ᠪᠦᠬᠡ ᠬᠦᠬᠡᠷᠢᠨᠴᠢᠨ᠂1939 ᠤᠨ ᠳᠤ ᠪᠠᠶᠠᠨᠳᠠᠯ᠎ᠠ ᠨᠢᠬᠡᠳᠦᠯ ᠤᠨ ᠶᠢᠰᠦᠨᠮᠤᠳᠤ ᠶᠢᠨ ᠠᠶᠢᠯ ᠤᠨ | ᠲᠤᠭᠤᠴᠠᠭ ᠤᠪᠤᠭᠳᠤ ᠤᠯᠠᠭᠠᠨᠳᠤᠯᠤᠭᠠᠢ ᠶᠢᠨ ᠤᠤᠭᠠᠨ ᠬᠦᠦ ᠪᠤᠯᠤᠨ ᠵᠠᠶᠠᠭᠠᠵᠠᠢ᠃ ᠲᠡᠷᠠ ᠲᠡᠬᠡᠷ᠎ᠠ ᠵᠠᠭᠤᠨ ᠤ | ᠵᠢᠷᠠᠭᠠᠳ ᠤᠨ ᠤ ᠲᠤᠮᠳᠠᠴᠢ᠂ ᠲᠠᠯᠠᠭᠠᠳ ᠤᠨ ᠤ ᠡᠬᠢᠨ ᠤ ᠦᠶ᠎ᠠ ᠪᠠᠷ ᠪᠠᠭᠠᠷᠢᠨ ᠪᠦᠬᠡᠴᠤᠳ ᠤᠨ ᠲᠤᠳᠤᠷ᠎ᠠ | ᠬᠤᠶᠠᠷ ᠵᠠᠭᠤ ᠭᠠᠷᠤᠢ ᠵᠢᠩ ᠤᠨ ᠬᠦᠨᠳᠦ ᠪᠦᠬᠡ ᠪᠠᠶᠢᠭᠰᠠᠨ ᠪᠤᠯᠬᠤᠷ ᠤᠨᠴᠠᠭᠠᠢ ᠪᠦᠳᠦᠬᠦᠨ ᠬᠠᠷᠠᠬᠳᠠᠵᠤ᠂ ᠨᠠᠶᠢᠷ | ᠤᠨ ᠲᠠᠯᠠᠪᠠᠢ ᠳᠤ ᠮᠠᠭᠰᠢᠨ ᠭᠠᠷᠬᠤ ᠳᠤ ᠦᠵᠡᠭᠴᠢᠳ ᠭᠠᠶᠢᠬᠠᠰᠢ ᠠᠯᠳᠠᠵᠤ ᠪᠠᠶᠢᠳᠠᠭ ᠪᠢᠯᠡ᠃ ᠲᠡᠷᠠ ᠪᠠᠷᠠᠭᠤᠨ | ᠲᠠᠯ᠎ᠠ ᠶᠢᠨ ᠡᠯᠬᠦᠬᠡ᠂ ᠨᠦᠷᠢᠬᠡ ᠵᠡᠷᠬᠡ ᠬᠠᠶᠠᠳᠠᠯ ᠲᠠᠢ ᠪᠠᠶᠢᠳᠠᠭ᠃ ᠲᠡᠬᠦᠨ ᠤ ᠦᠪᠡᠷᠮᠢᠴᠠ ᠤᠨᠴᠠᠯᠢᠭ ᠲᠠᠢ ᠪᠠᠰᠠ | ᠨᠢᠬᠡ ᠬᠠᠶᠠᠳᠠᠯ ᠬᠡᠪᠡᠯ ᠪᠤᠰᠤᠳ ᠢ ᠰᠤᠭᠤᠨ ᠳᠠᠭᠠᠨ ᠤᠷᠤᠭᠤᠯᠵᠤ ᠠᠪᠤᠭᠠᠳ ᠬᠡᠳᠡᠷᠬᠦ ᠲᠠᠷᠤᠵᠤ ᠬᠠᠶᠠᠳᠠᠭ᠃ ᠬᠡᠷᠪᠡ | ᠨᠦᠬᠦᠬᠡ ᠡᠳᠡᠬᠡᠳ ᠲᠡᠭᠡᠨ ᠡᠨᠡ ᠬᠦ ᠬᠠᠶᠠᠳᠠᠯ ᠢᠶᠠᠨ ᠬᠢᠬᠡᠳ ᠵᠠᠪᠳᠤᠪᠠᠯ ᠪᠠᠷᠤᠭ ᠤᠨ ᠬᠦᠴᠦ ᠴᠢᠳᠠᠯ ᠲᠠᠢ | ᠪᠦᠬᠡᠴᠤᠳ ᠴᠤ ᠬᠠᠷᠢᠭᠤᠯᠵᠤ ᠴᠢᠳᠠᠬᠤ ᠦᠬᠡᠢ ᠰᠢᠷᠤᠶᠢᠳᠠᠵᠤ ᠪᠠᠶᠢᠳᠠᠭ᠃ ᠲᠡᠬᠦᠨ ᠤ ᠪᠠᠷᠢᠯᠳᠤᠭᠠᠨ ᠤ ᠪᠦᠳᠦᠮᠵᠢ | ᠠᠴᠠ ᠤᠯᠳᠠᠭᠰᠠᠨ ᠬᠡᠮᠵᠢᠶ᠎ᠠ ᠪᠠᠷ ᠲᠡᠮᠳᠡᠭᠯᠡᠪᠡᠯ᠄ | 1965 ᠤᠨ ᠳᠤ ᠪᠤᠯᠤᠭᠰᠠᠨ ᠪᠠᠶᠠᠨᠳᠠᠯ᠎ᠠ ᠨᠢᠬᠡᠳᠦᠯ ᠤᠨ ᠲᠦᠷᠪᠡᠳᠦᠬᠡᠷ ᠤᠳᠠᠭᠠᠨ ᠤ ᠨᠡᠶᠢᠷ ᠲᠡᠬᠡᠷ᠎ᠠ | ᠨᠠᠢᠮᠠᠳᠤᠭᠠᠷ ᠲᠤ ᠤᠷᠤᠵᠤ᠂ ᠪᠦᠬᠡ ᠴᠢᠯᠠᠭᠤᠨᠪᠠᠭᠠᠳᠤᠷ ᠲᠤ ᠦᠢᠴᠢᠵᠤ ᠲᠠᠪᠤ ᠳᠤ ᠰᠠᠭᠤᠪᠠ᠃ | 1973 ᠤᠨ ᠳᠤ ᠪᠠᠶᠠᠨᠳᠠᠯ᠎ᠠ ᠨᠢᠬᠡᠳᠦᠯ ᠤᠨ ᠲᠠᠪᠤᠳᠤᠭᠠᠷ ᠤᠳᠠᠭᠠᠨ ᠤ ᠶᠡᠭᠡ ᠨᠠᠶᠢᠷ ᠤᠨ128 ᠪᠦᠬᠡ ᠳᠤ | ᠪᠦᠬᠡ ᠤᠷᠳᠤ ᠳᠤ ᠰᠢᠷᠤᠶᠢᠳᠤᠵᠤ ᠲᠡᠳ᠋ᠯᠡᠪᠡ᠃ | 1974 ᠤᠨ ᠳᠤ ᠬᠤᠰᠢᠭᠤᠨ ᠨᠠᠶᠢᠷ ᠲᠤ ᠪᠠᠶᠠᠨᠬᠠᠨ ᠤ ᠵᠠᠯᠠᠭᠤ ᠪᠦᠬᠡ ᠰᠠᠴᠡᠠᠭᠠᠸᠠ ᠳᠤ ᠰᠢᠷᠤᠶᠢᠳᠠᠵᠤ | ᠠᠷᠪᠠᠨ ᠬᠤᠶᠠᠳᠤᠭᠠᠷ ᠲᠤ ᠤᠷᠤᠪᠠ᠃ |