ᠮᠠᠨ ᠤ ᠬᠤᠰᠢᠭᠤᠨ ᠤ ᠲᠡᠳᠬᠦᠨ ᠲᠡᠮᠵᠢᠬᠦ ᠨᠦᠬᠦᠴᠠᠯ ᠳᠤ ᠲᠤᠬᠢᠷᠠᠬᠤ ᠡᠩ ᠤᠨ ᠶᠡᠭᠡ ᠲᠡᠭᠡᠳᠤ | ᠰᠤᠷᠭᠠᠭᠤᠯᠢ ᠳᠤ ᠰᠢᠯᠭᠠᠨ ᠤᠷᠤᠭᠰᠠᠨ ᠭᠡᠷ ᠤᠨ ᠠᠮᠢᠳᠤᠷᠠᠯ ᠨᠢ ᠬᠦᠴᠢᠷᠳᠠᠢ ᠰᠤᠷᠤᠠᠠᠴᠢᠳ ᠢ ᠴᠠᠭ ᠲᠤᠬᠠᠢ ᠳᠤᠨᠢ | ᠲᠡᠳᠬᠦᠮᠵᠢ ᠬᠦᠷᠳᠡᠬᠡᠬᠦ ᠶᠢ ᠦᠨᠨᠠᠬᠦ ᠪᠠᠳᠤᠯᠠᠬᠤ ᠶᠢᠨ ᠲᠦᠯᠦᠭᠡ ᠡᠯ᠎ᠡ ᠬᠤᠯᠪᠤᠭᠳᠠᠯ ᠪᠦᠬᠦᠢ ᠨᠢᠭᠡᠴᠠ ᠶᠢᠨ ᠬᠢᠨ | ᠪᠠᠭᠠᠷᠢᠨ ᠪᠠᠷᠠᠭᠤᠨ ᠬᠤᠰᠢᠭᠤᠨ ᠤ 2020 ᠤᠨ ᠤ ᠭᠡᠷ ᠤᠨ ᠠᠮᠢᠳᠤᠷᠠᠯ ᠨᠢ ᠬᠦᠴᠢᠷᠳᠠᠢ ᠰᠤᠷᠤᠭᠴᠢᠳ ᠤᠨ | ᠰᠤᠷᠭᠠᠭᠤᠯᠢ ᠳᠤ ᠤᠷᠤᠬᠤ ᠶᠢ ᠲᠠᠮᠵᠢᠨ ᠲᠤᠰᠠᠯᠠᠬᠤ ᠤᠬᠠᠭᠤᠯᠭ᠎ᠠ᠂ ᠮᠡᠳᠡᠭᠳᠡᠬᠦ ᠵᠦᠢᠯ ᠢ ᠰᠠᠶᠢᠳᠤᠷ ᠬᠢᠬᠦ ᠶᠢ | ᠨᠠᠶᠢᠳᠠᠶ᠎ᠠ᠂ ᠬᠤᠯᠪᠤᠭᠳᠠᠬᠤ ᠤᠴᠢᠷ ᠢ ᠲᠤᠤᠷᠡᠬᠢ ᠮᠠᠳᠤ ᠮᠡᠳᠡᠭᠳᠡᠶ᠎ᠡ᠃ | ᠨᠢᠭᠡ᠂ ᠲᠡᠳᠬᠦᠨ ᠲᠡᠮᠵᠢᠬᠦ ᠨᠦᠬᠦᠴᠠᠯ ᠳᠤ ᠲᠤᠬᠢᠷᠠᠬᠤ ᠰᠤᠷᠤᠭᠴᠢ | 1. ᠶᠡᠭᠡ ᠲᠡᠬᠡᠳᠦ ᠰᠤᠷᠭᠠᠭᠤᠯᠢ ᠳᠤ ᠰᠢᠨ᠎ᠠ ᠪᠠᠷ ᠡᠯᠰᠡᠭᠳᠡᠬᠦ ᠰᠤᠷᠤᠭᠴᠢ | 2020 ᠤᠨ ᠤ ᠤᠯᠤᠰ ᠤᠨ ᠰᠢᠯᠭᠠᠯᠳᠠ ᠳᠤ ᠤᠷᠤᠯᠴᠠᠵᠦ᠂ ᠰᠤᠷᠭᠠᠨ ᠬᠦᠮᠦᠵᠢᠯ ᠤᠨ ᠰᠤᠷᠤᠭᠴᠢ ᠡᠯᠰᠡᠬᠦ | ᠰᠠᠯᠠᠭ᠎ᠠ ᠮᠦᠴᠢᠷ ᠢᠶᠠᠷ ᠲᠠᠮᠵᠢᠨ ᠡᠩ ᠤᠨ ᠲᠡᠭᠡᠳᠤ ᠰᠤᠷᠭᠠᠭᠤᠯᠢ ᠳᠤ ᠵᠢᠩᠬᠢᠨᠢ ᠪᠠᠷ ᠡᠯᠰᠡᠭᠳᠡᠭᠰᠠᠨ ᠰᠢᠨ᠎ᠠ | ᠰᠤᠷᠤᠭᠴᠢ ᠮᠦᠷᠳᠡᠭᠡᠨ ᠡᠯᠰᠡᠭᠳᠡᠭᠰᠠᠨ ᠲᠤᠰ ᠵᠢᠯ ᠤᠨ 9 ᠰᠠᠷ᠎ᠠ ᠶᠢᠨ 1 ᠤ ᠡᠳᠤᠷ ᠠᠴᠠ ᠡᠮᠦᠨ᠎ᠠ ᠦᠪᠡᠷᠳᠡᠭᠡᠨ | ᠵᠠᠰᠠᠬᠤ ᠤᠷᠤᠨ ᠤ ᠬᠤᠳᠠ ᠬᠦᠳᠡᠭᠡ ᠶᠢᠨ ᠲᠤᠤᠷ᠎ᠠ ᠪᠠᠳᠤᠯᠭᠠᠳᠤ ᠡᠷᠦᠭᠡ ᠶᠢᠨ ᠭᠡᠤᠭᠡᠳ᠂ ᠺᠡᠷᠲ ᠳᠤ | ᠲᠠᠩᠰᠠᠯᠠᠭᠤᠯᠤᠭᠰᠠᠨ ᠶᠠᠳᠠᠭᠤ ᠬᠦᠴᠢᠷᠳᠠᠢ ᠡᠷᠦᠭᠡ ᠶᠢᠨ ᠭᠡᠤᠭᠡᠳ ᠪᠤᠯᠤᠨ ᠦᠨᠦᠴᠢᠨ ᠭᠡᠤᠭᠡᠳ ᠪᠠᠶᠢᠭᠰᠠᠨ᠃ | 2. 2018 ᠤᠨ ᠪᠠ 2019 ᠤᠨ ᠳᠤ ᠶᠡᠭᠡ ᠲᠡᠭᠡᠳᠦ ᠰᠤᠷᠭᠠᠭᠤᠯᠢ ᠳᠤ ᠡᠯᠰᠡᠭᠳᠡᠵᠦ ᠦᠷᠬᠦᠯᠵᠢᠯᠡᠨ | ᠰᠤᠷᠤᠯᠴᠠᠵᠦ ᠪᠠᠶᠢᠭ᠎ᠠ ᠰᠤᠷᠤᠠᠠᠴᠢᠳ 2020 ᠤᠨ ᠤ 9 ᠰᠠᠷ᠎ᠠ ᠶᠢᠨ 1 ᠤ ᠡᠳᠦᠷ ᠠᠴᠠ ᠡᠮᠦᠨ᠎ᠠ ᠦᠪᠡᠷᠳᠡᠭᠡᠨ | ᠵᠠᠰᠠᠬᠤ ᠤᠷᠤᠨ ᠤ ᠬᠤᠳᠠ ᠬᠦᠳᠡᠭᠡ ᠶᠢᠨ ᠲᠤᠤᠷ᠎ᠠ ᠪᠠᠳᠤᠯᠭᠠᠳᠤ ᠡᠷᠦᠭᠡ ᠶᠢᠨ ᠭᠡᠤᠭᠡᠳ᠂ ᠺᠠᠷᠲ ᠳᠤ | ᠲᠠᠩᠰᠠᠯᠠᠭᠤᠯᠤᠭᠰᠠᠨ ᠬᠦᠴᠢᠷᠳᠠᠢ ᠡᠷᠦᠭᠡ ᠶᠢᠨ ᠭᠡᠤᠭᠡᠳ ᠪᠤᠯᠤᠨ ᠦᠨᠦᠴᠢᠨ ᠭᠡᠤᠭᠡᠳ ᠪᠠᠶᠢᠠᠠᠰᠠᠨ᠃ | ᠬᠤᠶᠠᠷ᠂ ᠲᠡᠳᠬᠦᠨ ᠲᠡᠮᠵᠢᠬᠦ ᠪᠠᠷᠢᠮᠵᠢᠶ᠎ᠠ ︵ᠵᠤᠭᠤᠰ ᠢᠶᠠᠷ ᠲᠤᠰᠠᠯᠠᠬᠤ︶ | ᠡᠩ ᠤᠨ ᠶᠡᠭᠡ ᠲᠡᠭᠡᠳᠤ ᠰᠤᠷᠭᠠᠭᠤᠯᠢ ᠳᠤ ᠡᠯᠰᠡᠭᠳᠡᠭᠰᠠᠨ ᠮᠦᠷᠳᠡᠭᠡᠨ ᠲᠡᠭᠡᠷ᠎ᠠ ᠲᠤᠷᠠᠳᠤᠭᠰᠠᠨ ᠨᠦᠬᠦᠴᠠᠯ | ᠳᠤ ᠨᠠᠶᠢᠴᠡᠭᠰᠠᠨ ᠰᠤᠷᠤᠭᠴᠢ ︵ᠪᠠᠯᠠᠳᠭᠡᠯ ᠠᠩᠬᠢ ᠶᠢᠨ ᠰᠤᠷᠤᠭᠴᠢ ᠶᠢ ᠪᠠᠭᠳᠠᠭᠠᠨ᠎ᠠ︶ ᠶᠢ ᠡᠯᠰᠡᠭᠰᠠᠨ ᠵᠢᠯ ᠠᠴᠠ | ᠡᠬᠢᠯᠠᠨ ᠰᠤᠷᠤᠯᠭ᠎ᠠ ᠶᠢᠨ ᠲᠤᠰᠠᠯᠠᠮᠵᠢ ᠶᠢᠨ ᠮᠦᠡᠭᠬᠦ ᠵᠢᠯ ᠪᠦᠷᠢ 1 ᠲᠦᠮᠠᠨ ᠲᠦᠬᠦᠷᠢᠭ ᠪᠠᠶᠢᠵᠤ᠂ ᠨᠠᠶᠢᠳᠠ | ᠲᠤᠰᠠᠯᠠᠮᠵᠢ ᠶᠢᠨ ᠮᠦᠡᠭᠬᠦ ᠶᠢ 40000 ᠲᠦᠬᠦᠷᠢᠭ ᠠᠴᠠ ᠭᠡᠳᠤᠷᠡᠬᠦᠯᠬᠦ ᠦᠭᠡᠢ᠃ ᠡᠩ ᠤᠨ ᠶᠡᠭᠡ ᠲᠡᠭᠡᠳᠤ | ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠠᠩᠬᠢ ᠪᠤᠶᠤ ᠲᠡᠭᠡᠳᠤ ᠵᠡᠷᠭᠡ ᠶᠢᠨ ᠠᠵᠢᠯ ᠮᠡᠷᠭᠡᠵᠢᠯ ᠤᠨ ᠲᠤᠰᠬᠠᠢ | ᠮᠡᠷᠭᠡᠵᠢᠯ ᠤᠨ ᠠᠩᠬᠢ ᠳᠤ ᠡᠯᠰᠡᠭᠳᠡᠭᠰᠠᠨ ᠮᠦᠷᠳᠡᠭᠡᠨ ᠲᠡᠭᠡᠷ᠎ᠠ ᠲᠤᠷᠠᠳᠤᠭᠰᠠᠨ ᠨᠦᠬᠦᠴᠠᠯ ᠳᠤ ᠨᠠᠶᠢᠴᠡᠭᠰᠠᠨ | ᠰᠤᠷᠤᠭᠴᠢ ︵ᠪᠠᠯᠠᠳᠭᠡᠯ ᠠᠩᠬᠢ ᠶᠢᠨ ᠰᠤᠷᠤᠭᠴᠢ ᠶᠢ ᠪᠠᠭᠳᠠᠭᠠᠨ᠎ᠠ︶ ᠶᠢ ᠡᠯᠰᠡᠭᠰᠠᠨ ᠲᠤᠬᠠᠢ ᠶᠢᠨ ᠵᠢᠯ ᠠᠴᠠ | ᠡᠬᠢᠯᠠᠨ ᠰᠤᠷᠤᠯᠭ᠎ᠠ ᠶᠢᠨ ᠵᠢᠯ ᠪᠦᠷᠢ ᠲᠤᠰᠠᠯᠠᠮᠵᠢ ᠶᠢᠨ ᠮᠦᠡᠭᠬᠦ 1 ᠲᠦᠮᠠᠨ ᠲᠦᠬᠦᠷᠢᠭ ᠪᠠᠶᠢᠵᠤ᠂ ᠨᠠᠶᠢᠳᠠ | ᠲᠤᠰᠠᠯᠠᠮᠵᠢ ᠶᠢᠨ ᠮᠦᠡᠭᠬᠦ ᠶᠢ 3 ᠲᠦᠮᠠᠨ ᠠᠴᠠ ᠭᠡᠳᠤᠷᠡᠬᠦᠯᠬᠦ ᠦᠭᠡᠢ᠃ | ᠲᠤᠰᠠᠯᠠᠮᠵᠢ ᠶᠢᠨ ᠮᠦᠡᠭᠬᠦ ᠶᠢᠨ ᠢᠷᠠᠯᠳᠠ᠄ | ᠲᠤᠰᠠᠯᠠᠮᠵᠢ ᠶᠢᠨ ᠪᠠᠯᠠ ᠮᠦᠡᠭᠬᠦ ᠶᠢ ᠪᠦᠬᠦᠨ ᠢ ᠦᠪᠡᠷᠳᠡᠭᠡᠨ ᠵᠠᠰᠠᠬᠤ ᠤᠷᠤᠨ ᠤ ᠲᠤᠰ ᠱᠠᠳᠤᠨ ᠤ ᠡᠳ᠋ | ᠤᠨ ᠵᠠᠰᠠᠭ ᠠᠴᠠ ᠬᠠᠷᠢᠭᠤᠴᠠᠨ ᠡᠬᠦᠷᠭᠡᠯᠡᠨ᠎ᠡ᠃ | ᠭᠤᠷᠪᠡ᠂ ᠠᠯᠬᠤᠮ ᠲᠠᠷᠠᠭ᠎ᠠ | 1. ᠬᠦᠯᠢᠶᠠᠨ ᠠᠪᠬᠤ ᠴᠠᠭ᠄ | 2020 ᠤᠨ ᠤ 7 ᠰᠠᠷ᠎ᠠ ᠶᠢᠨ ᠰᠡᠬᠦᠯᠴᠢ ᠠᠴᠠ 2020 ᠤᠨ ᠤ 9 ᠰᠠᠷ᠎ᠠ ᠶᠢᠨ ᠰᠡᠬᠦᠯᠴᠢ᠃ ︵ᠬᠢᠵᠢᠭ | ᠤᠨ ᠪᠠᠶᠢᠳᠠᠯ ᠠᠴᠠ ᠪᠤᠯᠵᠦ ᠪᠤᠳᠠᠳᠠᠢ ᠴᠠᠭ ᠨᠢ ᠬᠤᠪᠢᠷᠠᠯᠳᠠ ᠲᠠᠢ ᠪᠠᠶᠢᠵᠦ ᠮᠠᠭᠠᠳ᠂ ᠰᠤᠷᠤᠠᠠᠴᠢ ᠲᠡᠳᠬᠦᠬᠦ ᠲᠦᠪ | ᠤᠨ ᠸᠢᠴᠠᠲ ᠲᠠᠪᠴᠠᠩ ᠤᠨ ᠮᠡᠳᠡᠭᠡ ᠶᠢ ᠠᠩᠬᠠᠷᠤᠭᠠᠷᠠᠢ︕︶ | 2. ᠬᠦᠯᠢᠶᠡᠨ ᠠᠪᠬᠤ ᠭᠠᠵᠠᠷ᠄ | ᠪᠠᠭᠠᠷᠢᠨ ᠪᠠᠷᠠᠭᠤᠨ ᠬᠤᠰᠢᠭᠤᠨ ᠤ ᠰᠤᠷᠤᠭᠴᠢ ᠶᠢ ᠲᠡᠳᠬᠦᠨ ᠲᠡᠮᠵᠢᠬᠦ ᠬᠠᠮᠢᠶᠠᠷᠤᠯᠳᠠ ᠶᠢᠨ ᠲᠦᠪ ︵ᠳ᠋ᠠᠪᠠᠨ | ᠪᠠᠯᠭᠠᠰᠤᠨ ᠤ ᠰᠤᠷᠭᠠᠭᠤᠯᠢ ᠶᠢᠨ ᠵᠠᠭᠡᠯᠢ ᠶᠢᠨ 11 ᠳ᠋ᠤᠭᠡᠷ ᠨᠤᠮᠧᠷ᠂ ᠤᠤᠯ ᠤᠨ ᠬᠤᠶᠠᠳᠤᠭᠠᠷ ᠲᠤᠮᠳᠠᠳᠤ | ᠰᠤᠷᠭᠠᠭᠤᠯᠢ ᠶᠢᠨ ᠬᠦᠷᠢᠶᠠᠨ ᠳᠤ︶ | 3 . ᠪᠠᠯᠠᠳᠭᠡᠬᠦ ᠴᠢᠬᠤᠯᠠ ᠲᠠᠢ ᠮᠠᠲ᠋ᠧᠷᠢᠶᠠᠯ | ⑴᠂ 2020 ᠤᠨ ᠤ ᠰᠢᠨ᠎ᠠ ᠪᠠᠷ ᠡᠯᠰᠡᠭᠳᠡᠭᠰᠠᠨ ᠤᠶᠤᠳᠠᠨ | ① ᠡᠩ ᠤᠨ ᠲᠡᠭᠡᠳᠤ ᠰᠤᠷᠭᠠᠭᠤᠯᠢ ᠵᠢᠨᠬᠡᠷ ᠤᠨ ᠠᠮᠢᠳᠤᠷᠠᠯ ᠨᠢ ᠬᠦᠴᠢᠷᠳᠠᠢ ᠰᠤᠷᠤᠭᠴᠢ ᠶᠢᠨ ᠲᠤᠰᠠᠯᠠᠮᠵᠢ | ᠶᠢᠨ ᠮᠦᠡᠭᠬᠦ ᠡᠷᠡᠮᠠᠯᠵᠠᠯᠠᠬᠦ ᠬᠦᠰᠦᠨᠦᠭᠳᠤ ︵ᠲᠤᠬᠠᠢ ᠶᠢᠨ ᠲᠠᠯᠠᠪᠤᠷ ᠲᠤ ᠲᠠᠭᠯᠠᠨ᠎ᠠ︶ | ② ᠰᠤᠷᠭᠠᠭᠤᠯᠢ ᠳᠤ ᠡᠯᠰᠡᠭᠳᠡᠭᠰᠠᠨ ᠮᠠᠳᠡᠭᠳᠡᠯ ᠤᠨ ᠪᠢᠴᠢᠭ | ③ ᠶᠡᠭᠡ ᠲᠡᠭᠡᠳᠤ ᠰᠤᠷᠭᠠᠭᠤᠯᠢ ᠳᠤ ᠰᠢᠯᠭᠠᠭᠰᠠᠨ ᠰᠢᠯᠭᠠᠯᠳᠠ ᠳᠤ ᠤᠷᠤᠬᠤ ᠵᠦᠪᠰᠢᠶᠡᠷᠡᠯ ᠤᠨ ᠦᠨᠠᠮᠯᠠᠯ | ④ ᠲᠤᠤᠷ᠎ᠠ ᠪᠠᠳᠤᠯᠭᠠᠳᠤ ᠡᠷᠦᠭᠡ ᠶᠢᠨ ᠦᠨᠠᠮᠯᠠᠯ ︵ᠬᠡᠦᠬᠡᠳ ᠤᠨ ᠡᠴᠢᠬᠡ ᠡᠬᠡ ᠶᠢᠨ ᠤᠷᠤᠭ ᠤᠨ | ᠪᠠᠳᠤᠯᠠᠪᠦᠷᠢ︶᠂ ᠦᠨᠦᠴᠢᠨ ᠭᠡᠤᠭᠡᠳ ᠤᠨ ᠦᠨᠠᠮᠯᠠᠯ | ⑤ ᠰᠤᠷᠤᠭᠴᠢ ᠶᠢᠨ ᠪᠠᠶ᠎ᠠ ᠶᠢᠨ ᠦᠨᠠᠮᠯᠠᠯ | ⑥ ᠡᠷᠦᠭᠡ ᠶᠢᠨ ᠡᠵᠡᠨ ᠤ ᠪᠠᠶ᠎ᠠ ᠶᠢᠨ ᠦᠨᠠᠮᠯᠠᠯ | ⑦ᠭᠡᠷ ᠤᠨ ᠠᠬᠠᠮᠡᠳ᠂ ᠰᠤᠷᠤᠭᠴᠢ ᠤᠨ ᠡᠷᠦᠭᠡ ᠠᠮᠠ ᠶᠢᠨ ᠲᠠᠪᠳᠡᠷ | ⑧ ᠰᠤᠷᠤᠭᠴᠢ ᠶᠢᠨ ᠲᠤᠰ ᠬᠦᠮᠦᠨ ᠤ ᠪᠠᠩᠬᠢ ᠶᠢᠨ ᠺᠡᠷᠲ ︵ᠬᠦᠳᠡᠭᠡ ᠲᠤᠰᠬᠤᠨ ᠤ ᠢᠳᠡᠭᠡᠮᠵᠢ ᠶᠢᠨ | ᠬᠤᠷᠰᠢᠶ᠎ᠠ︶ | ⑨ ᠰᠤᠷᠤᠭᠴᠢ ᠶᠢᠨ ᠤᠷᠴᠢᠮ ᠤᠨ ᠬᠤᠭᠤᠴᠠᠭᠠᠨ ᠤ ᠬᠤᠶᠠᠷ ᠢᠮᠠᠬᠤ ᠶᠢᠨ ᠮᠠᠯᠠᠭᠠᠢ ᠦᠭᠡᠢ ᠰᠠᠬᠦᠳᠡᠷ 2 | ᠬᠤᠪᠢ | ⑵᠂ 2018 ᠤᠨ ᠠᠴᠠ ᠨᠠᠭᠠᠰᠢ ᠰᠤᠷᠭᠠᠭᠤᠯᠢ ᠳᠤ ᠤᠷᠤᠭᠰᠠᠨ ᠤᠶᠤᠳᠠᠨ᠄ | ①ᠡᠩ ᠤᠨ ᠲᠡᠭᠡᠳᠤ ᠰᠤᠷᠭᠠᠭᠤᠯᠢ ᠶᠢᠨ ᠬᠡᠷ ᠤᠨ ᠠᠮᠢᠳᠤᠷᠠᠯ ᠨᠢ ᠬᠦᠴᠢᠷᠳᠠᠢ ᠰᠤᠷᠤᠭᠴᠢ ᠶᠢᠨ ᠲᠤᠰᠠᠯᠠᠮᠵᠢ | ᠶᠢᠨ ᠮᠦᠡᠭᠬᠦ ᠡᠷᠡᠮᠠᠯᠵᠠᠯᠠᠬᠦ ᠬᠦᠰᠦᠨᠦᠭᠳᠤ ︵ᠲᠤᠬᠠᠢ ᠶᠢᠨ ᠲᠠᠯᠠᠪᠤᠷ ᠲᠤ ᠲᠠᠭᠯᠠᠨ᠎ᠠ︶ | ② ᠶᠡᠭᠡ ᠲᠡᠭᠡᠳᠤ ᠰᠤᠷᠭᠠᠭᠤᠯᠢ ᠶᠢᠨ ᠰᠤᠷᠤᠭᠴᠢ ᠶᠢᠨ ᠦᠨᠠᠮᠯᠠᠯ | ③ᠲᠤᠤᠷ᠎ᠠ ᠪᠠᠳᠤᠯᠭᠠᠳᠤ ᠡᠷᠦᠭᠡ ᠶᠢᠨ ᠦᠨᠠᠮᠯᠠᠯ ︵ᠬᠡᠦᠬᠡᠳ ᠤᠨ ᠡᠴᠢᠬᠡ ᠡᠬᠡ ᠶᠢᠨ ᠤᠷᠤᠭ ᠤᠨ | ᠪᠠᠳᠤᠯᠠᠪᠦᠷᠢ︶᠂ ᠦᠨᠦᠴᠢᠨ ᠭᠡᠤᠭᠡᠳ ᠤᠨ ᠦᠨᠠᠮᠯᠠᠯ | ④ᠰᠤᠷᠤᠭᠴᠢ ᠶᠢᠨ ᠪᠠᠶ᠎ᠠ ᠶᠢᠨ ᠦᠨᠠᠮᠯᠠᠯ | ⑤ ᠡᠷᠦᠭᠡ ᠶᠢᠨ ᠡᠵᠡᠨ ᠤ ᠪᠠᠶ᠎ᠠ ᠶᠢᠨ ᠦᠨᠠᠮᠯᠠᠯ | ⑥ ᠭᠡᠷ ᠤᠨ ᠠᠬᠠᠮᠡᠳ᠂ ᠰᠤᠷᠤᠭᠴᠢ ᠶᠢᠨ ᠡᠷᠦᠭᠡ ᠠᠮᠠ ᠶᠢᠨ ᠲᠠᠪᠳᠡᠷ | ⑦ ᠰᠤᠷᠤᠭᠴᠢ ᠶᠢᠨ ᠲᠤᠰ ᠬᠦᠮᠦᠨ ᠤ ᠪᠠᠩᠬᠢ ᠶᠢᠨ ᠺᠡᠷᠲ ︵ᠬᠦᠳᠡᠭᠡ ᠲᠤᠰᠬᠤᠨ ᠤ ᠢᠳᠡᠭᠡᠮᠵᠢ ᠶᠢᠨ | ᠬᠤᠷᠰᠢᠶ᠎ᠠ︶ | ⑧ ᠰᠤᠷᠤᠭᠴᠢ ᠶᠢᠨ ᠤᠷᠴᠢᠮ ᠤᠨ ᠬᠤᠭᠤᠴᠠᠭᠠᠨ ᠤ ᠬᠤᠶᠠᠷ ᠢᠮᠠᠬᠤ ᠶᠢᠨ ᠮᠠᠯᠠᠭᠠᠢ ᠦᠭᠡᠢ ᠰᠠᠬᠦᠳᠡᠷ 2 | ᠬᠤᠪᠢ | 4᠂ ᠮᠠᠲ᠋ᠧᠷᠢᠶᠠᠯ ᠢ ᠬᠢᠨᠠᠬᠤ | ⑴ ᠬᠤᠰᠢᠭᠤᠨ ᠤ ᠰᠤᠷᠭᠠᠨ ᠬᠦᠮᠦᠵᠢᠯ ᠤᠨ ᠰᠠᠯᠠᠭ᠎ᠠ ᠮᠦᠴᠢᠷ ᠠᠴᠠ ᠡᠯᠰᠡᠭᠳᠡᠭᠰᠠᠨ ᠰᠤᠷᠤᠭᠴᠢ ᠶᠢᠨ ᠦᠨᠠᠨ | ᠪᠤᠳᠠᠳᠠᠢ᠂ ᠬᠦᠴᠦᠨ ᠲᠠᠢ ᠡᠰᠡᠬᠦ ᠶᠢ ᠪᠠᠶᠢᠴᠠᠭᠠᠨ ᠬᠠᠷᠭᠤᠭᠤᠯᠵᠤ᠂ ᠨᠦᠬᠦᠴᠠᠯ ᠳᠤ ᠲᠤᠬᠢᠷᠠᠭᠰᠠᠨ ᠰᠤᠷᠤᠭᠴᠢᠳ | ᠤᠨ ᠰᠤᠷᠠᠭ ᠵᠠᠩᠬᠢ ᠶᠢ ᠠᠯᠪᠠᠨ ᠵᠠᠬᠢᠳᠠᠯ ᠤᠨ ᠬᠡᠯᠪᠡᠷᠢ ᠪᠠᠷ ᠠᠷᠡᠳ ᠤᠨ ᠶᠠᠪᠤᠳᠠᠯ ᠤᠨ ᠲᠤᠪᠴᠢᠶ᠎ᠠ᠂ ᠶᠠᠳᠠᠭᠤ ᠶᠢ | ᠲᠡᠳᠬᠦᠬᠦ ᠠᠯᠪᠠᠨ ᠭᠡᠷ ᠲᠤ ᠲᠤᠰᠢᠶᠠᠨ ᠬᠢᠨᠠᠨ ᠬᠠᠷᠭᠤᠭᠤᠯᠬᠤ ᠶᠢ ᠡᠷᠡᠮᠠᠯᠵᠠᠯᠠᠨᠠ᠃ | ⑵ᠠᠷᠡᠳ ᠤᠨ ᠶᠠᠪᠤᠳᠠᠯ ᠤᠨ ᠰᠠᠯᠠᠭ᠎ᠠ ᠮᠦᠴᠢᠷ ᠠᠴᠠ ᠲᠤᠤᠷ᠎ᠠ ᠪᠠᠳᠤᠯᠭᠠᠳᠤ ᠡᠷᠦᠭᠡ ᠶᠢᠨ ᠭᠡᠤᠭᠡᠳ ︵ | ᠦᠨᠦᠴᠢᠨ ᠭᠡᠤᠭᠡᠳ ᠢ ᠪᠠᠭᠳᠠᠭᠠᠨ᠎ᠠ︶ ᠮᠥᠨ ᠡᠰᠡᠬᠦ ᠶᠢ ᠬᠢᠨᠠᠨ ᠬᠠᠷᠭᠤᠭᠤᠯᠬᠤ ᠶᠢ ᠬᠠᠷᠢᠭᠤᠴᠠᠨ᠂ ᠲᠡᠳᠬᠦᠮᠵᠢ | ᠬᠦᠷᠳᠡᠬᠦ ᠰᠤᠷᠤᠭᠴᠢ ᠶᠢᠨ ᠨᠠᠷᠠᠰ ᠢ ᠠᠯᠪᠠᠨ ᠵᠠᠬᠢᠳᠠᠯ ᠤᠨ ᠬᠡᠯᠪᠡᠷᠢ ᠪᠠᠷ ᠰᠤᠷᠭᠠᠨ ᠬᠦᠮᠦᠵᠢᠯ ᠤᠨ ᠲᠤᠪᠴᠢᠶᠠᠨ ᠳᠤ | ᠲᠤᠰᠢᠶᠠᠨ᠎ᠠ᠃ | ⑶ ᠬᠤᠰᠢᠭᠤᠨ ᠤ ᠶᠠᠳᠠᠭᠤ ᠶᠢ ᠲᠡᠳᠬᠦᠬᠦ ᠠᠯᠪᠠᠨ ᠭᠡᠷ ᠠᠴᠠ ᠺᠡᠷᠲ ᠳᠤ ᠲᠠᠩᠰᠠᠯᠠᠭᠤᠯᠤᠭᠰᠠᠨ ᠬᠦᠴᠢᠷᠳᠠᠢ | ᠡᠷᠦᠭᠡ ᠶᠢᠨ ᠭᠡᠤᠭᠡᠳ ᠮᠦᠨ ᠡᠰᠡᠬᠦ ᠶᠢ ᠬᠢᠨᠠᠨ ᠬᠠᠷᠭᠤᠭᠤᠯᠬᠤ ᠶᠢ ᠬᠠᠷᠢᠭᠤᠴᠠᠨ ᠲᠡᠳᠬᠦᠮᠵᠢ ᠬᠦᠷᠳᠡᠬᠦ ᠰᠤᠷᠤᠭᠴᠢ | ᠶᠢᠨ ᠨᠠᠷᠠᠰ ᠢ ᠠᠯᠪᠠᠨ ᠵᠠᠬᠢᠳᠠᠯ ᠤᠨ ᠬᠡᠯᠪᠡᠷᠢ ᠪᠠᠷ ᠰᠤᠷᠭᠠᠨ ᠬᠦᠮᠦᠵᠢᠯ ᠤᠨ ᠲᠤᠪᠴᠢᠶᠠᠨ ᠳᠤ ᠲᠤᠰᠢᠶᠠᠨ᠎ᠠ᠃ | ⑷ ᠲᠡᠭᠡᠷ᠎ᠠ ᠲᠤᠷᠠᠳᠤᠭᠰᠠᠨ ᠬᠢᠷᠢ ᠬᠡᠮ ᠢ ᠬᠢᠨᠠᠨ ᠬᠠᠷᠭᠤᠭᠤᠯᠬᠤ᠂ ᠮᠠᠭᠠᠳᠯᠠᠨ ᠲᠤᠭᠳᠠᠭᠠᠬᠤ ᠴᠠᠭ ᠨᠢ | ᠡᠷᠬᠡᠪᠰᠢ ᠪᠢᠴᠢᠭ ᠮᠠᠲ᠋ᠧᠷᠢᠶᠠᠯ ᠤᠨ ᠬᠦᠯᠢᠶᠠᠨ ᠠᠪᠴᠤ ᠰᠢᠢᠳᠪᠤᠷᠢᠯᠠᠬᠦ ᠴᠠᠭ ᠲᠠᠢ ᠨᠡᠶᠢᠴᠡᠬᠦ ᠬᠡᠷᠡᠭᠳᠡᠢ᠃ | 5. ᠢᠯᠠ ᠨᠠᠶᠢᠳᠠᠯᠠᠬᠦ | ᠰᠤᠷᠭᠠᠨ ᠬᠦᠮᠦᠵᠢᠯ ᠤᠨ ᠲᠤᠪᠴᠢᠶ᠎ᠠ᠂ ᠠᠷᠡᠳ ᠤᠨ ᠶᠠᠪᠤᠳᠠᠯ ᠤᠨ ᠲᠤᠪᠴᠢᠶ᠎ᠠ᠂ ᠶᠠᠳᠠᠭᠤ ᠶᠢ ᠲᠡᠳᠬᠦᠬᠦ | ᠠᠯᠪᠠᠨ ᠭᠡᠷ ᠢᠶᠠᠷ ᠬᠢᠨᠠᠨ ᠬᠠᠷᠭᠤᠭᠤᠯᠵᠤ᠂ ᠪᠠᠳᠤᠯᠠᠭᠤᠯᠤᠭᠰᠠᠨ ᠲᠤᠰᠠᠯᠠᠮᠵᠢ ᠬᠦᠷᠳᠡᠬᠦ ᠰᠤᠷᠤᠭᠴᠢ ᠶᠢᠨ ᠨᠠᠷᠠᠰ ᠢ | ᠰᠤᠷᠭᠠᠨ ᠬᠦᠮᠦᠵᠢᠯ ᠤᠨ ᠲᠤᠪᠴᠢᠶ᠎ᠠ ᠶᠢᠨ ᠰᠦᠯᠵᠢᠶ᠎ᠠ ᠵᠢᠴᠢ ᠬᠠᠮᠢᠶ᠎ᠠ ᠪᠦᠬᠦᠢ ᠨᠢᠭᠡᠴᠠ ᠢᠶᠠᠷ ᠢᠯᠠ ᠨᠠᠶᠢᠳᠠᠯᠠᠬᠦ | ᠲᠠᠪᠴᠠᠩ ᠳᠤ ᠲᠠᠪᠤᠨ ᠠᠵᠢᠯᠯᠠᠬᠤ ᠡᠳᠤᠷ ᠢᠯᠠ ᠵᠠᠷᠯᠠᠨ ᠨᠠᠶᠢᠳᠠᠯᠠᠨ᠎ᠠ᠃ | ᠲᠦᠷᠪᠠ᠂ ᠲᠡᠭᠡᠭᠰᠢ ᠮᠠᠳᠠᠬᠦᠯᠵᠤ ᠲᠠᠩᠰᠠᠯᠠᠭᠤᠯᠬᠤ | ᠰᠤᠷᠭᠠᠨ ᠬᠦᠮᠦᠵᠢᠯ ᠤᠨ ᠲᠤᠪᠴᠢᠶ᠎ᠠ ᠨᠢ ᠲᠤᠭᠳᠠᠭᠠᠭᠰᠠᠨ ᠴᠠᠭ ᠬᠤᠭᠤᠴᠠᠭ᠎ᠠ ᠶᠤᠰᠤᠭᠠᠷ ᠲᠤᠰᠠᠯᠠᠮᠵᠢ | ᠬᠦᠷᠳᠡᠬᠦ ᠰᠤᠷᠤᠭᠴᠢᠳ ᠤᠨ ᠨᠠᠷᠠᠰ ᠢ ᠴᠠᠭ ᠲᠤᠬᠠᠢ ᠲᠤᠨᠢ ᠪᠦᠷᠢᠳᠭᠡᠭᠰᠠᠨ ᠤ ᠲᠠᠷᠠᠭ᠎ᠠ ᠦᠪᠡᠷᠳᠡᠭᠡᠨ ᠵᠠᠰᠠᠬᠤ | ᠤᠷᠤᠨ ᠤ ᠰᠤᠷᠤᠯᠭ᠎ᠠ ᠶᠢᠨ ᠲᠡᠳᠬᠦᠮᠵᠢ ᠶᠢᠨ ᠬᠠᠮᠢᠶᠠᠷᠤᠯᠳᠠ ᠶᠢᠨ ᠲᠦᠪ ᠳᠤ ᠮᠡᠳᠡᠬᠦᠯᠦᠨ᠎ᠠ᠃ | ᠲᠠᠪᠤ᠂ ᠲᠤᠰᠠᠯᠠᠮᠵᠢ ᠶᠢᠨ ᠮᠦᠡᠭᠬᠦ ᠶᠢ ᠤᠯᠭᠤᠬᠤ | ᠬᠢᠨᠠᠨ ᠬᠠᠷᠭᠤᠭᠤᠯᠵᠤ᠂ ᠮᠠᠭᠠᠳᠯᠠᠨ ᠲᠤᠭᠳᠠᠭᠠᠵᠤ᠂ ᠢᠯᠠ ᠨᠠᠶᠢᠳᠠᠯᠠᠬᠦ ᠪᠠᠷ ᠲᠠᠮᠵᠢᠵᠤ᠂ ᠮᠠᠷᠭᠤᠭᠠᠨ ᠦᠭᠡᠢ | ᠪᠤᠯᠤᠠᠠᠰᠠᠨ ᠤ ᠲᠠᠷᠠᠭ᠎ᠠ᠂ ᠨᠦᠬᠦᠴᠠᠯ ᠳᠤ ᠲᠤᠬᠢᠷᠠᠭᠰᠠᠨ ᠰᠤᠷᠤᠭᠴᠢᠳ ᠤᠨ ᠲᠤᠰᠠᠯᠠᠮᠵᠢ ᠶᠢᠨ ᠮᠦᠩᠬᠦ ᠶᠢ ᠡᠳ᠋ ᠤᠨ | ᠵᠠᠰᠠᠭ ᠤᠨ ᠲᠤᠪᠴᠢᠶ᠎ᠠ ᠠᠴᠠ ᠪᠠᠩᠬᠢ ᠳᠤ ᠬᠤᠪᠢᠶᠠᠷᠢᠯᠠᠨ ᠦᠭᠴᠤ᠂ ᠪᠠᠩᠬᠢ ᠠᠴᠠ ᠰᠤᠷᠤᠭᠴᠢ ᠶᠢᠨ ᠲᠤᠰ ᠬᠦᠮᠦᠨ | ᠤ ᠲᠤᠰᠠᠯᠠᠮᠵᠢ ᠬᠦᠷᠳᠡᠬᠦ ᠺᠡᠷᠲ ᠳᠤ ᠤᠷᠤᠭᠤᠯᠵᠤ ᠦᠭᠬᠦᠨ᠎ᠠ᠃ | |