ᠲᠠᠸᠠᠰᠠᠩᠪᠤᠤ
ᠨᠡᠶᠢᠲᠡᠯᠡᠭᠰᠡᠨ ᠴᠠᠭ᠄
2022/12/19
      ᠪᠦᠬᠡ ᠲᠠᠸᠠᠰᠠᠩᠪᠤᠤ᠂1935 ᠤᠨ ᠳᠤ ᠪᠠᠷᠠᠭᠤᠨ ᠦᠵᠦᠮᠦᠴᠢᠨ ᠬᠤᠰᠢᠭᠤᠨ ᠤ ᠠᠯᠳᠠᠳᠤ ᠶᠢᠨ ᠭᠤᠤᠯ ᠎ ᠤᠨ ᠤᠯᠠᠭᠠᠨ ᠡᠷᠬᠢ ᠬᠡᠮᠡᠬᠦ ᠨᠤᠳᠤᠭ ᠲᠤ ᠬᠠᠪᠬᠠᠴᠢᠨ ᠤᠪᠤᠭᠳᠤ ᠡᠷᠬᠢᠮᠳᠠᠯᠠᠢ ᠶᠢᠨ ᠦᠷ᠎ᠠ ᠶᠢᠨ ᠭᠠᠭᠴᠠ ᠬᠦᠦ ᠪᠤᠯᠵᠤ ᠵᠠᠶᠠᠭᠠᠵᠠᠢ᠃ ᠲᠡᠬᠡᠳᠦᠰ ᠤᠨ ᠨᠤᠳᠤᠭ ᠨᠢ ᠤᠩᠨᠢᠭᠤᠳ ᠬᠤᠰᠢᠭᠤ ᠪᠤᠯᠤᠨ᠎ᠠ᠃ ᠲᠠᠸᠠᠰᠠᠩᠪᠤᠤ ᠶᠢᠨ ᠤᠳᠤᠮ ᠲᠦᠷᠦᠯ ᠳᠤ ᠠᠯᠳᠠᠷᠳᠤ ᠪᠦᠬᠡ ᠤᠯᠠᠨ ᠪᠠᠶᠢᠳᠠᠭ ᠪᠢᠯᠡ᠃ ᠲᠦᠷᠦᠯ ᠤᠨ ᠨᠡᠷ᠎ᠠ ᠴᠤᠤᠳᠠᠢ ᠪᠦᠬᠡᠴᠤᠳ ᠬᠡᠪᠡᠯ᠂ ᠵᠠᠯᠭᠠᠭ᠎ᠠ ᠪᠠᠷ ᠲᠠᠯᠠ ᠲᠤᠩᠭᠤᠷᠠᠳᠠᠭ ᠬᠡᠵᠤ ᠬᠡᠯᠡᠯᠴᠡᠳᠡᠭ ᠤᠩᠨᠢᠭᠤᠳ ᠠᠴᠠ ᠪᠠᠭᠠᠷᠢᠨ ᠳᠤ ᠢᠷᠡᠵᠤ ᠨᠤᠳᠤᠭᠰᠢᠭᠰᠠᠨ ᠰᠠᠰᠠᠷᠠᠨᠵᠡᠪ᠂ ᠨᠠᠭᠠᠴᠤ ᠵᠢᠬᠡ ᠶᠢᠨ ᠰᠦᠯᠪᠡᠭᠡ ᠲᠠᠢ ᠠᠯᠳᠠᠷᠳᠤ ᠪᠦᠬᠡ ᠤᠩᠨᠢᠭᠤᠳ ᠤᠨ ᠯᠤᠪᠰᠠᠩᠳᠠᠮᠪᠡ ᠨᠠᠷ ᠪᠤᠢ᠃ ᠲᠠᠸᠠᠰᠠᠩᠪᠤᠤ ᠬᠠᠷᠠᠬᠠᠨ ᠪᠠᠭ᠎ᠠ ᠠᠴᠠ ᠪᠠᠨ ᠰᠠᠳᠤᠨ ᠲᠦᠷᠦᠯ ᠤᠨ ᠢᠶᠠᠨ ᠡᠨᠡ ᠬᠦ ᠪᠦᠬᠡ ᠶᠢᠨ ᠪᠠᠬ᠎ᠠ ᠰᠤᠨᠢᠷᠬᠠᠯ ᠲᠠᠢ ᠤᠷᠴᠢᠨ ᠲᠤᠭᠤᠷᠢᠨ ᠳᠤ ᠦᠰᠦᠨ ᠪᠤᠶᠢᠵᠢᠵᠤ ᠨᠢᠯᠬ᠎ᠠ ᠪᠠᠭ᠎ᠠ ᠠᠴᠠ ᠪᠦᠬᠡ ᠪᠤᠯᠬᠤ ᠬᠦᠰᠡᠯ ᠲᠠᠢ ᠪᠤᠯᠤᠭᠰᠠᠨ ᠪᠠᠶᠢᠵᠠᠢ᠃ ᠲᠡᠬᠦᠨ ᠢ ᠪᠠᠭ᠎ᠠ ᠪᠠᠶᠢᠬᠤ ᠳᠤᠨᠢ ᠪᠠᠷᠠᠭᠤᠨ ᠦᠵᠦᠮᠦᠴᠢᠨ ᠬᠤᠰᠢᠭᠤᠨ ᠤ ᠰᠢᠵᠢᠷᠳᠦ ᠶᠢᠨ ᠰᠦᠮ᠎ᠡ ᠳᠤ ᠯᠠᠮᠠ ᠪᠤᠯᠭᠠᠵᠤ ᠪᠠᠭ᠎ᠠ ᠨᠠᠰᠤᠨ ᠤ ᠯᠠᠮᠠ ᠨᠠᠷ ᠲᠠᠢ ᠨᠤᠴᠤᠯᠳᠦᠨ ᠨᠤᠤᠷᠠᠯᠳᠤᠨ ᠦᠰᠦᠭᠰᠡᠨ ᠨᠢ ᠪᠦᠬᠡ ᠪᠤᠯᠬᠤ ᠳᠤ ᠰᠠᠭᠤᠷᠢ ᠪᠤᠯᠤᠭᠰᠠᠨ ᠪᠠᠶᠢᠨ᠎ᠠ᠃ ᠲᠡᠷᠠ ᠲᠤᠮᠳᠠ ᠵᠡᠷᠬᠡ ᠶᠢᠨ ᠬᠡᠪ ᠬᠡᠰᠡᠨ ᠢᠳᠡᠷᠡᠬᠦᠨ ᠰᠠᠶᠢᠬᠠᠨ ᠪᠠᠶ᠎ᠠ ᠲᠠᠢ᠂ ᠲᠡᠯᠡᠭᠡ ᠡᠯᠬᠦᠬᠡ ᠪᠠ ᠬᠦᠨᠳᠦᠷᠦᠬᠡ ᠵᠡᠷᠬᠡ ᠬᠠᠶᠠᠳᠠᠯ ᠳᠤ ᠴᠢᠳᠠᠮᠠᠭᠠᠢ᠂ ᠪᠤᠰᠤᠳ ᠤᠨ ᠦ ᠶᠢ ᠠᠵᠢᠨ ᠪᠠᠷᠢᠯᠳᠤᠳᠠᠭ ᠪᠦᠬᠡᠳ ᠲᠡᠰᠪᠦᠷᠢ ᠰᠠᠶᠢᠳᠠᠢ ᠪᠠᠶᠢᠳᠠᠭ ᠪᠢᠯᠡ᠃       1952 ᠤᠨ ᠳᠤ ᠪᠠᠷᠠᠭᠤᠨ ᠦᠵᠦᠮᠦᠴᠢᠨ ᠤ ᠠᠯᠳᠠᠳᠤ ᠶᠢᠨ ᠤᠪᠤᠭᠠᠨ ᠳᠤ18 ᠨᠠᠰᠤ ᠲᠠᠢ ᠠᠩᠬ᠎ᠠ ᠵᠤᠳᠤᠭᠯᠠᠨ ᠪᠠᠷᠢᠯᠳᠤᠵᠤ᠂ ᠲᠤᠬᠠᠢ ᠶᠢᠨ ᠦᠶ᠎ᠠ ᠶᠢᠨ ᠦᠵᠦᠮᠦᠴᠢᠨ ᠤ ᠠᠯᠳᠠᠷᠳᠤ ᠪᠦᠬᠡ ᠪᠠᠶᠢᠭᠰᠠᠨ ᠴᠢᠮᠡᠳᠰᠡᠷᠡᠩ ᠬᠡᠭᠴᠢ ᠶᠢ ᠰᠢᠷᠤᠶᠢᠳᠤᠭᠤᠯᠵᠤ᠂ ᠨᠠᠶᠢᠷ ᠬᠠᠮᠢᠶᠠᠷᠴᠤ ᠪᠠᠶᠢᠭᠰᠠᠨ ᠮᠢᠳᠠᠭ ᠵᠠᠯᠠᠨ ᠪᠤᠯᠤᠨ ᠪᠠᠭ᠎ᠠ ᠨᠠᠰᠤᠨ ᠤ ᠬᠤᠭᠤᠯᠠᠳᠤ ᠶᠢᠨ ᠰᠦᠮ᠎ᠠ ᠶᠢᠨ ᠬᠡᠬᠡᠨ ᠨᠠᠷ ᠤᠨ ᠰᠠᠶᠢᠰᠢᠶᠠᠯ ᠢ ᠬᠦᠷᠳᠡᠭᠰᠡᠨ ᠪᠢᠯᠡ᠃       ᠲᠡᠷᠠ ᠬᠤᠷᠢᠨ ᠨᠠᠰᠤᠨ ᠳᠠᠭᠠᠨ ᠪᠠᠭᠠᠷᠢᠨ ᠳᠤ ᠨᠡᠬᠦᠵᠤ ᠢᠷᠡᠵᠠᠢ᠃      1959 ᠤᠨ ᠳᠤ ᠬᠤᠰᠢᠭᠤᠨ ᠨᠠᠶᠢᠷ ᠲᠤ ᠭᠤᠷᠪᠠᠨ ᠲᠡᠰ ᠬᠤᠪᠢᠶᠠᠨ ᠲᠡᠰ ᠲᠤᠳᠤᠷ᠎ᠠ ᠪᠠᠨ ᠡᠬᠡᠯᠵᠢᠯᠡᠨ ᠪᠠᠷᠢᠯᠳᠤᠭᠤᠯᠤᠭᠰᠠᠨ ᠳᠤ ᠬᠦᠨᠳᠦ ᠲᠡᠰ ᠲᠤ ᠬᠤᠪᠢᠶᠠᠷᠢᠯᠠᠭᠳᠠᠨ᠂ ᠲᠤᠰ ᠲᠡᠰ ᠲᠤ ᠲᠡᠷᠢᠬᠦᠯᠡᠭᠰᠡᠨ ᠪᠠᠶᠠᠨᠷᠳᠡᠨᠢ ᠶᠢᠨ ᠮᠤᠬᠤᠷ ᠲᠤ ᠦᠢᠴᠢᠵᠤ᠂ ᠲᠦᠷᠪᠡᠳᠦᠬᠡᠷ ᠲᠤ ᠤᠷᠤᠭᠰᠠᠨ ᠪᠢᠯᠡ᠃      1960 ᠤᠨ ᠳᠤ ᠴᠠᠭᠠᠠᠨᠠᠭᠤᠷ ᠨᠢᠬᠡᠳᠦᠯ ᠤᠨ ᠨᠠᠶᠢᠷ ᠲᠤ ᠲᠡᠷᠢᠬᠦᠯᠡᠪᠡ᠃      1961 ᠤᠨ ᠳᠤ ᠬᠤᠰᠢᠭᠤᠨ ᠨᠠᠶᠢᠷ ᠤᠨ128 ᠪᠦᠬᠡ ᠳᠤ ᠪᠠᠶᠠᠨᠳᠠᠯ᠎ᠠ ᠶᠢᠨ ᠠᠯᠳᠠᠷᠳᠤ ᠪᠦᠬᠡ ᠲᠤᠩᠷᠤᠪᠵᠠᠮᠰᠤ ᠶᠢ ᠬᠠᠶᠠᠵᠤ ᠲᠤᠤᠷ᠎ᠠ ᠨᠠᠢᠮᠠ ᠳᠤ ᠤᠷᠤᠪᠠ᠃      1962 ᠤᠨ ᠳᠤ ᠴᠠᠭᠠᠠᠨᠠᠭᠤᠷ ᠨᠢᠬᠡᠳᠦᠯ ᠤᠨ ᠨᠠᠶᠢᠷ ᠲᠤ ᠪᠠᠶᠠᠨᠴᠠᠭᠠᠨ ᠨᠢᠬᠡᠳᠦᠯ ᠤᠨ ᠬᠦᠴᠦᠳᠦ ᠪᠦᠬᠡ ᠱᠠᠭᠵᠠ ᠶᠢ ᠬᠠᠶᠠᠵᠤ᠂ ᠨᠢᠬᠡ ᠠᠶᠢᠯ ᠤᠨ ᠪᠦᠬᠡ ᠰᠠᠷᠠᠩ ᠳᠤ ᠨᠠᠶᠢᠷ ᠲᠠᠯᠪᠢᠨ ᠲᠦᠷᠪᠡᠳᠦᠬᠡᠷ ᠲᠤ ᠤᠷᠤᠪᠠ᠃
ᠢᠷᠡᠯᠲᠡ᠄ ᠪᠠᠷᠠᠭᠤᠨ ᠪᠠᠭᠠᠷᠢᠨ ᠤ ᠪᠥᠬᠡᠴᠦᠳ