ᠭᠧᠯᠢᠭ
ᠨᠡᠶᠢᠲᠡᠯᠡᠭᠰᠡᠨ ᠴᠠᠭ᠄
2022/12/19
       ᠪᠦᠬᠡ ᠭᠧᠯᠢᠭ᠂1942 ᠤᠨ ᠳᠤ ᠤᠤᠯ ᠤᠨ ᠪᠠᠭᠠᠷᠢᠨ ᠵᠡᠬᠦᠨ ᠬᠤᠰᠢᠭᠤᠨ ᠤ ᠨᠤᠤᠷᠭᠠᠢ ᠨᠤᠳᠤᠭ ᠤᠨ ᠴᠠᠭᠠᠬᠤᠰᠤ ᠶᠢᠨ ᠠᠶᠢᠯ ᠳᠤ ᠱᠦᠢ ᠤᠪᠤᠭᠳᠤ ᠡᠷᠳᠡᠨᠢᠴᠤᠭᠳᠤ ᠶᠢᠨ ᠭᠤᠷᠪᠠᠳᠤᠭᠠᠷ ᠬᠦᠦ ᠪᠤᠯᠤᠨ ᠵᠠᠶᠠᠭᠠᠵᠠᠢ᠃ ᠲᠡᠷᠠ ᠪᠡᠶ᠎ᠠ ᠴᠢᠳᠠᠯ ᠰᠠᠶᠢᠳᠠᠢ᠂ ᠮᠦᠴᠢ ᠤᠷᠳᠤ ᠪᠠᠶᠢᠵᠤ᠂ ᠪᠦᠬᠡ ᠪᠠᠷᠢᠯᠳᠤᠬᠤ ᠳᠤ ᠲᠤᠷ᠎ᠠ ᠪᠠᠭ᠋ᠠᠳᠠᠢ ᠪᠤᠯᠬᠤᠷ ᠵᠠᠯᠠᠭᠤ ᠪᠠᠭ᠎ᠠ ᠨᠠᠰᠤᠨ ᠠᠴᠠ ᠤᠪᠤᠭ᠎ᠠ ᠱᠠᠩᠰᠢᠨ ᠤ ᠨᠠᠶᠢᠷ ᠤᠳ ᠢᠶᠠᠷ ᠪᠠᠷᠢᠯᠳᠤᠵᠤ ᠪᠠᠶᠢᠵᠠᠢ᠃        ᠲᠡᠬᠦᠨ ᠤ ᠪᠠᠷᠢᠯᠳᠤᠭᠠᠨ ᠤ ᠪᠦᠳᠦᠮᠵᠢ ᠶᠢ ᠲᠤᠪᠴᠢᠯᠠᠨ ᠲᠤᠷᠠᠳᠪᠠᠯ᠄        1965 ᠤᠨ ᠳᠤ ᠵᠢᠷᠭᠠᠯ ᠤᠨ ᠵᠠᠮ ᠨᠢᠬᠡᠳᠦᠯ ᠤᠨ ᠨᠠᠭᠠᠳᠤᠮ ᠤᠨ ᠬᠤᠷᠠᠯ ᠤᠨ128 ᠪᠦᠬᠡ ᠳᠤ ᠲᠡᠳ᠋ᠯᠡᠪᠡ᠃        1966 ᠤᠨ ᠳᠤ ᠵᠢᠷᠭᠠᠯ ᠤᠨ ᠵᠠᠮ ᠨᠢᠬᠡᠳᠦᠯ ᠤᠨ ᠨᠠᠭᠠᠳᠤᠮ ᠤᠨ ᠬᠤᠷᠠᠯ ᠤᠨ128 ᠪᠦᠬᠡ ᠳᠤ ᠲᠡᠷᠢᠬᠦᠯᠡᠪᠡ᠃        1974 ᠤᠨ ᠳᠤ ᠬᠤᠰᠢᠭᠤᠨ ᠨᠠᠶᠢᠷ ᠲᠤ ᠲᠤᠤᠷ᠎ᠠ ᠠᠷᠪᠠᠨ ᠵᠢᠷᠭᠤᠭ᠎ᠠ ᠳᠤ ᠤᠷᠤᠪᠠ᠃        1994 ᠤᠨ ᠳᠤ ᠵᠢᠷᠭᠠᠯ ᠤᠨ ᠵᠠᠮ ᠰᠤᠮᠤᠨ ᠤ ᠬᠤᠷᠢᠨ ᠲᠦᠷᠪᠡᠳᠦᠬᠡᠷ ᠤᠳᠠᠭᠠᠨ ᠤ ᠨᠠᠭᠠᠳᠤᠮ ᠤᠨ ᠬᠤᠷᠠᠯ ᠲᠡᠬᠡᠷ᠎ᠠ ᠰᠤᠮᠤᠨ ᠤ ︽ᠲᠠᠷᠬᠠᠨ ᠪᠦᠬᠡ︾᠎ ᠪᠠᠷ ᠴᠤᠯᠠᠯᠠᠭᠳᠠᠪᠠ᠃
ᠢᠷᠡᠯᠲᠡ᠄ ᠪᠠᠷᠠᠭᠤᠨ ᠪᠠᠭᠠᠷᠢᠨ ᠤ ᠪᠥᠬᠡᠴᠦᠳ