ᠮᠠᠯ ᠤᠨᠤᠭ᠎ᠠ ᠶᠢᠨ ᠡᠳ᠋ᠯᠡᠪᠦᠷᠢ
ᠨᠡᠶᠢᠲᠡᠯᠡᠭᠰᠡᠨ ᠴᠠᠭ᠄
2022/12/19
      ᠪᠠᠭᠠᠷᠢᠨᠴᠤᠳ ᠮᠠᠯ ᠳᠡᠵᠢᠭᠡᠪᠦᠷᠢ ᠶᠢ ᠤᠳᠠᠭᠠᠨ ᠤᠨ ᠡᠳ᠋ᠯᠡᠨ ᠠᠰᠢᠭᠯᠠᠬᠤ ᠳᠠᠭᠠᠨ ᠳᠦᠷᠦᠯ ᠪᠦᠷᠢ ᠶᠢᠨ ᠤᠨᠴᠠᠯᠢᠭ ᠲᠤᠨᠢ ᠳᠤᠬᠢᠷᠠᠭᠰᠠᠨ ᠡᠳ᠋ᠯᠡᠯᠭᠡ ᠶᠢᠨ ᠪᠠᠭᠠᠵᠢ ᠭᠡᠷᠡᠭᠯᠡᠭᠦᠷ ᠢ ᠡᠭᠦᠳᠦᠭᠰᠡᠨ ᠪᠠᠶᠢᠳᠠᠭ᠃ ᠳᠦᠷᠦᠯ ᠪᠦᠷᠢ ᠎ ᠶᠢᠨ ᠮᠠᠯ ᠢ ᠰᠤᠷᠭᠠᠬᠤ ᠠᠰᠢᠭᠯᠠᠬᠤ ᠳᠤ ᠳᠤᠬᠢᠷᠠᠯᠴᠠᠭ᠎ᠠ ᠪᠦᠭᠦᠢ ᠡᠳ᠋ᠯᠡᠪᠦᠷᠢ ᠲᠠᠢ ᠪᠢᠯᠡ᠃ ᠮᠤᠷᠢᠨ ᠤ ᠡᠳ᠋ᠯᠡᠯ ᠮᠤᠷᠢ ᠳᠠᠭᠠᠨ ᠬᠠᠶᠢᠷᠠᠳᠠᠢ ᠪᠠᠭᠠᠷᠢᠨᠴᠤᠳ ᠮᠤᠷᠢᠨ ᠤ ᠡᠳ᠋ᠯᠡᠯ ᠢ ᠳᠤᠩ ᠡᠷᠬᠢᠮᠯᠡᠳᠡᠭ᠃ ᠳᠡᠭᠡᠭᠦ ᠳᠡᠭᠡᠨ ᠳᠡᠭᠦᠨ ᠢᠶᠠᠨ ᠨᠡᠷ᠎ᠡ ᠰᠦᠷ ᠢᠶᠠᠨ ᠮᠠᠨᠳᠤᠭᠤᠯᠬᠤ᠂ ᠤᠷᠠᠨ ᠤᠬᠠᠭᠠᠨ ᠢᠶᠠᠨ ᠭᠠᠶᠢᠬᠠᠭᠤᠯᠬᠤ ᠪᠡᠯᠭᠡ ᠳᠡᠮᠳᠡᠭ ᠪᠤᠯᠭᠠᠳᠠᠭ ᠠᠵᠢ᠃1. ᠨᠤᠭᠳᠤ ︵ᠪᠠᠰᠠ ᠯᠤᠭᠳᠤ ᠭᠡᠳᠡᠭ︶᠃ ᠨᠤᠭᠳᠤ ᠳᠤ ᠬᠢᠴᠡ ᠨᠢ ᠤᠯᠠᠨ᠂ ᠶᠡᠭᠡ ᠪᠠᠭ᠎ᠠ ᠨᠢ ᠠᠳᠠᠯᠢ ᠦᠭᠡᠢ᠂ ᠭᠡᠷᠡᠭᠴᠡᠭᠡ ᠨᠢ ᠦᠭᠡᠷ᠎ᠡ ᠵᠡᠷᠭᠡ ᠶᠢᠨ ᠢᠯᠭᠠᠭ᠎ᠠ ᠪᠠᠶᠢᠳᠠᠭ ᠴᠦ ᠪᠦᠳᠦᠴᠡ ᠨᠢ ᠡᠭᠡᠭᠡ ᠠᠳᠠᠯᠢ᠃ ᠴᠦᠮ ᠰᠢᠯᠢ ︵ᠳᠤᠯᠤᠭᠠᠢ︶᠂ ᠬᠠᠮᠠᠷ᠂ ᠡᠷᠡᠤᠪᠴᠢ᠂ ᠰᠡᠭᠡᠯᠳᠡᠷᠭᠡ᠂ ᠭᠤᠭᠴᠤᠭ᠎ᠠ᠂ ᠭᠠᠷᠠᠬ᠎ᠠ᠂ ᠰᠠᠪᠬ᠎ᠠ᠂ ᠴᠤᠯᠪᠤᠭᠤᠷ ᠵᠡᠷᠭᠡ ᠪᠠᠷ ᠪᠦᠷᠢᠯᠳᠦᠳᠡᠭ᠃ ᠭᠡᠮᠵᠢᠶ᠎ᠡ ᠳᠤᠮᠵᠢᠶ᠎ᠠ ᠶᠡᠭᠡ ᠪᠠᠭ᠎ᠠ᠂ ᠴᠤᠯᠪᠤᠭᠤᠷ ᠤᠨ ᠦᠨᠳᠦᠷ ᠪᠤᠭᠤᠨᠢ ᠶᠢ ᠳᠦᠭᠡ᠂ ᠰᠦᠭᠦᠮ᠂ ᠳᠤᠬᠤᠢ᠂ ᠬᠤᠷᠤᠭᠤ ᠪᠠᠷ ᠭᠡᠮᠵᠢᠶ᠎ᠡ ᠪᠤᠯᠭᠠᠵᠤ ᠭᠡᠷᠡᠭᠴᠡᠭᠡ ᠳᠡᠭᠡᠨ ᠠᠱᠢᠳᠠᠢ ᠰᠠᠶᠢᠬᠠᠨ ᠳᠤᠬᠢᠷᠠᠭᠤᠯᠳᠠᠭ᠃ ᠨᠤᠭᠳᠤ ᠎ ᠶᠢ ᠦᠭᠡᠷ ᠤᠨ ᠰᠢᠷᠢ ᠶᠢᠨ ᠡᠯᠳᠡᠵᠤ ᠳᠤᠰᠤᠯᠠᠭᠰᠠᠨ ᠪᠦᠭᠡ ᠰᠤᠷ ᠢᠶᠠᠷ ᠬᠢᠳᠡᠭ᠂ ᠤᠯᠤᠰᠤ ᠳᠡᠭᠡᠰᠤ ᠪᠠᠷ ᠬᠢᠳᠡᠭ ᠦᠭᠡᠢ᠃ ᠨᠤᠭᠳᠤ ᠶᠢᠨ ᠬᠢᠴᠡ ᠪᠠᠷ ᠨᠢ ᠵᠠᠩᠬᠢᠳᠤᠮᠠᠯ ᠨᠤᠭᠳᠤ ︵ᠳᠡᠮᠦᠷ ᠤᠨ ᠵᠦᠢᠯ ᠤᠷᠤᠭᠤᠯᠤᠭᠰᠠᠨ ᠦᠭᠡᠢ︶᠂ ᠰᠦᠯᠵᠢᠮᠡᠯ ᠨᠤᠭᠳᠤ ︵ᠬᠤᠤᠰ ᠰᠤᠷ ᠢᠶᠠᠷ ᠰᠦᠯᠵᠢᠭᠰᠡᠨ︶᠂ ᠭᠠᠷᠠᠬ᠎ᠠ ᠲᠠᠢ ᠨᠤᠭᠳᠤ ︵ᠡᠷᠡᠤᠪᠴᠢ ᠰᠠᠪᠬ᠎ᠠ ᠳᠤᠨᠢ ᠭᠠᠷᠠᠬ᠎ᠠ ᠤᠷᠤᠭᠤᠯᠠᠭᠰᠠᠨ︶᠂ ᠡᠷᠬᠢᠪᠴᠢᠳᠠᠢ ᠨᠤᠭᠳᠤ ︵ᠳᠡᠮᠦᠷ ᠡᠷᠬᠢᠭᠦᠯᠭᠡ ᠪᠠᠷ ᠡᠷᠡᠤᠪᠴᠢ ᠴᠤᠯᠪᠤᠭᠤᠷ ᠢ ᠬᠤᠯᠪᠤᠭᠰᠠᠨ︶ ᠭᠡᠭᠦ ᠮᠡᠳᠤ ᠪᠠᠷ ᠭᠡᠯᠡᠳᠡᠭ᠃ ᠨᠤᠭᠳᠤ ᠶᠢᠨ ᠭᠡᠷᠡᠭᠴᠡᠭᠡ ᠪᠠᠷ ᠨᠢ ᠤᠨᠠᠭ᠎ᠠ ᠳᠠᠭ᠎ᠠ ᠶᠢᠨ ᠤᠭᠳᠤ ︵ᠬᠠᠮᠠᠷ ᠰᠢᠯᠢ ᠶᠢ ᠤᠯᠠᠭᠠᠨ ᠨᠤᠭᠤᠭᠠᠨ ᠦᠩᠭᠡ ᠎ ᠶᠢᠨ ᠪᠦᠰ ᠳᠤᠷᠭ᠎ᠠ ᠪᠠᠷ ᠤᠷᠢᠶᠠᠳᠠᠭ︶᠂ ᠡᠮᠨᠡᠭ ᠳᠤᠭᠰᠢᠨ ᠮᠤᠷᠢᠨ ᠤ ᠨᠤᠭᠳᠤ ︵ᠪᠠᠬᠢ ᠨᠤᠭᠳᠤ︶᠂ ᠨᠤᠮᠤᠬᠠᠨ ᠮᠤᠷᠢᠨ ᠤ ᠡᠩ ᠤᠨ ᠨᠤᠭᠳᠤ᠂ ᠪᠡᠯᠡᠭ ᠤᠨ ᠮᠤᠷᠢᠨ ᠤ ᠨᠤᠭᠳᠤ ︵ᠨᠠᠶᠢᠷ ᠪᠠᠶᠠᠷ ᠲᠤ ᠭᠦᠷᠭᠡᠭᠦ ᠮᠤᠷᠢᠨ ᠤ ᠨᠤᠭᠳᠤ ᠎ ᠶᠢᠨ ᠬᠠᠮᠠᠷ ᠢ ᠤᠯᠠᠭᠠᠨ ᠦᠩᠭᠡ ᠶᠢᠨ ᠳᠤᠷᠭ᠎ᠠ ᠪᠠᠷ ᠤᠷᠢᠶᠠᠳᠠᠭ᠃ ᠭᠡᠭᠡᠨ ᠬᠤᠪᠢᠯᠭᠠᠨ ᠳᠤ ᠡᠷᠭᠦᠭᠦ ᠮᠤᠷᠢᠨ ᠤ ᠨᠤᠭᠳᠤ ᠶᠢᠨ ᠬᠠᠮᠠᠷ ᠢ ᠰᠢᠷ᠎ᠠ ᠳᠤᠷᠳᠤᠩ ᠢᠶᠠᠷ ᠤᠷᠢᠶᠠᠳᠠᠭ᠂ ᠰᠦᠨᠡᠰᠦᠨ ᠳᠤ ᠤᠨᠤᠭᠤᠯᠬᠤ ᠮᠤᠷᠢᠨ ᠤ ᠨᠤᠭᠳᠤᠨ ᠬᠠᠮᠠᠷ ᠢ ᠬᠠᠷ᠎ᠠ ᠦᠩᠭᠡ ᠶᠢᠨ ᠪᠦᠰ ᠢᠶᠠᠷ ᠤᠷᠢᠶᠠᠳᠠᠭ︶ ᠵᠡᠷᠭᠡ ᠶᠢᠨ ᠶᠤᠰᠤ ᠶᠢ ᠳᠠᠭᠠᠵᠤ ᠨᠤᠭᠳᠤ ᠪᠠᠨ ᠴᠢᠮᠡᠳᠡᠭ᠃ ᠮᠤᠷᠢ ᠪᠠᠨ ᠦᠭᠪᠡᠴᠤ ᠨᠤᠭᠳᠤ ᠪᠠᠨ ᠦᠭᠳᠡᠭ ᠦᠭᠡᠢ ᠨᠢ ᠮᠤᠩᠭᠤᠯ ᠤᠨ ᠵᠠᠩ᠃ ᠮᠤᠷᠢ ᠠᠪᠤᠭᠰᠠᠨ ᠵᠠᠪᠠᠯ ᠨᠤᠭᠳᠤ ᠎ ᠶᠢ ᠰᠤᠯᠢᠭᠠᠳ ᠪᠤᠴᠠᠭᠠᠬᠤ ᠳᠠᠭᠠᠨ ᠬᠠᠳᠠᠭ᠂ ᠭᠡᠪ ᠤᠨ ᠴᠠᠢ ᠳᠡᠷᠢᠭᠦᠳᠡᠨ ᠤ ᠪᠡᠯᠡᠭ ᠦᠭᠳᠡᠭ᠃ ᠮᠤᠷᠢ ᠪᠠᠨ ᠨᠤᠭᠳᠤ ᠎ ᠲᠠᠢ ᠳᠠᠯᠪᠢᠬᠤ ᠪᠠ ᠠᠯᠳᠠᠬᠤ᠂ ᠴᠤᠯᠪᠤᠭᠤᠷ ᠴᠢᠷᠦᠭᠦᠯᠭᠦ ᠶᠢ ᠪᠡᠯᠭᠡ ᠮᠠᠭᠤᠳᠠᠢ ᠶᠠᠪᠤᠳᠠᠯ ᠢᠶᠠᠷ ᠦᠵᠡᠳᠡᠭ᠃2. ᠬᠠᠵᠠᠭᠠᠷ᠃ ᠬᠠᠵᠠᠭᠠᠷ ᠤᠨ ᠪᠦᠳᠦᠴᠡ ᠨᠢ ᠳᠤᠯᠤᠭᠠᠢ᠂ ᠬᠠᠮᠠᠷ᠂ ᠭᠤᠭᠴᠤᠭ᠎ᠠ᠂ ᠰᠡᠭᠡᠯᠳᠡᠷᠭᠡ᠂ ᠰᠠᠪᠬ᠎ᠠ᠂ ᠠᠮᠠᠭᠠᠢ᠂ ᠵᠤᠤᠵᠠᠢ᠂ ᠵᠢᠯᠤᠭᠤ ᠪᠠᠷ ᠪᠦᠷᠢᠯᠳᠦᠳᠡᠭ᠃ ᠬᠠᠵᠠᠭᠠᠷ ᠢ ᠠᠮᠠᠭᠠᠢ ᠵᠤᠤᠵᠠᠢ᠂ ᠪᠠᠷᠢᠴᠠ ᠪᠦᠭᠡᠵᠢ ᠶᠢ ᠴᠢᠮᠡᠭᠰᠡᠨ ᠵᠦᠢᠯ ᠢᠶᠠᠷ ᠨᠢ ᠢᠯᠭᠠᠵᠤ᠂ ᠮᠦᠩᠭᠦᠨ ᠬᠠᠵᠠᠭᠠᠷ ᠂ ᠭᠠᠤᠯᠢᠨ ᠬᠠᠵᠠᠭᠠᠷ᠂ ᠵᠠᠰ ᠬᠠᠵᠠᠭᠠᠷ᠂ ᠰᠦᠯᠵᠢᠮᠡᠯ ᠬᠠᠵᠠᠭᠠᠷ᠂ ᠶᠡᠷᠦ ᠶᠢᠨ ᠬᠠᠵᠠᠭᠠᠷ ᠭᠡᠳᠡᠭ᠃ ᠬᠠᠵᠠᠭᠠᠷ ᠢ ᠪᠦᠷ ᠰᠤᠷ ᠢᠶᠠᠷ ᠵᠠᠩᠬᠢᠳᠳᠠᠭ᠃ ᠭᠡᠪᠡᠴᠤ ᠵᠠᠷᠢᠮ ᠨᠢ ᠭᠤᠶᠤᠯᠠᠵᠤ ᠤᠯᠠᠭᠠᠨ ᠵᠠᠯᠠᠭ᠎ᠠ ᠲᠠᠢ ᠮᠠᠩᠨᠠᠶᠢᠪᠴᠢ᠂ ᠳᠡᠮᠡᠭᠡ ᠬᠤᠨᠢᠨ ᠎ ᠤ ᠬᠠᠷ᠎ᠠ ᠴᠠᠭᠠᠨ ᠦᠩᠭᠡ ᠶᠢᠨ ᠨᠤᠤᠰᠤ ᠪᠠᠷ ᠠᠯᠠᠭᠯᠠᠨ ᠭᠦᠷᠦᠭᠰᠡᠨ ᠮᠤᠨᠴᠤᠭ ᠲᠠᠢ ᠵᠢᠯᠤᠭᠤ ᠬᠢᠳᠡᠭ ᠴᠦ ᠪᠤᠢ᠃3. ᠴᠢᠳᠤᠷ᠃ ᠴᠢᠳᠤᠷ ᠨᠢ ᠭᠤᠷᠪᠠᠨ ᠠᠯᠠᠭ᠎ᠠ᠂ ᠨᠢᠭᠡ ᠰᠤᠮᠤ᠂ ᠭᠤᠷᠪᠠᠨ ᠭᠦᠭᠦ ︵ᠭᠤᠭᠴᠤᠭ᠎ᠠ︶᠂ ᠭᠤᠷᠪᠠᠨ ᠬᠢᠮᠤᠰᠤ ︵ᠳᠡᠪᠡᠭᠡ᠂ ᠮᠤᠳᠤᠨ ᠵᠢᠭᠳᠦ︶ ᠵᠡᠷᠭᠡ ᠪᠠᠷ ᠪᠦᠷᠢᠯᠳᠦᠳᠡᠭ᠃ ᠴᠢᠳᠤᠷ ᠢ ᠰᠠᠶᠢᠨ ᠰᠤᠷ ᠢᠶᠠᠷ ᠵᠠᠩᠬᠢᠳᠴᠤ ᠮᠤᠰᠬᠢᠳᠠᠭ᠃ ᠵᠠᠷᠢᠮ ᠨᠢ ᠡᠮᠦᠨ᠎ᠡ ᠨᠢ ᠳᠦᠷᠪᠡᠨ ᠭᠠᠷᠠᠬ᠎ᠠ ᠬᠤᠶᠢᠨ᠎ᠠ ᠨᠢ ᠨᠢᠭᠡ ᠭᠠᠷᠠᠬ᠎ᠠ ᠤᠷᠤᠭᠤᠯᠳᠠᠭ᠃ ᠴᠢᠳᠤᠷ ᠎ ᠤᠨ ᠭᠡᠮᠵᠢᠶ᠎ᠡ ᠪᠠᠷᠢᠮᠵᠢᠶ᠎ᠠ ᠶᠢ ᠳᠦᠭᠡ ᠰᠦᠭᠦᠮ ᠬᠤᠷᠤᠭᠤ ᠪᠠᠷ ᠭᠡᠮᠵᠢᠵᠤ ᠳᠤᠬᠢᠷᠠᠭᠤᠯᠳᠠᠭ ᠪᠦᠭᠡᠳ ᠵᠦᠪᠳᠠᠢ ᠳᠠᠯ᠎ᠠ ᠎ ᠶᠢᠨ ᠠᠯᠠᠭ᠎ᠠ ᠶᠢ ᠦᠯᠦ ᠮᠡᠳᠡᠭᠳᠡᠮ᠎ᠡ ᠦᠨᠳᠦᠷ ᠬᠢᠵᠤ ᠮᠤᠷᠢ ᠰᠤᠮᠤᠨ ᠳᠡᠭᠡᠷ᠎ᠡ ᠰᠢᠭᠡᠭᠦ ᠶᠢ ᠬᠢᠴᠢᠶᠡᠳᠡᠭ᠃4. ᠦᠷᠦᠭᠡᠯ᠃ ᠦᠷᠦᠭᠡᠯ ᠭᠡᠳᠡᠭ ᠨᠢ ᠠᠰᠯᠠᠭᠰᠠᠨ ᠬᠤᠶᠠᠷ ᠠᠯᠠᠭ᠎ᠠ ᠲᠠᠢ ᠴᠢᠳᠤᠷ ᠤᠨ ᠬᠢᠴᠡ ᠲᠠᠢ ᠪᠠᠷᠢᠶ᠎ᠠ᠃ ᠦᠷᠦᠭᠡᠯ ᠤᠨ ᠬᠤᠶᠢᠨ᠎ᠠ ᠡᠮᠦᠨᠡᠬᠢ ᠬᠤᠶᠠᠷ ᠠᠯᠠᠭ᠎ᠠ ᠳᠤ ᠳᠤᠰᠪᠦᠷᠢ ᠭᠠᠷᠠᠬ᠎ᠠ ᠲᠠᠢ ᠴᠦ ᠪᠠᠶᠢᠳᠠᠭ᠃5. ᠳᠤᠱᠠ᠃ ᠳᠤᠱᠠ ᠨᠢ ᠶᠠᠭ ᠯᠡ ᠴᠢᠳᠦᠷ ᠤᠨ ᠡᠮᠦᠨ᠎ᠡ ᠬᠤᠶᠠᠷ ᠠᠯᠭ᠎ᠠ ᠪᠢᠯᠡ᠃ ᠡᠭᠦᠨ ᠢ ᠳᠡᠮᠡᠭᠡ ᠦᠭᠡᠷ ᠲᠤ ᠤᠯᠠᠨ ᠭᠡᠷᠡᠭᠯᠡᠳᠡᠭ᠃ ᠴᠢᠳᠤᠷ᠂ ᠦᠷᠦᠭᠡᠯ᠂ ᠳᠤᠱᠠ ᠶᠢ ᠮᠤᠷᠢ ᠪᠠᠨ ᠢᠯᠠᠩᠭᠤᠶ᠎ᠠ ᠠᠪᠠ ᠭᠦᠷᠦᠭᠡ ᠳᠤ ᠶᠠᠪᠤᠬᠤ ᠎ ᠳᠠᠭᠠᠨ ᠪᠠᠭᠠᠨ᠎ᠠ᠂ ᠳᠡᠷᠭᠡ᠂ ᠤᠷᠭᠤᠮᠠᠯ ᠠᠴᠠ ᠤᠶᠠᠬᠤ᠂ ᠴᠤᠯᠪᠤᠭᠤᠷ ᠢᠶᠠᠷ ᠴᠤᠮᠤᠬᠤ ᠮᠡᠳᠤ ᠪᠠᠷ ᠠᠷᠭᠠᠯᠠᠳᠠᠭ ᠪᠢᠯᠡ 6. ᠡᠮᠡᠭᠡᠯ᠃ ᠡᠮᠡᠭᠡᠯ ᠤᠨ ᠪᠦᠷᠢᠯᠳᠦᠯ ᠳᠤ ᠭᠠᠨᠵᠤᠭ᠎ᠠ᠂ ᠵᠢᠷᠢᠮ᠂ ᠤᠯᠤᠩ᠂ ᠤᠭᠴᠤᠷᠭ᠎ᠠ᠂ ᠳᠤᠬᠤᠮ᠂ ᠭᠦᠯᠢᠮ᠂ ᠳᠦᠷᠦᠭᠡ ᠳᠡᠪᠭᠡᠭᠡᠷᠢ ︵ᠠᠨᠳᠠᠭᠠᠷᠢ᠂ ᠬᠠᠷᠠᠤ᠂ ᠤᠨᠵᠢᠭᠤᠷᠭ᠎ᠠ ᠭᠡᠵᠤ ᠠᠳᠠᠯᠢ ᠪᠤᠰᠤ ᠨᠡᠷᠡᠯᠡᠳᠡᠭ︶ ᠵᠡᠷᠭᠡ ᠪᠠᠶᠢᠳᠠᠭ᠃ ᠡᠮᠡᠭᠡᠯ ᠭᠡᠳᠦᠢ ᠪᠠᠷ ᠬᠤᠶᠠᠷ ᠪᠦᠭᠦᠷᠭᠡ᠂ ᠬᠤᠶᠠᠷ ᠬᠠᠪᠳᠠᠭᠠᠯᠢ ᠨᠢ ᠮᠤᠳᠤ ᠪᠤᠯᠪᠠᠴᠤ ᠨᠢ ᠪᠦᠷ ᠠᠷᠠᠰᠤ ︵ᠰᠤᠷ ᠪᠤᠯᠢᠭᠠᠷᠢ︶᠂ ᠳᠡᠮᠦᠷᠯᠢᠭ ︵ᠳᠡᠮᠦᠷ᠂ ᠵᠡᠰ᠂ ᠠᠯᠳᠠ᠂ ᠮᠦᠩᠭᠦ᠂ ᠭᠠᠤᠯᠢ︶᠂ ᠤᠩᠭᠠᠰᠤ ᠨᠤᠤᠰᠤ ᠪᠢᠯᠡ᠃ ᠡᠮᠡᠭᠡᠯ ᠎ ᠢ ᠭᠤᠤᠯᠳᠠᠭᠤ ᠬᠤᠰᠤ᠂ ᠤᠵᠢᠷᠭ᠎ᠠ ︵ᠤᠳᠠᠨ ᠮᠤᠳᠤᠨ ᠤ ᠬᠤᠵᠤᠤᠯ︶᠎ ᠪᠠᠷ ᠬᠢᠳᠡᠭ᠃ ᠭᠡᠪᠡᠴᠤ ᠵᠠᠷᠢᠮ ᠨᠢ ᠭᠤᠶᠤ ᠰᠠᠶᠢᠬᠠᠨ ᠢ ᠡᠷᠬᠢᠮᠯᠡᠨ ᠽᠠᠨᠳᠠᠨ ᠰᠤᠮᠤ᠂ ᠳᠠᠤᠯᠠᠢ ᠶᠢᠨ ᠪᠦᠭᠡᠷ᠎ᠡ ᠪᠠᠷ ᠬᠢᠳᠡᠭ ᠪᠤᠶᠤ ᠭᠦᠩᠭᠡᠨ ᠢ ᠪᠤᠳᠤᠵᠤ ᠬᠠᠷ᠎ᠠ ᠳᠤᠮ ᠢᠶᠠᠷ ᠴᠦ ᠬᠢᠳᠡᠭ᠃ ᠡᠮᠡᠭᠡᠯ ᠤᠨ ᠭᠡᠯᠪᠡᠷᠢ ᠤᠯᠠᠨ ᠵᠦᠢᠯ ᠪᠠᠶᠢᠳᠠᠭ᠃ ᠳᠤᠯᠤᠨᠠᠭᠤᠷ ᠮᠠᠶ᠋ᠢᠭ ᠤᠨ ᠦᠷᠭᠡᠨ ᠪᠦᠭᠦᠷᠭᠡ ᠲᠠᠢ ᠠᠭᠤᠵᠢᠮ ᠰᠠᠭᠤᠳᠠᠯᠳᠤ ᠡᠮᠡᠭᠡᠯ᠂ ᠬᠤᠷᠴᠢᠨ ᠮᠠᠶ᠋ᠢᠭ ᠤᠨ ᠭᠤᠵᠤᠭᠤᠷ ᠪᠦᠭᠦᠷᠭᠡᠳᠤ ᠢᠪᠴᠤᠤ ᠰᠠᠭᠤᠳᠠᠯᠳᠤ ᠡᠮᠡᠭᠡᠯ᠂ ᠦᠵᠦᠮᠦᠴᠢᠨ ᠮᠠᠶ᠋ᠢᠭ ᠤᠨ ᠦᠨᠳᠦᠷ ᠪᠦᠭᠦᠷᠭᠡᠳᠤ ᠪᠤᠰᠤᠭ᠎ᠠ ᠰᠠᠭᠤᠳᠠᠯᠳᠤ ᠡᠮᠡᠭᠡᠯ᠂ ᠠᠪᠠᠭ᠎ᠠ ᠮᠠᠶ᠋ᠢᠭ ᠤᠨ ᠨᠠᠢᠮᠠᠨᠳᠠᠢ ᠡᠮᠡᠭᠡᠯ ︵ᠬᠤᠶᠠᠷ ᠪᠦᠭᠦᠷᠭᠡ ᠨᠢ ᠳᠦᠷᠪᠡᠯᠵᠢᠨ ᠪᠦᠭᠡᠳ ᠪᠤᠰᠤᠭ᠎ᠠ᠂ ᠰᠠᠭᠤᠳᠠᠯ ᠨᠢ ᠴᠢᠬᠤᠯ ᠨᠠᠷᠢᠨ︶᠂ ᠡᠷᠳᠡᠨ ᠤ ᠮᠠᠶ᠋ᠢᠭ ᠤᠨ ᠵᠢᠭᠠᠰᠤᠨ ᠬᠠᠶᠢᠷᠰᠤᠳᠤ ᠡᠮᠡᠭᠡᠯ ︵ᠬᠤᠶᠠᠷ ᠪᠦᠭᠦᠷᠭᠡ᠂ ᠬᠤᠶᠠᠷ ᠬᠠᠪᠳᠠᠭᠠᠯᠢ ᠶᠢᠨ ᠭᠠᠳᠠᠷ ᠳᠠᠯ᠎ᠠ ᠶᠢᠨ ᠢᠯᠡ ᠨᠢᠭᠤᠷ ᠢ ᠵᠢᠭᠠᠰᠤᠨ ᠬᠠᠶᠢᠷᠰᠤ ᠮᠡᠳᠤ ᠪᠠᠷ ᠭᠠᠳᠠᠷᠯᠠᠭᠰᠠᠨ ᠡᠮᠡᠭᠡᠯ᠂ ᠵᠠᠷᠢᠮ ᠨᠢ ᠪᠠᠰᠠ ᠱᠠᠫᠢ ᠡᠮᠡᠭᠡᠯ ᠴᠦ ᠭᠡᠳᠡᠭ︶ ᠵᠡᠷᠭᠡ ᠪᠤᠢ᠃ ᠪᠠᠭᠠᠷᠢᠨᠴᠤᠳ ᠦᠷᠭᠡᠨ ᠪᠦᠭᠦᠷᠭᠡ ᠲᠠᠢ᠂ ᠠᠭᠤᠵᠢᠮ ᠰᠠᠭᠤᠳᠠᠯ ᠲᠠᠢ ᠡᠮᠡᠭᠡᠯ ᠳᠤ ᠳᠤᠷᠠᠳᠠᠢ ᠪᠠᠶᠢᠳᠠᠭ᠂ ᠳᠡᠷᠡᠴᠢᠯᠡᠨ ᠪᠤᠳᠤᠭ ᠦᠭᠡᠢ ᠴᠠᠭᠠᠨ ᠡᠮᠡᠭᠡᠯ ᠢ ᠶᠡᠭᠡ ᠳᠤᠭᠤᠳᠠᠭ᠃ ᠡᠮᠡᠭᠡᠯ ᠵᠠᠰᠠᠬᠤ ᠭᠡᠳᠡᠭ ᠨᠢ ᠮᠠᠯᠴᠢᠳ ᠤᠨ ᠶᠡᠭᠡ ᠠᠵᠤ᠃ ᠭᠦᠦ ᠪᠠᠨ ᠭᠡᠷᠯᠡᠭᠦ ᠳᠤ ᠵᠠᠪᠠᠯ ᠰᠢᠨ᠎ᠡ ᠭᠡᠷ ᠪᠠᠷᠢᠵᠤ ᠰᠢᠨ᠎ᠡ ᠡᠮᠡᠭᠡᠯ ᠵᠠᠰᠠᠳᠠᠭ᠃ ᠮᠤᠳᠤᠨ ᠡᠮᠡᠭᠡᠯ ᠢᠶᠠᠨ ᠦᠪᠡᠷ ᠢᠶᠠᠨ ᠭᠡᠭᠦ ᠪᠤᠶᠤ ᠬᠤᠳᠠᠯᠳᠤᠨ ᠠᠪᠴᠢᠷᠠᠮᠠᠭᠴᠠ ᠦ ᠰᠡᠪ ᠎ ᠢ ᠨᠢ ᠳᠠᠷᠤᠵᠤ᠂ ᠵᠢᠭᠠᠰᠤᠨ ᠴᠠᠪᠠᠤ ᠴᠢᠨᠠᠵᠤ ᠴᠤᠯᠭᠤᠢ ᠪᠤᠶᠤ ᠪᠤᠯᠢᠭᠠᠷᠢ ᠪᠠᠷ ᠨᠠᠭᠠᠭᠰᠠᠨ ᠤ ᠳᠠᠷᠠᠭ᠎ᠠ ᠦᠭᠡᠳᠡᠩ᠂ ᠴᠢᠮᠪᠠ᠂ ᠪᠤᠯᠢᠭᠠᠷᠢ ᠪᠠᠷ ᠳᠡᠪᠢᠰᠦᠯᠡᠳᠡᠭ᠃ ᠤᠯᠠᠭᠠᠨ ᠰᠢᠷ ᠢᠶᠠᠷ ᠬᠤᠶᠠᠷ ᠪᠦᠭᠦᠷᠭᠡ ᠪᠠ ᠬᠠᠪᠳᠠᠭᠠᠯᠢ ᠶᠢᠨ ᠢᠯᠡ ᠨᠢᠭᠤᠷ ᠢ ᠰᠢᠷᠳᠡᠳᠡᠭ᠃ ᠡᠮᠡᠭᠡᠯ ᠢ ᠮᠦᠩᠭᠦ ᠪᠤᠶᠤ ᠭᠠᠤᠯᠢ ᠪᠠᠷ ᠭᠦᠪᠡᠭᠡᠯᠡᠳᠡᠭ᠃ ᠢᠩᠬᠢᠭᠰᠡᠨ ᠤ ᠳᠠᠷᠠᠭ᠎ᠠ ᠳᠦᠷᠦᠭᠡ ᠂ ᠭᠠᠨᠵᠤᠭ᠎ᠠ᠂ ᠵᠢᠷᠢᠮ ᠤᠨ ᠨᠦᠭᠡ ᠶᠢ ᠵᠠᠰᠠᠵᠤ ᠳᠤᠰ ᠳᠤᠰ ᠲᠤᠨᠢ ᠳᠤᠬᠢᠷᠠᠮᠵᠢᠳᠠᠢ ᠪᠤᠯᠭᠠᠭᠠᠳ ᠪᠦᠭᠡᠯᠢᠭ ᠤᠭᠴᠤᠷᠭ᠎ᠠ᠂ ᠭᠦᠷᠦᠮᠡᠯ ᠬᠤᠶᠠᠷ ᠵᠢᠷᠢᠮ ︵ᠵᠠᠷᠢᠮ ᠨᠢ ᠭᠤᠶᠤ ᠶᠢ ᠡᠷᠬᠢᠯᠡᠨ ᠰᠠᠴᠤᠭ ᠲᠠᠢ ᠢᠯᠡᠭᠦᠦ ᠳᠦᠷᠪᠡᠨ ᠵᠢᠷᠢᠮ ᠬᠢᠳᠡᠭ︶᠂ ᠤᠶᠤᠮᠠᠯ ᠬᠤᠶᠠᠷ ᠤᠯᠤᠩ᠂ ᠳᠤᠭ᠎ᠠ ᠳᠡᠩᠴᠡᠩᠰᠡᠨ ᠭᠠᠨᠵᠤᠭ᠎ᠠ ︵ᠨᠠᠢᠮᠠ᠂ ᠠᠷᠪᠠᠨ ᠵᠢᠷᠭᠤᠭ᠎ᠠ᠂ ᠬᠤᠷᠢᠨ ᠳᠦᠷᠪᠡ᠂ ᠭᠤᠴᠢᠨ ᠬᠤᠶᠠᠷ︶ ᠳᠠᠭᠠᠷᠠᠭᠤᠯᠳᠠᠭ᠃7. ᠳᠠᠰᠢᠭᠤᠷ᠃ ᠮᠤᠷᠢᠨ ᠳᠤ ᠪᠤᠭᠤᠨᠢ ᠪᠦᠷᠡᠭᠡ ᠲᠠᠢ ᠰᠤᠷ ᠳᠠᠰᠢᠭᠤᠷ ᠪᠠᠷᠢᠳᠠᠭ᠃ ᠦᠭᠡᠷ ᠤᠨ ᠡᠳ᠋ᠯᠡᠯ ᠦᠭᠡᠷ ᠢ ᠶᠡᠷᠦ ᠭᠦᠯᠵᠤ ᠡᠳ᠋ᠯᠡᠳᠡᠭ ᠳᠤᠯᠠ ᠳᠦᠷᠦ ︵ᠡᠪᠡᠷᠯᠡᠭᠡ᠂ ᠨᠤᠭᠳᠤ︶᠂ ᠴᠦᠷᠭᠡ᠂ ᠳᠤᠱᠠ ᠵᠡᠷᠭᠡ ᠳᠡᠭᠡᠰᠤ ᠪᠤᠬᠢ ᠶᠢ ᠯᠡ ᠵᠠᠷᠤᠳᠠᠭ᠃ ︵ᠠᠶᠠᠨ ᠵᠢᠩ ᠤᠨ ᠪᠦᠯᠦᠭ ᠲᠤ ᠦᠵᠡ︶ ᠳᠤᠭᠤᠯ ᠪᠢᠷᠠᠭᠤ ᠳᠤ ᠤᠩᠭᠠᠰᠤ ᠬᠢᠯᠠᠰᠤ ᠪᠠᠷ ᠰᠡᠳᠡᠷ ᠰᠢᠭ ᠭᠦᠵᠦᠭᠦᠪᠴᠢ ᠬᠢᠳᠡᠭ᠃ ᠵᠠᠷᠢᠮ ᠪᠢᠷᠠᠭᠤ ᠶᠢᠨ ᠡᠭᠡ ᠎ ᠪᠠᠨ ᠭᠦᠭᠦᠭᠦ ᠶᠢ ᠬᠢᠴᠢᠶᠡᠨ ᠬᠠᠮᠠᠷ ᠲᠤᠨᠢ ᠮᠤᠳᠤ᠂ ᠵᠠᠷᠠᠭ᠎ᠠ ᠶᠢᠨ ᠠᠷᠠᠰᠤ ᠪᠠᠷ ᠱᠦᠷᠬᠡ ᠪᠤᠷᠤᠭ ᠬᠢᠳᠡᠭ᠃ ᠪᠠᠭ᠎ᠠ ᠨᠠᠰᠤᠨ ᠤ ᠭᠦᠯᠪᠦᠷᠢ ᠳᠤ᠂ ᠡᠬᠢᠯᠡᠵᠤ ᠰᠤᠷᠭᠠᠬᠤ ᠦᠭᠡᠢ ︵ᠬᠢᠵᠠᠯᠠᠩ᠂ ᠰᠤᠶᠤᠭᠠᠯᠠᠩ︶᠎ ᠢ ᠠᠷᠠᠯᠳᠠᠬᠤ ᠎ ᠠᠴᠠ ᠡᠮᠦᠨ᠎ᠡ ᠬᠤᠤᠰᠯᠠᠬᠤ ᠳᠤ ᠳᠤᠰᠬᠠᠢ ᠪᠤᠭᠤᠯᠠᠭ᠎ᠠ ᠳᠡᠭᠡᠰᠤ ᠭᠡᠷᠡᠭᠯᠡᠳᠡᠭ᠃ ᠳᠡᠮᠡᠭᠡᠨ ᠤ ᠡᠳ᠋ᠯᠡᠯ ᠳᠡᠮᠡᠭᠡ ᠶᠢ ᠤᠨᠤᠬᠤ᠂ ᠭᠦᠯᠢᠭᠦ᠂ ᠠᠴᠢᠯᠭ᠎ᠠ ᠳᠡᠭᠡᠭᠡᠪᠦᠷᠢ ᠳᠤ ᠠᠰᠢᠭᠯᠠᠳᠠᠭ ᠳᠤᠯᠠ ᠨᠤᠭᠳᠤ᠂ ᠳᠤᠱᠠ᠂ ᠪᠤᠷᠠᠨᠳᠠᠭ᠂ ᠬᠤᠮ᠂ ᠳᠡᠭᠡᠰᠤ᠂ ᠳᠤᠬᠤᠰᠢ᠂ ᠦᠨᠳᠦᠷ ᠭᠦᠷᠳᠤ ᠲᠠᠢ ᠠᠷᠠᠯᠳᠤ ᠳᠡᠷᠭᠡ ᠵᠡᠷᠭᠡ ᠠᠴᠠ ᠦᠭᠡᠷ᠎ᠡ ᠤᠯᠠᠨ ᠵᠢᠯ ᠤᠨ ᠡᠳ᠋ᠯᠡᠯ ᠭᠡᠷᠡᠭᠯᠡᠳᠡᠭ ᠦᠭᠡᠢ᠃ ᠪᠠᠭᠠᠷᠢᠨ ᠳᠤ ᠶᠡᠷᠦ ᠳᠡᠮᠡᠭᠡ ᠴᠦᠭᠡᠨ ᠪᠤᠯᠬᠤᠷ ᠳᠡᠷᠡ ᠨᠢ ᠡᠷᠭᠡᠳᠤ ᠮᠠᠯ ᠪᠢᠯᠡ᠃ ᠪᠠᠭᠠᠷᠢᠨ ᠤ ᠵᠡᠭᠦᠨ ᠡᠮᠦᠨᠡᠳᠤ ᠭᠡᠰᠡᠭ ᠤᠨ ᠨᠠᠢᠮᠠᠨ ᠰᠤᠮᠤ ᠶᠢᠨ ᠨᠤᠳᠤᠭ ᠲᠤ ᠳᠡᠮᠡᠭᠡ ᠨᠡᠯᠢᠶᠡᠳ ᠪᠠᠶᠢᠳᠠᠭ ᠪᠠ ᠳᠡᠮᠡᠭᠡ ᠶᠢ ᠰᠠᠭᠠᠬᠤ ᠳᠠᠭᠠᠨ ᠤᠷᠳᠤ ᠤᠭᠤᠰᠤᠷ ᠲᠠᠢ ᠠᠭᠠᠷᠠᠤ ︵ᠮᠤᠳᠤᠨ ᠰᠠᠭᠤᠯᠭ᠎ᠠ︶᠎ ᠶᠢ ᠭᠦᠵᠦᠭᠦᠨ ᠠᠴᠠ ᠪᠠᠨ ᠡᠯᠭᠦᠵᠤ ᠵᠤᠭᠰᠤᠵᠤ ᠪᠠᠶᠢᠭᠠᠳ ᠳᠡᠮᠡᠭᠡ ᠪᠠᠨ ᠰᠠᠭᠠᠳᠠᠭ᠃ ᠪᠤᠭ ᠮᠠᠯ ᠤᠨ ᠡᠳ᠋ᠯᠡᠯ ᠪᠤᠭ ᠮᠠᠯ ᠡᠳ᠋ᠯᠡᠯ ᠦᠭᠡᠢ᠂ ᠵᠦᠪᠬᠡᠨ ᠤᠩᠭᠠᠰᠤ ᠬᠢᠯᠭᠠᠰᠤᠨ ᠳᠡᠭᠡᠰᠤ ᠳᠡᠳᠦᠶᠢᠯᠡ ᠪᠢᠯᠡ᠃ ᠡᠨᠡ ᠡᠷᠡᠨ ᠪᠤᠯᠳᠠᠯ᠎ᠠ ᠪᠠᠭᠠᠷᠢᠨᠴᠤᠳ ᠬᠤᠨᠢ ᠶᠢ ᠬᠤᠯᠪᠤᠨ ᠰᠠᠭᠠᠵᠤ ᠪᠠᠶᠢᠭᠰᠠᠨ ᠪᠦᠭᠡᠳ ᠳᠦᠯ ᠢ ᠵᠠᠳᠠᠭᠠᠢ ᠳᠤᠰᠴᠤ ᠪᠠᠶᠢᠭᠰᠠᠨ ᠢᠶᠠᠨ ᠬᠤᠳᠠᠯᠠᠨ ᠠᠷᠠᠴᠢᠯᠠᠵᠤ ᠭᠠᠷᠳᠠᠨ ᠳᠤᠰᠬᠤᠨ ᠪᠤᠯᠤᠭᠰᠠᠨ ᠠᠴᠠ ᠨᠠᠰᠢ ᠤᠭᠵᠢᠬᠤ᠂ ᠭᠤᠯᠤᠩᠬᠠᠢ ᠶᠢ ᠠᠪᠬᠠᠭᠤᠯᠬᠤ ᠎ ᠠᠴᠠ ᠦᠭᠡᠷ᠎ᠡ ᠨᠠᠷᠢᠨ ᠪᠡᠷᠭᠡ ᠠᠵᠤ ᠦᠩᠭᠡᠷᠡᠵᠤ ᠪᠢᠯᠡ᠃ ᠬᠠᠷᠢᠨ ᠢᠮ ᠳᠡᠮᠳᠡᠭ ᠳᠠᠯᠪᠢᠬᠤ ᠶᠠᠪᠤᠳᠠᠯ ᠤᠯᠠᠰᠢᠷᠠᠵᠠᠢ᠃ ᠡᠯᠵᠢᠭᠡ ᠯᠠᠭᠤᠰᠠ ᠶᠢ ᠡᠨᠡ ᠵᠠᠭᠤᠨ ᠤ ᠬᠤᠷᠢᠭᠠᠳ ᠤᠨ ᠪᠤᠯᠳᠠᠯ᠎ᠠ ᠡᠳ᠋ᠯᠡᠵᠤ ᠪᠠᠶᠢᠭᠰᠠᠨ ᠦᠭᠡᠢ ᠳᠤᠯᠠ ᠳᠡᠭᠦᠨ ᠳᠤ ᠳᠤᠬᠢᠷᠠᠭᠰᠠᠨ ᠳᠤᠬᠢᠳᠠᠢ ᠪᠠᠭᠠᠵᠢ ᠦᠭᠡᠢ ᠪᠠᠶᠢᠪᠠ᠃
ᠢᠷᠡᠯᠲᠡ᠄ ᠪᠠᠭᠠᠷᠢᠨ ᠪᠠᠷᠠᠭᠤᠨ  ᠤ ᠰᠤᠶᠤᠯ ᠲᠡᠦᠬᠡ