ᠣᠷᠡᠨ ᠣᠶᠣᠳᠠᠯᠴᠠᠨ ᠡᠷᠳᠡᠨᠢᠳᠠᠨ᠎ᠠ ᠨᠣᠳᠤᠭ ᠤᠨ ᠮᠠᠯᠴᠢᠳ ᠲᠠᠭᠠᠨ ᠪᠣᠯᠪᠠᠰᠣᠷᠡᠯ ᠬᠦᠷᠳᠡᠭᠡᠪᠡ
ᠨᠡᠶᠢᠲᠡᠯᠡᠭᠰᠡᠨ ᠴᠠᠭ᠄
2020/7/13
     ᠮᠣᠩᠭᠤᠯ ᠬᠤᠪᠴᠠᠰᠣ ᠵᠠᠰᠠᠯ ᠪᠣᠯ ᠦᠨᠳᠦᠰᠦᠳᠡᠨ ᠤ ᠬᠤᠪᠴᠠᠰᠣ ᠵᠠᠰᠠᠯ ᠤᠨ ᠲᠣᠳᠣᠷᠠᠬᠢ ᠨᠢᠭᠡᠨ ᠣᠬᠢ ᠰᠢᠯᠢᠳᠡᠭ ᠭᠤᠸ᠎ᠠ ᠰᠠᠶᠢᠬᠠᠨ ᠤ ᠲᠦᠯᠦᠭᠡᠯᠡᠭᠴᠢ ᠪᠣᠯᠬᠤ ᠶᠣᠮ᠃ ᠮᠣᠩᠭᠤᠯ ᠬᠤᠪᠴᠠᠰᠣ ᠵᠠᠰᠠᠯ ᠢᠶᠠᠨ ᠣᠷᠡᠯᠠᠨ ᠣᠶᠣᠵᠣ᠂ ᠣᠯᠠᠮᠵᠢᠯᠠᠵᠣ ᠰᠣᠷᠭᠠᠵᠣ ᠶᠠᠪᠣᠬᠤ ᠶᠢ ᠨᠠᠰᠣᠨ ᠲᠣᠷᠰᠢᠳᠡ ᠶᠢᠨ ᠬᠦᠰᠡᠯ ᠬᠦᠭᠡᠭᠡᠴᠡᠯᠳᠣᠯ᠂ ᠪᠠᠶᠠᠷ ᠴᠡᠩᠭᠡᠯ ᠢᠶᠠᠨ ᠪᠣᠯᠭᠠᠨ ᠮᠠᠬᠠᠷᠠᠨ ᠵᠢᠳᠬᠦᠵᠣ ᠶᠠᠪᠣᠭᠰᠠᠨ ᠪᠠᠭᠠᠷᠢᠨ ᠮᠣᠩᠭᠤᠯ ᠭᠠᠷ ᠣᠶᠢᠯᠡᠳᠬᠡᠯ ᠤᠨ ᠬᠢᠵᠠᠭᠠᠷᠳᠣ ᠺᠣᠮᠫᠠᠨᠢ ᠶᠢᠨ ︽ᠲᠠᠨ᠎ᠠ ᠮᠣᠩᠭᠤᠯ ᠬᠤᠪᠴᠠᠰᠣ ᠵᠠᠰᠠᠯ︾ ᠲᠡᠯᠭᠡᠬᠦᠷ ᠤᠨ ᠡᠵᠡᠨᠳᠡᠨ᠂ ᠣᠷᠡᠨ ᠣᠶᠣᠳᠠᠯᠴᠠᠨ᠂ ᠣᠷᠣᠨ ᠤ ᠲᠡᠰ ᠤᠨ ᠪᠣᠳᠠᠰ ᠤᠨ ᠪᠣᠰᠣ ᠰᠣᠶᠣᠯ ᠤᠨ ᠦᠪ ᠣᠯᠠᠮᠵᠢᠯᠠᠭᠴᠢ  ᠡᠷᠳᠡᠨᠢᠳᠠᠨ᠎ᠠ᠂ 7  ᠰᠠᠷ᠎ᠠ ᠶᠢᠨ12  ᠤ ᠡᠳᠦᠷ ᠦᠪᠡᠷ ᠤᠨ ᠨᠣᠳᠤᠭ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠣ ᠶᠢᠨ ᠭᠡᠪᠳᠡᠭᠡ ᠬᠠᠳᠠ ᠲᠣᠰᠬᠤᠨ ᠳᠠᠭᠠᠨ ᠬᠦᠷᠴᠣ ᠣᠷ᠎ᠡ ᠮᠡᠷᠭᠡᠵᠢᠯ ᠤᠨ ᠪᠣᠯᠪᠠᠰᠣᠷᠡᠯ ᠠᠩᠬᠢ ᠡᠷᠬᠢᠯᠡᠨ᠂ ᠦᠷᠭᠡᠨ ᠣᠯᠠᠨ ᠮᠠᠯᠴᠢᠨ ᠡᠭᠡᠴᠢ ᠲᠡᠬᠦᠦ ᠨᠡᠷ ᠲᠠᠭᠠᠨ ᠪᠠᠭᠠᠷᠢᠨ ᠮᠣᠩᠭᠤᠯ ᠬᠤᠪᠴᠠᠰᠣ ᠵᠠᠰᠠᠯ ᠣᠶᠣᠵᠣ ᠡᠰᠬᠡᠭᠦ  ᠮᠡᠳᠡᠯᠭᠡ ᠮᠡᠷᠭᠡᠵᠢᠯ ᠬᠦᠷᠳᠡᠭᠡᠵᠠᠢ᠃
      ᠡᠷᠳᠡᠨᠢᠳᠠᠨ᠎ᠠ ᠪᠣᠯ ᠪᠠᠭᠠᠷᠢᠨ ᠪᠠᠷᠠᠭᠤᠨ ᠬᠤᠰᠢᠭᠤᠨ ᠤ ᠵᠢᠷ ᠤᠨ ᠨᠢᠭᠡᠨ ᠮᠠᠯᠴᠢᠨ ᠪᠦᠰᠡᠬᠦᠢ ᠶᠣᠮ  ᠂ ᠲᠡᠷᠨ ᠲᠡᠭᠡᠷ᠎ᠡ ᠵᠠᠭᠤᠨ ᠤ ᠭᠠᠴᠢᠭ ᠬᠦᠴᠢᠷ ᠲᠠᠢ ᠵᠢᠷᠠᠨ ᠣᠨ ᠳᠤ ᠪᠠᠭᠠᠷᠢᠨ ᠪᠠᠷᠠᠭᠤᠨ ᠬᠤᠰᠢᠭᠤᠨ ᠤ ᠣᠣᠯ ᠤᠨ ᠪᠠᠶ᠋ᠬᠠᠷᠳᠡᠨᠢ ᠰᠣᠮᠣ ᠶᠢᠨ ᠪᠣᠷᠭᠠᠰᠣᠳᠠᠢ ᠠᠶᠢᠯ ᠤᠨ ᠨᠢᠭᠡᠨ ᠮᠠᠯᠴᠢᠨ ᠤ ᠭᠡᠷ ᠲᠤ ᠲᠦᠷᠣᠵᠠᠢ᠃ ᠠᠷᠪᠠᠨ ᠬᠤᠶᠠᠷ ᠨᠠᠰᠣᠨ ᠠᠴᠠ ᠪᠠᠨ ᠵᠡᠬᠦᠦ ᠰᠦᠪᠡᠯᠡᠵᠣ ᠴᠠᠮᠴᠠ ᠣᠶᠣᠬᠤ᠂ ᠣᠭᠠᠯᠵᠨ ᠣᠷᠢᠶᠠᠵᠣ ᠬᠤᠸᠠᠷ ᠬᠠᠳᠬᠤᠬᠤ ᠶᠢ ᠰᠣᠷᠴᠣ  ᠂ ᠡᠰᠭᠡᠵᠣ ᠣᠶᠣᠬᠤ ᠮᠡᠷᠭᠡᠵᠢᠯ ᠨᠢ  ᠦᠪᠡᠷᠮᠢᠴᠨ᠂ ᠬᠤᠪᠴᠠᠰᠣ ᠵᠠᠰᠠᠯ ᠤᠨ ᠴᠢᠨᠡᠷ ᠨᠢ ᠰᠠᠶᠢᠨ᠂ ᠦᠨ᠎ᠡ ᠬᠠᠩᠰᠢ  ᠨᠢ ᠵᠣᠬᠢᠰᠳᠠᠢ᠂ ᠢᠳᠡᠭᠡᠮᠵᠢ ᠶᠢ ᠡᠷᠬᠢᠮᠯᠡᠳᠡᠭ ᠲᠣᠯᠨ ᠭᠡᠷᠡᠭᠯᠡᠭᠴᠢᠳ ᠤᠨ ᠲᠠᠭᠠᠰᠢᠶᠠᠯ ᠳᠤ ᠬᠦᠷᠴᠣ᠂ ᠬᠤᠯᠨ ᠦᠢᠷ᠎ᠡ  ᠠᠴᠠ ᠲᠡᠬᠦᠨ ᠢ ᠵᠣᠷᠢᠵᠣ ᠢᠷᠡᠨ ᠬᠤᠷᠢᠮ ᠨᠠᠰᠣᠨ ᠪᠠᠶᠠᠷ᠂ ᠨᠠᠶᠢᠷ ᠨᠠᠭᠠᠳᠣᠮ ᠤᠨ ᠬᠤᠪᠴᠠᠰᠣ ᠣᠣᠵᠢ᠂ ᠪᠦᠵᠢᠭ ᠣᠷᠠᠯᠢᠭ ‍ᠤᠨ‌‍ᠲ᠋ᠡᠷᠯᠢᠭ ᠲᠡᠪᠡᠯ᠂  ᠪᠠᠭᠠᠴᠣᠳ ᠭᠡᠣᠭᠡᠳ ᠤᠨ ᠡᠮᠣᠰᠭᠡᠯ ᠵᠠᠰᠠᠯ ᠬᠢᠯᠭᠡᠬᠦ ᠬᠦᠮᠦᠰ ᠡᠳᠦᠷ ᠢᠷᠡᠬᠦᠶ᠎ᠡ ᠣᠯᠠᠰᠢᠷᠡᠨ᠂ ᠦᠪᠡᠷ ᠤᠨ ᠡᠷᠬᠢᠯᠡᠭᠰᠡᠨ ᠦᠢᠯᠡᠰ ᠨᠢ ᠦᠩ ᠦᠭᠡᠳᠡ ᠲᠠᠢ ᠪᠣᠯᠵᠣ᠂ ︽ᠲᠠᠨ᠎ᠠ ᠮᠣᠩᠭᠤᠯ ᠬᠤᠪᠴᠠᠰᠣ ᠵᠠᠰᠠᠯ︾ ᠨᠢ ᠬᠤᠰᠢᠭᠤᠨ ᠲᠣᠳᠣᠷ᠎ᠡ ᠪᠠᠨ ᠡᠬᠢᠯᠡᠨ ᠠᠯᠳᠠᠷᠰᠢᠨ᠂  ᠲᠡᠬᠦᠨᠴᠢᠯᠡᠨ ᠡᠰᠭᠡᠵᠣ ᠣᠶᠣᠭᠰᠠᠨ ᠪᠠᠭᠠᠷᠢᠨ ᠮᠣᠩᠭᠤᠯ ᠲᠠᠪᠡᠯ ᠲᠡᠷᠯᠢᠭ ᠨᠢ ᠪᠡᠭᠡᠵᠢᠩ᠂ ᠱᠠᠩᠬᠠᠢ᠂ ᠭᠤᠸᠠᠩᠵᠧᠣ᠂ ᠱᠧᠨᠵᠧᠨ ᠳᠤ ᠬᠦᠷᠳᠡᠯ᠎ᠡ ᠪᠣᠷᠣᠯᠠᠭᠤᠯᠣᠭᠳᠠᠵᠣ᠂ ᠣᠯᠣᠰ ᠤᠨ ᠲᠣᠳᠣᠷ᠎ᠡ ᠪᠠᠨ ᠠᠯᠳᠡᠷ ᠨᠡᠷ᠎ᠡ ᠨᠢ ᠮᠠᠨᠳᠣᠭᠰᠠᠨ ᠢᠶᠠᠷ ᠦᠯᠦ ᠪᠠᠷᠠᠮ᠂  ᠶᠠᠫᠦᠨ᠂ ᠺᠣᠷᠢᠶ᠋ᠨ᠂  ᠠᠦ᠋ᠰᠲᠷᠡᠯᠢᠶ᠎ᠠ ᠵᠡᠷᠭᠡ ᠬᠠᠷᠢ ᠣᠯᠣᠰ ᠠᠯᠣᠰ ᠲᠢᠪ ᠲᠤ ᠪᠣᠷᠣᠯᠠᠭᠤᠯᠣᠭᠳᠠᠵᠠᠢ᠃  ᠣᠳᠣ ᠪᠠᠷ ᠣᠯᠣᠰ ᠲᠦᠷᠦ ᠶᠢᠨ ᠵᠦᠪᠯᠡᠯᠭᠡᠨ ᠤ ᠪᠠᠭᠠᠷᠢᠨ ᠪᠠᠷᠠᠭᠤᠨ ᠬᠤᠰᠢᠭᠤᠨ ᠤ ᠠᠷᠪᠠᠳᠣᠭᠠᠷ ᠬᠤᠭᠤᠴᠠᠭᠠᠨ ᠤ ᠬᠤᠷᠢᠶ᠎ᠠ ᠶᠢᠨ ᠭᠡᠰᠢᠬᠦᠨ ᠤ ᠲᠣᠰᠢᠶᠠᠯ ᠲᠠᠢ ᠡᠷᠳᠡᠨᠢᠳᠠᠨ᠎ᠠ᠂ ᠢᠠᠮᠠᠭᠳᠠ ᠨᠡᠶᠢᠳᠡᠴᠢ ᠦᠵᠡᠯ ᠢ ᠪᠠᠷᠢᠮᠳᠠᠯᠠᠨ᠂ ᠦᠪᠡᠷ ᠤᠨ ᠣᠷ᠎ᠡ ᠮᠡᠷᠭᠡᠵᠢᠯ ᠪᠠ ᠦᠨᠡᠨᠴᠢ ᠵᠢᠳᠬᠦᠯ ᠢᠶᠠᠷ ᠢᠶᠠᠨ ᠦᠢᠯᠡᠰ ᠨᠢᠭᠡᠳᠡᠨ ᠪᠠ ᠨᠡᠶᠢᠭᠡᠮ ᠨᠡᠶᠢᠳᠡ᠂ ᠨᠠᠮ ᠵᠠᠰᠠᠭ ᠤᠨ ᠢᠳᠡᠭᠡᠯ  ᠢ ᠣᠯᠵᠣ᠂ ᠪᠠᠭᠠᠷᠢᠨ ᠪᠠᠷᠠᠭᠤᠨ ᠬᠤᠰᠢᠭᠤᠨ ᠤ ︽ᠪᠠᠭᠠᠷᠢᠨ ᠪᠠᠷᠠᠭᠤᠨ ᠬᠤᠰᠢᠭᠤᠨ ᠤ ᠪᠣᠳᠠᠰ ᠤᠨ ᠪᠣᠰᠣ ᠰᠣᠶᠣᠯ  ᠤᠨ ᠦᠪ︾ — ᠪᠠᠭᠠᠷᠢᠨ ᠤ ᠣᠯᠠᠮᠵᠢᠯᠠᠯᠳᠣ ᠬᠤᠪᠴᠠᠰᠣ ᠵᠠᠰᠠᠯ ᠤᠨ ᠦᠪᠯᠡᠨ ᠣᠯᠠᠮᠵᠢᠯᠠᠭᠴᠢ ᠶᠢᠨ ᠲᠦᠯᠥᠭᠡᠯᠡᠭᠴᠢ  ᠪᠠᠷ ᠨᠡᠷᠡᠶᠢᠳᠦᠭᠳᠡᠵᠣ᠂  2016 ᠣᠨ   ᠳᠤ ᠣᠯᠠᠭᠠᠨᠬᠠᠳᠠ ᠬᠤᠳᠠ ᠶᠢᠨ  ᠪᠣᠳᠠᠰ ᠤᠨ ᠪᠣᠰᠣ ᠰᠣᠶᠣᠯ ᠤᠨ ᠦᠪ ᠢ ᠦᠪᠯᠡᠨ ᠣᠯᠠᠮᠵᠢᠯᠠᠭᠰᠡᠨ ᠲᠦᠯᠥᠭᠡᠯᠡᠭᠴᠢ᠂ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠡᠰ ᠤᠨ ︽ᠪᠣᠳᠠᠰ ᠤᠨ ᠪᠣᠰᠣ ᠰᠣᠶᠣᠯ ᠤᠨ ᠦᠪ ᠢ ᠦᠪᠯᠡᠨ ᠣᠯᠠᠮᠵᠢᠯᠠᠭᠰᠡᠨ ᠲᠦᠯᠥᠭᠡᠯᠡᠭᠴᠢ ᠬᠤᠪᠢ ᠬᠦᠮᠣᠨ︾ ᠤ ᠠᠯᠳᠠᠷ ᠴᠤᠯᠠ ᠶᠢ ᠬᠦᠷᠳᠡᠵᠵᠣ᠂ ᠲᠣᠰ ᠬᠤᠰᠢᠭᠤᠨ ᠤ ᠮᠣᠩᠭᠤᠯ ᠬᠤᠪᠴᠠᠰᠣ ᠵᠠᠰᠠᠯ ᠤᠨ ᠴᠣᠷ ᠤᠨ ᠭᠠᠭᠴᠨ ᠣᠷᠣᠨ ᠤ ᠲᠡᠰ ᠤᠨ ᠦᠪᠯᠡᠨ ᠣᠯᠠᠮᠵᠢᠯᠠᠭᠴᠢ  ᠪᠣᠯᠵᠠᠢ᠃
     ᠪᠠᠭᠠᠷᠢᠨ ᠨᠣᠳᠤᠭ ᠤᠨ ᠴᠠᠭᠠᠨ ᠬᠤᠯᠣᠭᠠᠨ᠎ᠠ ᠵᠢᠯ ᠤᠨ ᠵᠣᠨ ᠪᠣᠷᠣᠭᠠᠨ ᠬᠤᠷ᠎ᠠ ᠡᠯᠪᠡᠭᠰᠢᠵᠣ ᠴᠠᠭ ᠤᠨ ᠰᠠᠶᠢᠬᠠᠨ ᠨᠠᠯᠠᠭᠠᠷ ᠣᠯᠠᠷᠢᠯ ᠪᠣᠯᠵᠠᠢ᠃  ᠵᠣᠨ ᠴᠠᠭ ᠨᠢ ᠬᠦᠳᠡᠭᠡ ᠨᠣᠳᠤᠭ ᠤᠨ ᠮᠠᠯ ᠲᠠᠷᠢᠶ᠎ᠠ ᠶᠢᠨ ᠠᠮᠠᠷ ᠰᠡᠯᠡᠬᠦᠦ ᠴᠠᠭ᠂ ᠨᠠᠶᠢᠷ ᠨᠠᠭᠠᠳᠣᠮ ᠣᠷᠣᠯᠳᠣᠭᠠᠨ ᠲᠣᠭᠯᠠᠯᠳᠡ ᠦᠵᠡᠬᠦᠯᠦᠯᠭᠡ ᠣᠯᠠᠨ ᠪᠠᠶᠢᠳᠠᠭ ᠣᠯᠠᠷᠢᠯ ᠶᠣᠮ᠃  ᠡᠨᠡ ᠵᠣᠨ  ᠨᠢ ᠮᠦᠨᠴᠣ  ᠡᠷᠳᠡᠨᠢᠳᠠᠨ᠎ᠠ ᠶᠢᠨ ᠬᠠᠮᠤᠭ ᠤᠨ ᠶᠠᠭᠠᠷᠠᠯᠳᠠᠢ ᠵᠦᠳᠡᠷᠡᠯᠳᠡᠢ ᠬᠤᠭᠤᠴᠠᠭ᠎ᠠ ᠪᠣᠯᠣᠨ᠎ᠠ᠂ ᠲᠡᠷᠨ ᠪᠠᠭᠠᠷᠢᠨ ᠮᠣᠩᠭᠤᠯ ᠬᠤᠪᠴᠠᠰᠣ ᠪᠠᠨ ᠣᠷᠠᠯᠠᠵᠣ ᠣᠶᠣᠬᠤ ᠠᠴᠠ ᠭᠠᠳᠠᠨ᠎ᠠ᠂ ᠦᠵᠡᠬᠦᠯᠦᠯᠭᠡ ᠲᠣᠭᠯᠠᠯᠳᠡ ᠳᠤ ᠣᠷᠣᠯᠴᠠᠨ᠂ ᠪᠣᠯᠪᠠᠰᠣᠷᠡᠯ ᠬᠢᠴᠢᠶᠡᠯ ᠡᠷᠬᠢᠯᠡᠭᠳ ᠬᠦᠯ ᠬᠤᠶᠢᠰᠢ ᠦᠬᠡᠢ ᠶᠠᠭᠠᠷᠠᠨ ᠬᠦᠶᠦᠵᠣ ᠯᠨ ᠪᠠᠶᠢᠳᠠᠭ ᠶᠣᠮ᠃ ᠲᠣᠰ ᠣᠳᠠᠭ᠎ᠠ ᠡᠷᠳᠡᠨᠢᠳᠠᠨ᠎ᠠ ᠭᠡᠪᠳᠡᠭᠡ ᠬᠠᠳᠠ ᠲᠣᠰᠬᠤᠨ ᠤ ᠨᠠᠮ ᠤᠨ ᠡᠭᠦᠷ᠂ ᠲᠣᠰᠬᠤᠨ ᠤ ᠵᠦᠪᠯᠡᠯ ᠤᠨ ᠣᠷᠢᠯᠭ᠎ᠠ ᠶᠢ ᠬᠦᠯᠢᠶᠡᠵᠣ᠂ ᠦᠪᠡᠷ ᠤᠨ ᠠᠵᠢᠯ ᠢᠶᠠᠨ ᠠᠷᠣ ᠳᠠᠭᠠᠨ ᠣᠷᠬᠢᠵᠣ᠂ ᠶᠠᠮᠠᠷ ᠴᠤ ᠬᠦᠯᠦᠰᠦ ᠬᠠᠷᠠᠮᠵᠢ ᠪᠤᠳᠤᠯ ᠦᠬᠡᠢ᠂ ᠰᠠᠶᠢᠨ ᠲᠤᠷ᠎ᠠ ᠠᠴᠠ ᠪᠠᠨ ᠬᠡᠪᠳᠡᠭᠡ ᠬᠠᠳᠠ ᠲᠤᠰᠬᠤᠨ ᠳᠠᠭᠠᠨ ᠬᠦᠷᠴᠦ ᠪᠤᠯᠪᠠᠰᠤᠷᠠᠯ ᠡᠷᠬᠢᠯᠡᠨ᠂ ᠲᠤᠰᠬᠤᠨ ᠤ ᠨᠠᠮ  ᠤᠨ ᠡᠬᠦᠷ᠂ ᠲᠤᠰᠬᠤᠨ ᠤ ᠵᠦᠪᠯᠡᠯ ᠤᠨ ᠤᠭᠳᠤᠯᠭ᠎ᠠ ᠶᠢ ᠬᠦᠯᠢᠶᠡᠵᠤ᠂ ᠮᠣᠩᠭᠤᠯ ᠬᠤᠪᠴᠠᠰᠣ ᠵᠠᠰᠠᠯ ᠤᠨ ᠣᠶᠣᠳᠠᠯ ᠣᠳᠠᠰᠣᠨ ᠳᠤ ᠲᠣᠷ᠎ᠠ ᠪᠠᠭ᠋ᠠᠳᠠᠢ ᠭᠤᠴᠢ ᠰᠢᠬᠠᠮ ᠨᠡᠷ᠎ᠡ ᠵᠠᠯᠠᠭᠤ ᠢᠳᠡᠷ ᠠᠶᠢᠯ ᠤᠨ ᠡᠮᠡᠭᠳᠠᠶᠢᠴᠤᠳ ᠲᠡᠭᠡᠨ ᠬᠤᠪᠴᠠᠰᠣ ᠡᠰᠭᠡᠬᠦ ᠪᠠ ᠣᠷᠠᠯᠠᠵᠣ ᠣᠶᠣᠬᠤ ᠡᠷᠳᠡᠮ ᠮᠡᠷᠭᠡᠵᠢᠯ ᠢᠶᠠᠨ ᠣᠨᠣᠯ ᠦᠢᠯᠡᠳᠦᠯᠭᠡ ᠲᠠᠢ ᠣᠶᠠᠯᠳᠣᠭᠤᠯᠣᠨ ᠬᠠᠷᠠᠮ ᠦᠬᠡᠢ ᠵᠢᠭᠠᠨ ᠣᠯᠠᠮᠵᠢᠯᠠᠵᠣ᠂ ᠲᠡᠳᠡᠨᠡᠷ ᠤᠨ ᠢᠶᠠᠨ ᠠᠶᠢᠯ ᠭᠡᠷ ᠤᠨ ᠠᠮᠢᠳᠣᠷᠡᠯ ᠢᠶᠠᠨ ᠣᠯᠠᠮ ᠦᠭᠡᠳᠡ ᠲᠠᠳᠠᠨ ᠴᠢᠮᠡᠭᠯᠡᠵᠣ᠂ ᠡᠷᠳᠡ ᠨᠢᠭᠡᠨ ᠡᠳᠦᠷ ᠶᠠᠳᠠᠭᠤ ᠠᠴᠠ ᠠᠩᠬᠢᠵᠢᠷᠠᠨ ᠪᠠᠶᠠᠵᠢᠨ ᠴᠢᠨᠡᠭᠡᠯᠢᠭᠵᠢᠬᠦ ᠳᠤ  ᠵᠣᠷᠢᠭ ᠲᠠᠮᠢᠷ ᠨᠦᠬᠦᠵᠣ᠂ ᠪᠣᠯᠪᠠᠰᠣᠷᠡᠯ ᠨᠢ  ᠬᠠᠮᠳᠣ ᠶᠢᠨ ᠴᠢᠷᠮᠠᠶᠢᠯᠭ᠎ᠠ ᠪᠠᠷ ᠮᠠᠰᠢ ᠦᠨᠳᠦᠷ ᠦᠷ᠎ᠡ ᠪᠦᠳᠦᠮᠵᠢ ᠲᠠᠢ ᠪᠣᠯᠣᠭᠰᠠᠨ ᠪᠠᠶᠢᠨ᠎ᠠ᠃  ︵ᠬᠦᠬᠡᠳᠠᠪᠠᠯᠭᠠᠨ︶
                                                               
 
ᠢᠷᠡᠯᠲᠡ᠄ ᠪᠠᠭᠠᠷᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2