| | | ᠬᠡᠷᠡᠭ ᠤᠨ ᠵᠢᠱᠢᠶ᠎ᠡ ᠵᠠᠩ ᠣᠪᠣᠭᠲᠤ ᠶᠢᠨ ᠭᠠᠷ ᠤᠲᠠᠰᠤ ᠨᠢ ᠵᠣᠭᠤᠰ ᠥᠷᠢᠲᠦᠬᠦ ᠰᠢᠬᠠᠭᠰᠠᠨ ᠠᠴᠠ᠂ ᠰᠦᠯᠵᠢᠶᠡᠨ ᠪᠠᠩᠬᠢ ᠪᠠᠷ ᠳᠠᠮᠵᠢᠭᠤᠯᠤᠨ 200 | ᠲᠥᠭᠦᠷᠢᠭ ᠤᠨ ᠤᠲᠠᠰᠤᠨ ᠵᠠᠷᠤᠳᠠᠯ ᠨᠡᠮᠡᠬᠦ ᠪᠠᠷ ᠪᠡᠯᠡᠳᠬᠡᠵᠦ ᠪᠠᠶᠢᠭᠰᠠᠨ ᠢᠶᠠᠨ ᠰᠠᠨᠠᠮᠰᠠᠷ ᠦᠭᠡᠢ ᠨᠢᠭᠡᠨᠣᠮᠧᠷ ᠪᠤᠷᠤᠭᠤ ᠳᠠᠷᠤᠵᠤ᠂ ᠯᠢ ᠣᠪᠣᠭᠲᠤ ᠶᠢᠨ ᠤᠲᠠᠰᠤᠨ | ᠨᠣᠮᠧᠷ ᠲᠤ ᠨᠡᠮᠡᠭᠡᠳ ᠤᠷᠤᠭᠤᠯᠴᠢᠬᠠᠵᠠᠢ᠃ ᠵᠠᠩ ᠣᠪᠣᠭᠲᠤ ᠠᠴᠠ ᠯᠢ ᠣᠪᠣᠭᠲᠤ ᠳᠤ ᠤᠲᠠᠰᠤ ᠠᠪᠴᠤ ᠵᠣᠭᠤᠰ ᠢᠶᠠᠨ ᠪᠤᠴᠠᠭᠠᠬᠤ ᠶᠢ ᠭᠤᠶᠤᠴᠢᠯᠠᠪᠠ᠂ ᠭᠡᠲᠡᠯ᠎ᠡ᠂ | ᠯᠢ ᠣᠪᠣᠭᠲᠤ ᠵᠣᠭᠤᠰ ᠢ ᠨᠢ ᠶᠠᠭᠠᠬᠢᠭᠰᠠᠨ ᠴᠤ ᠪᠤᠴᠠᠭᠠᠬᠤ ᠦᠭᠡᠢ ᠶᠢ ᠬᠡᠨ ᠮᠡᠲᠡᠵᠡᠮ᠃ ᠲᠡᠭᠡᠪᠡᠯ ᠵᠠᠩ ᠣᠪᠣᠭᠲᠤ ᠤᠲᠠᠰᠤᠨ ᠤ ᠵᠠᠷᠤᠳᠠᠯ ᠢ | ᠨᠡᠬᠡᠵᠦᠠᠪᠴᠢᠷᠠᠵᠤ ᠲᠠᠶᠢᠯᠤᠨ᠎ᠠ ᠦᠦ︖ ᠬᠡᠷᠡᠭ ᠢᠶᠠᠷ ᠬᠠᠥᠯᠢ ᠶᠠᠷᠢᠶ᠎ᠠ ᠳᠡᠶᠢᠯᠦᠨ᠎ᠡ᠃ ᠢᠷᠭᠡᠨ ᠤ ᠬᠠᠤᠯᠢ ᠶᠢᠨ ᠪᠢᠴᠢᠭ ᠤᠨ ᠶᠢᠰᠦᠨ ᠵᠠᠭᠤ ᠨᠠᠶᠠᠨ | ᠲᠠᠪᠤᠳᠤᠭᠠᠷ ᠵᠦᠢᠯ ᠳᠤ ᠲᠣᠭᠲᠠᠭᠠᠭᠰᠠᠨ ᠢᠶᠠᠷ᠂ ᠠᠰᠢᠭ ᠣᠯᠣᠭᠴᠢ ᠬᠠᠤᠯᠢ ᠴᠠᠭᠠᠵᠠ ᠶᠢᠨ ᠦᠨᠳᠦᠰᠦ ᠪᠠᠷᠢᠮᠲᠠ ᠦᠭᠡᠢ ᠪᠠᠷ ᠵᠤᠬᠢᠰ ᠦᠭᠡᠢ ᠠᠰᠢᠭ ᠲᠤᠰᠠ | ᠣᠯᠤᠭᠰᠠᠨ ᠪᠠᠶᠢᠪᠠᠯ᠂ ᠬᠤᠬᠢᠷᠠᠯ ᠠᠮᠰᠠᠭᠴᠢ ᠨᠢ ᠠᠰᠢᠭ ᠣᠯᠣᠭᠴᠢ ᠪᠠᠷ ᠣᠯᠤᠭᠰᠠᠨ ᠠᠰᠢᠭ ᠲᠤᠰᠠ ᠶᠢ ᠨᠢ ᠪᠤᠴᠠᠭᠠᠯᠭᠠᠬᠤ ᠪᠠᠷ ᠭᠤᠶᠤᠴᠢᠯᠠᠵᠤ ᠪᠣᠯᠤᠨ᠎ᠠ᠂ | ᠭᠡᠪᠡᠴᠦ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ ᠡᠭᠦᠨ ᠳᠤ ᠪᠠᠭᠲᠠᠬᠤ ᠦᠭᠡᠢ᠄ ︵ᠨᠢᠭᠡ︶ ᠶᠣᠰᠣ ᠰᠤᠷᠲᠠᠬᠤᠨ ᠤ ᠡᠭᠦᠷᠭᠡ ᠪᠠᠨ | ᠭᠦᠢᠴᠡᠳᠬᠡᠬᠦ ᠶᠢᠨ ᠲᠥᠯᠥᠭᠡ ᠥᠭᠭᠦᠭᠰᠡᠨ︔ ︵ᠬᠤᠶᠠᠷ︶ ᠥᠭᠴᠡᠭᠡ ᠪᠠᠨ ᠬᠤᠭᠤᠴᠠᠭ᠎ᠠ ᠨᠢ ᠲᠤᠯᠬᠤ ᠠᠴᠠ ᠡᠮᠦᠨ᠎ᠡ ᠢᠯᠭᠠᠷᠠᠭᠤᠯᠤᠨ ᠲᠦᠯᠦᠭᠰᠡᠨ︔ ︵ᠭᠤᠷᠪᠠ︶ | ᠥᠭᠬᠦ ᠡᠭᠦᠷᠭᠡ ᠦᠭᠡᠢ ᠭᠡᠳᠡᠭ ᠢ ᠲᠣᠳᠣᠷᠬᠠᠢ ᠮᠡᠳᠡᠵᠦ ᠪᠠᠶᠢᠭᠠᠳ ᠥᠭᠴᠡᠭᠡ ᠶᠢ ᠢᠯᠭᠠᠷᠠᠭᠤᠯᠤᠨ ᠲᠦᠯᠦᠭᠰᠡᠨ᠃ | |