ᠴᠢᠩᠳᠤᠭᠳᠠᠬᠤ᠂1935 ᠤᠨ ᠳᠤ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠰᠤᠮᠤᠨ ᠤ ᠴᠠᠭᠠᠨ | ᠰᠢᠷᠡᠭᠡ ᠭᠠᠴᠠᠭᠠᠨ ᠤ ᠴᠠᠭᠠᠨ ᠰᠢᠷᠡᠭᠡ ᠲᠤᠭᠤᠶᠢᠯᠠᠩ ᠤᠨ ᠪᠤᠷᠵᠢᠬᠢᠨ ᠤᠪᠤᠭᠳᠤ ᠤᠯᠠᠭᠠᠨ ᠲᠠᠶᠢᠵᠢ ᠪᠠᠶᠠᠷ ᠪᠤᠯᠤᠨ | ᠪᠤᠷᠵᠢᠬᠢᠳ ᠤᠪᠤᠭᠳᠤ ᠯᠢᠩᠰᠡᠭᠮᠠ ᠶᠢᠨ ᠬᠤᠶᠠᠳᠤᠭᠠᠷ ᠬᠦᠦ ᠨᠢ ᠪᠤᠯᠵᠤ ᠵᠠᠶᠠᠭᠠᠵᠠᠢ᠃ ᠲᠡᠷᠠ ᠵᠠᠯᠠᠭᠤ ᠨᠠᠰᠤᠨ | ᠳᠠᠭᠠᠨ ᠮᠤᠩᠭᠤᠯ ᠪᠦᠬᠡ ᠳᠤ ᠲᠡᠬᠡᠬᠦᠷ ᠪᠠᠷᠢᠯᠳᠤᠵᠤ ᠶᠠᠪᠤᠭᠰᠠᠨ ᠲᠡᠦᠬᠡ ᠲᠠᠢ ᠪᠢᠯᠡ᠃ ᠴᠢᠩᠳᠤᠭᠳᠠᠬᠤ ᠪᠡᠶ᠎ᠠ ᠶᠢᠨ | ᠬᠦᠷᠦᠩᠬᠡ ᠰᠠᠶᠢᠳᠠᠢ᠂ ᠬᠦᠴᠦ ᠴᠢᠳᠠᠯ ᠶᠡᠭᠡ ᠲᠠᠢ ᠤᠯᠠᠨ ᠰᠠᠶᠢᠬᠠᠨ ᠮᠡᠭᠡ ᠶᠢ ᠤᠯᠠᠷᠢᠭᠤᠯᠤᠨ ᠬᠢᠳᠡᠭ ᠪᠠᠶᠢᠨ᠎ᠠ᠃ | ᠭᠤᠤᠯᠳᠠᠭᠤ ᠡᠯᠬᠦᠬᠡ᠂ ᠴᠤᠬᠢᠶ᠎ᠠ᠂ ᠬᠠᠰᠢᠭ᠎ᠠ᠂ ᠬᠦᠨᠳᠦᠷᠡᠭᠡ ᠶᠢ ᠤᠷᠠᠨ ᠲᠡᠮᠳᠠᠢ ᠬᠢᠳᠡᠭ᠃ ᠬᠠᠷᠠᠮᠰᠠᠯᠳᠠᠢ ᠨᠢ | ᠲᠡᠬᠦᠨ ᠤ ᠪᠠᠷᠢᠯᠳᠤᠵᠤ ᠶᠠᠪᠤᠭᠰᠠᠨ ᠨᠠᠶᠢᠷ ᠨᠠᠭᠠᠳᠤᠮ ᠤᠨ ᠲᠡᠦᠬᠡ ᠨᠢ ᠦᠰᠦᠭ ᠪᠢᠴᠢᠭ ᠤᠨ ᠲᠡᠮᠳᠡᠭᠯᠡᠯ ᠳᠤ | ᠦᠯᠡᠳᠡᠵᠤ ᠬᠤᠴᠤᠷᠤᠭᠰᠠᠨ ᠨᠢ ᠴᠦᠬᠡᠨ ᠪᠤᠯᠬᠤᠷ ᠵᠠᠷᠢᠮ ᠪᠠᠷᠢᠯᠳᠤᠭᠠᠨ ᠤ ᠤᠨ ᠵᠢᠯ ᠢ ᠨᠢ ᠲᠤᠳᠤᠷᠠᠭᠤᠯᠬᠤ ᠳᠤ | ᠬᠦᠴᠢᠷᠳᠠᠢ ᠪᠤᠯᠤᠭᠰᠠᠨ ᠪᠠᠶᠢᠨ᠎ᠠ᠃ ᠬᠡᠪᠡᠴᠦ ᠲᠡᠬᠦᠨ ᠤ ᠪᠠᠷᠢᠯᠳᠤᠵᠤ ᠪᠠᠶᠢᠭᠰᠠᠨ ᠲᠤᠬᠠᠢ ᠬᠡᠰᠡᠭ ᠲᠡᠮᠳᠡᠭᠯᠡᠯ ᠪᠤᠯᠤᠨ | ᠠᠷᠠᠳ ᠤᠨ ᠲᠤᠮᠳᠠ ᠠᠮᠠᠨ ᠵᠤᠭᠤᠭ ᠪᠤᠯᠤᠨ ᠦᠯᠡᠳᠡᠭᠰᠡᠨ ᠠᠴᠠ ᠲᠡᠮᠳᠡᠭᠯᠡᠪᠡᠯ᠄ | 1950 ᠤᠨ ᠤ ᠰᠡᠬᠦᠯᠴᠢ ᠪᠤᠯᠤᠭᠰᠠᠨ ᠬᠤᠰᠢᠭᠤᠨ ᠨᠠᠶᠢᠷ ᠲᠤ ᠲᠡᠰ ᠬᠤᠪᠢᠶᠠᠵᠤ ᠪᠠᠷᠢᠯᠳᠤᠭᠰᠠᠨ | ᠮᠤᠩᠭᠤᠯ ᠪᠦᠬᠡ ᠶᠢᠨ ᠬᠦᠩᠬᠡᠨ ᠲᠡᠰ ᠲᠤ ᠲᠡᠷᠢᠬᠦᠯᠡᠭᠰᠡᠨ ᠬᠡᠳᠡᠭ᠃ | 1965 ᠤᠨ ᠳᠤ ᠬᠤᠰᠢᠭᠤᠨ ᠨᠠᠶᠢᠷ ᠤᠨ256 ᠪᠦᠬᠡ ᠳᠤ ᠪᠠᠶ᠋ᠬᠠᠷᠳᠡᠨᠢ ᠶᠢᠨ ᠪᠤᠯᠠᠭ ᠤᠨ ᠦᠯᠵᠡᠶᠢᠨᠠᠷᠠᠨ | ᠳᠤ ᠦᠢᠴᠢᠵᠤ ᠵᠢᠷᠭᠤᠳᠤᠭᠠᠷ ᠲᠤ ᠤᠷᠤᠵᠠᠢ᠃ ᠲᠤᠰ ᠨᠠᠶᠢᠷ ᠲᠤ ᠪᠠᠶ᠋ᠬᠠᠷᠳᠡᠨᠢ ᠶᠢᠨ ᠪᠤᠯᠠᠭ ᠤᠨ ᠮᠤᠬᠤᠷ | ᠲᠡᠷᠢᠬᠦᠯᠡᠵᠤ᠂ ᠪᠠᠶᠠᠨᠬᠠᠨ ᠤ ᠬᠦᠷᠦᠪᠠᠽᠡᠷ ᠲᠡᠳ᠋ᠯᠠᠵᠤ᠂ ᠪᠠᠶ᠋ᠬᠠᠷᠳᠡᠨᠢ ᠶᠢᠨ ᠦᠯᠵᠡᠶᠢᠨᠠᠷᠠᠨ ᠭᠤᠷᠪᠠᠳᠤᠭᠠᠷ ᠲᠤ᠂ | ᠪᠠᠶᠠᠨᠳᠠᠯ᠎ᠠ ᠶᠢᠨ ᠦᠯᠵᠡᠶᠢᠮᠡᠨᠳᠦ ᠲᠦᠷᠪᠡᠳᠦᠬᠡᠷ ᠲᠤ ᠤᠷᠤᠵᠤ᠂ ᠴᠠᠭᠠᠨᠮᠦ᠋ᠷᠡᠨ ᠰᠤᠮᠤᠨ ᠤ ᠴᠢᠩᠳᠤᠭᠳᠠᠬᠤ | ᠵᠢᠷᠭᠤᠳᠤᠭᠠᠷ ᠲᠤ ᠤᠷᠤᠵᠠᠢ᠃ ᠵᠢᠷᠠᠭᠠᠳ ᠤᠨ ᠤ ᠦᠶ᠎ᠠ ᠶᠢᠨ ᠴᠠᠭᠠᠨᠮᠦ᠋ᠷᠡᠨ ᠰᠤᠮᠤᠨ ᠤ ᠠᠷᠠᠳ ᠤᠨ ᠨᠠᠶᠢᠷ ᠲᠤ | ᠬᠤᠶᠠᠷ ᠲᠡᠷᠢᠬᠦᠯᠡᠵᠤ᠂ ᠨᠢᠬᠡ ᠲᠡᠳ᠋ᠯᠡᠭᠰᠡᠨ ᠪᠠᠶᠢᠨ᠎ᠠ᠃ ᠡᠨᠡ ᠬᠦ ᠬᠤᠶᠠᠷ ᠲᠡᠷᠢᠬᠦᠯᠡᠵᠤ᠂ ᠨᠢᠬᠡ ᠲᠡᠳ᠋ᠯᠡᠭᠰᠡᠨ ᠤ ᠬᠢᠨᠢ | ᠤᠨ ᠵᠢᠯ ᠢ ᠨᠢ ᠤᠯᠤᠭ᠎ᠠ ᠦᠬᠡᠢ᠂ ᠨᠢᠬᠡ ᠲᠡᠳ᠋ᠯᠡᠭᠰᠡᠨ ᠨᠢ1964 ᠤᠨ ᠤ ᠴᠠᠭᠠᠨᠮᠦ᠋ᠷᠡᠨ ᠰᠤᠮᠤᠨ ᠤ ᠠᠷᠠᠳ ᠤᠨ | ᠨᠠᠶᠢᠷ ᠲᠤ ᠪᠠᠶ᠋ᠬᠠᠷᠳᠡᠨᠢ ᠶᠢᠨ ᠠᠷᠪᠡᠨᠬᠡᠷ ᠢᠶᠠᠷ ᠨᠤᠳᠤᠭᠳᠠᠢ ᠬᠤᠯᠤᠰᠤᠳᠤ ᠪᠤᠯᠤᠩ ᠰᠤᠷᠭᠠᠭᠤᠯᠢ ᠳᠤ ᠪᠠᠭᠰᠢᠯᠠᠵᠤ | ᠪᠠᠶᠢᠭᠰᠠᠨ ᠲᠠᠮᠷᠢᠨ ᠲᠡᠷᠢᠬᠦᠯᠡᠵᠤ᠂ ᠴᠢᠩᠳᠤᠭᠳᠠᠬᠤ ᠲᠡᠳ᠋ᠯᠡᠵᠤ᠂ ᠢᠮᠠᠭᠠᠳᠤ ᠶᠢᠨ ᠪᠠᠯᠵᠢᠨᠢᠮ᠎ᠠ ᠭᠤᠷᠪᠠᠳᠤᠭᠠᠷ ᠲᠤ᠂ | ᠰᠢᠪᠡᠬᠡᠳᠦ ᠶᠢᠨ ᠴᠡᠩ ᠱᠧᠩ ᠲᠦᠷᠪᠡᠳᠦᠬᠡᠷ ᠲᠤ ᠤᠷᠤᠵᠠᠢ᠃ ᠨᠢᠬᠡ ᠦᠶ᠎ᠠ ᠵᠤᠭᠰᠤᠭᠰᠠᠨ ᠨᠠᠶᠢᠷ ᠨᠠᠭᠠᠳᠤᠮ ᠡᠬᠢᠯᠡᠨ | ᠰᠡᠷᠬᠦᠵᠤ ᠪᠠᠶᠢᠭᠰᠠᠨ ᠲᠠᠯᠠᠭᠠᠳ ᠤᠨ ᠤ ᠡᠬᠢᠨ ᠳᠤ ᠭᠠᠴᠠᠭᠠᠨ ᠤ ᠨᠠᠮ ᠤᠨ ᠡᠬᠦᠷ ᠤᠨ ᠱᠦᠵᠢ ᠶᠢᠨ ᠲᠤᠰᠢᠶᠠᠯ ᠢ | ᠬᠠᠷᠢᠭᠤᠴᠠᠵᠤ ᠶᠠᠪᠤᠭᠰᠠᠨ ᠬᠤᠭᠤᠴᠠᠭᠠᠨ ᠳᠠᠭᠠᠨ ᠬᠤᠰᠢᠭᠤᠨ ᠤ ︽ᠰᠢᠯᠢᠳᠡᠭ ᠨᠠᠮ ᠤᠨ ᠬᠡᠰᠢᠬᠦᠨ︾᠂ ᠤᠷᠤᠨ | ᠠᠶᠢᠮᠠᠭ ᠤᠨ ︽ᠵᠢᠱᠢᠶᠠᠴᠢ ᠨᠠᠮ ᠤᠨ ᠡᠬᠦᠷ ᠤᠨ ᠱᠦᠵᠢ︾ ᠪᠠᠷ ᠰᠤᠩᠭᠤᠭᠳᠠᠵᠤ ᠶᠠᠪᠤᠵᠠᠢ᠃ |