ᠪᠠᠭᠠᠷᠢᠨ ᠪᠠᠷᠠᠭᠤᠨ ᠬᠤᠰᠢᠭᠤᠨ ᠤ  ᠵᠢᠢ ᠲᠦᠩ ᠲᠡᠮᠦᠷ ᠵᠠᠮ ᠤᠨDK642+436 ᠪᠣᠯᠤᠨ X199  ᠤᠨ ᠡᠩ ᠤᠨ ᠠᠭᠤᠯᠵᠠᠷ ᠢ ᠵᠥᠷᠢᠯᠭᠡ ᠬᠥᠭᠦᠷᠭᠡ ᠪᠣᠯᠭᠠᠨ ᠥᠭᠡᠷᠡᠴᠢᠯᠡᠬᠦ ᠪᠠᠷᠢᠯᠭ᠎ᠠ ᠶᠢᠨ ᠵᠠᠮ ᠬᠠᠭᠠᠬᠤ ᠠᠯᠪᠠᠨ ᠵᠠᠷ
ᠨᠡᠶᠢᠲᠡᠯᠡᠭᠰᠡᠨ ᠴᠠᠭ᠄
2020/7/21
       ᠵᠢᠢ ᠲᠦᠩ ᠲᠡᠮᠦᠷ ᠵᠠᠮ ᠤᠨ DK642+436 ᠪᠣᠯᠤᠨ X199  ᠤᠨ ᠡᠩ ᠤᠨ ᠠᠭᠤᠯᠵᠠᠷ ᠢ ᠵᠥᠷᠢᠯᠭᠡ ᠬᠥᠭᠦᠷᠭᠡ ᠪᠣᠯᠭᠠᠨ ᠥᠭᠡᠷᠡᠴᠢᠯᠡᠬᠦ ᠪᠠᠷᠢᠯᠭ᠎ᠠ ᠨᠢ ᠤᠯᠠᠭᠠᠨᠬᠠᠳᠠ ᠬᠤᠲᠠ ᠶᠢᠨ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ︵ᠤᠯᠠᠭᠠᠨᠬᠠᠳᠠ ᠵᠠᠮ ᠲᠠᠷᠬᠠᠭᠠᠭᠰᠠᠨ︹2020 ︺ 92 ᠳ᠋ᠤᠭᠠᠷ ᠲᠣᠭᠠᠲᠤ︶ ᠪᠠᠷ ᠵᠥᠪᠰᠢᠶᠡᠷᠡᠭᠦᠯᠦᠨ ᠪᠦᠲᠦᠭᠡᠨ ᠪᠠᠶᠢᠭᠤᠯᠵᠤ ᠪᠠᠶᠢᠭ᠎ᠠ ᠶᠤᠮ᠃ ᠥᠷᠭᠡᠨ ᠣᠯᠠᠨ ᠲᠦᠮᠡᠨ ᠤ ᠠᠶᠠᠨ ᠵᠠᠮ ᠤᠨ ᠠᠶᠤᠯ ᠦᠭᠡᠢ ᠶᠢ ᠪᠠᠲᠤᠯᠠᠬᠤ ᠶᠢᠨ ᠲᠥᠯᠥᠭᠡ᠂ ᠲᠣᠰ ᠵᠠᠮ ᠤᠨ ᠠᠭᠤᠯᠵᠠᠷ ᠢ ᠬᠠᠭᠠᠬᠤ ᠪᠠᠷ ᠲᠣᠭᠲᠠᠪᠠ᠃ ᠬᠠᠭᠠᠬᠤ ᠬᠤᠭᠤᠴᠠᠭ᠎ᠠ ᠨᠢ 2020 ᠣᠨ ᠤ 8 ᠰᠠᠷ᠎ᠠ ᠶᠢᠨ 1 ᠤ ᠡᠳᠦᠷ ᠠᠴᠠ 2020 ᠣᠨ ᠤ 11 ᠰᠠᠷ᠎ᠠ ᠶᠢᠨ 15 ᠤ ᠡᠳᠦᠷ ᠪᠣᠯᠲᠠᠯ᠎ᠠ᠃ ᠵᠠᠮ ᠤᠨ ᠠᠭᠤᠯᠵᠠᠷ ᠢ ᠬᠠᠭᠠᠭᠰᠠᠨ ᠬᠤᠭᠤᠴᠠᠭᠠᠨ ᠳᠤ ᠨᠠᠰᠢ ᠴᠠᠰᠢ  ᠥᠩᠭᠡᠷᠡᠬᠦ ᠲᠡᠷᠭᠡ ᠪᠠ ᠶᠠᠪᠠᠭᠠᠨ ᠬᠥᠮᠦᠨ ᠲᠣᠭᠤᠷᠢᠵᠤ ᠶᠠᠪᠤᠬᠤ ᠪᠣᠯᠪᠠᠤ᠃                ᠲᠣᠭᠤᠷᠢᠵᠤ ᠶᠠᠪᠤᠬᠤ ᠵᠠᠮ ᠱᠤᠭᠤᠮ ᠨᠢ ᠳᠠᠷᠠᠭᠠᠬᠢ ᠮᠡᠲᠦ᠄        ᠨᠢᠭᠡ᠂ ᠵᠢᠷᠭᠠᠯ ‍ᠤᠨ‌ᠵᠠᠮ ᠰᠤᠮᠤ ᠠᠴᠠ ᠳ᠋ᠠᠪᠠᠨ ᠵᠦᠭ ᠶᠠᠪᠤᠬᠤ ᠲᠡᠷᠭᠡ ᠨᠢ ᠭᠤᠷᠪᠠᠨ ᠮᠠᠩᠬ᠎ᠠ ᠠᠴᠠ ᠰᠤᠪᠤᠷᠭ᠎ᠠ ᠬᠦᠷᠬᠦ ᠱᠤᠭᠤᠮ — ᠨᠠᠷᠢᠨᠳᠠᠪᠠᠭ᠎ᠠ ᠠᠴᠠ ᠴᠠᠭᠠᠨᠮᠥ᠋ᠷᠡᠨ ᠬᠦᠷᠬᠦ ᠱᠤᠭᠤᠮ ︵X194︶— ᠮᠠᠷᠽᠢᠨᠲᠠᠯ᠎ᠠ ᠠᠴᠠ ᠵᠢᠶᠠᠨ ᠱᠧ ᠲᠣᠰᠬᠤᠨ ᠬᠦᠷᠬᠦ ᠱᠤᠭᠤᠮ— ᠳ᠋ᠠᠪᠠᠨ ᠴᠢᠭᠯᠡᠯ ᠢᠶᠠᠷ ᠲᠣᠭᠤᠷᠢᠵᠤ ᠶᠠᠪᠤᠭᠠᠷᠠᠢ᠃        ᠬᠤᠶᠠᠷ᠂ ᠳ᠋ᠠᠪᠠᠨ ᠠᠴᠠ ᠵᠢᠷᠭᠠᠯ ᠤᠨ ᠵᠠᠮ ᠰᠤᠮᠤᠨ ᠵᠦᠭ ᠶᠠᠪᠤᠬᠤ ᠲᠡᠷᠭᠡ ᠨᠢ ᠮᠠᠷᠽᠢᠨᠲᠠᠯ᠎ᠠ ᠠᠴᠠ ᠵᠢᠶᠠᠨ ᠱᠧ ᠲᠣᠰᠬᠤᠨ ᠬᠦᠷᠬᠦ ᠱᠤᠭᠤᠮ — ᠨᠠᠷᠢᠨᠳᠠᠪᠠᠭ᠎ᠠ ᠠᠴᠠ ᠴᠠᠭᠠᠨᠮᠥ᠋ᠷᠡᠨ ᠬᠦᠷᠬᠦ ᠱᠤᠭᠤᠮ ︵X194︶ —  ᠭᠤᠷᠪᠠᠨ ᠮᠠᠩᠬ᠎ᠠ ᠠᠴᠠ ᠰᠤᠪᠤᠷᠭ᠎ᠠ ᠬᠦᠷᠬᠦ ᠱᠤᠭᠤᠮ— ᠵᠢᠷᠭᠠᠯ ᠤᠨ ᠵᠠᠮ ᠰᠤᠮᠤ ᠴᠢᠭᠯᠡᠯ ᠢᠶᠠᠷ ᠲᠣᠭᠤᠷᠢᠵᠤ  ᠶᠠᠪᠤᠭᠠᠷᠠᠢ᠃        ᠭᠤᠷᠪᠠ᠂ ᠵᠢᠷᠭᠠᠯ ᠤᠨ ᠵᠠᠮ ᠰᠤᠮᠤ ᠠᠴᠠ ᠯᠢᠨᠳᠦ᠋ᠩ ᠳᠤ ᠬᠦᠷᠬᠦ ᠲᠡᠷᠭᠡ ᠳ᠋ᠠᠪᠠᠨ — ᠮᠤᠵᠢ  ᠬᠤᠭᠤᠷᠣᠨᠳᠣᠬᠢ ᠵᠠᠮ — ᠯᠢᠨᠳᠦ᠋ᠩ  ᠴᠢᠭᠯᠡᠯ ᠢᠶᠠᠷ ᠲᠣᠭᠤᠷᠢᠵᠤ ᠶᠠᠪᠤᠭᠠᠷᠠᠢ᠃ᠳᠥᠷᠪᠡ᠂ ᠯᠢᠨᠳᠦ᠋ᠩ ᠠᠴᠠ ᠵᠢᠷᠭᠠᠯ ᠤᠨ ᠵᠠᠮ ᠰᠤᠮᠤ ᠵᠦᠭ ᠶᠠᠪᠤᠬᠤ ᠲᠡᠷᠭᠡ ᠨᠢ ᠮᠤᠵᠢ ᠬᠤᠭᠤᠷᠣᠨᠳᠣᠬᠢ ᠵᠠᠮ —ᠳ᠋ᠠᠪᠠᠨ— ᠵᠢᠷᠭᠠᠯ ᠤᠨ ᠵᠠᠮ ᠰᠤᠮᠤ ᠴᠢᠭᠯᠡᠯ ᠢᠶᠠᠷ ᠲᠣᠭᠤᠷᠢᠵᠤ ᠶᠠᠪᠤᠭᠠᠷᠠᠢ᠃        ᠬᠠᠭᠠᠭᠰᠠᠨ ᠵᠠᠮ ᠤᠨ ᠬᠡᠰᠡᠭ ᠤᠨ ᠬᠡᠪᠴᠢᠶᠡᠨ ᠳᠣᠲᠣᠷᠠᠬᠢ ᠰᠠᠭᠤᠭᠠᠯᠢ ᠠᠷᠠᠳ ᠭᠠᠳᠠᠭᠰᠢ ᠭᠠᠷᠬᠤ ᠳᠠᠭᠠᠨ ᠵᠠᠮ ᠱᠤᠭᠤᠮ ᠢᠶᠠᠨ ᠵᠣᠬᠢᠰᠲᠠᠶ ᠰᠣᠩᠭᠤᠵᠤ᠂ ᠪᠠᠷᠢᠯᠭ᠎ᠠ ᠬᠢᠵᠦ ᠪᠠᠶᠢᠭ᠎ᠠ ᠵᠠᠮ ᠢᠶᠠᠷ ᠶᠠᠪᠤᠬᠤ ᠠᠴᠠ ᠠᠯᠢ ᠴᠢᠳᠠᠬᠤ ᠪᠠᠷ ᠵᠠᠶᠢᠯᠠᠰᠬᠢᠬᠦ ᠬᠡᠷᠡᠭᠲᠡᠶ᠃ ᠨᠡᠶᠢᠭᠡᠮ ᠤᠨ ᠡᠯ᠎ᠡ ᠡᠲᠡᠭᠡᠳ ᠪᠣᠯᠤᠨ ᠥᠷᠭᠡᠨ ᠣᠯᠠᠨ ᠲᠦᠮᠡᠨ ᠣᠶᠢᠯᠠᠭᠠᠨ ᠳᠡᠮᠵᠢᠵᠦ᠂ ᠲᠤᠬᠠᠶ ᠶᠢᠨ ᠭᠠᠵᠠᠷ ᠤᠨ ᠵᠠᠮ ᠬᠠᠷᠢᠯᠴᠠᠭᠠᠨ ᠤ ᠲᠡᠮᠳᠡᠭ ᠤᠨ ᠵᠢᠭᠠᠯᠲᠠ ᠶᠣᠰᠣᠭᠠᠷ ᠠᠶᠠᠯᠠᠬᠤ ᠶᠢ ᠬᠦᠰᠡᠵᠦ ᠪᠠᠶᠢᠨ᠎ᠠ  ᠃        ᠡᠭᠦᠨ ᠤ ᠲᠤᠯᠠ‌ᠣᠨᠴᠠᠭᠠᠶᠢᠯᠠᠨ ᠵᠠᠷᠯᠠᠪᠠ                                         ᠪᠠᠭᠠᠷᠢᠨ ᠪᠠᠷᠠᠭᠤᠨ‌ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ                     ᠪᠠᠭᠠᠷᠢᠨ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ                           ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ                             2020 ᠣᠨ ᠤ 7 ᠰᠠᠷ᠎ᠠ ᠶᠢᠨ 16 ᠤ ᠡᠳᠦᠷ    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2