ᠪᠦᠬᠡ ᠳ᠋ᠠᠮᠪᠠ᠂1929 ᠤᠨ ᠳᠤ ᠪᠠᠶᠠᠨᠬᠠᠨ ᠨᠤᠳᠤᠭ ᠤᠨ ᠨᠠᠷᠠᠰᠤᠳᠠᠢ ᠶᠢᠨ ᠠᠶᠢᠯ ᠳᠤ ᠨᠢᠴᠦᠬᠦᠳ | ᠤᠪᠤᠭ ᠤᠨ ᠴᠠᠭᠠᠨ ᠠᠶᠢᠮᠠᠭ ᠤᠨ ᠲᠤᠪᠳᠤᠨᠢᠮᠠ ᠶᠢᠨ ᠤᠤᠭᠠᠨ ᠬᠦᠦ ᠪᠤᠯᠵᠤ ᠵᠠᠶᠠᠭᠠᠵᠠᠢ᠃ ᠡᠳᠡᠨ ᠤ ᠬᠢᠨ ᠲᠡᠬᠡᠷ᠎ᠠ | ᠦᠶ᠎ᠠ ᠠᠴᠠ ᠪᠠᠨ ᠪᠡᠶ᠎ᠠ ᠴᠢᠳᠠᠯ ᠰᠠᠶᠢᠳᠠᠢ ᠬᠦᠮᠦᠰ ᠬᠡᠵᠡᠬᠡᠳᠡᠭ᠃ ᠨᠢᠬᠡ ᠵᠢᠯ ᠮᠠᠯ ᠤᠨ ᠬᠡᠮ ᠤᠷᠤᠵᠤ ᠠᠶᠢᠯ ᠤᠨ | ᠬᠢᠨᠢ ᠨᠢᠬᠡ ᠪᠠᠶᠠᠨ ᠤ ᠠᠷᠪᠠ ᠭᠠᠷᠤᠢ ᠦᠬᠡᠷ ᠨᠢᠬᠡ ᠯᠡ ᠲᠤᠤᠷ᠎ᠠ ᠦᠬᠦᠭᠰᠡᠨ ᠬᠡᠨ᠎ᠠ᠃ ᠲᠡᠬᠡᠬᠡᠳ ᠲᠡᠬᠦᠨ ᠤ ᠡᠪᠦᠭᠡ | ᠸᠠᠩᠵᠢᠪᠤᠤ ᠶᠢ ᠦᠪᠴᠢᠬᠦᠯᠬᠦ ᠪᠠᠷ ᠶᠠᠪᠤᠭᠤᠯᠤᠭᠰᠠᠨ ᠳᠤ ᠦᠬᠡᠷ ᠤᠨ ᠠᠷᠠᠰᠤ ᠶᠢ ᠬᠢᠳᠤᠭ᠎ᠠ ᠪᠠᠷ ᠢᠷᠡᠵᠤ ᠬᠠᠶᠠᠭᠠᠳ | ᠯᠡ ᠲᠠᠬᠢᠵᠤ ᠬᠢᠳᠤᠭ᠎ᠠ ᠬᠡᠷᠡᠭᠯᠡᠭᠰᠡᠨ ᠴᠤ ᠦᠬᠡᠢ ᠪᠠᠷ ᠬᠠᠤ ᠲᠠᠳᠠᠵᠤ ᠱᠠᠭᠠᠯᠵᠤ ᠠᠪᠤᠭᠠᠳ ᠠᠷᠪᠠᠭᠠᠳ ᠦᠬᠡᠷ ᠤᠨ | ᠠᠷᠠᠰᠤ ᠶᠢ ᠭᠠᠭᠴᠠ ᠡᠪᠬᠡᠵᠤ ᠠᠪᠤᠭᠠᠳ ᠠᠷᠪᠠ ᠰᠢᠬᠠᠮ ᠭᠠᠵᠠᠷ ᠵᠠᠶᠢᠳᠠᠢ ᠠᠶᠢᠯ ᠳᠠᠭᠠᠨ ᠡᠬᠦᠷᠦᠬᠡᠳ ᠢᠷᠡᠴᠢᠬᠡᠯ᠎ᠡ | ᠬᠡᠵᠤ ᠬᠡᠯᠡᠳᠡᠭ᠃ ᠳ᠋ᠠᠮᠪᠡ ᠴᠤ ᠪᠠᠶ᠎ᠠ ᠴᠢᠳᠠᠯ ᠰᠠᠶᠢᠳᠠᠢ᠃ ᠪᠠᠷᠠᠭᠤᠨ ᠲᠠᠯ᠎ᠠ ᠪᠠᠷ ᠡᠯᠬᠦᠬᠦ᠂ ᠲᠤᠳᠤᠷ ᠲᠡᠬᠡᠬᠡ | ᠡᠷᠬᠢᠬᠦᠯᠬᠦ ᠳᠡᠭᠡᠨ ᠴᠢᠳᠠᠮᠠᠭᠠᠢ ᠪᠠᠶᠢᠳᠠᠭ᠃ ᠲᠡᠬᠦᠨ ᠤ ᠵᠠᠯᠠᠭᠤ ᠴᠠᠭ ᠲᠠᠭᠠᠨ ᠪᠠᠷᠢᠯᠳᠤᠵᠤ ᠶᠠᠪᠤᠭᠰᠠᠨ ᠪᠤᠳᠠᠳᠠᠢ | ᠪᠠᠶᠢᠳᠠᠯ ᠨᠢ ᠤᠳᠤ ᠬᠦᠮᠦᠰ ᠲᠤ ᠮᠠᠷᠳᠠᠭᠳᠠᠭᠰᠠᠨ ᠪᠤᠯᠬᠤᠷ ᠦᠵᠡᠵᠤ ᠰᠤᠨᠤᠰᠤᠭᠰᠠᠨ ᠢᠶᠠᠨ ᠦᠨᠳᠦᠰᠦᠯᠡᠨ | ᠲᠡᠮᠳᠡᠭᠯᠡᠪᠡᠯ᠄ | 1952 ᠤᠨ ᠳᠤ ᠳ᠋ᠠᠪᠠᠨ ᠨᠤᠳᠤᠭ ᠪᠠᠷᠠᠭᠤᠨ ᠰᠦᠮ᠎ᠡ ᠲᠡᠬᠡᠷ᠎ᠠ ᠪᠠᠶᠢᠬᠤ ᠳᠤ ᠭᠤᠤᠯ ᠤᠨ ᠡᠮᠦᠨ᠎ᠠ ᠪᠠᠶᠢᠭ᠎ᠠ | ᠬᠤᠷᠢᠶᠠᠴᠢᠨ ᠤ ᠤᠷᠴᠢᠮ ᠨᠤᠳᠤᠭ ᠤᠨ ᠨᠠᠶᠢᠷ ᠬᠢᠭᠰᠡᠨ ᠳᠤ ᠠᠶᠢᠯ ᠤᠨ ᠢᠶᠠᠨ ᠲᠦᠷᠦᠯ ᠤᠨ ᠠᠪᠠᠭ᠎ᠠ ᠲᠠᠢ ᠬᠠᠮᠳᠤ | ᠢᠷᠡᠵᠤ ᠪᠠᠷᠢᠯᠳᠤᠭᠠᠳ ᠲᠡᠷᠢᠬᠦᠨ ᠲᠡᠳ᠋ ᠲᠤ ᠵᠡᠬᠦᠨ ᠬᠠᠷ᠎ᠠ ᠮᠤᠳᠤ ᠪᠠᠷ ᠨᠤᠳᠤᠭᠳᠠᠢ ᠪᠦᠳᠦᠬᠦᠨ ᠲᠤᠶᠢᠩᠬᠤᠷᠵᠠᠪ ᠢ | ᠬᠠᠶᠠᠵᠤ ᠲᠡᠷᠢᠬᠦᠯᠡᠪᠡ᠃ ᠠᠪᠠᠭ᠎ᠠ ᠨᠢ ᠲᠤᠶᠢᠩᠬᠤᠷᠵᠠᠪ ᠲᠤ ᠦᠢᠴᠢᠵᠤ ᠲᠦᠷᠪᠡᠳᠦᠬᠡᠷ ᠲᠤ ᠤᠷᠤᠯ᠎ᠠ ᠬᠡᠳᠡᠭ᠃ | 1963 ᠤᠨ ᠳᠤ ᠪᠠᠶᠠᠨᠬᠠᠨ ᠨᠢᠬᠡᠳᠦᠯ ᠤᠨ ᠨᠡᠶᠢᠷ ᠲᠤ ᠰᠠᠷᠠᠩᠴᠤᠶᠢᠮᠫᠤᠯ ᠪᠠᠭᠰᠢ ᠲᠠᠢ ᠲᠡᠷᠢᠬᠦᠨ ᠲᠡᠳ᠋ ᠢ | ᠪᠤᠯᠢᠶᠠᠯᠴᠠᠨ ᠬᠠᠶᠠᠭᠳᠠᠭᠠᠳ ᠲᠡᠳ᠋ᠯᠡᠭᠰᠡᠨ ᠪᠠᠶᠢᠨ᠎ᠠ᠃ | |