ᠪᠡᠯᠭᠡ ᠳᠡᠮᠪᠡᠷᠢᠯ ᠤᠨ ᠵᠠᠩᠰᠢᠯ
ᠨᠡᠶᠢᠲᠡᠯᠡᠭᠰᠡᠨ ᠴᠠᠭ᠄
2022/12/19
    ︽ᠮᠤᠩᠭᠤᠯ ᠭᠦᠮᠦᠨ ᠪᠡᠯᠭᠡ ᠪᠠᠷ᠂ ᠮᠠᠨᠵᠤ ᠭᠦᠮᠦᠨ ᠪᠡᠨ᠎ᠡ ᠪᠠᠷ︾ ᠭᠡᠵᠤ ᠪᠠᠭᠠᠷᠢᠨᠴᠤᠳ ᠦᠭᠦᠯᠡᠳᠡᠭ ᠳᠡᠳᠦᠢ ᠪᠢᠰᠢ᠂ ᠰᠠᠶᠢᠨ ᠰᠠᠶᠢᠬᠠᠨ ᠢ ᠭᠦᠰᠡᠳᠡᠭ ᠦᠨᠡᠨᠴᠢ ᠰᠡᠳᠬᠢᠯ ᠤᠨ ᠳᠡᠭᠡᠵᠢ ᠪᠠᠨ ᠢᠷᠦᠭᠡᠯ ᠢᠶᠠᠷ ᠪᠤᠶᠤ ᠢᠷᠸ᠎ᠠ ᠶᠢᠨ ᠡᠳ᠋ ᠢᠶᠠᠷ ᠢᠯᠡᠳᠭᠡᠳᠡᠭ᠃      ᠢᠷᠦᠭᠡᠯ ᠮᠠᠭᠳᠠᠭᠠᠯ᠂ ᠭᠦᠨᠳᠦᠴᠢᠯᠡᠯ ᠮᠡᠨᠳᠦᠴᠢᠯᠡᠯ ᠳᠠᠬᠢ ᠪᠡᠯᠭᠡ ᠲᠠᠢ ᠦᠭᠡᠰ ᠲᠤ᠄ ᠵᠢᠯ ᠴᠠᠭᠠᠨ ᠰᠠᠷ᠎ᠠ ᠶᠢᠨ ᠢᠷᠦᠭᠡᠯ᠂ ᠭᠡᠤᠭᠡᠳ ᠤᠨ ᠨᠠᠶᠢᠷ ᠤᠨ ᠪᠡᠯᠭᠡᠳᠡᠯ᠂ ᠬᠤᠷᠢᠮ ᠤᠨ ᠭᠡᠯᠡᠮᠤᠷ᠂ ᠮᠤᠷᠢ ᠪᠦᠭᠡ ᠰᠤᠷᠴᠢᠨ ᠤ ᠮᠠᠭᠳᠠᠭᠠᠯ᠂ ᠨᠠᠰᠤᠨ ᠪᠠᠶᠠᠷ ᠤᠨ ᠭᠦᠨᠳᠦᠳᠭᠡᠯ᠂ ᠦᠢᠯᠡᠳᠪᠦᠷᠢᠯᠡᠯ ᠠᠮᠢᠳᠤᠷᠠᠯ ᠤᠨ ᠶᠠᠮᠠᠷ ᠨᠢᠭᠡᠨ ᠵᠦᠢᠯ ᠳᠤ ᠬᠤᠯᠪᠤᠭᠳᠠᠭᠰᠠᠨ ᠵᠦᠩᠨᠡᠯ ᠵᠡᠷᠭᠡ ᠶᠢᠨ ᠦᠭᠡᠰ ᠪᠠᠶᠢᠳᠠᠭ᠃ ᠪᠡᠯᠭᠡ ᠳᠡᠮᠪᠡᠷᠢᠯ ᠤᠨ ᠢᠷᠸ᠎ᠠ ᠲᠠᠢ ᠡᠳ᠋ ᠪᠤᠳᠠᠰ ᠲᠤ᠄ ᠬᠠᠳᠠᠭ᠂ ᠰᠠᠷᠬᠤᠳ᠂ ᠬᠠᠯᠠᠭᠤᠨ ᠬᠤᠰᠢᠭᠤ ᠲᠠᠢ ᠮᠠᠯ᠂ ᠤᠯᠠᠭᠠᠨ ᠴᠠᠭᠠᠨ ᠢᠳᠡᠭᠡ᠂ ᠰᠢᠬᠢᠷ ᠵᠢᠮᠢᠰ᠂ ᠪᠤᠤᠪᠤ ᠪᠤᠭᠤᠷᠰᠤᠭ᠂ ᠴᠠᠢ ᠳᠠᠮᠠᠬᠢ᠂ ᠳᠡᠪᠡᠯ ᠬᠤᠪᠴᠠᠰᠤ ᠵᠡᠷᠭᠡ ᠶᠢᠨ ᠭᠦᠨᠳᠦᠳᠭᠡᠯ ᠪᠤᠶᠤ ᠨᠦᠭᠦᠷᠯᠡᠯ ᠢ ᠬᠠᠷᠠᠭᠤᠯᠤᠭᠰᠠᠨ ᠪᠡᠯᠡᠭ ᠢᠶᠠᠷ ᠪᠡᠯᠭᠡ ᠳᠡᠮᠪᠡᠷᠢᠯ ᠢ ᠢᠯᠡᠳᠭᠡᠳᠡᠭ᠃      ᠪᠡᠯᠡᠭ ᠢ ᠶᠡᠭᠡ ᠪᠠᠭ᠎ᠠ ᠭᠦᠨᠳᠤ ᠭᠦᠩᠭᠡᠨ ᠭᠡᠵᠤ ᠶᠠᠷᠰᠢᠭᠯᠠᠵᠤ ᠴᠢᠮᠠᠯᠠᠳᠠᠭ ᠦᠭᠡᠢ᠂ ᠭᠡᠳᠦᠢ ᠪᠤᠯ ᠳᠡᠳᠦᠢ᠂ ᠶᠠᠭᠤ ᠪᠤᠯ ᠳᠡᠭᠦᠨ ᠢ ᠨᠢ ᠨᠠᠩᠳᠢᠩᠨᠠᠨ ᠭᠦᠷᠳᠡᠭᠡᠳ᠄ ︽ᠪᠡᠯᠡᠭ ᠰᠡᠯᠡᠭ ᠢ ᠤᠭᠳᠤᠭᠠᠳ᠂ ᠪᠢᠳᠡ ᠪᠦᠭᠦᠳᠡᠭᠡᠷ ᠢᠶᠠᠨ ᠵᠢᠷᠭᠠᠵᠠᠭᠠᠶ᠎ᠠ︾ ᠭᠡᠭᠦ ᠮᠡᠳᠤ ᠪᠡᠯᠭᠡ ᠲᠠᠢ ᠦᠭᠦᠯᠡᠨ᠂ ᠡᠪᠦᠭᠡᠳ ᠭᠦᠭᠰᠢᠳ ᠪᠠᠶᠠᠷᠯᠠᠨ ᠠᠪᠳᠠᠭ᠃ ᠵᠠᠯᠠᠭᠤᠴᠤᠳ ᠵᠤᠭᠰᠤᠭ᠎ᠠ ᠪᠠᠷ ᠰᠦᠭᠦᠷᠡᠨ ᠳᠤᠰᠳᠠᠭ᠂ ᠭᠡᠤᠭᠡᠨ ᠮᠦᠷᠭᠦᠵᠤ ᠠᠪᠳᠠᠭ᠃     ᠪᠡᠯᠡᠭ ᠰᠡᠯᠳᠡ ᠶᠢᠨ ᠵᠦᠢᠯ ᠳᠤ ᠵᠠᠪᠠᠯ ᠳᠤᠰᠬᠠᠢ ᠠᠵᠢᠯᠯᠠᠭ᠎ᠠ ᠳᠤᠨᠢ ᠵᠤᠬᠢᠴᠠᠭᠤᠯᠤᠨ ᠭᠦᠷᠭᠡᠳᠡᠭ ᠶᠤᠰᠤ ᠲᠠᠢ᠃ ᠭᠡᠤᠭᠡᠳ ᠤᠨ ᠦᠯᠦᠭᠡᠢ ᠶᠢᠨ ᠬᠤᠷᠢᠮ ᠳᠤ ᠭᠤᠤᠯᠳᠠᠭᠤ ᠭᠡᠯᠬᠢᠶ᠎ᠡ ᠲᠠᠢ ᠭᠠᠤᠯᠢᠨ ᠵᠤᠭᠤᠰ᠂ ᠴᠠᠭᠠᠨ ᠪᠠᠭᠯᠠᠭ᠎ᠠ᠂ ᠰᠤᠮᠤ ᠳ᠋ᠦᠩᠭ᠎ᠠ᠂ ᠭᠦᠭᠡ ᠪᠠᠷᠢᠨᠳᠠᠭ᠂ ᠮᠤᠳᠤᠨ ᠠᠶᠠᠭ᠎ᠠ ᠵᠡᠷᠭᠡ ᠶᠢ ᠪᠡᠯᠡᠭᠯᠡᠳᠡᠭ᠃ ᠭᠡᠤᠭᠡᠳ ᠤᠨ ᠤᠢ᠂ ᠲᠠᠬᠢ ᠬᠢᠷᠭᠠᠬᠤ ᠪᠠᠶᠠᠷ ᠨᠠᠶᠢᠷ ᠲᠤ ᠭᠡᠷ ᠤᠨ ᠠᠬᠠᠮᠠᠳ᠂ ᠨᠠᠭᠠᠴᠤ ᠶᠢᠨ ᠬᠢᠨ ᠬᠠᠯᠠᠭᠤᠨ ᠬᠤᠰᠢᠭᠤ ᠲᠠᠢ ᠮᠠᠯ ᠵᠢᠭᠠᠵᠤ ᠦᠭᠳᠡᠭ᠃ ᠠᠪᠠᠭ᠎ᠠ ᠡᠭᠡ᠂ ᠠᠪᠠᠭ᠎ᠠ ᠡᠭᠡᠴᠢ᠂ ᠤᠶᠢᠷ᠎ᠠ ᠰᠠᠳᠤᠨ ᠨᠢ ᠳᠡᠪᠡᠯ ᠭᠤᠳᠤᠯ ᠡᠮᠦᠰᠦᠭᠦᠯᠳᠡᠭ᠃     ᠬᠤᠷᠢᠮ ᠬᠤᠳᠠᠭᠠᠷ ᠲᠤ ᠬᠠᠷᠢᠨ ᠨᠠᠶᠢᠷ ᠳᠠᠯ᠎ᠠ ᠪᠠᠨ ᠦᠵᠡᠵᠤ᠂ ᠬᠠᠳᠠᠭ ᠠᠷᠢᠬᠢ᠂ ᠰᠢᠭᠦᠰᠤ ᠢᠳᠡᠭᠡᠨ᠂ ᠮᠤᠷᠢ ᠬᠤᠨᠢ᠂ ᠤᠯᠪᠤᠭ ᠭᠤᠳᠤᠯ᠂ ᠬᠤᠪᠴᠠᠰᠤ ᠳᠤᠷᠭ᠎ᠠ ᠵᠡᠷᠭᠡ ︽ᠬᠤᠷᠢᠮ ᠤᠨ ᠰᠠᠭᠠᠯᠢ︾᠂ ︽ᠬᠤᠷᠢᠮ ᠤᠨ ᠨᠠᠮᠡᠷᠢ︾ ᠭᠡᠵᠤ ᠪᠡᠯᠡᠭᠯᠡᠳᠡᠭ᠂ ᠬᠤᠷᠢᠮ ᠳᠤ ᠬᠤᠭᠤᠰᠤᠨ ᠤᠴᠢᠳᠠᠭ ᠦᠭᠡᠢ᠃     ᠭᠡᠤᠭᠡᠨ ᠤ ᠡᠷᠬᠢᠯᠳᠡ ᠶᠢᠨ ᠪᠡᠯᠡᠭ ᠲᠤ᠂ ᠪᠤᠯᠭᠤᠭᠰᠠᠨ ᠢᠳᠡᠭᠡᠨ — ᠬᠤᠨᠢᠨ ᠰᠢᠭᠦᠰᠤ᠂ ᠤᠭᠤᠨ ᠡᠪᠴᠢᠭᠦᠦ᠂ ᠦᠭᠡᠷ ᠤᠨ ᠰᠡᠭᠡᠷ᠂ ᠨᠢᠷᠤᠭᠤ ᠳᠠᠷᠠᠮ᠎ᠠ ᠲᠠᠢ ᠮᠤᠩᠭᠤᠯ ᠪᠤᠤᠪᠤ ︵ᠮᠤᠩᠭᠤᠯ ᠠᠮᠤ᠂ ᠨᠠᠷᠢᠮᠤ᠂ ᠰᠢᠯᠦᠭᠡᠢ ᠎ ᠶᠢᠨ ᠭᠤᠯᠢᠷ ᠤᠨ ᠬᠠᠭᠠᠷᠢᠭᠰᠠᠨ ᠪᠤᠤᠪᠤ︶᠂ ᠢᠷᠭᠡᠨ ᠪᠤᠤᠪᠤ ︵ᠵᠧᠪᠢᠩ ᠪᠤᠶᠤ ᠬᠠᠶᠢᠷᠴᠠᠭ ᠲᠠᠢ ᠪᠤᠤᠪᠤ︶᠎ ᠶᠢ ᠬᠤᠤᠰ ᠳᠤᠭ᠎ᠠ ᠪᠠᠷ ᠪᠡᠯᠡᠳᠴᠤ ᠡᠷᠬᠢᠳᠡᠭ᠃ ᠠᠬᠠᠮᠠᠳ ᠲᠤᠨᠢ ᠠᠷᠢᠬᠢ ᠳᠠᠷᠠᠰᠤ ᠲᠠᠢ ᠪᠦᠭᠡᠳ ᠴᠢᠨᠠᠬᠤ ᠴᠠᠢ᠂ ᠬᠠᠪᠳᠠᠭ᠎ᠠ ᠳᠠᠮᠠᠬᠢ ᠶᠢ ᠴᠠᠭᠠᠨ ᠴᠠᠭᠠᠰᠤᠨ ᠳᠤ ᠤᠷᠳᠤᠯᠢᠭ ᠳᠦᠷᠪᠡᠯᠵᠢᠨ ᠪᠤᠭᠤᠵᠤ᠂ ᠨᠢᠭᠤᠷ ᠳᠠᠯ᠎ᠠ ᠶᠢ ᠳᠦᠷᠪᠡᠨ ᠦᠨᠴᠦᠭ ᠎ ᠲᠤᠨᠢ ᠤᠯᠭᠠᠳᠠᠭᠠᠳ ︽ᠪᠡᠯᠡᠭ︾ ᠭᠡᠵᠤ ᠪᠠᠷᠢᠳᠠᠭ᠃     ᠪᠠᠭᠠᠷᠢᠨᠴᠤᠳ ᠦᠪᠡᠷ ᠤᠨ ᠭᠡᠤᠭᠡᠨ ᠳᠡᠳᠦᠢ ᠪᠢᠰᠢ ᠵᠢᠭᠡ ᠭᠡᠤᠭᠡᠨ᠂ ᠮᠦᠷᠭᠦᠭᠦᠯᠦᠭᠰᠡᠨ ᠭᠡᠤᠭᠡᠨ᠂ ᠳᠠᠨᠢᠭᠰᠠᠨ ᠭᠡᠤᠭᠡᠨ᠂ ᠤᠶᠢᠷ᠎ᠠ ᠰᠠᠳᠤᠨ ᠤ ᠭᠡᠤᠭᠡᠨ ᠢ ᠠᠳᠠᠯᠢᠬᠠᠨ ᠡᠷᠬᠢᠳᠡᠭ᠃ ᠡᠷᠬᠢᠭᠦ ᠳᠡᠭᠡᠨ ᠳᠦᠷᠪᠡᠨ ᠴᠠᠭ ᠢᠶᠠᠷ ᠡᠷᠬᠢᠳᠡᠭ᠃ ᠴᠠᠭᠠᠨ ᠰᠠᠷ᠎ᠠ ᠶᠢᠨ ᠡᠷᠬᠢᠯᠳᠡ ︵ᠰᠢᠨᠡᠯᠡᠭᠰᠡᠨ ᠳᠡᠷᠤᠢ ᠳᠤ︶᠂ ᠵᠤᠨ ᠤ ᠡᠷᠬᠢᠯᠳᠡ ︵ᠰᠠᠭᠠᠯᠢ ᠰᠦ ᠭᠠᠷᠤᠭᠰᠠᠨ ᠤ ᠳᠠᠷᠠᠭ᠎ᠠ︶᠂ ᠨᠠᠮᠤᠷ ᠤᠨ ᠡᠷᠬᠢᠯᠳᠡ ︵ᠳᠠᠯᠠᠯᠠᠭ᠎ᠠ ᠬᠤᠷᠤᠶᠢᠯᠭ᠎ᠠ ᠠᠪᠤᠭᠰᠠᠨ ᠤ ᠰᠡᠭᠦᠯᠡᠷ︶᠂ ᠡᠪᠦᠯ ᠤᠨ ᠡᠷᠬᠢᠯᠳᠡ ︵ᠡᠪᠦᠯ ᠤᠨ ᠢᠳᠡᠰᠢ ᠢᠳᠡᠭᠰᠡᠨ ᠤ ᠬᠤᠶᠢᠨ᠎ᠠ︶ ᠭᠡᠵᠤ ᠪᠠᠷᠤᠭ ᠳᠤᠭᠳᠠᠭᠠᠯ ᠲᠠᠢ ᠰᠢᠭ᠋ ᠤᠰᠤᠯᠳᠠᠯ ᠦᠭᠡᠢ ᠭᠦᠢᠴᠡᠳᠭᠡᠳᠡᠭ᠃     ᠨᠠᠰᠤᠨ ᠬᠤᠳᠤᠭ᠂ ᠨᠠᠰᠤᠨ ᠦᠯᠵᠡᠢ ᠶᠢᠨ ᠪᠠᠶᠠᠷ ᠤᠨ ᠪᠡᠯᠡᠭ ︵ᠵᠢᠯ ᠤᠷᠤᠬᠤ᠂ ᠳᠠᠪᠢ᠂ ᠵᠢᠷᠠ᠂ ᠳᠠᠯᠠ᠂ ᠨᠠᠶᠠᠨ ᠨᠠᠰᠤᠨ ᠤ ᠪᠠᠶᠠᠷ︶᠎ ᠲᠤ ᠬᠠᠳᠠᠭ ᠠᠷᠢᠬᠢ᠂ ᠳᠡᠪᠡᠯ ᠬᠤᠪᠴᠠᠰᠤ᠂ ᠳᠠᠶᠢᠯᠠᠷ ᠭᠦᠭᠦᠷ᠂ ᠬᠤᠨᠢᠨ ᠰᠢᠭᠦᠰᠤ᠂ ᠬᠠᠯᠠᠭᠤᠨ ᠳᠤᠭᠤᠭ᠎ᠠ᠂ ᠮᠤᠷᠢ ᠬᠤᠨᠢ ᠵᠡᠷᠭᠡ ᠶᠢ ᠪᠡᠯᠡᠭᠯᠡᠳᠡᠭ᠃ ᠪᠡᠯᠡᠭ ᠤᠨ ᠬᠠᠷᠢᠭᠤ ᠭᠡᠵᠤ ᠭᠦᠮᠦᠨ ᠪᠦᠷᠢ ᠳᠤ ᠱᠠᠭᠠᠵᠠᠩ ᠠᠶᠠᠭ᠎ᠠ᠂ ᠬᠠᠳᠠᠭ᠂ ᠠᠯᠴᠢᠭᠤᠷ ᠵᠡᠷᠭᠡ ᠶᠢ ᠭᠠᠷᠳᠠᠭᠤᠯᠳᠠᠭ᠃     ᠵᠡᠷᠭᠡ ᠳᠡᠪᠰᠢᠭᠦ᠂ ᠴᠤᠯᠠ ᠬᠠᠮᠠᠭᠠᠯᠠᠬᠤ᠂ ᠬᠤᠷᠠᠯ ᠬᠤᠢ ᠬᠢᠭᠦ᠂ ᠵᠢᠯ ᠴᠠᠭᠠᠨ ᠰᠠᠷ᠎ᠠ ᠪᠤᠯᠬᠤ᠂ ᠠᠯᠤᠰ ᠬᠤᠯᠠ ᠠᠶᠠᠨ ᠵᠢᠩ᠂ ᠠᠪᠠ ᠭᠦᠷᠦᠭᠡ᠂ ᠠᠯᠪᠠ ᠠᠴᠢᠶ᠎ᠠ ᠳᠤ ᠶᠠᠪᠤᠬᠤ ᠦᠶᠡᠰ ᠴᠦᠮ ᠪᠡᠯᠡᠭ ᠰᠡᠯᠳᠡ ᠪᠠᠷᠢᠳᠠᠭ᠃ ᠡᠳᠡᠭᠡᠷ ᠪᠡᠯᠡᠭ ᠲᠤ ᠭᠤᠤᠯᠳᠠᠭᠤ ᠪᠡᠯᠡᠭ ᠤᠨ ᠮᠠᠩᠯᠠᠢ ᠬᠠᠳᠠᠭ ᠠᠷᠢᠬᠢ ︵ᠭᠦᠨᠳᠦᠳᠡᠨ ᠳᠡᠭᠡᠨ ᠠᠶᠤᠰᠢ ᠬᠠᠳᠠᠭ᠂ ᠯᠠᠮᠠ ᠭᠦᠮᠦᠨ ᠳᠤ ᠰᠢᠷ᠎ᠠ ᠳᠤᠷᠭᠠᠨ ᠬᠠᠳᠠᠭ︶᠂ ᠢᠳᠡᠭᠡᠨ ᠤ ᠳᠡᠷᠢᠭᠦᠨ᠂ ᠴᠠᠭᠠᠨ ᠢᠳᠡᠭᠡᠨ᠂ ᠵᠠᠭᠠᠮ᠎ᠠ ᠵᠠᠬ᠎ᠠ ᠲᠠᠢ ᠬᠤᠪᠴᠠᠰᠤ ᠬᠤᠨᠠᠷ ᠪᠠ ᠪᠤᠯᠢᠭᠠᠷᠢ ᠪᠤᠶᠤ ᠦᠭᠡᠳᠡᠩ ᠭᠤᠳᠤᠯ᠂ ᠬᠠᠯᠠᠭᠤᠨ ᠬᠤᠰᠢᠭᠤᠳᠤ ᠮᠠᠯ᠂ ᠦᠭᠡᠳᠡ ᠠᠮᠠᠰᠠᠷ ᠎ ᠲᠠᠢ ᠳᠠᠶᠢᠯᠠᠷ ᠬᠠᠪᠳᠠᠭ᠎ᠠ ᠳᠡᠷᠢᠭᠦᠳᠡᠨ ᠢ ᠭᠦᠷᠭᠡᠳᠡᠭ᠃ ᠡᠳᠡᠭᠡᠷ ᠲᠤ ᠴᠦᠮ ᠶᠤᠰᠤ ᠵᠢᠷᠦᠮ ᠳᠤ ᠨᠡᠶᠢᠴᠡᠭᠰᠡᠨ ᠬᠠᠷᠢᠭᠤ ᠳᠠᠯ᠎ᠠ ᠪᠠᠷᠢᠳᠠᠭ ᠶᠤᠮ᠃ ᠠᠶᠠᠨᠴᠢᠳ ᠵᠢᠩᠴᠢᠳ ᠪᠤᠴᠠᠵᠤ ᠢᠷᠡᠭᠦ ᠳᠡᠭᠡᠨ ︽ᠠᠶᠠᠨ ᠵᠢᠩ ᠤᠨ ᠭᠡᠰᠢᠭ︾᠂  ᠭᠦᠷᠦᠭᠡᠴᠢᠨ ᠪᠤᠯ ︽ᠭᠡᠭᠡᠷ᠎ᠡ ᠶᠢᠨ ᠭᠡᠰᠢᠭ︾᠂ ᠠᠯᠪᠠ ᠠᠴᠢᠶ᠎ᠠ ᠶᠢᠨ ᠭᠦᠮᠦᠰ ᠪᠤᠯ ︽ᠠᠯᠪᠠ ᠶᠢᠨ ᠭᠡᠰᠢᠭ︾ ᠭᠡᠭᠦ ᠮᠡᠳᠤ ᠪᠠᠷ ᠤᠯᠵᠠ ᠤᠮᠤᠭ ᠤᠨ ᠢᠶᠠᠨ ᠳᠡᠭᠡᠵᠢ ᠶᠢ ᠠᠶᠢᠯ ᠠᠶᠢᠮᠠᠭ ᠲᠠᠭᠠᠨ ᠪᠡᠯᠡᠭᠯᠡᠳᠡᠭ᠃      ᠪᠡᠯᠡᠭ ᠭᠦᠷᠭᠡᠭᠦ ᠳᠡᠭᠡᠨ ᠦᠩᠭᠡ ᠵᠢᠰᠦᠮ᠂ ᠳᠤᠭ᠎ᠠ ᠭᠡᠮᠵᠢᠶ᠎ᠡ ᠶᠢ ᠴᠦ ᠡᠷᠬᠢᠮᠯᠡᠳᠡᠭ᠃ ᠪᠡᠯᠡᠭ ᠭᠦᠷᠭᠡᠳᠡᠭ ᠦᠩᠭᠡ ᠨᠢ ᠭᠤᠤᠯᠳᠠᠭᠤ ᠴᠠᠭᠠᠨ᠂ ᠭᠦᠭᠡ᠂ ᠤᠯᠠᠭᠠᠨ᠂ ᠨᠤᠭᠤᠭᠠᠨ᠂ ᠰᠢᠷ᠎ᠠ ᠪᠢᠯᠡ᠃ ᠬᠠᠷ᠎ᠠ ᠪᠠᠷᠠᠭᠠᠨ ᠦᠩᠭᠡ ᠶᠢ ᠴᠡᠭᠡᠷᠯᠡᠳᠡᠭ᠃ ᠪᠡᠯᠡᠭ ᠭᠦᠷᠭᠡᠳᠡᠭ ᠳᠤᠭ᠎ᠠ ᠭᠡᠮᠵᠢᠶ᠎ᠡ ᠨᠢ ᠪᠡᠯᠭᠡᠳᠤ ᠳᠤᠭ᠎ᠠ — ᠰᠤᠨᠳᠤᠭᠤᠢ ᠳᠤᠭ᠎ᠠ᠂ ᠨᠢᠭᠡ᠂ ᠭᠤᠷᠪᠠ᠂ ᠳᠠᠪᠤ᠂ ᠳᠤᠯᠤᠭ᠎ᠠ᠂ ᠶᠢᠰᠦ ᠶᠢ ᠡᠷᠬᠢᠮᠯᠡᠳᠡᠭ᠃ ᠶᠡᠭᠡ ᠪᠡᠯᠡᠭ ᠲᠤ ︽ᠶᠢᠰᠦ ᠳᠠᠪᠤ︾ ︽ᠶᠢᠰᠤ ᠶᠢᠰᠦ︾ ᠎ ᠶᠢ ᠭᠦᠢᠴᠡᠳᠭᠡᠭᠦ ᠪᠠᠷ ᠴᠢᠷᠮᠠᠶᠢᠳᠠᠭ ᠵᠠᠩᠰᠢᠯ ᠲᠠᠢ᠃ ᠠᠷᠢᠬᠢ ᠳᠠᠷᠠᠰᠤ ᠶᠢᠨ ᠪᠠᠷᠢᠳᠠᠯ ᠳᠤ ᠪᠤᠯ ᠬᠠᠷᠢᠨ ᠴᠢᠨᠳᠠᠮᠤᠨᠢ ᠭᠤᠷᠪᠠ ᠪᠤᠶᠤ ᠬᠤᠤᠰ ᠵᠦᠢᠷᠠᠢ ᠶᠢ ᠴᠦ ᠴᠢᠬᠤᠯᠠᠴᠢᠯᠠᠳᠠᠭ᠃
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ