ᠰᠤᠳᠨᠠᠮ
ᠨᠡᠶᠢᠲᠡᠯᠡᠭᠰᠡᠨ ᠴᠠᠭ᠄
2022/12/19
      ᠪᠦᠬᠡ ᠰᠤᠳᠨᠠᠮ᠂1928 ᠤᠨ ᠳᠤ ᠤᠤᠯ ᠤᠨ ᠪᠠᠶᠠᠨᠬᠠᠨ ᠨᠤᠳᠤᠭ ᠤᠨ ᠰᠢᠷᠠᠮᠦ᠋ᠷᠡᠨ ᠴᠠᠭᠠᠨᠮᠦ᠋ᠷᠡᠨ ᠬᠤᠶᠠᠷ ᠭᠤᠤᠯ ᠤᠨ ᠠᠭᠤᠯᠵᠠᠷ ᠤᠨ ᠠᠷᠤ ᠳᠠᠬᠢ ᠵᠢᠢ ᠶᠢᠨ ᠠᠶᠢᠯ ᠤᠨ ᠠᠯᠳᠠᠨᠳᠦ᠋ᠰᠢ ᠪᠤᠯᠤᠨ ᠴᠢᠩᠰᠠᠶᠢᠬᠤᠸᠠᠷ ᠤᠨ ᠬᠤᠶᠠᠳᠤᠭᠠᠷ ᠬᠦᠪᠡᠬᠦᠨ ᠪᠤᠯᠵᠤ ᠵᠠᠶᠠᠭᠠᠵᠠᠢ᠃ ᠰᠤᠳᠨᠠᠮ ᠪᠡᠶ᠎ᠠ ᠪᠢᠯᠳᠡᠷ ᠰᠠᠶᠢᠳᠠᠢ᠂ ᠬᠦᠴᠦᠨ ᠴᠢᠳᠠᠯ ᠶᠡᠭᠡ᠃ ᠨᠢᠬᠡ ᠤᠳᠠᠭ᠎ᠠ ᠲᠠᠪᠤᠰᠤᠨ ᠤ ᠠᠶᠠᠨ ᠤ ᠵᠠᠮ ᠠᠴᠠ ᠪᠤᠴᠠᠬᠤ ᠵᠠᠮ ᠳᠠᠭᠠᠨ ᠲᠠᠪᠠᠭ᠎ᠠ ᠤᠷᠤᠭᠤ ᠪᠠᠭᠤᠬᠤ ᠳᠤᠨᠢ ᠭᠠᠷ ᠤᠨ ᠦᠬᠡᠷ ᠤᠨ ᠲᠠᠷᠠᠭ᠎ᠠ ᠤᠷᠤᠭᠰᠠᠨ ᠭᠤᠨᠠᠨ ᠦᠬᠡᠷ ᠨᠢ ᠭᠠᠵᠠᠷ ᠰᠠᠭᠤᠵᠤ ᠲᠠᠶᠢᠯᠦᠭᠰᠡᠨ ᠦᠬᠡᠢ᠂ ᠲᠡᠷᠬᠡ ᠨᠢ ᠵᠠᠮ ᠎ ᠠᠴᠠ ᠭᠠᠷᠴᠤ ᠶᠢᠰᠦ ᠲᠠᠷᠤᠭᠰᠠᠨ ᠬᠡᠨ᠎ᠠ᠃ ᠰᠠᠨᠳᠤᠷᠤᠭᠰᠠᠨ ᠰᠤᠳᠨᠠᠮ ᠭᠠᠷ ᠤᠨ ᠦᠬᠡᠷ ᠢᠶᠠᠨ ᠲᠠᠯᠪᠢᠵᠤ᠂ ᠠᠯᠭᠤᠷ ᠠᠯᠬᠤᠭᠤᠯᠤᠭᠠᠳ ᠶᠢᠰᠦ ᠲᠠᠷᠤᠭᠰᠠᠨ ᠲᠡᠷᠬᠡ ᠪᠠᠨ ᠲᠡᠩᠬᠡᠯᠢᠭ ᠠᠴᠠ ᠨᠢ ᠡᠷᠬᠦᠵᠤ ᠪᠠᠷᠢᠭᠠᠳ ᠲᠠᠪᠠᠭ᠎ᠠ ᠶᠢ ᠪᠠᠭᠤᠯᠭᠠᠭᠰᠠᠨ ᠬᠡᠳᠡᠭ᠃ ᠠᠶᠠᠨ ᠤ ᠪᠠᠭᠤᠴᠠ ᠲᠡᠬᠡᠷ᠎ᠠ ᠬᠦᠷᠦᠭᠰᠡᠨ ᠬᠤᠶᠢᠨ᠎ᠠ ᠬᠠᠮᠳᠤ ᠶᠠᠪᠤᠭᠰᠠᠳ ᠨᠢ ᠲᠡᠬᠦᠨ ᠤ ᠬᠦᠴᠦ ᠴᠢᠳᠠᠯ ᠠᠶᠢᠬᠤᠪᠳᠤᠷ ᠲᠤ ᠭᠠᠶᠢᠬᠠᠰᠢ ᠠᠯᠳᠠᠨ ᠱᠤᠭ ᠪᠤᠯᠭᠠᠵᠤ ︽ᠴᠢ ᠶᠠᠭ ᠦᠬᠡᠷ ᠡ︾ ᠬᠡᠵᠤ ᠨᠠᠭᠠᠳᠤᠮ ᠪᠤᠯᠭᠠᠵᠤ ᠬᠡᠯᠡᠭᠰᠡᠨ ᠠᠴᠠ ᠬᠤᠶᠢᠰᠢ ᠬᠤᠵᠢᠮ ᠤᠨ ᠬᠦᠮᠦᠰ ︽ᠦᠬᠡᠷ ᠰᠤᠳᠨᠠᠮ︾ ᠬᠡᠵᠤ ᠬᠤᠴᠢᠯᠠᠨ ᠲᠠᠭᠤᠳᠠᠳᠠᠭ ᠪᠤᠯᠵᠠᠢ᠃ ᠲᠠᠷᠠ ᠵᠠᠯᠠᠭᠤ ᠪᠠᠭ᠎ᠠ ᠨᠠᠰᠤᠨ ᠠᠴᠠ ᠪᠠᠷᠢᠯᠳᠤᠬᠤ ᠲᠤᠷ᠎ᠠ ᠲᠠᠢ᠂ ᠬᠦᠴᠦᠨ ᠴᠢᠳᠠᠯ ᠰᠠᠶᠢᠳᠠᠢ᠂ ᠲᠡᠰᠪᠦᠷᠢ ᠰᠠᠶᠢᠳᠠᠢ ᠪᠦᠬᠡ ᠪᠠᠶᠢᠵᠠᠢ᠃       ᠲᠡᠬᠦᠨ ᠤ ᠪᠠᠷᠢᠯᠳᠤᠭᠠᠨ ᠤ ᠪᠦᠳᠦᠮᠵᠢ ᠶᠢ ᠲᠤᠪᠴᠢᠯᠠᠨ ᠲᠤᠷᠠᠳᠪᠠᠯ᠄       1956 ᠤᠨ ᠳᠤ ᠤᠤᠯ ᠤᠨ ᠪᠠᠶᠠᠨᠬᠠᠨ ᠰᠤᠮᠤᠨ ᠤ ᠨᠠᠶᠢᠷ ᠲᠤ ᠠᠯᠳᠠᠷᠳᠤ ᠪᠦᠬᠡ ᠬᠦᠴᠦᠨᠳᠡᠬᠦᠰ ᠢ ᠬᠠᠶᠠᠵᠤ ᠲᠡᠷᠢᠬᠦᠯᠡᠪᠡ᠃       1956 ᠤᠨ ᠳᠤ ᠳ᠋ᠠᠪᠠᠨ ᠳᠤ ᠪᠤᠯᠤᠭᠰᠠᠨ ᠵᠤᠤ ᠤᠳᠠ ᠠᠶᠢᠮᠠᠭ ᠤᠨ ᠨᠠᠶᠢᠷ ᠤᠨ ᠠᠷᠪᠠᠨ ᠵᠢᠷᠭᠤᠭ᠎ᠠ ᠳᠤ ᠬᠡᠰᠢᠭᠳᠡᠨ ᠤ ︽ᠪᠦᠳᠦᠬᠦᠨ ᠪᠤᠶᠠᠨᠳᠡᠯᠬᠡᠷ︾ ᠬᠡᠭᠴᠢ ᠲᠤᠮᠤ ᠪᠠᠶ᠎ᠠ ᠲᠠᠢ ᠬᠦᠮᠦᠨ ᠲᠠᠢ ᠬᠤᠨᠤᠭ ᠤᠨ ᠪᠦᠬᠡ ᠪᠤᠯᠤᠨ ᠪᠠᠷᠢᠯᠳᠤᠵᠤ᠂ ᠲᠠᠷᠠᠭ᠎ᠠ ᠡᠳᠦᠷ ᠨᠢ ᠬᠠᠶᠠᠭᠠᠳ ᠲᠡᠬᠡᠷ᠎ᠠ ᠨᠠᠢᠮᠠ ᠳᠤ ᠤᠷᠤᠪᠠ᠃       1960 ᠤᠨ ᠳᠤ ᠪᠠᠭᠠᠷᠢᠨ ᠪᠠᠷᠠᠭᠤᠨ ᠬᠤᠰᠢᠭᠤᠨ ᠤ ᠠᠷᠪᠠᠨ ᠨᠢᠬᠡᠳᠦᠬᠡᠷ ᠤᠳᠠᠭᠠᠨ ᠤ ᠨᠠᠭᠠᠳᠤᠮ ᠤᠨ ᠬᠤᠷᠠᠯ ᠳᠤ ᠲᠤᠯᠤᠳᠤᠭᠠᠷ ᠲᠤ ᠤᠷᠤᠪᠠ᠃
ᠢᠷᠡᠯᠲᠡ᠄ ᠪᠠᠷᠠᠭᠤᠨ ᠪᠠᠭᠠᠷᠢᠨ ᠤ ᠪᠥᠬᠡᠴᠦᠳ