ᠪᠠᠭᠠᠷᠢᠨ ᠤ ᠠᠪᠣᠷᠭᠤ ᠪᠦᠭᠡ ᠭᠠᠯ ᠱᠣᠩᠬᠤᠷ ᠤᠨ ᠲᠣᠮᠤᠭ
ᠨᠡᠶᠢᠲᠡᠯᠡᠭᠰᠡᠨ ᠴᠠᠭ᠄
2022/12/19
            ᠪᠣᠷᠵᠢᠬᠢᠨ ᠲᠠᠮᠷᠢᠨ      ᠪᠠᠭᠠᠷᠢᠨ ᠨᠣᠳᠤᠭ ᠲᠠᠢ ᠦᠰᠬᠦᠪᠣᠶᠠᠨ ᠤ ︽ᠭᠠᠯ ᠱᠣᠩᠬᠤᠷ︾ ᠬᠡᠮᠡᠬᠦ ᠦᠯᠢᠭᠡᠷ ᠤᠨ ᠭᠤᠣᠯ ᠪᠠᠭᠠᠳᠣᠷ ᠭᠠᠯ ᠱᠣᠩᠬᠤᠷ ᠪᠣᠯ ︽ᠦᠯᠢᠭᠡᠷ ᠤᠨ ᠪᠦᠭᠡ︾ ᠪᠢᠰᠢ ᠦᠨᠡᠨ ᠪᠦᠭᠡ ᠶᠤᠮ᠃ ᠲᠡᠬᠦᠨ ᠤ ᠨᠡᠷ᠎ᠠ ᠶᠢ ᠱᠣᠩᠬᠤᠷ ᠬᠡᠳᠡᠭ᠃ ︽ᠭᠠᠯ ᠱᠣᠩᠬᠤᠷ︾ ᠬᠡᠳᠡᠭ ᠪᠣᠯ ᠠᠷᠦ ᠮᠣᠩᠭᠤᠯ ᠳᠤ ᠶᠠᠪᠣᠭᠳᠠᠭᠰᠡᠨ ᠲᠦᠰᠢᠶᠡᠳᠦ ᠶᠢᠨ ᠣᠪᠣᠭᠠᠨ ᠤ ᠶᠡᠭᠡ ᠨᠠᠶᠢᠷ ᠎ ᠲᠤ ᠲᠡᠷᠢᠬᠦᠯᠡᠭᠡᠳ ᠬᠦᠷᠳᠡᠭᠰᠡᠨ ᠴᠣᠯᠨ ᠬᠡᠳᠡᠭ᠃ ᠱᠣᠩᠬᠤᠷ ᠪᠦᠭᠡ ᠣᠳᠦ ᠶᠢᠨ ᠪᠠᠭᠠᠷᠢᠨ ᠪᠠᠷᠠᠭᠤᠨ ᠬᠤᠰᠢᠭᠤᠨ ᠤ ᠰᠢᠷᠠᠮᠦ᠋ᠷᠡᠨ ᠰᠣᠮᠣ ᠶᠢᠨ ᠲᠠᠯᠠᠨᠳᠠᠢ ᠭᠠᠴᠠᠭᠠᠨ ᠤ ᠬᠦᠮᠣᠨ ᠪᠣᠯᠬᠤᠷ ᠣᠣᠯ ᠤᠨ ᠶᠡᠬᠡᠨᠠᠭᠤᠷ ᠨᠣᠳᠤᠭ ᠢᠶᠠᠷ ᠲᠡᠬᠦᠨ ᠤ ᠲᠣᠬᠠᠢ ᠮᠠᠰᠢ ᠣᠯᠠᠨ ᠲᠣᠮᠤᠭ ᠣᠯᠠᠮᠵᠢᠯᠠᠭᠳᠠᠨ ᠶᠠᠷᠢᠭᠳᠠᠵᠦ ᠪᠠᠶᠢᠭᠰᠡᠨ ᠢ ᠠᠬᠠᠮᠡᠳ ᠨᠠᠰᠣᠳᠠᠳ ᠠᠴᠠ ᠠᠮᠳᠠᠷᠬᠠᠨ ᠰᠣᠨᠣᠰᠴᠦ ᠡᠮᠬᠢᠳᠭᠡᠨ ᠲᠢᠭᠯᠡᠭᠡᠳ ᠣᠡᠭᠰᠢᠭ᠌ᠴᠢ ᠲᠦᠮᠡᠨ ᠤ ᠪᠠᠨ ᠡᠮᠣᠨ᠎ᠠ ᠲᠡᠪᠰᠢᠬᠦᠯᠵᠦ ᠪᠠᠶᠢᠭ᠎ᠠ ᠮᠢᠨᠢ ᠡᠨᠡ᠃     ᠡᠷᠳᠠ ᠲᠡᠭᠡᠷ᠎ᠠ ᠦᠶ᠎ᠠ ᠳᠤ ᠪᠦᠭᠡᠴᠣᠳ ᠢ ᠠᠯᠢ ᠭᠠᠵᠠᠷ᠂ ᠠᠯᠢ ᠨᠣᠳᠤᠭ ᠤᠨ ᠬᠦᠮᠣᠨ ᠬᠡᠳᠡᠭ ᠦᠭᠡᠢ᠂ ᠬᠠᠷᠢᠨ ᠠᠯᠢ ᠠᠯᠢ ᠸᠠᠩ ᠨᠣᠶᠠᠨ᠂ ᠬᠡᠬᠡᠨ ᠬᠤᠪᠢᠯᠭᠠᠨ ᠤ ᠪᠦᠭᠡ ᠬᠡᠵᠦ ᠲᠠᠭᠤᠳᠠᠳᠠᠭ ᠵᠣᠷᠰᠢᠯ ᠲᠠᠢ ᠲᠣᠯᠨ ᠱᠣᠩᠬᠤᠷ ᠢ ᠷᠠᠰᠢᠨᠰᠢᠯᠢ ᠰᠦᠮ᠎ᠠ ᠶᠢᠨ ᠬᠤᠪᠢᠯᠭᠠᠨ ᠯᠠᠮᠨ ᠶᠢᠨ ᠪᠦᠭᠡ ᠬᠡᠳᠡᠭ ᠪᠢᠯᠨ᠃     ᠱᠣᠩᠬᠤᠷ ᠬᠠᠷᠬᠠᠨ ᠪᠠᠭ᠎ᠠ ᠠᠴᠠ ᠪᠠᠨ ᠪᠦᠭᠡ ᠪᠠᠷᠢᠯᠳᠣᠬᠤ ᠲᠣᠷ᠎ᠠ ᠲᠠᠢ ᠪᠣᠯᠬᠤᠷ ᠲᠣᠮᠣ ᠪᠦᠭᠡᠴᠣᠣᠯ ᠢ ᠲᠠᠭᠤᠷᠢᠶᠠᠨ ᠡᠳᠣᠷ ᠡᠳᠣᠷ ᠠᠯᠭᠠᠰᠡᠯ ᠦᠭᠡᠢ ᠨᠢᠯᠬ᠎ᠠ ᠲᠣᠭᠤᠯ ᠢ ᠲᠠᠪᠡᠷᠢᠵᠦ ᠡᠷᠬᠦᠨ ᠪᠣᠯᠪᠠᠰᠣᠷᠠᠵᠦ᠂ ᠡᠳᠣᠷ ᠬᠤᠨᠤᠭ ᠡᠯᠡᠭᠡᠬᠦ ᠲᠣᠳᠣᠮ ᠦᠨᠣᠬᠢ ᠲᠣᠭᠤᠯ ᠨᠢ ᠰᠢᠳᠣᠯᠠᠩ ᠪᠠᠷᠠᠭᠤ ᠪᠣᠯᠵᠦ᠂ ᠰᠢᠳᠣᠯᠠᠩ ᠪᠢᠷᠠᠭᠤ ᠠᠴᠠ ᠪᠠᠨ ᠬᠢᠵᠠᠭᠠᠯᠠᠩ᠂ ᠰᠣᠶᠣᠭᠠᠯᠠᠩ᠂ ᠪᠣᠬ᠎ᠠ ᠪᠣᠯᠳᠠᠯ᠎ᠠ ᠡᠷᠬᠦᠵᠦ ᠠᠶᠣᠮᠠᠷ ᠲᠣᠷᠪᠢᠳᠠᠢ ᠪᠦᠳᠣᠬᠦᠨ ᠪᠦᠭᠡ ᠪᠣᠯᠵᠦ ᠬᠡᠨ᠎ᠠ᠃ ᠲᠡᠭᠡᠭᠡᠳ ᠣᠶᠢᠷ᠎ᠠ ᠣᠷᠴᠢᠮ ᠤᠨ ᠣᠪᠣᠭ᠎ᠠ ᠱᠠᠩᠰᠢ ᠶᠢᠨ ᠨᠠᠶᠢᠷ ᠲᠤ ᠣᠨᠣᠭᠳᠠᠭᠰᠡᠨ ᠪᠦᠭᠡ ᠪᠦᠬᠦᠨ ᠢ ᠰᠢᠷᠣᠶᠢᠳᠠᠭᠤᠯᠣᠨ ᠲᠡᠷᠢᠬᠦᠨ ᠱᠠᠩ ᠠᠪᠴᠦ ᠶᠡᠭᠡ ᠨᠡᠷ᠎ᠠ ᠮᠠᠨᠳᠣᠵᠠᠢ᠃      ᠲᠡᠷᠨ ᠦᠶᠡᠰ ᠦᠪᠣᠷ ᠲᠦᠴᠢ ᠶᠢᠰᠣ᠂ ᠠᠷᠦ ᠲᠠᠪᠢᠨ ᠲᠣᠯᠣᠭᠠᠨ ᠬᠤᠰᠢᠭᠤ ︵ᠣᠳᠦ ᠶᠢᠨ ᠮᠣᠩᠭᠤᠯ ᠣᠯᠣᠰ ᠢ ᠪᠠᠭᠳᠠᠭᠠᠨ᠎ᠠ︶᠎ ᠶᠢᠨ ᠸᠠᠩ ᠬᠦᠡᠭ᠂ ᠬᠡᠬᠡᠨ ᠬᠤᠪᠢᠯᠭᠠᠨ ᠬᠠᠮᠳᠣᠪᠡᠷ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠠᠷᠪᠡᠨ ᠭᠤᠷᠪᠡᠨ ᠤ ᠡᠳᠣᠷ ᠲᠦᠰᠢᠶᠡᠳᠦ ᠣᠪᠣᠭ᠎ᠠ ᠳᠤ ᠴᠣᠭᠯᠠᠷᠠᠨ ᠣᠪᠣᠭ᠎ᠠ ᠲᠠᠬᠢᠯᠭ᠎ᠠ ᠶᠢᠨ ᠨᠢᠵᠡᠭᠡᠷ ᠶᠡᠭᠡ ᠨᠠᠶᠢᠷ ᠨᠠᠭᠠᠳᠣᠮ ᠡᠬᠦᠰᠭᠡᠳᠡᠭ ᠪᠠᠶᠢᠵᠠᠢ᠃ ᠲᠡᠭᠡᠭᠡᠳ ᠡᠨᠡ ᠨᠠᠶᠢᠷ ᠲᠤ ᠰᠠᠭᠠᠳᠠᠬᠤ ᠸᠠᠩ ᠬᠦᠡᠭ᠂ ᠬᠡᠬᠡᠨ ᠬᠤᠪᠢᠯᠭᠠᠨ ᠨᠢ ᠦᠪᠡᠷ ᠦᠪᠡᠷ ᠤᠨ ᠪᠦᠭᠡ᠂ ᠮᠣᠷᠢ ᠪᠠᠨ ᠠᠪᠴᠦ ᠣᠴᠢᠨ ᠡᠷ᠎ᠠ ᠶᠢᠨ ᠰᠠᠶᠢᠳ ᠢ ᠰᠢᠯᠭᠠᠵᠦ᠂ ᠬᠦᠯᠦᠭ ᠤᠨ ᠬᠤᠷᠳᠣᠨ ᠢ ᠰᠣᠷᠢᠳᠠᠭ ᠬᠡᠨ᠎ᠠ᠃     ᠨᠢᠭᠡᠨ ᠵᠢᠯ ᠤᠨ 5 ᠰᠠᠷ᠎ᠠ ᠶᠢᠨ 13᠎ ᠤ ᠨᠠᠶᠢᠷ ᠣᠶᠢᠷᠠᠳᠣᠬᠤ ᠳᠤ ᠪᠠᠭᠠᠷᠢᠨ ᠸᠠᠩ ᠳᠤ ᠲᠦᠰᠢᠶᠡᠳᠦ ᠶᠢᠨ ᠣᠪᠣᠭᠠᠨ ᠨᠠᠶᠢᠷ ᠤᠨ ᠵᠠᠯᠠᠯᠭ᠎ᠠ ᠢᠷᠡᠵᠠᠢ᠃ ᠪᠠᠭᠠᠷᠢᠨ ᠸᠠᠩ ᠬᠦᠡᠭ ᠨᠣᠶᠠᠨ᠂ ᠵᠠᠬᠢᠷᠣᠭᠴᠢ᠂ ᠲᠣᠰᠠᠯᠠᠭᠴᠢ᠂ ᠮᠠᠶᠢᠷᠠᠨ ᠂ ᠵᠠᠯᠠᠨ ᠮᠡᠳᠦ ᠶᠢᠨ ᠵᠡᠷᠭᠡ ᠵᠢᠩᠰᠡᠳᠠᠳ ᠢᠶᠠᠨ ᠪᠦᠬᠦᠨ ᠢ ᠴᠣᠭᠯᠠᠭᠤᠯᠵᠦ ᠨᠠᠶᠢᠷ ᠲᠤ ᠠᠪᠠᠴᠢᠬᠤ ᠪᠦᠭᠡ᠂ ᠮᠣᠷᠢ ᠪᠠᠨ ᠪᠦᠷᠢᠳᠭᠡᠨ ᠲᠢᠭᠯᠡᠬᠦ ᠳᠡᠭᠡᠨ ᠰᠠᠶᠢᠨ ᠪᠦᠭᠡ ᠦᠭᠡᠢ ᠡᠴ ᠱᠠᠩ ᠤᠨ ᠦᠵᠣᠬᠦᠷ ᠲᠤ ᠰᠢᠷᠭᠤᠭᠰᠡᠨ ᠪᠦᠭᠡ ᠭᠠᠷᠣᠭᠰᠡᠨ ᠦᠭᠡᠢ ᠣᠴᠢᠷ ᠲᠤ ᠪᠠᠭᠠᠷᠢᠨ ᠸᠠᠩ ᠤᠨ ᠨᠢᠭᠤᠷ ᠲᠤᠨᠢ ᠬᠦᠴᠦ ᠰᠡᠳᠬᠢᠯ ᠤᠨ ᠡᠪᠡᠳᠴᠢᠨ ᠪᠣᠯᠵᠠᠢ᠃ ᠲᠡᠭᠡᠭᠡᠳ ᠲᠡᠭᠡᠷ᠎ᠠ ᠪᠡᠶ᠎ᠠ ᠪᠠᠨ ᠨᠢᠴᠣᠬᠦᠯᠡᠨ ᠪᠦᠭᠡ ᠪᠠᠷᠢᠯᠳᠣᠵᠦ ᠡᠪᠦᠳᠦᠭ ᠰᠢᠷᠣᠶᠢᠳᠠᠳᠠᠭ ᠦᠭᠡᠢ ᠮᠠᠩᠯᠠᠢ ᠰᠢᠬᠦᠷᠡᠳᠡᠭ ᠪᠠᠭᠠᠷᠢᠨ ᠠᠴᠠ ᠣᠯᠠᠨ ᠠᠴᠠ ᠬᠡᠳᠣᠶᠢᠳᠬᠦ ᠪᠦᠭᠡ ᠦᠭᠡᠢ ᠬᠡᠭᠴᠢ ᠪᠠᠷᠢᠵᠦ ᠪᠣᠯᠣᠰᠢ ᠦᠭᠡᠢ ᠬᠡᠷᠡᠭ ᠬᠡᠵᠦ ᠸᠠᠩ ᠨᠣᠶᠠᠨ ᠦᠵᠡᠭᠡᠳ᠂ ᠣᠯᠠᠨ ᠨᠣᠶᠠᠳ ᠠᠴᠠ ᠰᠠᠶᠢᠨ ᠪᠦᠭᠡ ᠶᠢᠨ ᠰᠣᠷᠠᠭ ᠬᠠᠨᠭ᠍ᠭᠠᠬᠤ ᠶᠢ ᠵᠠᠷᠯᠢᠭᠳᠡᠨ ᠱᠠᠭᠠᠷᠳᠡᠪᠡ᠃ ᠲᠡᠭᠡᠳᠡᠯ᠎ᠠ ᠲᠡᠬᠦᠨ ᠤ ᠲᠡᠷᠭᠡᠳᠠ ᠰᠠᠭᠤᠭᠰᠡᠨ ᠨᠢᠭᠡ ᠨᠣᠶᠠᠨ ᠪᠣᠰᠴᠦ ᠮᠡᠬᠦᠶᠢᠭᠡᠳ᠄ ︽ᠸᠠᠩ ᠨᠣᠶᠠᠨ ᠎ ᠳᠤ ᠠᠶᠢᠯᠠᠳᠬᠠᠵᠦ ᠪᠠᠶᠢᠨ᠎ᠠ᠃ ᠮᠠᠨ ᠤ ᠬᠤᠰᠢᠭᠤᠨ ᠤ ᠵᠡᠬᠦᠨ ᠡᠮᠣᠨ᠎ᠠ ᠪᠡᠶ᠎ᠠ ᠳᠤ ᠪᠠᠶᠢᠭ᠎ᠠ ᠷᠠᠰᠢᠨᠰᠢᠯᠢ ᠰᠦᠮ᠎ᠠ ᠶᠢᠨ ᠬᠤᠪᠢᠯᠭᠠᠨ ᠯᠠᠮᠨ ᠶᠢᠨ ᠱᠣᠩᠬᠤᠷ ᠬᠡᠭᠴᠢ ᠵᠠᠯᠠᠭᠤ ᠪᠦᠭᠡ ᠣᠶᠢᠷ᠎ᠠ ᠣᠷᠴᠢᠮ ᠤᠨ ᠨᠠᠶᠢᠷ ᠨᠠᠭᠠᠳᠣᠮ ᠳᠤ 64 ᠬᠤᠣᠰ ᠂ 128 ᠪᠦᠭᠡ ᠳᠤ ᠦᠯᠡᠳᠡᠭᠡᠯ ᠦᠭᠡᠢ ᠬᠠᠶᠠᠵᠦ᠂ ᠶᠡᠭᠡ ᠪᠠᠭ᠎ᠠ ᠨᠠᠶᠢᠷ ᠤᠨ ᠲᠡᠷᠢᠬᠦᠨ ᠱᠠᠩ ᠢ ᠲᠡᠷᠨ ᠯᠨ ᠬᠦᠷᠳᠡᠵᠦ ᠪᠠᠶᠢᠨ᠎ᠠ ᠬᠡᠵᠦ ᠣᠯᠠᠨ ᠢᠶᠠᠷ ᠢᠶᠠᠨ ᠱᠣᠣᠬᠢᠯᠳᠣᠨ᠎ᠠ ᠪᠢᠯᠨ︾ ᠬᠡᠵᠦ ᠡᠪᠦᠳᠦᠭ ᠲᠠᠷᠣᠨ ᠮᠡᠳᠡᠬᠦᠯᠪᠡ᠃ ᠰᠠᠭᠤᠳᠠᠯ ᠳᠤ ᠰᠠᠭᠤᠭᠰᠡᠨ ᠣᠯᠠᠨ ᠨᠣᠶᠠᠳ ᠴᠦ ᠲᠠᠭᠤ ᠨᠢᠭᠡᠳᠠᠢ ᠪᠠᠷ᠄ ︽ᠪᠢᠳᠠ ᠪᠠᠰᠨ ᠰᠣᠨᠣᠰᠣᠭᠰᠡᠨ᠃ ᠦᠨᠡᠭᠡᠷ ᠠᠶᠢᠬᠤᠪᠳᠣᠷ ᠪᠦᠭᠡ ᠪᠠᠶᠢᠨ᠎ᠠ ᠬᠡᠯᠡᠢ︾ ᠬᠡᠵᠦ ᠲᠡᠮᠵᠢᠵᠡᠭᠡᠪᠡ᠃ ᠡᠬᠦᠨ ᠳᠤ ᠪᠠᠭᠠᠷᠢᠨ ᠸᠠᠩ ᠤᠨ ᠴᠢᠷᠠᠢ ᠎ ᠳᠤ ᠮᠦᠰᠢᠶᠡᠳᠦ ᠲᠣᠳᠣᠷᠠᠨ᠄ ︽ᠰᠠᠶᠢᠨ ᠪᠣᠯᠣᠯ᠎ᠠ︕ ᠲᠡᠭᠡᠪᠡᠯ ᠪᠢ ᠡᠨᠡ ᠰᠠᠶᠢᠨ ᠪᠦᠭᠡ ᠶᠢ ᠲᠡᠩᠰᠡᠨ ᠰᠢᠯᠭᠠᠵᠦ᠂ ᠪᠢᠷ᠎ᠠ ᠴᠢᠳᠠᠯ᠂ ᠠᠷᠭ᠎ᠠ ᠮᠡᠭᠡ ᠨᠢ ᠬᠢᠷᠢ ᠵᠡᠷᠭᠡ ᠶᠢ ᠲᠣᠳᠣᠯᠠᠵᠦ᠂ ᠰᠠᠨᠠᠭᠠᠨ ᠳᠤ ᠲᠣᠭᠤᠭᠳᠠᠪᠡᠯ ᠲᠦᠰᠢᠶᠡᠳᠦ ᠶᠢᠨ ᠣᠪᠣᠭᠠᠨ ᠨᠠᠶᠢᠷ ᠲᠤ ᠲᠠᠭᠠᠭᠤᠯᠵᠦ ᠶᠠᠪᠣᠶ᠎ᠠ︾ ᠬᠡᠵᠦ ᠵᠠᠷᠯᠢᠭ ᠪᠣᠯᠪᠡ᠃ ᠲᠡᠷᠨ ᠪᠠᠰᠨ ᠲᠣᠣᠷᠠᠬᠢ ᠲᠦᠰᠢᠮᠡᠯ ᠳᠡᠭᠡᠨ ᠄ ︽ᠷᠠᠰᠢᠨᠰᠢᠯᠢ ᠶᠢᠨ ᠬᠤᠪᠢᠯᠭᠠᠨ ᠯᠠᠮᠨ ᠶᠢᠨ ᠪᠦᠭᠡ ᠱᠣᠩᠬᠤᠷ ᠢ ᠵᠣᠯᠨ ᠰᠠᠷ᠎ᠠ ᠶᠢᠨ ᠭᠠᠯ ᠲᠠᠬᠢᠬᠤ ᠶᠢᠨ ᠡᠮᠣᠨ᠎ᠠ ᠡᠳᠣᠷ ᠨᠠᠰᠢ ᠢᠷᠡᠬᠦ ᠳᠡᠭᠡᠨ ᠡᠷᠬᠡᠪᠰᠢ ᠰᠦᠵᠢ ᠶᠢᠨ ᠬᠤᠳᠳᠤᠭ ︵ᠣᠣᠯ ᠤᠨ ᠶᠠᠩᠴᠠᠩ ᠰᠢᠶᠠᠩ ᠤᠨ ᠵᠡᠬᠦᠨ ᠬᠤᠸ᠋ᠨ ᠶᠢᠨ ᠡᠩᠬᠡᠷ ᠲᠤ ᠪᠣᠢ︶᠎ ᠢᠶᠠᠷ ᠲᠠᠭᠠᠷᠢᠵᠦ᠂ ᠵᠠᠮ ᠵᠠᠭᠤᠷ᠎ᠠ ᠶᠠᠭᠤ ᠲᠠᠭᠠᠷᠢᠯᠳᠣᠭᠰᠡᠨ ᠴᠦ ᠵᠠᠶᠢᠯᠠᠵᠦ ᠲᠣᠳᠠᠭᠠᠵᠦ ᠪᠣᠯᠬᠤ ᠦᠭᠡᠢ᠂ ᠲᠣᠭᠤᠷᠢᠵᠦ ᠭᠠᠷᠴᠦ ᠪᠣᠯᠬᠤ ᠦᠭᠡᠢ᠂ ᠵᠡᠪᠡᠯ ᠠᠰᠯᠠᠭᠰᠡᠨ ᠴᠢᠭ ᠢᠶᠠᠷ ᠢᠶᠠᠨ ᠲᠣᠭᠳᠠᠭᠰᠡᠨ ᠴᠠᠭ ᠲᠤ ᠸᠠᠩ ᠤᠨ ᠣᠷᠳᠣᠨ ᠳᠤ ᠢᠷ᠎ᠠ ᠬᠡᠮᠡᠬᠦ ᠵᠡᠷᠯᠢᠭ ᠢ ᠲᠡᠮᠵᠢᠭᠤᠯ︕︾ ᠬᠡᠵᠦ ᠵᠠᠬᠢᠵᠠᠢ᠃     ᠪᠦᠭᠡ ᠱᠣᠩᠬᠤᠷ ᠸᠠᠩ ᠤᠨ ᠵᠠᠷᠯᠢᠭ ᠢ ᠰᠣᠨᠣᠰᠣᠮᠠᠭᠴᠨ ᠣᠰᠣᠯᠳᠠᠵᠦ ᠡᠰᠨ ᠪᠣᠯᠬᠤ ᠲᠣᠯᠨ ᠵᠣᠯᠨ ᠰᠠᠷ᠎ᠠ ᠶᠢᠨ ᠬᠤᠷᠢᠨ ᠪᠣᠯᠬᠤ ᠳᠤ ᠬᠤᠪᠢᠭᠯᠠᠨ ᠯᠠᠮᠨ ᠪᠠᠷ ᠢᠶᠠᠨ ᠵᠦᠪᠰᠢᠡᠶ᠋ᠷᠡᠬᠦᠯᠣᠨ ᠠᠳᠣᠭᠤᠨ ᠰᠦᠷᠦᠭ ᠠᠴᠠ ᠨᠢ ᠲᠣᠭᠤᠭᠰᠡᠨ ᠮᠣᠷᠢ ᠪᠠᠨ ᠪᠠᠷᠢᠨ ᠠᠪᠴᠢᠷᠠᠵᠦ᠂ ᠬᠤᠶᠠᠳᠣᠭᠠᠷ ᠡᠳᠣᠷ ᠤᠨ ᠬᠢᠨᠢ ᠦᠷ ᠢᠶᠠᠷ ᠪᠠᠭᠠᠷᠢᠨ ᠸᠠᠩ ᠤᠨ ᠣᠷᠳᠣᠨ ᠢ ᠴᠢᠭᠯᠡᠵᠦ ᠶᠠᠪᠣᠬᠤ ᠳᠠᠭᠠᠨ ᠬᠠᠣᠬᠢᠨ ᠱᠣᠣᠬᠢᠭᠰᠡᠨ ᠶᠠᠰᠣ ᠶᠠᠩᠬᠢᠨᠠᠮ᠎ᠠ ᠬᠦᠢᠳᠡᠨ ᠰᠠᠯᠬᠢ ᠶᠢ ᠰᠦᠷᠴᠦ ᠪᠣᠭᠤᠨᠢ ᠵᠢᠯᠣᠭᠤ ᠪᠣᠰᠤᠭ᠎ᠠ ᠲᠦᠷᠣᠭᠡ ᠪᠠᠷ ᠬᠤᠨᠭ᠍ᠭᠤᠷ ᠰᠦᠮ᠎ᠠ ᠠᠴᠠ ᠪᠠᠷᠠᠭᠤᠨ ᠬᠤᠶᠢᠰᠢ᠂ ᠣᠯᠠᠨ ᠲᠣᠯᠣᠭᠠᠢ ᠶᠢᠨ ᠵᠣ ᠶᠢᠨ ᠪᠠᠷᠠᠭᠤᠨ ᠬᠠᠵᠠᠭᠤ ᠪᠠᠷ ᠦᠭᠰᠣᠵᠦ᠂ ᠨᠢᠭᠡᠨ ᠭᠤᠣᠯ ᠢ ᠭᠠᠳᠣᠯᠣᠨ ᠰᠦᠵᠢ ᠶᠢᠨ ᠬᠤᠳᠳᠤᠭ ᠤᠨ ᠡᠮᠣᠨ᠎ᠠ ᠬᠦᠨᠳᠡᠢ ᠎ ᠳᠤ ᠣᠷᠣᠵᠦ ᠢᠷᠡᠬᠦ ᠳᠤ ᠬᠦᠨᠳᠡᠢ ᠲᠦᠬᠦᠷᠡᠩ ᠲᠡᠮᠡᠭᠡᠨ ᠰᠦᠷᠦᠭ ᠪᠡᠯᠴᠢᠵᠦ ᠪᠠᠶᠢᠪᠡ᠃ ᠲᠡᠭᠡᠳᠡᠯ᠎ᠠ ᠱᠣᠩᠬᠤᠷ ᠤᠨ ᠬᠠᠷᠠᠭᠠᠨ ᠳᠤ ᠡᠮᠣᠨ᠎ᠠ ᠪᠦᠬᠦ ᠳᠡᠭᠡᠨ ᠴᠠᠭᠠᠨ ᠲᠠᠯᠪᠠᠭ᠎ᠠ ᠲᠡᠷᠪᠡᠯᠵᠡᠬᠦᠯᠦᠭᠰᠡᠨ ᠲᠣᠮᠣ ᠪᠣᠣᠷ᠎ᠠ ᠠᠮᠠᠨ ᠠᠴᠠ ᠪᠠᠨ ᠴᠠᠭᠠᠨ ᠬᠦᠭᠡᠰᠣ ᠰᠡᠪᠢᠷᠠᠭᠤᠯᠣᠨ ᠰᠠᠯᠬᠢ ᠰᠦᠷᠣᠨ ᠦᠯᠡᠶᠢᠨ ᠵᠣᠭᠰᠣᠵᠦ᠂ ᠲᠡᠬᠦᠨ ᠢ ᠦᠵᠡᠮᠡᠭᠴᠨ ᠵᠡᠷᠯᠢᠭ ᠠᠷᠢᠶᠠᠳᠡᠨ ᠤ ᠵᠢᠭᠡᠬᠦᠨ ᠬᠠᠷᠠᠴᠨ ᠪᠠᠷ ᠰᠢᠷᠳᠡᠬᠦ ᠨᠢ ᠬᠠᠷᠠᠭᠳᠠᠯ᠎ᠠ᠃ ᠱᠣᠩᠬᠤᠷ ᠰᠣᠴᠢᠰᠬᠢᠵᠦ᠄ ︽ᠠ︕ ᠪᠢ ᠴᠢᠨᠢ ᠪᠠᠭᠠᠷᠢᠨ ᠸᠠᠩ ᠤᠨ ᠲᠡᠮᠡᠭᠡᠨ ᠰᠦᠷᠦᠭ ᠲᠠᠢ ᠬᠠᠷᠭᠤᠴᠢᠬᠠᠵᠠᠢ ᠰᠢᠳᠠ᠃ ᠡᠨᠡ ᠰᠦᠷᠦᠭ ᠲᠤ ᠬᠦᠮᠣᠨ ᠲᠡᠷᠢᠬᠦᠳᠡᠨ ᠣᠯᠠᠭᠠᠨ ᠬᠦᠯᠳᠡᠨ ᠢ ᠣᠷᠢᠳᠠᠭᠤᠷ ᠢᠶᠠᠨ ᠭᠠᠷᠭᠠᠳᠠᠭ ᠦᠭᠡᠢ ᠭᠠᠯᠵᠠᠭᠤ ᠪᠣᠣᠷ᠎ᠠ ᠪᠠᠶᠢᠳᠠᠭ ᠠᠴᠠ ᠬᠦᠮᠣᠨ ᠠᠮᠢᠳᠠᠨ ᠳᠤ ᠰᠡᠷᠡᠮᠵᠢᠯᠡᠬᠦᠯᠵᠦ ᠠᠯᠣᠰ ᠠᠴᠠ ᠣᠯᠵᠦ ᠦᠵᠡᠮᠡᠭᠴᠨ ᠲᠣᠳᠠᠭᠠᠨ ᠵᠠᠶᠢᠯᠠᠭ ᠬᠡᠵᠦ ᠪᠦᠬᠦ ᠳᠤᠨᠢ ᠴᠠᠭᠠᠨ ᠲᠠᠯᠪᠠᠭ᠎ᠠ ᠦᠶᠡᠵᠠᠢ ᠬᠡᠵᠦ ᠬᠡᠯᠡᠯᠴᠡᠳᠡᠭ ᠨᠢ ᠡᠨᠡ ᠪᠠᠶᠢᠨ᠎ᠠ︾ ᠬᠡᠵᠦ ᠪᠣᠳᠣᠵᠦ ᠠᠮᠵᠢᠭᠠᠳ ᠠᠵᠢᠭᠯᠠᠳᠡᠯ᠎ᠠ ᠦᠨᠣᠬᠢ ᠵᠡᠷᠯᠢᠭ ᠲᠣᠭᠰᠢᠨ ᠪᠣᠣᠷ᠎ᠠ ᠦᠭᠡᠳᠠ ᠠᠴᠠ ᠨᠢ ᠠᠷᠠᠭ᠎ᠠ ᠰᠢᠳᠦ ᠪᠠᠨ ᠵᠢᠷ ᠵᠢᠷ ᠬᠠᠪᠢᠷᠣᠨ ᠠᠮᠨ ᠬᠠᠮᠠᠷ ᠠᠴᠠ ᠪᠠᠨ ᠴᠠᠭᠠᠨ ᠬᠦᠭᠡᠰᠣ ᠰᠡᠪᠢᠷᠠᠭᠤᠯᠵᠦ᠂ ᠬᠠᠶ᠋ᠨ ᠪᠠᠰᠨ ᠠᠮᠨ ᠲᠦᠬᠦᠷᠡᠩ ᠰᠡᠪᠡᠰᠣ ᠪᠠᠨ ᠲᠣᠷᠬᠢᠨ ᠦᠯᠢᠶᠡᠵᠦ᠂ ᠱᠣᠳᠣᠩ ᠰᠡᠬᠦᠯ ᠢᠶᠠᠨ ᠲᠡᠭᠡᠭᠰᠢ ᠲᠣᠷᠣᠭᠰᠢ ᠰᠢᠪᠰᠢᠨ᠂ ᠬᠦᠨᠳᠡᠢ ᠴᠡᠭᠡᠵᠢ ᠪᠠᠷ ᠬᠦᠡᠭᠬᠢᠨᠠᠨ ᠲᠦᠡᠭᠬᠢᠨᠡᠨ ᠲᠣᠣᠭᠠᠷᠭᠠᠵᠦ᠂ ᠬᠦᠵᠣᠬᠦᠦ ᠪᠠᠨ ᠭᠠᠵᠠᠷ ᠨᠠᠭᠠᠯᠳᠣᠭᠤᠯᠣᠨ ᠭᠤᠳᠣᠶᠢᠯᠭᠠᠵᠦ᠂ ᠬᠦᠴᠣᠳᠦ ᠲᠠᠪᠠᠭ ᠢᠶᠠᠷ ᠢᠶᠠᠨ ᠬᠠᠮᠣᠵᠦ ᠠᠪᠣᠭᠠᠳ ᠬᠡᠬᠦᠷ ᠪᠡᠶ᠎ᠠ ᠶᠢ ᠨᠢ ᠡᠯᠢᠭᠡᠨ ᠲᠣᠣᠷ᠎ᠠ ᠪᠠᠨ ᠢᠪ ᠲᠠᠷᠣᠵᠦ ᠬᠡᠮᠭᠡ ᠬᠠᠵᠠᠨ ᠠᠯᠠᠬᠤ ᠪᠠᠷ ᠣᠨᠣᠭᠰᠡᠨ ᠮᠣᠷᠢᠨ ᠠᠴᠠ ᠎ ᠪᠠᠨ ᠲᠡᠭ ᠬᠡᠳᠡᠯ᠎ᠠ ᠦᠰᠣᠷᠣᠨ ᠪᠠᠭᠤᠵᠦ᠂ ᠮᠣᠷᠢ ᠪᠠᠨ ᠱᠠᠯᠠᠪᠬᠠᠨ ᠴᠢᠳᠣᠷᠯᠡᠭᠡᠳ ᠴᠠᠭᠠᠨ ᠢᠮᠠᠭᠠᠨ ᠠᠷᠠᠰᠣᠨ ᠲᠡᠪᠡᠯ ᠎ ᠤᠨ ᠢᠶᠠᠨ ᠲᠠᠪᠣᠨ ᠬᠤᠷᠮᠣᠢ ᠶᠢ ᠲᠠᠰᠣ ᠰᠢᠭᠤᠵᠦ᠂ ᠵᠡᠷᠯᠢᠭ ᠪᠣᠣᠷ᠎ᠠ ᠲᠠᠢ ᠦᠵᠡᠯᠴᠡᠨ ᠲᠡᠮᠡᠴᠡᠯᠳᠣᠯ᠎ᠠ᠃ ᠭᠠᠯᠵᠠᠭᠤ ᠪᠣᠣᠷ᠎ᠠ ᠱᠣᠩᠬᠤᠷ ᠢ ᠬᠠᠵᠠᠵᠦ ᠬᠠᠮᠣᠬᠤ ᠬᠡᠳ ᠲᠣᠯᠣᠭᠠᠢ ᠪᠠᠨ ᠲᠣᠷᠣᠭᠰᠢ ᠲᠠᠷᠣᠵᠦ ᠬᠦᠵᠣᠬᠦᠦ ᠭᠤᠳᠣᠶᠢᠨ ᠢᠷᠡᠬᠦ ᠎ ᠳᠤ ᠱᠣᠩᠬᠤᠷ ᠣᠬᠤᠰᠬᠢᠨ ᠲᠠᠭᠠᠷᠢᠵᠦ ᠪᠣᠣᠷ᠎ᠠ ᠶᠢᠨ ᠲᠣᠬᠤᠨ ᠲᠡᠭᠡᠷᠡᠬᠢ ᠦᠨᠳᠣᠷ ᠵᠣᠭᠳᠣᠷ ᠠᠴᠠ ᠰᠢᠬᠦᠷᠣᠨ ᠠᠪᠣᠮᠠᠭᠴᠨ ᠡᠪᠯᠢᠭ ᠠᠳᠬᠤᠭᠰᠡᠨ ᠭᠠᠷ ᠤᠨ ᠢᠶᠠᠨ ᠡᠷᠴᠢᠳᠦ ᠪᠣᠯᠴᠢᠩ ᠤᠨ ᠬᠦᠴᠦ ᠪᠠᠷ ᠡᠮᠣᠨᠠᠰᠢ ᠱᠣᠳᠣᠷᠠᠭᠤᠯᠣᠨ ᠲᠠᠳᠠᠬᠤ ᠳᠤ ᠠᠷᠳᠠᠭ ᠲᠣᠭᠰᠢᠨ ᠪᠣᠣᠷ᠎ᠠ ᠠᠪᠣᠷᠭᠤ ᠱᠠᠩᠰᠢ ᠣᠨᠠᠬᠤ ᠰᠢᠭ᠋ ᠱᠣᠣᠬᠢᠵᠦ ᠡᠪᠦᠳᠦᠭ ᠨᠢ ᠨᠣᠭᠤᠷᠠᠵᠦ ᠡᠮᠣᠨᠠᠰᠢ ᠱᠣᠳᠣᠷᠠᠪᠡ᠃ ᠡᠨᠡᠭᠡᠨ ᠵᠠᠪ ᠲᠤ ᠵᠣᠭᠳᠣᠷ ᠠᠴᠠ ᠨᠢ ᠠᠳᠬᠤᠭᠰᠡᠨ ᠭᠠᠷ ᠢᠶᠠᠨ ᠰᠣᠯᠠᠯᠠᠨ ᠵᠣᠭᠰᠤᠭ᠎ᠠ ᠪᠣᠰᠤᠭ᠎ᠠ ᠬᠤᠶᠠᠷ ᠪᠦᠬᠦ ᠠᠴᠠ ᠨᠢ ᠪᠠᠵᠠᠭᠳᠠᠨ ᠪᠣᠷᠣᠭᠤᠳᠠᠢ ᠲᠠᠯ᠎ᠠ ᠣᠷᠣᠭᠤ ᠲᠠᠳᠠᠭᠰᠡᠨ ᠴᠢᠨᠢ ᠲᠣᠭᠰᠢᠨ ᠪᠣᠣᠷ᠎ᠠ ᠶᠠᠭᠠᠬᠢᠬᠤ ᠶᠢᠨ ᠠᠷᠭ᠎ᠠ ᠦᠭᠡᠢ ᠲᠠᠷᠠᠶᠢᠨ ᠣᠨᠠᠵᠠᠢ᠃ ᠱᠣᠩᠬᠤᠷ ᠪᠣᠰᠢᠭᠤ ᠱᠠᠯᠠᠮᠠᠭ ᠢᠶᠠᠷ᠂ ᠣᠷᠳᠦ ᠬᠢᠳᠤᠭ᠎ᠠ ᠪᠠᠨ ᠰᠣᠭᠤᠯᠵᠦ ᠣᠯᠠᠶᠢᠬᠤ ᠰᠣᠭᠤ ᠣᠷᠣᠭᠤ ᠨᠢ ᠭᠠᠭᠴᠠᠬᠠᠨ ᠬᠢᠳᠣᠭᠠᠯᠠᠭᠰᠡᠨ᠎ᠠ ᠣᠯᠠᠭᠠᠨ ᠵᠢᠷᠣᠭᠡ ᠨᠢ ᠬᠠᠭᠠᠷᠠᠵᠦ ᠣᠷᠣᠰᠬᠤ ᠴᠢᠰᠣ ᠨᠡᠯᠣᠶᠢᠪᠡ᠃ ᠱᠣᠩᠬᠤᠷ ᠬᠠᠵᠠᠭᠤᠯᠳᠠᠨ ᠬᠡᠪᠳᠡᠭᠰᠡᠨ ᠪᠣᠣᠷ᠎ᠠ ᠶᠢᠨ ᠬᠠᠪᠢᠷᠭ᠎ᠠ ᠲᠡᠭᠡᠷ᠎ᠠ ᠨᠢ ᠡᠪᠣᠳᠦᠭᠯᠡᠵᠦ᠂ ᠢᠪ ᠲᠠᠷᠣᠨ ᠬᠤᠭᠤᠴᠢᠭᠠᠳ᠂ ︽ᠦᠡᠭ︕︾ ᠬᠡᠵᠦ ᠣᠷᠳᠣᠯᠠᠭᠤᠯᠣᠨ ᠪᠠᠶᠢᠵᠦ ᠡᠴᠣᠰ ᠤᠨ ᠠᠮᠢᠰᠬᠤᠭ᠎ᠠ ᠪᠠᠨ ᠬᠤᠷᠢᠶᠠᠭᠰᠡᠨ ᠪᠣᠣᠷ᠎ᠠ ᠶᠢ ᠣᠷᠬᠢᠵᠦ᠂ ᠴᠢᠳᠣᠷ ᠲᠠᠢ ᠮᠣᠷᠢ ᠪᠠᠨ ᠪᠠᠷᠢᠵᠦ ᠣᠨᠣᠨ ᠪᠠᠭᠠᠷᠢᠨ ᠸᠡᠩ ᠎ ᠤᠨ ᠣᠷᠳᠣᠨ ᠢ ᠴᠢᠭᠯᠡᠵᠦ ᠲᠣᠭᠳᠠᠭᠰᠡᠨ ᠴᠠᠭ ᠲᠤᠨᠢ ᠰᠠᠭᠠᠳᠣᠯ ᠦᠭᠡᠢ ᠬᠦᠷᠬᠦ ᠪᠠᠷ ᠲᠣᠪᠳᠣᠯᠭᠠᠪᠡ᠃     ᠱᠣᠩᠬᠤᠷ ᠪᠠᠭᠠᠷᠢᠨ ᠸᠠᠩ ᠤᠨ ᠣᠷᠳᠣᠨ ᠠᠴᠠ ᠭᠤᠷᠪᠡᠨ ᠵᠠᠭᠤᠨ ᠠᠯᠴᠠᠮ ᠤᠨ ᠵᠠᠢ ᠳᠤ ᠮᠣᠷᠢᠨ ᠠᠴᠠ ᠪᠠᠨ ᠪᠠᠭᠤᠵᠦ᠂ ᠮᠠᠯᠠᠭᠠᠢ ᠪᠦᠰᠨ ᠪᠠᠨ ᠲᠡᠭᠰᠢᠯᠡᠨ ᠵᠠᠰᠠᠵᠦ᠂ ᠬᠤᠷᠮᠣᠢ ᠬᠤᠰᠢ ᠪᠠᠨ ᠪᠠᠭᠤᠯᠭᠠᠨ ᠮᠣᠷᠢ ᠪᠠᠨ ᠬᠦᠳᠣᠯᠦᠭᠰᠡᠭᠡᠷ ᠲᠣᠮᠣ ᠴᠢᠯᠠᠭᠤᠨ ᠪᠠᠭᠠᠨ᠎ᠠ ᠶᠢᠨ ᠬᠢᠨᠢ ᠲᠡᠷᠭᠡᠳᠠ ᠬᠦᠷᠴᠦ ᠮᠣᠷᠢ ᠪᠠᠨ ᠣᠶᠠᠭᠠᠳ ᠬᠠᠭᠠᠯᠭᠠᠴᠢᠨ ᠎ ᠳᠤᠨᠢ ᠣᠴᠢᠷ ᠲᠣᠬᠠᠢ ᠪᠠᠨ ᠮᠡᠳᠡᠬᠦᠯᠣᠨ ᠸᠠᠩ ᠤᠨ ᠦᠷᠣᠭᠡᠨ ᠳᠤ ᠠᠯᠬᠤᠨ ᠣᠷᠣᠮᠠᠭᠴᠨ ᠰᠦᠬᠦᠳᠴᠦ᠄ ︽ᠦᠴᠣᠭᠡᠨ ᠪᠣᠭᠤᠯ ᠱᠣᠩᠬᠤᠷ ᠵᠠᠷᠯᠢᠭ ᠢᠶᠠᠷ ᠢᠷᠡᠵᠦ ᠸᠠᠩ ᠨᠣᠶᠠᠨ ᠳᠤ ᠪᠠᠷᠠᠭᠠᠳᠠᠵᠦ ᠪᠠᠶᠢᠨ᠎ᠠ︕︾ ᠬᠡᠮᠡᠨ ᠮᠦᠷᠬᠦᠬᠦ ᠳᠤ᠂ ᠸᠠᠩ ᠰᠣᠴᠢᠰᠬᠢᠵᠦ ᠲᠣᠳᠣᠷ᠎ᠠ ᠪᠠᠨ᠄ ︽ᠮᠢᠨᠦ ᠭᠠᠯᠵᠠᠭᠤ ᠪᠣᠣᠷ᠎ᠠ ᠳᠤ ᠪᠠᠷᠢᠭᠳᠠᠵᠦ ᠢᠳᠡᠭᠳᠡᠭᠰᠡᠨ ᠦᠭᠡᠢ ᠶᠡᠭᠡ ᠡᠷ᠎ᠠ ᠶᠢᠨ ᠭᠠᠪᠠᠯᠨ ᠪᠠᠶᠢᠨ᠎ᠠ︾ ᠬᠡᠵᠦ ᠪᠣᠳᠣᠭᠠᠳ ᠱᠣᠩᠬᠤᠷ ᠢ ᠴᠣᠭᠤᠷᠣᠳᠠᠯ᠎ᠠ ᠰᠢᠷᠳᠠᠵᠦ ︽ᠴᠢ ᠷᠠᠰᠢᠨᠰᠢᠯᠢ ᠶᠢᠨ ᠬᠤᠪᠢᠯᠭᠠᠨ ᠯᠠᠮᠨ ᠶᠢᠨ ᠪᠦᠭᠡ ᠱᠣᠩᠬᠤᠷ ᠮᠦᠨ ᠦᠦ︖︾ ᠬᠡᠬᠦ ᠳᠤ᠂ ᠱᠣᠩᠬᠤᠷ ᠡᠷ᠎ᠠ ᠬᠤᠨᠭ᠍ᠭᠤᠷ ᠲᠠᠭᠤᠨ ᠢᠶᠠᠷ᠄ ︽ᠮᠦᠨ︕︾ ᠬᠡᠵᠦ ᠲᠣᠳᠣᠬᠠᠨ ᠬᠠᠷᠢᠭᠤᠯᠪᠡ᠃ ︽ᠵᠨ︕ ᠴᠢ ᠲᠡᠭᠡᠪᠡᠯ ᠢᠷᠡᠭᠰᠡᠨ ᠵᠠᠮ ᠳᠠᠭᠠᠨ ᠣᠴᠠᠷᠠᠭᠰᠡᠨ ᠶᠠᠪᠣᠳᠠᠯ ᠢᠶᠠᠨ ᠪᠦᠷᠢᠨ ᠲᠣᠭᠠᠴᠢ︕︾ ᠬᠡᠵᠦ ᠸᠠᠩ ᠨᠣᠶᠠᠨ ᠵᠠᠷᠯᠢᠭ ᠪᠣᠯᠣᠭᠰᠡᠨ᠎ᠠ ᠱᠣᠩᠬᠤᠷ᠄ ︽ᠸᠠᠩ ᠨᠣᠶᠠᠨ ᠵᠠᠷᠯᠢᠭ ᠲᠠᠭᠠᠨ ᠰᠦᠵᠢ ᠶᠢᠨ ᠬᠤᠳᠳᠤᠭ ᠤᠨ ᠬᠦᠨᠳᠡᠢ ᠪᠠᠷ ᠠᠰᠯᠠᠨ ᠡᠳᠣᠷ ᠲᠡᠭᠡᠨ ᠢᠷ᠎ᠠ ᠬᠡᠰᠡᠨ ᠲᠣᠯᠨ ᠦᠴᠣᠭᠡᠨ ᠪᠣᠭᠤᠯ ᠪᠢ ᠬᠡᠷᠬᠢᠨ ᠸᠠᠩ ᠤᠨ ᠵᠠᠷᠯᠢᠭ ᠢ ᠵᠦᠷᠢᠴᠠᠵᠦ ᠪᠣᠯᠬᠤ ᠦᠭᠡᠢ᠃ ᠰᠦᠵᠢ ᠎ ᠶᠢᠨ ᠬᠤᠳᠳᠤᠭ ᠤᠨ ᠬᠦᠨᠳᠡᠢ ᠵᠢᠯᠠᠭ᠎ᠠ ᠪᠠᠷ ᠢᠷᠡᠬᠦ ᠳᠤ ᠸᠠᠩ ᠤᠨ ᠭᠠᠯᠵᠠᠭᠤ ᠪᠣᠣᠷ᠎ᠠ ᠲᠠᠢ ᠬᠠᠷᠠᠭᠤᠯ᠎ᠠ︾ ᠬᠡᠳᠡᠯ᠎ᠠ ᠸᠠᠩ ᠨᠣᠶᠠᠨ ᠦᠭᠡ ᠶᠢ ᠨᠢ ᠡᠯᠬᠦᠨ ᠠᠪᠴᠦ᠄ ︽ᠲᠡᠭᠡᠭᠡᠳ ᠮᠢᠨᠦ ᠪᠣᠣᠷ᠎ᠠ ᠶᠢ ᠶᠠᠭᠠᠬᠢᠵᠦ ᠠᠷᠭᠠᠴᠠᠭᠠᠵᠦ ᠭᠠᠷᠴᠦ ᠢᠷᠡᠪᠡ︖ ᠦᠨᠡᠨ ᠮᠦᠨ ᠢᠶᠠᠷ ᠬᠡᠯᠨ︕︾ ᠬᠡᠮᠡᠨ ᠱᠠᠭᠠᠷᠳᠠᠪᠡ᠃ ᠱᠣᠩᠬᠤᠷ ᠶᠠᠯ᠎ᠠ ᠬᠦᠯᠢᠶᠡᠨ ᠲᠣᠯᠣᠭᠠᠢ ᠪᠦᠬᠦᠶᠢᠵᠦ᠄ ︽ᠸᠠᠩ ᠨᠣᠶᠠᠨ ᠠᠭᠤᠴᠢᠯᠨ︕ ᠪᠣᠣᠷ᠎ᠠ ᠨᠠᠮᠠᠢᠢ ᠪᠠᠷᠢᠬᠤ ᠦᠭᠡᠢ ᠪᠣᠯ ᠲᠠᠯᠪᠢᠬᠤ ᠶᠠᠩᠵᠦ ᠦᠭᠡᠢ ᠲᠠᠭᠠᠷᠢᠨ ᠢᠷᠡᠬᠦ ᠳᠤ ᠲᠣᠭᠤᠷᠢᠵᠦ ᠲᠣᠳᠠᠭᠠᠵᠦ ᠪᠣᠯᠬ᠎ᠠ ᠦᠭᠡᠢ ᠬᠠᠳᠠᠭᠤ ᠵᠠᠷᠯᠢᠭ ᠲᠠᠢ ᠲᠣᠯᠨ ᠠᠷᠭ᠎ᠠ ᠪᠣᠰᠣ ᠪᠣᠣᠷ᠎ᠠ ᠎ ᠶᠢ ᠴᠢᠨᠢ ᠠᠯᠠᠭᠠᠳ ᠲᠣᠭᠳᠠᠭᠰᠡᠨ ᠴᠠᠭ ᠲᠠᠭᠠᠨ ᠢᠷᠡᠯ᠎ᠠ︾ ᠬᠡᠳ ᠮᠦᠷᠬᠦᠬᠦ ᠳᠤ ᠸᠠᠩ ᠨᠣᠶᠠᠨ᠄ ︽ᠪᠣᠣᠷ᠎ᠠ ᠶᠢ ᠶᠠᠭᠠᠬᠢᠵᠦ ᠠᠯᠠᠭᠰᠡᠨ ᠢᠶᠠᠨ ᠲᠣᠳᠣᠷᠬᠠᠢ ᠶᠠᠷᠢ︾ ᠬᠡᠪᠡ᠃ ᠱᠣᠩᠬᠤᠷ ᠪᠣᠣᠷ᠎ᠠ ᠲᠠᠢ ᠲᠣᠯᠣᠯᠳᠣᠵᠦ ᠶᠠᠭᠠᠬᠢᠵᠦ ᠠᠯᠠᠭᠰᠡᠨ ᠶᠠᠪᠣᠴᠨ ᠪᠠᠨ ᠨᠠᠷᠢᠨ ᠲᠣᠭᠠᠴᠢᠨ ᠶᠠᠷᠢᠳᠡᠯ᠎ᠠ᠂ ᠸᠠᠩ ᠤᠨ ᠵᠠᠷᠯᠢᠭ ᠢᠶᠠᠷ ᠡᠷᠳᠠ ᠠᠴᠠ ᠣᠴᠢᠵᠦ ᠬᠡᠳᠡᠨ ᠠᠵᠢᠭᠯᠠᠵᠦ ᠪᠠᠶᠢᠭᠰᠡᠨ ᠲᠡᠮᠡᠭᠡᠴᠢᠨ ᠨᠢ ︽ᠬᠡᠯᠡᠭᠰᠡᠨ ᠨᠢ ᠪᠦᠷ ᠦᠨᠡᠨ︾ ᠬᠡᠵᠦ ᠬᠡᠷᠡᠴᠢᠯᠡᠪᠡ᠃ ᠡᠬᠦᠨ ᠳᠤ ᠸᠠᠩ ᠨᠣᠶᠠᠨ ᠠᠭᠤᠷᠯᠠᠭᠰᠡᠨ ᠦᠭᠡᠢ ᠮᠦᠷᠳᠡᠭᠡᠨ ᠱᠣᠩᠬᠤᠷ ᠲᠤ ᠰᠠᠭᠤᠳᠠᠯ ᠬᠠᠶᠢᠷᠠᠯᠠᠨ ᠱᠠᠩ ᠬᠡᠰᠢᠭ ᠬᠦᠷᠳᠡᠭᠡᠵᠦ᠂ ᠦᠨᠳᠣᠷ ᠲᠠᠭᠤᠨ ᠢᠶᠠᠷ᠄ ︽ᠱᠣᠩᠬᠤᠷ ᠴᠢ ᠣᠳᠦ ᠠᠴᠠ ᠡᠬᠢᠯᠡᠨ ᠪᠠᠭᠠᠷᠢᠨ ᠸᠠᠩ ᠤᠨ ᠪᠦᠭᠡ ᠪᠣᠯᠣᠭᠰᠡᠨ᠃ ᠲᠡᠭᠡᠬᠦ ᠎ ᠳᠤ ᠪᠣᠭᠤᠯ ᠵᠠᠷᠣᠳᠠᠰᠣ ᠶᠢ ᠬᠡᠷᠬᠢᠨ ᠲᠠᠭᠠᠭᠤᠯᠵᠦ ᠶᠠᠪᠣᠨ᠎ᠠ᠃ ᠴᠢᠮᠡᠳᠦ ᠱᠠᠭ᠎ᠠ ᠵᠡᠷᠭᠡ ︵ᠣᠳᠦ ᠶᠢᠨ ᠬᠡᠯᠡᠯᠭᠡ ᠪᠠᠷ ᠡᠷᠬᠡᠳᠦ ᠠᠷᠠᠳ ᠬᠡᠰᠡᠨ ᠪᠣᠯᠣᠯᠳᠠᠢ︶ ᠱᠠᠩᠨᠠᠶ᠎ᠠ⁈︾ ᠬᠡᠵᠦ ᠨᠡᠶᠢᠳᠡᠯᠡᠬᠦ ᠳᠤ᠂ ᠱᠣᠩᠬᠤᠷ ᠱᠠᠯᠠᠪᠬᠠᠨ ᠪᠣᠰᠴᠦ ᠬᠡᠰᠢᠭ ᠲᠤ ᠮᠦᠷᠬᠦᠪᠡ᠃ ᠪᠠᠭᠠᠷᠢᠨ ᠸᠠᠩ ᠲᠡᠬᠦᠨ ᠳᠤ᠄ ︽ᠵᠠᠨ︕ ᠴᠢ ᠣᠳᠣ ᠮᠢᠨᠦ ᠪᠦᠭᠡ ᠪᠣᠯᠣᠭᠰᠡᠨ ᠪᠣᠯᠬᠤᠷ ᠢᠷᠡᠬᠦ ᠵᠢᠯ ᠤᠨ 5 ᠰᠠᠷ᠎ᠠ ᠶᠢᠨ 13᠎ ᠤ ᠡᠳᠣᠷ ᠶᠠᠪᠣᠭᠳᠠᠬᠤ ᠲᠦᠰᠢᠶᠡᠳᠦ ᠶᠢᠨ ᠣᠪᠣᠭᠠᠨ ᠨᠠᠶᠢᠷ ᠲᠤ ᠨᠠᠮᠠᠢᠢ ᠲᠠᠭᠠᠵᠦ ᠶᠠᠪᠣᠨ᠎ᠠ᠃ ᠬᠠᠷᠢᠪᠡᠯ ᠬᠤᠪᠢᠯᠭᠠᠨ ᠯᠠᠮᠨ ᠳᠠᠭᠠᠨ ᠡᠨᠡ ᠣᠴᠢᠷ ᠢ ᠬᠡᠯᠡᠵᠦ ᠪᠦᠭᠡ ᠶᠢᠨ ᠰᠣᠷᠢᠭ᠎ᠠ ᠶᠢ ᠰᠠᠶᠢᠨ ᠬᠢᠵᠦ ᠣᠬᠠᠭᠠᠨ ᠡᠷᠳᠡᠮ ᠣᠷ᠎ᠠ ᠮᠡᠷᠭᠡᠰᠢᠯ ᠢᠶᠠᠨ ᠲᠡᠭᠡᠭᠰᠢᠯᠡᠬᠦᠯᠣᠨ ᠢᠷᠡᠬᠦ ᠵᠢᠯ ᠤᠨ 5 ᠰᠠᠷ᠎ᠠ ᠶᠢᠨ ᠡᠬᠢ ᠪᠠᠷ ᠠᠳᠠ ᠢᠷ᠎ᠠ︕ ᠮᠡᠳᠡᠪᠡ ᠦᠦ︖︾ ᠬᠡᠳ ᠬᠡᠷ ᠲᠤᠨᠢ ᠬᠠᠷᠢᠭᠤᠯᠵᠠᠢ᠃       ᠡᠳᠣᠷ ᠰᠠᠷ᠎ᠠ ᠶᠢᠨ ᠦᠡᠭᠭᠡᠷᠡᠬᠦ ᠨᠢ ᠦᠳᠣᠳᠦ ᠰᠣᠮᠣ ᠰᠢᠭ᠋ ᠲᠦᠷᠭᠡᠨ ᠲᠣᠯᠨ ᠦᠵᠡᠵᠦ ᠬᠠᠷᠠᠵᠦ ᠪᠠᠶᠢᠳᠠᠯ᠎ᠠ ᠴᠠᠭ ᠨᠢ ᠲᠣᠯᠵᠦ ᠸᠠᠩ ᠨᠣᠶᠠᠨ ᠮᠠᠶᠢᠬᠠᠨ ᠬᠦᠰᠭᠡ᠂ ᠵᠠᠷᠣᠴᠨ ᠪᠣᠭᠤᠯ᠂ ᠬᠦᠳᠣᠴᠢ ᠰᠠᠬᠢᠭᠤᠯᠴᠢ ᠪᠠ ᠰᠣᠷᠢᠭᠠᠨ ᠤ ᠪᠦᠭᠡ᠂ ᠣᠷᠣᠯᠳᠣᠭᠠᠨ ᠤ ᠮᠣᠷᠢ ᠪᠠᠨ ᠠᠪᠣᠭᠠᠳ ᠲᠦᠰᠢᠶᠡᠷᠦ ᠶᠢᠨ ᠨᠠᠶᠢᠷ ᠲᠤ ᠮᠣᠷᠢᠯᠠᠪᠡ᠃ ᠲᠡᠷᠨ ᠵᠢᠯ ᠤᠨ ᠲᠦᠰᠢᠶᠡᠳᠦ ᠶᠢᠨ ᠣᠪᠣᠭ᠎ᠠ ᠨᠠᠶᠢᠷ ᠦᠨᠡᠭᠡᠷ ᠠᠷᠦ ᠦᠪᠣᠷ ᠮᠣᠩᠭᠤᠯ ᠳᠤ ᠴᠦᠭᠡᠨ ᠲᠣᠬᠢᠶᠠᠯᠳᠣᠬᠤ ᠨᠢᠵᠡᠭᠡᠷ ᠶᠡᠭᠡ ᠨᠠᠶᠢᠷ ᠪᠣᠯᠵᠠᠢ᠃ ᠪᠦᠭᠡ ᠪᠠᠷᠢᠯᠳᠣᠬᠤ ᠠᠴᠠ ᠲᠠᠪᠣᠨ ᠡᠳᠣᠷ ᠤᠨ ᠡᠮᠣᠨ᠎ᠠ ᠸᠠᠩ ᠨᠣᠶᠠᠨ ᠣᠯᠠᠨ ᠤ ᠬᠡᠯᠡᠯᠴᠡᠭᠡᠨ᠂ ᠦᠪᠡᠷ ᠤᠨ ᠵᠠᠩᠬᠢᠴᠢ ᠠᠴᠠ ᠠᠷᠦ ᠲᠠᠪᠢᠨ ᠲᠣᠯᠣᠭᠠᠨ ᠬᠤᠰᠢᠭᠤ ᠠᠴᠠ ᠢᠷᠡᠭᠰᠡᠨ ᠪᠦᠭᠡ ᠶᠢᠨ ᠲᠣᠳᠣᠷ᠎ᠠ ︽ᠬᠠᠯᠵᠠᠨ ᠮᠠᠩᠭ᠎ᠠ︾ ᠬᠡᠭᠴᠢ ᠬᠤᠣᠰ ᠦᠭᠡᠷ ᠬᠦᠯᠦᠭᠰᠡᠨ ᠬᠠᠰᠠᠭ ᠲᠡᠷᠭᠡᠨ ᠤ ᠲᠡᠩᠭᠡᠯᠢᠭ ᠢ ᠪᠦᠳᠣᠬᠦᠳᠭᠡᠵᠦ᠂ ᠠᠯᠠᠮ ᠎ ᠶᠢ ᠨᠢ ᠠᠭᠤᠵᠢᠭᠤᠳᠬᠠᠬᠤ ᠦᠭᠡᠢ ᠪᠣᠯ ᠰᠠᠭᠤᠵᠦ ᠪᠠᠭᠳᠠᠬᠤ ᠦᠭᠡᠢ ᠪᠦᠳᠣᠬᠦᠨ ᠬᠠᠳᠣᠭᠤᠨ᠂ ᠪᠢᠷ᠎ᠠ ᠴᠢᠳᠠᠯ ᠲᠠᠢ ᠪᠦᠭᠡ ᠢᠷᠡᠭᠰᠡᠨ ᠢ ᠮᠡᠳᠡᠪᠡ᠃ ᠡᠬᠦᠨ ᠢ ᠰᠣᠨᠣᠰᠣᠭᠰᠡᠨ ᠱᠣᠩᠬᠤᠷ᠂ ᠸᠠᠩ ᠨᠣᠶᠠᠨ ᠳᠠᠭᠠᠨ᠄ ︽ᠪᠢ ᠪᠢᠳᠢᠷᠴᠢᠨ ᠎ ᠢᠶᠠᠷ ᠬᠤᠪᠴᠠᠯᠠᠵᠦ ᠬᠠᠪᠴᠢᠭ ᠡᠬᠦᠷᠭᠡ ᠡᠬᠦᠷᠣᠨ ᠮᠠᠩᠬ᠎ᠠ ᠪᠦᠭᠡ ᠶᠢᠨ ᠰᠠᠭᠤᠭ᠎ᠠ ᠮᠠᠶᠢᠬᠠᠨ ᠢᠶᠠᠷ ᠬᠦᠷᠴᠦ ᠲᠡᠬᠦᠨ ᠢ ᠨᠠᠷᠢᠨ ᠠᠵᠢᠭᠯᠠᠭᠠᠳ ᠢᠷᠡᠶ᠎ᠠ︾ ᠬᠡᠵᠦ ᠭᠤᠶᠣᠭᠰᠡᠨ ᠳᠤ ᠸᠠᠩ ᠨᠣᠶᠠᠨ ᠵᠦᠪᠰᠢᠶᠡᠷᠡᠪᠡ᠃ ᠢᠡᠭᠬᠢᠭᠡᠳ ᠱᠣᠩᠬᠤᠷ ᠪᠦᠬᠦᠯᠢ ᠭᠤᠷᠪᠡᠨᠡᠳᠣᠷ ᠪᠠᠳᠢᠷᠴᠢᠯᠡᠨ ᠲᠣᠭᠤᠷᠢᠵᠦ ᠪᠦᠭᠡ ᠪᠦᠬᠦᠨ ᠢ ᠮᠡᠳᠡᠵᠦ ᠠᠪᠬᠤ ᠶᠢᠨ ᠲᠠᠭᠠᠣ ᠮᠠᠩᠭ᠎ᠠ ᠪᠦᠭᠡ ᠎ ᠶᠢᠨ ᠰᠠᠭᠤᠭᠰᠡᠨ ᠮᠠᠶᠢᠬᠠᠨ ᠤ ᠡᠬᠦᠳᠡᠨ ᠳᠤᠨᠢ ᠬᠦᠷᠴᠦ ᠠᠵᠢᠭᠯᠠᠬᠤ ᠳᠤ᠂ ᠭᠤᠷᠪᠡᠨ ᠲᠣᠯᠭᠠᠭᠤᠷᠢ ᠲᠠᠢ ᠲᠣᠮᠣ ᠮᠠᠶᠢᠬᠠᠨ ᠤ ᠲᠣᠮᠳᠠ ᠬᠡᠪᠳᠡᠭᠰᠡᠨ ᠮᠠᠩᠭ᠎ᠠ ᠶᠢᠨ ᠵᠠᠬ᠎ᠠ ᠤ ᠬᠦᠮᠤᠨ ᠣᠷᠣᠮᠠᠷ ᠵᠠᠢ ᠦᠭᠡᠢ ᠪᠠᠶᠢᠪᠡ᠃ ᠱᠣᠩᠬᠤᠷ ᠮᠠᠶᠢᠬᠠᠨ ᠤ ᠬᠢᠨᠢ ᠲᠡᠷᠭᠡᠳᠡᠬᠦᠷ ᠦᠡᠭᠭᠡᠷᠡᠬᠦ ᠳᠤ ᠰᠡᠬᠦᠳᠡᠷ ᠨᠢ ᠮᠠᠩᠭ᠎ᠠ ᠶᠢᠨ ᠲᠡᠭᠡᠷ᠎ᠠ ᠲᠣᠰᠣᠭᠰᠡᠨ ᠳᠤ ᠲᠡᠷᠨ ᠰᠣᠴᠢᠰᠬᠢᠨ ᠦᠨᠳᠡᠶᠢᠭᠡᠳ ᠦᠵᠡᠬᠦ ᠳᠤ᠂ ᠨᠢᠭᠡ ᠪᠠᠳᠢᠷᠴᠢᠨ ᠲᠣᠰᠣᠯ ᠭᠤᠶᠣᠬᠤ ᠲᠣᠯᠨ ᠨᠢᠭᠡ ᠬᠡᠯᠬᠢᠶ᠎ᠠ ᠭᠠᠣᠯᠢᠨ ᠵᠣᠭᠤᠰ ᠬᠠᠶᠠᠵᠦ ᠦᠭᠪᠡ᠃ ᠱᠣᠩᠬᠤᠷ ᠪᠣᠴᠠᠵᠦ ᠢᠷᠡᠭᠡᠳ ᠸᠠᠩ ᠳᠠᠭᠠᠨ᠄ ︽ᠠᠷᠦ ᠦᠪᠣᠷ ᠤᠨ ᠡᠯ᠎ᠠ ᠬᠤᠰᠢᠭᠤᠨ ᠎ ᠤ ᠪᠦᠭᠡ ᠶᠢᠨ ᠲᠣᠳᠣᠷ᠎ᠠ ᠬᠠᠰᠢ ᠯᠨ ᠬᠠᠯᠵᠠᠨ ᠮᠠᠩᠭ᠎ᠠ ᠬᠡᠭᠴᠢ ᠬᠡᠴᠡᠬᠦᠦ ᠪᠦᠭᠡ ᠪᠠᠶᠢᠨ᠎ᠠ᠃ ᠬᠡᠪᠡᠴᠦ ᠲᠡᠬᠦᠨ ᠢ ᠬᠠᠶᠠᠵᠦ ᠪᠣᠯᠣᠨ᠎ᠠ︾ ᠬᠡᠵᠦ ᠮᠡᠳᠡᠬᠦᠯᠦᠭᠰᠡᠨ ᠳᠤ ᠸᠠᠩ ᠨᠣᠶᠠᠨ᠄ ︽ᠶᠠᠮᠠᠷ ᠠᠷᠭ᠎ᠠ ᠪᠠᠷ ᠲᠡᠬᠦᠨ ᠢ ᠣᠶᠢᠴᠢᠭᠤᠯᠣᠨ᠎ᠠ ᠳ᠋ᠠ︖︾ ᠬᠡᠵᠦ ᠠᠰᠠᠭᠤᠪᠡ᠃ ᠱᠣᠩᠬᠤᠷ᠄ ︽ᠲᠡᠷᠨ ᠲᠣᠯᠣᠭᠠᠨ ᠲᠣᠬᠠᠢ ᠦᠨᠳᠣᠷ ᠪᠡᠶ᠎ᠠ ᠲᠠᠢ᠂ ᠠᠳᠠᠯᠢᠳᠬᠠᠭᠰᠢ ᠦᠭᠡᠢ ᠬᠦᠴᠦ ᠴᠢᠳᠠᠯ ᠲᠠᠢ ᠪᠣᠯᠪᠠᠴᠦ ᠪᠠᠷᠠᠭᠤᠨ ᠬᠦᠯ ᠤᠨ ᠬᠢᠨᠢ ᠪᠡᠯᠴᠢᠷ ᠲᠤ ᠨᠡᠯᠢᠶᠡᠳ ᠶᠡᠭᠡ ᠰᠢᠷᠬ᠎ᠠ ᠰᠣᠷᠪᠢ ᠎ ᠲᠠᠢ ᠪᠣᠯᠬᠤᠷ ᠡᠨᠡᠬᠦ ᠡᠮᠵᠡᠭ ᠲᠠᠯ᠎ᠠ ᠪᠠᠷ ᠣᠭᠵᠣᠮᠬᠠᠨ ᠬᠦᠴᠣᠯᠡᠵᠦ ᠲᠠᠭᠠᠷᠢᠪᠡᠯ ᠲᠠᠶᠢᠯᠵᠦ ᠪᠣᠯᠣᠨ᠎ᠠ᠃ ᠬᠡᠳᠡᠯ᠎ᠠ ᠸᠠᠩ ᠨᠣᠶᠠᠨ ᠳᠤ ᠮᠦᠷᠬᠦᠨ ᠭᠤᠶᠣᠬᠤ ᠨᠢ᠂ ᠪᠢ ᠲᠡᠬᠦᠨ ᠲᠠᠢ ᠨᠣᠴᠣᠯᠳᠣᠭᠠᠳ ᠬᠦᠴᠦ ᠲᠠᠷᠣᠭᠳᠠᠬᠤ ᠦᠶ᠎ᠠ ᠳᠤ᠂ ᠨᠣᠶᠠᠨ ᠲᠨ᠄ ︿ᠬᠦᠢ︕ ᠱᠣᠩᠬᠤᠷ ᠡ᠂ ᠶᠠᠭᠠᠬᠢᠵᠦ ᠪᠠᠶᠢᠬᠤ ᠶᠤᠮ ᠪᠣᠢ︖﹀ ᠬᠡᠵᠦ ᠬᠦᠴᠣᠳᠠᠢ ᠬᠠᠰᠬᠢᠷᠪᠡᠯ ᠲᠡᠷᠨ ᠵᠣᠭᠬᠢᠵᠦ ᠠᠪᠬᠤ ᠶᠤᠮ᠃ ᠡᠨᠡ ᠦᠶ᠎ᠠ ᠳᠤ ᠪᠢ ᠰᠣᠴᠢᠯᠭᠠᠨ ᠳᠠᠭᠠᠨ ᠨᠢᠭᠡ ᠯᠨ ᠬᠦᠴᠣᠯᠡᠨ ᠴᠣᠬᠢᠪᠡᠯ ᠣᠶᠢᠴᠢᠭᠤᠯᠵᠦ ᠪᠣᠯᠣᠨ᠎ᠠ︾ ᠬᠡᠪᠡ᠃ ᠸᠠᠩ ᠨᠣᠶᠠᠨ ᠱᠣᠩᠬᠤᠷ ᠤᠨ ᠠᠷᠭ᠎ᠠ ᠶᠢ ᠬᠦᠯᠢᠶᠡᠵᠦ ᠠᠪᠴᠠᠢ᠃        ᠲᠣᠷᠠᠳᠣᠭᠤᠰᠢᠳᠠᠢ ᠨᠢ᠂ ᠱᠣᠩᠬᠤᠷ ᠤᠨ ᠪᠡᠶ᠎ᠠ ᠶᠢᠨ ᠰᠡᠬᠦᠳᠡᠷ ᠲᠡᠭᠡᠷ᠎ᠠ ᠨᠢ ᠲᠣᠰᠬᠤ ᠳᠤ ᠬᠠᠯᠵᠠᠨ ᠮᠠᠩᠭ᠎ᠠ ᠲᠠᠪᠬᠢᠨ ᠰᠣᠴᠢᠵᠦ ᠦᠨᠳᠡᠶᠢᠨ ᠪᠣᠰᠣᠯ᠎ᠠ ᠬᠡᠳᠡᠭ ᠤᠨ ᠣᠴᠢᠷ ᠬᠡᠪᠡᠯ᠂ ᠬᠠᠯᠵᠠᠨ ᠮᠠᠩᠭ᠎ᠠ ᠯᠣᠣᠰ ᠤᠨ ᠰᠦᠨᠠᠰᠣ ᠪᠣᠯᠬᠤᠷ ᠴᠢᠨ᠋ᠸ᠎ᠠ ᠠᠴᠠ ᠠᠶᠣᠨ᠎ᠠ ᠬᠡᠨ᠎ᠠ᠃ ᠱᠣᠩᠬᠤᠷ ᠪᠣᠯ ᠴᠢᠨ᠋ᠸ᠎ᠠ ᠶᠢᠨ ᠰᠦᠨᠠᠰᠦ ᠪᠣᠯᠬᠤᠷ ᠰᠣᠴᠢᠮᠠᠳᠠᠭᠠᠢ᠂ ᠰᠣᠴᠢᠪᠡᠯ ᠶᠠᠭᠤᠨ ᠳᠤ ᠴᠦ ᠲᠡᠶᠢᠯᠦᠭᠳᠡᠰᠢ ᠦᠭᠡᠢ ᠬᠦᠴᠦ ᠲᠠᠢ ᠪᠣᠯᠳᠠᠭ ᠬᠡᠨ᠎ᠠ᠃ ᠢᠡᠭᠬᠢᠭᠡᠳ ᠠᠷᠦ ᠦᠪᠣᠷ ᠤᠨ 106 ᠬᠤᠰᠢᠭᠤᠨ ᠤ 1024 ᠬᠤᠣᠰ ᠪᠦᠭᠡ ᠪᠠᠷᠢᠯᠳᠣᠨ ᠡᠬᠢᠯᠡᠵᠦ ᠣᠨᠤᠭ᠎ᠠ ᠲᠠᠭᠠᠷᠠᠨ ᠨᠣᠴᠣᠯᠳᠣᠭᠰᠠᠭᠠᠷ ᠪᠠᠶᠢᠵᠦ᠂ ᠲᠡᠷᠢᠬᠦᠨ ᠲᠡᠳ᠋ ᠤᠨ ᠲᠡᠮᠡᠴᠡᠭᠡᠨ ᠳᠤ ᠬᠠᠯᠵᠠᠨ ᠮᠠᠩᠭ᠎ᠠ᠂ ᠱᠣᠩᠬᠤᠷ ᠦᠯᠡᠳᠡᠵᠠᠢ᠃ ᠬᠤᠶᠠᠷ ᠪᠦᠭᠡ ᠬᠡᠷᠦᠭᠰᠡᠨ ᠪᠣᠬ᠎ᠠ ᠰᠢᠭ᠋ ᠬᠦᠯᠣᠶᠢᠨ ᠰᠢᠷᠳᠡᠵᠦ ᠨᠢᠭᠡ ᠨᠢᠭᠡᠨ ᠤ ᠪᠠᠨ ᠦ ᠶᠢ ᠠᠵᠢᠨ ᠪᠠᠶᠢᠭᠰᠠᠭᠠᠷ ᠪᠠᠷᠢᠳᠠᠯ ᠪᠠᠷᠢᠳᠠᠯ ᠎ ᠢᠶᠠᠨ ᠠᠪᠴᠦ ᠨᠡᠯᠢᠶᠡᠳ ᠣᠳᠠᠬᠤ ᠳᠤ ᠱᠣᠩᠬᠤᠷ ᠲᠠᠷᠣᠭᠳᠠᠬᠤ ᠰᠢᠨᠵᠢ ᠲᠠᠢ ᠪᠣᠯᠣᠯ᠎ᠠ᠃ ᠪᠠᠭᠠᠷᠢᠨ ᠸᠠᠩ ᠰᠠᠨᠳᠣᠷᠴᠦ ᠬᠡᠯᠡᠯᠴᠡᠨ ᠲᠣᠬᠢᠷᠠᠭᠰᠡᠨ ᠶᠣᠰᠣᠭᠠᠷ᠄ ︽ᠱᠣᠩᠬᠤᠷ ᠴᠢ ᠶᠠᠭᠠᠬᠢᠵᠦ ᠪᠠᠶᠢᠬᠤ ᠶᠤᠮ ᠪᠣᠢ︖︾ ᠬᠡᠵᠦ ᠬᠦᠴᠦ ᠮᠡᠳᠡᠨ ᠬᠠᠰᠬᠢᠷᠣᠭᠰᠡᠨ᠎ᠠ ᠬᠠᠯᠵᠨ ᠮᠠᠩᠭ᠎ᠠ ᠵᠤᠭ ᠬᠢᠨ ᠵᠣᠭᠰᠣᠬᠤ ᠳᠤ ᠱᠣᠩᠬᠤᠷ ᠪᠠᠷᠠᠭᠤᠨ ᠬᠦᠯ ᠢ ᠨᠢ ᠨᠢᠭᠡ ᠯᠨ ᠴᠣᠬᠢᠭᠠᠳ ᠣᠷᠬᠢᠭᠰᠡᠨ ᠴᠢᠨᠢ ᠬᠠᠯᠵᠠᠨ ᠮᠠᠩᠭ᠎ᠠ ᠬᠠᠳᠠ ᠠᠭᠤᠯᠨ ᠶᠡᠬᠦᠷᠡᠬᠦ‍ ᠰᠢᠭ ᠲᠦᠰ ᠬᠢᠳᠡᠯ᠎ᠠ ᠣᠨᠠᠪᠡ᠃ ᠨᠠᠶᠢᠷ ᠎ ᠤᠨ ᠲᠠᠯᠠᠪᠠᠢ ᠲᠠᠯᠠᠢ ᠶᠢᠨ ᠣᠰᠣ ᠪᠣᠴᠠᠯᠬᠤ ᠰᠢᠭ᠋ ᠱᠣᠣᠬᠢᠨ ᠲᠦᠷᠬᠢᠯᠳᠣᠵᠦ᠄ ︽ᠦᠪᠣᠷ ᠤᠨ ᠪᠦᠭᠡ ᠮᠠᠩᠯᠠᠶᠢᠯᠠᠯ᠎ᠠ︕︾ ᠬᠡᠵᠦ ᠣᠷᠠᠶᠢᠯᠠᠨ ᠬᠠᠰᠬᠢᠷᠣᠯᠳᠣᠯ᠎ᠠ᠃ ᠬᠠᠯᠵᠠᠨ ᠮᠠᠩᠭ᠎ᠠ ᠰᠢᠷᠣᠶᠢᠳᠠᠵᠦ ᠦᠵᠡᠭᠡ ᠦᠭᠡᠢ᠂ ᠱᠣᠩᠬᠤᠷ ᠲᠠᠢ ᠲᠠᠬᠢᠨ ᠪᠠᠷᠢᠯᠳᠣᠵᠦ ᠡᠷᠡᠭᠴᠢᠨ ᠡᠮᠡᠭᠴᠢᠨ ᠢᠶᠠᠨ ᠢᠯᠭᠠᠶ᠎ᠠ ᠬᠡᠵᠦ ᠬᠠᠰᠬᠢᠷᠬᠤ ᠳᠤ᠂ ᠨᠠᠶᠢᠷ ᠤᠨ ᠲᠠᠭᠠᠭᠠᠮᠠᠯ᠄ ︽ᠪᠦᠭᠡ ᠪᠣᠯ ᠡᠷ᠎ᠠ ᠮᠠᠯᠵᠢᠶ᠎ᠠ᠂ ᠨᠢᠭᠡ ᠣᠳᠠᠭ᠎ᠠ ᠨᠢᠭᠡ ᠯᠨ ᠨᠣᠴᠣᠯᠳᠣᠵᠦ ᠡᠷ᠎ᠠ ᠶᠢᠨ ᠰᠢᠨᠳᠠᠰᠣ ᠰᠢᠯᠭᠠᠳᠠᠭ ᠵᠣᠷᠰᠢᠯ ᠎ ᠲᠠᠢ ᠲᠣᠯᠨ ᠦᠪᠣᠷ ᠤᠨ ᠪᠦᠭᠡ ᠱᠣᠩᠬᠤᠷ ᠲᠡᠷᠢᠬᠦᠯᠡᠵᠦ᠂ ᠠᠷᠦ ᠶᠢᠨ ᠪᠦᠭᠡ ᠮᠠᠩᠭ᠎ᠠ ᠲᠡᠳ᠋ᠯᠡᠪᠡ᠃ ᠲᠡᠷᠢᠬᠦᠨ ᠪᠦᠭᠡ ᠎ ᠳᠤ ︿ᠭᠠᠯ ᠱᠣᠩᠬᠤᠷ﹀ ᠴᠣᠯᠨ ᠣᠯᠭᠤᠵᠦ᠂ ᠶᠢᠰᠣ ᠶᠢᠰᠣ ᠨᠠᠶᠠᠨ ᠨᠢᠭᠡ ᠶᠢᠨ ᠱᠠᠩ ᠭᠠᠷᠳᠠᠭᠤᠯᠣᠨ᠎ᠠ︾ ᠬᠡᠵᠦ ᠲᠦᠪ ᠶᠣᠰᠣ ᠪᠠᠷ ᠵᠠᠷᠯᠠᠬᠤ ᠳᠤ ᠪᠠᠭᠠᠷᠢᠨ ᠸᠠᠩ ᠤᠨ ᠲᠠᠭᠠᠭᠰᠡᠳ ᠶᠡᠭᠡ ᠱᠠᠩ ᠢ ᠲᠣᠰᠣᠨ ᠠᠪᠣᠪᠡ᠃ ᠡᠨᠡᠬᠦ ᠣᠶᠢᠮᠡᠭᠡᠨ ᠢ ᠵᠠᠪᠰᠢᠵᠦ ᠬᠡᠷᠡᠭ ᠪᠢᠰᠢᠳᠡᠵᠦ ᠮᠡᠳᠡᠬᠦ ᠶᠢ ᠭᠠᠳᠠᠷᠯᠠᠭᠰᠡᠨ ᠭᠠᠯ ᠱᠣᠩᠬᠤᠷ ᠲᠣᠮᠣ ᠬᠡᠭᠴᠢ ᠶᠢᠨ ᠦᠭᠡᠷ ᠎ ᠤᠨ ᠠᠷᠠᠰᠣᠨ ᠲᠡᠭᠳᠦ ᠳᠤ ᠨᠢᠭᠤᠭᠳᠠᠨ ᠲᠡᠮᠡᠭᠡᠨ ᠳᠤ ᠠᠶᠢᠴᠭᠳᠠᠵᠦ ᠡᠳᠣᠷ ᠰᠦᠨᠢ ᠦᠭᠡᠢ ᠶᠠᠪᠣᠵᠦ ᠲᠠᠪᠠᠭ᠎ᠠ ᠪᠠᠭᠤᠵᠦ ᠦᠪᠡᠷ ᠤᠨ ᠨᠣᠳᠤᠭ ᠮᠠᠩᠭ᠎ᠠ᠄ ︽ᠴᠢᠬᠢᠶᠠᠳᠣᠷᠦ︕ ᠬᠤᠯᠠᠭᠠᠢ ᠱᠣᠩᠬᠤᠷ ᠢ ᠨᠡᠭᠡᠵᠦ ᠬᠦᠢᠴᠡᠭᠰᠡᠨ ᠦᠭᠡᠢ ᠃ ᠬᠦᠢᠴᠡᠭᠰᠡᠨ ᠪᠣᠯ ᠠᠷᠠᠰᠣ ᠶᠢ ᠨᠢ ᠬᠠᠭᠤᠯᠵᠦ ᠶᠠᠰᠣ ᠶᠢ ᠨᠢ ᠮᠦᠴᠢᠯᠡᠭᠡᠳ ᠬᠠᠶᠠᠨ᠎ᠠ ᠳ᠋ᠠ︾ ᠬᠡᠵᠦ ᠵᠠᠨᠣᠯᠳᠠᠶᠢᠬᠠᠨ ᠬᠡᠯᠡᠭᠡᠳ ᠪᠣᠴᠠᠵᠠᠢ᠃      ᠭᠠᠯ ᠱᠣᠩᠬᠤᠷ ᠬᠤᠰᠢᠭᠤᠨ ᠳᠠᠭᠠᠨ ᠪᠣᠴᠠᠵᠦ ᠢᠷᠡᠭᠡᠳ ᠠᠯᠢᠪᠡ ᠱᠠᠩ ᠬᠡᠰᠢᠭ ᠢᠶᠠᠨ ᠴᠦᠮ ᠸᠠᠩ ᠨᠣᠶᠠᠨ ᠎ ᠳᠠᠭᠠᠨ ᠡᠷᠬᠦᠨ ᠪᠠᠷᠢᠵᠦ᠂ ᠴᠢᠯᠣᠭᠡ ᠭᠤᠶᠣᠨ ᠵᠣᠳᠤᠭ ᠢᠶᠠᠨ ᠲᠠᠶᠢᠯᠣᠭᠠᠳ ᠨᠣᠳᠤᠭ ᠲᠠᠭᠠᠨ ᠪᠣᠴᠠᠵᠦ ᠲᠠᠬᠢᠭᠠᠳ ᠶᠡᠷᠦ ᠪᠠᠷᠢᠯᠳᠣᠭᠰᠡᠨ ᠦᠭᠡᠢ᠃ ᠬᠠᠷᠢᠨ ᠷᠠᠰᠢᠨᠰᠢᠯᠢ ᠰᠦᠮ᠎ᠠ ᠳᠡᠭᠡᠨ ᠪᠦᠯᠡᠴᠢᠨ ︵ᠭᠠᠯ ᠲᠣᠭᠤᠭᠠᠨ ᠤ ᠬᠦᠮᠣᠨ︶ ᠪᠣᠯᠵᠦ᠂ ᠲᠠᠯᠠᠨ ᠨᠠᠰᠣ ᠶᠢ ᠲᠠᠪᠠᠵᠦ ᠶᠠᠪᠣᠳᠠᠯ᠎ᠠ ᠪᠠᠨ ᠬᠤᠪᠢᠯᠭᠠᠨ ᠯᠠᠮᠨ ᠳᠤ ᠵᠠᠷᠣᠭᠳᠠᠵᠦ᠂ ᠨᠢᠭᠡᠨ ᠡᠳᠣᠷ ᠲᠡᠮᠣᠷ ᠬᠦᠷᠵᠨ ᠪᠠᠷᠢᠨ ᠶᠡᠭᠡ ᠲᠠᠯᠠᠢ ︵ᠦᠷᠭᠡᠨ ᠴᠠᠷᠪᠠᠭᠤ ᠲᠠᠢ ᠲᠣᠮᠣ ᠵᠡᠰ ᠲᠣᠭᠤᠭ᠎ᠠ︶᠎ ᠶᠢᠨ ᠬᠦᠪᠡᠭᠡ ᠪᠠᠷ ᠶᠠᠪᠣᠵᠦ ᠪᠣᠴᠠᠯᠵᠦ ᠪᠠᠶᠢᠭ᠎ᠠ ᠴᠡᠪ ᠢ ᠡᠷᠬᠢᠬᠦᠯᠵᠦ ᠬᠤᠳᠬᠤᠵᠦ ᠪᠠᠶᠢᠭᠠᠳ ᠬᠦᠷᠵᠡᠨ ᠳᠡᠭᠡᠨ ᠬᠦᠰᠢᠭᠳᠡᠨ ᠪᠣᠴᠠᠯᠣᠭᠰᠡᠨ ᠱᠦᠯᠣᠨ ᠲᠣᠳᠣᠷ᠎ᠠ ᠲᠣᠩᠭᠤᠷᠣᠨ ᠣᠨᠠᠵᠦ ᠪᠠᠶ᠎ᠠ ᠪᠠᠷ ᠢᠶᠠᠨ ᠴᠡᠪ ᠪᠠᠷᠢᠭᠠᠳ ᠨᠠᠰᠣᠨ ᠡᠴᠣᠰᠯᠠᠯ᠎ᠠ ᠬᠡᠳᠡᠭ᠃ ᠭᠠᠯ ᠱᠣᠩᠬᠤᠷ ᠤᠨ ᠬᠡᠣᠬᠡᠳ ᠨᠢ ᠨᠠᠶᠢᠳᠠᠨ ᠬᠦᠡᠭ ᠤᠨ ᠵᠠᠷᠣᠴᠨ ᠪᠣᠭᠤᠯ ᠬᠦᠷᠡᠯ ᠬᠡᠵᠦ ᠪᠠᠶᠢᠭᠰᠡᠨ ᠪᠣᠯᠪᠠᠴᠦ ᠲᠡᠬᠦᠨ ᠎ ᠠᠴᠠ ᠬᠡᠣᠬᠡᠳ ᠦᠭᠡᠢ ᠲᠣᠯᠨ ᠦᠷ᠎ᠠ ᠲᠠᠰᠣᠷᠠᠯ᠎ᠠ ᠬᠡᠳᠡᠭ ᠪᠢᠯᠨ᠃
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ