| ᠪᠡᠯᠭᠡ ᠳᠡᠮᠪᠡᠷᠢᠯ ᠢ ᠡᠷᠬᠢᠮᠯᠡᠳᠡᠭ ᠪᠠᠭᠠᠷᠢᠨᠴᠤᠳ ᠤᠤᠯ ᠳᠠᠭᠠᠨ ᠠᠶᠠᠨ ᠵᠢᠩ ᠳᠤ ᠶᠠᠪᠤᠬᠤ᠂ ᠠᠪᠠ ᠭᠦᠷᠦᠭᠡ | ᠳᠤ ᠭᠠᠷᠬᠤ᠂ ᠨᠤᠳᠤᠭ ᠤᠰᠤ ᠰᠡᠯᠭᠦᠨ ᠨᠡᠭᠦᠭᠦ ᠵᠡᠷᠭᠡ ᠳᠤ ᠴᠦᠮ ᠰᠠᠴᠤᠯᠢ ᠡᠷᠭᠦᠳᠡᠭ ᠵᠠᠩᠰᠢᠯ ᠲᠠᠢ ᠪᠦᠭᠡᠳ | ᠳᠠᠯᠠᠯᠭ᠎ᠠ ᠳᠠᠯᠠᠯᠳᠠᠭ ᠵᠤᠷᠰᠢᠯ ᠲᠠᠢ ᠪᠢᠯᠡ᠃ ᠡᠭᠦᠨ ᠤ ᠭᠦᠢᠴᠡᠳᠭᠡᠯ ᠨᠢ ᠳᠤᠩ ᠳᠦᠭᠦᠮ᠃ ᠮᠤᠷᠳᠠᠭᠰᠠᠳ | ᠶᠠᠪᠤᠭᠰᠠᠳ ᠪᠡᠶ᠎ᠡ ᠪᠠᠨ ᠠᠷᠢᠭᠤᠯᠠᠨ᠂ ᠭᠦᠯᠦᠭ ᠤᠨᠤᠭ᠎ᠠ᠂ ᠡᠳ᠋ᠯᠡᠯ ᠭᠡᠷᠡᠭᠯᠡᠯ ᠢᠶᠠᠨ ᠮᠢᠯᠢᠶᠠᠭᠠᠳ ᠰᠠᠴᠤᠯᠢ ᠪᠠᠨ | ᠡᠷᠭᠦᠪᠡᠯ ᠳᠠᠭᠤᠰᠴᠢᠬᠠᠳᠠᠭ᠃ | ᠭᠡᠳᠡᠯ᠎ᠡ ᠳᠠᠯᠠᠯᠭ᠎ᠠ ᠠᠪᠬᠤ ᠵᠠᠩ ᠦᠢᠯᠡ ᠨᠢ ᠤᠯᠠᠷᠢᠯ ᠤᠨ ᠰᠤᠯᠢᠭᠳᠠᠯ᠂ ᠡᠰᠢ ᠡᠷᠭᠡᠳᠡᠨ ᠤ ᠡᠭᠡᠯᠵᠢᠯᠡᠯ᠂ | ᠡᠷᠬᠢᠯᠡᠵᠤ ᠵᠤᠷᠢᠭᠰᠠᠨ ᠭᠦᠰᠡᠯ ᠵᠡᠷᠭᠡ ᠪᠠᠷ ᠰᠢᠯᠳᠠᠭᠠᠯᠠᠭᠳᠠᠨ ᠦᠪᠡᠷ ᠦᠪᠡᠷ ᠤᠨ ᠵᠠᠩ ᠦᠢᠯᠡ ᠲᠠᠢ ᠪᠠᠶᠢᠳᠠᠭ᠃ | ᠳᠠᠯᠠᠯᠭ᠎ᠠ ᠶᠢ ᠡᠶᠢᠮᠦ ᠭᠡᠳᠦᠨ ᠵᠦᠢᠯ ᠢᠶᠠᠷ ᠢᠯᠭᠠᠵᠤ ᠪᠤᠯᠤᠨ᠎ᠠ᠃ | ᠡᠩ ᠤᠨ ᠳᠠᠯᠠᠯᠭ᠎ᠠ᠂ ᠡᠩ ᠤᠨ ᠳᠠᠯᠠᠯᠭ᠎ᠠ ᠶᠢ ᠠᠳᠠᠯᠢ ᠪᠤᠰᠤ ᠠᠶᠢᠮᠠᠭ ᠤᠪᠤᠭ ᠤᠨ ᠬᠢᠨ᠂ ᠡᠰᠢ ᠡᠷᠭᠡᠳᠡᠨ ᠤ | ᠡᠭᠡᠯᠵᠢᠯᠡᠯᠳᠡ᠂ ᠳᠠᠷᠤᠢ ᠭᠦᠭᠡ ᠬᠤᠯᠤᠭᠠᠨ᠎ᠠ᠂ ᠰᠢᠷᠠᠭᠴᠢᠨ ᠦᠭᠡᠷ ᠡᠳᠦᠷ᠂ ᠰᠠᠷ᠎ᠠ ᠪᠦᠷᠢ ᠶᠢᠨ ᠰᠢᠨ᠎ᠡ ᠶᠢᠨ ᠨᠢᠭᠡᠨ᠂ | ᠠᠷᠪᠠᠨ ᠳᠠᠪᠤᠨ᠂ ᠬᠤᠷᠢᠨ ᠳᠠᠪᠤᠨ ᠪᠤᠶᠤ ᠪᠢᠳᠡᠭᠦᠨ ᠳᠤ ᠳᠠᠯᠠᠯᠳᠠᠭ᠃ ᠡᠩ ᠤᠨ ᠳᠠᠯᠠᠯᠭ᠎ᠠ ᠶᠢᠨ ᠵᠠᠩ ᠦᠢᠯᠡ ᠳᠤ | ᠂ ᠭᠡᠷ ᠤᠨ ᠡᠵᠡᠨ᠂ ᠡᠵᠡᠭᠳᠡᠢ ᠪᠦᠰᠡᠭᠦᠢ᠂ ᠭᠤᠯᠤᠮᠳᠠ ᠵᠠᠯᠭᠠᠬᠤ ᠭᠦᠦ ᠭᠤᠤᠯᠯᠠᠵᠤ᠂ ᠭᠡᠷ ᠬᠤᠪᠢ ᠪᠠᠷ ᠢᠶᠠᠨ | ᠤᠷᠤᠯᠴᠠᠨ᠂ ᠡᠷᠭᠦᠯᠳᠡ ᠰᠠᠴᠤᠯᠢ᠂ ᠳᠠᠯᠠᠯᠭ᠎ᠠ ᠬᠤᠷᠤᠶᠢᠯᠭᠠ ᠪᠠᠨ ᠭᠦᠢᠴᠡᠳᠭᠡᠭᠡᠳ᠂ ᠬᠠᠮᠳᠤ ᠪᠠᠷ ᠢᠶᠠᠨ ᠬᠤᠭᠤᠯᠠ | ᠴᠠᠢ ᠭᠦᠷᠳᠡᠵᠤ ᠤᠮᠳᠠᠯᠠᠪᠠᠯ ᠪᠠᠷᠠᠴᠢᠬᠠᠳᠠᠭ᠃ | ᠳᠤᠰᠬᠠᠢ ᠳᠠᠯᠠᠯᠭ᠎ᠠ ᠡᠭᠦᠨ ᠳᠤ ᠭᠠᠯ ᠤᠨ ᠳᠠᠯᠠᠯᠭ᠎ᠠ᠂ ᠮᠠᠯ ᠤᠨ ᠭᠡᠰᠢᠭ ᠤᠨ ᠳᠠᠯᠠᠯᠭ᠎ᠠ᠂ ᠠᠶᠠᠨ ᠵᠢᠩ ᠤᠨ | ᠳᠠᠯᠠᠯᠭ᠎ᠠ᠂ ᠠᠪᠠ ᠭᠦᠷᠦᠭᠡ ᠶᠢᠨ ᠳᠠᠯᠠᠯᠭ᠎ᠠ᠂ ᠮᠤᠷᠳᠠᠭᠤᠯᠭ᠎ᠠ ᠶᠢᠨ ᠳᠠᠯᠠᠯᠭ᠎ᠠ᠂ ᠰᠦᠨᠡᠰᠦᠨ ᠤ ᠳᠠᠯᠠᠯᠭ᠎ᠠ᠂ ᠰᠦᠯᠳᠡ | ᠶᠢᠨ ᠳᠠᠯᠠᠯᠭ᠎ᠠ᠂ ᠤᠪᠤᠭ᠎ᠠ ᠱᠠᠩᠰᠢ ᠶᠢᠨ ᠳᠠᠯᠠᠯᠭ᠎ᠠ ᠵᠡᠷᠭᠡ ᠪᠠᠶᠢᠳᠠᠭ᠃ ᠡᠳᠡᠭᠡᠷ ᠳᠠᠯᠠᠯᠭ᠎ᠠ ᠶᠢᠨ ᠵᠠᠩ ᠦᠢᠯᠡ ᠨᠢ | ᠳᠤᠰ ᠳᠤᠰ ᠲᠠᠭᠠᠨ ᠤᠨᠴᠠᠯᠢᠭ ᠲᠠᠢ᠃ | ᠭᠠᠯ ᠤᠨ ᠳᠠᠯᠠᠯᠭ᠎ᠠ ᠶᠢ ᠤᠯᠠᠷᠢᠯ ᠪᠦᠷᠢ ᠶᠢᠨ ᠬᠤᠷᠢᠨ ᠭᠤᠷᠪᠠᠨ ᠳᠤ᠂ ᠢᠯᠠᠩᠭᠤᠶ᠎ᠠ ᠡᠪᠦᠯ ᠤᠨ ᠰᠡᠭᠦᠯ ᠰᠠᠷ᠎ᠠ | ᠮᠤᠷᠳᠠᠬᠤ ᠤᠨᠤᠭ᠎ᠠ ᠭᠦᠰᠭᠡ ᠶᠢ ᠵᠦᠪ ᠢᠶᠠᠷ ᠭᠤᠷᠪᠠ ᠳᠤᠭᠤᠷᠢᠨ ᠬᠤᠷᠤᠶᠢᠯᠠᠳᠠᠭ᠃ ᠡᠶᠢᠮᠦ ᠠᠴᠠ | ᠮᠤᠷᠳᠠᠭᠰᠠᠨ ᠭᠡᠤᠭᠡᠨ ᠳᠦᠷᠭᠦᠮᠯᠡᠪᠡᠯ ᠬᠤᠳᠤᠭᠤᠳᠤ ᠦᠭᠭᠦ ᠦᠭᠡᠢ ᠴᠡᠭᠡᠷ ᠲᠠᠢ ᠪᠢᠯᠡ᠃ | ᠰᠦᠨᠡᠰᠦᠨ ᠳᠠᠯᠠᠯᠭ᠎ᠠ ᠳᠤ ᠬᠤᠶᠠᠷ ᠵᠦᠢᠯ ᠪᠤᠢ᠃ ᠨᠢᠭᠡ ᠨᠢ᠂ ᠭᠡᠤᠭᠡᠳ ᠤᠨ ᠰᠦᠨᠡᠰᠦᠨ ᠤ ᠳᠠᠯᠠᠯᠭ᠎ᠠ ᠶᠢ | ᠡᠭᠡ ᠶᠢᠨ ᠬᠢᠨᠢ ᠳᠤᠳᠤᠷ ᠬᠤᠪᠴᠠᠰᠤ᠂ ᠭᠦᠭᠦ᠂ ᠳᠤᠷᠠᠳᠠᠢ ᠬᠠᠶᠢᠷᠠᠳᠠᠢ ᠡᠮᠦᠰᠬᠡᠯ ᠢᠶᠠᠷ ᠨᠢ ᠳᠠᠯᠠᠯᠳᠠᠭ᠃ ᠱᠠᠰᠢᠨ | ᠰᠢᠳᠦᠯᠭᠡ ᠶᠢᠨ ᠡᠷᠭᠡ ᠪᠠᠷ ᠫᠠᠶᠢᠰᠠᠨ ᠳᠡᠭᠡᠷ᠎ᠡ ᠨᠡᠷ᠎ᠡ ᠶᠢ ᠨᠢ ᠪᠢᠴᠢᠵᠤ ᠳᠤᠯᠤᠮ ᠳᠤ ᠠᠬᠤᠭᠤᠯᠤᠭᠠᠳ᠂ ᠬᠤᠳᠠ | ᠡᠷᠬᠢᠭᠦᠯᠭᠦ᠂ ᠨᠤᠮ ᠤᠩᠰᠢᠵᠤ ᠳᠤᠭᠤᠭ᠎ᠠ ᠲᠠᠢ ᠤᠰᠤᠨ ᠳᠤ ᠮᠤᠳᠤᠨ ᠠᠶᠠᠭ᠎ᠠ ᠲᠠᠢ ᠵᠤᠯᠠ ᠡᠷᠬᠢᠭᠦᠯᠭᠦ ᠮᠡᠳᠤ ᠪᠠᠷ | ᠳᠠᠯᠠᠯᠤᠨ ᠳᠠᠭᠤᠳᠠᠳᠠᠭ᠃ ᠨᠦᠭᠦᠭᠡ ᠨᠢ᠂ ᠪᠡᠶ᠎ᠡ ᠦᠷᠡᠭᠳᠡᠭᠰᠡᠳ ᠢ ᠭᠠᠳᠠᠭᠰᠢᠯᠠᠭᠤᠯᠬᠤ ᠦᠶ᠎ᠡ ᠳᠤ ᠦᠷ᠎ᠡ ᠭᠡᠤᠭᠡᠳ | ᠨᠢ ᠬᠠᠶᠢᠷᠠᠳᠠᠢ ᠬᠤᠪᠴᠠᠰᠤ᠂ ᠳᠤᠷᠠᠳᠠᠢ ᠢᠳᠡᠭᠡᠨ ᠢᠶᠠᠷ ᠨᠢ ᠳᠠᠯᠠᠯᠠᠳᠠᠭ᠃ ᠡᠳᠡᠭᠡᠷ ᠢ ᠰᠦᠨᠡᠰᠦᠨ ᠤ ᠳᠠᠯᠠᠯᠠᠭ᠎ᠠ | ᠭᠡᠳᠡᠭ ᠪᠢᠯᠡ᠃ | ᠰᠦᠯᠳᠡ ᠶᠢᠨ ᠳᠠᠯᠠᠯᠭ᠎ᠠ ᠶᠢ ᠴᠠᠭᠠᠨ ᠰᠠᠷ᠎ᠠ ᠶᠢᠨ ᠰᠢᠨ᠎ᠡ ᠶᠢᠨ ᠭᠤᠷᠪᠠᠨ ᠤ ᠵᠢᠯ ᠤᠨ ᠡᠬᠢᠨ ᠳᠤ᠂ ᠬᠤᠨᠢᠨ ᠤ | ᠴᠢᠨᠠᠭᠰᠠᠨ ᠪᠦᠭᠦᠯᠢ ᠡᠷᠡᠤ ᠪᠠᠷ ᠠᠪᠳᠠᠭ᠃ | ᠤᠪᠤᠭ᠎ᠠ ᠱᠠᠩᠰᠢ ᠶᠢᠨ ᠳᠠᠯᠠᠯᠭ᠎ᠠ ᠳᠤ ᠳᠠᠬᠢᠭᠴᠢᠳ ᠪᠦᠭᠦᠳᠡᠭᠡᠷ ᠤᠷᠤᠯᠴᠠᠨ᠂ ᠡᠷᠭᠦᠴᠡ ᠳᠤ ᠠᠪᠠᠴᠢᠭᠰᠠᠨ | ᠢᠳᠡᠭᠡᠨ ᠤᠮᠳᠠᠭᠠᠨ ᠤ ᠵᠦᠢᠯ ᠢᠶᠠᠷ ᠢᠶᠠᠨ ᠳᠠᠭᠠᠳᠬᠠᠯ ᠳᠠᠯᠠᠯᠭ᠎ᠠ ᠠᠪᠳᠠᠭ᠃ | ᠡᠩ ᠤᠨ ᠳᠠᠯᠠᠯᠭ᠎ᠠ ᠪᠠ ᠳᠤᠰᠬᠠᠢ ᠳᠠᠯᠠᠯᠭ᠎ᠠ ᠶᠢ ᠭᠡᠷ ᠤᠨ ᠡᠵᠡᠨ ᠪᠤᠶᠤ ᠠᠬᠠᠮᠠᠳ ᠳᠦᠷᠦᠭᠦᠳᠡᠨ ᠠᠴᠠ ᠭᠡᠷ | ᠪᠦᠯᠢ ᠪᠠ ᠤᠯᠠᠨ ᠢᠶᠠᠨ ᠳᠠᠭᠠᠭᠤᠯᠤᠨ ᠵᠠᠩ ᠦᠢᠯᠡ ᠶᠢ ᠭᠦᠢᠴᠡᠳᠭᠡᠳᠡᠭ᠃ ᠳᠠᠯᠠᠯᠭ᠎ᠠ ᠶᠢᠨ ᠭᠡᠰᠢᠭ ᠭᠡᠵᠤ ᠢᠳᠡᠭᠡᠨ | ᠤᠮᠳᠠᠭᠠᠨ ᠳᠦᠭᠡᠭᠡᠳᠡᠭ ᠪᠦᠭᠡᠳ ᠮᠠᠩᠯᠠᠢ ᠳᠡᠷᠢᠭᠦᠯᠡᠭᠴᠢᠳ ᠲᠤ ᠱᠠᠩᠨᠠᠳᠠᠭ᠃ | ᠪᠠᠭᠠᠷᠢᠨᠴᠤᠳ ᠳᠠᠯᠠᠯᠭ᠎ᠠ ᠬᠤᠷᠤᠶᠢᠯᠭᠠ ᠳᠤ ᠡᠷᠳᠡᠨ ᠤ ᠮᠤᠩᠭᠤᠯ ᠤᠨ ᠵᠠᠩ ᠰᠤᠷᠳᠠᠯ ᠢᠶᠠᠨ ᠤᠯᠠᠮᠵᠢᠯᠠᠨ ᠪᠠᠷᠢ᠊ | ᠮᠳᠠᠯᠠᠵᠤ ᠪᠠᠶᠢᠭᠰᠠᠨ ᠢᠶᠠᠨ ᠰᠢᠷ᠎ᠠ ᠶᠢᠨ ᠱᠠᠰᠢᠨ ᠨᠡᠪᠳᠡᠷᠡᠭᠰᠡᠨ ᠤ ᠳᠠᠷᠠᠭ᠎ᠠ ᠳᠦᠪᠡᠳ ᠨᠤᠮ ᠪᠤᠶᠤ ᠳᠡᠭᠦᠨ ᠢ | ᠤᠷᠴᠢᠭᠤᠯᠤᠭᠰᠠᠨ ᠮᠤᠩᠭᠤᠯ ᠰᠠᠩ ᠤᠩᠰᠢᠭᠤᠯᠤᠨ ᠳᠠᠯᠪᠢᠬᠤ ᠪᠤᠯᠵᠠᠢ᠃ | ᠳᠤᠭᠳᠠᠭᠠᠯ ᠲᠠᠢ ᠶᠡᠭᠡ ᠳᠠᠯᠠᠯᠭ᠎ᠠ ᠳᠤ ᠬᠤᠶᠠᠷ ᠵᠦᠢᠯ ᠪᠤᠢ᠃ ᠡᠪᠦᠯ ᠬᠠᠪᠤᠷ ᠤᠨ ᠬᠠᠷᠠᠰᠤ ᠵᠤᠳᠠᠷᠠᠭᠤ | ᠤᠯᠠᠷᠢᠯ ᠢ ᠳᠤᠭᠤᠯᠵᠤ᠂ ᠮᠠᠯ ᠳᠡᠩᠭᠡᠷᠡᠨ ᠳᠦᠯ ᠳᠤᠷᠨᠢᠵᠤ᠂ ᠨᠡᠭᠦᠳᠡᠯ ᠤᠨ ᠰᠢᠪᠠᠭᠤ ᠢᠷᠡᠭᠰᠡᠨ ᠤ ᠳᠠᠷᠠᠭ᠎ᠠ | ᠬᠤᠷᠤᠶᠢᠯᠠᠳᠠᠭ ᠢ ᠬᠠᠪᠤᠷ ᠤᠨ ᠳᠠᠯᠠᠯᠭ᠎ᠠ ᠭᠡᠳᠡᠭ᠃ ᠪᠢᠯᠢᠭ ᠤᠨ ᠤᠯᠠᠷᠢᠯ ᠤᠨ ᠳᠤᠯᠤᠭᠠᠨ ᠰᠠᠷ᠎ᠠ ᠶᠢᠨ ᠰᠡᠭᠦᠯᠴᠢ | ᠪᠤᠶᠤ ᠨᠠᠢᠮᠠᠨ ᠰᠠᠷ᠎ᠠ ᠳᠤ ᠠᠪᠳᠠᠭ ᠢ ᠨᠠᠮᠤᠷ ᠤᠨ ᠳᠠᠯᠠᠯᠭ᠎ᠠ ᠭᠡᠳᠡᠭ᠃ ᠬᠠᠪᠤᠷ ᠤᠨ ᠳᠠᠯᠠᠯᠭ᠎ᠠ ᠶᠢ ︽ᠴᠢᠩ ᠴᠠᠭᠠᠨ | ᠰᠢᠪᠠᠭᠤ ᠢᠷᠡᠭᠦ ᠳᠤ᠂ ᠴᠡᠴᠡᠭ ᠨᠠᠪᠴᠢ ᠳᠡᠯᠭᠡᠷᠡᠭᠦ ᠳᠤ᠂ ᠴᠠᠭᠠᠭᠴᠢ ᠭᠡᠭᠦᠦ ᠤᠨᠠᠭᠠᠯᠠᠬᠤ ᠳᠤ᠂ ᠴᠠᠭᠯᠠᠰᠢ ᠦᠭᠡᠢ | ᠳᠠᠯᠠᠯᠳᠠᠭ︾ ᠭᠡᠳᠡᠭ᠃ | ᠨᠠᠮᠤᠷ ᠤᠨ ᠳᠠᠯᠠᠯᠭ᠎ᠠ ᠳᠤ ︽ᠨᠡᠭᠦᠳᠡᠯ ᠤᠨ ᠰᠢᠪᠠᠭᠤ ᠪᠤᠴᠠᠬᠤ ᠳᠤ᠂ ᠨᠠᠮᠤᠷ ᠤᠨ ᠰᠡᠷᠢᠭᠦᠨ ᠤᠷᠤᠬᠤ ᠳᠤ᠂ | ᠨᠡᠶᠢᠳᠡ ᠤᠯᠠᠨ ᠢᠶᠠᠷ ᠢᠶᠠᠨ ᠴᠤᠭᠯᠠᠷᠠᠵᠤ᠂ ᠨᠠᠨᠳᠢᠨ ᠭᠡᠰᠢᠭ ᠢ ᠳᠠᠯᠠᠯᠵᠠᠭᠠᠶᠠ︕︾ ᠭᠡᠳᠡᠭ᠃ ᠡᠭᠦᠨ ᠳᠤ ᠡᠷᠦᠭᠡ | ᠶᠢᠨ ᠡᠵᠡᠨ ᠳᠦᠷᠦᠭᠦᠯᠡᠨ ᠤᠯᠠᠨ ᠢᠶᠠᠷ ᠢᠶᠠᠨ ᠭᠠᠯ ᠳᠡᠭᠷᠢ ᠳᠤ ᠰᠠᠴᠤᠯᠢ ᠡᠷᠭᠦᠨ ᠳᠠᠯᠠᠯᠭ᠎ᠠ ᠠᠪᠴᠤ᠂ ᠮᠠᠯ ᠢᠶᠠᠨ | ᠠᠷᠢᠭᠤᠯᠠᠨ ᠤᠩᠭᠤᠨ ᠰᠠᠳᠠᠷ ᠢᠶᠠᠨ ᠰᠡᠷᠭᠦᠭᠡᠭᠡᠳ ᠳᠠᠯᠠᠯᠭ᠎ᠠ ᠶᠢᠨ ᠭᠡᠰᠢᠭ ᠢ ᠭᠦᠷᠳᠡᠪᠡᠯ ᠳᠠᠭᠤᠰᠴᠢᠬᠠᠳᠠᠭ ᠪᠠᠶᠢᠵᠠᠢ᠃ | | ᠰᠢᠷ᠎ᠠ ᠶᠢᠨ ᠱᠠᠰᠢᠨ ᠨᠡᠪᠳᠡᠷᠡᠭᠰᠡᠨ ᠠᠴᠠ ᠬᠤᠶᠢᠨ᠎ᠠ᠂ ᠯᠠᠮᠠ ᠵᠠᠯᠠᠵᠤ ᠰᠠᠩ ᠳᠠᠯᠪᠢᠭᠤᠯᠤᠨ ᠡᠳ᠋ ᠡᠷᠳᠡᠨᠢᠰ ᠤᠨ | ᠰᠢᠳᠦᠭᠡᠨ ᠭᠡᠭᠴᠢ ᠨᠠᠮᠰᠠᠷᠠᠢ ᠪᠤᠶᠤ ᠨᠠᠮᠳᠠᠭ ᠪᠤᠷᠬᠠᠨ ᠢ ᠳᠠᠬᠢᠬᠤ ᠪᠤᠯᠵᠠᠢ᠃ ᠳᠡᠷᠡᠴᠢᠯᠡᠨ᠂ ᠳᠠᠯᠠᠯᠭ᠎ᠠ ᠶᠢᠨ | ᠳᠠᠭᠤᠳᠠᠯᠭ᠎ᠠ ᠶᠢ ᠰᠢᠳᠦᠭᠡᠨ ᠢᠶᠠᠷ ᠨᠢ ᠢᠯᠭᠠᠵᠤ ᠨᠠᠮᠰᠠᠷᠠᠢ ᠶᠢᠨ ᠳᠠᠯᠠᠯᠭ᠎ᠠ ᠪᠤᠶᠤ ᠨᠠᠮᠳᠠᠭ ᠤᠨ ᠳᠠᠯᠠᠯᠭ᠎ᠠ ᠭᠡᠭᠦ | ᠪᠤᠯᠤᠭᠠᠳ᠂ ᠨᠠᠮᠰᠠᠷᠠᠢ ᠶᠢᠨ ᠳᠠᠯᠠᠯᠭ᠎ᠠ ᠶᠢ ᠤᠯᠠᠭᠠᠨ ᠢᠶᠠᠷ᠂ ᠨᠠᠮᠳᠠᠭ ᠤᠨ ᠳᠠᠯᠠᠯᠭ᠎ᠠ ᠶᠢ ᠴᠠᠭᠠᠨ ᠢᠶᠠᠷ ᠬᠢᠳᠡᠭ ᠪᠢᠯᠡ᠃ | | ᠳᠠᠯᠠᠯᠭ᠎ᠠ ᠠᠪᠬᠤ ᠵᠠᠩ ᠵᠢᠷᠦᠮ ᠨᠢ ᠳᠤᠩ ᠨᠢᠮᠪᠠᠢ ᠬᠢᠴᠢᠶᠡᠩᠭᠦᠢ ᠪᠠᠶᠢᠳᠠᠭ᠃ ᠳᠠᠯᠠᠯᠭ᠎ᠠ ᠠᠪᠬᠤ ᠶᠢᠨ ᠡᠮᠦᠨ᠎ᠡ | ᠡᠳᠦᠷ ᠠᠯᠢᠪᠠ ᠪᠡᠯᠡᠳᠭᠡᠯ ᠢ ᠪᠦᠷ ᠭᠦᠢᠴᠡᠳᠭᠡᠨ᠎ᠡ᠃ ᠭᠡᠷ ᠭᠦᠷᠢᠶ᠎ᠡ ᠪᠠᠨ ᠰᠠᠶᠢᠬᠠᠨ ᠴᠡᠪᠡᠷᠯᠡᠵᠤ᠂ ᠠᠷᠴᠠ ᠰᠠᠩ | ᠵᠡᠷᠭᠡ ᠭᠡᠷᠡᠭᠰᠡᠯ ᠤᠨ ᠵᠦᠢᠯ ᠪᠦᠭᠦᠨ ᠢ ᠴᠦᠮ ᠲᠢᠭ᠋ ᠲᠠᠭ ᠪᠡᠯᠡᠳᠭᠡᠵᠤ᠂ ᠰᠢᠨ᠎ᠡ ᠬᠤᠪᠴᠠᠰᠤ ᠬᠤᠨᠠᠷ ᠢᠶᠠᠨ ᠢᠯᠠ | ᠳᠠᠯᠪᠢᠨ᠎ᠠ᠃ ᠪᠡᠶ᠎ᠡ ᠪᠠᠨ ᠠᠷᠢᠭᠤᠳᠬᠠᠨ ᠳᠠᠯᠠᠯᠭ᠎ᠠ ᠶᠢᠨ ᠰᠠᠭᠤᠯᠭ᠎ᠠ ᠶᠢ ᠴᠢᠮᠡᠨ᠎ᠡ᠃ ᠳᠠᠯᠠᠯᠭ᠎ᠠ ᠶᠢᠨ ᠰᠠᠭᠤᠯᠭ᠎ᠠ ᠶᠢ | ᠨᠠᠷᠠᠰᠤ᠂ ᠴᠦᠭᠦᠷᠡᠰᠤ᠂ ᠮᠠᠶᠢᠯᠠᠰᠤ ᠮᠡᠳᠤ ᠶᠢᠨ ᠮᠦᠩᠬᠡ ᠨᠤᠭᠤᠭᠠᠨ ᠮᠤᠳᠤ ᠪᠤᠶᠤ ᠳᠡᠮᠡᠭᠡᠨ ᠪᠦᠭᠦ ᠶᠢᠨ ᠰᠢᠷᠢ ᠮᠡᠳᠤ | ᠶᠢᠨ ᠪᠡᠯᠭᠡ ᠲᠠᠢ ᠵᠦᠢᠯ ᠢᠶᠠᠷ ᠭᠡᠪ ᠪᠠᠷᠢᠮᠵᠢᠶ᠎ᠠ ᠶᠤᠰᠤᠭᠠᠷ ᠬᠢᠵᠤ᠂ ᠴᠠᠭᠠᠰᠤ ᠪᠤᠶᠤ ᠪᠦᠰ ᠳᠤᠷᠳᠤᠩ ᠢᠶᠠᠷ | ᠳᠤᠳᠤᠷᠯᠠᠵᠤ᠂ ᠭᠠᠳᠠᠷ ᠲᠤᠨᠢ ᠪᠤᠳᠤᠭ ᠰᠢᠷ ᠢᠶᠠᠷ ᠳᠦᠷᠪᠡᠨ ᠡᠷᠳᠡᠨᠢ᠂ ᠨᠠᠢᠮᠠᠨ ᠳᠠᠬᠢᠯ᠂ ᠴᠢᠨᠳᠠᠮᠤᠨᠢ ᠵᠡᠷᠭᠡ ᠶᠢ | ᠵᠢᠷᠤᠳᠠᠭ᠃ ᠳᠠᠪᠤᠨ ᠳᠠᠷᠢᠶᠠᠨ ᠤ ᠦᠷ᠎ᠡ᠂ ᠳᠠᠪᠤᠨ ᠬᠤᠰᠢᠭᠤ ᠮᠠᠯ ᠤᠨ ᠤᠩᠭᠠᠰᠤ ᠨᠤᠤᠰᠤ᠂ ᠳᠡᠯ ᠰᠡᠭᠦᠯ ᠤᠯᠠᠭᠠᠨ | ᠴᠠᠭᠠᠨ ᠢᠳᠡᠭᠡ᠂ ᠠᠯᠳᠠ ᠮᠦᠩᠭᠦ ᠠᠷᠴᠠ ᠳᠡᠷᠢᠭᠦᠳᠡᠨ ᠢᠶᠠᠷ ᠳᠦᠭᠦᠷᠭᠡᠭᠡᠳ ᠳᠠᠪᠤᠨ ᠦᠩᠭᠡ ᠶᠢᠨ ᠭᠬᠢᠪ᠂ ᠬᠠᠳᠠᠭ | ᠢᠶᠠᠨ ᠴᠢᠮᠡᠭᠰᠡᠨ ᠰᠤᠮᠤ ᠪᠠ ᠰᠦᠳᠤ ᠮᠤᠳᠤᠨ ᠤ ᠰᠠᠯᠠᠭ᠎ᠠ ᠳᠤ ᠮᠠᠯ ᠤᠨ ᠭᠡᠰᠢᠭ᠂ ᠰᠢᠮ᠎ᠡ ᠶᠢᠨ ᠳᠡᠭᠡᠵᠢ ᠲᠠᠢ ᠵᠢᠵᠢᠭ | ᠴᠠᠭᠠᠨ ᠤᠭᠤᠳᠠ ᠡᠯᠭᠦᠵᠤ᠂ ᠳᠠᠯᠠᠯᠭ᠎ᠠ ᠶᠢᠨ ᠰᠠᠭᠤᠯᠠᠭ᠎ᠠ ᠳᠠᠭᠠᠨ ᠬᠠᠳᠬᠤᠳᠠᠭ᠃ | ᠳᠠᠯᠠᠯᠭ᠎ᠠ ᠠᠪᠬᠤ ᠡᠳᠦᠷ ᠠᠶᠢᠯ ᠠᠶᠢᠮᠠᠭ᠂ ᠬᠠᠮᠢᠶᠠᠷᠳᠠᠨ ᠰᠠᠳᠤᠨ ᠪᠦᠷ ᠢᠷᠠᠯᠴᠡᠵᠤ᠂ ᠵᠤᠯᠠ ᠭᠦᠵᠢ | ᠠᠰᠠᠭᠠᠵᠤ᠂ ᠬᠤᠳᠠᠨ ᠳᠤᠮᠳᠠ ᠠᠷᠴᠠ ᠤᠩᠭᠠᠰᠬᠠᠨ ᠳᠠᠯᠠᠯᠭ᠎ᠠ ᠶᠢᠨ ᠴᠠᠢ ᠢᠳᠡᠭᠡᠨ᠂ ᠠᠷᠢᠬᠢ ᠰᠢᠭᠦᠰᠤ ᠵᠡᠷᠭᠡ ᠶᠢ | ᠤᠷᠤᠭ ᠬᠤᠷᠢᠮ ᠬᠢᠭᠦ ᠰᠢᠭ ᠡᠯᠪᠡᠭ ᠳᠡᠯᠪᠡᠭ ᠪᠡᠯᠡᠳᠭᠡᠭᠡᠳ᠂ ᠬᠤᠨᠢ ᠪᠤᠴᠠᠬᠤ ᠶᠢᠨ ᠦᠶ᠎ᠡ ᠪᠠᠷ ᠮᠠᠯ ᠰᠦᠷᠦᠭ | ᠪᠦᠭᠦᠨ ᠢᠶᠠᠨ ᠬᠤᠳᠠᠨ ᠳᠠᠭᠠᠨ ᠤᠶᠢᠷᠠᠳᠤᠭᠤᠯᠤᠨ ᠰᠠᠩ ᠳᠠᠯᠪᠢᠵᠤ ᠳᠠᠯᠠᠯᠭ᠎ᠠ ᠦᠪᠡᠳᠡᠭᠰᠢ ᠶᠡᠭᠡ ᠪᠠᠷ ᠡᠬᠢᠯᠡᠨ᠎ᠡ᠃ | ᠭᠡᠷ ᠤᠨ ᠡᠵᠡᠨ ᠳᠤᠯᠭ᠎ᠠ ᠶᠢᠨ ᠢᠶᠠᠨ ᠡᠮᠦᠨ᠎ᠡ ᠵᠤᠭᠰᠤᠵᠤ᠂ ᠳᠠᠯᠠᠯᠭ᠎ᠠ ᠶᠢᠨ ᠰᠠᠭᠤᠯᠭ᠎ᠠ ᠪᠠᠷ ᠬᠤᠷᠤᠶᠢᠯᠠᠵᠤ | ᠡᠬᠢᠯᠡᠭᠦ ᠳᠤ᠂ ᠡᠵᠡᠭᠳᠡᠢ ᠪᠦᠰᠡᠭᠦᠢ᠂ ᠭᠠᠯ ᠭᠦᠭᠵᠢᠭᠡᠨ ᠠᠷᠢᠬᠢ ᠳᠤᠰᠤ᠂ ᠳᠤᠷᠮᠠ ᠵᠡᠷᠭᠡ ᠡᠷᠭᠦᠵᠤ᠂ ᠤᠷᠭᠤᠬᠤ | ᠨᠠᠷᠠᠨ ᠤ ᠳᠠᠯ᠎ᠠ ᠶᠢᠨ ᠤᠴᠤᠭ ᠠᠴᠠ ᠡᠬᠢᠯᠡᠨ ᠵᠦᠪ ᠢᠶᠠᠷ ᠡᠷᠬᠢᠵᠤ ᠤᠴᠤᠭ ᠪᠦᠷᠢ ᠳᠤ ᠠᠷᠢᠬᠢ ᠳᠤᠰᠤ ᠳᠤᠰᠤᠭᠠᠬᠤ | ᠳᠤ᠂ ᠴᠤᠭᠯᠠᠷᠠᠭᠰᠠᠨ ᠤᠯᠠᠨ ᠬᠠᠳᠠᠭ ᠬᠤᠷᠤᠳ ᠪᠠᠷᠢᠭᠰᠠᠨ ᠵᠦᠢᠯ ᠪᠦᠭᠦᠨ ᠢᠶᠠᠷ ᠢᠶᠠᠨ ᠭᠡᠷ ᠤᠨ ᠡᠵᠡᠨ ᠢ ᠳᠠᠭᠠᠵᠤ᠂ | ᠬᠤᠭᠤᠯᠠᠢ ᠭᠦᠩᠬᠢᠨᠡᠭᠦᠯᠦᠨ ᠠᠶᠠᠯᠭᠤ ᠨᠡᠶᠢᠯᠡᠭᠦᠯᠵᠤ᠂ ᠳᠠᠯᠠᠯᠭ᠎ᠠ ᠶᠢᠨ ᠳᠠᠭᠤᠳᠠᠯᠭ᠎ᠠ ᠶᠢ ᠳᠠᠭᠤᠯᠠᠨ ᠬᠤᠷᠤᠶᠢᠯᠠᠨ᠎ᠠ᠃ | ᠳᠠᠭᠤᠳᠠᠯᠭ᠎ᠠ ᠶᠢᠨ ᠳᠠᠭᠤᠯᠠᠯ ᠳᠦᠷᠪᠡᠨ ᠵᠦᠭ ᠨᠠᠢᠮᠠᠨ ᠵᠦᠪᠬᠢᠰ ᠠᠴᠠ ᠬᠤᠷᠤᠶᠢᠯᠠᠵᠤ ᠳᠠᠭᠤᠰᠬᠠᠬᠤ ᠰᠢᠬᠠᠬᠤ | ᠳᠤ ᠭᠡᠷ ᠤᠨ ᠡᠵᠡᠨ ᠳᠠᠯᠠᠯᠭ᠎ᠠ ᠶᠢᠨ ᠰᠠᠭᠤᠯᠭ᠎ᠠ ᠪᠠᠨ ᠳᠠᠪᠡᠷᠢᠵᠤ ᠭᠠᠷᠤᠭᠠᠳ ᠮᠤᠷᠢᠨ ᠳᠠᠭᠠᠨ ᠮᠤᠷᠳᠠᠵᠤ ᠬᠤᠳᠠ | ᠰᠦᠷᠦᠭ ᠢᠶᠠᠨ ᠡᠷᠬᠢᠨ᠎ᠡ᠃ ᠢᠩᠬᠢᠵᠤ ᠭᠤᠷᠪᠠᠨᠳᠠ ᠡᠷᠬᠢᠭᠦ ᠳᠡᠭᠡᠨ ᠳᠠᠪᠤᠨ ᠬᠤᠰᠢᠭᠤ ᠮᠠᠯ ᠤᠨ ᠭᠡᠰᠢᠭ ᠢ ᠳᠠᠭᠤᠳᠠᠨ | ᠬᠤᠷᠤᠶᠢᠯᠠᠭᠰᠠᠨ ᠳᠠᠭᠤᠯᠠᠯ ᠢ ᠠᠭᠤᠯᠠ ᠤᠰᠤ ᠶᠢ ᠪᠠᠶᠠᠰᠳᠠᠯ᠎ᠠ ᠳᠠᠭᠤᠯᠠᠨ ᠬᠤᠷᠤᠶᠢᠯᠠᠳᠠᠭ᠃ ᠭᠡᠷ ᠤᠨ ᠡᠵᠡᠨ ᠭᠡᠷ | ᠲᠤ ᠤᠷᠤᠵᠤ ᠢᠷᠡᠭᠰᠡᠨ ᠤ ᠳᠠᠷᠠᠭ᠎ᠠ᠂ ᠤᠯᠠᠨ ᠪᠦᠭᠦᠨ ᠢᠶᠠᠷ ᠢᠶᠠᠨ ︽ᠭᠡᠰᠢᠭ ᠪᠦᠭᠦᠨ ᠬᠤᠷᠠᠬᠤ ᠪᠤᠯᠳᠤᠭᠠᠢ︕ | ᠪᠤᠮ ᠤᠨ ᠳᠠᠮᠠᠭ᠎ᠠ ᠳᠠᠷᠤᠬᠤ ᠪᠤᠯᠳᠤᠭᠠᠢ︕︾ ᠭᠡᠭᠦ ᠮᠡᠳᠤ ᠶᠢᠨ ᠢᠷᠦᠭᠡᠯ ᠬᠠᠶᠢᠯᠠᠳᠠᠭ᠃ | ᠬᠤᠷᠤᠶᠢᠯᠠᠭᠠ ᠴᠢᠭᠯᠡᠭᠰᠡᠨ ᠤ ᠳᠠᠷᠠᠭ᠎ᠠ ᠤᠯᠠᠨ ᠢᠶᠠᠷ ᠢᠶᠠᠨ ᠭᠠᠷᠴᠤ ᠠᠵᠢᠷᠭ᠎ᠠ᠂ ᠪᠤᠬ᠎ᠠ᠂ ᠬᠤᠴᠠ᠂ ᠪᠤᠤᠷ᠎ᠠ᠂ | ᠤᠬᠤᠨ᠎ᠠ ᠵᠡᠷᠭᠡ ᠶᠢ ᠰᠡᠳᠡᠷᠯᠡᠨ᠎ᠡ᠃ ᠭᠡᠷᠪᠡ ᠤᠤᠯ ᠤᠨ ᠤᠩᠭᠤᠨ ᠨᠢ ᠭᠦᠭᠰᠢᠷᠡᠭᠰᠡᠨ ᠪᠤᠶᠤ ᠰᠡᠪᠳᠦᠭᠰᠡᠨ ᠪᠤᠯ | ᠦᠭᠡᠷ᠎ᠡ ᠮᠠᠯ ᠳᠤ ᠤᠩᠭᠤᠨ ᠶᠡᠭᠦᠯᠡᠨ᠎ᠡ᠃ ᠢᠩᠬᠢᠭᠦ ᠳᠡᠭᠡᠨ ᠤᠩᠭᠤᠨ ᠢᠶᠠᠨ ᠶᠡᠭᠦᠯᠡᠭᠳᠡᠭᠰᠡᠨ ᠪᠠ ᠤᠩᠭᠤᠯᠠᠭᠳᠠᠭᠰᠠᠨ | ᠮᠠᠯ ᠢ ᠳᠤᠯᠢ ᠳᠤ ᠪᠡᠶ᠎ᠡ ᠶᠢ ᠨᠢ ᠦᠵᠡᠭᠦᠯᠵᠤ᠂ ᠬᠠᠭᠤᠴᠢᠨ ᠤᠩᠭᠤᠨ ᠢ ᠠᠪᠴᠤ ᠰᠢᠨ᠎ᠡ ᠤᠩᠭᠤᠨ ᠶᠡᠭᠦᠯᠡᠭᠰᠡᠨ ᠮᠠᠯ | ᠳᠤ ᠵᠡᠭᠦᠯᠭᠡᠭᠦ ᠳᠡᠭᠡᠨ ᠪᠡᠯᠭᠡ ᠲᠠᠢ ᠦᠭᠡᠰ ᠭᠡᠯᠡᠵᠤ ᠢᠷᠦᠭᠡᠳᠡᠭ᠃ | ᠳᠠᠯᠠᠯᠭ᠎ᠠ ᠶᠢᠨ ᠵᠠᠩ ᠦᠢᠯᠡ ᠪᠦᠷ ᠳᠠᠭᠤᠰᠤᠭᠰᠠᠨ ᠤ ᠳᠠᠷᠠᠭ᠎ᠠ᠂ ᠴᠠᠢ ᠠᠶᠠᠭᠠᠯᠠᠨ ᠴᠠᠭᠠᠨ ᠢᠳᠡᠭᠡᠨ | ᠳᠠᠪᠠᠭᠯᠠᠭᠠᠳ ᠠᠮᠰᠠᠵᠤ ᠪᠠᠶᠢᠳᠠᠯ᠎ᠠ ᠠᠷᠢᠬᠢ ᠭᠡᠮᠨᠡᠨ ᠰᠢᠭᠦᠰᠤ ᠤᠷᠤᠭᠤᠯᠤᠨ᠎ᠠ᠃ ᠴᠤᠭᠯᠠᠷᠠᠭᠰᠠᠨ ᠭᠦᠮᠦᠰ | ᠨᠡᠶᠢᠯᠡᠯᠳᠦᠨ᠂ ᠳᠠᠯᠠᠯᠭ᠎ᠠ ᠶᠢᠨ ᠳᠤᠬᠠᠢ ᠬᠠᠭᠤᠴᠢ ᠳᠤᠮᠤᠭ ᠶᠠᠷᠢᠯᠴᠠᠨ ᠳᠠᠭᠤᠯᠠᠯᠴᠠᠬᠤ ᠶᠢᠨ ᠳᠠᠰᠢᠷᠠᠮᠠ ᠵᠦᠰᠦᠭᠰᠡᠨ | ᠢᠳᠡᠭᠡ᠂ ᠭᠡᠷᠴᠢᠭᠰᠡᠨ ᠬᠤᠷᠤᠳ᠂ ᠬᠠᠭᠠᠷᠢᠭᠰᠠᠨ ᠪᠤᠤᠪᠤ ᠵᠡᠷᠭᠡ ᠶᠢ ᠳᠠᠪᠠᠭᠯᠠᠭᠠᠳ᠂ ᠭᠡᠷ ᠤᠨ ᠡᠵᠡᠭᠳᠡᠢ ᠠᠴᠠ | ᠠᠶᠢᠷᠠᠭ ᠤᠨ ᠭᠦᠷᠦᠩᠭᠡ ᠪᠠᠨ ᠡᠵᠡᠨ᠂ ᠭᠡᠤᠭᠡᠳ ᠤᠨ ᠳᠤᠮᠳᠠ ᠳᠠᠯᠪᠢᠵᠤ᠂ ᠳᠠᠯᠠᠯᠭ᠎ᠠ ᠶᠢᠨ ᠭᠡᠰᠢᠭ ᠢ | ᠪᠤᠯᠢᠶᠠᠯᠳᠤᠭᠤᠯᠤᠨᠠ᠃ ᠶᠡᠭᠡ ᠳᠠᠯᠠᠯᠭ᠎ᠠ ᠶᠢ ᠡᠳᠦᠷ ᠲᠤᠨᠢ ᠳᠠᠭᠤᠰᠬᠠᠳᠠᠭ᠃ ᠶᠡᠭᠡ ᠳᠠᠯᠠᠯᠭ᠎ᠠ ᠶᠢᠨ ᠳᠤᠯᠤᠭ᠎ᠠ | ᠬᠤᠨᠤᠭ ᠲᠤ ᠭᠠᠳᠠᠭᠰᠢ ᠶᠠᠭᠤᠮ᠎ᠠ ᠭᠠᠷᠭᠠᠬᠤ ᠶᠢ ᠴᠡᠭᠡᠷᠯᠡᠳᠡᠭ᠃ |