ᠵᠤᠳᠪᠤᠤ᠂1910 ᠤᠨ ᠳᠤ ᠪᠠᠶᠠᠨ ᠬᠠᠨ ᠤ ᠡᠩᠬᠡᠷ ᠲᠤᠯᠭ᠎ᠠ ᠶᠢᠨ ᠠᠷᠤ ᠶᠢᠨ ᠠᠶᠢᠯ ᠤᠨ ᠪᠤᠷᠵᠢᠬᠢᠳ | ᠤᠪᠤᠭᠳᠤ ᠲᠦᠬᠦᠷᠡᠩᠪᠢᠯᠢᠭᠳᠦ ᠵᠠᠩᠬᠢ ᠪᠤᠯᠤᠨ ᠲᠤᠭᠤᠴᠠᠭ ᠤᠪᠤᠭᠳᠤ ᠰᠠᠭᠰᠠᠭᠠᠷ ᠤᠨ ᠶᠡᠭᠡ ᠬᠦᠪᠡᠬᠦᠨ ᠪᠤᠯᠵᠤ | ᠵᠠᠶᠠᠭᠠᠵᠠᠢ᠃ ᠬᠠᠷᠠᠬᠠᠨ ᠪᠠᠭ᠎ᠠ ᠠᠴᠠ ᠠᠭᠤᠢ ᠶᠢᠨ ᠰᠦᠮ᠎ᠠ ᠶᠢᠨ ᠪᠠᠨᠳᠢ ᠪᠠᠷ ᠱᠠᠪᠢᠯᠠᠨ ᠰᠠᠭᠤᠵᠤ᠂ ᠮᠤᠩᠭᠤᠯ | ᠲᠦᠪᠡᠳ ᠪᠢᠴᠢᠭ ᠰᠤᠷᠴᠠᠢ᠃ | ᠲᠡᠷᠠ ᠪᠠᠭ᠎ᠠ ᠠᠴᠠ ᠪᠡᠶ᠎ᠠ ᠦᠨᠳᠦᠷ᠂ ᠪᠢᠷ᠎ᠠ ᠴᠢᠳᠠᠯ ᠲᠠᠢ ᠤᠴᠢᠷ ᠠᠴᠠ ᠰᠦᠮ᠎ᠠ ᠶᠢᠨ ᠬᠡᠳᠦᠨ ᠵᠠᠭᠤᠨ | ᠪᠢᠴᠢᠬᠠᠨ ᠪᠠᠨᠳᠢ ᠨᠠᠷ ᠲᠠᠢ ᠦᠷᠬᠦᠯᠵᠢ ᠪᠠᠷᠢᠯᠳᠤᠵᠤ᠂ ᠬᠢᠶᠠᠷᠡᠳᠠᠯᠠ ᠬᠠᠶᠠᠯᠠᠵᠤ ᠶᠠᠪᠤᠬᠤ ᠳᠠᠭᠠᠨ ᠮᠤᠩᠭᠤᠯ ᠪᠦᠬᠡ | ᠶᠢᠨ ᠬᠠᠶᠠᠳᠠᠯ ᠳᠤ ᠮᠠᠰᠢ ᠴᠠᠭᠠᠷᠠᠵᠤ᠂1930—1940 ᠤᠨ ᠳᠤ ᠬᠤᠰᠢᠭᠤᠨ ᠤ ᠢᠷᠦᠬᠡᠯ ᠤᠨ ᠶᠡᠭᠡ ᠨᠠᠶᠢᠷ᠂ | ᠤᠪᠤᠭ᠎ᠠ ᠱᠠᠩᠰᠢ ᠶᠢᠨ ᠨᠠᠶᠢᠷ ᠨᠠᠭᠠᠳᠤᠮ` ᠤᠨ ᠪᠦᠬᠡ ᠶᠢᠨ ᠪᠠᠷᠢᠯᠳᠤᠭᠠᠨ ᠳᠤ ᠤᠯᠠᠨᠳᠠ ᠲᠡᠳ᠋ ᠲᠡᠷᠢᠬᠦᠨ ᠢ | ᠲᠡᠮᠡᠴᠡᠵᠤ᠂ ᠲᠡᠬᠡᠬᠦᠷ ᠪᠠᠷᠢᠯᠳᠤᠵᠤ ᠱᠠᠩ ᠬᠡᠰᠢᠭ ᠢᠳᠡᠵᠤ ᠶᠠᠪᠤᠬᠤ ᠳᠠᠭᠠᠨ ᠠᠭᠤᠢ ᠶᠢᠨ ᠰᠦᠮ᠎ᠠ ᠶᠢᠨ ᠰᠢᠷᠡᠬᠡᠳᠦ | ᠬᠡᠬᠡᠨ ᠭᠠᠯᠰᠠᠩᠫᠠᠸ᠋ᠯᠠᠶᠢᠵᠠᠮᠰᠤ ᠶᠢᠨ ᠪᠦᠬᠡ ᠪᠠᠷ ᠡᠷᠬᠦᠮᠵᠢᠯᠡᠭᠳᠡᠵᠠᠢ᠃ | 1942 ᠤᠨ ᠤ ᠠᠷᠪᠠᠳᠤᠭᠠᠷ ᠰᠠᠷ᠎ᠠ ᠳᠤ ᠠᠭᠤᠢ ᠶᠢᠨ ᠰᠦᠮ᠎ᠠ ᠶᠢᠨ ᠪᠠᠷᠠᠭᠤᠨ ᠬᠡᠬᠡᠨ ᠡᠷᠳᠡᠨᠢᠳᠠᠯᠢ ᠶᠢ | ᠶᠢᠰᠦᠨ ᠨᠠᠰᠤ ᠲᠠᠢ ᠳᠤᠨᠢ ᠪᠠᠭᠠᠷᠢᠨ ᠵᠡᠬᠦᠨ ᠬᠤᠰᠢᠭᠤᠨ ᠤ ᠨᠤᠤᠷᠭᠠᠢ ᠠᠶᠢᠯ ᠠᠴᠠ ᠠᠭᠤᠢ ᠶᠢᠨ ᠰᠦᠮ᠎ᠠ ᠶᠢᠨ | ᠰᠢᠷᠡᠬᠡᠨ ᠳᠤ ᠵᠠᠯᠠᠪᠠ᠃ ᠬᠡᠬᠡᠨ ᠤ ᠦᠯᠮᠠᠢ ᠶᠢ ᠪᠠᠳᠤᠳᠬᠠᠬᠤ ᠳ᠋ᠠᠩᠰᠢᠭ ᠨᠠᠶᠢᠷ ᠢ ᠪᠠᠷᠠᠭᠤᠨ ᠬᠡᠬᠡᠨ ᠰᠠᠩ ᠤᠨ | ᠡᠮᠦᠨ᠎ᠠ ᠲᠠᠯ᠎ᠠ ᠳᠤ ᠵᠠᠰᠠᠵᠤ᠂ ᠶᠡᠭᠡ ᠲᠠᠭᠳᠤ ᠪᠤᠰᠬᠠᠨ᠂ ᠲᠠᠭᠳᠤ ᠶᠢᠨ ᠰᠠᠭᠤᠳᠠᠯ ᠳᠤ ᠠᠭᠤᠢ ᠶᠢᠨ ᠰᠦᠮ᠎ᠠ ᠶᠢᠨ | ᠭᠠᠯᠰᠠᠩᠫᠠᠸ᠋ᠯᠠᠶᠢᠵᠠᠮᠰᠤ᠂ ᠠᠭᠸᠠᠩᠳᠤᠩᠷᠤᠪᠵᠠᠮᠰᠤ ᠬᠤᠶᠠᠷ ᠬᠡᠬᠡᠨ᠂ ᠪᠢᠴᠢᠬᠠᠨ ᠬᠡᠬᠡᠨ ᠡᠷᠳᠡᠨᠢᠳᠠᠯᠢ᠂ ᠬᠤᠰᠢᠭᠤᠨ | ᠠᠴᠠ ᠤᠴᠢᠭᠰᠠᠨ ᠵᠤᠤ ᠹᠠ ᠽᠠᠢ ᠨᠠᠷ ᠰᠠᠭᠤᠵᠤ ᠪᠠᠶᠢᠪᠠ᠃ ᠤᠩᠨᠢᠭᠤᠳ᠂ ᠠᠷᠤ ᠬᠤᠷᠴᠢᠨ᠂ ᠬᠤᠶᠠᠷ ᠪᠠᠭᠠᠷᠢᠨ | ᠠᠴᠠ ᠪᠠᠶᠠᠳ ᠨᠤᠶᠠᠳ ᠪᠠ ᠪᠦᠬᠡᠴᠤᠳ ᠢᠷᠡᠵᠠᠢ᠃ ᠲᠡᠷᠠ ᠡᠳᠦᠷ ᠵᠡᠬᠦᠨ ᠡᠮᠦᠨ᠎ᠠ ᠠᠴᠠ ᠰᠠᠯᠬᠢᠯᠠᠵᠤ ᠪᠦᠷᠬᠦᠶᠢᠨ | ᠴᠠᠰᠤ ᠪᠤᠷᠠᠵᠤ ᠰᠦᠷᠡᠬᠡᠢ ᠬᠦᠢᠳᠡᠨ ᠪᠠᠶᠢᠳᠠᠯ᠎ᠠ ᠪᠦᠬᠡᠴᠤᠳ ᠲᠡᠬᠡᠷ᠎ᠠ ᠪᠡᠶ᠎ᠠ ᠶᠢ ᠨᠢᠴᠦᠬᠦᠯᠡᠨ ᠵᠤᠳᠤᠭᠯᠠᠵᠤ | ᠪᠠᠷᠢᠯᠳᠤᠵᠤ ᠪᠠᠶᠢᠬᠤ ᠶᠢ ᠦᠵᠡᠭᠴᠢᠳ ᠤᠯᠠᠨ ᠭᠠᠶᠢᠬᠠᠨ ᠬᠠᠷᠠᠵᠠᠭᠠᠵᠤ ᠪᠠᠶᠢᠯ᠎ᠠ᠃ ᠨᠠᠶᠢᠷ ᠲᠡᠬᠡᠷ᠎ᠠ128 ᠪᠦᠬᠡ | ᠪᠠᠷᠢᠯᠳᠤᠵᠤ᠂ ᠲᠤᠮᠳᠠ ᠬᠡᠬᠡᠨ ᠤ ᠪᠦᠬᠡ ᠵᠤᠳᠪᠤᠤ᠂ ᠤᠩᠭᠤᠨ ᠨᠤᠳᠤᠭ ᠤᠨ ᠨᠤᠮᠤᠨᠳᠠᠽᠢ ᠶᠢᠨ ᠲᠡᠬᠦᠦ ᠲᠤᠭᠠᠷᠵᠠᠪ | ᠢ ᠬᠠᠶᠠᠵᠤ ᠲᠡᠷᠢᠬᠦᠯᠡᠪᠡ᠃ ᠲᠤᠭᠠᠷᠵᠠᠪ ᠲᠡᠳ᠋ᠯᠡᠵᠤ᠂ ᠪᠦᠮᠪᠦᠷᠢᠬᠡᠨ ᠭᠤᠳᠠᠭᠠᠷᠯᠠᠪᠠ᠃ ᠲᠡᠷᠢᠬᠦᠨ ᠪᠦᠬᠡ ᠳᠤ ᠮᠤᠷᠢ᠂ | ᠲᠡᠳ᠋ ᠪᠦᠬᠡ ᠳᠤ ᠦᠬᠡᠷ ᠱᠠᠩᠨᠠᠭᠰᠠᠨ ᠪᠠᠶᠢᠪᠠ᠃ | ᠪᠦᠬᠡ ᠵᠤᠳᠪᠤᠤ1952 ᠤᠨ ᠳᠤ ᠲᠦᠷᠬᠡᠨ ᠡᠪᠡᠳᠴᠢᠨ ᠢᠶᠠᠷ ᠨᠠᠰᠤ ᠪᠠᠷᠠᠵᠠᠢ᠃ ᠰᠠᠶ᠋ᠢ 43 ᠨᠠᠰᠤ | ᠲᠠᠢ ᠪᠠᠶᠢᠪᠠ᠃ | |