ᠪᠠᠭᠠᠷᠢᠨᠴᠤᠳ ᠮᠦᠨᠴᠤ ᠨᠡᠭᠦᠳᠡᠯ ᠤᠨ ᠮᠠᠯᠵᠢᠯ ᠤᠨ ᠠᠮᠢᠳᠤᠷᠠᠯ ᠪᠠ ᠨᠤᠳᠤᠭ ᠤᠨ ᠤᠨᠴᠠᠯᠢᠭ ᠪᠦᠭᠦᠢ | ᠢᠳᠡᠭᠡᠨ ᠤᠮᠳᠠᠭᠠᠨ ᠢ ᠭᠡᠷᠡᠭᠰᠡᠳᠡᠭ᠃ ᠡᠪᠦᠯ ᠵᠤᠨ ᠤ ᠳᠦᠷᠪᠡᠨ ᠤᠯᠠᠷᠢᠯ ᠳᠤ ᠡᠳᠦᠷ ᠪᠦᠷᠢ ᠶᠢᠨ ᠦᠷᠯᠦᠭᠡ ᠦᠳᠡ | ᠳᠤ ᠬᠤᠶᠠᠷ ᠴᠠᠭ ᠴᠠᠢ ᠤᠤᠭᠤᠵᠤ ᠦᠳᠡᠰᠢ ᠬᠤᠭᠤᠯᠠ ᠢᠳᠡᠳᠡᠭ᠃ ᠭᠡᠶᠢᠴᠢᠨ ᠵᠤᠴᠢᠨ ᠪᠠᠭᠤᠭᠠᠳ ᠴᠠᠢ | ᠠᠶᠠᠭᠠᠯᠠᠬᠤ ᠦᠭᠡᠢ ᠪᠤᠯ ︽ᠴᠠᠢ ᠴᠦ ᠦᠭᠡᠢ ᠴᠢᠷᠠᠢ ᠴᠦ ᠦᠭᠡᠢ︾ ᠭᠡᠵᠤ ᠬᠤᠴᠢᠯᠠᠭᠳᠠᠨᠠ᠃ | ᠤᠮᠳᠠᠭᠠᠨ ᠤ ᠵᠦᠢᠯ ᠡᠭᠦᠨ ᠳᠤ ᠴᠠᠢ ︵ ᠬᠤᠳᠠᠯᠳᠤᠭ᠎ᠠ ᠶᠢᠨ ᠴᠠᠢ ᠪᠠ ᠨᠤᠳᠤᠭ ᠤᠨ ᠴᠠᠢ︶᠂ ᠴᠠᠭᠠᠨ | ᠢᠳᠡᠭᠡᠨ ᠤ ᠤᠮᠳᠠᠭᠠᠨ᠂ ᠱᠦᠯᠦ ᠵᠡᠷᠭᠡ ᠪᠠᠶᠢᠳᠠᠭ᠃ | ᠴᠠᠢ ᠪᠤᠯ ᠤᠮᠳᠠ ᠶᠢᠨ ᠳᠡᠷᠢᠭᠦᠨ᠃ ᠴᠠᠢ ᠲᠠᠰᠤᠷᠠᠪᠠᠯ ᠳᠤᠯᠤᠭᠠᠢ ᠡᠪᠡᠳᠦᠨ᠎ᠡ ᠭᠡᠵᠤ ᠨᠠᠰᠤᠳᠠᠳ ᠠᠷᠭ᠎ᠠ | ᠠᠭᠠᠰᠢ ᠪᠠᠨ ᠪᠠᠷᠠᠳᠠᠭ᠃ ᠴᠠᠢ ᠶᠢᠨ ᠵᠦᠢᠯ ᠳᠤ ᠬᠤᠳᠠᠯᠳᠤᠭ᠎ᠠ ᠶᠢᠨ ᠴᠠᠢ᠂ ᠨᠤᠳᠤᠭ ᠤᠨ ᠴᠠᠢ ᠭᠡᠭᠦ ᠮᠡᠳᠤ ᠬᠤᠶᠠᠷ | ᠵᠦᠢᠯ ᠪᠠᠶᠢᠳᠠᠭ᠃ ᠬᠤᠳᠠᠯᠳᠤᠭ᠎ᠠ ᠶᠢᠨ ᠴᠠᠢ ᠳᠤ ᠶᠡᠭᠡ ᠪᠠᠭ᠎ᠠ ᠪᠠᠷ ᠨᠢ ᠦᠵᠡᠵᠤ ᠬᠤᠷᠢᠨ ᠳᠤᠯᠤᠭᠠᠳᠤ ᠭᠤᠴᠢᠨ | ᠵᠢᠷᠭᠤᠭᠠᠳᠤ ᠶᠢᠨ ᠭᠡᠪ ᠤᠨ ᠴᠠᠢ ᠭᠡᠭᠦ ᠪᠤᠶᠤ ᠪᠠᠭᠯᠠᠭ᠎ᠠ ᠪᠠᠷ ᠨᠢ ᠢᠯᠭᠠᠵᠤ ᠪᠤᠷᠳᠤᠭ ᠴᠠᠢ᠂ ᠰᠡᠪᠢᠭᠡᠷ ᠴᠠᠢ ᠭᠡᠳᠡᠭ᠃ | ᠪᠠᠭᠠᠷᠢᠨᠴᠤᠳ ᠪᠦᠷᠢᠵᠤ ᠤᠤᠭᠤᠳᠠᠭ ᠬᠠᠷ᠎ᠠ ᠴᠠᠢ᠂ ᠰᠢᠷ᠎ᠠ ᠴᠠᠢ᠂ ᠨᠤᠭᠤᠭᠠᠨ ᠴᠠᠢ ᠶᠢ ᠶᠡᠷᠦ ᠤᠤᠭᠤᠳᠠᠭ ᠦᠭᠡᠢ᠃ | ᠤᠷᠢᠳᠤ ᠮᠠᠯᠴᠢᠳ ᠤᠨ ᠭᠦᠭᠡ ᠴᠠᠢ ᠤᠤᠭᠤᠳᠠᠭ ᠳᠠᠳᠬᠠᠯ ᠢ ᠠᠰᠢᠭᠯᠠᠨ ᠳᠤᠩᠰᠢᠭᠤᠷ ᠬᠤᠳᠠᠯᠳᠤᠭᠠᠴᠢᠳ ᠠᠴᠠ | ᠭᠡᠪ ᠤᠨ ᠴᠠᠢ ᠶᠢ ᠬᠤᠨᠢ ᠪᠠᠷ ᠰᠤᠯᠢᠳᠠᠭ ᠪᠠᠶᠢᠵᠠᠢ᠃ | ᠨᠤᠳᠤᠭ ᠤᠨ ᠴᠠᠢ ᠶᠢ ᠪᠠᠰᠠ ᠮᠤᠩᠭᠤᠯ ᠴᠠᠢ ᠭᠡᠳᠡᠭ᠃ ᠡᠨᠡ ᠨᠢ ᠨᠤᠳᠤᠭ ᠤᠨ ᠤᠷᠭᠤᠮᠠᠯ ᠢ ᠵᠤᠬᠢᠬᠤ ᠴᠠᠭ | ᠲᠤ ᠳᠡᠭᠦᠵᠤ᠂ ᠦᠪᠡᠷ ᠢᠶᠠᠨ ᠪᠤᠯᠪᠠᠰᠤᠷᠠᠭᠤᠯᠤᠭᠠᠳ ᠰᠢᠮ᠎ᠡ ᠶᠢ ᠨᠢ ᠤᠤᠭᠤᠳᠠᠭ ᠪᠤᠶᠤ ᠳᠠᠷᠢᠮᠠᠯ ᠤᠨ ᠦᠷ᠎ᠡ ᠶᠢ | ᠴᠢᠨᠠᠵᠤ ᠰᠦᠯᠡᠭᠡᠳ ᠤᠮᠳᠠ ᠪᠤᠯᠭᠠᠬᠤ ᠶᠢ ᠭᠡᠯᠡᠳᠡᠭ᠃ ᠨᠤᠳᠤᠭ ᠤᠨ ᠴᠠᠢ ᠳᠤ ᠭᠤᠤᠯᠳᠠᠭᠤ ᠤᠤᠭᠤᠳᠠᠭ ᠤᠷᠭᠤᠮᠠᠯ | ᠤᠨ ᠵᠦᠢᠯ ᠭᠡᠪᠡᠯ ᠰᠦᠳᠤ ᠭᠦᠷᠮᠡᠯᠢ ︵ᠭᠦᠷᠪᠠᠭᠢ︶᠂ ᠦᠷᠢᠯ᠂ ᠱᠡᠭᠡᠷ᠂ ᠢᠯᠠᠮ᠎ᠠ᠂ ᠤᠯᠠᠭᠠᠨ᠎ᠠ᠂ ᠳᠤᠯᠤᠭᠠᠨ᠎ᠠ᠂ | ᠮᠠᠨᠤ ᠴᠡᠴᠡᠭ᠂ ᠳᠡᠮᠡᠭᠡᠨ ᠰᠡᠭᠦᠯ᠂ ᠮᠦᠩᠬᠡ ᠴᠠᠢ ᠵᠡᠷᠭᠡ ᠪᠤᠢ᠃ ᠡᠳᠡᠭᠡᠷ ᠭᠡᠭᠡᠷ᠎ᠡ ᠶᠢᠨ ᠤᠷᠭᠤᠮᠠᠯ ᠤᠨ ᠨᠠᠪᠴᠢ᠂ | ᠦᠷ᠎ᠡ ᠪᠤᠶᠤ ᠦᠨᠳᠦᠰᠦ ᠨᠢ ᠪᠤᠯᠪᠠᠰᠤᠷᠠᠬᠤ ᠦᠶ᠎ᠡ ᠳᠤ ᠠᠪᠴᠤ ᠬᠠᠳᠠᠭᠠᠬᠤ᠂ ᠳᠠᠷᠤᠰᠢᠭᠤᠯᠬᠤ᠂ ᠭᠡᠪ ᠤᠨ ᠴᠠᠢ | ᠲᠠᠢ ᠵᠢᠩᠨᠡᠭᠦ ᠮᠡᠳᠤ ᠠᠷᠭ᠎ᠠ ᠪᠠᠷ ᠪᠤᠯᠪᠠᠰᠤᠷᠠᠭᠤᠯᠤᠭᠠᠳ ᠴᠢᠨᠠᠵᠤ ᠰᠦᠯᠡᠵᠤ ᠤᠤᠭᠤᠳᠠᠭ᠃ ᠢᠩᠬᠢᠭᠦ ᠳᠡᠭᠡᠨ ᠪᠠᠶᠠᠨ | ᠬᠠᠨ ᠤ ᠱᠡᠭᠡᠷ᠂ ᠪᠠᠶᠠᠨᠳᠠᠯ᠎ᠠ ᠶᠢᠨ ᠰᠦᠳᠤ᠂ ᠰᠠᠶᠢᠬᠠᠨ ᠬᠠᠨ ᠤ ᠦᠷᠢᠯ᠂ ᠪᠠᠶᠠᠨ ᠳᠤᠤᠪᠠᠢ ᠶᠢᠨ ᠮᠠᠨᠤᠤ ᠴᠡᠴᠡᠭ | ᠵᠡᠷᠭᠡ ᠶᠢ ᠳᠤᠩ ᠡᠷᠬᠢᠮᠯᠡᠨ ᠳᠡᠷᠭᠡ ᠤᠨᠤᠭ᠎ᠠ ᠲᠠᠢ ᠶᠠᠪᠤᠵᠤ ᠳᠡᠭᠦᠳᠡᠭ᠃ ᠡᠳᠡᠭᠡᠷ ᠠᠮᠢᠳᠤᠷᠠᠯ ᠤᠨ ᠳᠤᠷᠰᠢᠯᠭ᠎ᠠ ᠪᠠᠷ | ᠪᠤᠯᠪᠠᠰᠤᠷᠠᠭᠤᠯᠤᠭᠰᠠᠨ ᠭᠡᠭᠡᠷ᠎ᠡ ᠶᠢᠨ ᠤᠷᠭᠤᠮᠠᠯ ᠤᠨ ᠴᠠᠢ ᠨᠢ ᠬᠤᠳᠠᠯᠳᠤᠭ᠎ᠠ ᠴᠠᠢ ᠲᠠᠢ ᠦᠨᠦᠷ ᠠᠮᠳᠠ ᠲᠠᠢ ᠡᠭᠡᠭᠡ | ᠠᠳᠠᠯᠢ ᠮᠦᠷᠳᠡᠭᠡᠨ ᠵᠠᠷᠢᠮ ᠵᠦᠢᠯ ᠨᠢ ᠦᠨᠡᠭᠡᠷ ᠦᠪᠡᠷᠮᠢᠴᠡ ᠰᠠᠶᠢᠬᠠᠨ ᠪᠠᠶᠢᠳᠠᠭ᠃ | ᠨᠤᠳᠤᠭ ᠤᠨ ᠴᠠᠢ ᠶᠢᠨ ᠵᠦᠢᠯ ᠳᠤ ᠪᠠᠰᠠ ᠠᠪᠠᠭ᠎ᠠ ᠴᠠᠢ᠂ ᠵᠤᠳᠠᠩ᠂ ᠬᠢᠷᠠᠮ᠎ᠠ ︵ᠴᠠᠶᠢᠳᠠᠮ︶ ᠪᠤᠯ ᠰᠢᠩᠭᠡᠨ | ᠴᠢᠨᠠᠭᠰᠠᠨ ᠴᠠᠢ ᠶᠢᠨ ᠱᠠᠷᠤᠭ ᠢ ᠱᠦᠭᠦᠵᠤ ᠠᠪᠤᠭᠠᠳ ᠰᠦ ᠳᠤᠰᠤ ᠬᠤᠯᠢᠵᠤ ᠰᠠᠮᠤᠷᠤᠭᠰᠠᠨ ᠤᠤᠭᠤᠰᠢ᠃ ᠡᠭᠦᠪᠡᠷ | ᠮᠤᠩᠭᠤᠯ ᠡᠮ ᠤᠨ ᠭᠦᠯᠭᠡ ᠪᠤᠯᠭᠠᠳᠠᠭ᠃ ᠦᠷᠭᠦᠯᠵᠢ ᠤᠤᠭᠤᠳᠠᠭ ᠦᠭᠡᠢ ᠪᠦᠭᠡᠳ ᠭᠡᠶᠢᠴᠢᠨ ᠵᠤᠴᠢᠨ ᠳᠤ | ᠠᠶᠠᠭᠠᠯᠠᠳᠠᠭ ᠦᠭᠡᠢ᠃ ᠡᠶᠢᠮᠦ ᠰᠢᠩᠭᠡᠨ ᠪᠤᠶᠤ ᠱᠠᠷᠤᠭ ᠤᠨ ᠴᠠᠢ ᠠᠶᠠᠭᠠᠯᠠᠵᠤ ᠦᠭᠭᠦᠭᠰᠡᠨ ᠠᠶᠢᠯ ᠢ ︽ᠴᠠᠶᠢᠳᠠᠮ | ᠢᠶᠠᠨ ᠴᠢᠨᠠᠭᠠᠳ ᠴᠢᠮᠠᠷᠬᠠᠢ ᠪᠠᠨ ᠮᠠᠭᠠᠵᠢᠵᠠᠢ︾ ᠭᠡᠵᠤ ᠳᠤᠭᠤᠬᠢᠯᠠᠳᠠᠭ᠃ | ᠪᠠᠭᠠᠷᠢᠨᠴᠤᠳ ᠴᠠᠢ ᠳᠠᠭᠠᠨ ᠪᠤᠳᠠᠭ᠎ᠠ ᠤᠷᠬᠢᠵᠤ ᠴᠢᠨᠠᠭᠠᠳ ᠳᠠᠪᠤᠷ᠎ᠠ ᠳᠤᠩᠭᠤᠷᠤᠭᠤᠯᠳᠠᠭ ᠢ ᠴᠡᠭᠡᠷᠯᠡᠨ᠎ᠡ᠃ ᠴᠠᠢ ᠶᠢ | ᠢᠳᠡᠭᠡᠰᠢᠭ ᠰᠠᠶᠢᠬᠠᠨ ᠴᠢᠨᠠᠵᠤ ᠰᠦ ᠳᠠᠪᠤᠰᠤ ᠶᠢ ᠨᠢ ᠵᠤᠬᠢᠴᠠᠭᠤᠯᠤᠨ ᠤᠤᠭᠤᠬᠤ ᠳᠠᠭᠠᠨ ᠬᠠᠭᠤᠷᠤᠭᠰᠠᠨ ᠪᠤᠳᠠᠭ᠎ᠠ᠂ | ᠬᠤᠷᠤᠳ ᠳᠤᠰᠤ᠂ ᠪᠤᠷᠠᠮ ᠪᠤᠭᠤᠷᠰᠤᠭ᠂ ᠮᠢᠬ᠎ᠠ ᠢᠳᠡᠭᠡ ᠶᠢ ᠳᠤᠰᠬᠠᠢ ᠳᠠᠪᠠᠭᠯᠠᠵᠤ ᠳᠠᠯᠪᠢᠳᠠᠭ᠃ ᠭᠡᠶᠢᠴᠢᠨ | ᠵᠤᠴᠢᠨ ᠳᠤ ᠬᠤᠭᠤᠰᠤᠨ ᠴᠠᠢ ︵ᠳᠠᠪᠢᠰᠢ ᠦᠭᠡᠢ ᠴᠠᠢ︶ ᠠᠶᠠᠭᠠᠯᠠᠳᠠᠭ ᠦᠭᠡᠢ᠃ | ᠴᠠᠭᠠᠨ ᠢᠳᠡᠭᠡᠨ ᠤ ᠤᠮᠳᠠᠭᠠᠨ ᠳᠤ ᠰᠦ᠂ ᠳᠠᠷᠠᠭ᠂ ᠠᠶᠢᠷᠠᠭ ᠵᠡᠷᠭᠡ ᠪᠤᠢ᠃ | ᠰᠦ — ᠪᠠᠭᠠᠷᠢᠨᠴᠤᠳ ᠭᠡᠭᠦᠦ ᠢᠩᠭᠡ ᠶᠢ ᠪᠠᠷᠤᠭ ᠰᠠᠭᠠᠳᠠᠭ ᠦᠭᠡᠢ᠃ ᠦᠨᠢᠶ᠎ᠡ᠂ ᠬᠤᠨᠢ᠂ ᠢᠮᠠᠭ᠎ᠠ ᠰᠠᠭᠠᠳᠠᠭ᠃ | ᠦᠨᠢᠶ᠎ᠡ ᠶᠢᠨ ᠰᠦ ᠶᠢ ᠳᠦᠭᠦᠭᠡᠢ ᠪᠠᠷ ᠪᠤᠶᠤ ᠭᠦᠭᠡᠷᠦᠭᠦᠯᠵᠤ ︵ᠴᠢᠨᠠᠵᠤ︶ ᠤᠤᠭᠤᠳᠠᠭ᠃ ᠬᠤᠨᠢ ᠢᠮᠠᠭᠠᠨ ᠰᠦ | ᠶᠢ ᠳᠦᠭᠦᠭᠡᠢ ᠪᠠᠷ ᠤᠤᠭᠤᠳᠠᠭ ᠦᠭᠡᠢ᠃ ᠤᠭᠤᠵᠢᠨ ᠤ ᠭᠡᠤᠭᠡᠳ ᠲᠤ ᠤᠤᠭᠤᠯᠭᠠᠪᠠᠯ ᠪᠤᠷᠠᠮ ᠰᠢᠬᠢᠷ ᠲᠠᠢ | ᠪᠤᠴᠠᠯᠭᠠᠭᠠᠳ ᠬᠠᠯᠠᠭᠤᠨ ᠭᠦᠢᠳᠡᠨ ᠢ ᠳᠤᠬᠢᠷᠠᠭᠤᠯᠤᠨ ᠤᠭᠤᠵᠢᠳᠠᠭ᠃ | ᠳᠠᠷᠠᠭ ᠠᠶᠢᠷᠠᠭ ᠤᠨ ᠤᠮᠳᠠ — ᠵᠤᠨ ᠨᠠᠮᠤᠷ ᠰᠦ ᠰᠠᠭᠠᠯᠢ ᠡᠯᠪᠡᠭ ᠦᠶᠡᠰ᠂ ᠭᠡᠭᠡᠷ᠎ᠡ ᠭᠠᠳᠠᠨ᠎ᠠ ᠠᠵᠢᠯ | ᠬᠢᠭᠰᠡᠳ ᠰᠢᠩᠭᠡᠨ ᠡᠭᠡᠳᠡᠭᠰᠡᠨ ᠰᠦ ᠳᠤ ᠦᠷᠦᠮ᠎ᠡ ᠶᠢᠨ ᠤᠭᠠᠳᠠᠰᠤ ᠬᠤᠯᠢᠵᠤ᠂ ᠪᠤᠷᠵᠢᠨ ᠯᠤᠩᠬᠤ ᠪᠤᠶᠤ ᠪᠤᠭ ᠮᠠᠯ | ᠤᠨ ᠡᠯᠳᠡᠭᠰᠡᠨ ᠭᠦᠵᠡᠭᠡ ᠳᠤ ᠰᠠᠪᠠᠯᠠᠨ ᠠᠪᠠᠴᠢᠵᠤ ᠤᠤᠭᠤᠳᠠᠭ᠃ ᠪᠠᠰᠠ ᠰᠢᠷᠠᠰᠤ ︵ᠰᠢᠷ᠎ᠠ ᠤᠰᠤ︶ ᠶᠢ | ᠪᠤᠴᠠᠯᠭᠠᠨ ᠰᠦ ᠨᠡᠮᠡᠵᠤ ᠠᠶᠢᠷᠠᠭᠯᠠᠭᠠᠳ ᠤᠤᠭᠤᠳᠠᠭ᠃ ᠠᠶᠢᠷᠠᠭ ᠢᠶᠠᠷ ᠠᠷᠢᠬᠢ ᠨᠡᠷᠡᠭᠡᠳ ᠴᠠᠭ᠎ᠠ ᠪᠤᠯᠭᠠᠵᠤ ︵ᠵᠠᠷᠢᠮ | ᠨᠢ ᠮᠦᠨᠴᠤ ᠠᠶᠢᠷᠠᠭ ᠭᠡᠳᠡᠭ︶᠂ ᠠᠷᠢᠬᠢ᠂ ᠴᠠᠭ᠎ᠠ ᠶᠢ ᠤᠮᠳᠠᠯᠠᠳᠠᠭ᠃ ᠴᠠᠭ᠎ᠠ ᠶᠢ ᠰᠢᠩᠭᠡᠨ ᠪᠤᠳᠠᠭᠠᠨ ᠳᠤ | ᠵᠠᠶᠢᠯᠳᠠᠭ᠃ ᠰᠦ ᠶᠢᠨ ᠵᠦᠢᠯ ᠤᠨ ᠤᠮᠳᠠᠭᠠᠨ ᠰᠢᠮ᠎ᠡ ᠰᠠᠶᠢᠳᠠᠢ ᠪᠤᠯᠬᠤᠷ ᠦᠯ ᠤᠮᠳᠠ ᠶᠢ ᠪᠦᠷ ᠳᠠᠷᠤᠳᠠᠭ ᠪᠦᠭᠡᠳ | ᠡᠮ ᠳᠤᠮ ᠪᠤᠯᠳᠠᠭ᠃ | ᠰᠦ ᠰᠠᠭᠠᠯᠢ ᠳᠠᠳᠠᠭᠤᠷᠠᠭᠰᠠᠨ ᠦᠶ᠎ᠡ ᠳᠤ ᠤᠯᠠᠩᠬᠢ ᠠᠶᠢᠯ ᠮᠤᠩᠭᠤᠯ ᠭᠡᠷ ᠤᠨ ᠳᠤᠯᠭ᠎ᠠ ᠶᠢᠨ ᠢᠶᠠᠨ ᠵᠡᠭᠦᠨ | ᠬᠤᠶᠢᠨ᠎ᠠ ᠨᠦᠭᠡ ᠮᠠᠯᠳᠠᠨ ᠪᠤᠳᠤᠩ ᠰᠠᠭᠤᠯᠭᠠᠵᠤ ᠠᠶᠢᠷᠠᠭ ᠳᠡᠵᠢᠭᠡᠳᠡᠭ᠃ ᠡᠳᠦᠷ ᠪᠦᠷᠢ ᠰᠦ ᠨᠡᠮᠡᠵᠤ᠂ ᠭᠡᠶᠢᠴᠢᠨ | ᠵᠤᠴᠢᠨ ᠢᠷᠡᠪᠡᠯ ᠠᠶᠢᠷᠠᠭ ᠪᠠᠷᠢᠳᠠᠭ᠃ ᠠᠶᠢᠷᠠᠭ ᠤᠤᠭᠤᠭᠰᠠᠨ ᠨᠠᠰᠤᠳᠠᠶᠢᠴᠤᠤᠯ᠄ ︽ᠠᠶᠢᠷᠠᠭ ᠴᠢᠨᠢ ᠪᠤᠯᠠᠭ ᠰᠢᠭ᠋ | ᠤᠨᠳᠤᠷᠳᠤᠭᠠᠢ | ᠠᠯᠳᠠᠷ ᠴᠢᠨᠢ ᠠᠯᠳᠠᠨ ᠳᠡᠯᠡᠭᠡᠢ ᠳᠤ ᠮᠠᠨᠳᠤᠳᠤᠭᠠᠢ︾ ᠭᠡᠭᠦ ᠮᠡᠳᠤ ᠪᠠᠷ ᠢᠷᠦᠭᠡᠳᠡᠭ᠃ ᠠᠶᠢᠷᠠᠭ ᠴᠠᠭ᠎ᠠ ᠶᠢ ᠪᠠᠰᠠ | ᠡᠪᠦᠯ ᠬᠠᠪᠤᠷ ᠤᠨ ᠴᠠᠭ ᠲᠤ ᠪᠤᠷᠠᠮ ᠳᠤᠰᠤ ᠲᠠᠢ ᠪᠤᠴᠠᠯᠭᠠᠵᠤ ᠤᠤᠭᠤᠳᠠᠭ᠃ | ᠠᠷᠢᠬᠢ — ᠳᠤᠬᠠᠢ ᠶᠢᠨ ᠦᠶ᠎ᠡ ᠳᠤ ᠡᠯᠳᠡᠪ ᠵᠦᠢᠯ ᠤᠨ ᠠᠷᠢᠬᠢ ᠬᠤᠪᠤᠷ ᠪᠠᠶᠢᠭᠰᠠᠨ ᠪᠤᠯᠬᠤᠷ ᠠᠮᠤ ᠪᠤᠳᠠᠭ᠎ᠠ | ᠪᠠᠷ ᠨᠡᠷᠡᠭᠰᠡᠨ ᠢ ᠨᠢ ᠬᠠᠷ᠎ᠠ ᠠᠷᠢᠬᠢ ︵ᠬᠤᠳᠠᠯᠳᠤᠭ᠎ᠠ ᠠᠷᠢᠬᠢ︶᠂ ᠠᠶᠢᠷᠠᠭ ᠴᠠᠭ᠎ᠠ ᠪᠠᠷ ᠨᠡᠷᠡᠭᠰᠡᠨ ᠢ ᠨᠢ ᠮᠤᠩᠭᠤᠯ | ᠠᠷᠢᠬᠢ ︵ᠰᠠᠭᠠᠯᠢ ᠶᠢᠨ ᠠᠷᠢᠬᠢ︶ ᠭᠡᠳᠡᠭ᠃ ᠠᠷᠢᠬᠢ ᠶᠢ ᠶᠡᠭᠡ ᠤᠮᠳᠠᠭᠠᠨ ᠭᠡᠵᠤ ᠨᠠᠶᠢᠷ ᠬᠤᠷᠢᠮ᠂ ᠵᠢᠯ ᠴᠠᠭᠠᠨ | ᠰᠠᠷ᠎ᠠ ᠳᠤ ᠳᠦᠴᠢᠨ ᠨᠠᠰᠤᠨ ᠠᠴᠠ ᠳᠡᠭᠡᠭᠰᠢᠬᠢ ᠪᠦᠰᠡᠳᠠᠢ ᠭᠦᠮᠦᠨ ᠤᠤᠭᠤᠳᠠᠭ᠃ ᠦᠭᠡᠷ᠎ᠡ ᠦᠶ᠎ᠡ ᠳᠤ ᠶᠡᠷᠦ | ᠤᠤᠭᠤᠳᠠᠭ ᠦᠭᠡᠢ᠃ ᠵᠠᠯᠠᠭᠤᠴᠤᠳ ᠪᠠᠭᠠᠴᠤᠳ ᠪᠦᠰᠡᠭᠦᠶᠢᠴᠤᠳ ᠨᠡᠩ ᠠᠮᠬᠠᠷᠳᠠᠭ ︵ᠠᠮᠠ ᠭᠦᠷᠳᠡᠭ︶ ᠦᠭᠡᠢ᠃ | ᠱᠦᠯᠦ — ᠤᠯᠠᠭᠠᠨ ᠢᠳᠡᠭᠡᠨ ᠤ ᠤᠮᠳᠠᠭᠠᠨ᠃ ᠱᠦᠯᠦ ᠤᠤᠭᠤᠬᠤ ᠭᠡᠳᠡᠭ ᠨᠢ ᠡᠪᠦᠯ ᠤᠨ ᠢᠳᠡᠰᠢᠨ ᠠᠴᠠ | ᠪᠤᠰᠤᠳ ᠦᠶ᠎ᠡ ᠳᠤ ᠮᠠᠯ ᠨᠢᠳᠤᠯᠠᠬᠤ ᠶᠢᠨ ᠲᠦᠯᠦᠭᠡᠨ ᠤ ᠦᠭᠡ ᠪᠤᠯᠤᠭᠰᠠᠨ ᠨᠢ ᠭᠠᠶᠢᠬᠠᠯᠳᠠᠢ᠃ | ᠱᠦᠯᠦᠨ ᠳᠤ ᠬᠠᠷ᠎ᠠ ᠱᠦᠯᠦ ︵ᠦᠭᠡᠭᠦ ᠦᠭᠡᠢ ᠬᠠᠭᠤᠴᠢᠨ ᠰᠢᠨ᠎ᠡ ᠬᠠᠷ᠎ᠠ ᠮᠢᠬ᠎ᠠ ᠶᠢ ᠭᠦᠰᠭᠦᠯᠡᠭᠡᠳ ᠴᠡᠪᠡᠷ ᠤᠰᠤ | ᠂ ᠭᠦᠭᠡ ᠳᠠᠪᠤᠰᠤ᠂ ᠳᠠᠭᠠᠨ᠎ᠠ ᠲᠠᠢ ᠴᠢᠨᠠᠭᠰᠠᠨ︶᠂ ᠳᠤᠰᠬᠠᠢ ᠱᠦᠯᠦ ︵ᠡᠮ ᠤᠨ ᠳᠠᠷᠤᠯᠭ᠎ᠠ ᠭᠦᠯᠭᠡ ᠳᠤ | ᠤᠤᠭᠤᠬᠤ᠂ ᠭᠦᠩᠭᠡᠵᠢᠭᠰᠡᠨ ᠪᠠᠷᠳᠠᠭᠰᠠᠨ ᠭᠦᠮᠦᠨ ᠤᠤᠭᠤᠬᠤ᠂ ᠠᠷᠠᠰᠤ ᠰᠠᠪᠠᠰᠦᠨ ᠳᠤ ᠰᠠᠭᠤᠭᠰᠠᠳ ᠤᠤᠭᠤᠬᠤ︶ | ᠮᠡᠳᠤ ᠵᠡᠷᠭᠡ ᠪᠠᠶᠢᠳᠠᠭ᠃ | ᠱᠦᠯᠦ ᠶᠢ ᠶᠡᠷᠦ ᠬᠤᠨᠢ ᠦᠭᠡᠷ ᠤᠨ ᠮᠢᠬ᠎ᠠ ᠪᠠᠷ ᠭᠠᠷᠭᠠᠳᠠᠭ᠃ ᠢᠮᠠᠭᠠᠨ ᠮᠢᠬᠠᠨ ᠱᠦᠯᠦ ᠶᠢ ᠪᠢᠯᠢᠭ ᠤᠨ ᠤᠯᠠᠷᠢᠯ | ᠤᠨ ᠳᠠᠪᠤ ᠪᠤᠶᠤ ᠨᠠᠢᠮᠠᠨ ᠰᠠᠷ᠎ᠠ ᠠᠴᠠ ᠪᠤᠰᠤᠳ ᠴᠠᠭ ᠲᠤ ᠤᠤᠭᠤᠳᠠᠭ ᠦᠭᠡᠢ᠃ ᠠᠳᠤᠭᠤ ᠳᠡᠮᠡᠭᠡ ᠶᠢᠨ ᠮᠢᠬ᠎ᠠ ᠪᠠᠷ | ᠱᠦᠯᠦ ᠭᠠᠷᠭᠠᠳᠠᠭ ᠦᠭᠡᠢ᠃ | ᠢᠳᠡᠭᠡᠨ ᠤ ᠵᠦᠢᠯ ᠪᠠᠭᠠᠷᠢᠨᠴᠤᠳ ᠤᠨ ᠢᠳᠡᠭᠡᠨ ᠤ ᠵᠦᠢᠯ ᠳᠤ᠂ ᠤᠯᠠᠭᠠᠨ ᠴᠠᠭᠠᠨ ᠢᠳᠡᠭᠡᠨ ᠪᠠ ᠳᠡᠭᠦᠪᠡᠷ ᠢᠶᠠᠨ | ᠦᠩᠰᠢᠭᠦᠯᠦᠭᠰᠡᠨ ᠤᠷᠭᠤᠮᠠᠯ ᠳᠠᠷᠢᠮᠠᠯ ᠤᠨ ᠦᠷ᠎ᠡ ᠪᠠᠷ ᠬᠤᠪᠢᠯᠭᠠᠳᠠᠭ ᠤᠯᠠᠨ ᠵᠦᠢᠯ ᠪᠠᠶᠢᠳᠠᠭ᠃ | 1. ᠴᠠᠭᠠᠨ ᠢᠳᠡᠭᠡᠨ᠃ ᠰᠦ ᠰᠠᠭᠠᠯᠢ ᠶᠢᠨ ᠪᠦᠳᠦᠭᠡᠭᠳᠡᠭᠦᠨ ᠢ ᠴᠠᠭᠠᠨ ᠢᠳᠡᠭᠡᠨ ᠭᠡᠳᠡᠭ᠃ ᠴᠠᠭᠠᠨ ᠢᠳᠡᠭᠡᠨ ᠤ | ᠵᠦᠢᠯ ᠳᠤ᠂ ᠬᠤᠷᠤᠳ᠂ ᠰᠢᠷ᠎ᠠ ᠳᠤᠰᠤ᠂ ᠦᠷᠦᠮ᠎ᠡ ︵ᠵᠦᠭᠡᠭᠡᠢ ᠪᠠ ᠬᠠᠳᠠᠭᠠᠭᠰᠠᠨ ᠦᠷᠦᠮ᠎ᠡ︶᠂ ᠴᠦᠴᠦᠭᠡᠢ᠂ | ᠡᠭᠡᠵᠡᠭᠡᠢ᠂ ᠠᠭᠠᠷᠤᠤᠯ ᠵᠡᠷᠭᠡ ᠪᠠᠶᠢᠳᠠᠭ᠃ ᠡᠳᠡᠭᠡᠷ ᠨᠢ ᠪᠦᠷ ᠦᠯ ᠳᠠᠷᠤᠳᠠᠭ ᠴᠦ ᠬᠤᠯᠢᠰᠢᠨ ᠢᠳᠡᠭᠡᠨ ᠤ ᠬᠤᠪᠢ | ᠪᠠᠷ ᠶᠠᠪᠤᠳᠠᠭ᠃ | ᠪᠠᠭᠠᠷᠢᠨᠴᠤᠳ᠂ ᠰᠦ ᠪᠤᠯᠪᠠᠰᠤᠷᠠᠭᠤᠯᠤᠨ ᠴᠠᠭᠠᠨ ᠢᠳᠡᠭᠡᠨ ᠤ ᠵᠦᠢᠯ ᠢ ᠬᠢᠭᠦ ᠳᠡᠭᠡᠨ ᠴᠠᠬᠠᠷᠴᠤᠳ ᠲᠠᠢ | ᠠᠳᠠᠯᠢᠪᠳᠤᠷ᠃ ᠤᠷᠳᠤᠰᠴᠤᠳ ᠰᠢᠭ᠋ ᠴᠦᠷᠮ᠎ᠡ ᠬᠢᠵᠤ᠂ ᠦᠵᠦᠮᠦᠴᠢᠨ ᠰᠢᠭ ᠠᠶᠢᠷᠠᠭ ᠪᠦᠯᠢᠵᠤ ᠭᠦᠴᠢᠳᠠᠢ | ᠬᠤᠷᠤᠳ ᠬᠢᠳᠡᠭ ᠦᠭᠡᠢ᠃ ᠰᠦ ᠶᠢ ᠡᠭᠡᠳᠡᠭᠦᠯᠦᠨ ᠦᠷᠦᠮ᠎ᠡ ᠶᠢ ᠨᠢ ᠬᠠᠯᠮᠠᠵᠤ ᠰᠢᠷ᠎ᠠ ᠳᠤᠰᠤ︔ ᠰᠦ ᠪᠠᠷ ᠨᠢ | ᠬᠤᠷᠤᠳ︔ ᠰᠢᠷᠠᠰᠤ ᠶᠢ ᠨᠢ ᠪᠤᠴᠠᠯᠭᠠᠨ ᠠᠭᠰᠢᠭᠤᠨ ᠢᠶᠠᠷ ᠨᠢ ᠡᠭᠡᠵᠡᠭᠡᠢ᠂ ᠰᠢᠩᠭᠡᠨ ᠢᠶᠠᠷ ᠨᠢ ᠠᠶᠢᠷᠠᠭ ᠴᠠᠭ᠎ᠠ | ᠪᠤᠯᠭᠠᠨ ᠳᠤᠭᠤᠭ᠎ᠠ ᠨᠡᠷᠡᠵᠤ ᠠᠷᠢᠬᠢ ᠭᠠᠷᠭᠠᠳᠠᠭ᠃ ᠳᠤᠰᠤᠨ ᠤ ᠰᠢᠭᠠᠷᠠᠤ ᠶᠢ ᠴᠦᠴᠦᠭᠡᠢ ᠭᠡᠵᠤ᠂ ᠴᠠᠭ᠎ᠠ ᠶᠢᠨ | ᠦᠳᠭᠡᠨ ᠢᠶᠠᠷ ᠠᠭᠠᠷᠤᠤᠯ ᠬᠢᠳᠡᠭ᠃ | ᠪᠠᠭᠠᠷᠢᠨ ᠳᠤ ᠨᠠᠢᠮᠠᠨ ᠰᠤᠮᠤᠨ ᠤ ᠬᠤᠷᠤᠳ ᠨᠡᠷ᠎ᠡ ᠲᠠᠢ᠃ ᠨᠢᠮᠭᠡᠨ ᠭᠡᠪᠯᠡᠭᠰᠡᠨ ᠳᠤᠰᠤᠷᠠᠬᠤᠨ ᠰᠢᠷ᠎ᠠ ᠬᠤᠷᠤᠳ᠃ | ᠨᠠᠢᠮᠠᠨ ᠰᠤᠮᠤᠨ ᠤ ᠬᠤᠷᠤᠳ ᠢ ᠢᠳᠡᠪᠡᠯ ᠠᠰᠤᠨ ᠨᠠᠰᠤᠨ ᠦᠯᠵᠡᠢ ᠶᠢ ᠤᠯᠤᠨ᠎ᠠ ᠭᠡᠰᠡᠨ ᠭᠡᠯᠡᠯᠴᠡᠭᠡ ᠲᠠᠢ᠃ | 2. ᠤᠯᠠᠭᠠᠨ ᠢᠳᠡᠭᠡᠨ᠃ ᠡᠨᠡ ᠨᠢ ᠭᠤᠤᠯᠳᠠᠭᠤ ᠦᠭᠡᠷ᠂ ᠬᠤᠨᠢ᠂ ᠢᠮᠠᠭᠠᠨ ᠮᠢᠬ᠎ᠠ ᠪᠤᠶᠤ ᠠᠩ ᠭᠦᠷᠦᠭᠡ᠂ | ᠠᠷᠢᠶᠠᠳᠠᠨ ᠵᠢᠭᠦᠷᠳᠡᠨ ᠤ ᠮᠢᠬ᠎ᠠ ᠶᠢ ᠢᠳᠡᠭᠡᠨ ᠪᠤᠯᠭᠠᠳᠠᠭ ᠢ ᠭᠡᠯᠡᠵᠤ ᠪᠤᠢ᠃ ᠠᠳᠤᠭᠤ᠂ ᠳᠡᠮᠡᠭᠡ᠂ ᠡᠯᠵᠢᠭᠡ᠂ | ᠯᠠᠭᠤᠰᠠ᠂ ᠭᠠᠭ᠋ᠠᠢ᠂ ᠨᠤᠬᠠᠢ᠂ ᠳᠠᠬᠢᠶ᠎ᠠ ᠳᠡᠷᠢᠭᠦᠳᠡᠨ ᠤ ᠮᠢᠬ᠎ᠠ ᠪᠠ ᠬᠤᠯᠤᠭᠠᠨ᠎ᠠ᠂ ᠵᠤᠷᠠᠮ᠎ᠠ᠂ ᠭᠠᠯᠠᠭᠤ᠂ ᠨᠤᠭᠤᠰᠤ᠂ | ᠪᠤᠯᠵᠤᠮᠤᠷ ᠤᠨ ᠮᠢᠬ᠎ᠠ ᠶᠢ ᠢᠳᠡᠳᠡᠭ ᠦᠭᠡᠢ᠃ ᠢᠯᠠᠩᠭᠤᠶ᠎ᠠ᠂ ᠴᠢᠨ᠋ᠸ᠎ᠠ ᠨᠤᠬᠠᠢ ᠳᠤ ᠢᠳᠡᠭᠳᠡᠭᠰᠡᠨ᠂ ᠠᠶᠤᠩᠭ᠎ᠠ ᠳᠤ | ᠳᠠᠭᠠᠷᠢᠭᠳᠠᠭᠰᠠᠨ᠂ ᠡᠪᠡᠳᠴᠢᠨ ᠭᠡᠮ ᠢᠶᠠᠷ ᠦᠭᠦᠭᠰᠡᠨ ᠮᠠᠯ ᠤᠨ ᠮᠢᠬ᠎ᠠ ᠶᠢ ᠢᠳᠡᠳᠡᠭ ᠦᠭᠡᠢ᠃ ᠡᠭᠦᠪᠡᠷ ᠦᠯᠦ | ᠪᠠᠷᠠᠨ ᠬᠠᠪᠤᠷ᠂ ᠵᠤᠨ᠂ ᠨᠠᠮᠤᠷ ᠮᠠᠯ ᠠᠷᠪᠢᠨ ᠨᠢᠳᠤᠯᠠᠳᠠᠭ ᠠᠶᠢᠯ ᠢ ︽ᠬᠤᠳᠠ ᠪᠠᠨ ᠬᠤᠷᠢᠶᠠᠮᠠᠷ ᠬᠤᠪᠳᠤᠭ︾᠂ ︽ | ᠤᠯᠠᠭᠠᠨ ᠢᠰᠡᠭᠡᠢ ᠵᠠᠯᠬᠢᠮᠠᠷ ᠦᠯᠦᠨ︾ ᠭᠡᠭᠦ ᠮᠡᠳᠤ ᠪᠠᠷ ᠬᠤᠴᠢᠯᠠᠳᠠᠭ᠃ | ᠭᠡᠷᠪᠡ ᠤᠨᠴᠠ ᠭᠡᠷᠡᠭᠴᠡᠭᠡ ᠦᠭᠡᠢ ᠪᠤᠯ ᠡᠪᠦᠯ ᠤᠨ ᠢᠳᠡᠰᠢᠨ ᠤ ᠪᠤᠰᠤᠳ ᠴᠠᠭ ᠲᠤ ᠨᠦᠭᠡᠴᠡ ᠪᠤᠶᠤ ᠴᠠᠭᠠᠨ | ᠢᠳᠡᠭᠡᠨ ᠭᠤᠤᠯᠯᠠᠨ᠎ᠠ᠃ ᠱᠦᠯᠦ ᠤᠤᠭᠤᠬᠤ ᠨᠡᠷ᠎ᠡ ᠪᠠᠷ ᠨᠢᠭᠡ ᠬᠤᠨᠢ ᠳᠦᠭᠦᠷᠭᠡᠳᠡᠭ ᠠᠴᠠ ᠠᠩᠬᠢᠳᠠ ᠮᠠᠯ | ᠨᠢᠳᠤᠯᠠᠳᠠᠭ ᠦᠭᠡᠢ᠃ ᠡᠪᠦᠯ ᠤᠨ ᠢᠳᠡᠰᠢ ᠭᠡᠳᠡᠭ ᠪᠤᠯ ᠪᠢᠯᠢᠭ ᠤᠨ ᠤᠯᠠᠷᠢᠯ ᠤᠨ ᠳᠡᠷᠢᠭᠦᠨ ᠰᠠᠷ᠎ᠠ ᠶᠢᠨ ᠬᠤᠷᠢᠳ | ᠢᠶᠠᠷ ᠮᠠᠯ ᠤᠨ ᠳᠠᠷᠭᠤ ᠪᠠᠭᠤᠷᠠᠬᠤ ᠠᠴᠠ ᠤᠷᠢᠳ ᠡᠪᠦᠯ ᠬᠠᠪᠤᠷ ᠤᠨ ᠤᠯᠠᠭᠠᠨ ᠢᠳᠡᠭᠡᠨ ᠢᠶᠠᠨ ᠪᠡᠯᠡᠳᠭᠡᠵᠤ | ᠦᠭᠦᠴᠡᠯᠡᠨ ᠨᠦᠭᠡᠴᠡᠯᠡᠳᠡᠭ ᠢ ᠭᠡᠯᠡᠵᠤ ᠪᠤᠢ᠃ | ᠤᠯᠠᠭᠠᠨ ᠢᠳᠡᠭᠡᠨ ᠤ ᠨᠡᠷᠡᠶᠢᠳᠦᠯ ᠬᠤᠪᠢᠳᠠᠯ ᠢ ᠪᠠᠭᠴᠠᠯᠠᠪᠠᠯ᠂ ᠬᠤᠨᠢᠨ ᠤ ᠴᠢᠨᠠᠭᠰᠠᠨ ᠮᠢᠬ᠎ᠠ ᠶᠢ ᠪᠦᠭᠦᠯᠢ ᠰᠢᠭᠦᠰᠤ | ᠂ ᠤᠭᠤᠴᠠᠨ ᠰᠢᠭᠦᠰᠤ᠂ ᠡᠪᠴᠢᠭᠦᠦ ᠰᠢᠭᠦᠰᠤ᠂ ᠳᠠᠯᠤ ᠳᠦᠷᠪᠡᠨ ᠦᠨᠳᠦᠷ ᠤᠨ ᠰᠢᠭᠦᠰᠤ᠂ ᠳᠤᠯᠤᠭᠠᠢ ᠰᠢᠭᠦᠰᠤ | ᠭᠡᠳᠡᠭ᠃ ᠦᠭᠡᠷ ᠤᠨ ᠮᠢᠬ᠎ᠠ ᠶᠢ ᠭᠤᠤᠯᠳᠠᠭᠤᠯᠤᠭᠰᠠᠨ ᠵᠦᠢᠯ ᠢᠶᠠᠷ ᠨᠢ ᠨᠢᠷᠤᠭᠤ᠂ ᠰᠡᠭᠡᠷ᠂ ᠭᠦᠵᠦᠭᠦᠦ᠂ ᠳᠡᠷᠡᠮᠡ | ᠭᠡᠳᠡᠭ᠃ ᠭᠡᠶᠢᠴᠢᠨ ᠵᠤᠴᠢᠨ ᠳᠠᠶᠢᠯᠠᠬᠤ᠂ ᠪᠡᠯᠡᠭ ᠭᠦᠷᠭᠡᠭᠦ᠂ ᠭᠡᠤᠭᠡᠨ ᠡᠷᠬᠢᠭᠦ ᠳᠤ ᠡᠳᠡᠭᠡᠷ ᠵᠦᠢᠯ ᠢᠶᠠᠷ ᠭᠤᠤᠯᠯᠠᠳᠠᠭ | ᠃ ᠴᠠᠭᠠᠨ ᠤ ᠶᠠᠪᠤᠳᠠᠯ ᠳᠤ ᠦᠭᠭᠦ ᠰᠢᠭᠦᠰᠤ ᠶᠢ ᠪᠦᠭᠦᠯᠢ ᠪᠤᠯ ᠮᠠᠩᠨᠠᠢ ᠳᠡᠭᠡᠷ᠎ᠡ ᠨᠢ ᠪᠠᠶᠠᠷ ᠮᠠᠩᠨᠠᠢ ᠭᠠᠷᠭᠠᠬᠤ ᠦᠭᠡᠢ | ᠪᠦᠭᠡᠳ ᠴᠢᠬᠢ ᠦᠭᠡᠢ ᠳᠤᠯᠤᠭᠠᠢ᠂ ᠰᠡᠭᠦᠯ ᠦᠭᠡᠢ ᠤᠭᠤᠴᠠ᠂ ᠬᠤᠷᠮᠤᠢ ᠦᠭᠡᠢ ᠡᠪᠴᠢᠭᠦᠦ ᠦᠭᠳᠡᠭ᠃ ᠤᠯᠠᠭᠠᠨ | ᠤ ᠶᠠᠪᠤᠳᠠᠯ᠂ ᠬᠤᠷᠢᠮ ᠤᠨ ᠰᠠᠭᠠᠯᠢ ᠪᠤᠶᠤ ᠨᠠᠶᠢᠷ ᠤᠨ ᠳᠠᠶᠢᠯᠠᠯᠭ᠎ᠠ ᠳᠤ ᠪᠦᠭᠦᠯᠢ ᠰᠢᠭᠦᠰᠤ᠂ ᠤᠭᠤᠴᠠ᠂ ᠡᠪᠴᠢᠭᠦᠦ | ︵ᠳᠠᠯᠤ ᠳᠦᠷᠪᠡᠨ ᠦᠨᠳᠦᠷ ᠦᠭᠳᠡᠭ ᠦᠭᠡᠢ︶ ᠳᠡᠪᠰᠢᠭᠦᠯᠭᠦ ᠳᠡᠭᠡᠨ ᠳᠡᠭᠡᠷ᠎ᠡ ᠨᠢ ᠬᠠᠳᠠᠭ᠂ ᠬᠤᠷᠤᠳ ᠳᠠᠯᠪᠢᠳᠠᠭ᠃ | ᠭᠡᠤᠭᠡᠳ ᠨᠠᠰᠤᠳᠠᠨ ᠤ ᠪᠠᠶᠠᠷ ᠲᠤ ᠴᠦ ᠡᠭᠦᠨ ᠯᠦᠭᠡ ᠠᠳᠠᠯᠢ᠃ | ᠪᠠᠭᠠᠷᠢᠨᠴᠤᠳ ᠡᠯ᠎ᠡ ᠵᠦᠢᠯ ᠤᠨ ᠰᠢᠭᠦᠰᠤ ᠳᠡᠪᠰᠢᠭᠦᠯᠭᠦ ᠳᠡᠭᠡᠨ ᠪᠦᠭᠦ ᠮᠤᠩᠭᠤᠯ ᠤᠨ ᠬᠢ ᠲᠠᠢ ᠠᠳᠠᠯᠢ᠃ ᠭᠠᠭᠴᠠ | ᠬᠦ ᠤᠭᠤᠴᠠ ᠬᠠᠰᠢᠬᠤ ᠳᠠᠭᠠᠨ ᠰᠦᠪᠡᠭᠡ ᠬᠠᠪᠢᠷᠭ᠎ᠠ ᠠᠴᠠ ᠨᠢ ᠰᠡᠭᠦᠯ ᠤᠷᠤᠭᠤ ᠨᠢ ᠳᠠᠷᠤᠵᠤ ᠵᠦᠰᠦᠭᠡᠳ ᠬᠤᠶᠠᠷ | ᠬᠠᠰᠢᠶᠠᠰᠤ ᠶᠢ ᠰᠤᠯᠢᠵᠤ ᠳᠠᠯᠪᠢᠳᠠᠭ᠃ ᠰᠢᠭᠦᠰᠤ ᠭᠦᠨᠳᠡᠭᠰᠡᠨ ᠭᠦᠮᠦᠨ ᠠᠯᠠᠭ᠎ᠠ ᠪᠠᠨ ᠳᠡᠯᠭᠡᠵᠤ ︽ᠵᠤᠭᠤᠭᠯᠠᠨ︾ | ᠭᠡᠪᠡᠯ ᠪᠤᠯᠴᠢᠬᠠᠳᠠᠭ᠃ ᠪᠤᠰᠤᠳ ᠲᠤ ᠭᠦᠷᠭᠡᠭᠦ ᠰᠢᠭᠦᠰᠤ ᠶᠢ ᠭᠦᠨᠳᠡᠳᠡᠭ ᠦᠭᠡᠢ᠃ | ᠭᠡᠤᠭᠡᠨ ᠤ ᠡᠷᠬᠢᠯᠳᠡ ᠳᠤ ᠪᠦᠭᠦᠯᠢ ᠰᠢᠭᠦᠰᠤ᠂ ᠤᠭᠤᠴᠠ᠂ ᠡᠪᠴᠢᠭᠦᠦ ᠨᠢ ᠪᠤᠤᠪᠤ ᠪᠤᠭᠤᠷᠰᠤᠭ ᠤᠨ ᠳᠦᠷᠦᠭᠦᠨ | ᠳᠤ ᠭᠤᠤᠯ ᠳᠠᠷᠤᠨ ᠶᠠᠪᠤᠳᠠᠭ ᠠᠴᠠ ᠪᠢᠰᠢ ᠳᠠᠯᠤ᠂ ᠳᠦᠷᠪᠡᠨ ᠦᠨᠳᠦᠷ᠂ ᠳᠤᠯᠤᠭᠠᠢ ᠰᠢᠭᠦᠰᠤ ᠶᠠᠪᠤᠳᠠᠭ ᠦᠭᠡᠢ᠃ | ᠬᠤᠷᠢᠮ ᠤᠨ ᠰᠠᠭᠠᠯᠢ ᠳᠤ ᠦᠭᠡᠷ ᠤᠨ ᠨᠢᠷᠤᠭᠤ᠂ ᠰᠡᠭᠡᠷ᠎ᠡ᠂ ᠭᠦᠵᠦᠭᠦᠦ᠂ ᠳᠠᠷᠠᠮ᠎ᠠ ᠶᠠᠪᠤᠳᠠᠭ ᠦᠭᠡᠢ᠃ | 3. ᠪᠤᠰᠤᠳ ᠢᠳᠡᠭᠡᠨ᠃ ᠪᠠᠭᠠᠷᠢᠨᠴᠤᠳ ᠤᠨ ᠵᠠᠩᠰᠢᠭᠰᠠᠨ ᠢᠳᠡᠭᠡᠨ ᠳᠤ ᠤᠯᠠᠭᠠᠨ ᠴᠠᠭᠠᠨ ᠢᠳᠡᠭᠡᠨ ᠠᠴᠠ | ᠠᠰᠳᠠᠭᠠᠨ ᠳᠡᠭᠦᠪᠡᠷ ᠢᠶᠠᠨ ᠦᠩᠰᠢᠭᠦᠯᠦᠨ ᠬᠤᠪᠢᠯᠭᠠᠭᠰᠠᠨ ᠤᠷᠭᠤᠮᠠᠯ ᠳᠠᠷᠢᠮᠠᠯ ᠤᠨ ᠢᠳᠡᠭᠡᠨ ᠤᠯᠠᠨ ᠪᠠᠶᠢᠳᠠᠭ᠃ | ᠬᠠᠭᠤᠷᠤᠭᠰᠠᠨ ᠪᠤᠳᠠᠭ᠎ᠠ — ᠴᠠᠭ ᠠᠭᠤᠷ ᠲᠤ ᠳᠤᠬᠢᠷᠠᠭᠰᠠᠨ ᠳᠦᠷᠭᠡᠨ ᠪᠤᠯᠪᠠᠰᠤᠷᠠᠳᠠᠭ ᠦᠷ᠎ᠡ ᠶᠢ ᠦᠪᠡᠷᠳᠡᠭᠡᠨ | ᠳᠠᠷᠢᠵᠤ ᠬᠤᠷᠢᠶᠠᠭᠠᠳ ᠭᠦᠭᠡᠭᠡᠯᠭᠡᠵᠤ᠂ ᠬᠠᠭᠤᠷᠴᠤ᠂ ᠴᠠᠶᠢᠯᠭᠠᠭᠠᠳ᠂ ᠳᠡᠪᠳᠦᠭᠡᠵᠤ ᠬᠤᠳᠬᠤᠵᠤ ᠴᠢᠨᠠᠵᠤ ᠢᠳᠡᠭᠦ | ᠳᠤ ᠳᠦᠭᠦᠮ ᠭᠦᠨᠡᠰᠤ ᠪᠤᠯᠭᠠᠳᠠᠭ᠃ | ᠭᠦᠰᠭᠦᠯᠭᠡ ᠲᠠᠢ ᠬᠤᠭᠤᠯᠠ — ᠦᠭᠡᠷ ᠬᠤᠨᠢᠨ ᠤ ᠮᠢᠬ᠎ᠠ ᠶᠢ ᠭᠦᠰᠢᠳᠡᠯ᠎ᠡ ᠭᠦᠰᠭᠦᠯᠡᠵᠤ ᠪᠤᠯᠭᠠᠭᠰᠠᠨ | ᠬᠠᠭᠤᠷᠤᠭᠰᠠᠨ ᠪᠤᠳᠠᠭ᠎ᠠ᠂ ᠨᠠᠷᠢᠮᠤ᠂ ᠳᠤᠳᠤᠷᠭ᠎ᠠ᠂ ᠭᠤᠸᠠᠮᠢᠶᠠᠨ ᠵᠡᠷᠭᠡ ᠶᠢᠨ ᠵᠦᠢᠯ ᠢ ᠳᠤᠰ ᠳᠤᠰ ᠤᠶᠢᠵᠤ | ᠴᠢᠨᠠᠭᠰᠠᠨ ᠪᠤᠳᠠᠭ᠎ᠠ᠃ ᠡᠳᠡᠭᠡᠷ ᠠᠮᠳᠠ ᠰᠢᠮᠳᠠ ᠲᠠᠢ ᠬᠤᠭᠤᠯᠠ ᠨᠢ ᠴᠠᠭ ᠤᠨ ᠬᠤᠭᠤᠯᠠ ᠪᠤᠯᠳᠠᠭ ᠢᠶᠠᠷ ᠪᠠᠷᠠᠬᠤ | ᠦᠭᠡᠢ ᠬᠠᠷᠠᠰᠤ ᠴᠠᠭ ᠲᠤ ᠵᠤᠴᠢᠨ ᠭᠡᠶᠢᠴᠢᠨ ᠳᠠᠶᠢᠯᠠᠬᠤ ᠳᠤ ᠰᠢᠭᠦᠰᠤ ᠶᠢ ᠤᠷᠤᠯᠠᠳᠠᠭ᠃ | ᠦᠷᠦᠮ᠎ᠡ ᠲᠠᠢ ᠬᠤᠭᠤᠯᠠ — ᠪᠤᠯᠤᠭᠰᠠᠨ ᠪᠤᠳᠠᠭ᠎ᠠ ᠶᠢ ᠰᠦ ᠰᠠᠭᠠᠯᠢ ᠪᠠᠷ ᠡᠯᠪᠡᠭ ᠦᠶ᠎ᠡ ᠳᠤ ᠦᠷᠦᠮ᠎ᠡ ᠳᠤ | ᠵᠢᠭᠤᠷᠠᠵᠤ᠂ ᠴᠠᠢ ᠶᠢᠨ ᠳᠠᠷᠠᠭ᠎ᠠ ᠦᠭᠳᠡᠭ ᠳᠤᠰᠬᠠᠢ ᠬᠤᠭᠤᠯᠠ᠃ ᠡᠭᠦᠨ ᠢ ᠭᠦᠨᠳᠤᠳᠤ ᠶᠤᠰᠤᠨ ᠤ ᠬᠤᠭᠤᠯᠠ ᠪᠠᠷ | ᠦᠵᠡᠳᠡᠭ᠃ | ᠠᠮᠤᠰᠤ — ᠨᠠᠷᠢᠮᠤ ᠪᠤᠶᠤ ᠳᠤᠳᠤᠷᠭ᠎ᠠ ᠶᠢ ᠠᠭᠰᠢᠭᠤᠯᠢᠭ ᠴᠢᠨᠠᠵᠤ᠂ ᠰᠦ ᠪᠤᠶᠤ ᠦᠷᠦᠮ᠎ᠡ ᠳᠤ ᠨᠤᠬᠤᠭᠠᠳ | ᠠᠶᠠᠭ᠎ᠠ ᠳᠠᠪᠠᠭ ᠲᠤ ᠠᠶᠠᠭᠠᠯᠠᠨ᠂ ᠳᠤᠮᠳᠠ ᠨᠢ ᠬᠤᠳᠤᠶᠢᠯᠭᠠᠨ ᠰᠢᠷ᠎ᠠ ᠳᠤᠰᠤ ᠳᠠᠯᠪᠢᠵᠤ᠂ ᠭᠡᠶᠢᠴᠢᠨ ᠵᠤᠴᠢᠨ ᠢ | ᠵᠤᠨ ᠨᠠᠮᠤᠷ ᠳᠠᠶᠢᠯᠠᠳᠠᠭ ᠬᠤᠭᠤᠯᠠ᠃ ᠡᠭᠦᠨ ᠤ ᠳᠡᠭᠡᠷ᠎ᠡ ᠮᠢᠬ᠎ᠠ᠂ ᠴᠢᠪᠠᠭ᠎ᠠ᠂ ᠪᠤᠷᠠᠮ ᠤᠷᠤᠭᠤᠯᠪᠠᠯ ᠳᠦᠪᠬᠸᠠ | ᠭᠡᠳᠡᠭ᠃ ᠯᠠᠮᠠ ᠬᠤᠸᠠᠷᠠᠭ ᠤᠨ ᠢᠳᠡᠳᠡᠭ ᠳᠦᠪᠡᠳ ᠬᠤᠭᠤᠯᠠ ᠪᠤᠶᠤ᠃ ᠡᠨᠡ ᠨᠢ ᠤᠯᠠᠭᠠᠨ ᠢᠳᠡᠭᠡᠨ ᠬᠤᠪᠤᠷ | ᠴᠠᠭ ᠤᠨ ᠤᠨᠴᠠ ᠬᠤᠭᠤᠯᠠ ᠪᠤᠯᠳᠠᠭ᠃ ᠡᠭᠦᠨ ᠢ ᠭᠦᠨᠳᠤᠳᠤ ᠵᠤᠴᠢᠨ ᠪᠤᠶᠤ ᠭᠦᠷᠭᠡᠨ ᠭᠡᠤᠭᠡᠨ ᠳᠤ ᠢᠳᠡᠭᠦᠯᠳᠡᠭ᠃ | | ᠳᠤᠭᠤᠯᠠᠢ — ᠨᠤᠬᠤᠭᠰᠠᠨ ᠰᠠᠭᠠᠭ ᠤᠨ ᠭᠤᠯᠢᠷ ᠢ ᠡᠷᠬᠢᠳᠡᠭᠦ ᠪᠤᠶᠤ ᠳᠦᠷᠪᠡᠯᠵᠢᠨ ᠭᠡᠷᠴᠢᠭᠡᠳ ᠳᠠᠪᠤᠰᠤ ᠲᠠᠢ | ᠤᠰᠤᠨ ᠳᠤ ᠴᠢᠨᠠᠵᠤ᠂ ᠱᠦᠭᠦᠵᠤ ᠠᠪᠤᠭᠠᠳ ᠰᠦ ᠪᠤᠶᠤ ᠦᠷᠦᠮ᠎ᠡ ᠳᠤ ᠳᠠᠬᠢᠨ ᠪᠤᠯᠪᠠᠰᠤᠷᠠᠭᠤᠯᠤᠭᠠᠳ ᠠᠶᠠᠭ᠎ᠠ | ᠳᠠᠪᠠᠭ ᠲᠤ ᠰᠠᠪᠠᠯᠠᠨ ᠵᠤᠴᠢᠨ ᠢᠶᠠᠨ ᠳᠠᠶᠢᠯᠠᠳᠠᠭ ᠬᠤᠭᠤᠯᠠ᠃ ᠳᠤᠭᠤᠯᠠᠢ ᠬᠤᠭᠤᠯᠠ ᠦᠭᠭᠦ ᠳᠡᠭᠡᠨ ᠬᠠᠷᠠᠰᠤ | ᠪᠤᠷᠤᠰᠤ ᠪᠠᠨ ᠮᠡᠳᠡᠭᠳᠡᠨ᠂ ︽ᠰᠠᠶᠢᠨ ᠬᠤᠭᠤᠯᠠ ᠨᠢ ᠰᠠᠭᠠᠭ ᠤᠨ ᠭᠤᠯᠢᠷ᠂ ᠰᠠᠶᠢᠨ ᠤᠨᠤᠭ᠎ᠠ ᠨᠢ ᠰᠡᠷᠡᠯ ᠡᠯᠵᠢᠭᠡ︾ | ᠭᠡᠭᠦ ᠮᠡᠳᠤ ᠪᠠᠷ ᠱᠤᠭᠷᠬᠠᠨ ᠡᠷᠡᠭᠡᠯᠡᠯ ᠦᠭᠡᠢ ᠢᠳᠡᠭᠦ ᠶᠢ ᠭᠦᠰᠡᠵᠤ᠂ ᠳᠤᠰᠤ ᠪᠠ ᠨᠤᠳᠤᠭ ᠤᠨ ᠨᠤᠭᠤᠭ᠎ᠠ | ᠭᠤᠭᠤᠳ ᠰᠤᠷᠢᠰᠤ᠂ ᠭᠦᠮᠡᠯᠢ ᠳᠠᠭᠠᠨ᠎ᠠ᠂ ᠳᠡᠮᠡᠭᠡᠨ ᠭᠦᠭᠦ ᠵᠡᠷᠭᠡ ᠶᠢ ᠵᠠᠭᠤᠰᠢᠨ ᠤ ᠤᠷᠤᠨ ᠳᠤ ᠳᠠᠯᠪᠢᠳᠠᠭ᠃ | ᠪᠠᠭᠠᠷᠢᠨᠴᠤᠳ ᠪᠢᠳᠡᠭᠦᠨ᠂ ᠰᠢᠨ᠎ᠡ ᠶᠢᠨ ᠨᠢᠭᠡᠨ ᠳᠤ ᠪᠤᠶᠤ ᠭᠦᠨᠳᠤ ᠵᠤᠴᠢᠨ ᠪᠠᠭᠤᠭᠰᠠᠨ ᠦᠶ᠎ᠡ ᠳᠤ᠂ ᠪᠠᠩᠰᠢ᠂ | ᠪᠤᠤᠵᠠ᠂ ᠱᠠᠯᠪᠢᠩ ᠢᠳᠡᠭᠦᠯᠳᠡᠭ᠃ ᠪᠢᠳᠡᠭᠦᠨ ᠤ ᠪᠠᠩᠰᠢ ᠳᠤ ᠵᠦᠩᠨᠡᠭᠦ ᠬᠤᠴᠢᠯᠠᠬᠤ ᠶᠢᠨ ᠡᠷᠭᠡᠪᠡᠷ ᠳᠤᠰᠬᠠᠶᠢᠯᠠᠨ | ᠵᠤᠭᠤᠰ᠂ ᠭᠦᠪᠦᠩ᠂ ᠨᠡᠭᠦᠷᠡᠰᠤ ᠬᠢᠳᠡᠭ᠃ ᠵᠤᠭᠤᠰ ᠨᠢ ᠭᠡᠨ ᠤ ᠠᠶᠠᠭᠠᠨ ᠳᠤ ᠤᠷᠤᠪᠠᠯ ᠪᠠᠶᠠᠵᠢᠬᠤ᠂ ᠭᠦᠪᠦᠩ ᠨᠢ | ᠭᠡᠨ ᠤ ᠠᠶᠠᠭᠠᠨ ᠳᠤ ᠤᠷᠤᠪᠠᠯ ᠴᠠᠭᠠᠪᠤᠷᠢ ᠰᠡᠳᠬᠢᠯ ᠲᠠᠢ᠂ ᠨᠡᠭᠦᠷᠡᠰᠤ ᠶᠢ ᠤᠯᠤᠭᠰᠠᠳ ᠢ ᠵᠢᠯ ᠤᠨ ᠬᠠᠷ᠎ᠠ ᠭᠡᠵᠤ | ᠬᠤᠴᠢᠯᠠᠳᠠᠭ᠃ ᠴᠠᠭᠠᠨ ᠰᠠᠷ᠎ᠠ ᠳᠤ ᠱᠠᠯᠪᠠᠩ ᠬᠠᠭᠠᠷᠢᠵᠤ᠂ ᠬᠠᠮᠢᠶᠠᠳᠠᠨ ᠳᠦᠷᠦᠯ ᠤᠨ ᠨᠠᠰᠤᠳᠠᠨ ᠳᠠᠭᠠᠨ ︽ᠰᠢᠨ᠎ᠡ | ᠶᠢᠨ ᠬᠤᠭᠤᠯᠠ︾ ᠭᠡᠵᠤ ᠵᠢᠷᠭᠤᠭᠠᠨ ᠱᠠᠯᠪᠢᠩ ᠪᠠᠷᠢᠳᠠᠭ ᠶᠤᠰᠤᠨ ᠪᠤᠢ᠃ | ᠬᠠᠭᠠᠷᠢᠭᠰᠠᠨ ᠪᠤᠤᠪᠤ — ᠪᠠᠭᠠᠷᠢᠨᠴᠤᠳ ᠮᠤᠩᠭᠤᠯ ᠠᠮᠤ᠂ ᠨᠠᠷᠢᠮᠤ ᠶᠢᠨ ᠭᠤᠯᠢᠷ ᠢᠰᠭᠡᠭᠡᠳ ᠪᠤᠤᠪᠤ ᠬᠠᠭᠠᠷᠢᠳᠠᠭ᠃ | ᠰᠢᠯᠦᠭᠡᠢ ᠶᠢᠨ ᠭᠤᠯᠢᠷ ᠢ ᠱᠦᠯᠦᠨ ᠳᠤᠰᠤ᠂ ᠭᠦᠢᠯᠡᠰᠦᠨ ᠳᠤᠰᠤ᠂ ᠦᠷ᠎ᠡ ᠶᠢᠨ ᠳᠤᠰᠤ ᠪᠠᠷ ᠬᠠᠭᠠᠷᠢᠵᠤ ᠪᠤᠤᠪᠤ | ᠬᠢᠳᠡᠭ᠃ ᠰᠠᠭᠠᠭ ᠤᠨ ᠭᠤᠯᠢᠷ ᠢᠶᠠᠷ ᠬᠠᠭᠠᠷᠢᠮᠠᠯ᠂ ᠬᠠᠭᠰᠠᠭᠠᠮᠠᠯ᠂ ᠪᠤᠯᠠᠮᠠᠯ ︵ᠨᠤᠷᠮᠠᠨ ᠳᠤ ᠪᠤᠯᠠᠬᠤ︶ ᠪᠤᠤᠪᠤ ᠪᠠ | ᠬᠤᠶᠢᠮᠠᠭ ᠭᠡᠳᠡᠭ᠃ ᠭᠡᠪᠡᠴᠤ ᠡᠭᠦᠨ ᠢᠶᠠᠷ ᠭᠡᠤᠭᠡᠨ ᠡᠷᠬᠢᠳᠡᠭ ᠦᠭᠡᠢ᠃ ᠴᠠᠭᠠᠨ ᠭᠤᠯᠢᠷ ᠢᠶᠠᠷ ᠬᠢᠭᠰᠡᠨ ᠰᠠᠷᠬᠢᠨᠠᠭ | ᠲᠠᠢ ᠪᠤᠤᠪᠤ ᠪᠤᠶᠤ ᠳᠤᠰᠤᠨ ᠳᠤ ᠪᠤᠴᠠᠯᠭᠠᠭᠰᠠᠨ ᠪᠤᠭᠤᠷᠰᠤᠭ ᠢᠶᠠᠷ ᠭᠡᠤᠭᠡᠨ ᠡᠷᠬᠢᠳᠡᠭ᠃ ᠭᠡᠭᠦ ᠳᠡᠭᠡᠨ ᠨᠠᠰᠤ | ᠪᠠᠷᠠᠭᠰᠠᠳ ᠤᠨ ᠳᠠᠬᠢᠯᠭ᠎ᠠ ᠳᠠᠶᠢᠯᠭ᠎ᠠ ᠳᠤ ᠰᠠᠷᠬᠢᠨᠠᠭ ᠦᠭᠡᠢ ᠳᠦᠯᠡᠢ ᠪᠤᠤᠪᠤ ᠦᠭᠳᠡᠭ᠃ ᠯᠠᠮᠠ ᠬᠤᠸᠠᠷᠠᠭᠴᠤᠳ ᠪᠤᠯ | ᠴᠠᠭᠠᠨ ᠭᠤᠯᠢᠷ ᠢᠶᠠᠷ ᠬᠠᠪᠰᠠᠢ ᠭᠡᠭᠴᠢ ᠳᠤᠰᠤᠨ ᠳᠤ ᠪᠤᠴᠠᠯᠭᠠᠭᠰᠠᠨ ᠪᠤᠤᠪᠤ ᠪᠤᠶᠤ ᠪᠢᠯᠢᠭ ᠤᠨ ᠭᠤᠯᠢᠷ ᠢᠶᠠᠷ | ᠵᠢᠩᠨᠡᠭᠰᠡᠨ ᠪᠤᠤᠪᠤ ᠬᠢᠳᠡᠭ᠃ ᠳᠡᠭᠦᠨ ᠢᠶᠠᠨ ᠪᠠᠰᠠ ᠬᠠᠷᠠᠴᠤᠤᠯ ᠳᠤ ᠠᠳᠢᠰ ᠭᠡᠮᠡᠨ ᠳᠦᠭᠡᠭᠡᠳᠡᠭ᠃ | ᠪᠠᠭᠠᠷᠢᠨᠴᠤᠳ ᠤᠷᠭᠤᠮᠠᠯ ᠤᠨ ᠵᠦᠢᠯ ᠢᠶᠠᠷ ᠤᠯᠠᠨ ᠵᠦᠢᠯ ᠤᠨ ᠵᠠᠭᠤᠰᠢ ᠬᠤᠯᠢᠰᠢ ᠬᠢᠳᠡᠭ ᠢᠶᠠᠷ ᠪᠠᠷᠠᠬᠤ | ᠦᠭᠡᠢ᠂ ᠴᠦᠷᠭᠦᠯ ︵ᠴᠤᠯᠢᠬᠢᠷ︶᠂ ᠳᠠᠩᠱᠠ ᠵᠡᠷᠭᠡ ᠶᠢᠨ ᠦᠷ᠎ᠡ ᠶᠢ ᠮᠢᠬ᠎ᠠ ᠱᠦᠯᠦ᠂ ᠰᠦ ᠴᠠᠭ᠎ᠠ ᠲᠠᠢ ᠬᠤᠯᠢᠵᠤ | ᠠᠮᠳᠠ ᠰᠢᠮᠡᠳᠠᠢ ᠬᠤᠭᠤᠯᠠ ᠬᠢᠳᠡᠭ᠃ |