ᠵᠠᠮᠪᠠᠯᠶᠧᠰᠢ᠂ ᠶᠡᠬᠡᠨᠠᠭᠤᠷ ᠤᠨ ᠰᠢᠪᠠᠭ ᠤᠨ ᠤᠪᠤᠭ᠎ᠠ ᠶᠢᠨ ᠬᠦᠮᠦᠨ᠃ ᠲᠡᠷᠠ ᠦᠨᠳᠦᠷ ᠰᠠᠶᠢᠬᠠᠨ ᠪᠡᠶ᠎ᠠ | ᠲᠠᠢ᠂ ᠦᠷᠬᠡᠨ ᠲᠡᠭᠰᠢ ᠮᠦᠷᠦ ᠲᠠᠢ᠂ ᠭᠠᠷ ᠤᠷᠳᠤ᠂ ᠬᠦᠴᠦ ᠶᠡᠭᠡ ᠲᠠᠢ᠂ ᠯᠠᠪᠳᠠᠭᠤᠨ ᠪᠠᠷᠢᠯᠳᠤᠳᠠᠭ ᠬᠦᠮᠦᠨ | ᠪᠠᠶᠢᠵᠠᠢ᠃ ᠲᠤᠬᠠᠢ ᠶᠢᠨ ᠦᠶ᠎ᠠ ᠳᠤ ᠵᠤᠤ ᠤᠳᠠ ᠠᠶᠢᠮᠠᠭ ᠲᠠᠭᠠᠨ ᠴᠤ ᠲᠡᠬᠦᠨ ᠲᠠᠢ ᠲᠡᠩᠴᠡᠮᠡᠷ ᠭᠠᠷ ᠬᠤᠪᠤᠷᠬᠠᠨ | ᠪᠠᠶᠢᠭᠰᠠᠨ ᠪᠤᠯᠪᠠᠴᠤ ᠲᠡᠬᠦᠨ ᠤ ᠬᠠᠶᠢᠷᠠᠨ ᠰᠠᠶᠢᠬᠠᠨ ᠪᠠᠷᠢᠯᠳᠤᠬᠤ ᠨᠠᠰᠤ ᠨᠢ ᠨᠠᠶᠢᠷ ᠨᠠᠭᠠᠳᠤᠮ ᠡᠷᠬᠢᠯᠡᠬᠦ ᠶᠢ | ᠵᠤᠭᠰᠤᠭᠠᠭᠰᠠᠨ ᠦᠶ᠎ᠠ ᠳᠤ ᠨᠦᠯᠦᠬᠡᠯᠡᠭᠳᠡᠨ ᠦᠩᠬᠡᠷᠡᠵᠤ ᠪᠢᠯᠡ᠃ ᠲᠡᠷᠠ ᠴᠤᠬᠢᠶ᠎ᠠ᠂ ᠬᠦᠨᠳᠦᠷᠡᠭᠡ ᠶᠢ ᠰᠠᠶᠢᠨ | ᠬᠢᠳᠡᠭ ᠮᠦᠷᠳᠡᠬᠡᠨ ᠲᠡᠰᠪᠦᠷᠢ ᠰᠠᠶᠢᠳᠠᠢ ᠪᠠᠷᠢᠯᠳᠤᠳᠠᠭ ᠲᠤᠯᠠ ᠬᠤᠰᠢᠭᠤ ᠨᠢᠬᠡᠳᠦᠯ ᠤᠨ ᠨᠠᠶᠢᠷ ᠲᠡᠬᠡᠷ᠎ᠠ ᠰᠠᠶᠢᠨ ᠱᠠᠩ | ᠢ ᠰᠢᠬᠦᠷᠡᠵᠤ ᠶᠠᠪᠤᠭᠰᠠᠨ ᠠᠪᠤᠷᠭᠤ ᠪᠦᠬᠡ ᠶᠤᠮ᠃ | 1960 ᠤᠨ ᠳᠤ ᠶᠡᠬᠡᠨᠠᠭᠤᠷ ᠨᠢᠬᠡᠳᠦᠯ ᠤᠨ ᠨᠠᠭᠠᠳᠤᠮ ᠤᠨ ᠬᠤᠷᠠᠯ ᠲᠡᠬᠡᠷ᠎ᠠ ᠰᠤᠨᠤᠮᠰᠠᠷᠠᠩ ᠳᠤ | ᠦᠢᠴᠢᠵᠤ ᠲᠡᠳ᠋ᠯᠡᠪᠡ᠃ | 1963 ᠤᠨ ᠳᠤ ᠶᠡᠬᠡᠨᠠᠭᠤᠷ ᠨᠢᠬᠡᠳᠦᠯ ᠤᠨ ᠨᠠᠶᠢᠷ ᠤᠨ128 ᠪᠦᠬᠡ ᠳᠤ ᠲᠦᠷᠪᠡᠳᠦᠬᠡᠷ ᠲᠤ ᠤᠷᠤᠪᠠ᠃ | 1973 ᠤᠨ ᠳᠤ ᠶᠡᠬᠡᠨᠠᠭᠤᠷ ᠨᠢᠬᠡᠳᠦᠯ ᠤᠨ ᠨᠠᠶᠢᠷ ᠲᠡᠬᠡᠷ᠎ᠠ ᠲᠡᠳ᠋ᠯᠡᠪᠡ᠃ | 1973 ᠤᠨ ᠤ ᠪᠠᠭᠠᠷᠢᠨ ᠪᠠᠷᠠᠭᠤᠨ ᠬᠤᠰᠢᠭᠤᠨ ᠤ ᠠᠷᠪᠠᠨ ᠵᠢᠷᠭᠤᠳᠤᠭᠠᠷ ᠤᠳᠠᠭᠠᠨ ᠤ ᠨᠠᠭᠠᠳᠤᠮ ᠤᠨ | ᠶᠡᠭᠡ ᠬᠤᠷᠠᠯ ᠤᠨ256 ᠪᠦᠬᠡ ᠳᠤ ᠪᠠᠷᠠᠭᠤᠨ ᠦᠵᠦᠮᠦᠴᠢᠨ ᠤ ᠪᠦᠬᠡ ᠦᠬᠡᠳᠡᠯᠡᠬᠦ ᠳᠤ ᠦᠢᠴᠢᠵᠤ ᠭᠤᠳᠠᠭᠠᠷ ᠲᠤ | ᠰᠠᠭᠤᠪᠠ᠃ | 1974 ᠤᠨ ᠳᠤ ᠬᠤᠰᠢᠭᠤᠨ ᠤ ᠨᠠᠶᠢᠷ ᠤᠨ ᠪᠦᠬᠡ ᠶᠢᠨ ᠮᠦᠷᠦᠶᠢᠴᠡᠬᠡᠨ ᠳᠤ ᠶᠢᠰᠦᠳᠦᠬᠡᠷ ᠲᠤ | ᠤᠷᠤᠪᠠ᠃ | 1977 ᠤᠨ ᠳᠤ ᠶᠡᠬᠡᠨᠠᠭᠤᠷ ᠰᠤᠮᠤ ᠶᠢᠨ ᠨᠠᠶᠢᠷ ᠲᠡᠬᠡᠷ᠎ᠠ ᠭᠤᠳᠠᠭᠠᠷ ᠲᠤ ᠤᠷᠤᠪᠠ᠃ | ᠵᠠᠮᠪᠠᠯᠶᠧᠰᠢ ᠶᠢᠨ ᠶᠡᠭᠡ ᠬᠦᠦ ᠡᠩᠬᠡᠨ᠋ᠠᠮᠤᠷ ᠨᠢ ᠴᠤ ᠬᠤᠷᠳᠤᠨ ᠮᠤᠷᠢ ᠶᠢᠨ ᠠᠪᠢᠶᠠᠰᠤᠳᠠᠢ ᠤᠶᠠᠭᠠᠴᠢ | ᠪᠠᠶᠢᠵᠤ᠂ ᠲᠡᠬᠦᠨ ᠤ ᠤᠯᠠᠭᠠᠨ ᠬᠡᠬᠡᠷ ᠮᠤᠷᠢ ᠨᠢ ᠤᠯᠠᠨ ᠤᠳᠠᠭ᠎ᠠ ᠬᠤᠰᠢᠭᠤ ᠰᠤᠮᠤ ᠶᠢᠨ ᠬᠤᠷᠳᠤᠨ ᠮᠤᠷᠢᠨ ᠤ | ᠤᠷᠤᠯᠳᠤᠭᠠᠨ ᠳᠤ ᠲᠡᠷᠢᠬᠦᠨ ᠱᠠᠩ ᠤᠯᠤᠭᠰᠠᠨ ᠲᠡᠦᠬᠡ ᠲᠠᠢ᠃ | |