ᠬᠠᠶᠢᠷ᠎ᠠ ᠬᠠᠯᠠᠮᠵᠢ ᠬᠤᠰᠢᠭᠤ ᠨᠣᠳᠤᠭ ᠢᠯᠭᠠᠳᠠᠭ ᠦᠭᠡᠢ
ᠨᠡᠶᠢᠲᠡᠯᠡᠭᠰᠡᠨ ᠴᠠᠭ᠄
2020/7/31
             ︽8  · 1︾ ᠶᠢᠨ ᠠᠷᠠᠳ ᠤᠨ ᠴᠡᠷᠢᠭ ᠪᠠᠭᠤᠯᠣᠭᠳᠠᠭᠰᠠᠨ ᠪᠠᠶᠠᠷ ᠬᠦᠷᠴᠣ ᠢᠷᠡᠬᠦ ᠶᠢᠨ ᠬᠤᠶᠠᠷ ᠡᠳᠦᠷ ᠤᠨ ᠡᠮᠣᠨ᠎ᠡ ︵7 ᠰᠠᠷ᠎ᠠ30 ᠡᠳᠦᠷ︶᠂ ᠣᠯᠠᠭᠠᠨᠬᠠᠳᠠ ᠬᠤᠳᠡ ᠶᠢᠨ ᠠᠷᠣ ᠬᠤᠷᠴᠢᠨ ᠬᠤᠰᠢᠭᠤᠨ ᠤ ᠣᠢ ᠰᠢᠭᠤᠢ ᠨᠣᠳᠤᠭ ᠪᠡᠯᠴᠢᠭᠡᠷ ᠤᠨ ᠲᠣᠪᠴᠢᠶ᠎ᠠ ᠳᠤ ᠠᠯᠪᠠ ᠲᠠᠢ᠂ ᠣᠳᠣ ᠪᠠᠷ ᠲᠣᠰ ᠬᠤᠰᠢᠭᠤᠨ ᠤ ᠪᠠᠨ ᠪᠠᠶ᠋ᠬᠠᠦ᠋ᠨᠳᠦᠷ ᠰᠣᠮᠣ ᠶᠢᠨ ᠲᠠᠷᠬᠠᠬᠠᠭᠤᠯᠨ ᠭᠠᠴᠠᠭ᠎ᠠ ᠳᠤ ᠰᠠᠭᠤᠵᠣ ᠶᠠᠳᠠᠭᠤ ᠠᠴᠠ ᠠᠩᠬᠢᠵᠢᠷᠠᠭᠤᠯᠣᠨ ᠪᠣᠭᠤᠮᠳᠡ ᠰᠢᠪᠳᠣᠯᠬᠤ ᠠᠵᠢᠯᠯᠠᠬᠤ ᠠᠩᠬᠢ ᠳᠤ ᠭᠠᠪᠰᠢᠭᠠᠶᠢᠯᠠᠵᠣ ᠶᠠᠪᠣᠭ᠎ᠠ ᠴᠡᠷᠢᠭ ᠠᠴᠠ ᠪᠠᠭᠤᠭᠰᠠᠨ ᠵᠠᠯᠠᠭᠤ ᠠᠵᠢᠯᠳᠠᠨ ᠭᠡᠰᠢᠭᠳᠦᠬᠦᠷᠡᠩ᠂ ᠲᠣᠬᠠᠶᠢᠯᠠᠭᠰᠠᠨ ᠠᠵᠢᠯ ᠤᠨ  ᠪᠣᠯᠪᠠᠰᠣᠷᠡᠯ ᠰᠣᠷᠣᠯᠴᠠᠯᠠᠭ᠎ᠠ ᠶᠢᠨ ᠨᠢᠭᠡᠨ ᠠᠵᠢᠯᠯᠠᠭᠠᠨ ᠳᠤ ᠣᠷᠣᠯᠴᠠᠵᠣ᠂ ᠪᠠᠭᠠᠷᠢᠨ ᠪᠠᠷᠠᠭᠤᠨ ᠬᠤᠰᠢᠭᠤᠨ ᠤ ᠰᠢᠷᠠᠮᠦ᠋ᠷᠡᠨ ᠰᠣᠮᠣᠨ ᠤ ᠲᠠᠯᠠᠨᠳᠠᠢ ᠭᠠᠴᠠᠭ᠎ᠠ ᠳᠤ ᠬᠦᠷᠴᠠᠢ᠃ ᠨᠢᠭᠡ ᠮᠠᠯᠴᠢᠨ ᠠᠶᠢᠯ ᠳᠤ ᠣᠷᠣᠭᠠᠳ ᠮᠡᠨᠳᠦᠴᠢᠡᠯᠬᠦ ᠳᠤ᠂ ᠨᠠᠰᠣᠳᠠᠢ ᠠᠪᠤ ᠴᠢᠬᠢ ᠬᠠᠳᠠᠭᠤ᠂ ᠨᠠᠰᠣᠳᠠᠢ ᠡᠵᠢ ᠲᠦᠰᠢᠯᠭᠡ ᠲᠠᠢ ᠰᠠᠨᠳᠠᠯᠢ ᠳᠤ ᠰᠠᠭᠠᠳᠠᠵᠣ ᠪᠣᠰᠴᠣ ᠰᠠᠭᠤᠬᠤ ᠳᠠᠭᠠᠨ ᠬᠦᠴᠢᠷᠳᠡᠵᠣ ᠬᠦᠯ ᠨᠢ ᠡᠮᠵᠡᠭ ᠲᠠᠢ᠂ ᠨᠠᠰᠣ ᠠᠬᠢᠭᠰᠠᠨ ᠡᠪᠦᠭᠡᠨ ᠭᠦᠭᠰᠢᠨ ᠬᠤᠶᠠᠭᠤᠯᠨ ᠪᠠᠨ ᠪᠠᠶ᠎ᠠ ᠪᠠᠶ᠎ᠠ ᠳᠡᠭᠡᠨ ᠲᠦᠰᠢᠭ ᠪᠣᠯᠵᠣ᠂  ᠨᠠᠮ ᠵᠠᠰᠠᠭ ᠤᠨ ᠬᠠᠷᠠᠭᠠᠯᠵᠠᠯᠠᠯ ᠢᠶᠠᠷ ᠲᠣᠣᠷ᠎ᠠ ᠪᠠᠳᠣᠯᠠᠭ᠎ᠠ ᠳᠤ ᠲᠦᠰᠢᠭᠯᠡᠨ ᠠᠵᠣ ᠲᠦᠷᠦᠵᠣ ᠪᠠᠶᠢᠭ᠎ᠠ ᠶᠢ ᠦᠢᠯᠠᠭᠠᠨ ᠮᠡᠳᠡᠪᠡ᠃ ᠬᠤᠶᠠᠷ ᠨᠠᠰᠣᠳᠠᠨ ᠤ ᠬᠢ ᠠᠴᠠ ᠠᠶᠠᠷᠯᠠᠬᠤ ᠳᠤ᠂ ᠭᠡᠰᠢᠭᠳᠦᠭᠦᠷᠡᠩ ᠬᠠᠷᠮᠠᠨ ᠳᠠᠭᠠᠨ ᠪᠠᠶᠢᠭᠰᠠᠨ ᠬᠤᠶᠠᠷ ᠵᠠᠭᠤᠨ ᠲᠦᠭᠦᠷᠢᠭ ᠢᠶᠠᠨ ᠲᠡᠳᠡᠨ ᠳᠤ ᠭᠠᠷᠳᠠᠭᠤᠯᠵᠣ  ᠂ ᠲᠡᠳᠡᠨᠡᠷ ᠤᠨ ᠡᠰᠨ ᠬᠦᠯᠢᠶᠡᠬᠦ ᠶᠢ ᠵᠦᠪᠰᠢᠶᠡᠷᠡᠯ ᠦᠭᠡᠢ᠂ ︽ᠮᠢᠨᠣ ᠦᠴᠦᠬᠡᠨ ᠰᠡᠳᠬᠢᠯ ᠢ ᠬᠦᠯᠢᠶᠡᠨ ᠠᠪᠣᠭᠠᠷᠠᠢ︕︾ ᠭᠡᠳ ᠨᠢᠳᠣᠨ ᠳᠡᠭᠡᠨ ᠵᠠᠶᠢᠷ ᠲᠠᠢ ᠭᠠᠷᠴᠣ ᠢᠷᠡᠭᠰᠡᠨ ᠪᠠᠶᠢᠨ᠎ᠠ᠃
           ᠬᠠᠷᠢ ᠬᠤᠯᠨ ᠠᠷᠣ ᠬᠤᠷᠴᠢᠨ ᠨᠣᠳᠤᠭ ᠲᠠᠢ ᠵᠠᠯᠠᠭᠤ ᠶᠢᠨ ᠬᠠᠶᠢᠷ᠎ᠠ ᠶᠢᠨ ᠬᠦᠨᠳᠣ ᠪᠡᠯᠡᠭ ᠢ ᠭᠡᠨᠡᠳᠳᠡ ᠪᠠᠷ ᠲᠣᠰᠣᠭᠰᠠᠨ ᠲᠠᠯᠠᠨ  ᠵᠢᠷᠭᠤᠭ᠎ᠠ ᠬᠦᠷᠦᠭᠰᠡᠨ ᠰᠧᠳᠡᠩᠳᠠᠮᠪᠠ ᠨᠠᠰᠣᠳᠠᠨ᠂ ᠠᠵᠢᠯ ᠰᠣᠷᠣᠯᠴᠠᠯᠭ᠎ᠠ ᠪᠠᠷ ᠶᠠᠪᠣᠵᠣ ᠪᠠᠶᠢᠭ᠎ᠠ ᠲᠠᠨᠢᠯ ᠴᠦ ᠪᠢᠰᠢ᠂ ᠦᠢᠷ᠎ᠡ ᠰᠠᠳᠣᠨ ᠴᠦ ᠪᠢᠰᠢ ᠬᠦᠮᠦᠰ ᠤᠨ ᠡᠳ᠋ ᠮᠦᠩᠭᠦ ᠶᠢ ᠬᠤᠷᠢᠶᠠᠨ ᠠᠪᠴᠣ ᠭᠡᠷᠬᠢᠨ ᠪᠣᠯᠬᠤ ᠪᠣᠢ︖ ᠭᠡᠮᠡᠨ ᠲᠡᠳᠡᠨᠡᠷ ᠲᠤ ᠪᠠᠷ᠎ᠠ ᠪᠣᠯᠵᠣ ᠵᠠᠮᠴᠢᠯᠠᠵᠣ ᠠᠭᠰᠠᠨ ᠰᠣᠮᠣᠨ ᠤ ᠨᠢᠭᠡ ᠣᠳᠣᠷᠢᠳᠣᠯᠭ᠎ᠠ ᠶᠢ ᠨᠡᠭᠡᠨ ᠲᠠᠭᠠᠵᠣ᠄ ︽ᠪᠢ ᠠᠪᠬᠤ ᠦᠭᠡᠢ᠂ ᠪᠢ ᠠᠪᠬᠤ ᠦᠬᠡᠢ ᠰᠢᠣ︕︾  ᠭᠡᠳ ᠪᠣᠴᠠᠭᠠᠬᠤ  ᠳᠤ᠂ ᠬᠠᠮᠳᠣ ᠶᠠᠪᠣᠭᠰᠠᠳ ᠨᠢ ︽ᠨᠠᠰᠣᠳᠠᠨ ᠮᠢᠨᠢ ᠡ᠂ ᠲᠠ ᠡᠨᠡ ᠵᠠᠯᠠᠭᠤ ᠳᠤ ᠶᠠᠭ ᠦᠪᠡᠷ ᠤᠨ ᠬᠢᠨ ᠡᠪᠦᠭᠡ ᠨᠢ ᠠᠳᠠᠯᠢ ᠰᠠᠨᠠᠭᠳᠠᠭᠠᠳ ᠪᠠᠶᠢᠨ᠎ᠠ ᠭᠡᠨ᠎ᠡ᠂ ᠲᠠ ᠬᠤᠷᠢᠶᠠᠨ ᠠᠪᠬᠤ ᠦᠬᠡᠢ ᠪᠣᠯ ᠡᠨᠡ ︿ᠣᠮᠪᠣᠯ﹀ ᠴᠢᠨᠢ ᠨᠡᠩ ᠭᠡᠴᠡᠭᠦᠦ ᠵᠣᠪᠠᠨ᠎ᠠ ᠰᠢᠣ︾ ᠭᠡᠳ ᠡᠪᠣᠭᠡᠨ ᠢ ᠵᠣᠭᠰᠣᠭᠠᠪᠠ᠃ ᠡᠪᠣᠭᠡᠨ ᠬᠤᠭᠤᠯᠠᠢ ᠴᠡᠴᠡᠷᠡᠬᠦᠯᠦᠨ᠄ ︽ᠲᠡᠭᠡᠪᠡᠯ ᠲᠠᠨᠠᠷ ᠮᠢᠨᠣ ᠡᠮᠣᠨ᠎ᠡ ᠠᠴᠠ  ᠬᠦᠭᠡᠷᠦᠬᠦᠢ ᠬᠦᠦ ᠳᠤ ᠨᠢᠭᠡ ᠰᠠᠶᠢᠬᠠᠨ ᠦᠭᠡ ᠴᠦ ᠭᠡᠯᠡᠵᠣ᠂  ᠲᠠᠯᠠᠷᠬᠠᠵᠣ ᠪᠠᠶᠢᠭ᠎ᠠ ᠰᠠᠳᠬᠢᠯ ᠢ ᠨᠡᠶᠢᠳᠡ ᠣᠯᠠᠨ ᠳᠤ ᠲᠠᠮᠵᠢᠭᠤᠯᠣᠭᠠᠳ ᠦᠭᠬᠦᠭᠡᠴᠢ ᠳ᠋ᠠ︕︾  ᠭᠡᠵᠣ ᠭᠦᠰᠡᠪᠡ᠃
        ᠦᠨᠳᠦᠷᠭᠡᠨ ᠪᠠᠶ᠎ᠡ  ᠂ ᠬᠠᠷ᠎ᠠ ᠪᠣᠷᠣᠬᠠᠨ ᠴᠢᠷᠠᠢ᠂ ᠡᠭᠡᠯ ᠪᠣᠷᠣᠭᠵᠢᠭᠤᠨ᠂ ᠲᠣᠰᠠᠷᠬᠠᠭ ᠵᠠᠩ ᠲᠠᠢ ᠭᠡᠰᠢᠭᠳᠦᠬᠦᠷᠡᠩ ᠠᠷᠠᠳ ᠤᠨ ᠴᠡᠷᠢᠭ ᠤᠨ ᠠᠯᠪᠠᠨ ᠳᠤ ᠶᠠᠪᠣᠵᠣ ᠠᠷᠣ ᠬᠢᠯᠢ ᠪᠠᠨ ᠰᠠᠬᠢᠵᠣ᠂ ᠣᠷᠣᠨ ᠨᠣᠳᠤᠭ  ᠲᠠᠭᠠᠨ ᠪᠠᠭᠤᠵᠣ ᠠᠯᠪᠠᠨ ᠠᠵᠢᠯ ᠳᠤ ᠭᠠᠷᠣᠭᠠᠳ ᠪᠠᠰᠨ ᠠᠷᠪᠠ ᠰᠢᠬᠠᠮ ᠵᠢᠯ ᠪᠣᠯᠵᠣ ᠪᠠᠶᠢᠭ᠎ᠠ ᠶᠣᠮ ᠪᠠᠶᠢᠨ᠎ᠠ᠃  ᠭᠡᠰᠢᠭᠳᠦᠬᠦᠷᠡᠩ ᠤᠨ ᠬᠠᠮᠳᠣ ᠠᠵᠢᠯᠯᠠᠭᠰᠠᠳ ᠤᠨ ᠲᠠᠨᠢᠯᠴᠠᠭᠤᠯᠬᠤ ᠪᠠᠷ᠂ ᠡᠨᠡ ᠣᠳᠠᠭ᠎ᠠ᠂ ᠲᠡᠬᠦᠨ ᠢ ᠨᠢᠭᠡᠳᠦᠯᠳᠠᠢ ᠠᠵᠢᠯ ᠤᠨ ᠬᠤᠪᠢᠶᠠᠷᠢᠯᠡᠯ ᠢ ᠲᠠᠭᠠᠵᠣ ᠪᠠᠭᠠᠷᠢᠨ ᠪᠠᠷᠠᠭᠤᠨ ᠬᠤᠰᠢᠭᠤᠨ ᠳᠤ ᠢᠷᠡᠵᠣ ᠡᠬᠦᠷᠭᠡ ᠬᠦᠢᠴᠡᠳᠭᠡᠵᠣ ᠪᠠᠶᠢᠭ᠎ᠠ ᠳᠤᠨᠢ ᠠᠷᠣ ᠭᠡᠷ ᠠᠷᠣ ᠬᠤᠷᠴᠢᠨ ᠤ ᠪᠠᠶ᠋ᠬᠠᠦ᠋ᠨᠳᠦᠷ ᠲᠤ ᠲᠠᠯᠨ ᠭᠠᠷᠴᠣ ᠨᠠᠶ᠋ᠨ ᠶᠢ ᠬᠦᠭᠡᠭᠡᠵᠣ᠂ ᠴᠢᠬᠢ ᠬᠠᠳᠠᠭᠤ ᠡᠪᠦᠭᠡ ᠬᠦᠯ ᠮᠠᠭᠤᠳᠠᠢ ᠡᠮᠡᠭᠡ ᠨᠢ ᠪᠡᠶ᠎ᠡ ᠪᠡᠶ᠎ᠡ ᠳᠡᠭᠡᠨ ᠪᠠᠷ᠎ᠠ ᠪᠣᠯᠵᠣ ᠠᠶᠢᠯ ᠨᠣᠳᠤᠭ ᠲᠠᠭᠠᠨ ᠠᠵᠣ  ᠲᠦᠷᠦᠵᠣ ᠪᠠᠶᠢᠭᠰᠠᠨ ᠢᠶᠠᠨ ᠡᠪᠦᠭᠡ ᠨᠢ ᠲᠦᠷᠦᠬᠦᠦ ᠡᠳᠦᠷ ᠭᠡᠨᠡᠳᠳᠡ ᠲᠦᠷᠭᠡᠨ ᠡᠪᠡᠳᠴᠢᠨ ᠢᠶᠠᠷ ᠨᠠᠰᠣ ᠪᠠᠷᠠᠵᠠᠢ᠃  ᠭᠡᠰᠢᠭᠳᠦᠬᠦᠷᠡᠩ  ᠭᠡᠷ ᠨᠣᠳᠤᠭ ᠲᠠᠭᠠᠨ ᠬᠠᠷᠢᠵᠣ᠂ ᠡᠮᠣᠨ᠎ᠡ ᠡᠳᠦᠷ ᠡᠪᠦᠭᠡ ᠶᠢᠨ ᠢᠶᠠᠨ ᠴᠢᠨᠳᠠᠷ ᠢ ᠨᠣᠳᠣᠭᠯᠠᠭᠤᠯᠣᠭᠠᠳ᠂ ᠴᠡᠷᠢᠭ ᠬᠦᠮᠦᠨ ᠤ ᠰᠣᠷᠳᠠᠯ ᠲᠠᠢ ᠲᠡᠷᠨ ᠮᠦᠨ ᠰᠦᠨᠢ ᠳᠡᠭᠡᠨ ᠡᠩᠨᠡᠭᠡ ᠳᠡᠭᠡᠨ ᠪᠣᠴᠠᠵᠣ᠂ ᠭᠠᠰᠢᠭᠤᠳᠠᠯ ᠭᠡᠮᠰᠢᠯ ᠢᠶᠠᠨ ᠲᠠᠷᠣᠵᠣ ᠶᠠᠳᠠᠨ ᠦᠨᠦᠳᠦᠷ ᠤᠨ ᠠᠵᠢᠯᠯᠠᠭᠠᠨ ᠳᠠᠭᠠᠨ ᠰᠠᠭᠠᠳᠣᠯ ᠦᠬᠡᠢ ᠦᠷᠬᠦᠯᠵᠢᠯᠡᠨ ᠣᠷᠣᠯᠴᠠᠭᠰᠠᠨ ᠶᠣᠮ ᠪᠠᠶᠢᠨ᠎ᠠ᠃ (ᠬᠦᠬᠡᠳᠠᠪᠠᠯᠭᠠᠨ )  
 
ᠢᠷᠡᠯᠲᠡ᠄ ᠪᠭᠠᠷᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05001926号-2