| ᠪᠠᠭᠠᠷᠢᠨᠴᠤᠳ᠂ ᠪᠦᠭᠦ ᠮᠤᠩᠭᠤᠯᠴᠤᠳ ᠲᠠᠢ ᠪᠠᠨ ᠠᠳᠠᠯᠢ ᠪᠠᠷ ᠨᠠᠶᠢᠷᠠᠯᠠᠬᠤ᠂ ᠭᠦᠭᠡᠷᠦᠯᠳᠦᠭᠦ᠂ ᠳᠠᠭᠤᠯᠠᠯᠴᠠᠬᠤ | ᠂ ᠮᠦᠷᠦᠶᠢᠴᠡᠭᠦ ᠳᠤ ᠳᠤᠷ᠎ᠠ ᠪᠠᠭ᠋ᠠᠳᠠᠢ ᠪᠢᠯᠡ᠃ ᠨᠠᠶᠢᠷ ᠨᠠᠭᠠᠳᠤᠮ ᠨᠢ ᠭᠦᠴᠦᠨ ᠴᠢᠳᠠᠯ ᠰᠢᠯᠭᠠᠬᠤ᠂ ᠤᠶᠤᠨ | ᠤᠬᠠᠭᠠᠨ ᠮᠦᠷᠦᠶᠢᠴᠡᠭᠦ᠂ ᠡᠷᠳᠡᠮ ᠮᠡᠷᠭᠡᠵᠢᠯ ᠢ ᠰᠢᠨᠵᠢᠭᠦ᠂ ᠡᠷᠡᠭᠦᠯ ᠡᠩᠬᠡ ᠶᠢ ᠪᠠᠳᠤᠳᠬᠠᠬᠤ᠂ ᠠᠯᠳᠠᠷ ᠴᠤᠯᠠ ᠶᠢ | ᠮᠠᠨᠳᠤᠭᠤᠯᠬᠤ ᠵᠡᠷᠭᠡ ᠴᠢᠬᠤᠯᠠ ᠵᠦᠢᠯ ᠪᠤᠯᠬᠤ ᠶᠤᠮ᠃ | 1. ᠢᠷᠦᠭᠡᠯ ᠤᠨ ᠨᠠᠶᠢᠷ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ | ᠳᠤᠯᠤᠭᠠᠨ ᠠᠴᠠ ᠠᠷᠪᠠᠨ ᠳᠠᠪᠤᠨ ᠪᠤᠯᠳᠠᠯ᠎ᠠ᠂ ᠬᠤᠰᠢᠭᠤᠨ ᠳᠦᠪ ᠪᠤᠶᠤ ᠳᠦᠷᠪᠡᠨ ᠶᠡᠭᠡ ᠰᠦᠮ᠎ᠡ ᠳᠡᠭᠡᠷ᠎ᠡ ᠯᠠᠮᠠ | ᠬᠠᠷ᠎ᠠ ᠶᠢᠨ ᠳᠡᠭᠡᠳᠤ ᠳᠠᠪᠬᠤᠷᠭᠠᠳᠠᠳ ᠴᠤᠭᠯᠠᠷᠠᠭᠠᠳ ᠢᠷᠦᠭᠡᠯ ᠬᠤᠷᠠᠵᠤ ᠴᠠᠮ ᠴᠠᠮᠨᠠᠨ ᠨᠠᠶᠢᠷ ᠨᠠᠭᠠᠳᠤᠮ ᠭᠠᠷᠭᠠᠵᠤ᠂ | ᠪᠦᠭᠡ᠂ ᠮᠤᠷᠢ᠂ ᠰᠤᠷ ᠮᠦᠷᠦᠶᠢᠴᠡᠨ ᠠᠯᠪᠠ ᠠᠴᠢᠶ᠎ᠠ ᠶᠢ ᠳᠡᠰᠬᠡᠨ ᠠᠷᠠᠯᠵᠢᠶ᠎ᠠ ᠮᠠᠶᠢᠮᠠᠢ ᠬᠢᠳᠡᠭ᠃ ᠡᠨᠡ ᠨᠢ ᠵᠤᠤ | ᠤᠳᠠ ᠶᠢᠨ ᠴᠢᠭᠤᠯᠭᠠᠨ ᠳᠤ ᠠᠯᠳᠠᠷᠳᠠᠢ᠂ ᠪᠤᠭᠤᠮᠳᠠ ᠶᠢᠨ ᠭᠠᠳᠠᠨ᠎ᠠ ᠳᠤᠳᠤᠨ᠎ᠠ ᠨᠦᠯᠦᠭᠡᠳᠠᠢ ᠴᠤᠭᠯᠠᠭ᠎ᠠ — ︽ | ᠪᠠᠭᠠᠷᠢᠨ ᠢᠷᠦᠭᠡᠯ︾ ᠪᠢᠯᠡ᠃ | ᠢᠷᠦᠭᠡᠯ ᠤᠨ ᠨᠠᠶᠢᠷ ᠳᠡᠭᠡᠷ᠎ᠡ ᠵᠤᠤ ᠤᠳᠠ ᠶᠢᠨ ᠴᠢᠭᠤᠯᠭᠠᠨ ᠤ ᠡᠯ᠎ᠡ ᠬᠤᠰᠢᠭᠤᠳ ᠪᠠ ᠰᠢᠯᠢ ᠶᠢᠨ ᠭᠤᠤᠯ᠂ | ᠵᠢᠷᠢᠮ᠂ ᠵᠤᠰᠤᠳᠤ ᠶᠢᠨ ᠴᠢᠭᠤᠯᠭᠠᠨ ᠵᠡᠷᠭᠡ ᠭᠠᠵᠠᠷ ᠠᠴᠠ ᠭᠦᠨᠳᠤᠳᠤ ᠵᠤᠴᠢᠳ ᠮᠤᠷᠢ ᠪᠦᠭᠡ ᠲᠠᠢ᠂ ᠳᠠᠭᠤᠴᠢᠳ | ᠭᠦᠭᠵᠢᠮᠴᠢᠳ ᠲᠠᠢ ᠢᠷᠡᠵᠡᠭᠡᠳᠡᠭ᠃ ᠪᠤᠭᠤᠮᠳᠠ ᠶᠢᠨ ᠳᠤᠳᠤᠭᠠᠳᠤ ᠠᠴᠠ ᠴᠦ ᠮᠠᠶᠢᠮᠠᠢ ᠱᠤᠤᠮᠠᠢ ᠠᠷᠪᠢᠨ ᠢᠷᠡᠳᠡᠭ᠃ | ᠪᠠᠭᠠᠷᠢᠨᠴᠤᠳ ᠤᠨ ᠳᠦᠷᠪᠡᠨ ᠡᠭᠦᠳᠡᠨ ᠤ ᠪᠠ ᠭᠠᠳᠠᠭᠠᠳᠤ ᠨᠠᠢᠮᠠᠨ ᠶᠢᠨ ᠳᠠᠶᠢᠵᠢ ᠨᠠᠷ ᠬᠠᠷᠠᠴᠤ ᠠᠯᠪᠠᠳᠤ᠂ ᠭᠦᠩᠵᠤ | ᠶᠢᠨ ᠳᠠᠭᠠᠯᠳᠠ ᠢᠨᠵᠢ ᠮᠠᠨᠵᠤ ᠨᠠᠷ ᠴᠦ ᠴᠦᠮ ᠭᠦᠰᠭᠡ ᠮᠠᠶᠢᠬᠠᠨ ᠲᠠᠢ ᠭᠦᠷᠦᠯᠴᠡᠨ ᠢᠷᠡᠭᠡᠳ ᠯᠠᠮᠠ ᠨᠠᠷ ᠲᠤ ᠴᠠᠪ | ᠮᠠᠩᠵᠠ ᠡᠷᠭᠦᠨ᠂ ᠮᠦᠷᠭᠦᠯ ᠰᠦᠰᠦᠭᠯᠡᠯ ᠢᠶᠠᠨ ᠭᠦᠢᠴᠡᠳᠭᠡᠨ ᠴᠠᠮ ᠦᠵᠡᠳᠡᠭ ᠮᠦᠷᠳᠡᠭᠡᠨ ᠭᠡᠷᠭᠡᠮᠳᠡᠨ ᠨᠠᠷ ᠭᠡᠷᠡᠭᠳᠡᠨ | ᠢ ᠰᠢᠳᠭᠡᠭᠦ᠂ ᠠᠯᠪᠠ ᠠᠴᠢᠶ᠎ᠠ ᠳᠡᠰᠭᠡᠭᠦ ᠵᠡᠷᠭᠡ ᠳᠤ ᠤᠷᠤᠯᠴᠠᠳᠠᠭ᠃ | ᠬᠤᠰᠢᠭᠤᠨ ᠢᠷᠦᠭᠡᠯ ᠤᠨ ᠨᠠᠶᠢᠷ ᠢ ᠬᠤᠰᠢᠭᠤ ᠵᠠᠰᠠᠭ᠂ ᠶᠠᠮᠤᠨ ᠤ ᠵᠠᠬᠢᠷᠤᠭᠴᠢ᠂ ᠯᠠᠮᠠ ᠤᠮᠵᠠᠳ ᠡᠷᠬᠢᠯᠡᠨ | ᠭᠦᠢᠴᠡᠳᠭᠡᠳᠡᠭ᠃ | 2. ᠳᠠᠬᠢᠯᠭ᠎ᠠ ᠶᠢᠨ ᠨᠠᠶᠢᠷ ᠡᠭᠦᠨ ᠳᠤ ᠸᠠᠩ ᠨᠤᠶᠠᠳ ᠤᠨ ᠳᠡᠭᠡᠳᠦᠰ ᠢ ᠳᠠᠬᠢᠬᠤ᠂ ᠬᠤᠶᠠᠷ ᠭᠦᠩᠵᠤ | ᠳᠠᠬᠢᠬᠤ ᠪᠠ ᠤᠪᠤᠭ᠎ᠠ ᠪᠤᠯᠠᠭ ᠱᠠᠩᠰᠢ ᠰᠢᠭᠤᠢ ᠶᠢ ᠳᠠᠬᠢᠬᠤ ᠮᠡᠳᠤ ᠵᠦᠢᠯ ᠪᠠᠭᠳᠠᠳᠠᠭ᠃ ᠡᠳᠡᠭᠡᠷ ᠢ ᠪᠦᠷ | ᠳᠤᠭᠳᠠᠭᠠᠯ ᠲᠠᠢ ᠤᠯᠠᠷᠢᠯ ᠪᠤᠶᠤ ᠡᠳᠦᠷ ᠳᠠᠬᠢᠵᠤ ᠵᠠᠷᠢᠮ ᠳᠠᠭᠠᠨ ᠤᠪᠤᠭ᠎ᠠ ᠱᠠᠩᠰᠢ ᠪᠤᠯᠠᠭ ᠪᠦᠭᠦᠳᠡ ᠶᠢ ᠬᠠᠮᠳᠤ | ᠳᠤᠨᠢ ᠳᠠᠬᠢᠳᠠᠭ᠃ | ᠳᠠᠬᠢᠯᠭ᠎ᠠ ᠶᠢᠨ ᠨᠠᠶᠢᠷ ᠲᠤ ᠡᠷᠭᠦᠯ ᠰᠠᠴᠤᠯᠢ ᠶᠢ ᠭᠦᠢᠴᠡᠳᠭᠡᠭᠡᠳ ᠪᠦᠭᠡ ᠪᠠᠷᠢᠯᠳᠤᠨ ᠮᠤᠷᠢ ᠤᠷᠤᠯᠳᠤᠨ | ᠡᠪᠦᠭᠡᠳ ᠢ ᠪᠠᠶᠠᠰᠬᠠᠨ ᠭᠡᠤᠭᠡᠳ ᠢ ᠨᠠᠭᠠᠳᠤᠭᠤᠯᠳᠠᠭ᠃ | ᠤᠪᠤᠭ᠎ᠠ ᠱᠠᠩᠰᠢᠨ ᠤ ᠳᠠᠬᠢᠯᠭ᠎ᠠ ᠶᠢᠨ ᠨᠠᠶᠢᠷ ᠢ ᠨᠤᠳᠤᠭ ᠤᠰᠤ ᠠᠭᠤᠯᠠ ᠬᠠᠶᠢᠷᠬᠠᠨ ᠢᠶᠠᠨ ᠬᠠᠮᠠᠭᠠᠯᠠᠨ᠂ ᠮᠠᠯ | ᠰᠦᠷᠦᠭ ᠢᠶᠠᠨ ᠦᠨᠢᠷ ᠦᠰᠭᠡᠵᠤ᠂ ᠵᠤᠯ ᠵᠢᠷᠭᠠᠯ ᠲᠠᠢ ᠠᠮᠢᠳᠤᠷᠠᠬᠤ ᠶᠢ ᠵᠦᠩᠨᠡᠨ ᠪᠠᠶᠠᠨ ᠳᠠᠷᠭᠤᠨ ᠵᠤᠨ ᠨᠠᠮᠤᠷ ᠤᠨ | ᠴᠠᠭ ᠲᠤ ᠬᠢᠵᠤ᠂ ᠠᠭᠤᠯᠠ ᠤᠰᠤ ᠪᠠᠨ ᠳᠠᠷᠬᠠᠯᠠᠨ ᠮᠠᠯ ᠠᠬᠤᠢ ᠪᠠᠨ ᠤᠩᠭᠤᠯᠠᠳᠠᠭ᠃ | ᠤᠪᠤᠭᠠᠨ ᠨᠠᠶᠢᠷ ᠲᠤ ᠰᠢᠯᠢᠳᠡᠭ ᠪᠦᠭᠡ 32᠂ ᠰᠠᠶᠢᠨ ᠮᠤᠷᠢ ᠭᠤᠴᠢᠭᠠᠳ᠂ ᠮᠡᠷᠭᠡᠨ ᠬᠠᠷᠪᠤᠭᠠᠴᠢ 16 | ᠳᠡᠳᠦᠢ ᠶᠢ ︵ᠵᠢᠷᠤᠭ᠎ᠠ ᠮᠤᠷᠢ᠂ ᠦᠷᠢᠶ᠎ᠡ ᠳᠠᠭ᠎ᠠ᠂ ᠠᠵᠢᠷᠭ᠎ᠠ ᠤᠷᠤᠯᠳᠤᠳᠠᠭ ᠦᠭᠡᠢ︶ ᠰᠢᠯᠭᠠᠷᠠᠭᠤᠯᠤᠨ ᠤᠪᠤᠭ᠎ᠠ | ᠶᠢᠨ ᠭᠡᠰᠢᠭ ᠢᠶᠠᠷ ᠱᠠᠩᠨᠠᠭᠠᠳ ᠭᠡᠯᠡᠮᠦᠷᠴᠢ ᠢᠷᠦᠭᠡᠯᠴᠢ ᠠᠴᠠ ᠴᠤᠯᠠ ᠳᠠᠭᠤᠳᠠᠨ ᠡᠳᠦᠷ ᠲᠤᠨᠢ ᠳᠠᠭᠤᠰᠬᠠᠳᠠᠭ᠃ | ᠮᠤᠳᠤ ᠰᠢᠭᠤᠢ᠂ ᠤᠰᠤ ᠪᠤᠯᠠᠭ ᠢ ᠴᠠᠭᠠᠨ ᠢᠶᠠᠷ ᠳᠠᠬᠢᠳᠠᠭ᠃ ᠡᠷᠬᠢᠯᠡᠳᠡᠭ ᠨᠢ ᠤᠰᠤᠨ ᠤ ᠳᠦᠷᠦᠭᠦᠦ ᠮᠤᠳᠤᠨ | ᠤ ᠡᠵᠡᠨ᠃ ᠪᠤᠰᠤᠳ ᠠᠵᠢᠯᠯᠠᠭ᠎ᠠ ᠨᠢ ᠤᠪᠤᠭ᠎ᠠ ᠶᠢᠨ ᠳᠠᠬᠢᠯᠭ᠎ᠠ ᠶᠢᠨ ᠨᠠᠶᠢᠷ ᠲᠠᠢ ᠠᠳᠠᠯᠢᠬᠠᠨ ᠪᠢᠯᠡ᠃ | 3. ᠨᠠᠰᠤᠳᠠᠨ ᠤ ᠪᠠᠶᠠᠷ ᠨᠠᠰᠤᠳᠠᠨ ᠤ ᠪᠠᠶᠠᠷ ᠭᠡᠳᠡᠭ ᠨᠢ ᠵᠢᠯ ᠵᠡᠷᠭᠡᠴᠡᠭᠰᠡᠨ ︵ᠳᠦᠴᠢ ᠶᠢᠰᠦ᠂ ᠵᠢᠷᠠᠨ ᠨᠢᠭᠡ | ᠂ ᠳᠠᠯᠠᠨ ᠭᠤᠷᠪᠠ᠂ ᠨᠠᠶᠠᠨ ᠳᠠᠪᠤ᠂ ᠶᠠᠷᠡᠨ ᠳᠤᠯᠤᠭ᠎ᠠ︶ ᠪᠠᠶᠠᠷ᠂ ᠭᠠᠯ ᠭᠤᠯᠤᠮᠳᠠ ᠪᠠᠨ ᠵᠠᠯᠭᠠᠬᠤ ᠪᠠᠶᠠᠷ᠂ ᠵᠢᠷᠠ᠂ | ᠳᠠᠯ᠎ᠠ᠂ ᠨᠠᠶᠠ᠂ ᠶᠠᠷ᠎ᠠ ᠨᠠᠰᠤᠯᠠᠭᠰᠠᠨ ᠨᠠᠰᠤᠳᠠᠨ ᠦᠷ᠎ᠡ ᠭᠡᠤᠭᠡᠳ ᠤᠨ ᠢᠶᠠᠨ ᠰᠠᠶᠢᠨ ᠰᠠᠶᠢᠬᠠᠨ ᠢ ᠦᠵᠡᠭᠡ ᠨᠠᠶᠢᠷ ᠢ | ᠭᠡᠯᠡᠳᠡᠭ᠃ ᠡᠭᠦᠨ ᠢ ᠦᠷ᠎ᠡ ᠭᠡᠤᠭᠡᠳ ᠳᠦᠷᠦᠯ ᠰᠠᠳᠤᠨ ᠨᠢ ᠬᠢᠳᠡᠭ᠃ ᠡᠳᠡᠭᠡᠷ ᠪᠠᠶᠠᠷ ᠨᠠᠶᠢᠷ ᠳᠡᠭᠡᠷ᠎ᠡ᠂ ᠦᠷ᠎ᠡ | ᠭᠡᠤᠭᠡᠳ᠂ ᠵᠢᠭᠡ ᠨᠠᠭᠠᠴᠤ᠂ ᠳᠦᠷᠦᠯ ᠰᠠᠳᠤᠨ ᠨᠢ ᠪᠦᠷ ᠬᠠᠯᠠᠭᠤᠨ ᠬᠤᠰᠢᠭᠤ ᠲᠠᠢ ᠮᠠᠯ᠂ ᠠᠶᠤᠰᠢ ᠬᠠᠳᠠᠭ᠂ | ᠪᠦᠭᠦᠯᠢ ᠰᠢᠭᠦᠰᠤ᠂ ᠳᠠᠪᠡᠯ ᠭᠤᠳᠤᠯ ᠪᠤᠶᠤ ᠳᠡᠪᠡᠯ ᠤᠨ ᠳᠤᠷᠭ᠎ᠠ᠂ ᠤᠯᠪᠤᠭ ᠳᠠᠪᠤᠯᠠᠭ ᠲᠠᠢ ᠪᠠᠷ ᠵᠢᠯ ᠤᠨ ᠰᠡᠭᠦᠯ | ᠰᠠᠷ᠎ᠠ ᠪᠤᠶᠤ ᠴᠠᠭᠠᠨ ᠰᠠᠷ᠎ᠠ ᠶᠢᠨ ᠡᠶᠡᠯᠳᠡᠭ ᠡᠳᠦᠷ ︵ᠢᠪᠡᠭᠡᠯ ᠰᠠᠷ᠎ᠠ ᠡᠳᠦᠷ ᠪᠢᠰᠢ︶ ᠢᠷᠡᠵᠤ ᠪᠡᠯᠭᠡᠯᠡᠭᠦ ᠶᠤᠰᠤ | ᠤᠴᠢᠷ ᠢ ᠭᠦᠢᠴᠡᠳᠭᠡᠳᠡᠭ᠃ | ᠨᠠᠰᠤᠨ ᠪᠠᠶᠠᠷ ᠤᠨ ᠨᠠᠶᠢᠷ ᠳᠡᠭᠡᠷ᠎ᠡ ᠮᠤᠷᠢ ᠤᠷᠤᠯᠳᠤᠨ ᠪᠦᠭᠡ ᠪᠠᠷᠢᠯᠳᠤᠳᠠᠭ ᠦᠭᠡᠢ᠃ ᠬᠠᠷᠪᠤᠯᠭ᠎ᠠ ᠨᠠᠮᠨᠠᠭ᠎ᠠ ᠬᠢᠵᠤ | ᠭᠡᠤᠭᠡᠳ ᠲᠤ ᠨᠠᠭᠠᠳᠤᠭᠤᠯᠳᠠᠭ᠃ | 4. ᠭᠡᠤᠭᠡᠳ ᠤᠨ ᠨᠠᠶᠢᠷ ᠭᠡᠤᠭᠡᠳ ᠤᠨ ᠨᠠᠶᠢᠷ ᠲᠤ ᠤᠬᠢᠶᠠᠯᠭ᠎ᠠ᠂ ᠦᠯᠦᠭᠡᠢ ᠶᠢᠨ ᠬᠤᠷᠢᠮ᠂ ᠤᠢ᠂ ᠲᠠᠬᠢ | ᠦᠷᠪᠡᠯᠭᠡ ᠠᠪᠬᠤ ᠮᠡᠳᠤ ᠳᠡᠰ ᠳᠠᠷᠠᠭ᠎ᠠ ᠲᠠᠢ ᠬᠢᠳᠡᠭ᠃ | ᠭᠡᠤᠭᠡᠳ ᠤᠨ ᠨᠠᠶᠢᠷ ᠲᠤ ᠭᠤᠤᠯᠳᠠᠭᠤ ᠬᠠᠮᠢᠶᠠᠳᠠᠨ ᠰᠠᠳᠤᠨ᠂ ᠢᠳᠤᠭᠠᠨ ︵ᠡᠭᠡ ᠪᠠᠷᠢᠭᠴᠢ︶ ᠨᠠᠷ ᠢ ᠵᠠᠯᠠᠵᠤ | ᠭᠡᠷ ᠬᠤᠪᠢ ᠪᠠᠷ ᠢᠶᠠᠨ ᠨᠠᠶᠢᠷᠯᠠᠳᠠᠭ᠃ ᠡᠭᠦᠨ ᠳᠤ ᠭᠡᠤᠭᠡᠳ ᠢ ᠡᠩᠭᠦᠷᠡᠶᠢᠯᠡᠭᠰᠡᠨ ᠢᠷᠦᠭᠡᠯ ᠳᠤᠰᠪᠦᠷᠢ ᠬᠠᠶᠢᠷᠠᠯᠠᠳᠠᠭ᠃ | ᠪᠦᠭᠡ ᠪᠠᠷᠢᠯᠳᠤᠨ ᠮᠤᠷᠢ ᠤᠷᠤᠯᠳᠤᠳᠠᠭ ᠦᠭᠡᠢ᠃ ᠬᠠᠷᠢᠨ ᠬᠠᠷᠪᠤᠭᠠᠴᠢ ᠵᠠᠯᠠᠵᠤ ᠰᠤᠷ ᠬᠠᠷᠪᠤᠭᠤᠯᠤᠨ ᠭᠡᠤᠭᠡᠳ ᠤᠨ | ᠳᠤᠭᠯᠠᠭᠠᠮ ᠭᠠᠷᠭᠠᠳᠠᠭ᠃ ᠡᠭᠦᠨ ᠳᠤ ᠭᠡᠤᠭᠡᠳ ᠤᠨ ᠡᠪᠦᠭᠡ ᠨᠢ ᠭᠤᠤᠯᠯᠠᠨ᠂ ᠨᠠᠭᠠᠴᠤ ᠨᠢ ᠭᠠᠷ ᠳᠦᠷᠦᠵᠤ᠂ ᠡᠭᠡ | ᠪᠠᠷᠢᠭᠴᠢ ᠡᠷᠬᠢᠮ ᠰᠠᠭᠤᠷᠢᠨ ᠳᠤ ᠰᠠᠭᠤᠳᠠᠭ᠃ ᠭᠡᠷ ᠤᠨ ᠠᠬᠠᠮᠠᠳ ᠨᠢ ᠠᠷᠢᠬᠢ ᠬᠠᠳᠠᠭ᠂ ᠰᠠᠭᠠᠯᠢ ᠰᠢᠭᠦᠰᠤ | ᠪᠠᠷᠢᠵᠤ᠄ | ︽ᠠᠭᠤᠤ ᠮᠤᠩᠭᠤᠯ ᠤᠨ ᠠᠶᠢᠮᠠᠭ | ᠠᠯᠳᠠᠨ ᠤᠳᠤ ᠰᠢᠭ᠋ ᠳᠦᠭᠡᠯᠡ | ᠠᠯᠳᠠᠷᠳᠤ ᠮᠠᠨ ᠤ ᠦᠷᠡᠳᠦᠰ | ᠠᠷᠢᠭᠤᠨ ᠭᠤᠯᠤᠮᠳᠠ ᠪᠠᠨ ᠵᠠᠯᠭ᠎ᠠ︕︾ ᠭᠡᠭᠦ ᠮᠡᠳᠤ ᠪᠠᠷ ᠭᠠᠯ ᠭᠤᠯᠤᠮᠳᠠ ᠪᠠᠨ ᠵᠠᠯᠭᠠᠬᠤ᠂ ᠭᠠᠳᠠᠭᠰᠢ | ᠮᠤᠷᠳᠠᠭᠤᠯᠬᠤ ᠦᠷ᠎ᠡ ᠲᠠᠢ ᠪᠤᠯᠤᠭᠰᠠᠨ ᠢᠶᠠᠨ ᠪᠡᠯᠭᠡᠳᠡᠨ ᠢᠷᠦᠭᠡᠳᠡᠭ᠃ | 5. ᠮᠠᠯ ᠤᠨ ᠨᠠᠶᠢᠷ ᠪᠠᠭᠠᠷᠢᠨᠴᠤᠳ ᠴᠠᠭᠠᠨ ᠰᠠᠷ᠎ᠠ ᠳᠤ ᠪᠤᠶᠤ ᠦᠴᠦᠬᠡᠨ ᠳᠦᠭᠦᠷᠡᠩ ᠤᠨ ᠦᠶ᠎ᠡ ᠪᠠᠷ ᠮᠠᠯ | ᠤᠨ ᠨᠠᠶᠢᠷ᠂ ᠮᠠᠯᠴᠢᠨ ᠪᠠᠭᠠᠳᠤᠷ ᠤᠨ ᠨᠠᠶᠢᠷ ᠬᠢᠳᠡᠭ᠃ ᠡᠨᠡ ᠨᠠᠶᠢᠷ ᠳᠡᠭᠡᠷ᠎ᠡ ᠮᠠᠯ ᠬᠠᠷᠢᠭᠤᠯᠤᠭᠴᠢᠳ ᠢᠶᠠᠨ | ᠭᠦᠨᠳᠦᠳᠭᠡᠨ ᠳᠠᠶᠢᠯᠠᠳᠠᠭ᠃ ᠵᠠᠯᠠᠳᠡᠩ ᠮᠠᠯ ︵ᠵᠢᠯ ᠪᠦᠷᠢ ᠳᠦᠷᠦᠳᠡᠭ ᠮᠠᠯ︶᠂ ᠵᠢᠳᠭᠦᠯᠳᠠᠢ ᠮᠠᠯ᠂ ᠦᠷ᠎ᠡ ᠰᠠᠶᠢᠳᠠᠢ | ᠮᠠᠯ ᠢ ᠤᠩᠭᠤᠯᠠᠳᠠᠭ᠃ ᠡᠨᠡ ᠨᠢ ᠡᠷᠳᠡᠨ ᠳᠡᠭᠡᠨ ᠰᠦᠯᠳᠡ ᠳᠠᠬᠢᠯᠭ᠎ᠠ ᠲᠠᠢ᠂ ᠴᠠᠭᠠᠨ ᠰᠠᠷ᠎ᠠ ᠶᠢᠨ ᠰᠢᠨ᠎ᠡ ᠶᠢᠨ | ᠭᠤᠷᠪᠠᠨ ᠳᠤ ᠵᠢᠯ ᠤᠨ ᠡᠬᠢᠨ ᠤ ᠨᠠᠶᠢᠷ ᠢᠶᠠᠷ ᠪᠦᠭᠡ᠂ ᠬᠠᠷᠪᠤᠯᠭ᠎ᠠ ᠲᠠᠢ ᠶᠠᠪᠤᠭᠳᠠᠵᠤ ᠪᠠᠶᠢᠵᠠᠢ᠃ ᠰᠡᠭᠦᠯᠳᠡᠵᠤ | ᠢᠷᠡᠭᠡᠳ ᠮᠠᠯ ᠤᠨ ᠰᠢᠨ᠎ᠡ ᠶᠢᠨ ᠨᠠᠶᠢᠷ ᠪᠤᠯᠵᠤ᠂ ᠱᠠᠭ᠎ᠠ ᠤᠷᠬᠢᠵᠤ᠂ ᠳᠠᠪᠤᠨ ᠬᠤᠰᠢᠭᠤ ᠮᠠᠯ ᠤᠨ ᠢᠷᠦᠭᠡᠯ ᠳᠠᠯᠪᠢᠬᠤ | ᠂ ᠠᠳᠤᠭᠤᠯᠤᠭᠴᠢᠳ ᠢ ᠰᠠᠶᠢᠰᠢᠶᠠᠬᠤ ᠳᠤᠰᠬᠠᠢ ᠨᠠᠶᠢᠷ ᠪᠤᠯᠵᠠᠢ᠃ ᠳᠡᠷᠡᠴᠢᠯᠡᠨ᠂ ᠮᠠᠯ ᠤᠨ ᠰᠢᠨ᠎ᠡ ᠶᠢᠨ ᠨᠠᠶᠢᠷ ᠢ | ᠳᠦᠯ ᠤᠨ ᠨᠠᠶᠢᠷ᠂ ᠦᠷᠡᠰ ᠤᠨ ᠰᠠᠴᠤᠯᠭ᠎ᠠ ᠶᠢᠨ ᠨᠠᠶᠢᠷ᠂ ᠠᠳᠤᠭᠤ ᠳᠡᠯᠡᠯᠭᠡ ᠶᠢᠨ ᠨᠠᠶᠢᠷ᠂ ᠮᠠᠯ ᠭᠦᠩᠭᠡᠯᠡᠭᠦ ᠨᠠᠶᠢᠷ᠂ | ᠳᠤᠭᠤᠭ᠎ᠠ ᠨᠡᠷᠡᠯᠳᠡ ᠶᠢᠨ ᠨᠠᠶᠢᠷ᠂ ᠢᠰᠡᠭᠡᠢ ᠬᠢᠭᠦ᠂ ᠠᠷᠠᠰᠤ ᠪᠤᠯᠪᠠᠰᠤᠷᠠᠭᠤᠯᠬᠤ ᠵᠡᠷᠭᠡ ᠶᠢᠨ ᠨᠠᠶᠢᠷ ᠲᠠᠢ ᠡᠳᠦᠷ | ᠬᠤᠭᠤᠴᠠᠭ᠎ᠠ ᠶᠢ ᠨᠢ ᠦᠵᠡᠵᠤ ᠬᠠᠮᠳᠤᠷᠠᠭᠤᠯᠬᠤ ᠪᠤᠯᠵᠠᠢ᠃ ᠡᠶᠢᠮᠦᠷᠭᠦ ᠨᠠᠶᠢᠷ ᠳᠡᠭᠡᠷ᠎ᠡ ᠪᠦᠭᠡ᠂ ᠮᠤᠷᠢ᠂ ᠰᠤᠷ | ᠬᠠᠷᠪᠤᠬᠤ ᠨᠠᠭᠠᠳᠤᠮ ᠪᠠᠶᠢᠳᠠᠭ ᠦᠭᠡᠢ᠃ ᠢᠷᠦᠭᠡᠯ ᠬᠤᠯᠪᠤᠭ᠎ᠠ ᠳᠠᠭᠤᠤ ᠰᠢᠯᠦᠭ ᠲᠠᠢ᠃ | ᠪᠠᠭᠠᠷᠢᠨ ᠳᠤ ᠪᠠᠶᠢᠳᠠᠭ ᠪᠠᠰᠠ ᠨᠢᠭᠡᠨ ᠵᠦᠢᠯ ᠤᠨ ᠤᠨᠴᠠ ᠨᠠᠶᠢᠷ ᠭᠡᠪᠡᠯ᠂ ᠳᠠᠬᠢᠨᠢᠰ ᠤᠨ ᠰᠦᠮ᠎ᠡ ᠶᠢᠨ ᠬᠤᠷᠠᠯ | ᠤᠨ ᠨᠠᠶᠢᠷ᠂ ᠪᠤᠩᠬᠤᠨ ᠨᠠᠶᠢᠷ ᠭᠡᠭᠦ ᠮᠡᠳᠤ ᠶᠢᠨ ᠢᠨᠵᠢ ᠮᠠᠨᠵᠤ ᠶᠢᠨ ᠬᠢᠳᠡᠭ ᠨᠠᠶᠢᠷ ᠪᠤᠢ᠃ ᠡᠭᠦᠨ ᠤ ᠬᠢᠳᠡᠯ ᠨᠢ | ᠪᠠᠭᠠᠷᠢᠨᠴᠤᠳ ᠤᠨ ᠤᠪᠤᠭ᠎ᠠ ᠶᠢᠨ ᠨᠠᠶᠢᠷ ᠲᠠᠢ ᠠᠳᠠᠯᠢ ᠪᠢᠯᠡ᠃ | |