠠᠢ᠃ ᠠᠰᠠᠷᠠᠯ ᠬᠠᠶᠢᠷ᠎ᠠ ᠶᠢᠨ ᠲᠣᠯᠠᠭᠠᠨ ᠦᠯᠦᠭᠡᠢ\ᠠᠪᠤ ᠶᠢᠨ ᠨᠣᠳᠤᠭ ᠪᠠᠭᠠᠷᠢᠨ ᠮᠢᠨᠢ\ᠠᠶᠣᠣᠯᠢᠬᠠᠢ ᠴᠡᠭᠡᠵᠢᠨ ᠠᠴᠠ ᠭᠠᠷᠳᠠᠭ ᠦᠬᠡᠢ\ᠠᠰᠢᠳᠠ ᠶᠢᠨ ᠰᠠᠶᠢᠬᠠᠨ ᠣᠷᠣᠨ ᠳ᠋ᠠ︕ ᠁ ᠡᠨᠡᠷᠢᠯ ᠬᠠᠶᠢᠷ᠎ᠡ ᠶᠢᠨ ᠲᠣᠯᠠᠭᠠᠨ ᠦᠯᠦᠭᠡᠢ\ᠡᠵᠢ ᠶᠢᠨ ᠨᠣᠳᠤᠭ ᠪᠠᠭᠠᠷᠢᠨ ᠮᠢᠨᠢ\ᠡᠪᠴᠢᠬᠦᠦ ᠴᠡᠭᠡᠵᠢᠨ ᠳᠤ ᠬᠤᠨᠣᠭᠰᠢᠭᠠᠳ ᠪᠠᠶᠢᠳᠠᠭ\ᠡᠷᠬᠡ ᠵᠢᠷᠭᠠᠯ ᠤᠨ ᠣᠷᠣᠨ ᠳ᠋ᠠ︕︾                2020 . 6 . 16   ᠳᠤ ᠠᠩᠬ᠎ᠠ ᠨᠣᠣᠷᠠᠭᠯᠠᠵᠣ᠂ 6 . 21 ᠳᠤ ᠵᠠᠰᠠᠵᠣ ᠲᠠᠭᠤᠰᠪᠠ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2