ᠢᠳᠡᠭᠡᠨ ᠤᠮᠳᠠᠭᠠᠨ ᠤ ᠵᠠᠩᠰᠢᠯ
ᠨᠡᠶᠢᠲᠡᠯᠡᠭᠰᠡᠨ ᠴᠠᠭ᠄
2022/12/19
     ᠪᠠᠭᠠᠷᠢᠨᠴᠤᠳ ᠮᠦᠨᠴᠤ ᠨᠡᠭᠦᠳᠡᠯ ᠤᠨ ᠮᠠᠯᠵᠢᠯ ᠤᠨ ᠠᠮᠢᠳᠤᠷᠠᠯ ᠪᠠ ᠨᠤᠳᠤᠭ ᠤᠨ ᠤᠨᠴᠠᠯᠢᠭ ᠪᠦᠭᠦᠢ ᠢᠳᠡᠭᠡᠨ ᠤᠮᠳᠠᠭᠠᠨ ᠢ ᠭᠡᠷᠡᠭᠰᠡᠳᠡᠭ᠃ ᠡᠪᠦᠯ ᠵᠤᠨ ᠤ ᠳᠦᠷᠪᠡᠨ ᠤᠯᠠᠷᠢᠯ ᠳᠤ ᠡᠳᠦᠷ ᠪᠦᠷᠢ ᠶᠢᠨ ᠦᠷᠯᠦᠭᠡ ᠦᠳᠡ ᠎ ᠳᠤ ᠬᠤᠶᠠᠷ ᠴᠠᠭ ᠴᠠᠢ ᠤᠤᠭᠤᠵᠤ ᠦᠳᠡᠰᠢ ᠬᠤᠭᠤᠯᠠ ᠢᠳᠡᠳᠡᠭ᠃ ᠭᠡᠶᠢᠴᠢᠨ ᠵᠤᠴᠢᠨ ᠪᠠᠭᠤᠭᠠᠳ ᠴᠠᠢ ᠠᠶᠠᠭᠠᠯᠠᠬᠤ ᠦᠭᠡᠢ ᠪᠤᠯ ︽ᠴᠠᠢ ᠴᠦ ᠦᠭᠡᠢ ᠴᠢᠷᠠᠢ ᠴᠦ ᠦᠭᠡᠢ︾ ᠭᠡᠵᠤ ᠬᠤᠴᠢᠯᠠᠭᠳᠠᠨ᠎ᠠ᠃      ᠤᠮᠳᠠᠭᠠᠨ ᠤ ᠵᠦᠢᠯ  ᠡᠭᠦᠨ ᠳᠤ ᠴᠠᠢ ︵ ᠬᠤᠳᠠᠯᠳᠤᠭ᠎ᠠ ᠶᠢᠨ ᠴᠠᠢ ᠪᠠ ᠨᠤᠳᠤᠭ ᠤᠨ ᠴᠠᠢ︶᠂ ᠴᠠᠭᠠᠨ ᠢᠳᠡᠭᠡᠨ ᠤ ᠤᠮᠳᠠᠭᠠᠨ᠂ ᠱᠦᠯᠦ ᠵᠡᠷᠭᠡ ᠪᠠᠶᠢᠳᠠᠭ᠃      ᠴᠠᠢ ᠪᠤᠯ ᠤᠮᠳᠠ ᠶᠢᠨ ᠳᠡᠷᠢᠭᠦᠨ᠃ ᠴᠠᠢ ᠲᠠᠰᠤᠷᠠᠪᠠᠯ ᠳᠤᠯᠤᠭᠠᠢ ᠡᠪᠡᠳᠦᠨ᠎ᠡ ᠭᠡᠵᠤ ᠨᠠᠰᠤᠳᠠᠳ ᠠᠷᠭ᠎ᠠ ᠠᠭᠠᠰᠢ ᠪᠠᠨ ᠪᠠᠷᠠᠳᠠᠭ᠃ ᠴᠠᠢ ᠶᠢᠨ ᠵᠦᠢᠯ ᠳᠤ ᠬᠤᠳᠠᠯᠳᠤᠭ᠎ᠠ ᠶᠢᠨ ᠴᠠᠢ᠂ ᠨᠤᠳᠤᠭ ᠤᠨ ᠴᠠᠢ ᠭᠡᠭᠦ ᠮᠡᠳᠤ ᠬᠤᠶᠠᠷ ᠵᠦᠢᠯ ᠪᠠᠶᠢᠳᠠᠭ᠃ ᠬᠤᠳᠠᠯᠳᠤᠭ᠎ᠠ ᠶᠢᠨ ᠴᠠᠢ ᠳᠤ ᠶᠡᠭᠡ ᠪᠠᠭ᠎ᠠ ᠪᠠᠷ ᠨᠢ ᠦᠵᠡᠵᠤ ᠬᠤᠷᠢᠨ ᠳᠤᠯᠤᠭᠠᠳᠤ ᠭᠤᠴᠢᠨ ᠵᠢᠷᠭᠤᠭᠠᠳᠤ ᠶᠢᠨ ᠭᠡᠪ ᠤᠨ ᠴᠠᠢ ᠭᠡᠭᠦ ᠪᠤᠶᠤ ᠪᠠᠭᠯᠠᠭ᠎ᠠ ᠪᠠᠷ ᠨᠢ ᠢᠯᠭᠠᠵᠤ ᠪᠤᠷᠳᠤᠭ ᠴᠠᠢ᠂ ᠰᠡᠪᠢᠭᠡᠷ ᠴᠠᠢ ᠭᠡᠳᠡᠭ᠃ ᠪᠠᠭᠠᠷᠢᠨᠴᠤᠳ ᠪᠦᠷᠢᠵᠤ ᠤᠤᠭᠤᠳᠠᠭ ᠬᠠᠷ᠎ᠠ ᠴᠠᠢ᠂ ᠰᠢᠷ᠎ᠠ ᠴᠠᠢ᠂ ᠨᠤᠭᠤᠭᠠᠨ ᠴᠠᠢ ᠶᠢ ᠶᠡᠷᠦ ᠤᠤᠭᠤᠳᠠᠭ ᠦᠭᠡᠢ᠃ ᠤᠷᠢᠳᠤ ᠮᠠᠯᠴᠢᠳ ᠤᠨ ᠭᠦᠭᠡ ᠴᠠᠢ ᠤᠤᠭᠤᠳᠠᠭ ᠳᠠᠳᠬᠠᠯ ᠢ ᠠᠰᠢᠭᠯᠠᠨ ᠳᠤᠩᠰᠢᠭᠤᠷ ᠬᠤᠳᠠᠯᠳᠤᠭᠠᠴᠢᠳ ᠠᠴᠠ ᠭᠡᠪ ᠤᠨ ᠴᠠᠢ ᠶᠢ ᠬᠤᠨᠢ ᠪᠠᠷ ᠰᠤᠯᠢᠳᠠᠭ ᠪᠠᠶᠢᠵᠠᠢ᠃     ᠨᠤᠳᠤᠭ ᠤᠨ ᠴᠠᠢ ᠶᠢ ᠪᠠᠰᠠ ᠮᠤᠩᠭᠤᠯ ᠴᠠᠢ ᠭᠡᠳᠡᠭ᠃ ᠡᠨᠡ ᠨᠢ ᠨᠤᠳᠤᠭ ᠤᠨ ᠤᠷᠭᠤᠮᠠᠯ ᠢ ᠵᠤᠬᠢᠬᠤ ᠴᠠᠭ ᠎ ᠲᠤ ᠳᠡᠭᠦᠵᠤ᠂ ᠦᠪᠡᠷ ᠢᠶᠠᠨ ᠪᠤᠯᠪᠠᠰᠤᠷᠠᠭᠤᠯᠤᠭᠠᠳ ᠰᠢᠮ᠎ᠡ ᠶᠢ ᠨᠢ ᠤᠤᠭᠤᠳᠠᠭ ᠪᠤᠶᠤ ᠳᠠᠷᠢᠮᠠᠯ ᠤᠨ ᠦᠷ᠎ᠡ ᠶᠢ ᠴᠢᠨᠠᠵᠤ ᠰᠦᠯᠡᠭᠡᠳ ᠤᠮᠳᠠ ᠪᠤᠯᠭᠠᠬᠤ ᠶᠢ ᠭᠡᠯᠡᠳᠡᠭ᠃ ᠨᠤᠳᠤᠭ ᠤᠨ ᠴᠠᠢ ᠳᠤ ᠭᠤᠤᠯᠳᠠᠭᠤ ᠤᠤᠭᠤᠳᠠᠭ ᠤᠷᠭᠤᠮᠠᠯ ᠎ ᠤᠨ ᠵᠦᠢᠯ ᠭᠡᠪᠡᠯ ᠰᠦᠳᠤ ᠭᠦᠷᠮᠡᠯᠢ ︵ᠭᠦᠷᠪᠠᠭᠢ︶᠂ ᠦᠷᠢᠯ᠂ ᠱᠡᠭᠡᠷ᠂ ᠢᠯᠠᠮ᠎ᠠ᠂ ᠤᠯᠠᠭᠠᠨ᠎ᠠ᠂ ᠳᠤᠯᠤᠭᠠᠨ᠎ᠠ᠂ ᠮᠠᠨᠤ ᠴᠡᠴᠡᠭ᠂ ᠳᠡᠮᠡᠭᠡᠨ ᠰᠡᠭᠦᠯ᠂ ᠮᠦᠩᠬᠡ ᠴᠠᠢ ᠵᠡᠷᠭᠡ ᠪᠤᠢ᠃ ᠡᠳᠡᠭᠡᠷ ᠭᠡᠭᠡᠷ᠎ᠡ ᠶᠢᠨ ᠤᠷᠭᠤᠮᠠᠯ ᠤᠨ ᠨᠠᠪᠴᠢ᠂ ᠦᠷ᠎ᠡ ᠪᠤᠶᠤ ᠦᠨᠳᠦᠰᠦ ᠨᠢ ᠪᠤᠯᠪᠠᠰᠤᠷᠠᠬᠤ ᠦᠶ᠎ᠡ ᠳᠤ ᠠᠪᠴᠤ ᠬᠠᠳᠠᠭᠠᠬᠤ᠂ ᠳᠠᠷᠤᠰᠢᠭᠤᠯᠬᠤ᠂ ᠭᠡᠪ ᠤᠨ ᠴᠠᠢ ᠎ ᠲᠠᠢ ᠵᠢᠩᠨᠡᠭᠦ ᠮᠡᠳᠤ ᠠᠷᠭ᠎ᠠ ᠪᠠᠷ ᠪᠤᠯᠪᠠᠰᠤᠷᠠᠭᠤᠯᠤᠭᠠᠳ ᠴᠢᠨᠠᠵᠤ ᠰᠦᠯᠡᠵᠤ ᠤᠤᠭᠤᠳᠠᠭ᠃ ᠢᠩᠬᠢᠭᠦ ᠳᠡᠭᠡᠨ ᠪᠠᠶᠠᠨ ᠬᠠᠨ ᠤ ᠱᠡᠭᠡᠷ᠂ ᠪᠠᠶᠠᠨᠳᠠᠯ᠎ᠠ ᠶᠢᠨ ᠰᠦᠳᠤ᠂ ᠰᠠᠶᠢᠬᠠᠨ ᠬᠠᠨ ᠤ ᠦᠷᠢᠯ᠂ ᠪᠠᠶᠠᠨ ᠳᠤᠤᠪᠠᠢ ᠶᠢᠨ ᠮᠠᠨᠤᠤ ᠴᠡᠴᠡᠭ ᠵᠡᠷᠭᠡ ᠶᠢ ᠳᠤᠩ ᠡᠷᠬᠢᠮᠯᠡᠨ ᠳᠡᠷᠭᠡ ᠤᠨᠤᠭ᠎ᠠ ᠲᠠᠢ ᠶᠠᠪᠤᠵᠤ ᠳᠡᠭᠦᠳᠡᠭ᠃ ᠡᠳᠡᠭᠡᠷ ᠠᠮᠢᠳᠤᠷᠠᠯ ᠤᠨ ᠳᠤᠷᠰᠢᠯᠭ᠎ᠠ ᠪᠠᠷ ᠪᠤᠯᠪᠠᠰᠤᠷᠠᠭᠤᠯᠤᠭᠰᠠᠨ ᠭᠡᠭᠡᠷ᠎ᠡ ᠶᠢᠨ ᠤᠷᠭᠤᠮᠠᠯ ᠤᠨ ᠴᠠᠢ ᠨᠢ ᠬᠤᠳᠠᠯᠳᠤᠭ᠎ᠠ ᠴᠠᠢ ᠲᠠᠢ ᠦᠨᠦᠷ ᠠᠮᠳᠠ ᠲᠠᠢ ᠡᠭᠡᠭᠡ ᠠᠳᠠᠯᠢ ᠮᠦᠷᠳᠡᠭᠡᠨ ᠵᠠᠷᠢᠮ ᠵᠦᠢᠯ ᠨᠢ ᠦᠨᠡᠭᠡᠷ ᠦᠪᠡᠷᠮᠢᠴᠡ ᠰᠠᠶᠢᠬᠠᠨ ᠪᠠᠶᠢᠳᠠᠭ᠃     ᠨᠤᠳᠤᠭ ᠤᠨ ᠴᠠᠢ ᠶᠢᠨ ᠵᠦᠢᠯ ᠳᠤ ᠪᠠᠰᠠ ᠠᠪᠠᠭ᠎ᠠ ᠴᠠᠢ᠂ ᠵᠤᠳᠠᠩ᠂ ᠬᠢᠷᠠᠮ᠎ᠠ ︵ᠴᠠᠶᠢᠳᠠᠮ︶ ᠪᠤᠯ ᠰᠢᠩᠭᠡᠨ ᠴᠢᠨᠠᠭᠰᠠᠨ ᠴᠠᠢ ᠶᠢᠨ ᠱᠠᠷᠤᠭ ᠢ ᠱᠦᠭᠦᠵᠤ ᠠᠪᠤᠭᠠᠳ ᠰᠦ ᠳᠤᠰᠤ ᠬᠤᠯᠢᠵᠤ ᠰᠠᠮᠤᠷᠤᠭᠰᠠᠨ ᠤᠤᠭᠤᠰᠢ᠃ ᠡᠭᠦᠪᠡᠷ ᠮᠤᠩᠭᠤᠯ ᠡᠮ ᠤᠨ ᠭᠦᠯᠭᠡ ᠪᠤᠯᠭᠠᠳᠠᠭ᠃ ᠦᠷᠭᠦᠯᠵᠢ ᠤᠤᠭᠤᠳᠠᠭ ᠦᠭᠡᠢ ᠪᠦᠭᠡᠳ ᠭᠡᠶᠢᠴᠢᠨ ᠵᠤᠴᠢᠨ ᠳᠤ ᠠᠶᠠᠭᠠᠯᠠᠳᠠᠭ ᠦᠭᠡᠢ᠃ ᠡᠶᠢᠮᠦ ᠰᠢᠩᠭᠡᠨ ᠪᠤᠶᠤ ᠱᠠᠷᠤᠭ ᠤᠨ ᠴᠠᠢ ᠠᠶᠠᠭᠠᠯᠠᠵᠤ ᠦᠭᠭᠦᠭᠰᠡᠨ ᠠᠶᠢᠯ ᠢ ︽ᠴᠠᠶᠢᠳᠠᠮ ᠎ ᠢᠶᠠᠨ ᠴᠢᠨᠠᠭᠠᠳ ᠴᠢᠮᠠᠷᠬᠠᠢ ᠪᠠᠨ ᠮᠠᠭᠠᠵᠢᠵᠠᠢ︾ ᠭᠡᠵᠤ ᠳᠤᠭᠤᠬᠢᠯᠠᠳᠠᠭ᠃ ᠪᠠᠭᠠᠷᠢᠨᠴᠤᠳ ᠴᠠᠢ ᠳᠠᠭᠠᠨ ᠪᠤᠳᠠᠭ᠎ᠠ ᠤᠷᠬᠢᠵᠤ ᠴᠢᠨᠠᠭᠠᠳ ᠳᠠᠪᠤᠷ᠎ᠠ ᠳᠤᠩᠭᠤᠷᠤᠭᠤᠯᠳᠠᠭ ᠢ ᠴᠡᠭᠡᠷᠯᠡᠨ᠎ᠡ᠃ ᠴᠠᠢ ᠶᠢ ᠢᠳᠡᠭᠡᠰᠢᠭ ᠰᠠᠶᠢᠬᠠᠨ ᠴᠢᠨᠠᠵᠤ ᠰᠦ ᠳᠠᠪᠤᠰᠤ ᠶᠢ ᠨᠢ ᠵᠤᠬᠢᠴᠠᠭᠤᠯᠤᠨ ᠤᠤᠭᠤᠬᠤ ᠳᠠᠭᠠᠨ ᠬᠠᠭᠤᠷᠤᠭᠰᠠᠨ ᠪᠤᠳᠠᠭ᠎ᠠ᠂ ᠬᠤᠷᠤᠳ ᠳᠤᠰᠤ᠂ ᠪᠤᠷᠠᠮ ᠪᠤᠭᠤᠷᠰᠤᠭ᠂ ᠮᠢᠬ᠎ᠠ ᠢᠳᠡᠭᠡ ᠶᠢ ᠳᠤᠰᠬᠠᠢ ᠳᠠᠪᠠᠭᠯᠠᠵᠤ ᠳᠠᠯᠪᠢᠳᠠᠭ᠃ ᠭᠡᠶᠢᠴᠢᠨ ᠵᠤᠴᠢᠨ ᠳᠤ ᠬᠤᠭᠤᠰᠤᠨ ᠴᠠᠢ ︵ᠳᠠᠪᠢᠰᠢ ᠦᠭᠡᠢ ᠴᠠᠢ︶ ᠠᠶᠠᠭᠠᠯᠠᠳᠠᠭ ᠦᠭᠡᠢ᠃     ᠴᠠᠭᠠᠨ ᠢᠳᠡᠭᠡᠨ ᠤ ᠤᠮᠳᠠᠭᠠᠨ ᠳᠤ ᠰᠦ᠂ ᠳᠠᠷᠠᠭ᠂ ᠠᠶᠢᠷᠠᠭ ᠵᠡᠷᠭᠡ ᠪᠤᠢ᠃     ᠰᠦ — ᠪᠠᠭᠠᠷᠢᠨᠴᠤᠳ ᠭᠡᠭᠦᠦ ᠢᠩᠭᠡ ᠶᠢ ᠪᠠᠷᠤᠭ ᠰᠠᠭᠠᠳᠠᠭ ᠦᠭᠡᠢ᠃ ᠦᠨᠢᠶ᠎ᠡ᠂ ᠬᠤᠨᠢ᠂ ᠢᠮᠠᠭ᠎ᠠ ᠰᠠᠭᠠᠳᠠᠭ᠃ ᠦᠨᠢᠶ᠎ᠡ ᠶᠢᠨ ᠰᠦ ᠶᠢ ᠳᠦᠭᠦᠭᠡᠢ ᠪᠠᠷ ᠪᠤᠶᠤ ᠭᠦᠭᠡᠷᠦᠭᠦᠯᠵᠤ ︵ᠴᠢᠨᠠᠵᠤ︶ ᠤᠤᠭᠤᠳᠠᠭ᠃ ᠬᠤᠨᠢ ᠢᠮᠠᠭᠠᠨ ᠰᠦ ᠶᠢ ᠳᠦᠭᠦᠭᠡᠢ ᠪᠠᠷ ᠤᠤᠭᠤᠳᠠᠭ ᠦᠭᠡᠢ᠃ ᠤᠭᠤᠵᠢᠨ ᠤ ᠭᠡᠤᠭᠡᠳ ᠲᠤ ᠤᠤᠭᠤᠯᠭᠠᠪᠠᠯ ᠪᠤᠷᠠᠮ ᠰᠢᠬᠢᠷ ᠎ ᠲᠠᠢ ᠪᠤᠴᠠᠯᠭᠠᠭᠠᠳ ᠬᠠᠯᠠᠭᠤᠨ ᠭᠦᠢᠳᠡᠨ ᠢ ᠳᠤᠬᠢᠷᠠᠭᠤᠯᠤᠨ ᠤᠭᠤᠵᠢᠳᠠᠭ᠃ ᠳᠠᠷᠠᠭ ᠠᠶᠢᠷᠠᠭ ᠤᠨ ᠤᠮᠳᠠ — ᠵᠤᠨ ᠨᠠᠮᠤᠷ ᠰᠦ ᠰᠠᠭᠠᠯᠢ ᠡᠯᠪᠡᠭ ᠦᠶᠡᠰ᠂ ᠭᠡᠭᠡᠷ᠎ᠡ ᠭᠠᠳᠠᠨ᠎ᠠ ᠠᠵᠢᠯ ᠬᠢᠭᠰᠡᠳ ᠰᠢᠩᠭᠡᠨ ᠡᠭᠡᠳᠡᠭᠰᠡᠨ ᠰᠦ ᠳᠤ ᠦᠷᠦᠮ᠎ᠡ ᠶᠢᠨ ᠤᠭᠠᠳᠠᠰᠤ ᠬᠤᠯᠢᠵᠤ᠂ ᠪᠤᠷᠵᠢᠨ ᠯᠤᠩᠬᠤ ᠪᠤᠶᠤ ᠪᠤᠭ ᠮᠠᠯ ᠎ ᠤᠨ ᠡᠯᠳᠡᠭᠰᠡᠨ ᠭᠦᠵᠡᠭᠡ ᠳᠤ ᠰᠠᠪᠠᠯᠠᠨ ᠠᠪᠠᠴᠢᠵᠤ ᠤᠤᠭᠤᠳᠠᠭ᠃ ᠪᠠᠰᠠ ᠰᠢᠷᠠᠰᠤ ︵ᠰᠢᠷ᠎ᠠ ᠤᠰᠤ︶᠎ ᠶᠢ ᠪᠤᠴᠠᠯᠭᠠᠨ ᠰᠦ ᠨᠡᠮᠡᠵᠤ ᠠᠶᠢᠷᠠᠭᠯᠠᠭᠠᠳ ᠤᠤᠭᠤᠳᠠᠭ᠃ ᠠᠶᠢᠷᠠᠭ ᠢᠶᠠᠷ ᠠᠷᠢᠬᠢ ᠨᠡᠷᠡᠭᠡᠳ ᠴᠠᠭ᠎ᠠ ᠪᠤᠯᠭᠠᠵᠤ ︵ᠵᠠᠷᠢᠮ ᠎ ᠨᠢ ᠮᠦᠨᠴᠤ ᠠᠶᠢᠷᠠᠭ ᠭᠡᠳᠡᠭ︶᠂ ᠠᠷᠢᠬᠢ᠂ ᠴᠠᠭ᠎ᠠ ᠶᠢ ᠤᠮᠳᠠᠯᠠᠳᠠᠭ᠃ ᠴᠠᠭ᠎ᠠ ᠶᠢ ᠰᠢᠩᠭᠡᠨ ᠪᠤᠳᠠᠭᠠᠨ ᠳᠤ ᠵᠠᠶᠢᠯᠳᠠᠭ᠃ ᠰᠦ ᠶᠢᠨ ᠵᠦᠢᠯ ᠤᠨ ᠤᠮᠳᠠᠭᠠᠨ ᠰᠢᠮ᠎ᠡ ᠰᠠᠶᠢᠳᠠᠢ ᠪᠤᠯᠬᠤᠷ ᠦᠯ ᠤᠮᠳᠠ ᠶᠢ ᠪᠦᠷ ᠳᠠᠷᠤᠳᠠᠭ ᠪᠦᠭᠡᠳ ᠡᠮ ᠳᠤᠮ ᠪᠤᠯᠳᠠᠭ᠃      ᠰᠦ ᠰᠠᠭᠠᠯᠢ ᠳᠠᠳᠠᠭᠤᠷᠠᠭᠰᠠᠨ ᠦᠶ᠎ᠡ ᠳᠤ ᠤᠯᠠᠩᠬᠢ ᠠᠶᠢᠯ ᠮᠤᠩᠭᠤᠯ ᠭᠡᠷ ᠤᠨ ᠳᠤᠯᠭ᠎ᠠ ᠶᠢᠨ ᠢᠶᠠᠨ ᠵᠡᠭᠦᠨ ᠬᠤᠶᠢᠨ᠎ᠠ ᠨᠦᠭᠡ ᠮᠠᠯᠳᠠᠨ ᠪᠤᠳᠤᠩ ᠰᠠᠭᠤᠯᠭᠠᠵᠤ ᠠᠶᠢᠷᠠᠭ ᠳᠡᠵᠢᠭᠡᠳᠡᠭ᠃ ᠡᠳᠦᠷ ᠪᠦᠷᠢ ᠰᠦ ᠨᠡᠮᠡᠵᠤ᠂ ᠭᠡᠶᠢᠴᠢᠨ ᠵᠤᠴᠢᠨ ᠢᠷᠡᠪᠡᠯ ᠠᠶᠢᠷᠠᠭ ᠪᠠᠷᠢᠳᠠᠭ᠃ ᠠᠶᠢᠷᠠᠭ ᠤᠤᠭᠤᠭᠰᠠᠨ ᠨᠠᠰᠤᠳᠠᠶᠢᠴᠤᠤᠯ᠄ ︽ᠠᠶᠢᠷᠠᠭ ᠴᠢᠨᠢ ᠪᠤᠯᠠᠭ ᠰᠢᠭ᠋ ᠤᠨᠳᠤᠷᠳᠤᠭᠠᠢ     ᠠᠯᠳᠠᠷ ᠴᠢᠨᠢ ᠠᠯᠳᠠᠨ ᠳᠡᠯᠡᠭᠡᠢ ᠳᠤ ᠮᠠᠨᠳᠤᠳᠤᠭᠠᠢ︾ ᠭᠡᠭᠦ ᠮᠡᠳᠤ ᠪᠠᠷ ᠢᠷᠦᠭᠡᠳᠡᠭ᠃ ᠠᠶᠢᠷᠠᠭ ᠴᠠᠭ᠎ᠠ ᠶᠢ ᠪᠠᠰᠠ ᠡᠪᠦᠯ ᠬᠠᠪᠤᠷ ᠤᠨ ᠴᠠᠭ ᠲᠤ ᠪᠤᠷᠠᠮ ᠳᠤᠰᠤ ᠲᠠᠢ ᠪᠤᠴᠠᠯᠭᠠᠵᠤ ᠤᠤᠭᠤᠳᠠᠭ᠃      ᠠᠷᠢᠬᠢ — ᠳᠤᠬᠠᠢ ᠶᠢᠨ ᠦᠶ᠎ᠡ ᠳᠤ ᠡᠯᠳᠡᠪ ᠵᠦᠢᠯ ᠤᠨ ᠠᠷᠢᠬᠢ ᠬᠤᠪᠤᠷ ᠪᠠᠶᠢᠭᠰᠠᠨ ᠪᠤᠯᠬᠤᠷ ᠠᠮᠤ ᠪᠤᠳᠠᠭ᠎ᠠ ᠪᠠᠷ ᠨᠡᠷᠡᠭᠰᠡᠨ ᠢ ᠨᠢ ᠬᠠᠷ᠎ᠠ ᠠᠷᠢᠬᠢ ︵ᠬᠤᠳᠠᠯᠳᠤᠭ᠎ᠠ ᠠᠷᠢᠬᠢ︶᠂ ᠠᠶᠢᠷᠠᠭ ᠴᠠᠭ᠎ᠠ ᠪᠠᠷ ᠨᠡᠷᠡᠭᠰᠡᠨ ᠢ ᠨᠢ ᠮᠤᠩᠭᠤᠯ ᠠᠷᠢᠬᠢ ︵ᠰᠠᠭᠠᠯᠢ ᠶᠢᠨ ᠠᠷᠢᠬᠢ︶ ᠭᠡᠳᠡᠭ᠃ ᠠᠷᠢᠬᠢ ᠶᠢ ᠶᠡᠭᠡ ᠤᠮᠳᠠᠭᠠᠨ ᠭᠡᠵᠤ ᠨᠠᠶᠢᠷ ᠬᠤᠷᠢᠮ᠂ ᠵᠢᠯ ᠴᠠᠭᠠᠨ ᠰᠠᠷ᠎ᠠ ᠳᠤ ᠳᠦᠴᠢᠨ ᠨᠠᠰᠤᠨ ᠠᠴᠠ ᠳᠡᠭᠡᠭᠰᠢᠬᠢ ᠪᠦᠰᠡᠳᠠᠢ ᠭᠦᠮᠦᠨ ᠤᠤᠭᠤᠳᠠᠭ᠃ ᠦᠭᠡᠷ᠎ᠡ ᠦᠶ᠎ᠡ ᠳᠤ ᠶᠡᠷᠦ ᠤᠤᠭᠤᠳᠠᠭ ᠦᠭᠡᠢ᠃ ᠵᠠᠯᠠᠭᠤᠴᠤᠳ ᠪᠠᠭᠠᠴᠤᠳ ᠪᠦᠰᠡᠭᠦᠶᠢᠴᠤᠳ ᠨᠡᠩ ᠠᠮᠬᠠᠷᠳᠠᠭ ︵ᠠᠮᠠ ᠭᠦᠷᠳᠡᠭ︶ ᠦᠭᠡᠢ᠃      ᠱᠦᠯᠦ — ᠤᠯᠠᠭᠠᠨ ᠢᠳᠡᠭᠡᠨ ᠤ ᠤᠮᠳᠠᠭᠠᠨ᠃ ᠱᠦᠯᠦ ᠤᠤᠭᠤᠬᠤ ᠭᠡᠳᠡᠭ ᠨᠢ ᠡᠪᠦᠯ ᠤᠨ ᠢᠳᠡᠰᠢᠨ ᠎ ᠠᠴᠠ ᠪᠤᠰᠤᠳ ᠦᠶ᠎ᠡ ᠳᠤ ᠮᠠᠯ ᠨᠢᠳᠤᠯᠠᠬᠤ ᠶᠢᠨ ᠲᠦᠯᠦᠭᠡᠨ ᠤ ᠦᠭᠡ ᠪᠤᠯᠤᠭᠰᠠᠨ ᠨᠢ ᠭᠠᠶᠢᠬᠠᠯᠳᠠᠢ᠃ ᠱᠦᠯᠦᠨ ᠳᠤ ᠬᠠᠷ᠎ᠠ ᠱᠦᠯᠦ ︵ᠦᠭᠡᠭᠦ ᠦᠭᠡᠢ ᠬᠠᠭᠤᠴᠢᠨ ᠰᠢᠨ᠎ᠡ ᠬᠠᠷ᠎ᠠ ᠮᠢᠬ᠎ᠠ ᠶᠢ ᠭᠦᠰᠭᠦᠯᠡᠭᠡᠳ ᠴᠡᠪᠡᠷ ᠤᠰᠤ ᠂ ᠭᠦᠭᠡ ᠳᠠᠪᠤᠰᠤ᠂ ᠳᠠᠭᠠᠨ᠎ᠠ ᠲᠠᠢ ᠴᠢᠨᠠᠭᠰᠠᠨ︶᠂ ᠳᠤᠰᠬᠠᠢ ᠱᠦᠯᠦ ︵ᠡᠮ ᠤᠨ ᠳᠠᠷᠤᠯᠭ᠎ᠠ ᠭᠦᠯᠭᠡ ᠳᠤ ᠤᠤᠭᠤᠬᠤ᠂ ᠭᠦᠩᠭᠡᠵᠢᠭᠰᠡᠨ ᠪᠠᠷᠳᠠᠭᠰᠠᠨ ᠭᠦᠮᠦᠨ ᠤᠤᠭᠤᠬᠤ᠂ ᠠᠷᠠᠰᠤ ᠰᠠᠪᠠᠰᠦᠨ ᠳᠤ ᠰᠠᠭᠤᠭᠰᠠᠳ ᠤᠤᠭᠤᠬᠤ︶ ᠮᠡᠳᠤ ᠵᠡᠷᠭᠡ ᠪᠠᠶᠢᠳᠠᠭ᠃      ᠱᠦᠯᠦ ᠶᠢ ᠶᠡᠷᠦ ᠬᠤᠨᠢ ᠦᠭᠡᠷ ᠤᠨ ᠮᠢᠬ᠎ᠠ ᠪᠠᠷ ᠭᠠᠷᠭᠠᠳᠠᠭ᠃ ᠢᠮᠠᠭᠠᠨ ᠮᠢᠬᠠᠨ ᠱᠦᠯᠦ ᠶᠢ ᠪᠢᠯᠢᠭ ᠤᠨ ᠤᠯᠠᠷᠢᠯ ᠤᠨ ᠳᠠᠪᠤ ᠪᠤᠶᠤ ᠨᠠᠢᠮᠠᠨ ᠰᠠᠷ᠎ᠠ ᠠᠴᠠ ᠪᠤᠰᠤᠳ ᠴᠠᠭ ᠲᠤ ᠤᠤᠭᠤᠳᠠᠭ ᠦᠭᠡᠢ᠃ ᠠᠳᠤᠭᠤ ᠳᠡᠮᠡᠭᠡ ᠶᠢᠨ ᠮᠢᠬ᠎ᠠ ᠪᠠᠷ ᠱᠦᠯᠦ ᠭᠠᠷᠭᠠᠳᠠᠭ ᠦᠭᠡᠢ᠃      ᠢᠳᠡᠭᠡᠨ ᠤ ᠵᠦᠢᠯ  ᠪᠠᠭᠠᠷᠢᠨᠴᠤᠳ ᠤᠨ ᠢᠳᠡᠭᠡᠨ ᠤ ᠵᠦᠢᠯ ᠳᠤ᠂ ᠤᠯᠠᠭᠠᠨ ᠴᠠᠭᠠᠨ ᠢᠳᠡᠭᠡᠨ ᠪᠠ ᠳᠡᠭᠦᠪᠡᠷ ᠎ ᠢᠶᠠᠨ ᠦᠩᠰᠢᠭᠦᠯᠦᠭᠰᠡᠨ ᠤᠷᠭᠤᠮᠠᠯ ᠳᠠᠷᠢᠮᠠᠯ ᠤᠨ ᠦᠷ᠎ᠡ ᠪᠠᠷ ᠬᠤᠪᠢᠯᠭᠠᠳᠠᠭ ᠤᠯᠠᠨ ᠵᠦᠢᠯ ᠪᠠᠶᠢᠳᠠᠭ᠃1. ᠴᠠᠭᠠᠨ ᠢᠳᠡᠭᠡᠨ᠃ ᠰᠦ ᠰᠠᠭᠠᠯᠢ ᠶᠢᠨ ᠪᠦᠳᠦᠭᠡᠭᠳᠡᠭᠦᠨ ᠢ ᠴᠠᠭᠠᠨ ᠢᠳᠡᠭᠡᠨ ᠭᠡᠳᠡᠭ᠃ ᠴᠠᠭᠠᠨ ᠢᠳᠡᠭᠡᠨ ᠤ ᠵᠦᠢᠯ ᠳᠤ᠂ ᠬᠤᠷᠤᠳ᠂ ᠰᠢᠷ᠎ᠠ ᠳᠤᠰᠤ᠂ ᠦᠷᠦᠮ᠎ᠡ ︵ᠵᠦᠭᠡᠭᠡᠢ ᠪᠠ ᠬᠠᠳᠠᠭᠠᠭᠰᠠᠨ ᠦᠷᠦᠮ᠎ᠡ︶᠂ ᠴᠦᠴᠦᠭᠡᠢ᠂ ᠡᠭᠡᠵᠡᠭᠡᠢ᠂ ᠠᠭᠠᠷᠤᠤᠯ ᠵᠡᠷᠭᠡ ᠪᠠᠶᠢᠳᠠᠭ᠃ ᠡᠳᠡᠭᠡᠷ ᠨᠢ ᠪᠦᠷ ᠦᠯ ᠳᠠᠷᠤᠳᠠᠭ ᠴᠦ ᠬᠤᠯᠢᠰᠢᠨ ᠢᠳᠡᠭᠡᠨ ᠤ ᠬᠤᠪᠢ ᠎ ᠪᠠᠷ ᠶᠠᠪᠤᠳᠠᠭ᠃ ᠪᠠᠭᠠᠷᠢᠨᠴᠤᠳ᠂ ᠰᠦ ᠪᠤᠯᠪᠠᠰᠤᠷᠠᠭᠤᠯᠤᠨ ᠴᠠᠭᠠᠨ ᠢᠳᠡᠭᠡᠨ ᠤ ᠵᠦᠢᠯ ᠢ ᠬᠢᠭᠦ ᠳᠡᠭᠡᠨ ᠴᠠᠬᠠᠷᠴᠤᠳ ᠲᠠᠢ ᠠᠳᠠᠯᠢᠪᠳᠤᠷ᠃ ᠤᠷᠳᠤᠰᠴᠤᠳ ᠰᠢᠭ᠋ ᠴᠦᠷᠮ᠎ᠡ ᠬᠢᠵᠤ᠂ ᠦᠵᠦᠮᠦᠴᠢᠨ ᠰᠢᠭ ᠠᠶᠢᠷᠠᠭ ᠪᠦᠯᠢᠵᠤ ᠭᠦᠴᠢᠳᠠᠢ ᠬᠤᠷᠤᠳ ᠬᠢᠳᠡᠭ ᠦᠭᠡᠢ᠃ ᠰᠦ ᠶᠢ ᠡᠭᠡᠳᠡᠭᠦᠯᠦᠨ ᠦᠷᠦᠮ᠎ᠡ ᠶᠢ ᠨᠢ ᠬᠠᠯᠮᠠᠵᠤ ᠰᠢᠷ᠎ᠠ ᠳᠤᠰᠤ︔ ᠰᠦ ᠪᠠᠷ ᠨᠢ ᠬᠤᠷᠤᠳ︔ ᠰᠢᠷᠠᠰᠤ ᠶᠢ ᠨᠢ ᠪᠤᠴᠠᠯᠭᠠᠨ ᠠᠭᠰᠢᠭᠤᠨ ᠢᠶᠠᠷ ᠨᠢ ᠡᠭᠡᠵᠡᠭᠡᠢ᠂ ᠰᠢᠩᠭᠡᠨ ᠢᠶᠠᠷ ᠨᠢ ᠠᠶᠢᠷᠠᠭ ᠴᠠᠭ᠎ᠠ ᠪᠤᠯᠭᠠᠨ ᠳᠤᠭᠤᠭ᠎ᠠ ᠨᠡᠷᠡᠵᠤ ᠠᠷᠢᠬᠢ ᠭᠠᠷᠭᠠᠳᠠᠭ᠃ ᠳᠤᠰᠤᠨ ᠤ ᠰᠢᠭᠠᠷᠠᠤ ᠶᠢ ᠴᠦᠴᠦᠭᠡᠢ ᠭᠡᠵᠤ᠂ ᠴᠠᠭ᠎ᠠ ᠶᠢᠨ ᠦᠳᠭᠡᠨ ᠢᠶᠠᠷ ᠠᠭᠠᠷᠤᠤᠯ ᠬᠢᠳᠡᠭ᠃ ᠪᠠᠭᠠᠷᠢᠨ ᠳᠤ ᠨᠠᠢᠮᠠᠨ ᠰᠤᠮᠤᠨ ᠤ ᠬᠤᠷᠤᠳ ᠨᠡᠷ᠎ᠡ ᠲᠠᠢ᠃ ᠨᠢᠮᠭᠡᠨ ᠭᠡᠪᠯᠡᠭᠰᠡᠨ ᠳᠤᠰᠤᠷᠠᠬᠤᠨ ᠰᠢᠷ᠎ᠠ ᠬᠤᠷᠤᠳ᠃ ᠨᠠᠢᠮᠠᠨ ᠰᠤᠮᠤᠨ ᠤ ᠬᠤᠷᠤᠳ ᠢ ᠢᠳᠡᠪᠡᠯ ᠠᠰᠤᠨ ᠨᠠᠰᠤᠨ ᠦᠯᠵᠡᠢ ᠶᠢ ᠤᠯᠤᠨ᠎ᠠ ᠭᠡᠰᠡᠨ ᠭᠡᠯᠡᠯᠴᠡᠭᠡ ᠲᠠᠢ᠃2. ᠤᠯᠠᠭᠠᠨ ᠢᠳᠡᠭᠡᠨ᠃ ᠡᠨᠡ ᠨᠢ ᠭᠤᠤᠯᠳᠠᠭᠤ ᠦᠭᠡᠷ᠂ ᠬᠤᠨᠢ᠂ ᠢᠮᠠᠭᠠᠨ ᠮᠢᠬ᠎ᠠ ᠪᠤᠶᠤ ᠠᠩ ᠭᠦᠷᠦᠭᠡ᠂ ᠠᠷᠢᠶᠠᠳᠠᠨ ᠵᠢᠭᠦᠷᠳᠡᠨ ᠤ ᠮᠢᠬ᠎ᠠ ᠶᠢ ᠢᠳᠡᠭᠡᠨ ᠪᠤᠯᠭᠠᠳᠠᠭ ᠢ ᠭᠡᠯᠡᠵᠤ ᠪᠤᠢ᠃ ᠠᠳᠤᠭᠤ᠂ ᠳᠡᠮᠡᠭᠡ᠂ ᠡᠯᠵᠢᠭᠡ᠂ ᠯᠠᠭᠤᠰᠠ᠂ ᠭᠠᠭ᠋ᠠᠢ᠂ ᠨᠤᠬᠠᠢ᠂ ᠳᠠᠬᠢᠶ᠎ᠠ ᠳᠡᠷᠢᠭᠦᠳᠡᠨ ᠤ ᠮᠢᠬ᠎ᠠ ᠪᠠ ᠬᠤᠯᠤᠭᠠᠨ᠎ᠠ᠂ ᠵᠤᠷᠠᠮ᠎ᠠ᠂ ᠭᠠᠯᠠᠭᠤ᠂ ᠨᠤᠭᠤᠰᠤ᠂ ᠪᠤᠯᠵᠤᠮᠤᠷ ᠤᠨ ᠮᠢᠬ᠎ᠠ ᠶᠢ ᠢᠳᠡᠳᠡᠭ ᠦᠭᠡᠢ᠃ ᠢᠯᠠᠩᠭᠤᠶ᠎ᠠ᠂ ᠴᠢᠨ᠋ᠸ᠎ᠠ ᠨᠤᠬᠠᠢ ᠳᠤ ᠢᠳᠡᠭᠳᠡᠭᠰᠡᠨ᠂ ᠠᠶᠤᠩᠭ᠎ᠠ ᠳᠤ ᠳᠠᠭᠠᠷᠢᠭᠳᠠᠭᠰᠠᠨ᠂ ᠡᠪᠡᠳᠴᠢᠨ ᠭᠡᠮ ᠢᠶᠠᠷ ᠦᠭᠦᠭᠰᠡᠨ ᠮᠠᠯ ᠤᠨ ᠮᠢᠬ᠎ᠠ ᠶᠢ ᠢᠳᠡᠳᠡᠭ ᠦᠭᠡᠢ᠃ ᠡᠭᠦᠪᠡᠷ ᠦᠯᠦ ᠪᠠᠷᠠᠨ ᠬᠠᠪᠤᠷ᠂ ᠵᠤᠨ᠂ ᠨᠠᠮᠤᠷ ᠮᠠᠯ ᠠᠷᠪᠢᠨ ᠨᠢᠳᠤᠯᠠᠳᠠᠭ ᠠᠶᠢᠯ ᠢ ︽ᠬᠤᠳᠠ ᠪᠠᠨ ᠬᠤᠷᠢᠶᠠᠮᠠᠷ ᠬᠤᠪᠳᠤᠭ︾᠂ ︽ᠤᠯᠠᠭᠠᠨ ᠢᠰᠡᠭᠡᠢ ᠵᠠᠯᠬᠢᠮᠠᠷ ᠦᠯᠦᠨ︾ ᠭᠡᠭᠦ ᠮᠡᠳᠤ ᠪᠠᠷ ᠬᠤᠴᠢᠯᠠᠳᠠᠭ᠃ ᠭᠡᠷᠪᠡ ᠤᠨᠴᠠ ᠭᠡᠷᠡᠭᠴᠡᠭᠡ ᠦᠭᠡᠢ ᠪᠤᠯ ᠡᠪᠦᠯ ᠤᠨ ᠢᠳᠡᠰᠢᠨ ᠤ ᠪᠤᠰᠤᠳ ᠴᠠᠭ ᠲᠤ ᠨᠦᠭᠡᠴᠡ ᠪᠤᠶᠤ ᠴᠠᠭᠠᠨ ᠢᠳᠡᠭᠡᠨ ᠭᠤᠤᠯᠯᠠᠨ᠎ᠠ᠃ ᠱᠦᠯᠦ ᠤᠤᠭᠤᠬᠤ ᠨᠡᠷ᠎ᠡ ᠪᠠᠷ ᠨᠢᠭᠡ ᠬᠤᠨᠢ ᠳᠦᠭᠦᠷᠭᠡᠳᠡᠭ ᠠᠴᠠ ᠠᠩᠬᠢᠳᠠ ᠮᠠᠯ ᠨᠢᠳᠤᠯᠠᠳᠠᠭ ᠦᠭᠡᠢ᠃ ᠡᠪᠦᠯ ᠤᠨ ᠢᠳᠡᠰᠢ ᠭᠡᠳᠡᠭ ᠪᠤᠯ ᠪᠢᠯᠢᠭ ᠤᠨ ᠤᠯᠠᠷᠢᠯ ᠤᠨ ᠳᠡᠷᠢᠭᠦᠨ ᠰᠠᠷ᠎ᠠ ᠶᠢᠨ ᠬᠤᠷᠢᠳ ᠎ ᠢᠶᠠᠷ ᠮᠠᠯ ᠤᠨ ᠳᠠᠷᠭᠤ ᠪᠠᠭᠤᠷᠠᠬᠤ ᠠᠴᠠ ᠤᠷᠢᠳ ᠡᠪᠦᠯ ᠬᠠᠪᠤᠷ ᠤᠨ ᠤᠯᠠᠭᠠᠨ ᠢᠳᠡᠭᠡᠨ ᠢᠶᠠᠨ ᠪᠡᠯᠡᠳᠭᠡᠵᠤ ᠦᠭᠦᠴᠡᠯᠡᠨ ᠨᠦᠭᠡᠴᠡᠯᠡᠳᠡᠭ ᠢ ᠭᠡᠯᠡᠵᠤ ᠪᠤᠢ᠃ ᠤᠯᠠᠭᠠᠨ ᠢᠳᠡᠭᠡᠨ ᠤ ᠨᠡᠷᠡᠶᠢᠳᠦᠯ ᠬᠤᠪᠢᠳᠠᠯ ᠢ ᠪᠠᠭᠴᠠᠯᠠᠪᠠᠯ᠂ ᠬᠤᠨᠢᠨ ᠤ ᠴᠢᠨᠠᠭᠰᠠᠨ ᠮᠢᠬ᠎ᠠ ᠶᠢ ᠪᠦᠭᠦᠯᠢ ᠰᠢᠭᠦᠰᠤ ᠂ ᠤᠭᠤᠴᠠᠨ ᠰᠢᠭᠦᠰᠤ᠂ ᠡᠪᠴᠢᠭᠦᠦ ᠰᠢᠭᠦᠰᠤ᠂ ᠳᠠᠯᠤ ᠳᠦᠷᠪᠡᠨ ᠦᠨᠳᠦᠷ ᠤᠨ ᠰᠢᠭᠦᠰᠤ᠂ ᠳᠤᠯᠤᠭᠠᠢ ᠰᠢᠭᠦᠰᠤ ᠭᠡᠳᠡᠭ᠃ ᠦᠭᠡᠷ ᠤᠨ ᠮᠢᠬ᠎ᠠ ᠶᠢ ᠭᠤᠤᠯᠳᠠᠭᠤᠯᠤᠭᠰᠠᠨ ᠵᠦᠢᠯ ᠢᠶᠠᠷ ᠨᠢ ᠨᠢᠷᠤᠭᠤ᠂ ᠰᠡᠭᠡᠷ᠂ ᠭᠦᠵᠦᠭᠦᠦ᠂ ᠳᠡᠷᠡᠮ᠎ᠡ ᠭᠡᠳᠡᠭ᠃ ᠭᠡᠶᠢᠴᠢᠨ ᠵᠤᠴᠢᠨ ᠳᠠᠶᠢᠯᠠᠬᠤ᠂ ᠪᠡᠯᠡᠭ ᠭᠦᠷᠭᠡᠭᠦ᠂ ᠭᠡᠤᠭᠡᠨ ᠡᠷᠬᠢᠭᠦ ᠳᠤ ᠡᠳᠡᠭᠡᠷ ᠵᠦᠢᠯ ᠢᠶᠠᠷ ᠭᠤᠤᠯᠯᠠᠳᠠᠭ ᠃ ᠴᠠᠭᠠᠨ ᠤ ᠶᠠᠪᠤᠳᠠᠯ ᠳᠤ ᠦᠭᠭᠦ ᠰᠢᠭᠦᠰᠤ ᠶᠢ ᠪᠦᠭᠦᠯᠢ ᠪᠤᠯ ᠮᠠᠩᠨᠠᠢ ᠳᠡᠭᠡᠷ᠎ᠡ ᠨᠢ ᠪᠠᠶᠠᠷ ᠮᠠᠩᠨᠠᠢ ᠭᠠᠷᠭᠠᠬᠤ ᠦᠭᠡᠢ ᠪᠦᠭᠡᠳ ᠴᠢᠬᠢ ᠦᠭᠡᠢ ᠳᠤᠯᠤᠭᠠᠢ᠂ ᠰᠡᠭᠦᠯ ᠦᠭᠡᠢ ᠤᠭᠤᠴᠠ᠂ ᠬᠤᠷᠮᠤᠢ ᠦᠭᠡᠢ ᠡᠪᠴᠢᠭᠦᠦ ᠦᠭᠳᠡᠭ᠃ ᠤᠯᠠᠭᠠᠨ ᠎ ᠤ ᠶᠠᠪᠤᠳᠠᠯ᠂ ᠬᠤᠷᠢᠮ ᠤᠨ ᠰᠠᠭᠠᠯᠢ ᠪᠤᠶᠤ ᠨᠠᠶᠢᠷ ᠤᠨ ᠳᠠᠶᠢᠯᠠᠯᠭ᠎ᠠ ᠳᠤ ᠪᠦᠭᠦᠯᠢ ᠰᠢᠭᠦᠰᠤ᠂ ᠤᠭᠤᠴᠠ᠂ ᠡᠪᠴᠢᠭᠦᠦ ︵ᠳᠠᠯᠤ ᠳᠦᠷᠪᠡᠨ ᠦᠨᠳᠦᠷ ᠦᠭᠳᠡᠭ ᠦᠭᠡᠢ︶ ᠳᠡᠪᠰᠢᠭᠦᠯᠭᠦ ᠳᠡᠭᠡᠨ ᠳᠡᠭᠡᠷ᠎ᠡ ᠨᠢ ᠬᠠᠳᠠᠭ᠂ ᠬᠤᠷᠤᠳ ᠳᠠᠯᠪᠢᠳᠠᠭ᠃ ᠭᠡᠤᠭᠡᠳ ᠨᠠᠰᠤᠳᠠᠨ ᠤ ᠪᠠᠶᠠᠷ ᠲᠤ ᠴᠦ ᠡᠭᠦᠨ ᠯᠦᠭᠡ ᠠᠳᠠᠯᠢ᠃ ᠪᠠᠭᠠᠷᠢᠨᠴᠤᠳ ᠡᠯ᠎ᠡ ᠵᠦᠢᠯ ᠤᠨ ᠰᠢᠭᠦᠰᠤ ᠳᠡᠪᠰᠢᠭᠦᠯᠭᠦ ᠳᠡᠭᠡᠨ ᠪᠦᠭᠦ ᠮᠤᠩᠭᠤᠯ ᠤᠨ ᠬᠢ ᠲᠠᠢ ᠠᠳᠠᠯᠢ᠃ ᠭᠠᠭᠴᠠ ᠬᠦ ᠤᠭᠤᠴᠠ ᠬᠠᠰᠢᠬᠤ ᠳᠠᠭᠠᠨ ᠰᠦᠪᠡᠭᠡ ᠬᠠᠪᠢᠷᠭ᠎ᠠ ᠠᠴᠠ ᠨᠢ ᠰᠡᠭᠦᠯ ᠤᠷᠤᠭᠤ ᠨᠢ ᠳᠠᠷᠤᠵᠤ ᠵᠦᠰᠦᠭᠡᠳ ᠬᠤᠶᠠᠷ ᠬᠠᠰᠢᠶᠠᠰᠤ ᠶᠢ ᠰᠤᠯᠢᠵᠤ ᠳᠠᠯᠪᠢᠳᠠᠭ᠃ ᠰᠢᠭᠦᠰᠤ ᠭᠦᠨᠳᠡᠭᠰᠡᠨ ᠭᠦᠮᠦᠨ ᠠᠯᠠᠭ᠎ᠠ ᠪᠠᠨ ᠳᠡᠯᠭᠡᠵᠤ ︽ᠵᠤᠭᠤᠭᠯᠠᠨ︾ ᠭᠡᠪᠡᠯ ᠪᠤᠯᠴᠢᠬᠠᠳᠠᠭ᠃ ᠪᠤᠰᠤᠳ ᠲᠤ ᠭᠦᠷᠭᠡᠭᠦ ᠰᠢᠭᠦᠰᠤ ᠶᠢ ᠭᠦᠨᠳᠡᠳᠡᠭ ᠦᠭᠡᠢ᠃ ᠭᠡᠤᠭᠡᠨ ᠤ ᠡᠷᠬᠢᠯᠳᠡ ᠳᠤ ᠪᠦᠭᠦᠯᠢ ᠰᠢᠭᠦᠰᠤ᠂ ᠤᠭᠤᠴᠠ᠂ ᠡᠪᠴᠢᠭᠦᠦ ᠨᠢ ᠪᠤᠤᠪᠤ ᠪᠤᠭᠤᠷᠰᠤᠭ ᠤᠨ ᠳᠦᠷᠦᠭᠦᠨ ᠎ ᠳᠤ ᠭᠤᠤᠯ ᠳᠠᠷᠤᠨ ᠶᠠᠪᠤᠳᠠᠭ ᠠᠴᠠ ᠪᠢᠰᠢ ᠳᠠᠯᠤ᠂ ᠳᠦᠷᠪᠡᠨ ᠦᠨᠳᠦᠷ᠂ ᠳᠤᠯᠤᠭᠠᠢ ᠰᠢᠭᠦᠰᠤ ᠶᠠᠪᠤᠳᠠᠭ ᠦᠭᠡᠢ᠃ ᠬᠤᠷᠢᠮ ᠤᠨ ᠰᠠᠭᠠᠯᠢ ᠳᠤ ᠦᠭᠡᠷ ᠤᠨ ᠨᠢᠷᠤᠭᠤ᠂ ᠰᠡᠭᠡᠷ᠎ᠡ᠂ ᠭᠦᠵᠦᠭᠦᠦ᠂ ᠳᠠᠷᠠᠮ᠎ᠠ ᠶᠠᠪᠤᠳᠠᠭ ᠦᠭᠡᠢ᠃3. ᠪᠤᠰᠤᠳ ᠢᠳᠡᠭᠡᠨ᠃ ᠪᠠᠭᠠᠷᠢᠨᠴᠤᠳ ᠤᠨ ᠵᠠᠩᠰᠢᠭᠰᠠᠨ ᠢᠳᠡᠭᠡᠨ ᠳᠤ ᠤᠯᠠᠭᠠᠨ ᠴᠠᠭᠠᠨ ᠢᠳᠡᠭᠡᠨ ᠠᠴᠠ ᠠᠰᠳᠠᠭᠠᠨ ᠳᠡᠭᠦᠪᠡᠷ ᠢᠶᠠᠨ ᠦᠩᠰᠢᠭᠦᠯᠦᠨ ᠬᠤᠪᠢᠯᠭᠠᠭᠰᠠᠨ ᠤᠷᠭᠤᠮᠠᠯ ᠳᠠᠷᠢᠮᠠᠯ ᠤᠨ ᠢᠳᠡᠭᠡᠨ ᠤᠯᠠᠨ ᠪᠠᠶᠢᠳᠠᠭ᠃ ᠬᠠᠭᠤᠷᠤᠭᠰᠠᠨ ᠪᠤᠳᠠᠭ᠎ᠠ — ᠴᠠᠭ ᠠᠭᠤᠷ ᠲᠤ ᠳᠤᠬᠢᠷᠠᠭᠰᠠᠨ ᠳᠦᠷᠭᠡᠨ ᠪᠤᠯᠪᠠᠰᠤᠷᠠᠳᠠᠭ ᠦᠷ᠎ᠡ ᠶᠢ ᠦᠪᠡᠷᠳᠡᠭᠡᠨ ᠳᠠᠷᠢᠵᠤ ᠬᠤᠷᠢᠶᠠᠭᠠᠳ ᠭᠦᠭᠡᠭᠡᠯᠭᠡᠵᠤ᠂ ᠬᠠᠭᠤᠷᠴᠤ᠂ ᠴᠠᠶᠢᠯᠭᠠᠭᠠᠳ᠂ ᠳᠡᠪᠳᠦᠭᠡᠵᠤ ᠬᠤᠳᠬᠤᠵᠤ ᠴᠢᠨᠠᠵᠤ ᠢᠳᠡᠭᠦ ᠎ ᠳᠤ ᠳᠦᠭᠦᠮ ᠭᠦᠨᠡᠰᠤ ᠪᠤᠯᠭᠠᠳᠠᠭ᠃ ᠭᠦᠰᠭᠦᠯᠭᠡ ᠲᠠᠢ ᠬᠤᠭᠤᠯᠠ — ᠦᠭᠡᠷ ᠬᠤᠨᠢᠨ ᠤ ᠮᠢᠬ᠎ᠠ ᠶᠢ ᠭᠦᠰᠢᠳᠡᠯ᠎ᠡ ᠭᠦᠰᠭᠦᠯᠡᠵᠤ ᠪᠤᠯᠭᠠᠭᠰᠠᠨ ᠬᠠᠭᠤᠷᠤᠭᠰᠠᠨ ᠪᠤᠳᠠᠭ᠎ᠠ᠂ ᠨᠠᠷᠢᠮᠤ᠂ ᠳᠤᠳᠤᠷᠭ᠎ᠠ᠂ ᠭᠤᠸᠠᠮᠢᠶᠠᠨ ᠵᠡᠷᠭᠡ ᠶᠢᠨ ᠵᠦᠢᠯ ᠢ ᠳᠤᠰ ᠳᠤᠰ ᠤᠶᠢᠵᠤ ᠴᠢᠨᠠᠭᠰᠠᠨ ᠪᠤᠳᠠᠭ᠎ᠠ᠃ ᠡᠳᠡᠭᠡᠷ ᠠᠮᠳᠠ ᠰᠢᠮᠳᠠ ᠲᠠᠢ ᠬᠤᠭᠤᠯᠠ ᠨᠢ ᠴᠠᠭ ᠤᠨ ᠬᠤᠭᠤᠯᠠ ᠪᠤᠯᠳᠠᠭ ᠢᠶᠠᠷ ᠪᠠᠷᠠᠬᠤ ᠦᠭᠡᠢ ᠬᠠᠷᠠᠰᠤ ᠴᠠᠭ ᠲᠤ ᠵᠤᠴᠢᠨ ᠭᠡᠶᠢᠴᠢᠨ ᠳᠠᠶᠢᠯᠠᠬᠤ ᠳᠤ ᠰᠢᠭᠦᠰᠤ ᠶᠢ ᠤᠷᠤᠯᠠᠳᠠᠭ᠃ ᠦᠷᠦᠮ᠎ᠡ ᠲᠠᠢ ᠬᠤᠭᠤᠯᠠ — ᠪᠤᠯᠤᠭᠰᠠᠨ ᠪᠤᠳᠠᠭ᠎ᠠ ᠶᠢ ᠰᠦ ᠰᠠᠭᠠᠯᠢ ᠪᠠᠷ ᠡᠯᠪᠡᠭ ᠦᠶ᠎ᠡ ᠳᠤ ᠦᠷᠦᠮ᠎ᠡ ᠳᠤ ᠵᠢᠭᠤᠷᠠᠵᠤ᠂ ᠴᠠᠢ ᠶᠢᠨ ᠳᠠᠷᠠᠭ᠎ᠠ ᠦᠭᠳᠡᠭ ᠳᠤᠰᠬᠠᠢ ᠬᠤᠭᠤᠯᠠ᠃ ᠡᠭᠦᠨ ᠢ ᠭᠦᠨᠳᠤᠳᠤ ᠶᠤᠰᠤᠨ ᠤ ᠬᠤᠭᠤᠯᠠ ᠪᠠᠷ ᠦᠵᠡᠳᠡᠭ᠃ ᠠᠮᠤᠰᠤ — ᠨᠠᠷᠢᠮᠤ ᠪᠤᠶᠤ ᠳᠤᠳᠤᠷᠭ᠎ᠠ ᠶᠢ ᠠᠭᠰᠢᠭᠤᠯᠢᠭ ᠴᠢᠨᠠᠵᠤ᠂ ᠰᠦ ᠪᠤᠶᠤ ᠦᠷᠦᠮ᠎ᠡ ᠳᠤ ᠨᠤᠬᠤᠭᠠᠳ ᠠᠶᠠᠭ᠎ᠠ ᠳᠠᠪᠠᠭ ᠲᠤ ᠠᠶᠠᠭᠠᠯᠠᠨ᠂ ᠳᠤᠮᠳᠠ ᠨᠢ ᠬᠤᠳᠤᠶᠢᠯᠭᠠᠨ ᠰᠢᠷ᠎ᠠ ᠳᠤᠰᠤ ᠳᠠᠯᠪᠢᠵᠤ᠂ ᠭᠡᠶᠢᠴᠢᠨ ᠵᠤᠴᠢᠨ ᠢ ᠵᠤᠨ ᠨᠠᠮᠤᠷ ᠳᠠᠶᠢᠯᠠᠳᠠᠭ ᠬᠤᠭᠤᠯᠠ᠃ ᠡᠭᠦᠨ ᠤ ᠳᠡᠭᠡᠷ᠎ᠡ ᠮᠢᠬ᠎ᠠ᠂ ᠴᠢᠪᠠᠭ᠎ᠠ᠂ ᠪᠤᠷᠠᠮ ᠤᠷᠤᠭᠤᠯᠪᠠᠯ ᠳᠦᠪᠬᠸ᠎ᠠ ᠭᠡᠳᠡᠭ᠃ ᠯᠠᠮᠠ ᠬᠤᠸᠠᠷᠠᠭ ᠤᠨ ᠢᠳᠡᠳᠡᠭ ᠳᠦᠪᠡᠳ ᠬᠤᠭᠤᠯᠠ ᠪᠤᠶᠤ᠃ ᠡᠨᠡ ᠨᠢ ᠤᠯᠠᠭᠠᠨ ᠢᠳᠡᠭᠡᠨ ᠬᠤᠪᠤᠷ ᠴᠠᠭ ᠤᠨ ᠤᠨᠴᠠ ᠬᠤᠭᠤᠯᠠ ᠪᠤᠯᠳᠠᠭ᠃ ᠡᠭᠦᠨ ᠢ ᠭᠦᠨᠳᠤᠳᠤ ᠵᠤᠴᠢᠨ ᠪᠤᠶᠤ ᠭᠦᠷᠭᠡᠨ ᠭᠡᠤᠭᠡᠨ ᠳᠤ ᠢᠳᠡᠭᠦᠯᠳᠡᠭ᠃ ᠳᠤᠭᠤᠯᠠᠢ — ᠨᠤᠬᠤᠭᠰᠠᠨ ᠰᠠᠭᠠᠭ ᠤᠨ ᠭᠤᠯᠢᠷ ᠢ ᠡᠷᠬᠢᠳᠡᠭᠦ ᠪᠤᠶᠤ ᠳᠦᠷᠪᠡᠯᠵᠢᠨ ᠭᠡᠷᠴᠢᠭᠡᠳ ᠳᠠᠪᠤᠰᠤ ᠲᠠᠢ ᠤᠰᠤᠨ ᠳᠤ ᠴᠢᠨᠠᠵᠤ᠂ ᠱᠦᠭᠦᠵᠤ ᠠᠪᠤᠭᠠᠳ ᠰᠦ ᠪᠤᠶᠤ ᠦᠷᠦᠮ᠎ᠡ ᠳᠤ ᠳᠠᠬᠢᠨ ᠪᠤᠯᠪᠠᠰᠤᠷᠠᠭᠤᠯᠤᠭᠠᠳ ᠠᠶᠠᠭ᠎ᠠ ᠳᠠᠪᠠᠭ ᠲᠤ ᠰᠠᠪᠠᠯᠠᠨ ᠵᠤᠴᠢᠨ ᠢᠶᠠᠨ ᠳᠠᠶᠢᠯᠠᠳᠠᠭ ᠬᠤᠭᠤᠯᠠ᠃ ᠳᠤᠭᠤᠯᠠᠢ ᠬᠤᠭᠤᠯᠠ ᠦᠭᠭᠦ ᠳᠡᠭᠡᠨ ᠬᠠᠷᠠᠰᠤ ᠪᠤᠷᠤᠰᠤ ᠪᠠᠨ ᠮᠡᠳᠡᠭᠳᠡᠨ᠂ ︽ᠰᠠᠶᠢᠨ ᠬᠤᠭᠤᠯᠠ ᠨᠢ ᠰᠠᠭᠠᠭ ᠤᠨ ᠭᠤᠯᠢᠷ᠂ ᠰᠠᠶᠢᠨ ᠤᠨᠤᠭ᠎ᠠ ᠨᠢ ᠰᠡᠷᠡᠯ ᠡᠯᠵᠢᠭᠡ︾ ᠭᠡᠭᠦ ᠮᠡᠳᠤ ᠪᠠᠷ ᠱᠤᠭᠷᠬᠠᠨ ᠡᠷᠡᠭᠡᠯᠡᠯ ᠦᠭᠡᠢ ᠢᠳᠡᠭᠦ ᠶᠢ ᠭᠦᠰᠡᠵᠤ᠂ ᠳᠤᠰᠤ ᠪᠠ ᠨᠤᠳᠤᠭ ᠤᠨ ᠨᠤᠭᠤᠭ᠎ᠠ ᠭᠤᠭᠤᠳ ᠰᠤᠷᠢᠰᠤ᠂ ᠭᠦᠮᠡᠯᠢ ᠳᠠᠭᠠᠨ᠎ᠠ᠂ ᠳᠡᠮᠡᠭᠡᠨ ᠭᠦᠭᠦ ᠵᠡᠷᠭᠡ ᠶᠢ ᠵᠠᠭᠤᠰᠢᠨ ᠤ ᠤᠷᠤᠨ ᠳᠤ ᠳᠠᠯᠪᠢᠳᠠᠭ᠃ ᠪᠠᠭᠠᠷᠢᠨᠴᠤᠳ ᠪᠢᠳᠡᠭᠦᠨ᠂ ᠰᠢᠨ᠎ᠡ ᠶᠢᠨ ᠨᠢᠭᠡᠨ ᠳᠤ ᠪᠤᠶᠤ ᠭᠦᠨᠳᠤ ᠵᠤᠴᠢᠨ ᠪᠠᠭᠤᠭᠰᠠᠨ ᠦᠶ᠎ᠡ ᠳᠤ᠂ ᠪᠠᠩᠰᠢ᠂ ᠪᠤᠤᠵᠠ᠂ ᠱᠠᠯᠪᠢᠩ ᠢᠳᠡᠭᠦᠯᠳᠡᠭ᠃ ᠪᠢᠳᠡᠭᠦᠨ ᠤ ᠪᠠᠩᠰᠢ ᠳᠤ ᠵᠦᠩᠨᠡᠭᠦ ᠬᠤᠴᠢᠯᠠᠬᠤ ᠶᠢᠨ ᠡᠷᠭᠡᠪᠡᠷ ᠳᠤᠰᠬᠠᠶᠢᠯᠠᠨ ᠵᠤᠭᠤᠰ᠂ ᠭᠦᠪᠦᠩ᠂ ᠨᠡᠭᠦᠷᠡᠰᠤ ᠬᠢᠳᠡᠭ᠃ ᠵᠤᠭᠤᠰ ᠨᠢ ᠭᠡᠨ ᠤ ᠠᠶᠠᠭᠠᠨ ᠳᠤ ᠤᠷᠤᠪᠠᠯ ᠪᠠᠶᠠᠵᠢᠬᠤ᠂ ᠭᠦᠪᠦᠩ ᠨᠢ ᠭᠡᠨ ᠤ ᠠᠶᠠᠭᠠᠨ ᠳᠤ ᠤᠷᠤᠪᠠᠯ ᠴᠠᠭᠠᠪᠤᠷᠢ ᠰᠡᠳᠬᠢᠯ ᠲᠠᠢ᠂ ᠨᠡᠭᠦᠷᠡᠰᠤ ᠶᠢ ᠤᠯᠤᠭᠰᠠᠳ ᠢ ᠵᠢᠯ ᠤᠨ ᠬᠠᠷ᠎ᠠ ᠭᠡᠵᠤ ᠬᠤᠴᠢᠯᠠᠳᠠᠭ᠃ ᠴᠠᠭᠠᠨ ᠰᠠᠷ᠎ᠠ ᠳᠤ ᠱᠠᠯᠪᠠᠩ ᠬᠠᠭᠠᠷᠢᠵᠤ᠂ ᠬᠠᠮᠢᠶᠠᠳᠠᠨ ᠳᠦᠷᠦᠯ ᠤᠨ ᠨᠠᠰᠤᠳᠠᠨ ᠳᠠᠭᠠᠨ ︽ᠰᠢᠨ᠎ᠡ ᠎ ᠶᠢᠨ ᠬᠤᠭᠤᠯᠠ︾ ᠭᠡᠵᠤ ᠵᠢᠷᠭᠤᠭᠠᠨ ᠱᠠᠯᠪᠢᠩ ᠪᠠᠷᠢᠳᠠᠭ ᠶᠤᠰᠤᠨ ᠪᠤᠢ᠃ ᠬᠠᠭᠠᠷᠢᠭᠰᠠᠨ ᠪᠤᠤᠪᠤ — ᠪᠠᠭᠠᠷᠢᠨᠴᠤᠳ ᠮᠤᠩᠭᠤᠯ ᠠᠮᠤ᠂ ᠨᠠᠷᠢᠮᠤ ᠶᠢᠨ ᠭᠤᠯᠢᠷ ᠢᠰᠭᠡᠭᠡᠳ ᠪᠤᠤᠪᠤ ᠬᠠᠭᠠᠷᠢᠳᠠᠭ᠃ ᠰᠢᠯᠦᠭᠡᠢ ᠶᠢᠨ ᠭᠤᠯᠢᠷ ᠢ ᠱᠦᠯᠦᠨ ᠳᠤᠰᠤ᠂ ᠭᠦᠢᠯᠡᠰᠦᠨ ᠳᠤᠰᠤ᠂ ᠦᠷ᠎ᠡ ᠶᠢᠨ ᠳᠤᠰᠤ ᠪᠠᠷ ᠬᠠᠭᠠᠷᠢᠵᠤ ᠪᠤᠤᠪᠤ ᠬᠢᠳᠡᠭ᠃ ᠰᠠᠭᠠᠭ ᠤᠨ ᠭᠤᠯᠢᠷ ᠢᠶᠠᠷ ᠬᠠᠭᠠᠷᠢᠮᠠᠯ᠂ ᠬᠠᠭᠰᠠᠭᠠᠮᠠᠯ᠂ ᠪᠤᠯᠠᠮᠠᠯ ︵ᠨᠤᠷᠮᠠᠨ ᠳᠤ ᠪᠤᠯᠠᠬᠤ︶ ᠪᠤᠤᠪᠤ ᠪᠠ ᠬᠤᠶᠢᠮᠠᠭ ᠭᠡᠳᠡᠭ᠃ ᠭᠡᠪᠡᠴᠤ ᠡᠭᠦᠨ ᠢᠶᠠᠷ ᠭᠡᠤᠭᠡᠨ ᠡᠷᠬᠢᠳᠡᠭ ᠦᠭᠡᠢ᠃ ᠴᠠᠭᠠᠨ ᠭᠤᠯᠢᠷ ᠢᠶᠠᠷ ᠬᠢᠭᠰᠡᠨ ᠰᠠᠷᠬᠢᠨᠠᠭ ᠎ ᠲᠠᠢ ᠪᠤᠤᠪᠤ ᠪᠤᠶᠤ ᠳᠤᠰᠤᠨ ᠳᠤ ᠪᠤᠴᠠᠯᠭᠠᠭᠰᠠᠨ ᠪᠤᠭᠤᠷᠰᠤᠭ ᠢᠶᠠᠷ ᠭᠡᠤᠭᠡᠨ ᠡᠷᠬᠢᠳᠡᠭ᠃ ᠭᠡᠭᠦ ᠳᠡᠭᠡᠨ ᠨᠠᠰᠤ ᠪᠠᠷᠠᠭᠰᠠᠳ ᠤᠨ ᠳᠠᠬᠢᠯᠭ᠎ᠠ ᠳᠠᠶᠢᠯᠭ᠎ᠠ ᠳᠤ ᠰᠠᠷᠬᠢᠨᠠᠭ ᠦᠭᠡᠢ ᠳᠦᠯᠡᠢ ᠪᠤᠤᠪᠤ ᠦᠭᠳᠡᠭ᠃ ᠯᠠᠮᠠ ᠬᠤᠸᠠᠷᠠᠭᠴᠤᠳ ᠪᠤᠯ ᠴᠠᠭᠠᠨ ᠭᠤᠯᠢᠷ ᠢᠶᠠᠷ ᠬᠠᠪᠰᠠᠢ ᠭᠡᠭᠴᠢ ᠳᠤᠰᠤᠨ ᠳᠤ ᠪᠤᠴᠠᠯᠭᠠᠭᠰᠠᠨ ᠪᠤᠤᠪᠤ ᠪᠤᠶᠤ ᠪᠢᠯᠢᠭ ᠤᠨ ᠭᠤᠯᠢᠷ ᠢᠶᠠᠷ ᠵᠢᠩᠨᠡᠭᠰᠡᠨ ᠪᠤᠤᠪᠤ ᠬᠢᠳᠡᠭ᠃ ᠳᠡᠭᠦᠨ ᠢᠶᠠᠨ ᠪᠠᠰᠠ ᠬᠠᠷᠠᠴᠤᠤᠯ ᠳᠤ ᠠᠳᠢᠰ ᠭᠡᠮᠡᠨ ᠳᠦᠭᠡᠭᠡᠳᠡᠭ᠃ ᠪᠠᠭᠠᠷᠢᠨᠴᠤᠳ ᠤᠷᠭᠤᠮᠠᠯ ᠤᠨ ᠵᠦᠢᠯ ᠢᠶᠠᠷ ᠤᠯᠠᠨ ᠵᠦᠢᠯ ᠤᠨ ᠵᠠᠭᠤᠰᠢ ᠬᠤᠯᠢᠰᠢ ᠬᠢᠳᠡᠭ ᠢᠶᠠᠷ ᠪᠠᠷᠠᠬᠤ ᠦᠭᠡᠢ᠂ ᠴᠦᠷᠭᠦᠯ ︵ᠴᠤᠯᠢᠬᠢᠷ︶᠂ ᠳᠠᠩᠱᠠ ᠵᠡᠷᠭᠡ ᠶᠢᠨ ᠦᠷ᠎ᠡ ᠶᠢ ᠮᠢᠬ᠎ᠠ ᠱᠦᠯᠦ᠂ ᠰᠦ ᠴᠠᠭ᠎ᠠ ᠲᠠᠢ ᠬᠤᠯᠢᠵᠤ ᠠᠮᠳᠠ ᠰᠢᠮᠡᠳᠠᠢ ᠬᠤᠭᠤᠯᠠ ᠬᠢᠳᠡᠭ᠃
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ