ᠠᠶᠠᠨ ᠵᠢᠩ ᠤᠨ ᠶᠤᠰᠤᠨ
ᠨᠡᠶᠢᠲᠡᠯᠡᠭᠰᠡᠨ ᠴᠠᠭ᠄
2022/12/19
   ᠦᠭᠡᠷ ᠳᠡᠷᠭᠡ᠂ ᠳᠡᠮᠡᠭᠡᠨ ᠠᠴᠢᠶ᠎ᠠ ᠪᠠᠷ ᠠᠶᠠᠨ ᠵᠢᠩ ᠳᠤ ᠶᠠᠪᠤᠵᠤ᠂ ᠭᠡᠷᠡᠭᠴᠡᠭᠡ ᠲᠠᠢ ᠪᠦᠭᠦᠨ ᠢᠶᠠᠨ ᠵᠦᠭᠡᠭᠡᠳᠡᠭ ᠨᠢ ᠪᠠᠭᠠᠷᠢᠨᠴᠤᠳ ᠤᠨ ᠵᠠᠩᠰᠢᠭᠰᠠᠨ ᠠᠵᠢᠯᠯᠠᠭ᠎ᠠ ᠪᠢᠯᠡ᠃     ᠳᠡᠳᠡ ᠠᠶᠠᠯᠠᠬᠤ ᠶᠢ ᠭᠠᠵᠠᠷ ᠦᠵᠡᠵᠤ ᠭᠦᠮᠦᠨ ᠳᠠᠨᠢᠬᠤ᠂ ᠡᠷᠳᠡᠮ ᠰᠤᠷᠴᠤ ᠡᠷ᠎ᠡ ᠰᠢᠯᠭᠠᠬᠤ᠂ ︽ᠠᠶᠠᠨ ᠳᠤ ᠶᠠᠪᠤᠪᠠᠯ ᠤᠯᠵᠠ ᠲᠠᠢ᠂ ᠠᠪᠠ ᠳᠤ ᠭᠠᠷᠪᠠᠯ ᠭᠠᠨᠵᠤᠭ᠎ᠠ ᠲᠠᠢ︾ ᠭᠡᠵᠤ ᠢᠷᠠᠭᠤ ᠠᠯᠳᠠᠷ ᠲᠠᠢ ᠠᠵᠢᠯᠯᠠᠭ᠎ᠠ ᠪᠠᠷ ᠦᠵᠡᠳᠡᠭ᠃ ᠪᠠᠭᠠᠷᠢᠨᠴᠤᠳ ᠤᠨ ᠡᠷᠳᠡ ᠦᠶ᠎ᠡ ᠶᠢᠨ ᠠᠶᠠᠨ ᠭᠡᠪᠡᠯ᠂ ᠨᠡᠭᠦᠳᠡᠯ ᠪᠠᠭᠤᠳᠠᠯ ᠤᠨ ᠠᠶᠠᠨ᠂ ᠠᠶᠢᠨ ᠪᠠᠶᠢᠯᠳᠤᠭᠠᠨ ᠤ ᠠᠶᠠᠨ᠂ ᠵᠦᠭᠡᠭᠡᠪᠦᠷᠢ ᠳᠡᠭᠡᠭᠡᠪᠦᠷᠢ ᠶᠢᠨ ᠠᠶᠠᠨ᠂ ᠠᠯᠪᠠ ᠠᠴᠢᠶ᠎ᠠ ᠶᠢᠨ ᠠᠶᠠᠨ᠂ ᠮᠦᠷᠭᠦᠯ ᠵᠤᠭᠠᠴᠠᠯ ᠎ ᠤᠨ ᠠᠶᠠᠨ ᠵᠡᠷᠭᠡ ᠪᠤᠯᠤᠨ᠎ᠠ᠃     ᠨᠡᠭᠦᠳᠡᠯ ᠪᠠᠭᠤᠳᠠᠯ ᠤᠨ ᠠᠶᠠᠨ — ᠤᠳᠤᠷᠯᠠᠨ ᠮᠠᠯᠯᠠᠵᠤ ᠪᠠᠶᠢᠭᠰᠨ ᠦᠶ᠎ᠡ ᠳᠤ ᠠᠶᠢᠯ ᠡᠷᠦᠭᠡ ᠪᠦᠷᠢ ᠡᠶᠢᠮᠦᠷᠭᠦ ᠠᠶᠠᠨ ᠳᠤ ᠦᠷᠭᠦᠯᠵᠢ ᠶᠠᠪᠤᠳᠠᠭ ᠪᠠᠶᠢᠵᠠᠢ᠃ ᠰᠠᠭᠤᠷᠢᠰᠢᠨ ᠨᠤᠳᠤᠭᠯᠠᠭᠰᠠᠨ ᠠᠴᠠ ᠨᠠᠰᠢ ᠡᠶᠢᠮᠦᠷᠭᠦ ᠠᠶᠠᠨ ᠎ ᠨᠢ ᠢᠳᠡᠭ ᠢᠳᠡᠭ ᠢᠶᠠᠷ ᠴᠦᠭᠡᠷᠡᠪᠡ᠃     ᠳᠠᠶᠢᠨ ᠪᠠᠶᠢᠯᠳᠤᠭᠠᠨ ᠤ ᠠᠶᠠᠨ — ᠳᠠᠶᠢᠨ ᠳᠠᠵᠢᠨ ᠰᠠᠮᠠᠭᠤᠨ ᠦᠶ᠎ᠡ ᠳᠤ ᠪᠠᠭᠠᠷᠢᠨ ᠠᠶᠢᠮᠠᠭ ᠤᠨ ᠳᠡᠭᠡᠳᠦᠰ ᠡᠶᠢᠮᠦᠷᠭᠦ ᠠᠶᠠᠨ ᠳᠠᠶᠢᠨ ᠳᠤ ᠱᠠᠯᠠᠮᠠᠭᠠᠢ ᠤᠷᠤᠯᠴᠠᠨ ᠬᠤᠪᠢ ᠨᠡᠮᠡᠷᠢ ᠦᠵᠡᠭᠦᠯᠦᠨ ᠭᠠᠪᠢᠶ᠎ᠠ ᠵᠢᠳᠭᠦᠯ ᠭᠠᠷᠭᠠᠵᠤ ᠪᠠᠶᠢᠵᠠᠢ᠃ ᠤᠮᠠᠷᠠᠳᠤ ᠶᠢᠨ ᠦᠨᠳᠦᠰᠦᠳᠡᠨ ᠢ ᠨᠢᠭᠡᠳᠭᠡᠭᠦ᠂ ᠨᠤᠳᠤᠭ ᠤᠰᠤ ᠪᠠᠨ ᠬᠠᠮᠠᠭᠠᠯᠠᠬᠤ ᠪᠠ ᠦᠷᠭᠡᠳᠭᠡᠭᠦ᠂ ᠦᠰᠢᠶᠡᠳᠡᠨ ᠤ ᠳᠦᠷᠢᠮᠡᠬᠡᠶᠢᠯᠡᠯ ᠢ ᠦᠯᠳᠡᠭᠦ ᠵᠡᠷᠭᠡ ᠠᠶᠠᠨ ᠳᠠᠶᠢᠨ ᠳᠤ ᠪᠠᠭᠠᠷᠢᠨ ᠠᠶᠢᠮᠠᠭ ᠤᠨ ᠨᠠᠶᠠᠭ᠎ᠠ᠂ ᠪᠠᠶᠠᠨ᠂ ᠰᠤᠪᠠᠭ᠋ᠠᠢ ᠨᠠᠷ ᠤᠨ ᠤᠷᠤᠯᠴᠠᠭᠰᠠᠨ ᠪᠠᠯᠠᠷᠠᠰᠢ ᠦᠭᠡᠢ ᠤᠯᠠ ᠮᠦᠷ ᠳᠤᠷᠠᠶᠢᠨ ᠪᠠᠶᠢᠳᠠᠭ᠃ ᠵᠦᠭᠡᠭᠡᠪᠦᠷᠢ ᠳᠡᠭᠡᠭᠡᠪᠦᠷᠢ ᠶᠢᠨ ᠠᠶᠠᠨ — ᠡᠶᠢᠮᠦ ᠠᠶᠠᠨ ᠢ ᠰᠤᠪᠳᠠᠭ ᠠᠶᠠᠨ᠂ ᠦᠭᠡᠷ ᠳᠡᠷᠭᠡᠨ ᠠᠶᠠᠨ᠂ ᠳᠡᠮᠡᠭᠡ ᠎ ᠶᠢᠨ ᠵᠢᠩ ᠭᠡᠭᠦ ᠮᠡᠳᠤ ᠭᠡᠷᠡᠭᠰᠡᠯ ᠪᠠ ᠭᠦᠯᠦᠰᠢ ᠤᠨᠤᠰᠢ ᠪᠠᠷ ᠨᠢ ᠬᠤᠪᠢᠶᠠᠵᠤ ᠨᠡᠷᠡᠯᠡᠳᠡᠭ᠃     ᠰᠤᠪᠳᠠᠭ ᠠᠶᠠᠨ ᠳᠤ ᠭᠤᠤᠯᠳᠠᠭᠤ ᠬᠤᠷᠳᠤᠨ ᠳᠤᠭᠤᠷᠠᠶᠢᠳᠤ ︽ᠡᠷᠳᠡᠨᠢ ᠶᠢᠨ ᠭᠦᠯᠦᠭ︾ ᠮᠤᠷᠢ᠂ ᠳᠠᠭᠠᠭᠠᠪᠴᠢ ᠰᠠᠶᠢᠳᠠᠢ ︽ᠳᠠᠯ᠎ᠠ ᠶᠢᠨ ᠵᠠᠭᠠᠨ᠎ᠠ︾ ᠳᠡᠮᠡᠭᠡ ᠪᠠᠷ ᠭᠡᠳᠦᠭᠦᠯᠡ ᠶᠠᠪᠤᠵᠤ ᠭᠠᠨᠵᠤᠭᠠᠯᠠᠭ᠎ᠠ ᠠᠴᠢᠶᠠᠯᠠᠭ᠎ᠠ ᠎ ᠪᠠᠷ ᠵᠦᠭᠡᠭᠡᠪᠦᠷᠢᠯᠡᠳᠡᠭ ᠠᠵᠢ᠃     ᠦᠭᠡᠷ ᠳᠡᠷᠭᠡᠨ ᠠᠶᠠᠨ ᠳᠤ ᠭᠤᠭᠤᠵᠢᠭᠤᠷ ᠳᠡᠷᠭᠡᠨ ᠳᠤ ︵ᠮᠤᠳᠤᠨ ᠳᠡᠷᠭᠡ︶ ᠦᠭᠡᠷ ᠠᠷᠠᠯᠳᠠᠨ ᠨᠡᠯᠢᠶᠡᠳ ᠤᠯᠠᠨ ᠭᠦᠮᠦᠨ ᠳᠤᠰᠪᠦᠷᠢ ᠨᠡᠯᠢᠶᠡᠳ ᠳᠡᠷᠭᠡ ᠭᠦᠳᠦᠯᠦᠨ ᠤᠯᠠᠷᠢᠯ ᠪᠦᠷᠢ ᠳᠤ ᠶᠠᠪᠤᠵᠤ ᠳᠡᠭᠡᠭᠡᠪᠦᠷᠢ ᠬᠢᠳᠡᠭ ᠪᠠᠶᠢᠵᠠᠢ      ᠳᠡᠮᠡᠭᠡᠨ ᠵᠢᠩ ᠳᠤ᠂ ᠳᠡᠷᠭᠡ ᠲᠠᠢ ᠶᠠᠪᠤᠵᠤ ᠳᠡᠭᠡᠭᠡᠭᠦ ᠪᠤᠶᠤ ᠳᠡᠷᠭᠡ ᠦᠭᠡᠢ ᠪᠠᠷ ᠶᠠᠪᠤᠵᠤ ᠠᠴᠢᠬᠤ ᠵᠡᠷᠭᠡ ᠪᠤᠢ ᠃ ᠡᠪᠦᠯ ᠬᠠᠪᠤᠷ ᠤᠨ ᠬᠠᠳᠠᠭᠤ ᠪᠡᠷᠭᠡ ᠴᠠᠭ ᠲᠤ ᠶᠠᠪᠤᠵᠤ᠂ ᠵᠤᠨ ᠨᠠᠮᠤᠷ ᠠᠴᠠ ᠬᠠᠯᠠᠭᠤᠨ ᠳᠠᠷᠭᠤᠨ ᠴᠠᠭ ᠲᠤ ᠶᠠᠪᠤᠳᠠᠭ ᠦᠭᠡᠢ ᠨᠡᠶᠢᠭᠡᠮ ᠭᠦᠭᠵᠢᠵᠤ ᠵᠦᠭᠡᠭᠡᠪᠦᠷᠢ ᠶᠢᠨ ᠪᠠᠭᠠᠵᠢ ᠳᠠᠪᠰᠢᠵᠤ ᠮᠠᠰᠢᠨ ᠳᠡᠷᠭᠡ ᠳᠠᠷᠠᠺᠲ᠋ᠤᠷ ᠤᠯᠠᠰᠢᠷᠠᠭᠰᠠᠨ ᠠᠴᠠ ᠬᠤᠶᠢᠰᠢ ᠦᠭᠡᠢ ᠳᠡᠷᠭᠡ᠂ ᠳᠡᠮᠡᠭᠡᠨ ᠵᠢᠩ ᠤᠨ ᠠᠶᠠᠨ ᠪᠠᠷᠤᠭ ᠲᠠᠰᠤᠷᠠᠵᠠᠢ᠃      ᠠᠯᠪᠠ ᠠᠴᠢᠶ᠎ᠠ ᠶᠢᠨ ᠠᠶᠠᠨ — ᠠᠷᠠᠳ ᠬᠤᠶᠠᠭ ᠠᠴᠠ ᠮᠤᠷᠢ᠂ ᠳᠡᠮᠡᠭᠡ᠂ ᠦᠭᠡᠷ ᠳᠡᠷᠭᠡ ᠴᠤᠭᠯᠠᠭᠤᠯᠵᠤ ᠂ ᠳᠤᠰᠬᠠᠢ ᠭᠦᠳᠦᠴᠢ᠂ ᠭᠦᠰᠭᠡ ᠭᠠᠷᠭᠠᠨ ᠶᠠᠪᠤᠭᠤᠯᠳᠠᠭ ᠠᠰᠢᠭ ᠭᠦᠯᠦᠰᠤ ᠤᠯᠭᠤᠳᠠᠭ ᠦᠭᠡᠢ ᠠᠶᠠᠨ᠃ ᠪᠠᠭᠠᠷᠢᠨ ᠎ ᠳᠤ ᠵᠢᠯ ᠪᠦᠷᠢ ᠶᠢᠨ ᠡᠪᠦᠯ ᠤᠨ ᠳᠤᠮᠳᠠ ᠰᠠᠷ᠎ᠠ ᠶᠢᠨ ᠠᠷᠪᠠᠳ ᠢᠶᠠᠷ ᠶᠠᠪᠤᠳᠠᠭ ᠠᠯᠪᠠᠨ ᠤ ᠵᠢᠩ ᠪᠠᠭᠳᠠᠨ᠎ᠠ᠃ ᠳᠡᠷᠡ ᠦᠶ᠎ᠡ ᠸᠠᠩ ᠨᠤᠶᠠᠳ ᠤᠨ ᠴᠠᠭᠠᠨ ᠰᠠᠷ᠎ᠠ ᠶᠢᠨ ᠭᠡᠷᠡᠭᠴᠡᠭᠡ ᠶᠢ ᠪᠡᠭᠡᠵᠢᠩ ᠠᠴᠠ ᠵᠦᠭᠡᠭᠡᠭᠦ ︽ᠵᠢᠮᠢᠰᠦᠨ ᠵᠢᠩ︾ ᠭᠡᠭᠴᠢ ᠳᠤ ᠵᠢᠯ ᠪᠦᠷᠢ ᠳᠤᠭᠳᠠᠭᠠᠯ ᠲᠠᠢ ᠵᠠᠭᠤᠨ ᠳᠡᠮᠡᠭᠡ ᠶᠢᠨ ᠵᠢᠩ ᠢ ᠶᠠᠪᠤᠭᠤᠯᠳᠠᠭ ᠪᠠᠶᠢᠵᠠᠢ᠃ ᠡᠭᠦᠨ ᠠᠴᠠ ᠭᠠᠳᠠᠨ᠎ᠠ ᠳᠠᠪᠢᠨ ᠳᠤ ᠰᠠᠭᠤᠵᠤ ᠪᠢᠴᠢᠭ ᠵᠦᠭᠡᠭᠡᠭᠦ᠂ ᠴᠢᠭᠤᠯᠭᠠᠨ ᠳᠤ ᠵᠠᠷᠤᠭᠳᠠᠬᠤ᠂ ᠤᠯᠠᠭ᠎ᠠ ᠭᠦᠳᠦᠴᠢ ᠳᠤ ᠶᠠᠪᠤᠬᠤ ᠵᠡᠷᠭᠡ ᠪᠠᠭᠳᠠᠨ᠎ᠠ᠃      ᠮᠦᠷᠭᠦᠯ ᠵᠤᠭᠠᠴᠠᠯ ᠤᠨ ᠠᠶᠠᠨ — ᠡᠶᠢᠮᠦ ᠠᠶᠠᠨ ᠪᠤᠯ ᠰᠦᠰᠦᠭ ᠪᠢᠰᠢᠷᠡᠯ ᠶᠡᠭᠡᠳᠠᠢ ᠦᠶ᠎ᠡ ᠳᠤ ᠰᠦᠰᠦᠭᠳᠡᠨ ᠨᠠᠷ ᠭᠠᠨᠰᠤ᠂ ᠠᠮᠳᠤᠤ᠂ ᠭᠦᠭᠡᠨᠠᠭᠤᠷ ᠤᠨ ᠭᠤᠮᠪᠤᠨ᠂ ᠳᠦᠪᠡᠳ ᠤᠨ ᠯᠾᠰᠠ ᠵᠡᠷᠭᠡ ᠭᠠᠵᠠᠷ ᠢᠶᠠᠷ ᠶᠠᠪᠤᠵᠤ ᠪᠠᠶᠢᠭᠰᠠᠨ ᠪᠦᠭᠡᠳ ᠪᠠᠶᠠᠳ ᠨᠤᠶᠠᠳ ᠬᠤᠳᠠ ᠪᠠᠷ ᠵᠤᠭᠠᠴᠠᠬᠤ ᠪᠠᠷ ᠶᠠᠪᠤᠳᠠᠭ ᠪᠠᠶᠢᠵᠠᠢ᠃ ᠠᠶᠠᠨ ᠵᠢᠩ ᠢ ᠡᠳ᠋ᠯᠡᠭᠡ ᠭᠦᠯᠦᠯᠭᠡ ᠪᠠᠷ ᠨᠢ ᠪᠠ ᠡᠷᠢᠯ ᠵᠤᠷᠢᠯᠭ᠎ᠠ ᠪᠠᠷ ᠨᠢ ᠳᠡᠭᠡᠷᠡᠬᠢ ᠮᠡᠳᠤ ᠢᠯᠭᠠᠵᠤ ᠪᠤᠯᠳᠠᠭ᠃ ᠭᠡᠪᠡᠴᠤ ᠠᠶᠠᠨ ᠵᠢᠩ ᠤᠨ ᠪᠡᠯᠡᠳᠭᠡᠯ ᠡᠪᠯᠡᠯᠭᠡᠨ᠂ ᠮᠦᠷ ᠭᠠᠷᠭᠠᠬᠤ ᠪᠠ ᠮᠤᠷᠳᠠᠭᠤᠯᠬᠤ᠂ ᠪᠠᠭᠤᠴᠠ ᠭᠦᠯᠦᠯᠭᠡ ᠳᠤᠬᠢᠷᠠᠭᠤᠯᠬᠤ᠂ ᠠᠶᠠᠨ ᠵᠠᠮ ᠤᠨ ᠠᠮᠤᠭᠤᠯᠠᠩ ᠢ ᠡᠷᠬᠢᠮᠯᠡᠭᠦ᠂ ᠪᠠᠶᠠᠨ ᠦᠳᠡ ᠶᠢᠨ ᠪᠠᠭᠤᠴᠠ ᠪᠠ ᠤᠭᠳᠤᠯᠭ᠎ᠠ ᠵᠡᠷᠭᠡ ᠶᠢᠨ ᠶᠤᠰᠤ ᠭᠤᠷᠢᠮ ᠳᠠᠳᠬᠠᠯ ᠰᠠᠬᠢᠯ ᠨᠢ ᠡᠭᠡᠭᠡ ᠠᠳᠠᠯᠢᠪᠳᠤᠷ ᠪᠠᠶᠢᠳᠠᠭ᠃ ᠡᠳᠡᠭᠡᠷ ᠤᠨ ᠵᠠᠬ᠎ᠠ ᠵᠤᠬ᠎ᠠ ᠶᠢ ᠳᠤᠪᠴᠢᠯᠠᠨ ᠳᠤᠷᠠᠳᠪᠠᠯ ᠳᠤᠤᠷᠠᠬᠢ ᠮᠡᠳᠤ᠄      ᠪᠠᠭᠠᠷᠢᠨᠴᠤᠳ ᠤᠨ ᠭᠤᠤᠯᠳᠠᠭᠤ ᠶᠠᠪᠤᠳᠠᠭ ᠨᠢ ᠵᠦᠭᠡᠭᠡᠪᠦᠷᠢ ᠶᠢᠨ ᠠᠶᠠᠨ ᠵᠢᠩ᠃ ᠡᠭᠦᠨ ᠳᠤ ᠦᠷᠭᠦᠯᠵᠢ ᠶᠠᠪᠤᠳᠠᠭ ᠨᠢ ᠳᠠᠪᠤᠰᠤᠨ ᠠᠶᠠᠨ᠂ ᠠᠮᠤ ᠭᠦᠨᠡᠰᠦᠨ ᠤ ᠠᠶᠠᠨ᠂ ᠮᠤᠳᠤ ᠴᠢᠯᠠᠭᠤ ᠬᠢᠭᠡᠳ ᠭᠦᠴᠦᠨ ᠤ ᠠᠶᠠᠨ᠂ ᠴᠢᠬᠤᠯᠠ ᠭᠡᠷᠡᠭᠰᠡᠯ ᠤᠨ ᠠᠶᠠᠨ ᠵᠡᠷᠭᠡ ᠪᠤᠢ᠃ ᠨᠢᠭᠡ᠂ ᠠᠶᠠᠨ ᠵᠢᠩ ᠤᠨ ᠪᠡᠯᠡᠳᠭᠡᠯ ᠡᠷᠦᠭᠡ ᠪᠠᠷ ᠨᠢᠭᠡᠴᠡ ᠪᠤᠯᠭᠠᠳᠠᠭ ᠴᠦ ᠠᠵᠢᠯ ᠪᠦᠭᠦᠨ ᠢ ᠠᠶᠢᠯ ᠠᠶᠢᠮᠠᠭ ᠢᠶᠠᠷ ᠢᠶᠠᠨ ᠵᠦᠪᠯᠡᠯᠳᠦᠨ ᠠᠬᠠᠮᠠᠳ ᠬᠠᠰᠢᠷᠴᠤᠳ ᠤᠨ ᠦᠭᠡ ᠶᠢ ᠭᠦᠨᠳᠦᠳᠭᠡᠳᠡᠭ ᠤᠴᠢᠷ ᠠᠶᠠᠨ ᠵᠢᠩ ᠳᠤ ᠶᠠᠪᠤᠬᠤ ᠳᠠᠭᠠᠨ ᠨᠡᠩ ᠡᠶᠢᠮᠦ ᠪᠠᠶᠢᠳᠠᠭ᠃1. ᠠᠶᠠᠨ ᠳᠤᠭᠤᠷᠪᠢᠬᠤ᠃ ᠠᠶᠠᠨ ᠤ ᠳᠤᠭᠤᠷᠪᠢᠯᠳᠡ ᠳᠤ ᠬᠠᠮᠢᠭ᠎ᠠ ᠠᠴᠠ ᠶᠠᠭᠤ ᠵᠦᠭᠡᠭᠡᠭᠦ ᠪᠠᠷ ᠭᠡᠳᠦᠢ ᠭᠦᠮᠦᠨ ᠬᠠᠷ᠎ᠠ᠂ ᠭᠡᠳᠦᠢ ᠳᠡᠷᠭᠡ ᠤᠨᠤᠭ᠎ᠠ᠂ ᠠᠯᠢ ᠦᠶ᠎ᠡ ᠪᠠᠷ ᠶᠠᠪᠤᠵᠤ ᠭᠡᠨ ᠢᠶᠠᠷ ᠭᠠᠯ  ᠎ ᠤᠨ ᠠᠬ᠎ᠠ ᠪᠤᠯᠭᠠᠬᠤ᠂ ᠳᠤᠳᠠᠭᠤ ᠳᠤᠷᠭᠤᠨ ᠢᠶᠠᠨ ᠭᠡᠷᠬᠢᠨ ᠭᠡᠵᠢᠶ᠎ᠡ ᠪᠤᠯᠳᠠᠯ᠎ᠠ ᠪᠡᠯᠡᠳᠭᠡᠭᠦ ᠶᠢ ᠵᠦᠪᠯᠡᠨ᠎ᠡ᠃2. ᠠᠶᠠᠨ ᠤ ᠡᠪᠯᠡᠯᠭᠡᠨ᠃ ᠠᠶᠠᠨ ᠤ ᠡᠪᠯᠡᠯᠭᠡᠨ ᠳᠡᠭᠡᠷ᠎ᠡ ᠳᠤᠭᠤᠷᠪᠢᠯᠳᠠ ᠵᠦᠪᠯᠡᠯᠭᠡᠨ ᠢᠶᠠᠨ ᠪᠠᠳᠤᠯᠠᠨ᠎ᠠ᠃ ᠪᠠᠰᠠ ᠡᠨᠡ ᠶᠡᠭᠡ ᠭᠠᠯ ᠠᠶᠠᠨ ᠳᠤ ᠭᠡᠨ ᠨᠢ ᠭᠡᠨ ᠲᠠᠢ ᠪᠠᠨ ᠨᠡᠶᠢᠯᠡᠯᠳᠦᠭᠦ᠂ ᠭᠡᠨ ᠨᠢ ᠭᠡᠨ ᠤ ᠳᠡᠷᠭᠡ ᠶᠢ ᠭᠦᠳᠦᠯᠭᠦ ᠶᠢ ᠨᠠᠶᠢᠳᠠᠪᠤᠷᠢᠵᠢᠭᠤᠯᠤᠨ᠎ᠠ᠃ ᠨᠢᠭᠡ ᠭᠠᠯ ᠠᠶᠠᠨ ᠤᠯᠠᠩᠬᠢ ᠳᠠᠭᠠᠨ ᠦᠷᠦᠭᠡᠯ ᠳᠤᠭ᠎ᠠ — ᠭᠤᠷᠪᠠ ᠠᠴᠠ ᠳᠠᠪᠤᠨ ᠭᠦᠮᠦᠨ᠂ ᠬᠤᠷᠢᠨ  ᠨᠢᠭᠡ ᠠᠴᠠ ᠬᠤᠷᠢᠨ ᠳᠤᠯᠤᠭᠠᠨ ᠳᠡᠷᠭᠡ ᠤᠨᠤᠭ᠎ᠠ ᠪᠠᠷ ᠪᠦᠷᠢᠯᠳᠦᠭᠦ ᠶᠢ ᠴᠢᠬᠤᠯᠠᠴᠢᠯᠠᠳᠠᠭ᠃ ᠬᠠᠮᠤᠭ ᠤᠯᠠᠨ ᠳᠠᠭᠠᠨ ᠴᠦ ᠭᠦᠮᠦᠨ ᠨᠢ ᠳᠤᠯᠤ᠂ ᠭᠦᠳᠦᠯᠭᠦ ᠳᠡᠷᠭᠡ ᠨᠢ ᠵᠢᠷᠠᠨ ᠭᠤᠷᠪᠠ ᠠᠴᠠ ᠦᠯᠦ ᠳᠠᠪᠠᠭᠤᠯᠬᠤ ᠎ ᠶᠢ ᠡᠷᠬᠢᠮᠯᠡᠳᠡᠭ᠃ ᠭᠡᠪᠡᠴᠤ ᠵᠤᠨ ᠨᠠᠮᠤᠷ ᠤᠨ ᠠᠶᠠᠨ ᠳᠤ ᠰᠢᠯᠢᠳᠡᠭ ᠠᠶᠠᠨᠴᠢ ᠳᠤᠰᠪᠦᠷᠢ ᠬᠠᠷᠢᠨ ᠨᠢᠭᠡ ᠪᠤᠶᠤ ᠭᠤᠴᠢᠨ ᠳᠡᠷᠭᠡ ᠭᠦᠳᠦᠯᠳᠡᠭ ᠴᠦ ᠪᠤᠢ᠃ ᠠᠶᠠᠨ ᠤ ᠡᠪᠯᠡᠯᠭᠡᠨ ᠳᠡᠭᠡᠷ᠎ᠡ ᠠᠶᠢᠯ ᠠᠶᠢᠮᠠᠭ ᠤᠨ ᠬᠢᠨ ᠨᠠᠰᠤ ᠪᠠᠷ ᠠᠬᠠᠮᠠᠳ᠂ ᠠᠶᠠᠨ ᠵᠢᠩ ᠳᠤ ᠬᠠᠰᠢᠷ ᠳᠤᠬᠢ᠂ ᠶᠠᠪᠤᠳᠠᠯ ᠤᠴᠢᠷ ᠲᠤ ᠳᠤᠮᠤᠭᠠᠳᠠᠢ ᠭᠦᠮᠦᠨ ᠢ ᠵᠢᠱᠢᠵᠤ ᠠᠶᠠᠨᠴᠢᠳ ᠎ ᠢᠶᠠᠷ ᠵᠦᠪᠰᠢᠶᠡᠷᠡᠭᠦᠯᠦᠨ ᠭᠠᠯ ᠤᠨ ᠠᠬ᠎ᠠ ᠡᠷᠭᠦᠮᠵᠢᠯᠡᠨ᠎ᠡ᠃ ᠭᠠᠯ ᠤᠨ ᠠᠬ᠎ᠠ ᠪᠤᠯᠬᠤ ᠭᠦᠮᠦᠨ ᠳᠠᠳᠠᠭᠠᠯᠵᠠᠵᠤ ᠪᠤᠯᠳᠠᠭ᠃ ᠭᠠᠯ ᠤᠨ ᠠᠬ᠎ᠠ ᠨᠢᠭᠡ ᠭᠠᠯ ᠠᠶᠠᠨ ᠤ ᠠᠯᠢᠪᠠ ᠪᠦᠭᠦᠨ ᠢ ᠬᠠᠷᠢᠭᠤᠴᠠᠵᠤ ᠶᠠᠪᠤᠳᠠᠭ ᠳᠦᠷᠦᠭᠦᠦ ᠪᠤᠯᠬᠤᠷ ᠬᠠᠪᠰᠤᠷᠤᠭᠴᠢ ᠪᠤᠯᠬᠤ ᠳᠠᠰᠢᠯᠠᠭ — ᠠᠳᠠᠮᠠᠯ ᠢ ᠳᠤᠭᠳᠠᠭᠠᠨ᠎ᠠ᠃ ᠳᠠᠰᠢᠯᠠᠭ ᠨᠢ ᠭᠤᠤᠯᠳᠠᠭᠤ ᠭᠠᠷ ᠡᠷᠳᠡᠮ᠂ ᠤᠷ᠎ᠠ ᠳᠠᠷᠬ᠎ᠠ ᠲᠠᠢ ᠮᠤᠵᠢᠶᠠᠩ ᠭᠦᠮᠦᠨ ᠪᠠᠶᠢᠠᠭ᠃ ᠭᠤᠷᠪᠠᠳᠤᠭᠠᠷ ᠳᠤᠰᠢᠶᠠᠯᠳᠠ ᠢ ᠰᠢᠳᠭᠡᠭᠴᠢ ᠭᠡᠳᠡᠭ ︵ᠪᠠᠰᠠ ᠤᠳᠠᠭᠠᠬᠤ ᠭᠡᠳᠡᠭ︶᠃ ᠰᠢᠳᠭᠡᠭᠴᠢ ᠨᠢ ᠦᠭᠡ ᠭᠡᠯᠡ ᠳᠡᠭᠡᠨ ᠮᠡᠷᠭᠡᠨ ᠰᠡᠴᠡᠨ᠂ ᠦᠰᠦᠭ ᠪᠢᠴᠢᠭ ᠮᠡᠳᠡᠭᠦ᠂ ᠭᠡᠷᠡᠭ ᠤᠴᠢᠷ ᠲᠤ ᠰᠢᠭᠤᠳᠤᠭᠤᠷᠢ ᠲᠠᠢ᠂ ᠶᠠᠪᠤᠳᠠᠯ ᠳᠤ ᠳᠡᠮ ᠲᠠᠢ ᠦᠨᠡᠨ ᠭᠤᠤᠯᠴᠢ ᠭᠦᠮᠦᠨ ᠪᠠᠶᠢᠳᠠᠭ᠃ ᠨᠠᠰᠤ ᠪᠠᠷ ᠬᠠᠮᠤᠭ ᠪᠠᠭ᠎ᠠ ᠤᠳᠬᠤᠨ ᠳᠡᠭᠦᠦ ᠭᠦᠦᠨ ᠢ ᠭᠠᠯ ᠤᠨ ᠳᠡᠭᠦᠦ ᠭᠡᠮᠡᠳᠡᠭ᠃ ᠭᠠᠯ ᠨᠡᠶᠢᠯᠡᠭᠰᠡᠨ ᠤ ᠳᠠᠷᠠᠭ᠎ᠠ᠂ ᠭᠠᠯ ᠎ ᠤᠨ ᠠᠬ᠎ᠠ ᠠᠴᠠ ᠳᠠᠰᠢᠯᠠᠭ᠂ ᠰᠢᠳᠭᠡᠭᠴᠢ᠂ ᠭᠠᠯ ᠤᠨ ᠳᠡᠭᠦᠦ ᠳᠡᠷᠢᠭᠦᠯᠡᠨ ᠠᠶᠠᠨ ᠳᠤ ᠶᠠᠪᠤᠬᠤ ᠠᠯᠢᠪᠠ ᠭᠦᠮᠦᠰ ᠎ ᠤᠨ ᠬᠢᠳᠡᠯ ᠪᠠᠶᠢᠳᠠᠯ ᠢ ᠬᠤᠪᠢᠳᠠᠨ ᠳᠤᠰᠢᠶᠠᠵᠤ ᠨᠡᠶᠢᠳᠡᠯᠡᠨ᠎ᠡ᠃ ᠠᠶᠠᠨ ᠤ ᠡᠪᠯᠡᠯᠭᠡᠨ ᠳᠡᠭᠡᠷ᠎ᠡ ᠵᠠᠪᠠᠯ ᠳᠤᠭᠳᠠᠳᠠᠭ ᠨᠢ ᠠᠶᠠᠨ ᠮᠦᠷ ᠭᠠᠷᠭᠠᠬᠤ ᠠᠴᠠ ᠭᠤᠷᠪᠠ ᠬᠤᠨᠤᠭ ᠤᠨ ᠡᠮᠦᠨ᠎ᠡ ᠡᠪᠯᠡᠯᠭᠡᠨ ᠳᠤ ᠤᠷᠤᠯᠴᠠᠭᠠᠳ ᠭᠡᠷ ᠲᠡᠭᠡᠨ ᠦᠯᠡᠳᠡᠭᠦ ᠭᠦᠮᠦᠨ ᠨᠢ ᠳᠡᠷᠭᠡ ᠤᠨᠤᠭ᠎ᠠ ᠪᠠᠨ ᠳᠤᠨᠤᠭ ᠪᠦᠷᠢᠨ ᠢᠶᠠᠷ ᠠᠪᠴᠢᠷᠠᠵᠤ᠂ ᠭᠦᠳᠦᠯᠦᠭᠦᠯᠭᠦ ᠠᠶᠠᠨᠴᠢ ᠳᠠᠭᠠᠨ ᠳᠤᠰᠢᠶᠠᠵᠤ ᠠᠶᠠᠨ ᠢᠷᠡᠳᠡᠯ᠎ᠡ ᠠᠶᠠᠨᠴᠢᠳ ᠤᠨ ᠭᠡᠷ ᠤᠨ ᠠᠵᠤ ᠠᠮᠢᠳᠤᠷᠠᠯ ᠤᠨ ᠶᠠᠭᠠᠷᠠᠤ ᠳᠠᠪᠴᠢᠭᠤ ᠶᠠᠪᠤᠳᠠᠯ ᠳᠤ ᠭᠡᠨ ᠨᠢ ᠭᠡᠨ ᠤ ᠳᠤ ᠬᠠᠪᠰᠤᠷᠤᠯᠴᠠᠬᠤ ᠶᠢ ᠳᠤᠬᠢᠷᠠᠭᠤᠯᠤᠨ᠎ᠠ᠃3. ᠳᠡᠷᠭᠡ ᠮᠤᠳᠤ ᠳᠤᠶ᠋ᠢᠵᠤ ᠰᠢᠭᠠᠬᠤ᠃ ᠬᠠᠭᠤᠴᠢᠨ ᠳᠡᠷᠭᠡ ᠳᠤᠶ᠋ᠢᠬᠤ ᠶᠢ ᠤᠯᠠᠩᠬᠢ ᠮᠠᠯᠴᠢᠳ ᠦᠪᠡᠷ ᠢᠶᠠᠨ ᠡᠪᠯᠡᠭᠦᠯᠴᠢᠬᠡᠳᠡᠭ᠃ ᠰᠢᠨ᠎ᠡ ᠳᠡᠷᠭᠡ ᠰᠢᠭᠠᠬᠤ ᠳᠤ ᠪᠠᠶᠠᠨ ᠴᠢᠨᠡᠭᠡᠯᠢᠭ ᠠᠶᠢᠯ ᠪᠤᠯ ᠦᠪᠡᠷ ᠢᠶᠠᠨ ᠮᠡᠳᠡᠭᠡᠳ ᠵᠤᠬᠢᠬᠤ ᠠᠴᠢ ᠬᠠᠷᠢᠭᠤᠯᠳᠠ ᠦᠭᠴᠤ᠂ ᠴᠢᠳᠠᠳᠠᠭ ᠭᠦᠮᠦᠰ ᠢᠶᠠᠷ ᠰᠢᠨ᠎ᠡ ᠳᠡᠷᠭᠡ ᠰᠢᠭᠠᠯᠭᠠᠳᠠᠭ᠃ ᠳᠦᠷᠦᠯ ᠰᠠᠳᠨ ᠳᠤᠳᠤᠷ᠎ᠠ ᠪᠠᠨ ᠪᠤᠯ ᠶᠠᠭᠤ ᠴᠦ ᠭᠡᠯᠡᠯᠴᠡᠳᠡᠭ ᠦᠭᠡᠢ᠃ ᠬᠠᠷᠢᠭᠤ ᠪᠡᠯᠡᠭ ᠳᠠᠯ᠎ᠠ ᠦᠭᠭ ᠪᠤᠶᠤ ᠶᠠᠭᠠᠷᠠᠤ ᠪᠠᠴᠢᠭᠤ ᠠᠵᠢᠯ ᠳᠤᠨᠢ ᠳᠡᠮᠵᠢᠪᠡᠯ ᠪᠤᠯᠴᠢᠬᠠᠳᠠᠭ᠃ ᠦᠨᠦᠴᠢᠨ ᠪᠡᠯᠪᠡᠰᠦᠨ ᠠᠶᠢᠯ ᠤᠨ ᠬᠢᠨ ᠠᠴᠠ ᠦᠴᠦᠭᠡᠨ ᠳᠡᠳᠦᠢ ᠴᠦ ᠠᠰᠢᠭ ᠭᠦᠯᠦᠰᠤ ᠠᠪᠳᠠᠭ ᠦᠭᠡᠢ᠃ ᠨᠤᠶᠠᠳ ᠪᠤᠶᠤ ᠰᠦᠮ᠎ᠡ ᠶᠢᠨ ᠰᠠᠩ ᠤᠨ ᠠᠯᠪᠠᠨ ᠤ ᠳᠡᠷᠭᠡ ᠶᠢ ᠰᠢᠭᠠᠪᠠᠯ ᠭᠦᠴᠦ ᠭᠦᠯᠦᠰᠤ ᠪᠠᠨ ᠬᠠᠨᠤᠮᠵᠢᠳᠢ ᠪᠤᠳᠤᠵᠤ ᠠᠪᠳᠠᠭ᠃ ᠬᠠᠰᠢᠭ ᠪᠠᠶᠠᠨ ᠪᠤᠯᠪᠠᠴᠤ ᠠᠶᠠᠨ ᠵᠢᠩ ᠤᠨ ᠤᠷᠤᠭᠰᠢ ᠪᠠ ᠤᠯᠵᠠ ᠤᠮᠤᠭ ᠢ ᠪᠡᠯᠭᠡᠰᠢᠶᠡᠵᠤ᠂ ᠤᠷᠤᠭᠰᠢ ᠦᠭᠡᠢ ᠪᠤᠯᠬᠤ ᠠᠴᠠ ᠰᠡᠵᠢᠭᠯᠡᠨ ᠭᠦᠴᠦ ᠭᠦᠯᠦᠰᠤ ᠶᠢ ᠨᠢ ᠬᠠᠷᠠᠮ ᠦᠭᠡᠢ ᠦᠭᠳᠡᠭ᠃ ᠬᠤᠮ ᠠᠴᠢᠯᠭ᠎ᠠ᠂ ᠰᠠᠪᠠ ᠰᠠᠭᠤᠯᠭ᠎ᠠ ᠪᠡᠯᠡᠳᠭᠡᠭᠦ ᠴᠦ ᠮᠦᠨ ᠠᠳᠠᠯᠢ᠃4. ᠭᠦᠯᠦᠰᠢ ᠤᠨᠤᠰᠢ ᠰᠢᠯᠢᠭᠦ᠃ ᠠᠶᠠᠨ ᠵᠢᠩ ᠤᠨ ᠭᠦᠯᠦᠰᠢ ᠤᠨᠤᠰᠢ ᠶᠢ ᠰᠢᠯᠢᠭᠦ ᠳᠡᠭᠡᠨ᠂ ᠠᠴᠢᠯᠭ᠎ᠠ ᠭᠦᠯᠦᠯᠭᠡ ᠎ ᠳᠤ ᠰᠤᠷᠮᠠᠭᠠᠢ ᠶᠢ ᠰᠤᠩᠭᠤᠬᠤ ᠶᠢᠨ ᠵᠡᠷᠭᠡ ᠡᠳ᠋ᠯᠡᠯᠭᠡ ᠳᠠᠭᠠᠭᠠᠬᠤ ᠬᠢᠵᠠᠯᠠᠩ ᠠᠴᠠ ᠳᠡᠭᠡᠭᠰᠢ ᠠᠭᠳᠠ ᠮᠠᠯ ᠢ ᠰᠤᠷᠭᠠᠳᠠᠭ᠃ ᠦᠨᠢᠶ᠎ᠡ ᠭᠡᠭᠦᠦ᠂ ᠪᠤᠬ᠎ᠠ ᠠᠵᠢᠷᠭ᠎ᠠ᠂ ᠪᠤᠤᠷ᠎ᠠ ᠶᠢ ᠠᠶᠠᠨ ᠵᠢᠩ ᠳᠤ ᠶᠠᠪᠤᠭᠤᠯᠳᠠᠭ ᠦᠭᠡᠢ᠃ ᠠᠶᠠᠨ ᠎ ᠤ ᠭᠦᠯᠦᠰᠢ ᠤᠨᠤᠰᠢ ᠶᠢ ᠭᠤᠤᠯᠳᠠᠭᠤ ᠬᠠᠪᠤᠷ ᠰᠤᠷᠭᠠᠳᠠᠭ᠃ ᠡᠨᠡ ᠨᠢ ᠭᠡᠮ ᠠᠷᠬᠠᠭ ᠰᠠᠭᠤᠬᠤ᠂ ᠪᠠᠰᠢᠷ ᠪᠠᠴᠢ ᠰᠤᠷᠬᠤ᠂ ᠭᠦᠴᠦ ᠳᠠᠷᠭᠤ ᠶᠢ ᠬᠠᠷᠰᠢᠯᠠᠬᠤ ᠵᠡᠷᠭᠡ ᠶᠢ ᠬᠢᠴᠢᠶᠡᠭᠰᠡᠨ ᠶᠠᠪᠤᠳᠠᠯ ᠠᠵᠢ᠃ ᠮᠠᠯᠴᠢᠳ ᠡᠮᠨᠢᠭ ᠳᠤᠭᠰᠢᠨ ᠮᠠᠯ ᠢ ᠠᠷᠭᠠᠳᠠᠵᠤ ᠰᠤᠷᠭᠠᠳᠠᠭ ᠠᠴᠠ ᠪᠢᠰᠢ ᠠᠯᠪᠠᠳᠠᠵᠤ ᠴᠤᠬᠢᠬᠤ ᠶᠢ ᠴᠢᠩᠭ᠎ᠠ ᠴᠡᠭᠡᠷᠯᠡᠳᠡᠭ᠃ ᠨᠡᠩ ᠴᠦ ᠠᠶᠠᠨ ᠵᠢᠩ ᠤᠨ ᠮᠠᠯ ᠢ ᠭᠦᠯᠦᠯᠭᠡ ᠠᠴᠢᠯᠭ᠎ᠠ ᠳᠤ ᠳᠠᠰᠬᠠᠬᠤ ᠶᠢᠨ ᠲᠦᠯᠦᠭᠡ᠂ ᠡᠳ᠋ᠯᠡᠯᠭᠡ ᠶᠢᠨ ᠦᠭᠡ ᠮᠡᠳᠡᠭᠦᠯᠭᠦ᠂ ᠭᠡᠳᠡᠭᠡ ᠎ ᠶᠢ ᠨᠢ ᠭᠠᠷᠭᠠᠬᠤ᠂ ᠠᠷᠠᠯᠳᠠᠬᠤ ᠠᠴᠠ ᠡᠮᠦᠨ᠎ᠡ ᠬᠤᠤᠰᠯᠠᠬᠤ᠂ ᠭᠠᠷᠯᠠᠬᠤ ᠶᠢᠨ ᠡᠮᠦᠨ᠎ᠡ ᠴᠦᠷᠭᠡᠯᠡᠭᠦ ᠤᠶᠢᠷ᠎ᠠ ᠤᠬᠤᠷ ᠎ ᠤᠨ ᠭᠦᠩᠭᠡᠨ ᠠᠴᠢᠶ᠎ᠠ ᠳᠡᠭᠡᠭᠰᠢ ᠳᠤ ᠶᠠᠪᠤᠭᠤᠯᠬᠤ ᠮᠡᠳᠤ ᠪᠠᠷ ᠡᠪᠳᠡᠢ ᠤᠬᠠᠭᠠᠨᠳᠠᠢ ᠤᠷᠤᠯᠳᠤᠳᠠᠭ᠃5 . ᠠᠶᠠᠨ ᠵᠢᠩ ᠤᠨ ᠭᠡᠷᠡᠭᠴᠡᠭᠡ ᠶᠢ ᠪᠡᠯᠡᠳᠭᠡᠭᠦ᠃ ᠡᠭᠦᠨ ᠳᠤ ᠤᠯᠠᠨ ᠵᠦᠢᠯ ᠪᠠᠶᠢᠳᠠᠭ᠃ ᠭᠦᠨᠡᠰᠦ ᠭᠦᠴᠦ ᠪᠡᠯᠡᠳᠭᠡᠭᠦ᠃ ᠠᠶᠠᠨ ᠵᠢᠩ ᠤᠨ ᠬᠠᠳᠠᠭᠤ ᠪᠡᠷᠭᠡ ᠶᠢ ᠳᠦᠯᠬᠢᠭᠦᠦ ᠰᠢᠭ ᠵᠢᠱᠢᠵᠤ᠂ ᠭᠡᠭᠡᠷ᠎ᠡ ᠭᠠᠳᠠᠨ᠎ᠠ ᠭᠠᠯ ᠲᠠᠢ ᠭᠠᠯ ᠦᠭᠡᠢ ᠳᠤ ᠳᠦᠷᠭᠡᠨ ᠳᠦᠭᠦᠭᠡᠢ ᠪᠠᠷ ᠴᠠᠶᠢᠯᠠᠵᠤ ᠬᠤᠭᠤᠯᠠᠯᠠᠬᠤ ᠳᠤ ᠳᠦᠭᠦᠮ ᠢᠳᠡᠭᠡᠨ ᠤᠮᠳᠠᠭᠠᠨ ᠤ ᠵᠦᠢᠯ ᠢ ᠠᠩᠬᠠᠷᠤᠨ ᠪᠡᠯᠡᠳᠭᠡᠳᠡᠭ᠃ ᠬᠠᠭᠤᠷᠠᠢ ᠭᠦᠨᠡᠰᠤ — ᠬᠠᠭᠤᠷᠤᠭᠰᠠᠨ ᠪᠤᠳᠠᠭ᠎ᠠ᠂ ᠪᠤᠯᠭᠤᠭᠰᠠᠨ ᠭᠤᠯᠢᠷ᠂ ᠪᠤᠷᠴᠠᠯᠠᠭᠰᠠᠨ ᠮᠢᠬ᠎ᠠ᠂ ᠬᠤᠷᠤᠳ ᠳᠤᠰᠤ᠂ ᠪᠤᠷᠠᠮ ᠪᠤᠭᠤᠷᠰᠤᠭ ᠵᠡᠷᠭᠡ ᠶᠢ ᠴᠢᠬᠢᠭ ᠳᠠᠳᠠᠬᠤ ᠦᠭᠡᠢ ᠵᠢᠵᠢᠭ ᠰᠠᠪᠠᠨ ᠳᠤ ᠭᠦᠷᠦᠯᠴᠡᠭᠦᠶᠢᠴᠡ ᠪᠡᠯᠡᠳᠭᠡᠳᠡᠭ᠃ ᠪᠤᠯᠭᠬᠤ ᠳᠤ ᠬᠢᠯᠪᠠᠷ ᠢᠳᠡᠭᠡᠨ ᠤᠮᠳᠠᠭᠠᠨ — ᠨᠠᠷᠢᠮᠤ ᠪᠤᠳᠠᠭ᠎ᠠ᠂ ᠭᠤᠸᠠᠮᠢᠶᠠᠨ᠂ ᠭᠤᠯᠢᠷ᠂ ᠮᠢᠬᠠᠨ ᠳᠠᠯᠬ᠎ᠠ᠂ ᠨᠦᠳᠦᠭᠰᠡᠨ ᠴᠠᠢ ᠵᠡᠷᠭᠡ ᠶᠢ ᠰᠠᠨᠠᠭ᠎ᠠ ᠲᠠᠢ ᠪᠠᠷ ᠪᠡᠯᠡᠳᠭᠡᠨ ᠠᠶᠢᠯ ᠠᠪᠴᠤ ᠶᠠᠪᠤᠳᠠᠭ᠃ ᠭᠦᠨᠡᠰᠤ ᠭᠦᠴᠦ ᠶᠢᠨ ᠶᠡᠭᠡᠩᠬᠢ ᠶᠢ ᠠᠶᠠᠨᠴᠢᠨ ᠵᠢᠩᠴᠢᠳ ᠦᠪᠡᠷ ᠢᠶᠠᠨ ᠪᠡᠯᠡᠳᠭᠡᠳᠡᠭ᠃ ᠭᠡᠪᠡᠴᠤ ᠳᠡᠷᠭᠡ ᠭᠦᠳᠦᠯᠦᠭᠦᠯᠦᠭᠰᠡᠨ ᠠᠶᠢᠯ ᠳᠡᠷᠭᠡ ᠪᠦᠷᠢ ᠳᠤ ᠳᠠᠪᠤ ᠠᠴᠠ ᠠᠷᠪᠠᠨ ᠳᠠᠪᠤᠨ ᠠᠶᠠᠭ᠎ᠠ ᠭᠦᠨᠡᠰᠤ ᠦᠭᠳᠡᠭ᠃ ᠪᠤᠰᠤᠳ ᠤᠨ ᠳᠡᠷᠭᠡ ᠠᠴᠢᠶ᠎ᠡ ᠶᠢ ᠭᠦᠳᠦᠯᠦᠭᠰᠡᠨ ᠠᠶᠠᠨᠴᠢᠨ ᠵᠢᠩᠴᠢᠨ ᠤ ᠭᠦᠨᠡᠰᠤ ᠭᠦᠴᠦ ᠎ ᠶᠢ ᠳᠡᠷᠭᠡ ᠠᠴᠢᠶ᠎ᠠ ᠶᠢᠨ ᠡᠵᠡᠨ ᠨᠢ ᠪᠦᠷ ᠭᠦᠷᠦᠯᠴᠡᠭᠦᠶᠢᠴᠡ ᠪᠡᠯᠡᠳᠭᠡᠵᠤ ᠦᠭᠳᠡᠭ᠃ ᠭᠦᠴᠦᠨ ᠤ ᠠᠶᠠᠨ ᠵᠢᠩ ᠤᠨ ᠭᠦᠨᠡᠰᠤ ᠭᠦᠴᠦ ᠶᠢ ᠭᠡᠨ ᠭᠦᠯᠦᠰᠦᠯᠡᠭᠰᠡᠨ ᠪᠤᠯ ᠳᠡᠷᠡ ᠨᠢ ᠭᠡᠯᠡᠯᠴᠡᠭᠡᠷ ᠶᠤᠰᠤ ᠪᠠᠷ ᠦᠭᠳᠡᠭ᠃ ᠠᠶᠠᠨᠴᠢᠨ ᠵᠢᠩᠴᠢᠳ ᠵᠠᠮ ᠤᠨ ᠭᠤᠳᠤᠰ ᠤᠨ ᠭᠡᠷᠡᠭᠴᠡᠭᠡ ᠶᠢᠨ ᠵᠦᠢᠯ ᠪᠠ ᠪᠠᠭᠠᠵᠢ ᠭᠡᠷᠡᠭᠯᠡᠭᠦᠷ ᠢ ᠬᠤᠪᠢ ᠬᠤᠪᠢ ᠎ ᠪᠠᠷ ᠢᠶᠠᠨ ᠬᠠᠩᠭᠠᠮᠵᠢᠳᠠᠢ ᠠᠪᠠᠴᠢᠳᠠᠭ᠃ ᠮᠠᠶᠢᠬᠠᠨ ᠳᠤᠭᠤᠭ᠎ᠠ ᠶᠢ ᠭᠠᠯ ᠤᠨ ᠠᠬ᠎ᠠ ᠬᠠᠷᠢᠭᠤᠴᠠᠨ ᠳᠦᠭᠦᠷᠭᠡᠳᠡᠭ᠃ ᠳᠡᠷᠭᠡ ᠠᠴᠢᠯᠭ᠎ᠠ ᠶᠢᠨ ᠵᠠᠰᠠᠯᠭ᠎ᠠ ᠶᠢᠨ ᠪᠠᠭᠠᠵᠢ ᠭᠡᠷᠡᠭᠰᠡᠯ ᠢ ᠳᠠᠰᠢᠯᠠᠭ ᠪᠡᠯᠡᠳᠭᠡᠳᠡᠭ᠃ ᠠᠶᠠᠨ ᠵᠢᠩ ᠤᠨ ᠤᠨᠤᠯᠭ᠎ᠠ᠂ ᠳᠠᠭᠠᠭᠤᠯᠬᠤ ᠨᠤᠬᠠᠢ ᠶᠢ ᠰᠢᠳᠭᠡᠭᠴᠢ ᠪᠡᠯᠡᠳᠭᠡᠭᠦ ᠪᠦᠭᠡᠳ ᠬᠢᠮᠭᠠᠳᠠᠨ ᠶᠠᠪᠤᠳᠠᠭ᠃ ᠳᠡᠷᠭᠡ ᠠᠴᠢᠯᠭ᠎ᠠ ᠶᠢᠨ ᠭᠡᠷᠡᠭᠴᠡᠭᠡ ᠶᠢᠨ ᠵᠦᠢᠯ — ᠤᠭᠤᠳᠠ ᠰᠠᠪᠠ ᠂ ᠪᠦᠳᠡᠭᠡᠯᠭᠡ᠂ ᠳᠡᠭᠡᠰᠤ ᠪᠤᠬᠢ ᠵᠡᠷᠭᠡ ᠶᠢ ᠳᠡᠷᠭᠡ ᠠᠴᠢᠯᠭ᠎ᠠ ᠶᠢᠨ ᠡᠵᠡᠨ ᠨᠢ ᠪᠡᠯᠡᠳᠭᠡᠵᠤ ᠦᠭᠳᠡᠭ᠃ ᠠᠶᠠᠨᠴᠢᠨ ᠵᠢᠩᠴᠢᠨ ᠨᠠᠷ ᠳᠦᠭᠦᠮ ᠳᠦᠳᠡ ᠶᠢ ᠪᠤᠳᠤᠵᠤ᠂ ᠮᠦᠭᠡᠷ ᠢ ᠨᠦᠭᠡᠯᠡᠵᠤ᠂ ᠭᠡᠭᠡᠰᠤ ᠶᠢ ᠴᠠᠪᠴᠢᠵᠤ᠂ ᠳᠡᠩᠭᠡᠯᠢᠭ ᠢ ᠵᠤᠷᠮᠠᠯᠠᠨ᠂ ᠵᠦᠯᠭᠡ ᠳᠠᠷᠤᠵᠤ᠂ ᠳᠡᠭᠡᠰᠤ ᠳᠠᠳᠠᠯᠭ᠎ᠠ ᠶᠢ ᠢᠯᠡᠭᠦᠴᠡ ᠪᠡᠯᠡᠳᠭᠡᠨ᠂ ᠶᠡᠭᠦᠯᠡᠵᠤ ᠰᠤᠯᠢᠬᠤ ᠎ ᠳᠤ ᠠᠮᠠᠷ ᠪᠤᠯᠭᠠᠭᠠᠳ ︽ᠰᠢᠷ᠎ᠠ ᠵᠠᠮ  ︾᠎ ᠤᠨ ᠦᠯᠵᠡᠢ ᠮᠦᠷ ᠢ ᠪᠠᠳᠤᠯᠠᠳᠠᠭ᠃6. ᠠᠶᠠᠨ ᠵᠢᠩ ᠤᠨ ᠦᠷᠳᠡᠭᠡᠯᠡᠭᠡ᠃ ᠡᠨᠡ ᠨᠢ ᠦᠨᠡᠨᠳᠡᠭᠡᠨ ᠠᠶᠠᠨ ᠵᠢᠩ ᠤᠨ ᠪᠡᠯᠡᠳᠭᠡᠯ ᠪᠦᠷᠢᠳᠴᠤ ᠳᠦᠭᠦᠷᠦᠭᠰᠡᠨ ᠢ ᠪᠠᠶᠢᠴᠠᠭᠠᠬᠤ ᠠᠵᠢᠯᠯᠠᠭ᠎ᠠ ᠪᠢᠯᠡ᠃ ᠦᠷᠳᠡᠭᠡᠯᠡᠭᠦ ᠪᠠᠷ ᠳᠤᠭᠳᠠᠭᠰᠠᠨ ᠡᠳᠦᠷ ᠤᠨ ᠦᠳᠡ ᠶᠢᠨ ᠡᠮᠦᠨ᠎ᠡ᠂ ᠳᠡᠷᠭᠡ ᠠᠴᠢᠯᠭ᠎ᠠ ᠶᠢᠨ ᠡᠵᠡᠳ ᠳᠡᠷᠭᠡ ᠠᠴᠢᠯᠭ᠎ᠠ ᠳᠠᠭᠠᠨ ᠪᠡᠯᠡᠳᠭᠡᠭᠰᠡᠨ ᠪᠦᠭᠦᠨ ᠢᠶᠠᠨ ᠳᠡᠭᠡᠭᠡᠨ ᠠᠴᠢᠵᠤ ᠭᠦᠳᠦᠯᠦᠭᠦᠯᠭᠦ ᠠᠶᠠᠨᠴᠢᠳ ᠤᠨ ᠭᠡᠷ ᠲᠤ ᠠᠷᠢᠬᠢ ᠬᠠᠳᠠᠭ᠂ ᠴᠠᠭᠠᠨ ᠢᠳᠡᠭᠡᠨ ᠲᠠᠢ ᠶᠤᠰᠤᠷᠬᠠᠭ ᠭᠦᠷᠴᠤ᠂ ᠳᠠᠭᠠᠭᠠᠯᠭᠠᠪᠤᠷᠢ ᠨᠠᠶᠢᠳᠠᠯᠭ᠎ᠠ ᠪᠠᠨ ᠳᠠᠪᠰᠢᠭᠦᠯᠭᠦ ᠶᠢᠨ ᠬᠠᠮᠳᠤ ᠳᠡᠷᠭᠡ ᠠᠴᠢᠶ᠎ᠡ ᠶᠢᠨ ᠪᠠᠶᠢᠳᠠᠯ᠂ ᠤᠨᠤᠭ᠎ᠠ ᠭᠦᠯᠦᠰᠢ ᠎ ᠶᠢᠨ ᠠᠷᠠᠨᠰᠢᠨ᠂ ᠰᠠᠪᠠ ᠭᠡᠷᠡᠭᠰᠡᠯ ᠤᠨ ᠭᠠᠷᠴᠤ ᠮᠡᠳᠡᠭᠦ ᠡᠮᠵᠡᠭ ᠵᠡᠷᠭᠡ ᠶᠢ ᠨᠢᠭᠤᠯ ᠦᠭᠡᠢ ᠪᠡᠯᠭᠡᠳᠤ ᠦᠭᠡᠰ ᠢᠶᠠᠷ ᠮᠡᠳᠡᠭᠳᠡᠵᠤ ᠠᠯᠢᠪᠠ ᠪᠦᠭᠦᠨ ᠢᠶᠠᠨ ᠦᠵᠡᠭᠦᠯᠵᠤ ᠳᠤᠰᠢᠶᠠᠵᠤ ᠦᠭᠳᠡᠭ᠃ ᠠᠶᠠᠨ ᠵᠢᠩ ᠤᠨ ᠦᠷᠳᠡᠭᠡᠯᠡᠭᠡ ᠳᠡᠭᠡᠷ᠎ᠡ ᠬᠠᠮᠢᠶᠠᠳᠠᠨ ᠰᠠᠳᠤᠨ᠂ ᠠᠶᠢᠯ ᠠᠶᠢᠮᠠᠭ ᠤᠨ ᠬᠢᠨ ᠴᠦ ᠢᠷᠠᠯᠵᠡᠨ ᠬᠤᠷᠤᠳ ᠪᠢᠰᠢᠯᠠᠭ᠂ ᠦᠷᠦᠮ᠎ᠡ ᠳᠤᠰᠤ ᠠᠪᠴᠢᠷᠠᠨ ᠭᠡᠶᠢᠮᠤᠷᠢ ᠲᠠᠢ ᠶᠠᠪᠤᠵᠤ ᠢᠷᠡᠭᠦ ᠶᠢ ᠪᠡᠯᠭᠡᠳᠡᠳᠡᠭ᠃ ᠠᠶᠠᠨᠴᠢ ᠵᠢᠩᠴᠢ ᠴᠦ ᠬᠠᠷᠢᠭᠤ ᠪᠡᠯᠭᠡᠳᠡᠨ ᠬᠠᠷᠢᠯᠴᠠᠨ ︽ᠠᠶᠠᠨ ᠤ ᠰᠠᠩ︾ ᠭᠡᠭᠦ ᠮᠡᠳᠤ ᠶᠢ ᠦᠭᠦᠯᠡᠯᠴᠡᠨ ᠨᠠᠶᠢᠷᠯᠠᠳᠠᠭ᠃ ᠦᠷᠳᠡᠭᠡᠯᠡᠭᠡ ᠳᠡᠭᠡᠷ᠎ᠡ ᠰᠠᠶ᠋ᠢ ᠭᠡᠨ ᠎ ᠨᠢ ᠭᠡᠳᠦᠢ ᠳᠡᠷᠭᠡ ᠬᠤᠮ ᠲᠠᠢ ᠶᠠᠪᠤᠬᠤ ᠪᠠᠨ ᠪᠤᠳᠠᠳᠠᠶᠢᠴᠢᠯᠠᠳᠠᠭ᠃ ᠡᠭᠦᠨ ᠠᠴᠠ ᠡᠮᠦᠨ᠎ᠡ ᠳᠤᠭᠤᠷᠪᠢᠯᠳᠠ ᠶᠢᠨ ᠦᠶ᠎ᠡ ᠳᠡᠭᠡᠨ ᠨᠢᠭᠤᠴᠠ ᠪᠠᠶᠢᠳᠠᠭ᠃ ᠠᠶᠠᠨ ᠵᠢᠩ ᠳᠤ ᠴᠠᠭ ᠤᠯᠠᠷᠢᠯ ᠤᠨ ᠢᠯᠭᠠᠭ᠎ᠠ᠂ ᠡᠷ᠎ᠡ ᠴᠢᠳᠠᠯ ᠤᠨ ᠬᠠᠰᠢᠷ ᠨᠤᠮᠤᠢ ᠪᠠᠨ ᠦᠵᠡᠵᠤ ᠠᠳᠠᠯᠢ ᠪᠤᠰᠤ ᠳᠤᠭᠠᠨ ᠤ ᠳᠡᠷᠭᠡ ᠬᠤᠮ ᠲᠠᠢ ᠶᠠᠪᠤᠳᠠᠭ᠃ ᠡᠭᠦᠨ ᠤ ᠶᠡᠭᠡ ᠳᠦᠯᠦᠪ ᠢ ᠤᠯᠠᠷᠢᠯ ᠢᠶᠠᠷ ᠢᠯᠭᠠᠪᠠᠯ ᠳᠤᠤᠷᠠᠬᠢ ᠮᠡᠳᠤ᠄ ᠬᠠᠪᠤᠷ ᠤᠨ ᠠᠶᠠᠨ ᠵᠢᠩ ᠳᠤ ᠭᠦᠯᠦᠰᠢ ᠪᠠᠷᠤᠭᠳᠠᠢ ᠤᠴᠢᠷ ᠠᠴᠠ ᠨᠢᠭᠡ ᠠᠶᠠᠨᠴᠢ 7-9 ᠳᠡᠷᠭᠡ᠂ ᠨᠢᠭᠡ ᠵᠢᠩᠴᠢ ᠭᠤᠷᠪᠠᠨ ᠳᠡᠷᠭᠡ ᠳᠤᠯᠤᠭᠠᠨ ᠠᠴᠢᠶ᠎ᠠ ᠲᠠᠢ ᠶᠠᠪᠤᠳᠠᠭ᠃ ᠵᠤᠨ᠂ ᠨᠠᠮᠤᠷ ᠨᠢᠭᠡ ᠠᠶᠠᠨᠴᠢ ᠠᠷᠪᠠᠭᠠᠳ᠂ ᠬᠤᠷᠢᠭᠠᠳ᠂ ᠭᠤᠴᠢᠭᠠᠳ ᠳᠡᠷᠭᠡ ᠭᠦᠳᠦᠯᠳᠡᠭ᠃ ᠡᠪᠦᠯ ᠪᠤᠯ ᠳᠡᠷᠭᠡ ᠨᠢ ᠴᠦᠭᠡᠪᠳᠤᠷ ᠬᠤᠮ ᠠᠴᠢᠯᠭ᠎ᠠ ᠨᠢ ᠠᠷᠪᠢᠨ ᠰᠢᠭ᠋ ᠪᠠᠶᠢᠳᠠᠭ᠃ ᠭᠡᠪᠡᠴᠤ ᠨᠢᠭᠡ ᠠᠶᠠᠨᠴᠢ ᠶᠢᠰᠦᠨ ᠳᠡᠷᠭᠡ᠂ ᠨᠢᠭᠡ ᠵᠢᠩᠴᠢ ᠳᠤᠯᠤᠭ᠎ᠠ ᠪᠤᠶᠤ ᠶᠢᠰᠦᠨ ᠳᠡᠮᠡᠭᠡ ᠭᠦᠳᠦᠯᠳᠡᠭ ᠨᠢ ᠡᠩ ᠤᠨ ᠶᠠᠪᠤᠳᠠᠯ ᠠᠵᠢ᠃ ᠠᠶᠠᠨᠴᠢ ᠵᠢᠩᠴᠢ ᠨᠠᠷ ᠠᠯᠳᠠᠯ ᠤᠰᠤᠯ ᠦᠭᠡᠢ ᠪᠠᠷ ᠠᠮᠤᠭᠤᠯᠠᠩ ᠳᠠᠶᠢᠪᠤᠩ ᠶᠠᠪᠤᠵᠤ ᠢᠷᠡᠭᠦ ᠶᠢ ᠵᠤᠷᠢᠳᠠᠭ ᠤᠴᠢᠷ ᠠᠰᠢᠭ ᠭᠦᠯᠦᠰᠤ ᠶᠢ ᠭᠦᠭᠡᠭᠡᠴᠡᠯᠳᠦᠳᠡᠭ ᠦᠭᠡᠢ᠃ ᠭᠡᠪᠡᠴᠤ ᠳᠡᠷᠭᠡ ᠬᠤᠮ ᠤᠨ ᠡᠵᠡᠨ ᠳᠡᠳᠡᠨ ᠢ ᠭᠤᠮᠤᠳᠠᠭᠠᠵᠤ ᠭᠤᠳᠤᠷᠠᠭᠤᠯᠳᠠᠭ ᠦᠭᠡᠢ᠃ ᠡᠨᠡ ᠳᠤᠬᠠᠢ ᠭᠡᠯᠡ ᠠᠮᠠ ᠪᠤᠯᠤᠭᠰᠠᠳ ᠢ ᠭᠠᠯ ᠤᠨ ᠤᠯᠠᠨ ᠢᠶᠠᠷ ᠢᠶᠠᠨ ᠤᠯᠠᠶᠢᠵᠤ ᠨᠡᠯᠡᠶᠢᠳᠡᠯ᠎ᠡ ᠵᠢᠮᠡᠯᠡᠳᠡᠭ ᠶᠤᠮ᠃ ᠠᠶᠠᠨ ᠵᠢᠩ ᠤᠨ ᠤᠯᠵᠠ ᠤᠮᠤᠭ ᠢ ᠬᠤᠪᠢᠶᠠᠯᠴᠠᠬᠤ ᠳᠠᠭᠠᠨ ︵ᠠᠯᠪᠠᠨ ᠤ ᠠᠶᠠᠨ᠂ ᠠᠷᠠᠯᠵᠢᠶ᠎ᠠ ᠮᠠᠶᠢᠮᠠᠢ ᠶᠢᠨ ᠠᠶᠠᠨ ᠪᠠᠭᠳᠠᠬᠤ ᠦᠭᠡᠢ︶ ᠳᠡᠭᠡᠭᠡᠪᠦᠷᠢᠯᠡᠵᠤ ᠠᠴᠢᠭᠰᠠᠨ ᠵᠦᠢᠯ᠂ ᠤᠯᠵᠠ ᠤᠰᠤᠯᠳᠠᠯ ᠤᠨ ᠡᠰᠡᠷᠡᠭ ᠤᠷᠤᠭᠤ ᠪᠠᠷ ᠪᠠᠷᠢᠮᠵᠢᠶ᠎ᠠ ᠪᠤᠯᠭᠠᠳᠠᠭ ᠵᠤᠷᠰᠢᠯ ᠢᠶᠠᠨ ᠵᠦᠷᠢᠴᠡᠳᠡᠭ ᠦᠭᠡᠢ᠃ ᠪᠤᠰᠤᠳ ᠤᠨ ᠳᠡᠷᠭᠡ ᠠᠴᠢᠶ᠎ᠠ ᠎ ᠶᠢ ᠭᠦᠳᠦᠯᠦᠭᠰᠡᠨ ᠠᠶᠠᠨᠴᠢ ᠵᠢᠩᠴᠢ ᠳᠤ ᠳᠡᠭᠡᠭᠡᠭᠰᠡᠨ ᠠᠴᠢᠭᠰᠠᠨ ᠨᠢ ᠳᠠᠪᠤᠰᠤ᠂ ᠠᠮᠤ ᠪᠤᠯ ᠳᠡᠷᠭᠡ ᠠᠴᠢᠯᠭ᠎ᠠ ᠪᠦᠷᠢ ᠠᠴᠠ ᠤᠪᠤᠭᠠᠯᠮ᠎ᠠ ᠨᠢᠭᠡ ᠳ᠋ᠸᠤ᠂ ᠪᠤᠰᠤᠳ ᠵᠦᠢᠯ ᠪᠤᠯ ᠨᠢᠭᠡ ᠮᠦᠩᠭᠦᠨ ᠵᠤᠭᠤᠰ ᠤᠯᠭᠤᠳᠠᠭ᠃ ᠭᠡᠪᠡᠴᠤ ᠡᠨᠡ ᠨᠢ ᠦᠭᠦᠮᠡᠯ ᠳᠤᠭᠳᠠᠭᠠᠯ ᠪᠢᠰᠢ᠃ ᠬᠤᠶᠠᠷ᠂ ᠠᠶᠠᠨ ᠵᠢᠩ ᠤᠨ ᠮᠤᠷᠳᠠᠭᠤᠯᠭ᠎ᠠ ᠠᠶᠠᠨ ᠵᠢᠩ ᠵᠢᠩᠬᠢᠨᠢ ᠭᠦᠳᠡᠯᠳᠡᠯ᠎ᠡ ᠤᠯᠵᠠ ᠤᠮᠤᠭ ᠲᠠᠢ᠂ ᠠᠮᠤᠭᠤᠯᠠᠩ ᠰᠠᠶᠢᠬᠠᠨ ᠶᠠᠪᠤᠵᠤ ᠢᠷᠡᠭᠦ ᠶᠢ ᠪᠡᠯᠭᠡᠳᠡᠭᠰᠡᠨ ᠦᠳᠡᠯᠭᠡ ᠮᠤᠷᠳᠠᠭᠤᠯᠭ᠎ᠠ ᠶᠢᠨ ᠶᠤᠰᠤ ᠶᠢ ᠭᠦᠢᠴᠡᠳᠭᠡᠳᠡᠭ᠃1. ᠭᠡᠷ ᠵᠠᠭᠤᠷ᠎ᠠ ᠶᠢᠨ ᠦᠳᠡᠯᠭᠡ᠃ ᠠᠶᠠᠨᠴᠢᠨ ᠵᠢᠩᠴᠢᠨ ᠶᠠᠪᠤᠬᠤ ᠶᠢᠨ ᠤᠷᠢᠳ ᠠᠶᠢᠯ ᠠᠶᠢᠮᠠᠭ᠂ ᠳᠦᠷᠦᠯ ᠰᠠᠳᠤᠨ ᠤ ᠳᠠᠭᠠᠨ ᠭᠦᠷᠴᠤ᠂ ᠨᠠᠰᠤᠳᠠᠨ ᠨᠠᠷ ᠲᠠᠢ ᠪᠠᠨ ᠵᠤᠯᠭᠠᠵᠤ ᠡᠷᠬᠢᠯᠳᠡ ᠳᠤᠭᠤᠷᠢᠯᠳᠠ ᠶᠢ ᠭᠦᠢᠴᠡᠳᠭᠡᠨ ᠢᠷᠦᠭᠡᠯ ᠭᠦᠷᠳᠡᠳᠡᠭ᠃ ᠮᠦᠷ ᠭᠠᠷᠭᠠᠬᠤ ᠶᠢᠨ ᠡᠮᠦᠨ᠎ᠡ ᠤᠷᠤᠢ ᠮᠠᠯ ᠬᠤᠳᠠᠯᠠᠵᠤ ᠤᠳᠤᠨ ᠪᠠᠶᠢᠷᠢᠯᠠᠭᠰᠠᠨ ᠤ ᠳᠠᠷᠠᠭ᠎ᠠ ᠠᠶᠠᠨᠴᠢ ᠵᠢᠩᠴᠢ ᠭᠠᠯ ᠢᠶᠠᠨ ᠳᠠᠬᠢᠵᠤ ᠭᠡᠷ ᠪᠦᠯᠢ ᠶᠢᠨ ᠬᠢᠨ ᠦᠳᠡᠯᠭᠡ ᠮᠤᠷᠳᠠᠭᠤᠯᠭ᠎ᠠ ᠶᠢᠨ ᠶᠤᠰᠤ ᠶᠢ ᠭᠦᠢᠴᠡᠳᠭᠡᠳᠡᠭ᠃ ᠠᠶᠠᠨᠴᠢ ᠵᠢᠩᠴᠢ ᠶᠢᠨ ᠳᠤ᠂ ᠭᠡᠷ ᠪᠦᠯᠢ ᠶᠢᠨ ᠬᠢᠨ ᠪᠠ ᠠᠶᠢᠯ ᠠᠶᠢᠮᠠᠭ ᠤᠨ ᠬᠢᠨ ᠪᠦᠷ ᠴᠤᠭᠯᠠᠵᠤ ᠭᠡᠷ ᠵᠠᠭᠤᠷ᠎ᠠ ᠶᠢᠨ ᠦᠳᠡᠯᠭᠡ ᠪᠤᠯᠳᠠᠭ᠃ ᠠᠶᠠᠨᠴᠢᠨ ᠵᠢᠩᠴᠢᠨ ᠢ ᠭᠦᠨᠳᠦᠳᠭᠡᠨ ᠭᠤᠤᠯ ᠳᠤᠮᠳᠠ ᠰᠠᠭᠤᠯᠭᠠᠨ᠂ ᠴᠠᠢ ᠠᠶᠠᠭᠠᠯᠠᠨ ᠴᠠᠭᠠᠨ ᠢᠳᠡᠭᠡ ᠪᠤᠤᠪᠤ ᠪᠤᠭᠤᠷᠰᠤᠭ ᠦᠷᠦᠵᠤ᠂ ᠠᠷᠢᠬᠢ ᠰᠠᠷᠬᠤᠳ ᠭᠡᠮᠨᠡᠨ ᠮᠢᠬ᠎ᠠ ᠢᠳᠡᠭᠡ ᠳᠠᠪᠠᠭᠯᠠᠳᠠᠭ᠃ ᠨᠠᠰᠤᠳᠠᠶᠢᠴᠤᠤᠯ ᠢᠷᠦᠭᠡᠯ ᠬᠠᠶᠢᠷᠠᠯᠠᠨ ᠭᠡᠤᠭᠡᠳ ᠳᠤᠭᠤᠢ ︵ᠮᠤᠳᠤᠨ ᠳᠠᠭᠠᠷᠢᠳᠠᠰᠤ︶᠂ ᠪᠦᠮᠪᠦᠭᠡ ︵ᠤᠩᠭᠠᠰᠤᠨ ᠪᠦᠮᠪᠦᠭᠡ᠂ ᠰᠢᠨᠲᠸᠤ — ᠳᠠᠷᠤᠢ ᠪᠦᠷᠢᠭᠰᠡᠨ ᠳᠠᠪᠤᠰᠠᠩ︶ ᠤᠷᠬᠢᠯᠴᠠᠨ᠂ ᠤᠯᠠᠨ ᠢᠶᠠᠷ ᠎ ᠢᠶᠠᠨ ᠳᠠᠭᠤᠤ ᠭᠦᠭᠵᠢᠮ ᠡᠷᠭᠦᠵᠤ ᠠᠶᠠᠨ ᠵᠠᠮ ᠤᠨ ᠤᠷᠤᠭᠰᠢ ᠲᠠᠢ ᠶᠢ ᠪᠡᠯᠭᠡᠳᠡᠳᠡᠭ᠃2. ᠮᠦᠷ ᠭᠠᠷᠭᠠᠬᠤ᠃ ᠠᠶᠠᠨ ᠵᠢᠩ ᠭᠦᠳᠡᠯᠭᠦ ᠪᠠᠷ ᠰᠤᠩᠭᠤᠭᠰᠠᠨ ᠰᠠᠶᠢᠨ ᠡᠳᠦᠷ ᠤᠨ ᠡᠮᠦᠨ᠎ᠡ ︵ᠤᠯᠠᠩᠬᠢ ᠨᠢ ᠭᠦᠳᠡᠯᠭᠦ ᠶᠢᠨ ᠳᠦᠷᠦᠭᠦᠦ ᠡᠳᠦᠷ︶ ᠠᠶᠠᠨᠴᠢ ᠬᠠᠮ ᠳᠡᠷᠭᠡ ᠪᠠᠨ ᠪᠤᠶᠤ ᠳᠡᠷᠭᠡ ᠪᠦᠭᠦ ᠳᠡᠷᠭᠡ ᠤᠨᠤᠭ᠎ᠠ ᠪᠠᠨ ᠭᠦᠳᠦᠯᠦᠨ ᠠᠶᠠᠯᠠᠬᠤ ᠶᠤᠰᠤᠭᠠᠷ ᠢᠶᠠᠨ ᠭᠠᠷᠴᠤ᠂ ᠭᠠᠯ ᠢᠶᠠᠷ ᠢᠶᠠᠨ ᠨᠡᠶᠢᠯᠡᠯᠳᠦᠨ ᠪᠠᠭᠤᠨ᠎ᠠ᠃ ᠡᠭᠦᠨ ᠢ ᠮᠦᠷ ᠭᠠᠷᠭᠠᠬᠤ ᠭᠡᠳᠡᠭ᠃ ᠵᠠᠷᠢᠮ ᠨᠢ ᠨᠡᠶᠢᠯᠡᠯᠳᠡ ᠶᠢᠨ ᠪᠠᠭᠤᠴᠠ᠂ ᠤᠩᠭᠤᠴᠠ ᠪᠠᠭᠤᠴᠠ᠂ ᠮᠠᠩᠯᠠᠢ ᠪᠠᠭᠤᠴᠠ ᠳᠤ ᠨᠡᠶᠢᠯᠡᠯᠳᠦᠨ ᠪᠠᠭᠤᠨ᠎ᠠ᠃ ᠡᠭᠦᠨ ᠢ ᠮᠦᠷ ᠭᠠᠷᠭᠠᠬᠤ ᠭᠡᠳᠡᠭ᠃ ᠵᠠᠷᠢᠮ ᠨᠢ ᠨᠡᠶᠢᠯᠡᠯᠳᠡ ᠶᠢᠨ ᠪᠠᠭᠤᠴᠠ᠂ ᠤᠩᠭᠤᠴᠠ ᠪᠠᠭᠤᠴᠠ᠂ ᠮᠠᠩᠯᠠᠢ ᠪᠠᠭᠤᠴᠠ ᠳᠤ ᠴᠦ ᠭᠡᠳᠡᠭ᠃ ᠡᠨᠡ ᠨᠢ ᠦᠨᠡᠨᠳᠡᠭᠡᠨ ᠭᠠᠯ ᠳᠤᠭᠤᠭ᠎ᠠ ᠨᠡᠶᠢᠯᠡᠭᠦ᠂ ᠳᠡᠷᠭᠡ ᠤᠨᠤᠭ᠎ᠠ ᠪᠠᠨ ᠰᠤᠷᠢᠬᠤ ᠶᠤᠰᠤᠯᠠᠯ ᠪᠤᠯᠬᠤ ᠪᠦᠭᠡᠳ ᠠᠶᠢᠯ ᠰᠠᠭᠠᠬᠠᠯᠳᠠ ᠪᠠᠷ ᠢᠶᠠᠨ ᠮᠤᠷᠳᠠᠭᠤᠯᠬᠤ ᠴᠤᠭᠯᠠᠭ᠎ᠠ ᠪᠢᠯᠡ ᠃ ᠮᠦᠷ ᠭᠠᠷᠭᠠᠬᠤ ᠦᠷᠯᠦᠭᠡ ᠶᠢᠨ ᠨᠠᠷᠠᠨ ᠮᠠᠨᠳᠤᠬᠤ ᠦᠶ᠎ᠡ ᠳᠤ ᠠᠶᠠᠨᠴᠢ ᠵᠢᠩᠴᠢ ᠭᠠᠷ ᠤᠨ ᠦᠭᠡᠷ ᠳᠡᠮᠡᠭᠡ ᠪᠠᠨ ᠬᠠᠮ ᠳᠡᠷᠭᠡᠨ ᠳᠡᠭᠡᠨ ᠭᠦᠯᠵᠤ ︵ᠬᠤᠮᠨᠠᠵᠤ︶ ᠪᠤᠰᠤᠳ ᠳᠡᠷᠭᠡ ᠳᠡᠮᠡᠭᠡ ᠪᠠᠨ ᠳᠡᠰ ᠳᠠᠷᠠᠭ ᠪᠠᠷ ᠴᠦᠷᠭᠡᠯᠡᠭᠡᠳ ᠠᠷᠴᠠ ᠰᠠᠩ ᠢᠶᠠᠷ ᠪᠦᠭᠦᠨ ᠢ ᠵᠦᠪ ᠳᠤᠭᠤᠷᠢᠨ ᠠᠷᠢᠭᠤᠯᠠᠵᠤ ᠠᠶᠢᠷᠠᠭ ᠰᠦ ᠰᠠᠴᠤᠨ᠂ ᠠᠭᠤᠯᠠ ᠤᠰᠤᠨ ᠳᠤ ᠰᠠᠩ ᠴᠠᠭᠠᠨ ᠪᠡᠯᠡᠭ ᠡᠷᠭᠦᠭᠡᠳ ᠨᠠᠷᠠᠨ ᠵᠦᠭ ᠭᠦᠳᠡᠯᠳᠡᠭ᠃ ᠠᠶᠠᠨᠴᠢ ᠵᠢᠩᠴᠢ ᠭᠡᠷ ᠠᠴᠠ ᠪᠠᠨ ᠵᠠᠶᠢᠳᠠᠳᠠᠯ᠎ᠠ ᠪᠤᠴᠠᠵᠤ ᠬᠠᠷᠠᠳᠠᠭ ᠦᠭᠡᠢ᠂ ᠭᠦᠯᠦᠰᠤ ᠤᠨᠤᠰᠢ ᠪᠠᠨ ᠴᠦ ᠱᠠᠯᠠᠳᠠᠭ ᠦᠭᠡᠢ᠃ ᠭᠡᠷ ᠬᠤᠳᠠᠯᠠᠭᠠᠷ ᠤᠨ ᠬᠢᠨ ᠪᠠ ᠠᠶᠢᠯ ᠬᠤᠳᠠ ᠶᠢᠨ ᠬᠢᠨ ᠵᠠᠶᠢᠳᠠᠳᠠᠯ᠎ᠠ ᠭᠦᠷᠭᠡᠵᠤ ᠪᠠᠷ᠎ᠠ ᠲᠠᠰᠤᠷᠠᠳᠠᠯ᠎ᠠ ᠬᠠᠷᠠᠳᠠᠭ᠃ ᠮᠦᠷ ᠭᠠᠷᠭᠠᠵᠤ ᠨᠡᠶᠢᠯᠡᠯᠳᠦᠭᠦ ᠤᠩᠭᠤᠨ ᠪᠠᠭᠤᠴᠠ ᠳᠡᠭᠡᠷ᠎ᠡ ᠭᠠᠯ ᠤᠨ ᠠᠬ᠎ᠠ ᠬᠠᠮᠤᠭ ᠳᠦᠷᠦᠭᠦᠦ ᠭᠦᠷᠴᠤ ᠪᠠᠭᠤᠳᠠᠭ᠃ ᠠᠶᠠᠨᠴᠢᠳ ᠳᠠᠷᠠᠭ᠎ᠠ ᠳᠠᠷᠠᠭ᠎ᠠ ᠪᠠᠷ ᠭᠦᠷᠦᠯᠴᠡᠭᠡᠳ ᠳᠡᠷᠭᠡ ᠪᠠᠨ ᠵᠠᠮ ᠤᠨ ᠵᠦᠪᠳᠠᠢ ᠳᠠᠯ᠎ᠠ ᠳᠤ ᠭᠠᠯ ᠎ ᠤᠨ ᠠᠬ᠎ᠠ ᠶᠢᠨ ᠳᠡᠷᠭᠡ ᠠᠴᠠ ᠵᠡᠭᠦᠨᠰᠢ ᠵᠡᠷᠭᠡᠴᠡᠭᠦᠯᠦᠨ ᠴᠤᠪᠤᠭ᠎ᠠ ᠶᠤᠰᠤᠭᠠᠷ ᠪᠠᠭᠤᠯᠭᠠᠨ᠎ᠠ᠃ ᠭᠡᠷᠪᠡ ᠵᠢᠩ ᠪᠤᠯ ᠬᠤᠮ ᠳᠡᠩᠨᠡᠭᠡ ᠪᠠᠨ ᠮᠠᠶᠢᠬᠠᠨ ᠠᠴᠠ ᠬᠤᠷᠢᠨ ᠠᠯᠬᠤᠮ ᠤᠨ ᠠᠷᠤ ᠳᠤ ᠵᠢᠭᠰᠠᠭᠠᠨ ᠳᠠᠯᠪᠢᠭᠠᠳ ᠵᠠᠯ᠎ᠠ ᠳᠠᠳᠠᠵᠤ ᠳᠡᠮᠡᠭᠡ ᠪᠠᠨ ᠵᠠᠶᠢᠰᠢ ᠤᠶᠠᠨ᠎ᠠ᠃ ᠳᠡᠷᠭᠡ ᠤᠨᠤᠭ᠎ᠠ ᠪᠠᠨ ᠵᠦᠭᠰᠢᠷᠡᠭᠦᠯᠦᠭᠰᠡᠨ ᠤ ᠳᠠᠷᠠᠭ᠎ᠠ᠂ ᠭᠠᠯ  ᠎ ᠤᠨ ᠠᠬ᠎ᠠ ᠮᠠᠶᠢᠬᠠᠨ ᠢᠶᠠᠨ ᠪᠠᠭᠤᠯᠭᠠᠮᠠᠭᠴᠠ ᠰᠡᠭᠦᠯ ᠳᠠᠷᠤᠵᠤ ᠪᠠᠭᠤᠭᠰᠠᠨ ᠲᠠᠰᠢᠯᠠᠭ ᠢᠷᠡᠵᠤ ᠰᠢᠳᠭᠡᠭᠴᠢ ᠶᠢᠨ ᠳᠡᠮᠵᠢᠯᠭᠡ ᠪᠠᠷ ᠮᠠᠶᠢᠬᠠᠨ ᠤ ᠭᠤᠷᠪᠠᠨ ᠳᠤᠯᠭᠠᠭᠤᠷᠢ ᠶᠢ ᠡᠷᠭᠦᠭᠦ ᠳᠤ ᠠᠶᠠᠨᠴᠢᠳ ᠢᠷᠡᠵᠤ ᠮᠠᠶᠢᠬᠠᠨ ᠢᠶᠠᠨ ᠪᠤᠰᠬᠠᠨ ᠭᠠᠳᠠᠰᠤ ᠪᠠᠷ ᠠᠷᠭᠠᠮᠵᠢᠨ᠎ᠠ᠃ ᠭᠠᠯ ᠤᠨ ᠳᠡᠭᠦᠦ ᠠᠷᠭᠠᠯ ᠬᠤᠷᠮᠤᠶᠢᠯᠠᠨ ᠢᠷᠡᠳᠡᠯ᠎ᠡ᠂ ᠭᠠᠯ ᠤᠨ ᠠᠬ᠎ᠠ ᠳᠤᠭᠤᠭ᠎ᠠ ᠳᠤᠯᠭ᠎ᠠ ᠪᠠᠨ ᠳᠤᠬᠢᠶᠠᠵᠤ ᠭᠡᠳᠡ ᠪᠠᠨ ᠴᠤᠬᠢᠨ᠎ᠠ᠃ ᠠᠷᠭᠠᠯ ᠤᠭᠤᠬᠢᠳᠠᠯ᠎ᠠ ᠠᠶᠠᠨᠴᠢᠳ ᠪᠠᠰᠠ ᠳᠦᠯᠡᠰᠢ ᠤᠶᠢᠷᠠᠳᠤᠭᠤᠯᠵᠤ ᠭᠠᠯ ᠭᠦᠭᠵᠢᠭᠡᠭᠡᠳ ᠭᠠᠯ ᠤᠨ ᠠᠬ᠎ᠠ ᠲᠠᠢ ᠭᠦᠭᠦᠷ ᠰᠤᠯᠢᠯᠴᠠᠨ᠂ ᠮᠠᠨᠳᠤᠯᠠᠨ᠎ᠠ ︵ᠮᠡᠨᠳᠤ ᠰᠠᠶᠢᠨ ᠠᠰᠠᠭᠤᠵᠤ᠂ ᠰᠦᠭᠦᠷᠡᠭᠦ ᠶᠤᠰᠤ ᠶᠢ ᠤᠴᠠᠷᠠᠮᠠᠭᠴᠠ ᠭᠦᠢᠴᠡᠳᠭᠡᠳᠡᠭ︶᠃ ᠮᠠᠶᠢᠬᠠᠨ ᠳᠤ ᠭᠠᠯ ᠤᠨ ᠠᠬ᠎ᠠ ᠭᠤᠤᠯᠳᠠᠵᠤ᠂ ᠲᠠᠰᠢᠯᠠᠭ ᠳᠠᠳᠠᠯᠠᠨ᠂ ᠰᠢᠳᠭᠡᠭᠴᠢ ᠳᠠᠷᠠᠭᠠᠯᠠᠨ ᠪᠤᠰᠤᠳ ᠨᠢ ᠨᠠᠰᠤ ᠵᠢᠯ ᠤᠨ ᠳᠠᠷᠠᠭᠠᠯᠠᠯ ᠢᠶᠠᠷ ᠴᠦᠮᠴᠤᠶᠢᠨ ᠰᠠᠭᠤᠬᠤ ᠳᠤ ᠭᠠᠯ ᠤᠨ ᠳᠡᠭᠦᠦ ᠭᠠᠯ ᠭᠦᠭᠵᠢᠭᠡᠨ᠎ᠡ᠃ ᠤᠯᠠᠨ ᠢᠶᠠᠷ ᠢᠶᠠᠨ ᠪᠤᠰᠴᠤ ᠭᠡᠳᠡ ᠪᠠᠨ ᠴᠤᠬᠢᠵᠤ᠂ ᠤᠯᠠᠯᠵᠠᠵᠤ ᠪᠠᠶᠢᠭ᠎ᠠ ᠤᠯᠠ ᠡᠪᠡᠰᠤ ᠶᠢ ᠭᠠᠯ ᠳᠤ ᠡᠷᠭᠦᠵᠤ᠂ ᠭᠠᠯ ᠠᠶᠠᠨ ᠨᠡᠶᠢᠯᠡᠯᠳᠦᠭᠰᠡᠨ ᠢᠶᠠᠨ ᠪᠠᠳᠤᠯᠠᠨ ᠠᠮᠤᠭᠤᠯᠠᠩ ᠳᠠᠶᠢᠪᠤᠩ ᠠᠶᠠᠯᠠᠵᠤ ᠠᠯᠳᠠᠯ ᠤᠰᠤᠯ ᠦᠭᠡᠢ ᠶᠠᠪᠤᠬᠤ ᠪᠠᠨ ᠵᠦᠩᠨᠡᠨ᠎ᠡ᠃ ᠭᠠᠯ  ᠎ ᠤᠨ ᠠᠬ᠎ᠠ ᠭᠠᠯ ᠳᠤ ᠠᠷᠢᠬᠢ ᠳᠤᠰᠤ᠂ ᠠᠷᠴᠠ ᠭᠦᠵᠢ ᠡᠷᠭᠦᠵᠤ ᠭᠠᠯ ᠳᠠᠬᠢᠨ᠎ᠠ᠃ ᠠᠶᠠᠨᠴᠢᠳ ᠭᠠᠯ ᠤᠨ ᠠᠬ᠎ᠠ ᠶᠢᠨ ᠳᠠᠭᠠᠭᠤᠯᠭ᠎ᠠ ᠪᠠᠷ ᠬᠠᠷᠠᠴᠤᠤᠯ ᠤᠨ ᠶᠤᠰᠤᠭᠠᠷ ᠭᠤᠷᠪᠠᠨᠳᠠ ᠰᠦᠭᠦᠳᠴᠤ ᠶᠢᠰᠦᠨᠳᠡ ᠮᠦᠷᠭᠦᠭᠰᠡᠨ ᠤ ᠳᠠᠷᠠᠭ᠎ᠠ᠂ ᠬᠠᠨ ᠠᠭᠤᠯᠠ ᠳᠦᠷᠦᠭᠦᠳᠠᠢ ᠠᠭᠤᠯᠠ ᠬᠠᠶᠢᠷᠬᠠᠨ᠂ ᠴᠠᠭᠠᠨ ᠮᠦᠷᠡᠨ ᠳᠡᠷᠢᠭᠦᠳᠠᠢ ᠭᠤᠤᠯ ᠤᠰᠤᠨ ᠳᠤ ᠪᠠ ᠳᠡᠭᠡᠳᠦᠰ ᠲᠡᠭᠡᠨ ᠰᠠᠩ ᠰᠠᠴᠤᠯᠢ ᠡᠷᠭᠦᠨ᠎ᠡ᠃ ᠭᠠᠯ ᠤᠨ ᠳᠡᠭᠦᠦ ᠳᠤᠭᠤᠭ᠎ᠠ ᠤᠬᠢᠶᠠᠨ ᠴᠠᠢ ᠴᠢᠨᠠᠬᠤ ᠳᠤ ᠭᠠᠯ ᠤᠨ ᠠᠬ᠎ᠠ ᠳᠡᠷᠢᠭᠦᠯᠡᠨ ᠴᠢᠮᠬᠢ ᠴᠠᠢ ᠦᠭᠭᠦ ᠳᠤ ᠤᠯᠠᠨ ᠢᠶᠠᠷ ᠎ ᠢᠶᠠᠨ ᠬᠤᠪᠢ ᠬᠤᠪᠢᠨ ᠤ ᠳᠤᠯᠤᠮ ᠲᠠᠢ ᠴᠠᠢ ᠠᠴᠠ ᠪᠠᠨ ᠴᠢᠮᠬᠢᠯᠡᠨ ᠨᠡᠮᠡᠷᠢᠯᠡᠭᠡᠳ ᠰᠢᠷᠡᠮᠦᠨ ᠳᠤᠭᠤᠭ᠎ᠠ ᠳᠤ ᠬᠤᠰᠢᠭᠤ ᠪᠠᠨ ᠬᠤᠯᠪᠤᠬᠤ᠂ ᠰᠢᠯᠵᠢᠯᠳᠡ ᠶᠢᠨ ᠮᠠᠶᠢᠬᠠᠨ ᠳᠤ ᠳᠤᠯᠤᠭᠠᠢ ᠪᠠᠨ ᠨᠡᠶᠢᠯᠡᠭᠦᠯᠭᠦ ᠶᠤᠰᠤ ᠶᠢ ᠭᠦᠢᠴᠡᠳᠭᠡᠨ᠎ᠡ ᠃ ᠭᠠᠯ ᠤᠨ ᠳᠡᠭᠦᠦ᠂ ᠴᠠᠢ ᠠᠴᠠ ᠪᠠᠨ ᠭᠠᠯ ᠳᠤ ᠪᠠ ᠭᠠᠳᠠᠭᠰᠢ ᠡᠷᠭᠦᠭᠡᠳ ᠮᠠᠶᠢᠬᠠᠨ ᠤ ᠤᠭᠤᠯᠢ ᠶᠢ ᠳᠠᠷᠤᠵᠤ ᠴᠠᠢ ᠠᠶᠠᠭᠠᠯᠠᠨ᠎ᠠ᠃ ᠮᠦᠷ ᠭᠠᠷᠭᠠᠬᠤ ᠤᠩᠭᠤᠨ ᠪᠠᠭᠤᠴᠠ ᠳᠤ ᠭᠠᠯ ᠠᠶᠠᠨ ᠮᠠᠶᠢᠬᠠᠨ ᠳᠠᠭᠠᠨ ᠠᠩᠬ᠎ᠠ ᠴᠠᠶᠢᠯᠠᠬᠤ ᠶᠢᠨ ᠵᠡᠷᠭᠡ ᠭᠠᠯ ᠤᠨ ᠠᠬ᠎ᠠ ᠠᠶᠠᠨ ᠤ ᠶᠤᠰᠤ ᠭᠤᠷᠢᠮ᠂ ᠳᠤᠰ ᠪᠦᠷᠢ ᠶᠢᠨ ᠬᠤᠪᠢᠳᠠᠬᠤ ᠠᠵᠢᠯ ᠤᠨ ᠳᠤᠬᠠᠢ ᠵᠠᠷᠯᠠᠳᠠᠭ᠃ ᠭᠠᠯ ᠤᠨ ᠠᠬ᠎ᠠ ᠨᠢ ᠠᠶᠢᠮᠠᠭ ᠨᠤᠳᠤᠭ ᠤᠨ ᠳᠦᠷᠦᠭᠦᠦ᠂ ᠠᠶᠢᠯ ᠭᠡᠷ ᠤᠨ ᠡᠵᠡᠨ ᠮᠡᠳᠤ ᠳᠤᠯᠠ ᠠᠶᠠᠨᠴᠢᠨ ᠵᠢᠩᠴᠢᠳ ᠨᠢ ᠭᠠᠯ ᠤᠨ ᠠᠬ᠎ᠠ ᠪᠠᠨ ︽ᠭᠡᠭᠡᠷ᠎ᠡ ᠶᠢᠨ ᠬᠠᠨ︾᠎ ᠢᠶᠠᠷ ᠦᠵᠡᠵᠤ ᠭᠦᠨᠳᠦᠳᠭᠡᠳᠡᠭ᠃ ᠡᠶᠢᠮᠦ ᠠᠴᠠ ᠭᠠᠯ ᠤᠨ ᠠᠬ᠎ᠠ ᠳᠤ ᠨᠡᠶᠢᠳᠠᠯᠭ᠎ᠠ ᠪᠦᠭᠦᠨ ᠢᠶᠠᠨ ᠳᠠᠯᠪᠢᠵᠤ᠂ ᠭᠠᠯ ᠳᠠᠭᠠᠭᠠᠬᠤ ︵ᠭᠠᠯ ᠠᠶᠠᠨ ᠤ ᠠᠯᠢᠪᠠ ᠶᠢ ᠬᠠᠷᠢᠭᠤᠴᠠᠬᠤ︶ ᠵᠠᠮ ᠮᠦᠷ ᠢ ᠰᠤᠩᠭᠤᠬᠤ᠂ ᠶᠠᠪᠤᠴᠠ ᠳᠤᠬᠢᠷᠠᠭᠤᠯᠬᠤ᠂ ᠠᠴᠢᠶ᠎ᠠ ᠳᠡᠭᠡᠭᠡᠪᠦᠷᠢ ᠶᠢᠨ ᠳᠡᠩᠴᠡᠭᠦᠨ ᠢ ᠠᠩᠬᠠᠷᠬᠤ᠂ ᠤᠰᠤᠯ ᠠᠳᠡᠯ ᠢ ᠬᠢᠴᠢᠶᠡᠭᠦ᠂ ᠤᠯᠵᠠ ᠭᠠᠷᠤᠵᠠ ᠶᠢ ᠬᠠᠮᠢᠶᠠᠷᠬᠤ ᠶᠤᠰᠤ ᠲᠠᠢ ᠪᠤᠯᠬᠤᠷ ᠳᠡᠭᠦᠨ ᠤ ᠵᠠᠬᠢᠶ᠎ᠠ ᠵᠢᠭᠠᠪᠤᠷᠢ ᠠᠴᠠ ᠵᠦᠷᠢᠴᠡᠵᠤ ᠪᠤᠯᠳᠠᠭ ᠦᠭᠡᠢ ᠶᠤᠰᠤ ᠭᠤᠷᠢᠮ ᠲᠠᠢ᠃ ᠳᠡᠶᠢᠮᠦ ᠠᠴᠠ ︽ᠰᠠᠶᠢᠨ ᠭᠠᠯ ᠤᠨ ᠠᠬ᠎ᠠ ᠰᠠᠬᠢᠭᠤᠰᠤ᠂ ᠮᠠᠭᠤ ᠭᠠᠯ ᠤᠨ ᠠᠬ᠎ᠠ ᠮᠠᠨᠤᠤᠯ︾ ᠭᠡᠰᠡᠨ ᠵᠦᠢᠷ ᠲᠠᠢ᠃ ᠳᠠᠰᠢᠯᠠᠭ ᠪᠤᠯ ᠭᠠᠯ ᠤᠨ ᠠᠬ᠎ᠠ ᠶᠢᠨ ᠠᠳᠠᠮᠠᠯ ᠪᠦᠭᠡᠳ ᠬᠠᠪᠰᠤᠷᠤᠭᠴᠢ᠃ ᠠᠶᠠᠨ ᠵᠢᠩ ᠤᠨ ᠦᠯᠵᠡᠢ ᠮᠦᠷ ᠲᠠᠢ ᠠᠪᠴᠤ ᠶᠠᠪᠤᠬᠤ ᠶᠢᠨ ᠳᠦᠯᠦᠭᠡ᠂ ᠠᠯᠢᠪᠠ ᠪᠠᠨ ᠵᠤᠷᠢᠭᠤᠯᠤᠨ᠂ ᠡᠪᠳᠡᠷᠭᠡᠢ ᠬᠠᠮᠬᠠᠷᠬᠠᠢ ᠳᠡᠷᠭᠡ ᠶᠢ ᠪᠠᠭᠤᠴᠠ ᠪᠤᠶᠤ ᠶᠠᠪᠤᠭ᠎ᠠ ᠳᠡᠷᠭᠡ ᠪᠠᠨ ᠴᠦ ᠰᠡᠯᠪᠢᠨ ᠵᠠᠰᠠᠵᠤ᠂ ᠠᠶᠠᠯᠠᠯ ᠤᠨ ᠰᠠᠭᠠᠳ ᠦᠭᠡᠢ ᠶᠢ ᠪᠠᠳᠤᠯᠠᠳᠠᠭ᠃ ᠡᠶᠢᠮᠦ ᠠᠴᠠ ᠳᠠᠰᠢᠯᠠᠭ ᠤᠨ ᠦᠭᠡ ᠶᠢ ︽ᠳᠠᠷᠬᠠᠨ ᠵᠠᠷᠯᠢᠭ︾ ᠪᠤᠯᠭᠠᠳᠠᠭ᠃ ᠰᠢᠳᠭᠡᠭᠴᠢ ᠪᠤᠯ ᠭᠠᠯ ᠠᠶᠠᠨ ᠤ ᠪᠠᠨ ᠰᠢᠳᠭᠡᠭᠴᠢ᠂ ᠭᠠᠳᠠᠭᠰᠢ ᠬᠠᠷᠢᠯᠴᠠᠬᠤ ᠶᠢᠨ ᠬᠤᠯᠪᠤᠭᠠᠴᠢ ᠪᠤᠯᠬᠤᠷ ᠭᠠᠯ ᠎ ᠢᠶᠠᠷ ᠢᠶᠠᠨ ᠳᠡᠭᠦᠨ ᠢ ᠤᠳᠠᠭᠠᠴᠢᠯᠠᠨ ᠭᠦᠨᠳᠦᠳᠭᠡᠳᠡᠭ᠃ ᠤᠳᠠᠭᠠᠬᠤ ︵ᠰᠢᠳᠭᠡᠭᠴᠢ︶ ᠴᠦ ᠨᠠᠶᠢᠷ ᠳᠠᠯ᠎ᠠ ᠳᠠᠯᠪᠢᠳᠠᠭ ᠦᠭᠡᠢ᠃ ᠭᠠᠯ ᠤᠨ ᠳᠡᠭᠦᠦ ᠶᠢ ᠬᠠᠳᠠᠭᠤ ᠪᠡᠷᠭᠡ ᠠᠶᠠᠨ ᠳᠤ ︽ᠬᠠᠮᠠᠷ ᠲᠤᠨᠢ ᠤᠳᠤᠭ᠎ᠠ ᠤᠷᠤᠭᠤᠯᠬᠤ︾᠎ ᠶᠢᠨ ᠤᠴᠢᠷ ᠲᠤ᠂ ᠵᠠᠷᠤᠬᠤ ᠶᠢᠨ ᠳᠦᠷᠦᠭᠦᠨ ᠳᠤ ᠭᠠᠷ ᠪᠢᠯᠠᠭᠤ ᠰᠢᠭ᠋ ᠵᠠᠷᠤᠵᠤ᠂ ᠶᠠᠪᠤᠬᠤ ᠶᠢᠨ ᠳᠦᠷᠦᠭᠦᠨ ᠳᠤ ᠤᠷᠭᠠᠨ ᠮᠤᠷᠢ ᠰᠢᠭ᠋ ᠶᠠᠪᠤᠭᠤᠯᠳᠠᠭ ᠳᠤᠯᠠ ᠶᠠᠳᠠᠷᠠᠯ ᠵᠦᠳᠡᠷᠡᠯ ᠢ ᠳᠡᠰᠪᠦᠷᠢᠯᠡᠨ ᠨᠠᠵᠠᠭᠠᠶᠢᠷᠠᠯ ᠵᠠᠯᠬᠠᠭᠤᠷᠠᠯ ᠢ ᠳᠡᠪᠴᠢᠭᠦ ᠶᠤᠰᠤᠳᠠᠢ᠂ ᠡᠯᠳᠡᠪ ᠬᠤᠶᠠᠷ ᠢᠶᠠᠷ ᠰᠢᠯᠳᠠᠵᠤ ᠪᠤᠯᠳᠠᠭ ᠦᠭᠡᠢ᠃ ᠭᠠᠯ ᠠᠶᠠᠨ ᠤ ᠭᠠᠶᠢᠬᠠᠯᠳᠢ ᠪᠠ ᠭᠠᠶᠢᠳᠠᠢ ᠨᠢ ᠭᠠᠭᠴᠠ ᠭᠦᠮᠦᠨ ᠤ ᠵᠢᠳᠭᠦᠯ ᠪᠢᠰᠢ᠂ ᠳᠤᠤᠭᠠᠷᠪᠠᠯ ᠳᠠᠭᠤᠨ ᠨᠢᠭᠡᠳᠠᠢ᠂ ᠳᠤᠭᠳᠤᠷᠪᠠᠯ ᠭᠦᠴᠦ ᠨᠢᠭᠡᠳᠠᠢ ᠪᠠᠶᠢᠬᠤ ᠪᠠᠷ ᠪᠦᠳᠦᠳᠡᠭ ᠤᠴᠢᠷ ᠠᠴᠠ ᠤᠯᠠᠨ ᠪᠦᠭᠦᠨ ᠬᠤᠪᠢᠳᠠᠭᠰᠠᠨ ᠠᠵᠢᠯ ᠡᠭᠡᠯᠵᠢᠨ ᠤ ᠠᠵᠤ ︵ᠬᠤᠭᠤᠯᠠ ᠳᠤᠭᠤᠭᠠᠨ ᠤ ᠡᠭᠡᠯᠵᠢ᠂ ᠠᠷᠠᠴᠢᠯᠠᠵᠤ ᠮᠠᠯᠯᠠᠬᠤ ᠡᠭᠡᠯᠵᠢ᠂ ᠳᠦᠷᠦᠭᠦᠯᠡᠭᠦ ᠡᠭᠡᠯᠵᠢ ᠁︶ ᠪᠦᠭᠦᠨ ᠢ ᠳᠤᠭᠳᠠᠭᠠᠯ ᠶᠤᠰᠤᠭᠠᠷ ᠰᠡᠳᠬᠢᠯᠴᠢᠯᠡᠨ ᠭᠦᠢᠴᠡᠳᠭᠡᠭᠦ ᠬᠡᠷᠡᠭᠳᠠᠢ᠃ ︽ᠡᠯᠳᠡᠪ ᠴᠠᠯᠠᠭᠠᠢ ᠠᠭᠠᠰᠢᠯᠠᠨ ᠠᠳᠡᠯ ᠤᠰᠤᠯ ᠭᠠᠷᠭᠠᠪᠠᠯ᠂ ᠠᠶᠠᠨ ᠵᠢᠩ ᠤᠨ ᠤᠯᠠᠮᠵᠢᠯᠠᠯ ᠢᠶᠠᠷ ᠰᠢᠳᠭᠡᠭᠦ ᠳᠤ ᠭᠠᠯ ᠤᠨ ᠠᠬ᠎ᠠ ᠳᠠᠭᠠᠨ ᠪᠤᠤ ᠭᠤᠮᠤᠳᠠ︕︾ ᠭᠡᠵᠤ ᠭᠠᠯ ᠤᠨ ᠠᠬ᠎ᠠ ᠶᠤᠰᠤ ᠳᠦᠷᠢᠮ ᠢ ᠨᠡᠶᠢᠳᠡᠯᠡᠭᠡᠳ ᠬᠠᠰᠢᠷ ᠳᠤᠮᠤᠭ᠎ᠠ ᠎ ᠲᠠᠢ ᠦᠭᠦᠯᠡᠳᠡᠭ᠃ ᠭᠠᠯ ᠤᠨ ᠠᠬ᠎ᠠ ᠶᠢᠨ ᠵᠠᠬᠢᠶ᠎ᠠ ᠶᠢ ᠠᠶᠠᠨᠴᠢᠳ ︽ᠵᠠ︕︾ ᠭᠡᠵᠤ ᠶᠤᠰᠤᠴᠢᠯᠠᠨ ᠭᠦᠢᠴᠡᠳᠭᠡᠭᠦ ᠎ ᠪᠠᠷ ᠴᠢᠷᠮᠠᠶᠢᠬᠤ ᠪᠠᠨ ᠠᠨᠳᠠᠭᠠᠶᠢᠯᠠᠳᠠᠭ᠃ ᠠᠶᠠᠨᠴᠢᠨ ᠵᠢᠩᠴᠢᠳ ᠭᠠᠯ ᠤᠨ ᠠᠬ᠎ᠠ ᠳᠠᠭᠠᠨ ᠠᠷᠢᠬᠢ ᠰᠠᠷᠬᠤᠳ ᠢᠳᠡᠰᠢᠨ ᠤ ᠳᠡᠭᠡᠵᠢ ᠪᠠᠨ ᠪᠠᠷᠢᠵᠤ᠂ ᠭᠠᠯ ᠠᠶᠠᠨ ᠭᠠᠶᠢᠬᠠᠮᠰᠢᠭᠳᠠᠢ ᠶᠠᠪᠤᠬᠤ ᠶᠢ ᠭᠦᠰᠡᠭᠦ ᠰᠡᠳᠬᠢᠯᠭᠡ ᠪᠠᠨ ᠢᠯᠡᠳᠭᠡᠨ ᠬᠤᠪᠢᠳᠠᠭᠰᠠᠨ ᠠᠵᠢᠯ ᠢᠶᠠᠨ ᠬᠤᠵᠢᠭᠳᠠᠯ ᠦᠭᠡᠢ ᠭᠦᠢᠴᠡᠳᠭᠡᠭᠦ ᠪᠠᠨ ᠠᠮᠠᠯᠠᠵᠤ ᠵᠠᠪᠳᠤᠳᠠᠯ᠎ᠠ ᠠᠶᠢᠯ ᠠᠶᠢᠮᠠᠭ ᠤᠨ ᠦᠳᠡᠭᠴᠢᠳ ᠢ ᠮᠤᠷᠢᠯᠠᠨ ᠢᠷᠡᠭᠦ ᠳᠦᠪᠡᠷᠭᠡᠨ ᠰᠤᠨᠤᠰᠳᠠᠨ᠎ᠠ᠃ ᠭᠠᠯ ᠤᠨ ᠠᠬ᠎ᠠ ᠠᠶᠠᠨᠴᠢᠳ ᠵᠢᠩᠴᠢᠳ ᠤᠨ ᠢᠶᠠᠨ ᠠᠷᠢᠬᠢ ᠰᠠᠷᠬᠤᠳ ᠢ ᠢᠳᠠᠮᠯᠠᠭᠠᠳ ᠬᠠᠷᠢᠭᠤ ᠶᠤᠰᠤ ᠶᠢ ᠤᠰᠤᠯᠳᠠᠯ ᠦᠭᠡᠢ ᠭᠦᠢᠴᠡᠳᠭᠡᠨ᠎ᠡ᠃ ᠤᠯᠠᠨ ᠠᠶᠠᠨᠴᠢ ᠵᠢᠩᠴᠢᠳ ᠤᠮᠤᠭᠯᠠᠨ ᠭᠦᠭᠡᠷᠦᠯᠳᠦᠨ᠎ᠡ᠃ ᠠᠶᠢᠯ ᠰᠠᠭᠠᠬᠠᠯᠳᠠ ᠶᠢᠨ ᠭᠦᠮᠦᠰ ᠦᠳᠡᠯᠭᠡ ᠮᠤᠷᠳᠠᠭᠤᠯᠭ᠎ᠠ ᠶᠢᠨ ᠪᠡᠯᠡᠭ ᠰᠡᠯᠳᠡ ᠲᠠᠢ ᠢᠷᠡᠯᠴᠡᠵᠤ᠂ ᠳᠡᠷᠭᠡᠨ ᠳᠤ ᠮᠤᠷᠢ ᠳᠦᠭᠦᠷᠳᠡᠯ᠎ᠡ ᠤᠶᠠᠵᠤ ᠮᠠᠶᠢᠬᠠᠨ ᠢ ᠮᠠᠶᠢᠵᠢᠳᠠᠯ᠎ᠠ ᠤᠷᠭ᠎ᠠ ᠳᠦᠰᠢᠭᠦᠯᠦᠨ ᠳᠤᠯᠭᠠᠭᠤᠷᠢ ᠶᠢ ᠡᠷᠭᠦᠮᠡᠷ ᠪᠠᠭᠤᠯᠴᠠᠨ᠎ᠠ᠃ ᠭᠠᠯ ᠤᠨ ᠠᠬ᠎ᠠ ᠤᠷᠤᠨ ᠢᠶᠠᠨ ᠡᠵᠡᠯᠡᠨ ᠰᠠᠭᠠᠳᠠᠵᠤ ᠭᠠᠷ ᠡᠷᠭᠦᠨ ᠳᠤᠯᠤᠭᠠᠢ ᠭᠡᠭᠦᠯᠵᠡᠨ ᠦᠳᠡᠭᠴᠢᠳ ᠢ ᠤᠭᠳᠤᠭᠠᠳ ᠴᠠᠢ ᠴᠠᠭᠠᠨ ᠢᠳᠡᠭᠡ ᠪᠠᠷᠢᠬᠤ ᠶᠢ ᠵᠠᠬᠢᠨ᠎ᠠ᠃ ᠭᠠᠯ ᠠᠶᠠᠨ ᠤ ᠬᠢᠨ ᠪᠦᠭᠦᠳᠡᠭᠡᠷ ᠢᠶᠠᠨ ᠪᠠᠶᠠᠷ ᠤᠨ ᠮᠠᠩᠨᠠᠢ ᠳᠡᠨᠡᠶᠢᠯᠭᠡᠨ᠎ᠡ᠃ ᠮᠤᠷᠳᠠᠭᠤᠯᠤᠭᠴᠢᠳ ᠴᠠᠢ ᠴᠠᠭᠠᠨ ᠢᠳᠡᠭᠡ ᠠᠮᠰᠠᠮᠠᠭᠴᠠ ᠬᠠᠳᠠᠭ ᠡᠷᠭᠦᠨ ᠠᠷᠢᠬᠢ ᠪᠠᠷᠢᠵᠤ ᠰᠢᠭᠦᠰᠤ ᠳᠡᠪᠰᠢᠭᠦᠯᠦᠨ ᠠᠶᠠᠨ ᠵᠠᠮ ᠤᠨ ᠠᠮᠤᠭᠤᠯᠠᠩ ᠪᠠᠶᠢᠭ᠎ᠠ ᠪᠠᠨ ᠮᠡᠳᠡᠭᠳᠡᠨ ᠪᠡᠯᠡᠭ ᠪᠦᠭᠦᠨ ᠢ ᠳᠤᠭᠳᠠᠭᠠᠵᠤ᠂ ᠳᠡᠭᠡᠵᠢ ᠪᠦᠭᠦᠨ ᠠᠴᠠ ᠭᠠᠳᠠᠭᠰᠢ ᠳᠤᠳᠤᠭᠰᠢ ᠡᠷᠭᠦᠨ ᠰᠠᠴᠤᠭᠠᠳ ︽ᠠᠮᠠᠨ ᠢᠷᠦᠭᠡᠯ ᠴᠢᠨᠢ ᠤᠷᠤᠰᠢᠬᠤ ᠪᠤᠯᠳᠤᠭᠠᠢ ︕ ᠠᠶᠠᠨ ᠵᠢᠩ ᠮᠢᠨᠢ ᠦᠯᠵᠡᠶᠢᠳᠠᠢ ᠪᠤᠯᠳᠤᠭᠠᠢ︕︾ ᠭᠡᠵᠤ ᠠᠶᠠᠭ᠎ᠠ ᠪᠠᠨ ᠭᠦᠨᠳᠦᠷᠦᠭᠡᠳ ᠬᠠᠷᠢᠭᠤ ᠶᠤᠰᠤ ᠶᠢ ᠭᠦᠢᠴᠡᠳᠭᠡᠨ᠎ᠡ᠃ ᠭᠠᠯ ᠤᠨ ᠠᠬ᠎ᠠ ᠭᠡᠭᠡᠷ᠎ᠡ ᠶᠢᠨ ᠶᠤᠰᠤᠭᠠᠷ ᠬᠤᠪᠢ ᠳᠦᠭᠡᠭᠡᠳᠡᠭ᠃ ᠭᠠᠯ ᠤᠨ ᠠᠬ᠎ᠠ ᠰᠦᠪᠡᠭᠡ ᠬᠠᠪᠢᠷᠭ᠎ᠠ ᠳᠠᠯᠤ ᠠᠪᠴᠤ᠂ ᠳᠠᠰᠢᠯᠠᠭ ᠲᠤ ᠳᠦᠷᠪᠡᠨ ᠦᠨᠳᠦᠷ ᠳᠤᠭᠤᠢ ᠴᠢᠮᠦᠭᠡ᠂ ᠰᠢᠳᠭᠡᠭᠴᠢ ᠳᠤ ᠰᠡᠭᠦᠵᠢ ᠴᠡᠭᠡᠵᠢᠨ ᠬᠠᠪᠢᠷᠭ᠎ᠠ ︵ᠪᠤᠭᠤᠨᠢ ᠬᠠᠪᠢᠷᠭ᠎ᠠ ᠪᠢᠰᠢ︶᠂ ᠭᠠᠯ ᠤᠨ ᠳᠡᠭᠦᠦ ᠳᠤ ᠪᠤᠭᠳᠤᠭᠤᠰᠤ ᠴᠢᠮᠦᠭᠡ᠂ ᠠᠰᠠᠭᠤᠬᠤ ᠨᠢᠷᠤᠭᠤ᠂ ᠱᠠᠭᠠᠨᠳᠤ ᠦᠭᠳᠡᠭ᠃ ᠭᠡᠷᠪᠡ ᠭᠠᠯ ᠤᠨ ᠳᠡᠭᠦᠦ ᠨᠢ ᠭᠦᠮᠦᠨ ᠤ ᠭᠠᠭᠴᠠ ᠭᠦᠦ ᠪᠤᠯ ᠪᠤᠭᠳᠤᠭᠤᠰᠤ ᠴᠢᠮᠦᠭᠡ ᠦᠭᠳᠡᠭ ᠦᠭᠡᠢ᠃ ᠪᠤᠰᠤᠳ ᠲᠤᠨᠢ ᠳᠤᠰ ᠳᠤᠰ ᠬᠤᠪᠢ ᠳᠦᠭᠡᠭᠡᠭᠦ ᠶᠢᠨ ᠵᠡᠷᠭᠡ ᠦᠳᠡᠭᠴᠢᠳ ᠲᠤ ᠡᠪᠴᠢᠭᠦᠦ ᠰᠢᠭᠦᠰᠤ ᠳᠠᠪᠠᠭᠯᠠᠨ ᠳᠠᠪᠠ ᠪᠠᠷ ᠢᠶᠠᠨ ᠵᠤᠭᠤᠭᠯᠠᠬᠤ ᠶᠢ ᠭᠦᠰᠡᠳᠡᠭ᠃ ᠤᠯᠠᠨ ᠪᠦᠭᠦᠨ ᠪᠠᠶᠠᠷᠯᠠᠯᠳᠤᠨ ᠳᠠᠭᠤᠯᠠᠯᠴᠠᠨ ᠢᠷᠦᠭᠡᠯᠴᠡᠵᠤ ︽ᠠᠶᠠᠨ ᠤ ᠭᠡᠰᠢᠭ ᠠᠭᠤᠯᠠ ᠮᠡᠳᠤ ᠪᠤᠯᠳᠤᠭᠠᠢ︕︾ ︽ᠭᠠᠯᠪᠠ ᠶᠢᠷᠳᠢᠨᠴᠤ ᠳᠤ ᠠᠯᠳᠠᠷ ᠲᠠᠢ ᠭᠠᠯ ᠠᠶᠠᠨ ᠤ ᠪᠦᠭᠦᠨ ᠳᠤ ᠭᠤᠷᠪᠠᠨ ᠭᠡᠮ ᠪᠠᠷᠢᠵᠤ᠂ ᠭᠤᠳᠤᠯ ᠬᠠᠩᠵᠠᠷᠠᠯ ᠦᠭᠡᠢ ᠢᠷᠡᠭᠦ ᠶᠢ ᠴᠢᠨᠢ ᠪᠡᠯᠭᠡᠯᠡᠶ᠎ᠡ︾ ᠭᠡᠭᠦ ᠮᠡᠳᠤ ᠪᠠᠷ ᠠᠶᠢᠯ ᠬᠤᠳᠠ ᠶᠢᠨ ᠠᠬᠠᠮᠠᠳ ᠳᠡᠷᠢᠭᠦᠯᠡᠨ ᠠᠷᠢᠬᠢ ᠭᠡᠮᠨᠡᠳᠡᠭ᠃ ᠮᠦᠷ ᠭᠠᠷᠭᠠᠬᠤ ᠦᠳᠡᠯᠭᠡ ᠮᠤᠷᠳᠠᠭᠤᠯᠭ᠎ᠠ ᠰᠦᠨᠢᠵᠢᠨ ᠦᠷᠭᠦᠯᠵᠢᠯᠡᠭᠡᠳ᠂ ᠦᠷ ᠤᠨ ᠭᠡᠭᠡ ᠰᠤᠪᠤᠷᠠᠨ ᠦᠳᠦᠳᠡᠨ ᠰᠢᠪᠠᠭᠤ ᠱᠤᠯᠭᠠᠨᠠᠬᠤ ᠶᠢᠨ ᠠᠯᠳᠠ ᠳᠤ ᠠᠶᠠᠨ ᠵᠢᠩ ᠭᠦᠳᠡᠯᠦᠨ ᠠᠯᠳᠠᠨ ᠰᠢᠷ᠎ᠠ ᠵᠠᠮ ᠢᠶᠠᠨ ᠡᠪᠭᠡᠨ᠎ᠡ᠃ ᠦᠳᠡᠨ ᠮᠤᠷᠳᠠᠭᠤᠯᠤᠭᠴᠢᠳ ᠠᠶᠠᠨ ᠢᠶᠠᠨ ᠳᠠᠭᠠᠯᠳᠤᠨ ᠳᠡᠪᠬᠢᠯᠳᠤᠵᠤ ᠨᠡᠭᠦᠳᠡᠯ ᠵᠠᠪᠳᠤᠭᠤ ᠭᠦᠷᠭᠡᠭᠡᠳ ︽ᠪᠠᠶᠠᠷᠳᠠᠢ ᠤᠴᠠᠷᠠᠶ᠎ᠠ᠂ ᠪᠠᠶᠠᠨ ᠦᠳᠡ ᠳᠤ ᠵᠤᠯᠭᠠᠶ᠎ᠠ︕︾ ᠭᠡᠯᠴᠡᠨ ᠳᠦᠷᠭᠡᠨ ᠶᠠᠪᠤᠵᠤ ᠰᠠᠶᠢᠨ ᠢᠷᠡᠭᠦ ᠶᠢ ᠭᠦᠰᠡᠵᠤ ᠤᠷᠭ᠎ᠠ ᠳᠠᠰᠢᠭᠤᠷ ᠢᠶᠠᠷ ᠢᠶᠠᠨ ᠳᠠᠯᠠᠯᠵᠤ ᠪᠠᠷᠠᠯᠠᠨ ᠬᠤᠴᠤᠷᠳᠠᠭ᠃ ᠤᠩᠭᠤᠨ ᠪᠠᠭᠤᠴᠠ ᠶᠢᠨ ᠤᠴᠤᠭ ᠢ ᠤᠨᠴᠠ ᠬᠠᠮᠠᠭᠠᠯᠠᠨ ᠠᠶᠠᠨ ᠢᠷᠡᠳᠡᠯ᠎ᠡ ᠪᠡᠯᠪᠡᠰᠦᠨ ᠡᠭᠡᠨᠠᠷ᠂ ᠤᠭᠤᠳᠠᠩ ᠤᠨ ᠦᠭᠡᠷ᠂ ᠤᠷᠭ᠎ᠠ ᠴᠢᠷᠦᠭᠰᠡᠨ ᠮᠤᠷᠢ᠂ ᠪᠤᠷᠠᠨᠳᠠᠭ ᠢᠶᠠᠨ ᠬᠢᠰᠬᠢᠭᠰᠡᠨ ᠳᠡᠮᠡᠭᠡ᠂ ᠵᠤᠵᠢᠭ ᠬᠤᠨᠢ᠂ ᠵᠠᠮᠳᠡᠭ ᠮᠠᠯ ᠤᠶᠢᠷᠠᠳᠤᠭᠤᠯᠳᠠᠭ ᠦᠭᠡᠢ᠃ ᠭᠡᠪᠡᠴᠤ ᠤᠩᠭᠤᠨ ᠪᠠᠭᠤᠴᠠ ᠳᠡᠭᠡᠷ᠎ᠡ ᠪᠠᠶᠠᠨ ᠦᠳᠡ ᠬᠢᠳᠡᠭ ᠦᠭᠡᠢ ᠨᠢ ᠰᠤᠨᠢᠨ ᠶᠤᠮ᠃ ᠭᠤᠷᠪᠠ᠂ ᠠᠶᠠᠨ ᠵᠢᠩ ᠤᠨ ᠶᠤᠰᠤ ᠭᠤᠷᠢᠮ ᠠᠶᠠᠨ ᠵᠢᠩ ᠪᠤᠯ ᠨᠢᠭᠡ ᠭᠠᠯ ᠢᠶᠠᠷ ᠨᠢᠭᠡᠴᠡ ᠪᠤᠯᠭᠠᠵᠤ ᠨᠡᠶᠢᠳᠡ ᠶᠢᠨ ᠴᠢᠷᠮᠠᠶᠢᠯᠭ᠎ᠠ ᠪᠠᠷ ᠭᠦᠢᠴᠡᠳᠭᠡᠳᠡᠭ ᠠᠵᠢᠯ ᠪᠤᠯᠬᠤᠷ ᠳᠤᠰᠬᠠᠢ ᠶᠤᠰᠤ ᠭᠤᠷᠢᠮ ᠲᠠᠢ ᠪᠢᠯᠡ᠃ ᠠᠶᠠᠨ ᠵᠢᠩ ᠤᠨ ᠵᠠᠩᠰᠢᠭᠰᠠᠨ ᠶᠤᠰᠤ ᠭᠤᠷᠢᠮ ᠢ ᠭᠦᠳᠦᠯᠭᠡ᠂ ᠴᠤᠪᠤᠭ᠎ᠠ᠂ ᠪᠠᠭᠤᠴᠠ᠂ ᠠᠴᠢᠯᠭ᠎ᠠ ᠵᠡᠷᠭᠡ ᠶᠢᠨ ᠪᠦᠭᠦ ᠶᠠᠪᠤᠴᠠ ᠪᠠ ᠪᠠᠶᠠᠨ ᠦᠳᠡ ᠭᠡᠭᠦ ᠤᠳᠬᠤᠨ ᠪᠠᠭᠤᠴᠠ ᠪᠤᠯᠳᠠᠯ᠎ᠠ ᠳᠤᠤᠷᠬᠢ ᠮᠡᠳᠤ ᠳᠦᠭᠦᠮᠬᠡᠨ ᠳᠤᠷᠠᠳᠤᠰᠤᠭᠠᠢ᠃1. ᠭᠦᠳᠦᠯᠦᠭᠡ᠃ ᠠᠶᠠᠨᠴᠢ ᠵᠢᠩᠴᠢ ᠭᠠᠯ ᠮᠠᠶᠢᠬᠠᠨ ᠨᠢᠭᠡᠳᠠᠢ ᠶᠠᠪᠤᠳᠠᠭ ᠪᠤᠯᠪᠠᠴᠤ ᠭᠦᠳᠦᠯᠦᠭᠡ ᠨᠢ ᠬᠤᠪᠢ ᠬᠤᠪᠢᠨ ᠳᠠᠭᠠᠨ ᠪᠠᠶᠢᠳᠠᠭ᠃ ᠭᠦᠳᠦᠯᠦᠭᠡ ᠶᠢ ᠠᠶᠠᠨᠴᠢ ᠵᠢᠩᠴᠢ ᠶᠢᠨ ᠴᠢᠳᠠᠪᠤᠷᠢ᠂ ᠴᠠᠭ ᠤᠯᠠᠷᠢᠯ᠂ ᠠᠶᠠᠨ ᠵᠢᠩ ᠎ ᠤᠨ ᠬᠤᠯᠠ ᠤᠶᠢᠷ᠎ᠠ᠂ ᠠᠴᠢᠵᠤ ᠳᠡᠭᠡᠭᠡᠭᠦ ᠵᠦᠢᠯ᠂ ᠭᠦᠯᠦᠰᠢ ᠤᠨᠤᠰᠢ ᠶᠢᠨ ᠳᠠᠷᠭᠤ ᠭᠦᠴᠦ ᠶᠢᠨ ᠤᠨᠴᠠᠯᠢᠭ ᠢ ᠦᠨᠳᠦᠰᠦᠯᠡᠨ ᠠᠳᠠᠯᠢ ᠪᠤᠰᠤ ᠳᠤᠭᠠᠨ ᠤ ᠭᠦᠳᠦᠯᠦᠭᠡ ᠳᠤᠬᠢᠷᠠᠭᠤᠯᠳᠠᠭ᠃ ᠭᠦᠳᠦᠯᠦᠭᠡ ᠳᠤ ᠠᠯᠪᠠᠨ ᠤ ᠠᠶᠠᠨ ᠎ ᠠᠴᠠ ᠪᠤᠰᠤᠳ ᠨᠢ ᠴᠦᠮ ᠬᠤᠪᠢᠨ ᠤ ᠬᠢ ᠪᠠ ᠪᠤᠰᠤᠳ ᠤᠨ ᠨᠠᠶᠢᠳᠠᠭᠰᠠᠨ ᠳᠡᠷᠭᠡ ᠳᠡᠮᠡᠭᠡ ᠪᠢᠯᠡ᠃ ᠭᠦᠳᠦᠯᠦᠭᠡ ᠤᠯᠠᠨ ᠪᠤᠯ ᠭᠡᠳᠤ ᠳᠠᠰᠤᠯᠤᠨ ᠴᠤᠪᠤᠭᠤᠯᠵᠤ ᠬᠠᠮᠤᠭ ᠰᠡᠭᠦᠯᠴᠢ ᠶᠢᠨ ᠳᠡᠷᠭᠡ ᠳᠡᠮᠡᠭᠡᠨ ᠳᠡᠭᠡᠨ ᠬᠤᠩᠬᠤ ᠵᠡᠭᠦᠯᠭᠡᠵᠤ ᠳᠠᠭᠠᠵᠤ ᠬᠤᠴᠤᠷᠴᠤ ᠪᠠᠶᠢᠭ᠎ᠠ ᠡᠰᠡᠭᠦ ᠶᠢ ᠮᠡᠳᠡᠵᠤ ᠶᠠᠪᠤᠳᠠᠭ᠃2. ᠴᠤᠪᠤᠭ᠎ᠠ᠃ ᠠᠶᠠᠨ ᠵᠢᠩ ᠪᠦᠭᠦᠨ ᠴᠤᠪᠤᠵᠤ ᠶᠠᠪᠤᠳᠠᠭ᠃ ᠦᠷᠦᠭᠡᠯ ᠭᠠᠯ ᠠᠶᠠᠨ ᠴᠦ ᠵᠡᠷᠭᠡᠴᠡᠨ ᠪᠠᠭᠤᠳᠠᠭ ᠎ ᠠᠴᠠ ᠪᠢᠰᠢ ᠵᠡᠷᠭᠡᠴᠡᠨ ᠶᠠᠪᠤᠳᠠᠭ ᠦᠭᠡᠢ᠃ ᠡᠳᠦᠷ ᠪᠦᠷᠢ ᠡᠭᠡᠯᠵᠢ ᠪᠠᠷ ᠳᠦᠷᠦᠭᠦᠯᠡᠳᠡᠭ᠃ ᠳᠠᠰᠢᠯᠠᠭ᠂ ᠳᠡᠷᠭᠡ ᠬᠤᠮ ᠡᠪᠳᠡᠷᠡᠪᠡᠯ ᠵᠠᠰᠠᠳᠠᠭ ᠪᠤᠯᠬᠤᠷ ᠳᠦᠷᠦᠭᠦᠯᠡᠭᠦ ᠡᠭᠡᠯᠵᠢ᠂ ᠭᠠᠯ ᠳᠤᠭᠤᠭᠠᠨ ᠤ ᠡᠭᠡᠯᠵᠢ᠂ ᠤᠨᠤᠰᠢ ᠭᠦᠯᠦᠰᠢ ᠬᠠᠷᠢᠭᠤᠯᠬᠤ ᠡᠭᠡᠯᠵᠢᠨ ᠳᠤ ᠶᠠᠪᠤᠳᠠᠭ ᠦᠭᠡᠢ᠃ ᠴᠤᠪᠤᠭ᠎ᠠ ᠶᠢᠨ ᠢᠶᠠᠨ ᠬᠠᠮᠤᠭ ᠠᠷᠤ ᠳᠤᠨᠢ ᠰᠡᠭᠦᠯ ᠳᠠᠷᠤᠵᠤ ᠶᠠᠪᠤᠳᠠᠭ᠃ ᠭᠠᠯ ᠤᠨ ᠠᠬ᠎ᠠ ᠪᠤᠯᠤᠭᠰᠠᠳ ᠵᠠᠮ ᠵᠦᠷᠢᠭ ᠤᠨ ᠠᠰ ᠪᠠ ᠳᠤᠭᠤᠷᠢᠭᠤ᠂ ᠤᠰᠤ ᠰᠢᠪᠠᠷ᠂ ᠮᠠᠩᠬ᠎ᠠ ᠳᠠᠪᠠᠭ᠎ᠠ᠂ ᠪᠡᠷᠭᠡ ᠪᠠᠷᠳᠠᠭ᠎ᠠ᠂ ᠠᠴᠢᠶ᠎ᠠ ᠳᠡᠭᠡᠭᠡᠰᠢ ᠶᠢᠨ ᠪᠠᠶᠢᠳᠠᠯ᠂ ᠤᠨᠤᠰᠢ ᠭᠦᠯᠦᠰᠢ ᠶᠢᠨ ᠵᠢᠳᠭᠦᠯᠭᠡ ᠵᠡᠷᠭᠡ ᠶᠢ ᠳᠤᠳᠤᠷᠬᠠᠢ ᠤᠶᠢᠯᠠᠭᠠᠵᠤ ᠴᠤᠪᠤᠭ᠎ᠠ ᠶᠢᠨ ᠰᠠᠭᠠᠳ ᠦᠭᠡᠢ ᠶᠠᠪᠤᠬᠤ ᠶᠢ ᠪᠠᠳᠤᠯᠠᠳᠠᠭ᠃ ᠳᠠᠪᠠᠭ᠎ᠠ ᠳᠠᠪᠠᠭ᠋ᠤ ᠪᠠ ᠳᠠᠪᠠᠭ᠎ᠠ ᠪᠠᠭᠤᠬᠤ ᠳᠤ ᠡᠷᠭᠡ ᠠᠴᠢᠶ᠎ᠠ ᠵᠦᠷᠢᠭᠦ᠂ ᠬᠤᠳᠠᠷᠭ᠎ᠠ ᠴᠦᠷᠭᠡᠯᠡᠭᠡ ᠳᠠᠰᠤᠷᠠᠵᠤ ᠠᠳᠡᠯ ᠭᠠᠷᠬᠤ ᠶᠢ ᠬᠢᠴᠢᠶᠡᠨ ᠤᠯᠠᠨ ᠢᠶᠠᠷ ᠢᠶᠠᠨ ᠬᠠᠮᠵᠢᠯᠴᠠᠨ ᠨᠢᠭᠡ ᠨᠢᠭᠡ ᠭᠦᠳᠦᠯᠦᠭᠡ ᠪᠠᠷ ᠪᠤᠶᠤ ᠭᠡᠳᠤ ᠲᠠᠰᠤᠯᠵᠤ ᠵᠦᠭᠡᠭᠡᠵᠤ ᠭᠠᠷᠭᠠᠳᠠᠭ᠃ ᠴᠤᠪᠤᠭ᠎ᠠ ᠳᠡᠭᠡᠷ᠎ᠡ ᠳᠡᠷᠭᠡ ᠤᠨᠤᠭ᠎ᠠ ᠳᠤᠷᠬᠤ᠂ ᠰᠢᠪᠠᠷᠳᠠᠬᠤ᠂ ᠡᠪᠳᠡᠷᠡᠭᠦ ᠶᠠᠪᠤᠳᠠᠯ ᠭᠠᠷᠪᠠᠯ ᠪᠦᠭᠦᠳᠡᠭᠡᠷ ᠢᠶᠠᠨ ᠬᠠᠮᠵᠢᠯᠴᠠᠨ ᠴᠢᠳᠠᠯ ᠴᠢᠳᠠᠯ ᠢᠶᠠᠨ ᠭᠠᠷᠭᠠᠳᠠᠭ᠃ ᠭᠡᠨ ᠨᠢ ᠴᠦ ᠬᠠᠨᠴᠤᠢ ᠬᠤᠮᠢᠵᠤ ᠵᠤᠭᠰᠤᠳᠠᠭ ᠦᠭᠡᠢ᠃ ᠴᠤᠪᠤᠭ᠎ᠠ ᠶᠠᠷᠦ ᠠᠴᠠ ᠵᠠᠮ ᠤᠨ ᠴᠠᠭᠠᠨ᠂ ᠭᠠᠵᠠᠷ ᠤᠨ ᠪᠠᠬᠢᠭᠤ ᠶᠢ ᠡᠷᠬᠢᠮᠯᠡᠳᠡᠭ᠃ ᠡᠶᠢᠮᠦ ᠪᠠᠷ ᠢᠶᠠᠨ ︽ᠭᠠᠵᠠᠷ ᠮᠡᠳᠡᠭᠦ ᠭᠦᠮᠦᠨ ᠢ ᠭᠠᠯ ᠤᠨ ᠠᠬ᠎ᠠ ᠪᠤᠯᠭ᠎ᠠ᠂ ᠠᠴᠢᠶ᠎ᠠ ᠮᠡᠳᠡᠭᠦ ᠭᠦᠮᠦᠨ ᠢ ᠠᠶᠠᠨ ᠳᠤ ᠶᠠᠪᠤᠭᠤᠯ︾ ᠭᠡᠳᠡᠭ᠃ ᠴᠠᠭᠠᠨ ᠵᠠᠮ ᠳᠠᠭᠠᠷᠠᠵᠤ ᠭᠦᠯᠦᠰᠢ ᠤᠨᠤᠰᠢ ᠳᠠᠷᠭᠤ ᠲᠠᠢ ᠦᠶ᠎ᠡ ᠳᠤ ᠬᠠᠯᠠᠭᠤᠨ ᠰᠡᠷᠢᠭᠦᠨ ᠢ ᠳᠡᠩᠴᠡᠭᠦᠯᠦᠨ ᠢᠯᠡᠭᠦᠦ ᠰᠢᠭ ᠠᠶᠠᠯᠠᠳᠠᠭ᠃ ᠪᠠᠷᠳᠠᠭ᠎ᠠ ᠵᠠᠮ᠂ ᠤᠨᠤᠰᠢ ᠭᠦᠯᠦᠰᠢ ᠪᠠᠷᠤᠭᠳᠠᠢ ᠦᠶ᠎ᠡ ᠳᠤ ᠤᠶᠢᠷᠬᠠᠨ ᠰᠢᠭ᠋ ᠶᠠᠪᠤᠵᠤ ᠠᠷᠪᠢᠨ ᠪᠠᠭᠤᠳᠠᠯᠯᠠᠳᠠᠭ᠃ ᠠᠶᠠᠨ ᠵᠢᠩ ᠤᠨ ᠴᠤᠪᠤᠭ᠎ᠠ ᠪᠠᠷᠤᠭ ᠤᠨ ᠰᠢᠭᠤᠷᠭᠠᠨ ᠴᠠᠰᠤ ᠠᠴᠠ ᠬᠠᠯᠢᠷᠠᠳᠠᠭ ᠦᠭᠡᠢ᠂ ᠬᠠᠷᠢᠨ ᠪᠤᠷᠤᠭᠠᠨ ᠳᠤ ᠦᠭᠡᠷ ᠰᠡᠮᠰᠡᠷᠡᠭᠦ᠂ ᠦᠭᠡᠷ ᠤᠨ ᠭᠦᠵᠦᠭᠦᠦ ᠬᠠᠪᠤᠳᠬᠤ ᠠᠴᠠ ᠬᠢᠴᠢᠶᠡᠭᠡᠳ ᠶᠠᠪᠤᠳᠠᠭ ᠦᠭᠡᠢ᠃ ᠴᠤᠪᠤᠭ᠎ᠠ ᠳᠡᠭᠡᠷ᠎ᠡ ᠦᠭᠡᠷ ᠤᠨᠤᠭ᠎ᠠ ᠳᠤᠭᠤᠯᠠᠩᠳᠠᠬᠤ ᠪᠤᠶᠤ ᠭᠡᠮᠨᠡᠪᠡᠯ ᠭᠦᠯᠦᠰᠢ ᠳᠡᠭᠡᠭᠡᠰᠢ ᠪᠠᠨ ᠬᠠᠷᠢᠯᠴᠠᠨ ᠳᠡᠭᠰᠢᠯᠡᠭᠦ ᠪᠤᠶᠤ ᠬᠤᠰ ᠤᠨ ᠭᠤᠨ᠎ᠠ ᠪᠠᠨ ᠠᠷᠠᠯᠳᠠᠵᠤ ᠪᠠᠶᠢᠭᠠᠳ ᠴᠦ ᠰᠠᠭᠠᠳᠠᠯ ᠦᠭᠡᠢ ᠶᠠᠪᠤᠵᠤ ᠪᠠᠭᠤᠴᠠ ᠳᠡᠭᠡᠷ᠎ᠡ ᠭᠦᠷᠳᠡᠭ᠃ ᠬᠠᠳᠠᠭᠤ ᠪᠡᠷᠭᠡ ᠵᠠᠮ ᠢ ᠳᠠᠭᠤᠯᠬᠤ᠂ ᠰᠦᠨᠢ ᠤᠷᠤᠢ ᠪᠤᠶᠤ ᠰᠢᠭᠤᠷᠭᠠᠨ ᠳᠤ ᠠᠶᠠᠷᠯᠠᠬᠤ ᠳᠤ ᠤᠳᠬᠤᠨ ᠳᠡᠭᠦᠦ ᠪᠠᠨ ᠠᠶᠤᠵᠤ ᠰᠤᠴᠢᠭᠤᠵᠢ ᠭᠡᠮᠡᠨ ᠳᠤᠮᠳᠠ ᠪᠠᠨ ᠤᠷᠤᠭᠤᠯᠳᠠᠭ᠃ ᠢᠯᠠᠩᠭᠤᠶ᠎ᠠ ᠠᠩᠬ᠎ᠠ ᠠᠶᠠᠨ ᠵᠢᠩ ᠳᠤ ᠶᠠᠪᠤᠵᠤ ᠪᠠᠶᠢᠭ᠎ᠠ ᠤᠳᠬᠤᠨ ᠳᠡᠭᠦᠦ ᠶᠢ ᠳᠡᠭᠡᠭᠡᠭᠰᠢ ᠲᠠᠢ ᠳᠠᠷᠭᠡ ᠭᠦᠯᠭᠦ᠂ ᠳᠤᠰᠤᠯᠠᠬᠤ᠂ ᠠᠴᠢᠶ᠎ᠠ ᠡᠷᠭᠦᠭᠦ ᠳᠤᠨᠢ ᠪᠠᠰᠠ ᠳᠡᠮᠵᠢᠳᠡᠭ᠃ ᠴᠤᠪᠤᠵᠤ ᠪᠠᠶᠢᠭ᠎ᠠ ᠦᠶ᠎ᠡ ᠳᠤ ᠭᠠᠯ ᠤᠨ ᠠᠬ᠎ᠠ ᠳᠡᠷᠭᠡ ᠭᠦᠯᠦᠰᠢ ᠶᠢᠨ ᠪᠦᠮᠪᠦᠷᠢᠯᠳᠡ᠂ ᠳᠡᠭᠡᠭᠰᠢ ᠠᠴᠢᠯᠠᠭ᠎ᠠ ᠶᠢᠨ ᠳᠡᠩᠴᠡᠭᠦᠨ᠂ ᠰᠠᠪᠠ ᠤᠭᠤᠳᠠᠨ ᠤ ᠭᠤᠭᠤᠵᠢᠯᠳᠠ᠂ ᠳᠡᠭᠡᠰᠤ ᠪᠤᠬᠢ᠂ ᠴᠦᠷᠭᠡ ᠬᠤᠳᠠᠷᠭ᠎ᠠ ᠶᠢᠨ ᠵᠦᠢᠯ ᠳᠤ ᠭᠦᠷᠳᠡᠯ᠎ᠡ ᠰᠢᠨᠵᠢᠵᠤ ᠠᠳᠡᠯ ᠤᠰᠤᠯ ᠭᠠᠷᠴᠤ ᠮᠡᠳᠡᠭᠦ ᠶᠢ ᠰᠠᠨᠠᠭᠤᠯᠵᠤ ᠶᠠᠪᠤᠳᠠᠭ᠃3. ᠪᠠᠭᠤᠴᠠ᠃ ᠠᠶᠠᠨᠴᠢᠨ ᠵᠢᠩᠴᠢᠨ ᠪᠦᠭᠦᠨ ᠢᠯᠠᠩᠭᠤᠶ᠎ᠠ ᠭᠠᠯ ᠤᠨ ᠠᠬ᠎ᠠ ᠪᠤᠯᠤᠭᠰᠠᠳ ᠶᠠᠪᠤᠴᠠ ᠪᠠᠭᠤᠴᠠ ᠳᠤᠬᠢᠷᠠᠭᠤᠯᠬᠤ ᠶᠢ ᠤᠨᠴᠠ ᠠᠩᠬᠠᠷᠳᠠᠭ᠃ ᠪᠠᠭᠤᠴᠠ ᠰᠤᠩᠭᠤᠬᠤ ᠳᠠᠭᠠᠨ ᠤᠳᠤᠷ ᠨᠡᠭᠦᠳᠡᠯ ᠤᠨ ᠪᠠᠭᠤᠴᠠ ᠰᠤᠩᠭᠤᠬᠤ ᠰᠢᠭ᠋ ᠤᠷᠴᠢᠨ ᠳᠤᠭᠤᠷᠢᠨ᠂ ᠤᠷᠤᠨ ᠪᠠᠶᠢᠷᠢ ᠶᠢ ᠠᠩᠬᠠᠷᠳᠠᠭ ᠴᠦ ᠬᠠᠷ᠎ᠠ ᠪᠠᠭᠤᠴᠠ ᠳᠡᠭᠡᠷ᠎ᠡ ᠪᠠᠭᠤᠳᠠᠭ ᠦᠭᠡᠢ᠃ ᠤᠤᠯ ᠳᠠᠭᠠᠨ ᠡᠭᠦᠪᠡᠷ ᠠᠶᠠᠯᠠᠵᠤ ᠪᠠᠭᠤᠵᠤ ᠰᠠᠭᠤᠵᠤ ᠪᠠᠶᠢᠭᠰᠠᠨ ᠪᠤᠯ ᠳᠡᠭᠦᠨ ᠳᠡᠭᠡᠷ᠎ᠡ ᠪᠠᠨ ᠪᠠᠰᠠ ᠪᠠᠭᠤᠳᠠᠭ᠃ ᠪᠡᠯᠴᠢᠭᠡᠷ ᠳᠠᠴᠢᠷ᠂ ᠤᠰᠤ ᠴᠤᠬᠠᠭ᠂ ᠴᠠᠰᠤ ᠦᠶᠡᠷ ᠲᠤ ᠬᠤᠮᠤᠷᠤᠭᠳᠠᠬᠤ ᠭᠠᠵᠠᠷ ᠪᠠᠭᠤᠳᠠᠭ ᠦᠭᠡᠢ᠃ ᠪᠠᠭᠤᠴᠠ ᠪᠠᠭᠤᠮᠠᠭᠴᠠ ᠳᠡᠷᠭᠡ ᠪᠠᠨ ᠴᠤᠪᠤᠭᠤᠯᠤᠨ ᠠᠷᠠᠯ ᠤᠨ ᠳᠠᠷᠤᠮ ᠢᠶᠠᠷ ᠵᠡᠷᠭᠡᠴᠡᠭᠦᠯᠦᠨ ᠦᠭᠡᠷ ᠢᠶᠠᠨ ᠪᠠᠭᠤᠯᠭᠠᠵᠤ᠂ ᠳᠡᠭᠡᠰᠤ ᠪᠤᠬᠢ ᠶᠢ ᠰᠢᠨᠵᠢᠨ ᠪᠤᠭᠤᠷᠬᠢᠯᠵᠢ ᠳᠤᠯᠵᠤ ᠴᠦᠷᠭᠡ ᠴᠢᠷᠦᠭᠦ ᠶᠢ ᠬᠢᠴᠢᠶᠡᠳᠡᠭ᠃ ᠳᠦᠷᠦᠭᠦᠯᠡᠭᠰᠡᠨ ᠡᠭᠡᠯᠵᠢ ᠮᠠᠶᠢᠬᠠᠨ ᠪᠠᠭᠤᠯᠭᠠᠳᠠᠯ᠎ᠠ᠂ ᠦᠭᠡᠷ ᠤᠨ ᠡᠭᠡᠯᠵᠢ ᠭᠦᠯᠦᠰᠢ ᠪᠠᠨ ᠵᠠᠯᠠᠵᠤ᠂ ᠭᠠᠯ ᠳᠤᠭᠤᠭ᠎ᠠ ᠎ ᠶᠢᠨ ᠡᠭᠡᠯᠵᠢ ᠳᠤᠭᠤᠭ᠎ᠠ ᠳᠤᠯᠭ᠎ᠠ ᠶᠢ ᠤᠬᠢᠶᠠᠨ ᠳᠦᠯᠡᠰᠢ ᠠᠪᠴᠢᠷᠠᠨ᠎ᠠ᠃ ᠭᠠᠯ ᠤᠨ ᠠᠬ᠎ᠠ ᠭᠡᠳᠡ ᠴᠤᠬᠢᠵᠤ ᠭᠠᠯ ᠭᠦᠭᠵᠢᠭᠡᠨ᠎ᠡ᠃ ᠳᠠᠰᠢᠯᠠᠭ ᠭᠠᠯ ᠠᠶᠠᠨ ᠤ ᠳᠡᠷᠭᠡ ᠶᠢ ᠵᠦᠪ ᠢᠶᠠᠷ ᠡᠷᠬᠢᠨ ᠪᠦᠭᠦᠨ ᠢ ᠰᠢᠨᠵᠢᠭᠡᠳ ᠡᠪᠳᠡᠷᠭᠡᠢ ᠬᠠᠮᠬᠠᠷᠬᠠᠢ ᠪᠠᠶᠢᠪᠠᠯ ᠤᠭᠤᠯᠢ ᠭᠡᠵᠢᠭᠡ ᠪᠠᠨ ᠠᠪᠴᠤ ᠳᠦᠷᠭᠡᠨ ᠰᠡᠯᠪᠢᠳᠡᠭ᠃ ᠰᠢᠳᠭᠡᠭᠴᠢ ᠭᠦᠯᠦᠰᠢ ᠤᠨᠤᠰᠢ ᠶᠢ ᠰᠢᠨᠵᠢᠨ ᠭᠦᠮᠦᠨ ᠮᠠᠯ ᠤᠨ ᠤᠨᠴᠠᠯᠢᠭ ᠢ ᠠᠵᠢᠶᠠᠷᠠᠨ᠂ ᠠᠪᠴᠤ ᠶᠠᠪᠤᠵᠤ ᠪᠠᠶᠢᠭ᠎ᠠ ᠳᠠᠩ ᠳᠠᠯᠬ᠎ᠠ ᠡᠮ ᠪᠤᠶᠤ ᠨᠤᠳᠤᠭ ᠤᠨ ᠠᠷᠭ᠎ᠠ ᠶᠢᠨ ᠬᠠᠨᠠᠬᠤ ᠬᠠᠳᠬᠤᠬᠤ ᠠᠷᠭ᠎ᠠ ᠪᠠᠷ ᠡᠮᠨᠡᠨ ᠳᠤᠮᠨᠠᠳᠠᠭ᠃ ᠴᠠᠢ ᠬᠤᠭᠤᠯᠠ ᠪᠠᠨ ᠢᠳᠡᠵᠤ ᠤᠤᠭᠤᠬᠤ ᠶᠢᠨ ᠴᠢᠯᠦᠭᠡᠨ ᠳᠤ ᠳᠡᠭᠡᠰᠤ ᠳᠠᠳᠠᠯᠭ᠎ᠠ᠂ ᠰᠠᠪᠠ ᠠᠴᠢᠯᠭ᠎ᠠ ᠪᠠᠨ ᠰᠡᠯᠪᠢᠵᠤ ᠪᠤᠬᠢ ᠵᠦᠯᠡᠭᠡ ᠳᠤ ᠭᠦᠷᠳᠡᠯ᠎ᠡ ᠵᠠᠰᠠᠭᠠᠳ ᠭᠦᠳᠡᠯᠭᠦ ᠳᠤ ᠰᠠᠭᠠᠳ ᠦᠭᠡᠢ ᠪᠤᠯᠭᠠᠳᠠᠭ᠃ ᠭᠠᠯ ᠤᠨ ᠠᠬ᠎ᠠ ᠪᠦᠭᠦᠨ ᠢ ᠠᠵᠢᠭᠠᠳ ᠤᠰᠤᠯ ᠦᠭᠡᠢ ᠪᠤᠯ ᠬᠠᠮ ᠳᠠᠭᠠᠨ ᠤᠷᠤᠵᠤ ᠵᠦᠳᠡᠷᠡᠭᠡ ᠭᠠᠷᠭᠠᠬᠤ ᠪᠤᠶᠤ ᠵᠠᠮ ᠮᠦᠷ ᠲᠤ ᠬᠠᠷᠰᠢ ᠦᠭᠡᠢ ᠬᠠᠭᠤᠴᠢ ᠳᠡᠯᠭᠡᠭᠦ᠂ ᠵᠢᠷᠬᠢᠭᠡ ︵ᠰᠢᠳᠠᠷ᠎ᠠ︶ ᠳᠠᠯᠪᠢᠬᠤ᠂ ᠪᠠᠷᠢᠯᠳᠤᠵᠤ ᠨᠠᠭᠠᠳᠴᠤ ᠪᠤᠯᠬᠤ ᠠᠴᠠ ᠪᠢᠰᠢ ᠠᠷᠢᠬᠢᠳᠠᠵᠤ ᠠᠯᠢᠶ᠎ᠠ ᠵᠠᠶᠢᠳᠠᠩ ᠠᠭᠠᠰᠢᠯᠠᠵᠤ ᠪᠤᠯᠳᠠᠭ ᠦᠭᠡᠢ᠃ ᠦᠭᠡᠷ ᠳᠡᠮᠡᠭᠡ ᠪᠠᠨ ᠬᠤᠷᠢᠶᠠᠵᠤ ᠢᠷᠡᠮᠡᠭᠴᠡ ᠳᠡᠷᠭᠡ ᠭᠦᠯᠯᠡᠨ ᠳᠡᠮᠡᠭᠡ ᠬᠤᠮᠨᠠᠵᠤ ᠠᠶᠠᠨ ᠵᠢᠩ ᠠᠯᠭᠤᠷ ᠭᠦᠳᠡᠯᠳᠡᠭ᠃ ᠭᠠᠯ ᠤᠨ ᠠᠬ᠎ᠠ ᠠᠶᠠᠨ ᠵᠢᠩ ᠤᠨ ᠮᠤᠷᠢ ᠨᠤᠬᠠᠢ ᠲᠠᠢ ᠪᠠᠨ ᠬᠤᠴᠤᠷᠴᠤ ᠤᠴᠤᠭ ᠤᠨ ᠬᠤᠶᠠᠷ ᠢ ᠵᠠᠶᠢᠳᠠᠭᠤᠯᠤᠨ ᠭᠠᠯ ᠢ ᠤᠨᠳᠠᠷᠠᠭᠠᠨ ᠦᠨᠡᠰᠤ ᠬᠤᠭ ᠢ ᠳᠤᠰ ᠳᠤᠰ ᠤᠪᠤᠭᠠᠯᠠᠨ ︽ᠪᠠᠭᠤᠴᠠ ᠮᠦᠩᠬᠡᠵᠢᠵᠤ ᠪᠤᠭᠤᠯᠭ᠎ᠠ ᠭᠦᠩᠭᠡᠷᠡᠳᠦᠭᠡᠢ︕︾ ᠭᠡᠭᠦ ᠮᠡᠳᠤ ᠪᠠᠷ ᠦᠭᠦᠯᠡᠭᠡᠳ ᠴᠤᠪᠤᠭ᠎ᠠ ᠪᠠᠨ ᠨᠡᠭᠡᠳᠡᠭ᠃ ᠠᠯᠤᠰ ᠬᠤᠯᠠ ᠶᠢᠨ ᠠᠶᠠᠨ ᠵᠢᠩ ᠤᠨ ᠳᠠᠮᠵᠢᠬᠤ ᠭᠠᠵᠠᠷ ᠭᠠᠯ ᠤᠨ ᠠᠬ᠎ᠠ ᠪᠤᠶᠤ ᠰᠢᠳᠭᠡᠭᠴᠢ ᠵᠠᠬᠢᠷᠭ᠎ᠠ ᠳᠤᠨᠢ ᠭᠦᠷᠴᠤ ᠬᠠᠮᠢᠭᠠᠬᠢ ᠠᠶᠠᠨ ᠵᠢᠩ᠂ ᠬᠠᠮᠢᠭ᠎ᠠ ᠭᠦᠷᠴᠤ ᠶᠠᠭᠤ ᠠᠴᠢᠵᠤ ᠳᠡᠭᠡᠭᠡᠭᠦ ᠪᠠᠨ ᠮᠡᠳᠡᠭᠦᠯᠦᠨ ᠵᠠᠮ ᠮᠦᠷ ᠵᠢᠭᠠᠵᠤ ᠦᠭᠭᠦ ᠶᠢ ᠭᠦᠰᠡᠳᠡᠭ᠃ ᠪᠠᠭᠠᠷᠢᠨᠴᠤᠳ ᠤᠨ ᠬᠤᠯᠠ ᠠᠶᠠᠯᠠᠳᠠᠭ ᠨᠢ ᠦᠵᠦᠮᠦᠴᠢᠨ ᠎ ᠤ ᠡᠵᠢ ᠨᠠᠭᠤᠷ ᠠᠴᠠ ᠳᠠᠪᠤᠰᠤ ᠵᠠᠯᠠᠵᠤ ᠳᠤᠯᠤᠨᠠᠭᠤᠷ᠂ ᠴᠢᠭᠤᠯᠠᠯᠳᠤ ᠬᠠᠭᠠᠯᠭ᠎ᠠ᠂ ᠪᠢᠷᠠᠭᠤ᠂ ᠤᠯᠠᠭᠠᠨᠬᠠᠳᠠ ᠳᠤ ᠭᠦᠭᠡ ᠳᠠᠪᠤᠰᠤ ᠶᠢᠨ ᠬᠠᠮᠢᠶᠠᠷᠤᠯᠳᠠ ᠶᠢᠨ ᠭᠠᠵᠠᠷ ᠪᠤᠶᠤ ᠠᠷᠠᠯᠵᠢᠶᠠᠨ ᠤ ᠳᠤᠭᠳᠠᠭᠠᠭᠰᠠᠨ ᠭᠠᠵᠠᠷ ᠭᠦᠷᠭᠡᠵᠤ ᠭᠦᠴᠦ ᠭᠦᠯᠦᠰᠤ ᠪᠠᠷ ᠢᠶᠠᠨ ᠭᠡᠷᠡᠭᠴᠡᠭᠡ ᠪᠠᠨ ᠰᠤᠯᠢᠳᠠᠭ᠃ ᠪᠠᠷᠭᠤ ᠰᠤᠯᠤᠨ ᠠᠴᠠ ᠪᠠᠰᠠ ᠮᠤᠳᠤ ᠵᠦᠭᠡᠭᠡᠳᠡᠭ ᠪᠠ ᠪᠠᠭᠠᠷᠢᠨ ᠳᠠᠷᠢᠶ᠎ᠠ᠂ ᠱᠠᠭᠠᠵᠠᠭᠠᠢ ᠬᠤᠳᠠ᠂ ᠨᠠᠷᠠᠬᠠᠨ ᠠᠴᠠ ᠭᠦᠨᠡᠰᠤ ᠪᠤᠷᠳᠤᠭ᠎ᠠ ᠠᠪᠴᠢᠷᠠᠭᠠᠳ ᠭᠡᠷᠡᠭᠴᠡᠭᠡ ᠪᠠᠨ ᠬᠠᠩᠭᠠᠳᠠᠭ᠃ ᠡᠭᠦᠨ ᠠᠴᠠ ᠭᠠᠳᠠᠨ᠎ᠠ ᠤᠶᠢᠷ᠎ᠠ ᠤᠭᠳᠤᠷ ᠤᠨ ᠰᠠᠷ᠎ᠠ ᠬᠤᠷᠢ ᠬᠤᠨᠤᠭ ᠢᠶᠠᠷ ᠶᠠᠪᠤᠳᠠᠭ ᠠᠶᠠᠨ ᠵᠢᠩ ᠴᠦ ᠮᠤᠩᠭᠦᠢ᠃1944 ᠤᠨ ᠤ ᠭᠦᠭᠡ ᠪᠢᠴᠢᠨ ᠵᠢᠯ ᠪᠠ 1945 ᠤᠨ ᠤ ᠬᠤᠶᠠᠷ ᠵᠢᠯ ᠳᠠᠷᠠᠭᠠᠯᠠᠨ ᠭᠠᠩᠳᠠᠭᠤᠨ ᠬᠠᠮᠬᠤᠤᠯ ᠠᠴᠠ ᠦᠭᠡᠷ᠎ᠡ ᠤᠷᠭᠤᠮᠠᠯ ᠭᠠᠷᠤᠭᠰᠠᠨ ᠦᠭᠡᠢ ᠳᠤ᠂ ᠬᠤᠰᠢᠭᠤ ᠳᠠᠶᠠᠭᠠᠷ ᠢᠶᠠᠨ ᠭᠦᠳᠡᠯᠦᠯᠴᠡᠨ ᠪᠠᠭᠠᠷᠢᠨ ᠳᠠᠷᠢᠶᠠᠨ ᠠᠴᠠ ᠪᠦᠳᠦᠭᠦᠨ ᠰᠢᠷ᠎ᠠ ︵ᠡᠷᠳᠡᠨᠢ ᠰᠢᠰᠢ︶ ᠵᠦᠭᠡᠭᠡᠭᠰᠡᠨ ᠨᠢ ᠬᠤᠪᠤᠷ ᠳᠤᠬᠢᠶᠠᠯᠳᠤᠭᠰᠠᠨ ᠠᠶᠠᠨ ᠪᠤᠯᠬᠤ ᠠᠵᠢ᠃ ᠠᠶᠠᠨ ᠤ ᠪᠠᠭᠤᠴᠠ ᠳᠤᠬᠢᠷᠠᠭᠤᠯᠬᠤ ᠶᠠᠪᠤᠳᠠᠯ ᠭᠠᠯ ᠠᠶᠠᠨ ᠤ ᠡᠰᠡᠷᠡᠭ ᠪᠠ ᠤᠷᠤᠭᠤ ᠳᠤ ᠬᠤᠯᠪᠤᠭᠳᠠᠬᠤ ᠵᠠᠩᠬᠢᠯᠠᠭ᠎ᠠ ᠪᠤᠯᠬᠤ ᠤᠴᠢᠷ ᠠᠶᠠᠨᠴᠢᠳ᠂ ᠢᠯᠠᠩᠭᠤᠶ᠎ᠠ ᠭᠠᠯ ᠤᠨ ᠠᠬ᠎ᠠ ᠤᠨᠴᠠ ᠠᠩᠬᠠᠷᠳᠠᠭ᠃ ᠰᠠᠮᠠᠭᠤᠨ ᠴᠠᠭ ᠳᠡᠭᠡᠷᠡᠮ ᠬᠤᠯᠠᠭᠠᠢ ᠳᠤ ᠳᠤᠨᠤᠭᠳᠠᠬᠤ ᠪᠤᠶᠤ ᠪᠤᠰᠤᠳ ᠲᠤ ᠳᠤᠷᠤᠮᠵᠢᠯᠠᠭᠳᠠᠬᠤ ᠶᠠᠪᠤᠳᠠᠯ ᠴᠦ ᠭᠠᠷᠳᠠᠭ᠃ ᠡᠶᠢᠮᠦᠷᠭᠦ ᠦᠯᠵᠡᠢ ᠪᠤᠰᠤ ᠶᠠᠪᠤᠳᠠᠯ ᠳᠤᠬᠢᠶᠠᠳᠯᠤᠭᠰᠠᠨ ᠦᠶᠡᠰ ᠭᠠᠯ ᠤᠨ ᠠᠬ᠎ᠠ᠂ ᠰᠢᠳᠭᠡᠭᠴᠢ ᠭᠠᠵᠠᠷ ᠤᠷᠤᠨ ᠤ ᠵᠠᠬᠢᠷᠭ᠎ᠠ ᠎ ᠳᠤ ᠭᠦᠷᠴᠤ ᠮᠡᠳᠡᠭᠦᠯᠳᠡᠭ᠃ ᠭᠡᠷᠪᠡ ᠦᠨᠡᠨ ᠢᠶᠠᠨ ᠤᠯᠬᠤ ᠦᠭᠡᠢ ᠪᠤᠯ ᠭᠠᠯ ᠤᠨ ᠠᠬ᠎ᠠ ᠶᠢᠨ ︽ᠳᠠᠮᠠᠭᠠᠳᠤ ᠪᠢᠴᠢᠭ ︾ ᠭᠡᠵᠤ ᠠᠶᠠᠨ ᠤ ᠰᠢᠷᠡᠮᠦᠨ ᠳᠤᠭᠤᠭ᠎ᠠ ᠶᠢᠨ ᠭᠦ᠋ ᠲᠠᠢ ᠭᠦᠢᠰᠤ ᠶᠢ ᠳᠠᠷᠤᠭᠰᠠᠨ ᠳᠠᠮᠠᠭᠠᠳᠤ ᠪᠢᠴᠢᠭ ᠦᠢᠯᠡᠳᠴᠤ ᠬᠤᠰᠢᠭᠤ᠂ ᠴᠢᠭᠤᠯᠭᠠᠨ᠂ ᠴᠢᠨᠠᠭᠰᠢᠯᠠᠪᠠᠯ ᠡᠵᠡᠨ ᠵᠤᠷᠭᠠᠨ ᠳᠤ ᠢᠯᠡᠭᠡᠳᠡᠭ᠃ ᠡᠶᠢᠮᠦ ᠳᠠᠮᠠᠭᠠᠳᠤ ᠪᠢᠴᠢᠭ ᠢ ᠦᠳᠦᠳᠤ ᠪᠢᠴᠢᠭ ᠰᠢᠭ ᠳᠠᠪᠢᠨ ᠦᠷᠳᠡᠭᠡ ᠳᠠᠮᠵᠢᠭᠤᠯᠤᠨ ᠶᠠᠪᠤᠭᠤᠯᠳᠠᠭ᠃ ᠭᠠᠯ ᠤᠨ ᠠᠬ᠎ᠠ ᠶᠢᠨ ᠳᠠᠮᠠᠭᠠᠳᠤ ᠪᠢᠴᠢᠭ ᠢ ᠤᠨᠴᠠ ᠴᠢᠬᠤᠯᠠᠴᠢᠯᠠᠳᠠᠭ ᠳᠤᠯᠠ ᠦᠨᠡᠨ ᠴᠠᠭᠠᠨ ᠨᠢ ᠦᠳᠳᠡᠷ ᠢᠯᠭᠠᠷᠠᠳᠠᠭ ᠪᠠᠶᠢᠨ᠎ᠠ᠃ ᠠᠶᠠᠨᠴᠢᠳ ᠵᠢᠩᠴᠢᠳ ᠳᠡᠭᠡᠷᠡᠮ ᠬᠤᠯᠠᠭᠠᠢ ᠶᠢ ᠪᠠᠷᠢᠪᠠᠯ ᠮᠦᠭᠡᠷᠯᠡᠵᠤ ᠬᠠᠳᠠᠭᠠᠯᠠᠨ᠎ᠠ᠃ ᠳᠠᠷᠤᠢ ᠨᠢᠭᠡ ᠮᠦᠭᠡᠷ ᠢ ᠰᠤᠭᠯᠤᠵᠤ ᠠᠪᠤᠭᠠᠳ ᠬᠤᠶᠠᠷ ᠭᠡᠭᠡᠰᠤ ᠶᠢᠨ ᠵᠠᠪᠰᠠᠷ ᠲᠤ ᠬᠤᠯᠠᠭᠠᠢ ᠶᠢᠨ ᠭᠦᠵᠦᠭᠦᠦ ᠶᠢ ᠬᠠᠪᠴᠢᠭᠤᠯᠵᠤ ᠳᠠᠬᠢᠭᠠᠳ ᠮᠦᠭᠡᠷ ᠎ ᠢᠶᠠᠨ ᠰᠢᠭᠠᠵᠤ ᠭᠦᠷᠳᠤ ᠲᠠᠢ ᠪᠠᠨ ᠬᠠᠮᠳᠤ ᠪᠠᠬᠢᠯᠡᠵᠤ ᠬᠠᠳᠠᠬᠤ ᠶᠢ ᠭᠡᠯᠡᠵᠤ ᠪᠤᠢ᠃ ᠬᠤᠮᠨᠠᠬᠤ — ᠳᠠᠷᠤᠢ ᠬᠤᠮ ᠎ ᠤᠨ ᠤᠭᠤᠳᠠᠨ ᠳᠤ ᠬᠢᠭᠦ ᠪᠤᠶᠤ ᠬᠤᠶᠠᠷ ᠰᠠᠭᠰᠤ ᠶᠢ ᠬᠠᠪᠰᠤᠷᠤᠨ ᠳᠤᠮᠳᠠ ᠨᠢ ᠬᠤᠯᠠᠭᠠᠢ ᠪᠠᠨ ᠴᠢᠬᠢᠵᠤ᠂ ᠬᠤᠮ ᠎ ᠲᠠᠢ ᠬᠤᠯᠪᠤᠨ ᠭᠦᠯᠢᠭᠦ ᠵᠡᠷᠭᠡ ᠪᠠᠷ ᠬᠤᠯᠠᠭᠠᠢ ᠶᠢ ᠪᠠᠭᠢᠯᠡᠵᠤ ᠠᠯᠪᠠᠨ ᠵᠠᠬᠢᠷᠭ᠎ᠠ ᠳᠤ ᠭᠦᠷᠭᠡᠳᠡᠭ ᠪᠠᠶᠢᠵᠠᠢ᠃ ᠠᠶᠠᠨᠴᠢᠳ ᠵᠢᠩᠴᠢᠳ ᠢᠯᠠᠩᠭᠤᠶ᠎ᠠ ᠡᠵᠢ ᠨᠠᠭᠤᠷ ᠠᠴᠠ ᠳᠠᠪᠤᠰᠤ ᠵᠠᠯᠠᠬᠤ ᠠᠶᠠᠨᠴᠢᠳ ᠢ ᠵᠠᠮ ᠵᠠᠭᠤᠷ᠎ᠠ ᠶᠢᠨ ᠦᠵᠦᠮᠦᠴᠢᠨ ᠮᠠᠯᠴᠢᠳ ᠠᠴᠠ ︽ᠭᠡᠳᠤ ᠶᠢ ᠵᠤᠷᠢᠵᠤ ᠭᠡᠭᠡᠷᠯᠡᠨ ᠶᠠᠪᠤᠭᠰᠠᠳ︾ ᠭᠡᠵᠤ ᠦᠷᠦᠪᠳᠦᠨ ᠭᠦᠭᠡᠷᠦᠭᠦᠶᠢᠯᠡᠵᠤ ᠬᠤᠭᠤᠯᠠ ᠭᠦᠨᠡᠰᠤ ᠴᠠᠭᠠᠨ ᠢᠳᠡᠭᠡ ᠦᠭᠳᠡᠭ᠃ ᠠᠶᠠᠨᠴᠢᠳ ᠴᠦ ᠤᠴᠠᠷᠠᠭᠰᠠᠨ ᠪᠦᠭᠦᠨ ᠢ ᠭᠡᠶᠢᠴᠢᠨ ᠤ ᠶᠤᠰᠤᠭᠠᠷ ᠭᠦᠨᠳᠦᠳᠭᠡᠨ ᠵᠤᠴᠢᠯᠠᠳᠠᠭ᠃ ᠠᠶᠠᠨᠴᠢᠳ ᠵᠠᠮ ᠤᠨ ᠭᠤᠳᠤᠰ ᠲᠤ ᠤᠨᠤᠭ᠎ᠠ ᠭᠦᠯᠦᠰᠢ ᠭᠡᠭᠡᠭᠳᠡᠭᠦ ᠭᠡᠮᠨᠡᠭᠦ ᠮᠡᠳᠤ ᠶᠢᠨ ᠭᠦᠴᠢᠷᠳᠡᠯ ᠳᠤᠬᠢᠶᠠᠯᠳᠤᠨ ᠪᠠᠴᠢᠮᠳᠠᠵᠤ ᠪᠠᠶᠢᠬᠤ ᠶᠢ ᠦᠵᠡᠭᠰᠡᠳ ︽ᠠᠷᠠᠯ ᠢᠶᠠᠨ ᠭᠠᠵᠠᠷᠳᠠᠭᠤᠯᠤᠨ ᠬᠤᠮ ᠢᠶᠠᠨ ᠭᠦᠰᠡᠷᠳᠡᠭᠦᠯᠵᠤ ᠶᠠᠭᠠᠬᠢᠨ ᠪᠤᠯᠬᠤ ᠪᠤᠢ︖︾ ᠭᠡᠵᠤ ᠭᠦᠭᠡᠷᠦᠭᠦᠶᠢᠯᠡᠨ᠂ ᠳᠤᠭᠤᠯᠠᠩᠳᠠᠭᠰᠠᠨ᠂ ᠵᠤᠭᠰᠤᠭᠰᠠᠨ᠂ ᠭᠡᠮᠨᠡᠭᠰᠡᠨ ᠤᠨᠤᠭ᠎ᠠ ᠭᠦᠯᠯᠡᠭᠡ ᠶᠢ ᠬᠤᠴᠤᠷᠭᠠᠨ ᠠᠪᠴᠤ ᠦᠭᠡᠷ᠎ᠡ ᠭᠦᠯᠦᠰᠤ ᠤᠨᠤᠰᠢ ᠰᠤᠯᠢᠵᠤ ᠦᠭᠭᠦᠭᠡᠳ ᠪᠤᠴᠠᠯᠭᠠᠨ ᠳᠤᠨᠢ ᠰᠠᠶ᠋ᠢ ᠠᠪᠳᠠᠭ ᠴᠦ ᠪᠤᠢ᠃ ᠠᠶᠠᠨᠴᠢᠳ ᠵᠢᠩᠴᠢᠳ ᠴᠠᠢ ᠬᠤᠭᠤᠯᠠ ᠶᠢᠨ ᠳᠡᠭᠡᠵᠢ ᠪᠠᠨ ᠡᠷᠭᠦᠨ ᠰᠠᠴᠤᠵᠤ᠂ ᠤᠪᠤᠭ᠎ᠠ ᠦᠵᠡᠪᠡᠯ ᠴᠢᠯᠠᠭᠤ ᠨᠡᠮᠡᠳᠡᠭ᠃ ᠦᠯᠡᠳᠡᠪᠦᠷᠢ ᠳᠤᠰᠤᠭᠤᠷᠢ ᠶᠢ ᠪᠠᠭᠤᠴᠠᠨ ᠳᠡᠭᠡᠷ᠎ᠡ ᠬᠠᠶᠠᠬᠤ ᠪᠤᠶᠤ ᠳᠤᠭᠤᠭ᠎ᠠ ᠰᠠᠪᠠ ᠳᠤ ᠰᠢᠪᠬᠠᠷᠤ ᠦᠯᠡᠳᠡᠭᠡᠳᠡᠭ ᠦᠭᠡᠢ᠃ ᠭᠡᠷᠪᠡ ᠦᠯᠡᠳᠡᠪᠡᠯ ᠭᠠᠯ ᠤᠨ ᠠᠬ᠎ᠠ ᠠᠴᠠ ᠤᠳᠬᠤᠨ ᠳᠡᠭᠦᠦ ᠳᠤ ︽ᠠᠯᠪᠠ ᠶᠢᠨ ᠬᠤᠭᠤᠯᠠ︾ ᠭᠡᠵᠤ ᠢᠳᠡᠭᠦᠯᠳᠡᠭ᠃ ᠡᠭᠦᠨ ᠢᠶᠠᠨ ︽ᠠᠯᠪᠠ ᠶᠢᠨ ᠱᠠᠯᠠᠭ᠎ᠠ ᠠᠴᠠ ᠠᠶᠠᠭᠠᠨ ᠤ ᠱᠠᠯᠠᠭ᠎ᠠ ᠭᠡᠴᠡᠭᠦᠦ︾ ᠭᠡᠵᠤ ᠭᠦᠭᠡᠷᠦᠯᠳᠦᠳᠡᠭ᠃ ᠠᠶᠠᠨᠴᠢᠳ ᠬᠠᠷ᠎ᠠ ᠴᠠᠭᠠᠨ ᠭᠡᠯᠡ ᠠᠮᠠ ᠶᠢ ᠴᠡᠭᠡᠷᠯᠡᠳᠡᠭ ᠪᠦᠭᠡᠳ ᠮᠠᠯ ᠰᠦᠷᠦᠭ ᠢ ᠦᠷᠭᠦᠭᠡᠵᠤ ᠬᠤᠳᠳᠤᠭ ᠤᠩᠭᠤᠴᠠ ᠡᠪᠳᠡᠵᠤ᠂ ᠬᠤᠷᠢᠭ᠎ᠠ ᠲᠠᠢ ᠮᠤᠳᠤ ᠴᠢᠯᠠᠭᠤ ᠶᠢ ᠭᠦᠳᠡᠯᠭᠡᠵᠤ᠂ ᠬᠠᠳᠠᠭᠰᠠᠨ ᠡᠪᠡᠰᠤ ᠰᠢᠳᠠᠭᠠᠬᠤ ᠵᠡᠷᠭᠡ ᠎ ᠶᠢ ᠤᠨᠴᠠ ᠬᠢᠴᠢᠶᠡᠳᠡᠭ᠃ ᠠᠶᠠᠨᠴᠢᠳ ᠵᠢᠩᠴᠢᠳ ᠨᠤᠳᠤᠭ ᠪᠡᠯᠴᠢᠭᠡᠷ ᠢ ᠬᠠᠮᠠᠭᠠᠯᠠᠨ ᠳᠠᠤᠯᠠᠢ ᠵᠤᠤᠬ᠎ᠠ ᠮᠠᠯᠳᠠᠳᠠᠭ ᠦᠭᠡᠢ᠃ ᠢᠯᠠᠩᠭᠤᠶ᠎ᠠ ᠭᠠᠯ ᠤᠨ ᠠᠬ᠎ᠠ ᠳᠤ ᠶᠠᠬᠢᠷᠯᠠᠵᠤ᠂ ᠦᠭᠡᠷ ᠤᠨᠤᠭ᠎ᠠ ᠪᠠᠨ ᠵᠤᠳᠤᠵᠤ ᠬᠠᠷᠠᠳᠠᠬᠤ᠂ ᠳᠡᠷᠭᠡ ᠬᠤᠮ ᠢᠶᠠᠨ ᠳᠤᠭᠰᠢᠵᠤ ᠭᠦᠪᠰᠢᠭᠦ᠂ ᠳᠤᠭᠤᠭ᠎ᠠ ᠳᠤᠯᠭ᠎ᠠ ᠶᠢ ᠢᠰᠭᠦᠯᠵᠤ ᠳᠡᠶᠢᠷᠭᠦ᠂ ᠭᠠᠯ ᠭᠦᠰᠦ ᠶᠢ ᠪᠤᠵᠠᠷᠯᠠᠬᠤ᠂ ᠳᠡᠭᠡᠰᠤ ᠪᠤᠷᠠᠨᠳᠠᠭ ᠴᠢᠷᠦᠭᠦᠯᠭᠦ᠂ ᠪᠤᠭᠤᠯᠭ᠎ᠠ ᠬᠤᠮ ᠢ ᠬᠢᠰᠬᠢᠭᠦᠯᠭᠦ᠂ ᠳᠡᠷᠭᠡ ᠬᠢᠬᠤᠨᠠᠭᠤᠯᠬᠤ᠂ ᠳᠡᠮᠡᠭᠡ ᠪᠤᠶᠢᠯᠠᠭᠤᠯᠬᠤ ᠂ ᠨᠦᠭᠡ ᠵᠤᠤᠬ᠎ᠠ ᠮᠠᠯᠳᠠᠬᠤ ᠵᠡᠷᠭᠡ ᠶᠢ ᠤᠨᠴᠠ ᠴᠡᠭᠡᠷᠯᠡᠳᠡᠭ᠃ ᠪᠠᠭᠤᠴᠠ ᠶᠢ ᠳᠤᠬᠢᠷᠠᠭᠤᠯᠬᠤ ᠳᠠᠭᠠᠨ ᠦᠭᠡᠷ ᠳᠡᠷᠭᠡᠨ ᠠᠶᠠᠨ ᠪᠠᠷᠤᠭ ᠬᠠᠪᠤᠷ ᠤᠨ ᠡᠳᠦᠷ ᠪᠤᠯ ᠬᠤᠶᠠᠷ ᠪᠠᠭᠤᠴᠠ᠂ ᠵᠤᠨ ᠪᠤᠯ ᠡᠳᠦᠷ ᠲᠤ ᠳᠠᠪᠤᠨ ᠪᠠᠭᠤᠴᠠ᠂ ᠨᠠᠮᠤᠷ ᠪᠤᠯ ᠡᠳᠦᠷ ᠲᠤ ᠭᠤᠷᠪᠠᠨ ᠪᠠᠭᠤᠴᠠ᠂ ᠡᠪᠦᠯ ᠪᠤᠯ ᠡᠳᠦᠷ ᠲᠤ ᠬᠤᠶᠠᠷ ᠪᠠᠭᠤᠴᠠ᠂ ᠭᠠᠵᠠᠷ ᠴᠠᠭᠠᠨ ᠳᠤ ᠬᠠᠩᠭᠠᠢ ᠳᠤ ᠬᠤᠶᠠᠷ ᠨᠡᠭᠦᠪᠦᠷᠢ ︵ᠪᠠᠷᠤᠭ ᠨᠠᠶᠠᠨ ᠭᠠᠵᠠᠷ︶᠂ ᠳᠡᠭᠡᠭᠡᠰᠢ ᠎ ᠲᠠᠢ ᠨᠢᠭᠡ ᠨᠡᠭᠦᠪᠦᠷᠢ ᠶᠢᠨ ᠭᠠᠵᠠᠷ ᠶᠠᠪᠤᠳᠠᠭ᠃4. ᠠᠴᠢᠯᠭ᠎ᠠ᠃ ᠠᠶᠠᠨᠴᠢᠳ ᠠᠴᠢᠯᠭ᠎ᠠ ᠳᠡᠭᠡᠭᠡᠰᠢ ᠶᠢ ᠳᠡᠷᠭᠡ ᠤᠨᠤᠭ᠎ᠠ ᠶᠢᠨ ᠭᠦᠴᠦ ᠴᠢᠳᠠᠯ ᠳᠤ ᠵᠤᠬᠢᠴᠠᠭᠤᠯᠬᠤ᠂ ᠠᠰᠬᠠᠵᠤ ᠴᠢᠳᠬᠤᠬᠤ᠂ ᠭᠡᠭᠡᠵᠤ ᠪᠤᠰᠬᠤ᠂ ᠠᠳᠡᠯ ᠤᠰᠤᠯ ᠭᠠᠷᠴᠤ ᠮᠡᠳᠡᠭᠦ ᠵᠡᠷᠭᠡ ᠶᠢ ᠴᠦᠮ ᠠᠩᠬᠠᠷᠳᠠᠭ᠃ ᠠᠴᠢᠵᠤ ᠳᠡᠭᠡᠭᠡᠭᠦ ᠵᠦᠢᠯ ᠳᠤ ᠳᠤᠰᠪᠦᠷᠢ ᠳᠤᠰᠬᠠᠢ ᠠᠩᠬᠠᠷᠬᠤ ᠵᠦᠢᠯ ᠪᠠᠶᠢᠳᠠᠭ᠃ ᠮᠤᠳᠤᠨ ᠨᠡᠭᠦᠷᠡᠰᠤ᠂ ᠳᠦᠭᠦᠭᠡᠢ ᠴᠤᠬᠤᠢ ᠶᠢ ᠠᠴᠢᠵᠤ ᠳᠡᠭᠡᠭᠡᠭᠦ ᠳᠤ ᠭᠤᠭᠤᠵᠢᠵᠤ ᠴᠤᠪᠤᠭᠠᠳ ᠦᠭᠡᠷ ᠮᠠᠯ ᠤᠨ ᠨᠢᠳᠤ ᠭᠡᠮᠳᠦᠭᠦ ᠶᠢ ᠰᠡᠷᠭᠡᠶᠢᠯᠡᠳᠡᠭ᠃ ᠮᠤᠳᠤ ᠵᠦᠭᠡᠭᠡᠪᠦᠷᠢᠯᠡᠭᠦ ᠳᠤ ᠡᠯᠭᠦᠭᠳᠡᠵᠤ ᠰᠠᠵᠢᠭᠳᠠᠬᠤ ᠤᠩᠬᠤᠯᠢᠬᠤ ᠭᠦᠷᠪᠡᠭᠦ ᠶᠢ ᠬᠢᠴᠢᠶᠡᠳᠡᠭ᠃ ᠠᠮᠤ ᠭᠦᠨᠡᠰᠤ᠂ ᠠᠷᠠᠰᠤ ᠤᠩᠭᠠᠰᠤ ᠳᠡᠭᠡᠭᠡᠵᠤ ᠠᠴᠢᠬᠤ ᠳᠤ ᠭᠤᠭᠤᠵᠢᠬᠤ ᠤᠷᠬᠢᠭᠳᠠᠬᠤ ᠶᠢ ᠠᠩᠬᠠᠷᠳᠠᠭ᠃ ᠡᠩ ᠳᠡᠭᠡᠷᠮ᠎ᠡ᠂ ᠪᠠᠭᠠᠨ᠎ᠠ ᠤᠶᠠᠭ᠎ᠠ ᠶᠢ ᠦᠭᠡᠷ ᠳᠡᠷᠭᠡ ᠪᠠᠷ ᠵᠠᠯᠠᠬᠤ ᠳᠤ ᠨᠡᠩ ᠤᠯᠠᠨ ᠶᠤᠰᠤ ᠪᠤᠢ᠃ ᠦᠭᠡᠷ ᠳᠡᠷᠭᠡ ᠪᠠᠷ ᠳᠠᠪᠤᠰᠤ ᠵᠠᠯᠠᠬᠤ ᠳᠤ ᠭᠦᠬᠡᠨᠤᠳ ︵ᠳᠠᠪᠤᠰᠤᠴᠢᠨ︶᠎ ᠤᠨ ᠦᠭᠡ ᠪᠠᠷ ᠳᠤᠭᠳᠠᠭᠰᠠᠨ ᠤᠯᠤᠮ ᠢᠶᠠᠷ ᠤᠷᠤᠵᠤ᠂ ᠳᠠᠯᠠᠩ ᠭᠦᠷᠵᠡᠩ ᠳᠠᠪᠤᠰᠤ ᠶᠢ ᠳᠡᠭᠡᠭᠡᠭᠦ ᠳᠤ ᠳᠦᠷᠦᠭᠦᠯᠭᠡᠨ ᠭᠡᠳᠡᠷᠭᠡᠨ ᠢ ᠳᠡᠩᠴᠡᠭᠦᠯᠭᠦ ᠶᠢ ᠳᠤᠩ ᠬᠢᠴᠢᠶᠡᠳᠡᠭ᠃ ᠳᠠᠪᠤᠰᠤ ᠳᠡᠭᠡᠭᠦ ᠳᠡᠭᠡᠨ ︽ᠡᠵᠢ ᠶᠢᠨ ᠭᠡᠰᠢᠭ ᠢ ᠵᠠᠯᠠᠨ᠎ᠠ᠂ ᠡᠩᠬᠡ ᠮᠦᠩᠬᠡ ᠠᠶᠠᠯᠠᠨ᠎ᠠ︾ ᠭᠡᠵᠤ ᠠᠶᠠᠨᠴᠢᠳ ᠤᠮᠤᠭᠯᠠᠨ ᠬᠠᠩᠬᠢᠨᠠᠭᠤᠯᠳᠠᠭ᠃ ᠪᠠᠶᠠᠨ ᠦᠳᠡ — ᠠᠶᠠᠨ ᠤ ᠤᠳᠬᠤᠨ ᠪᠠᠭᠤᠴᠠ᠃ ᠠᠶᠠᠨ ᠵᠢᠩ ᠪᠤᠴᠠᠵᠤ ᠢᠷᠡᠭᠡᠳ ᠠᠶᠢᠯ ᠭᠡᠷ ᠠᠴᠠ ᠪᠠᠨ ᠤᠶᠢᠷᠠᠯᠴᠠᠭ᠎ᠠ ᠪᠤᠯᠬᠤ ᠳᠤ ᠵᠠᠪᠠᠯ ᠦᠳᠡ ᠳᠤᠬᠢᠷᠠᠭᠤᠯᠤᠨ ᠪᠠᠶᠠᠨ ᠦᠳᠡ ᠶᠢᠨ ᠨᠠᠶᠢᠷ ᠬᠢᠳᠡᠭ᠃ ᠪᠠᠶᠠᠨ ᠦᠳᠡ ᠳᠤ ᠭᠠᠯ ᠤᠨ ᠠᠬ᠎ᠠ ᠭᠤᠤᠯᠯᠠᠵᠤ ᠤᠳᠬᠤᠨ ᠳᠡᠭᠦᠦ ᠶᠢ ᠪᠠᠶᠠᠰᠬᠠᠳᠠᠭ ᠪᠦᠭᠡᠳ ᠠᠶᠠᠨᠴᠢᠳ ᠪᠦᠷ ᠤᠷᠤᠯᠴᠠᠵᠤ ᠤᠭᠳᠤᠭᠴᠢᠳ ᠢᠷᠡᠯᠴᠡᠳᠡᠭ᠃ ᠪᠠᠶᠠᠨ ᠦᠳᠡ ᠳᠤ ᠪᠠᠭᠤᠮᠠᠭᠴᠠ ᠳᠡᠷᠭᠡ ᠪᠠᠨ ᠳᠢᠭᠯᠢᠮ ᠲᠠᠢ ᠪᠠᠭᠤᠯᠭᠠᠨ᠂ ᠦᠭᠡᠷ ᠤᠨᠤᠭ᠎ᠠ ᠪᠠᠨ ᠶᠤᠰᠤᠷᠬᠠᠭ ᠤᠶᠠᠭᠠᠳ ᠢᠳᠡᠭᠡᠨ ᠤᠮᠳᠠᠭᠠᠨ ᠤ ᠨᠦᠭᠡᠴᠡ ᠪᠠᠨ ᠪᠦᠭᠦᠨ ᠢ ᠭᠠᠷᠭᠠᠵᠤ ᠴᠠᠶᠢᠯᠠᠵᠤ ᠬᠤᠭᠤᠯᠯᠠᠬᠤ ᠶᠢᠨ ᠵᠡᠷᠭᠡ ᠭᠠᠯ ᠤᠨ ᠠᠬ᠎ᠠ ︽ᠭᠡᠭᠡᠷ᠎ᠡ ᠶᠢᠨ ᠶᠠᠪᠤᠳᠠᠯ ᠭᠡᠭᠡᠷ᠎ᠡ ᠳᠤᠨᠢ᠂ ᠠᠶᠠᠨ ᠤ ᠤᠴᠢᠷ ᠢ ᠠᠳᠠᠭ ᠎ ᠤᠨ ᠪᠠᠭᠤᠴᠠ ᠳᠤ︾ ᠭᠡᠵᠤ ᠭᠠᠯ ᠠᠶᠠᠨ ᠤ ᠤᠯᠵᠠ ᠤᠮᠤᠭ ᠪᠠ ᠤᠴᠠᠷᠠᠯ ᠳᠤᠬᠢᠶᠠᠯᠳᠤᠯ ᠢ ᠳᠤᠷᠠᠳᠬᠠᠵᠤ ᠴᠢᠷᠮᠠᠶᠢᠭᠰᠠᠳ ᠢ ᠰᠠᠶᠢᠰᠢᠶᠠᠨ᠂ ᠵᠢᠳᠭᠦᠭᠰᠡᠳ ᠢ ᠤᠮᠤᠭᠰᠢᠭᠤᠯᠳᠠᠭ᠃ ᠠᠬ᠎ᠠ ᠳᠡᠭᠦᠦ ᠤᠯᠠᠨ ᠤ ᠴᠢᠷᠮᠠᠶᠢᠯᠭ᠎ᠠ ᠪᠠᠷ ᠠᠷᠠᠯ ᠤᠨ ᠱᠠᠷ ᠤᠨ ᠵᠢᠳᠭᠦᠯᠳᠡ ᠪᠠᠷ ᠠᠶᠠᠨ ᠵᠠᠮ ᠤᠷᠤᠭᠰᠢ ᠲᠠᠢ ᠪᠤᠯᠵᠤ ᠠᠴᠢᠶ᠎ᠠ ᠳᠡᠭᠡᠭᠡᠪᠦᠷᠢ ᠳᠦᠭᠦᠷᠡᠩ ᠢᠷᠡᠯ᠎ᠡ ᠭᠡᠵᠤ ᠭᠠᠯ ᠤᠨ ᠠᠬ᠎ᠠ ᠰᠦᠪᠡᠭᠡ ᠳᠠᠷᠤᠨ ᠳᠠᠨᠡᠶᠢᠵᠤ᠂ ᠤᠯᠠᠨ ᠳᠤ ᠠᠶᠠᠭ᠎ᠠ ᠡᠷᠭᠦᠨ ᠠᠷᠢᠬᠢ ᠪᠠᠷᠢᠵᠤ ᠳᠤᠰ ᠳᠤᠰ ᠤᠨ ᠵᠢᠳᠭᠦᠯ ᠢ ᠳᠤᠭᠠᠴᠢᠨ ᠭᠠᠯ ᠤᠨ ᠳᠡᠭᠦᠦ ᠪᠠᠨ ᠮᠠᠭᠳᠠᠨ ᠠᠷᠢᠬᠢ ᠱᠠᠩᠨᠠᠳᠠᠭ᠃ ᠪᠠᠶᠠᠨ ᠦᠳᠡ ᠳᠤ ᠨᠤᠳᠤᠭ ᠤᠨ ᠢᠶᠠᠨ ᠠᠭᠤᠯᠠ ᠤᠰᠤᠨ ᠳᠤ ᠳᠡᠭᠡᠵᠢ ᠪᠠᠨ ᠡᠷᠭᠦᠵᠤ ᠪᠤᠭᠤᠯᠭ᠎ᠠ ᠬᠤᠮ ᠢᠶᠠᠨ ᠮᠢᠯᠢᠶᠠᠵᠤ᠂ ᠨᠤᠬᠠᠢ ᠮᠤᠷᠢ ᠪᠠᠨ ᠴᠢᠮᠡᠵᠤ᠂ ᠭᠦᠭᠰᠢᠨ ᠦᠭᠡᠷ ᠳᠡᠮᠡᠭᠡ ᠶᠢ ᠠᠶᠠᠨ ᠵᠢᠩ ᠠᠴᠠ ᠳᠠᠷᠬᠠᠯᠠᠭᠠᠳ ᠬᠤᠵᠢᠮ ᠬᠤᠶᠢᠰᠢ ᠭᠠᠯ ᠠᠶᠠᠨ ᠪᠤᠯᠵᠤ ᠭᠠᠶᠢᠬᠠᠯᠳᠠᠢ ᠶᠠᠪᠤᠬᠤ ᠶᠢ ᠵᠦᠩᠨᠡᠨ ᠪᠡᠯᠭᠡᠳᠡᠳᠡᠭ᠃ ᠤᠭᠳᠤᠭᠴᠢᠳ ᠴᠦ ᠮᠦᠷ ᠭᠠᠷᠭᠠᠵᠤ ᠮᠤᠷᠳᠠᠭᠤᠯᠵᠤ ᠪᠠᠶᠢᠭ᠎ᠠ ᠰᠢᠭ᠋ ᠶᠤᠰᠤ ᠤᠴᠢᠷ ᠢ ᠭᠦᠢᠴᠡᠳᠭᠡᠳᠡᠭ᠃ ᠠᠶᠠᠨᠴᠢᠨ ᠵᠢᠩᠴᠢᠨ ᠨᠠᠷ ᠠᠮᠵᠢᠯᠳᠠ ᠪᠠᠨ ᠱᠠᠭᠰᠢᠵᠤ ᠠᠯᠵᠢᠶᠠᠯ ᠢᠶᠠᠨ ᠳᠠᠶᠢᠯᠤᠭᠠᠳ ᠠᠶᠠᠨ ᠵᠢᠩ ᠤᠨ ᠶᠠᠪᠤᠳᠠᠯ ᠢ ᠤᠴᠤᠭ ᠦᠭᠡᠢ ᠪᠤᠯᠭᠠᠭᠠᠳ᠂ ᠤᠷᠤᠢ ᠨᠢ ᠤᠮᠤᠭ ᠳᠡᠭᠦᠯᠳᠡᠷ ᠢᠶᠠᠷ ᠬᠠᠩᠬᠢᠨᠠᠳᠠᠯ᠎ᠠ ᠳᠠᠭᠤᠯᠠᠯᠴᠠᠨ ᠭᠡᠷ ᠲᠡᠭᠡᠨ ᠪᠤᠴᠠᠵᠤ ᠭᠡᠷᠭᠡᠢ ᠭᠡᠤᠭᠡᠳ ᠲᠠᠢ ᠪᠠᠨ ᠤᠴᠠᠷᠠᠳᠠᠭ᠃ ᠳᠡᠷᠭᠡ ᠳᠡᠮᠡᠭᠡᠨ ᠤ ᠡᠵᠡᠳ᠂ ᠠᠶᠠᠨᠴᠢ ᠵᠢᠩᠴᠢ ᠶᠢᠨ ᠳᠤ ᠳᠠᠯ᠎ᠠ ᠪᠡᠯᠡᠭ ᠲᠠᠢ ᠢᠷᠡᠯᠴᠡᠵᠤ ᠠᠶᠠᠨ ᠵᠢᠩ ᠤᠨ ᠠᠴᠢᠶ᠎ᠠ ᠳᠡᠭᠡᠭᠡᠪᠦᠷᠢ ᠪᠠᠨ ᠠᠪᠤᠵᠠᠭᠠᠳᠠᠭ᠃ ᠠᠶᠠᠨᠴᠢᠨ ᠵᠢᠩᠴᠢᠨ ᠤ ᠭᠡᠷ ᠵᠠᠭᠤᠷ᠎ᠠ ᠶᠢᠨ ᠤᠭᠳᠤᠯᠭ᠎ᠠ ᠪᠠᠷᠠᠭᠰᠠᠨ ᠤ ᠳᠠᠷᠠᠭ᠎ᠠ ᠠᠶᠢᠯ ᠠᠶᠢᠮᠠᠭ ᠤᠨ ᠠᠬᠠᠮᠠᠳ ᠲᠤ ᠠᠷᠢᠬᠢ ᠲᠠᠢ᠂ ᠭᠡᠤᠭᠡᠳ ᠲᠤᠨᠢ ᠪᠤᠤᠪᠤ ᠲᠠᠢ ᠤᠴᠢᠵᠤ ᠤᠴᠠᠷᠠᠳᠠᠭ᠃ ᠠᠶᠠᠨ ᠵᠢᠩ ᠤᠨ ᠠᠴᠢᠶ᠎ᠠ ᠳᠡᠭᠡᠭᠡᠰᠢ ᠪᠠᠨ ᠦᠭᠭᠦ ᠭᠠᠵᠠᠷ ᠲᠤᠨᠢ ᠭᠦᠷᠭᠡᠭᠡᠳ ᠠᠬᠢᠵᠤ ᠦᠷᠭᠦᠯᠵᠢᠯᠡᠨ ᠠᠶᠠᠯᠠᠬᠤ ᠎ ᠪᠠᠨ ᠵᠦᠪᠯᠡᠳᠡᠭ᠃ ᠠᠶᠠᠨ ᠵᠢᠩ ᠨᠢ ᠦᠷᠭᠦᠯᠵᠢᠯᠡᠭᠡᠳ ᠠᠶᠠᠨ ᠤ ᠭᠦᠭ ᠲᠤ ᠵᠠᠪᠠᠯ ᠵᠠᠪᠳᠤᠨ ᠶᠠᠪᠤᠳᠠᠭ᠃ ᠠᠶᠠᠨ ᠵᠢᠩ ᠤᠨ ᠭᠦᠭ ᠭᠡᠳᠡᠭ ᠨᠢ ᠬᠠᠪᠤᠷ ᠤᠨ ᠠᠶᠠᠨ ᠪᠤᠯ ᠴᠠᠭᠠᠨ ᠰᠠᠷ᠎ᠠ ᠶᠢᠨ ᠬᠤᠷᠢᠨ ᠳᠠᠪᠤᠨ ᠤ ᠦᠶ᠎ᠡ ᠠᠴᠠ ᠡᠬᠢᠯᠡᠨ ᠳᠦᠯ ᠤᠨ ᠭᠦᠭ ᠠᠴᠠ ᠡᠮᠦᠨ᠎ᠡ ᠪᠤᠴᠠᠵᠤ ᠢᠷᠡᠭᠦ ᠶᠢ ᠪᠤᠳᠤᠯᠬᠢᠯᠠᠨ ᠶᠠᠪᠤᠳᠠᠭ᠃ ᠵᠤᠨ ᠤ ᠠᠶᠠᠨ ᠪᠤᠯ ᠬᠤᠶᠠᠷ ᠳᠠᠷᠢᠶ᠎ᠠ ᠬᠤᠭᠤᠷᠤᠨᠳᠤ ᠡᠪᠡᠰᠦᠨ ᠠᠴᠠ ᠡᠮᠦᠨ᠎ᠡ ᠢᠷᠡᠭᠦ ᠪᠠᠷ ᠭᠦᠳᠡᠯᠳᠡᠭ᠃ ᠨᠠᠮᠤᠷ ᠤᠨ ᠠᠶᠠᠨ ᠪᠤᠯ ᠡᠪᠡᠰᠤ ᠪᠠᠨ ᠱᠠᠯᠠᠪᠳᠠᠨ ᠵᠦᠭᠡᠭᠡᠵᠤ ᠪᠠᠷᠠᠮᠠᠭᠴᠠ ᠢᠯᠡᠭᠦᠴᠡ ᠳᠡᠷᠭᠡ ᠤᠨᠤᠭ᠎ᠠ ᠪᠠᠨ ᠡᠪᠯᠡᠨ ᠭᠠᠷᠳᠠᠭ᠃ ᠡᠪᠦᠯ ᠤᠨ ᠠᠶᠠᠨ ᠪᠤᠯ ᠡᠪᠦᠯ ᠤᠨ ᠢᠳᠡᠰᠢ ᠪᠠᠨ ᠢᠳᠡᠮᠡᠭᠴᠡ ᠳᠦᠷᠭᠡᠯᠡᠨ ᠶᠠᠪᠤᠳᠠᠭ᠃
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ