ᠪᠦᠬᠡ ᠠᠯᠮᠠᠰ᠂1942 ᠤᠨ ᠳᠤ ᠶᠡᠬᠡᠨᠠᠭᠤᠷ ᠰᠤᠮᠤᠨ ᠤ ᠰᠢᠪᠠᠭ ᠤᠨ ᠠᠶᠢᠯ ᠤᠨ ᠲᠡᠮᠡᠬᠡᠴᠢᠨ | ᠪᠠᠨᠽᠠᠷᠠᠭᠴᠠ ᠶᠢᠨ ᠤᠤᠭᠠᠨ ᠬᠦᠦ ᠪᠤᠯᠵᠤ ᠵᠠᠶᠠᠭᠠᠪᠠ᠃ ᠵᠠᠯᠠᠭᠤ ᠪᠠᠭ᠎ᠠ ᠠᠴᠠ ᠪᠠᠨ ᠪᠡᠶ᠎ᠠ ᠬᠦᠳᠡᠷ᠂ ᠪᠤᠰᠢᠭᠤ | ᠱᠠᠯᠠᠮᠠᠭᠠᠢ ᠪᠠᠶᠢᠭᠰᠠᠨ ᠨᠢ ᠬᠤᠵᠢᠮ ᠳᠠᠭᠠᠨ ᠨᠢᠬᠡᠨ ᠰᠠᠶᠢᠨ ᠲᠠᠮᠢᠷᠴᠢᠨ ᠪᠤᠯᠬᠤ ᠳᠤᠨᠢ ᠪᠠᠳᠤ ᠰᠠᠭᠤᠷᠢ ᠪᠤᠯᠵᠠᠢ᠃ | 1962 ᠤᠨ ᠳᠤ ᠴᠡᠷᠢᠭ ᠲᠤ ᠤᠷᠤᠭᠰᠠᠨ ᠲᠤᠰ ᠵᠢᠯ ᠳᠡᠭᠡᠨ ᠪᠡᠬᠡᠵᠢᠩ ᠤᠨ ᠴᠡᠷᠢᠭ ᠤᠨ ᠲᠤᠭᠤᠷᠢᠭ ᠤᠨ | ︽8 ·1︾ ᠲᠠᠮᠢᠷ ᠤᠨ ᠠᠩᠬᠢ ᠳᠤ ᠰᠢᠯᠢᠭᠳᠡᠨ ᠤᠷᠤᠭᠠᠳ ᠲᠠᠮᠢᠷᠴᠢᠨ ᠪᠤᠯᠪᠠ᠃ ᠡᠨᠡ ᠬᠤᠭᠤᠴᠠᠭᠠᠨ ᠳᠤ ᠲᠡᠷᠠ | ᠪᠡᠬᠡᠵᠢᠩ ᠳᠤ ᠪᠤᠯᠤᠭᠰᠠᠨ ᠤᠯᠤᠰ ᠤᠨ ᠮᠦᠷᠦᠶᠢᠴᠡᠬᠡᠨ ᠤ90 ᠺᠢᠯᠦᠭᠷᠡᠮ ᠲᠡᠰ ᠲᠤ ᠲᠡᠳ᠋ᠯᠡᠪᠡ᠃ ᠮᠦᠨ ᠴᠤ | ᠯᠠᠨᠵᠸᠦ ᠳᠤ ᠪᠤᠯᠤᠭᠰᠠᠨ ᠲᠤᠮᠳᠠᠳᠤ ᠮᠠᠶ᠋ᠢᠭ ᠤᠨ ᠪᠦᠬᠡ ᠶᠢᠨ ᠪᠦᠬᠦ ᠤᠯᠤᠰ ᠤᠨ ᠮᠦᠷᠦᠶᠢᠴᠡᠬᠡᠨ ᠳᠤ ᠲᠡᠰ ᠲᠡᠭᠡᠨ | ᠲᠡᠷᠢᠬᠦᠯᠡᠪᠡ᠃ ᠰᠡᠬᠦᠯᠡᠷ ᠨᠢ ᠪᠤᠭᠤᠳᠤ ᠬᠤᠳᠠ ᠳᠤ ᠰᠢᠯᠵᠢᠵᠤ᠂ ᠤᠷᠤᠨ ᠤ ᠨᠢᠬᠡ ᠤᠳᠠᠭ᠎ᠠ ᠶᠢᠨ ᠮᠦᠷᠦᠶᠢᠴᠡᠬᠡᠨ | ᠳᠤ ᠬᠦᠯ ᠢᠶᠠᠨ ᠬᠡᠮᠳᠦᠬᠡᠭᠰᠡᠨ ᠪᠠᠶᠢᠳᠠᠯ ᠲᠤᠤᠷ᠎ᠠ ᠲᠡᠳ᠋ᠯᠡᠭᠰᠡᠨ ᠪᠠᠶᠢᠨ᠎ᠠ᠃ ᠲᠡᠷᠠ ᠴᠡᠷᠢᠭ ᠠᠩᠬᠢ ᠳᠠᠭᠠᠨ ᠪᠠᠶᠢᠬᠤ ᠳᠤ | ᠠᠪᠤᠷᠭᠤ ᠰᠡᠩᠬᠡ ᠶᠢᠨ ᠱᠠᠪᠢ ᠰᠠᠶᠢᠨᠪᠠᠶᠠᠷ ᠲᠤ ᠨᠢᠬᠡ ᠬᠠᠶᠠᠭᠳᠠᠭᠰᠠᠨ ᠠᠴᠠ ᠪᠤᠰᠤᠳ ᠬᠦᠮᠦᠨ ᠳᠤ ᠦᠢᠴᠢᠵᠤ | ᠦᠩᠬᠡᠷᠡᠭᠰᠡᠨ ᠦᠬᠡᠢ ᠬᠡᠳᠡᠭ᠃ | 1966 ᠤᠨ ᠳᠤ ᠶᠡᠬᠡᠨᠠᠭᠤᠷ ᠰᠤᠮᠤᠨ ᠳᠤ ᠪᠤᠯᠤᠭᠰᠠᠨ ᠨᠠᠭᠠᠳᠤᠮ ᠤᠨ ᠶᠡᠭᠡ ᠬᠤᠷᠠᠯ ᠲᠡᠬᠡᠷ᠎ᠠ ᠲᠡᠷᠢᠬᠦᠯᠡᠪᠡ | ᠃ | 1972 ᠤᠨ ᠳᠤ ᠠᠷᠤ ᠬᠤᠷᠴᠢᠨ ᠬᠤᠰᠢᠭᠤᠨ ᠤ ᠪᠠᠯᠴᠢᠷᠤᠳ ᠰᠤᠮᠤᠨ ᠳᠤ ᠪᠤᠯᠤᠭᠰᠠᠨ ᠨᠠᠭᠠᠳᠤᠮ ᠤᠨ | ᠶᠡᠭᠡ ᠬᠤᠷᠠᠯ ᠲᠡᠬᠡᠷ᠎ᠠ ᠰᠡᠷᠵᠢᠭᠠᠸᠠ ᠳᠤ ᠪᠠᠭᠤᠵᠤ ᠦᠭᠬᠦᠬᠡᠳ ᠲᠡᠳ᠋ᠯᠡᠪᠡ᠃ | 1973 ᠤᠨ ᠳᠤ ᠶᠡᠬᠡᠨᠠᠭᠤᠷ ᠨᠢᠬᠡᠳᠦᠯ ᠤᠨ ᠨᠠᠭᠠᠳᠤᠮ ᠤᠨ ᠶᠡᠭᠡ ᠬᠤᠷᠠᠯ ᠤᠨ128 ᠪᠦᠬᠡ ᠳᠤ | ᠲᠡᠷᠢᠬᠦᠯᠡᠪᠡ᠃ | 1973 ᠤᠨ ᠳᠤ ᠪᠠᠭᠠᠷᠢᠨ ᠪᠠᠷᠠᠭᠤᠨ ᠬᠤᠰᠢᠭᠤᠨ ᠤ ᠠᠷᠪᠠᠨ ᠵᠢᠷᠭᠤᠳᠤᠭᠠᠷ ᠤᠳᠠᠭᠠᠨ ᠤ ᠨᠠᠭᠠᠳᠤᠮ ᠤᠨ | ᠶᠡᠭᠡ ᠬᠤᠷᠠᠯ ᠤᠨ256 ᠪᠦᠬᠡ ᠶᠢᠨ ᠪᠠᠷᠢᠯᠳᠤᠭᠠᠨ ᠳᠤ ᠲᠦᠷᠪᠡ ᠳᠤ ᠰᠠᠭᠤᠪᠠ᠃ | 1975 ᠤᠨ ᠳᠤ ᠪᠠᠷᠠᠭᠤᠨ ᠦᠵᠦᠮᠦᠴᠢᠨ ᠬᠤᠰᠢᠭᠤᠨ ᠤ ᠬᠠᠷᠭᠠᠨᠠᠳᠠᠢ ᠰᠤᠮᠤᠨ ᠤ ᠨᠠᠭᠠᠳᠤᠮ ᠤᠨ ᠶᠡᠭᠡ | ᠬᠤᠷᠠᠯ ᠤᠨ ᠪᠦᠬᠡ ᠶᠢᠨ ᠪᠠᠷᠢᠯᠳᠤᠭᠠᠨ ᠳᠤ ᠲᠡᠳ᠋ᠯᠡᠪᠡ᠃ | 1977 ᠤᠨ ᠤ ᠶᠡᠬᠡᠨᠠᠭᠤᠷ ᠰᠤᠮᠤ ᠶᠢᠨ ᠨᠠᠭᠠᠳᠤᠮ ᠤᠨ ᠶᠡᠭᠡ ᠬᠤᠷᠠᠯ ᠤᠨ ᠪᠦᠬᠡ ᠶᠢᠨ ᠮᠦᠷᠦᠶᠢᠴᠡᠬᠡᠨ | ᠳᠤ ᠲᠦᠷᠪᠡ ᠳᠤ ᠰᠠᠭᠤᠪᠠ᠃ | 1989 ᠤᠨ ᠳᠤ ᠶᠡᠬᠡᠨᠠᠭᠤᠷ ᠰᠤᠮᠤ ᠶᠢᠨ ᠨᠠᠭᠠᠳᠤᠮ ᠤᠨ ᠶᠡᠭᠡ ᠬᠤᠷᠠᠯ ᠲᠡᠬᠡᠷ᠎ᠠ ᠲᠠᠷᠬᠠᠯᠠᠭᠳᠠᠪᠠ᠃ | | |