ᠪᠠᠭᠠᠷᠢᠨᠴᠤᠳ ᠤᠨ ᠳᠡᠭᠡᠰᠤ ᠳᠠᠮᠤᠬᠤ ᠮᠡᠷᠭᠡᠰᠢᠯ ᠨᠢ ᠠᠯᠠᠭ᠎ᠠ ᠪᠠᠷ ᠢᠶᠠᠨ ᠳᠠᠮᠤᠬᠤ ᠪᠤᠶᠤ ᠡᠷᠬᠢᠭᠦᠯᠭᠡ ᠪᠠᠷ | ᠨᠡᠶᠢᠳᠭᠡᠳᠡᠭ ᠦᠪᠡᠷᠮᠢᠴᠡ ᠤᠨᠴᠠᠯᠢᠭ ᠲᠠᠢ᠃ | ᠳᠡᠳᠡ ᠳᠡᠭᠡᠰᠤ ᠶᠢ ᠭᠠᠷ ᠤᠨ ᠠᠯᠠᠭ᠎ᠠ ᠪᠠᠷ ᠢᠶᠠᠨ ᠠᠳᠠᠯᠢ ᠪᠤᠰᠤ ᠭᠡᠯᠪᠡᠷᠢ — ᠵᠡᠭᠦᠨ ᠪᠠᠷᠠᠭᠤᠨ᠂ ᠵᠦᠪ | ᠰᠤᠯᠤᠭᠠᠢ᠂ ᠨᠠᠷᠢᠨ ᠪᠦᠳᠦᠭᠦᠨ᠂ ᠦᠨᠳᠦᠷ ᠪᠤᠭᠤᠨᠢ ᠮᠡᠳᠤ ᠪᠠᠷ ᠳᠡᠩ ᠦᠩᠭᠡ ᠪᠤᠶᠤ ᠠᠯᠠᠭᠯᠠᠨ ᠰᠤᠯᠢᠵᠤ ᠳᠠᠮᠤᠳᠠᠭ | ᠃ | ᠭᠡᠷᠡᠭᠴᠡᠭᠡ ᠪᠠᠨ ᠦᠨᠳᠦᠰᠦᠯᠡᠨ ᠰᠠᠶᠢᠬᠠᠨ ᠪᠦᠭᠡᠳ ᠪᠠᠬᠢ ᠶᠢ ᠪᠤᠳᠤᠯᠬᠢᠯᠠᠵᠤ ᠨᠢᠭᠡᠮᠦᠰᠦᠨ᠂ ᠬᠤᠶᠠᠷᠮᠦᠰᠦᠨ᠂ | ᠭᠤᠷᠮᠤᠰᠤᠨ ᠢᠶᠠᠷ ᠮᠠᠯ ᠤᠨ ᠭᠦᠵᠦᠭᠦᠪᠴᠢ᠂ ᠨᠤᠭᠳᠤ ᠴᠦᠷᠭᠡ᠂ ᠭᠡᠷ ᠤᠨ ᠤᠭᠤᠰᠤᠷ᠂ ᠵᠡᠭᠡᠭ ᠪᠦᠰᠡᠯᠡᠭᠦᠷ᠂ | ᠮᠤᠳᠤᠨ ᠳᠡᠷᠭᠡᠨ ᠤ ᠳᠠᠷᠤᠭᠤᠯᠭ᠎ᠠ᠂ ᠳᠠᠳᠠᠯᠭ᠎ᠠ᠂ ᠬᠤᠳᠠᠷᠭ᠎ᠠ ᠵᠡᠷᠭᠡ ᠶᠢᠨ ᠭᠡᠭᠡᠵᠤ ᠪᠤᠰᠬᠤ᠂ ᠠᠯᠳᠠᠵᠤ ᠠᠰᠠᠬᠠᠬᠤ | ᠵᠦᠢᠯ ᠤᠨ ᠪᠤᠭᠤᠯᠳᠠ ᠪᠠᠬᠢᠯᠡᠯᠳᠡ ᠪᠤᠯᠭᠠᠨ᠂ ᠠᠩᠨᠠᠬᠤ᠂ ᠮᠠᠯᠵᠢᠬᠤ᠂ ᠠᠶᠠᠯᠠᠬᠤ ᠳᠠᠭᠠᠨ ᠠᠰᠢᠭᠯᠠᠳᠠᠭ᠃ | ᠳᠡᠭᠡᠰᠤ ᠳᠠᠮᠤᠬᠤ ᠪᠠ ᠮᠤᠰᠬᠢᠬᠤ ᠳᠠᠭᠠᠨ ᠮᠠᠯ ᠤᠨ ᠢᠶᠠᠨ ᠤᠩᠭᠠᠰᠤ᠂ ᠬᠢᠯᠭᠠᠰ᠂ ᠠᠷᠠᠰ ᠰᠢᠷᠢ᠂ ᠰᠢᠷᠪᠤᠰᠤ | ᠰᠢᠯᠢ ᠶᠢ ᠠᠰᠢᠭᠯᠠᠳᠠᠭ ᠢᠶᠠᠷ ᠪᠠᠷᠠᠬᠤ ᠦᠭᠡᠢ᠂ ᠳᠤᠷᠤᠰᠤᠳᠤ ᠤᠷᠭᠤᠮᠠᠯ ᠢ ᠠᠰᠢᠭᠯᠠᠵᠤ ᠡᠪᠳᠠᠢ ᠳᠠᠮᠤᠳᠠᠭ᠃ | ᠨᠢᠯᠬ᠎ᠠ ᠮᠠᠯ ᠤᠨ ᠡᠳ᠋ᠯᠡᠭᠡᠨ ᠤ ᠳᠡᠭᠡᠰᠤ ᠶᠢ ᠬᠤᠨᠢ᠂ ᠳᠡᠮᠡᠭᠡᠨ ᠤ ᠤᠩᠭᠠᠰᠤ ᠪᠠᠷ ᠳᠠᠮᠤᠵᠤ᠂ ᠨᠢᠭᠡᠮᠦᠰᠦᠨ | ᠪᠤᠶᠤ ᠬᠤᠶᠠᠷᠮᠤᠰᠤᠨ ᠢᠶᠠᠷ ᠬᠢᠳᠡᠭ᠃ ᠵᠢᠱᠢᠶᠡᠯᠡᠪᠡᠯ ᠳᠤᠭᠤᠯ ᠤᠨ ᠭᠦᠵᠦᠭᠦᠪᠴᠢ᠂ ᠰᠠᠭᠠᠯᠳᠠ ᠶᠢᠨ ᠳᠠᠳᠠᠭᠤᠷ᠂ | ᠤᠨᠠᠭᠠᠨ ᠤ ᠨᠤᠭᠳᠤ᠂ ᠪᠤᠭᠤᠳᠤ ᠶᠢᠨ ᠨᠤᠭᠳᠤ ᠵᠡᠷᠭᠡ ᠶᠢ ᠵᠦᠭᠡᠯᠡᠨ ᠡᠳ᠋ᠯᠡᠯ ᠢᠶᠠᠷ ᠬᠢᠳᠡᠭ ᠪᠦᠭᠡᠳ ᠪᠠᠰᠠ ᠬᠠᠷ᠎ᠠ | ᠵᠢᠰᠦᠮ ᠳᠤᠨᠢ ᠴᠠᠭᠠᠨ᠂ ᠤᠯᠠᠭᠠᠨ ᠵᠢᠰᠦᠮ ᠳᠤᠨᠢ ᠬᠠᠷ᠎ᠠ ᠶᠢ ᠳᠠᠭᠠᠷᠠᠭᠤᠯᠵᠤ᠂ ᠡᠯᠳᠡᠪ ᠦᠩᠭᠡ ᠶᠢᠨ ᠪᠦᠰ ᠤᠨ | ᠦᠭᠡᠳᠡᠰᠤ ᠬᠠᠪᠴᠢᠭᠤᠯᠤᠨ ᠡᠩᠭᠦᠷᠡᠶᠢᠯᠡᠳᠡᠭ᠃ | ᠬᠤᠨᠢᠨ ᠤ ᠬᠤᠯᠪᠤᠭᠠᠰᠤ᠂ ᠤᠨᠠᠭ᠎ᠠ ᠪᠤᠳᠤᠭ᠎ᠠ ᠶᠢᠨ ᠵᠠᠯ᠎ᠠ᠂ ᠠᠷᠭᠠᠮᠵᠢᠶ᠎ᠠ ᠶᠢ ᠴᠦ ᠭᠡᠮ ᠰᠡᠪ ᠪᠤᠯᠬᠤ ᠶᠢ | ᠬᠢᠴᠢᠶᠡᠨ ᠤᠩᠭᠠᠰᠤ ᠬᠢᠯᠭᠠᠰᠤ ᠶᠢᠨ ᠳᠡᠭᠡᠰᠤ ᠪᠤᠶᠤ ᠡᠯᠳᠡᠭᠰᠡᠨ ᠰᠤᠷ ᠢᠶᠠᠷ ᠳᠠᠮᠦᠷ ᠡᠷᠬᠢᠭᠦᠯᠭᠡ ᠲᠠᠢ ᠬᠢᠳᠡᠭ᠃ | ᠳᠠᠪᠤᠨ ᠬᠤᠰᠢᠭᠤ ᠮᠠᠯ ᠤᠨ ᠡᠳ᠋ᠯᠡᠭᠡᠨ ᠤ ᠳᠡᠭᠡᠰᠤ ᠪᠤᠬᠢ ᠪᠠ ᠤᠷᠭ᠎ᠠ ᠳᠠᠰᠢᠭᠤᠷ ᠲᠤ ᠶᠡᠷᠦ ᠤᠯᠤᠰᠤ | ᠳᠤᠷᠤᠰᠤᠨ ᠤ ᠵᠦᠢᠯ ᠤᠨ ᠳᠡᠭᠡᠰᠤ ᠶᠢ ᠭᠡᠷᠡᠭᠯᠡᠳᠡᠭ ᠦᠭᠡᠢ᠃ ᠵᠦᠪᠬᠡᠨ ᠨᠠᠮᠤᠭ ᠳᠠᠷᠢᠶ᠎ᠠ ᠳᠠᠷᠢᠬᠤ ᠳᠤ ᠪᠠᠬᠢ ᠶᠢ | ᠪᠤᠳᠤᠵᠤ᠂ ᠪᠤᠭᠤᠯᠠᠭ᠎ᠠ ᠶᠢᠨ ᠳᠡᠭᠡᠰᠤ ᠶᠢ ᠳᠡᠷᠡᠰᠤ ᠳᠤᠷᠤᠰᠤ ᠪᠠᠷ ᠳᠠᠮᠤᠵᠤ ᠵᠢᠳᠭᠦᠯᠭᠡ ᠶᠢᠨ ᠳᠡᠭᠡᠰᠤ ᠪᠤᠯᠭᠠᠳᠠᠭ᠃ | ᠳᠡᠯᠪᠡᠭᠡ ᠶᠢ ᠵᠠᠪᠠᠯ ᠤᠩᠭᠠᠰᠤ ᠪᠠᠷ ᠳᠠᠮᠤᠳᠠᠭ᠃ ᠳᠠᠳᠠᠯᠭ᠎ᠠ᠂ ᠳᠠᠷᠤᠭᠤᠯᠭ᠎ᠠ᠂ ᠠᠷᠭᠠᠮᠵᠢᠶ᠎ᠠ ᠶᠢᠨ ᠳᠡᠭᠡᠰᠤ ᠶᠢ ᠬᠠᠷᠢᠨ | ᠴᠢᠬᠢᠭ ᠰᠢᠭᠦᠳᠡᠷᠢ ᠳᠤ ᠴᠢᠩᠭᠠᠷᠠᠳᠠᠭ ᠤᠯᠤᠰᠤ ᠳᠤᠷᠤᠰᠤ ᠶᠢᠨ ᠳᠡᠭᠡᠰᠤ ᠶᠢ ᠭᠡᠷᠡᠭᠯᠡᠳᠡᠭ᠃ | ᠪᠠᠭᠠᠷᠢᠨᠴᠤᠳ ᠤᠨ ᠭᠡᠷᠡᠭᠯᠡᠭᠡᠨ ᠤ ᠳᠡᠭᠡᠰᠤ ᠶᠢᠨ ᠵᠦᠢᠯ ᠪᠠ ᠳᠡᠭᠡᠰᠤ ᠳᠠᠮᠤᠳᠠᠭ ᠠᠷᠭ᠎ᠠ ᠪᠠᠷ ᠨᠢ ᠢᠯᠭᠠᠪᠠᠯ | ᠳᠤᠤᠷᠠᠬᠢ ᠮᠡᠳᠤ | ᠤᠩᠭᠠᠰᠤᠨ ᠳᠡᠭᠡᠰᠤ — ᠡᠶᠢᠮᠦ ᠳᠡᠭᠡᠰᠤ ᠶᠢ ᠬᠤᠨᠢ ᠳᠡᠮᠡᠭᠡᠨ ᠤ ᠤᠩᠭᠠᠰᠤ ᠶᠢ ᠰᠡᠪᠭᠡᠶᠢᠳᠡᠯᠡ ᠰᠠᠪᠠᠵᠤ | ᠲᠦᠭᠦᠳᠡᠭᠯᠡᠨ ᠳᠠᠮᠤᠳᠠᠭ᠃ ᠭᠡᠭᠦ ᠳᠡᠭᠡᠨ ᠶᠠᠭᠤᠨ ᠤ ᠤᠩᠭᠠᠰ ᠪᠠᠷ ᠳᠠᠮᠤᠭᠰᠠᠨ ᠪᠤᠯ ᠳᠡᠷᠡᠭᠦ ᠨᠡᠷ᠎ᠡ ᠪᠠᠷ ᠨᠢ | ᠨᠡᠷᠡᠯᠡᠳᠡᠭ᠃ ᠵᠢᠱᠢᠶᠡᠯᠡᠪᠡᠯ᠄ ᠬᠤᠨᠢᠨ ᠳᠡᠭᠡᠰᠤ᠂ ᠳᠡᠮᠡᠭᠡᠨ ᠳᠡᠭᠡᠰᠤ ᠁ ᠭᠡᠭᠦ ᠮᠡᠳᠤ᠃ ᠤᠩᠭᠠᠰᠤᠨ ᠳᠡᠭᠡᠰᠤ | ᠪᠠᠷ ᠳᠤᠭᠤᠯ ᠤᠨ ᠭᠦᠵᠦᠭᠦᠪᠴᠢ᠂ ᠬᠤᠨᠢᠨ ᠤ ᠬᠤᠯᠪᠤᠭ᠎ᠠ ᠰᠠᠭᠠᠯᠳᠠ᠂ ᠦᠭᠡᠷ ᠤᠨ ᠳᠦᠷᠦ ᠴᠦᠷᠭᠡ᠂ ᠠᠨᠵᠢᠰᠤᠨ | ᠤ ᠳᠡᠯᠪᠡᠭᠡ᠂ ᠳᠡᠷᠭᠡᠨ ᠤ ᠬᠤᠳᠤᠷᠭ᠎ᠠ᠂ ᠪᠤᠬᠢ᠂ ᠳᠠᠳᠠᠯᠭ᠎ᠠ ᠬᠢᠳᠡᠭ᠃ ᠡᠮᠡᠭᠡᠯ ᠤᠨ ᠤᠯᠤᠩ ᠢ ᠪᠠᠷᠠᠭᠤᠨ ᠰᠤᠯᠤᠭᠠᠢ | ᠠᠯᠠᠭᠯᠠᠨ ᠳᠠᠮᠤᠵᠤ ᠤᠶᠤᠭᠠᠳ ᠬᠠᠪᠳᠠᠭᠠᠢ ᠬᠢᠳᠡᠭ᠃ | ᠰᠤᠷ ᠳᠡᠭᠡᠰᠤ — ᠪᠠᠰᠠ ᠰᠤᠷᠯᠠᠭ ᠭᠡᠳᠡᠭ᠃ ᠡᠶᠢᠮᠦ ᠳᠡᠭᠡᠰᠤ ᠶᠢ ᠦᠭᠡᠷ ᠤᠨ ᠡᠯᠳᠡᠭᠰᠡᠨ ᠰᠤᠷ᠂ ᠳᠡᠮᠡᠭᠡ | ᠶᠢᠨ ᠴᠤᠯᠭᠤᠢ ᠰᠢᠷᠢ ᠶᠢ ᠭᠡᠷᠡᠭᠴᠡᠭᠡ ᠶᠢ ᠱᠠᠭᠠᠷᠳᠠᠯᠭ᠎ᠠ ᠪᠠᠷ ᠳᠡᠩᠴᠡᠭᠦᠨ ᠵᠦᠰᠦᠵᠤ ᠳᠤᠰᠤᠯᠠᠭᠠᠳ ᠳ᠋ᠠᠩ ᠰᠤᠷ ᠢ | ᠢᠮᠠᠭᠠᠨ ᠡᠪᠡᠷ ᠤᠨ ᠨᠦᠭᠡᠳᠤ ᠭᠡᠪ ᠲᠤ ᠭᠡᠪᠰᠢᠭᠦᠯᠦᠨ ᠰᠠᠶᠢᠨ ᠢ ᠨᠢ ᠮᠤᠷᠢᠨ ᠤ ᠡᠳ᠋ᠯᠡᠯ ᠳᠤ ᠭᠡᠷᠡᠭᠯᠡᠵᠤ᠂ ᠨᠢᠮᠭᠡᠨ ᠢ | ᠨᠢ ᠬᠤᠶᠠᠷᠮᠤᠰᠤᠨ ᠪᠤᠶᠤ ᠭᠤᠷᠮᠤᠰᠤᠨ ᠮᠤᠰᠬᠢᠵᠤ᠂ ᠴᠢᠳᠦᠷ᠂ ᠳᠠᠳᠠᠯᠭ᠎ᠠ᠂ ᠳᠠᠷᠤᠭᠤᠯᠭ᠎ᠠ ᠵᠡᠷᠭᠡ ᠳᠤ ᠭᠡᠷᠡᠭᠯᠡᠳᠡᠭ᠃ | ᠳᠡᠮᠡᠭᠡᠨ ᠰᠢᠷᠢ ᠶᠢ ᠭᠤᠤᠯᠳᠠᠭᠤ ᠴᠤᠯᠭᠤᠢ ᠪᠠᠷ ᠨᠢ ᠵᠦᠰᠦᠵᠤ᠂ ᠬᠠᠨ᠎ᠠ ᠶᠢᠨ ᠦᠳᠡᠭᠡᠷᠢ᠂ ᠳᠠᠳᠠᠯᠭ᠎ᠠ ᠰᠤᠷᠯᠠᠭ | ᠬᠢᠳᠡᠭ᠃ ᠰᠤᠷ ᠤᠨ ᠵᠦᠢᠯ ᠤᠨ ᠡᠳ᠋ᠯᠡᠭᠡᠨ ᠤ ᠳᠡᠭᠡᠰᠤ ᠪᠠᠷᠢᠶ᠎ᠠ ᠳᠤ ᠮᠤᠰᠬᠢᠮᠠᠯ᠂ ᠰᠦᠯᠵᠢᠮᠡᠯ᠂ ᠭᠦᠷᠦᠮᠡᠯ ᠭᠡᠵᠤ | ᠭᠡᠳᠦᠨ ᠵᠦᠢᠯ ᠪᠠᠶᠢᠳᠠᠭ᠃ | ᠬᠢᠯᠭᠠᠰᠤᠨ ᠳᠡᠭᠡᠰᠤ — ᠡᠶᠢᠮᠦ ᠳᠡᠭᠡᠰᠤ ᠶᠢ ᠠᠳᠤᠭᠤᠨ ᠤ ᠳᠡᠯ ᠰᠡᠭᠦᠯ ᠢᠶᠠᠷ ᠳᠠᠮᠤᠳᠠᠭ᠃ ᠳᠡᠯ ᠰᠡᠭᠦᠯ ᠢ | ᠰᠠᠶᠢᠬᠠᠨ ᠤᠷᠠᠵᠤ᠂ ᠲᠦᠭᠦᠳᠡᠭᠯᠡᠭᠡᠳ ᠭᠡᠷᠡᠭᠴᠡᠭᠡ ᠳᠡᠭᠡᠨ ᠳᠤᠬᠢᠷᠠᠭᠤᠯᠤᠨ ᠤᠯᠠᠨ ᠵᠦᠢᠯ ᠤᠨ ᠳᠡᠭᠡᠰᠤ ᠤᠭᠤᠰᠤᠷ | ᠳᠠᠮᠤᠳᠠᠭ᠃ ᠰᠠᠶᠢᠬᠠᠨ ᠳᠠᠮᠤᠭᠰᠠᠨ ᠬᠢᠯᠭᠠᠰᠤᠨ ᠳᠡᠭᠡᠰᠤ ᠪᠠᠷ ᠳᠡᠭᠡᠪᠦᠷ ᠳᠤᠭᠤᠷᠭ᠎ᠠ ᠶᠢᠨ ᠢᠰᠡᠭᠡᠢ ᠳᠤ ᠭᠦᠪᠡᠭᠡ | ᠪᠠᠷᠢᠳᠠᠭ ᠪᠦᠭᠡᠳ ᠪᠤᠷᠤᠭᠤ ᠤᠰᠤᠨ ᠳᠤ ᠵᠠᠷᠤᠬᠤ ᠳᠤ ᠤᠯᠠᠮ ᠴᠢᠩᠭᠠᠷᠠᠳᠠᠭ᠃ ᠬᠢᠯᠭᠠᠰᠤᠨ ᠳᠡᠭᠡᠰᠤ ᠪᠠᠷ ᠮᠤᠩᠭᠤᠯ | ᠭᠡᠷ ᠤᠨ ᠤᠭᠤᠰᠤᠷ᠂ ᠪᠦᠰᠡᠯᠡᠭᠦᠷ᠂ ᠳᠡᠷᠭᠡᠨ ᠤ ᠳᠠᠳᠠᠯᠭ᠎ᠠ ᠬᠢᠳᠡᠭ᠃ | ᠤᠷᠭᠤᠮᠠᠯ ᠤᠨ ᠳᠡᠭᠡᠰᠤ — ᠤᠷᠤᠨ ᠨᠤᠳᠤᠭ ᠲᠠᠭᠠᠨ ᠤᠷᠭᠤᠳᠠᠭ ᠳᠤᠷᠤᠰᠤᠯᠢᠭ ᠤᠷᠭᠤᠮᠠᠯ᠂ ᠳᠠᠷᠤᠢ | ᠵᠡᠷᠯᠢᠭ ᠤᠯᠤᠰᠤ᠂ ᠳᠠᠷᠠᠰᠤ᠂ ᠠᠯᠳᠠᠭᠠᠨ᠎ᠠ ᠶᠢᠨ ᠦᠨᠳᠦᠰᠤ᠂ ᠰᠤᠯᠢ᠂ ᠦᠯᠦᠨ ᠴᠠᠭᠠᠨ ᠮᠡᠳᠤ ᠶᠢ ᠦᠪᠡᠷᠳᠡᠭᠡᠨ | ᠪᠤᠯᠪᠠᠰᠤᠷᠠᠭᠤᠯᠤᠨ ᠳᠡᠭᠡᠰᠤ ᠪᠤᠬᠢ ᠳᠠᠮᠤᠵᠤ ᠠᠰᠢᠭᠯᠠᠳᠠᠭ ᠪᠢᠯᠡ᠃ ᠤᠯᠤᠰᠤᠨ ᠳᠡᠭᠡᠰᠤ ᠶᠢ ᠪᠤᠯ ᠭᠡᠭᠡᠷ᠎ᠡ ᠶᠢᠨ | ᠤᠯᠤᠰᠤ ᠪᠤᠯᠪᠠᠰᠤᠷᠠᠮᠠᠭᠴᠠ ᠬᠠᠳᠤᠵᠤ ᠠᠪᠤᠭᠠᠳ᠂ ᠦᠷ᠎ᠡ ᠪᠠᠷ ᠨᠢ ᠳᠤᠰᠤ ᠭᠠᠷᠭᠠᠨ᠂ ᠳᠡᠷᠭᠡ ᠪᠠᠨ ᠳᠤᠰᠤᠯᠠᠵᠤ᠂ | ᠡᠰᠢ ᠶᠢ ᠨᠢ ᠳᠤᠯᠠᠭᠠᠨ ᠴᠠᠭ ᠲᠤ ᠭᠤᠤᠯ ᠨᠠᠭᠤᠷ ᠲᠤ ᠪᠤᠯᠠᠵᠤ ᠪᠤᠯᠪᠠᠰᠤᠷᠠᠭᠤᠯᠤᠭᠠᠳ ᠬᠠᠯᠢᠰᠤ ᠶᠢ ᠨᠢ | ᠰᠠᠯᠪᠠᠷᠠᠭᠤᠯᠤᠨ ᠱᠠᠭᠠᠯᠵᠤ ᠳᠡᠭᠡᠰᠤ ᠳᠦᠷᠦ ᠳᠠᠮᠤᠳᠠᠭ᠃ ᠳᠡᠷᠡᠰᠦᠨ ᠳᠡᠭᠡᠰᠤ ᠪᠤᠯ ᠨᠠᠮᠤᠷ ᠬᠠᠪᠤᠷ ᠤᠨ ᠳᠤᠬᠢᠳᠠᠢ | ᠴᠠᠭ ᠲᠤ ᠳᠡᠷᠡᠰᠤ ᠶᠢ ᠬᠠᠳᠤᠵᠤ ᠠᠪᠤᠭᠠᠳ ᠳᠠᠮᠤᠳᠠᠭ᠃ ᠪᠠᠭᠠᠷᠢᠨ ᠳᠤ ᠳᠡᠷᠡᠰᠤ ᠰᠠᠶᠢᠨ ᠤᠷᠭᠤᠳᠠᠭ᠃ ᠨᠡᠩ | ᠬᠤᠩᠭᠤᠷ ᠤᠨ ᠦᠬᠢᠨ ᠴᠠᠭᠠᠨ ᠳᠠᠷᠠᠰᠤ ᠭᠡᠪᠡᠯ ᠬᠤᠰᠢᠭᠤ ᠴᠢᠭᠤᠯᠭᠠᠨ ᠳᠤ ᠠᠯᠳᠠᠷ ᠲᠠᠢ᠃ ᠳᠡᠮᠡᠭᠡ ᠤᠷᠤᠭᠠᠳ | ᠪᠠᠷ᠎ᠠ ᠦᠭᠡᠢ ᠦᠨᠳᠦᠷ ᠤᠷᠭᠤᠳᠠᠭ᠃ ᠳᠠᠷᠠᠰᠤ ᠪᠠᠨ ᠮᠤᠳᠤ ᠰᠢᠳᠠᠮ ᠢᠶᠠᠷ ᠴᠢᠯᠠᠭᠤᠨ ᠳᠡᠭᠡᠷ᠎ᠡ ᠵᠠᠨᠴᠢᠵᠤ | ᠪᠡᠯᠪᠡᠯᠤᠭᠠᠳ ᠤᠰᠤᠨ ᠳᠤ ᠳᠡᠪᠳᠦᠭᠡᠵᠤ᠂ ᠠᠯᠠᠭ᠎ᠠ ᠪᠠᠷ ᠢᠶᠠᠨ ᠳᠡᠭᠡᠰᠤ ᠳᠠᠮᠤᠳᠠᠭ᠃ ᠳᠠᠷᠠᠰᠤᠨ ᠳᠡᠭᠡᠰᠤ ᠨᠢ ᠴᠢᠬᠢᠭ | ᠨᠤᠶᠢᠳᠠᠨ ᠳᠤ ᠨᠡᠩ ᠪᠦᠭᠡ ᠪᠠᠶᠢᠳᠠᠭ᠃ ᠳᠠᠷᠠᠰᠤᠨ ᠳᠡᠭᠡᠰᠤ ᠪᠠᠷ ᠨᠠᠮᠤᠭ ᠳᠠᠷᠢᠶ᠎ᠠ ᠶᠢᠨ ᠠᠨᠵᠢᠰᠤᠨ ᠳᠡᠭᠡᠰᠤ᠂ ᠵᠤᠨ | ᠨᠠᠮᠤᠷ ᠤᠨ ᠠᠶᠠᠨ ᠳᠡᠷᠭᠡᠨ ᠤ ᠳᠠᠳᠠᠯᠭ᠎ᠠ ᠬᠢᠳᠡᠭ᠃ ᠡᠪᠡᠰᠤ ᠮᠤᠳᠤ ᠳᠡᠭᠡᠭᠡᠭᠦ ᠳᠤ ᠭᠤᠤᠯᠳᠠᠭᠤ ᠳᠠᠷᠠᠰᠤᠨ ᠳᠠᠳᠠᠯᠭ᠎ᠠ | ᠪᠠᠷ ᠳᠠᠷᠤᠭᠤᠯᠭ᠎ᠠ ᠪᠤᠯᠭᠠᠳᠠᠭ᠃ ᠡᠪᠡᠰᠦᠨ ᠳᠡᠭᠡᠰᠤ ᠶᠢ ᠪᠤᠯ ᠭᠤᠤᠯ ᠤᠨ ᠳᠤᠬᠤᠢ ᠳᠤ ᠤᠷᠭᠤᠳᠠᠭ ᠰᠤᠯᠢ᠂ ᠪᠤᠷᠤ | ᠵᠤ ᠭᠠᠵᠠᠷ ᠭᠠᠷᠳᠠᠭ ᠦᠯᠦᠨ ᠴᠠᠭᠠᠨ ︵ᠦᠨᠳᠦᠰᠦ︶ ᠢ ᠨᠤᠭᠤᠭᠠᠨ ᠳᠡᠭᠡᠷ᠎ᠡ ᠨᠢ ᠠᠪᠴᠤ᠂ ᠵᠠᠨᠴᠢᠬᠤ ᠪᠤᠶᠤ | ᠢᠩᠳᠡᠵᠤ ᠤᠩᠭᠠᠰᠤᠷᠠᠭᠤᠯᠤᠭᠠᠳ ᠳᠡᠭᠡᠰᠤ ᠳᠠᠮᠤᠵᠤ ᠮᠤᠳᠤᠨ ᠳᠡᠷᠭᠡᠨ ᠳᠤ ᠭᠡᠷᠡᠭᠯᠡᠳᠡᠭ᠃ ᠠᠯᠳᠠᠭᠠᠨ᠎ᠠ ᠶᠢᠨ | ᠳᠤᠷᠤᠰᠤᠨ ᠳᠡᠭᠡᠰᠤ ᠪᠤᠯ ᠮᠠᠩᠬᠠᠯᠢᠭ ᠭᠠᠵᠠᠷ ᠤᠷᠭᠤᠳᠠᠭ ᠠᠯᠳᠠᠭᠠᠨ᠎ᠠ ᠶᠢᠨ ᠦᠨᠳᠦᠰᠦᠨ ᠳᠤᠷᠤᠰᠤ ᠶᠢ ᠠᠪᠴᠤ | ᠦᠭᠦᠰᠢᠷᠡᠭᠦᠯᠦᠭᠡᠳ ᠳᠠᠮᠤᠵᠤ ᠪᠤᠯᠪᠠᠰᠤᠷᠠᠭᠤᠯᠳᠠᠭ᠃ ᠤᠷᠭᠤᠮᠠᠯ ᠤᠨ ᠳᠡᠭᠡᠰᠤ ᠪᠠᠷ ᠠᠷᠭᠠᠮᠵᠢᠶ᠎ᠠ ᠳᠠᠳᠠᠯᠭ᠎ᠠ ᠬᠢᠳᠡᠭ | ᠠᠴᠠ ᠪᠢᠰᠢ ᠳᠠᠪᠤᠨ ᠬᠤᠰᠢᠭᠤ ᠮᠠᠯ ᠤᠨ ᠤᠶᠠᠭ᠎ᠠ ᠪᠠᠷᠢᠶ᠎ᠠ᠂ ᠭᠡᠷ ᠤᠨ ᠭᠡᠷᠡᠭᠯᠡᠭᠡ ᠶᠢᠨ ᠪᠦᠰᠡᠯᠡᠭᠦᠷ ᠤᠭᠤᠰᠤᠷ᠂ | ᠡᠮᠡᠭᠡᠯ᠂ ᠳᠠᠰᠢᠭᠤᠷ᠂ ᠤᠷᠭ᠎ᠠ ᠶᠢᠨ ᠡᠳ᠋ᠯᠡᠯ ᠵᠡᠷᠭᠡ ᠳᠤ ᠤᠭᠳᠤ ᠭᠡᠷᠡᠭᠯᠡᠳᠡᠭ ᠦᠭᠡᠢ᠃ ᠭᠡᠷᠪᠡ ᠤᠯᠤᠰᠤ ᠡᠪᠡᠰᠦᠨ | ᠳᠡᠭᠡᠰᠤ ᠶᠢ ᠡᠮᠡᠭᠡᠯ ᠤᠨ ᠡᠳ᠋ᠯᠡᠯ ᠳᠤ ᠤᠷᠤᠭᠤᠯᠪᠠᠯ ︽ᠤᠯᠤᠰᠤᠨ ᠳᠡᠭᠡᠰᠦᠨ ᠤᠭᠤᠰᠤᠷ ᠲᠠᠢ᠂ ᠡᠪᠡᠰᠦᠨ ᠳᠡᠭᠡᠰᠦᠨ | ᠦᠵᠦᠭᠦᠷ ᠲᠠᠢ︾᠂ ︽ᠮᠤᠩᠭᠤᠯ ᠢᠶᠠᠨ ᠮᠤᠳᠤᠨ ᠳᠤ ᠡᠯᠭᠦᠭᠰᠡᠳ︾ ᠭᠡᠵᠤ ᠰᠤᠨᠵᠢᠳᠠᠭ᠃ | ᠳᠡᠭᠡᠰᠤ ᠭᠡᠳᠦᠶᠢᠪᠡᠷ ᠳᠤᠰᠠᠯᠠᠮᠵᠢ ᠶᠢᠨ ᠭᠡᠷᠡᠭᠰᠡᠯ ᠪᠤᠯᠪᠠᠴᠤ ᠳᠡᠭᠦᠨ ᠢ ᠳᠠᠮᠤᠬᠤ᠂ ᠨᠡᠶᠢᠳᠭᠡᠭᠦ᠂ ᠰᠦᠯᠵᠢᠭᠦ᠂ | ᠭᠦᠷᠦᠭᠦ ᠵᠡᠷᠭᠡ ᠳᠤ ᠳᠤᠬᠠᠶᠢᠯᠠᠭᠰᠠᠨ ᠮᠡᠷᠭᠡᠰᠢᠯ ᠪᠠᠶᠢᠳᠠᠭ᠃ ᠶᠡᠷᠦᠩᠭᠡᠢ ᠳᠡᠭᠡᠨ ᠤᠩᠭᠠᠰᠤ ᠬᠢᠯᠭᠠᠰᠤᠨ ᠳᠡᠭᠡᠰᠤ ᠶᠢ | ᠪᠦᠰᠡᠭᠦᠶᠢᠴᠤᠳ ᠭᠤᠤᠯᠳᠠᠭᠤ ᠳᠠᠮᠤᠵᠤ᠂ ᠠᠷᠠᠰᠤ ᠰᠢᠷᠪᠤᠰᠤ᠂ ᠡᠪᠡᠰᠤ ᠤᠷᠭᠤᠮᠠᠯ ᠤᠨ ᠳᠡᠭᠡᠰᠤ ᠶᠢ | ᠪᠦᠰᠡᠳᠠᠶᠢᠴᠤᠳ ᠦᠢᠯᠡᠳᠴᠤ ᠪᠠᠶᠢᠳᠠᠭ᠃ | ᠬᠠᠮᠤᠭ ᠳᠦᠷᠦᠭᠦᠨ ᠳᠤ ᠳᠡᠭᠡᠰᠤ ᠳᠠᠮᠤᠬᠤ ᠮᠠᠲ᠋ᠧᠷᠢᠶᠠᠯ ᠢᠶᠠᠨ ᠰᠠᠶᠢᠬᠠᠨ ᠡᠳ᠋ ᠪᠤᠯᠭᠠᠬᠤ ᠭᠡᠷᠡᠭᠳᠠᠢ᠃ | ᠵᠢᠱᠢᠶᠡᠯᠡᠪᠡᠯ ᠄ ᠤᠩᠭᠠᠰᠤ ᠬᠢᠯᠭᠠᠰᠤ ᠶᠢ ᠪᠤᠷᠴᠠ ᠦᠭᠡᠢ ᠰᠠᠶᠢᠬᠠᠨ ᠰᠠᠪᠠᠵᠤ ᠤᠷᠠᠬᠤ᠂ ᠠᠷᠠᠰᠤ ᠰᠢᠷᠢ ᠶᠢ ᠡᠯᠳᠡᠭᠦ᠂ | ᠰᠤᠷ ᠤᠨ ᠵᠤᠵᠠᠭᠠᠨ ᠨᠢᠮᠭᠡᠨ ᠢ ᠳᠡᠩᠴᠡᠭᠦᠯᠭᠦ᠂ ᠤᠯᠤᠰᠤ ᠶᠢ ᠢᠯᠵᠠᠷᠠᠯ ᠦᠭᠡᠢ ᠳᠠᠪᠳᠦᠭᠡᠵᠤ ᠡᠭᠡᠳᠡᠷᠡᠭᠡᠨ ᠦᠭᠡᠢ | ᠱᠠᠭᠠᠯᠬᠤ᠂ ᠳᠠᠷᠠᠰᠤ ᠡᠪᠡᠰᠤ ᠶᠢ ᠠᠯᠠᠭ ᠦᠭᠡᠢ ᠰᠠᠶᠢᠬᠠᠨ ᠵᠦᠭᠡᠯᠡᠷᠡᠭᠦᠯᠭᠦ ᠬᠡᠷᠡᠭᠳᠠᠢ᠃ ᠭᠡᠷᠪᠡ ᠡᠳᠡᠭᠡᠷ ᠢ ᠬᠢᠨᠠᠮᠠᠭᠠᠢ | ᠰᠠᠶᠢᠬᠠᠨ ᠳᠡᠩᠴᠡᠭᠦᠯᠭᠦ ᠦᠭᠡᠢ ᠪᠤᠯ ᠭᠡᠷᠡᠭᠯᠡᠭᠦ ᠳᠤ ᠭᠡᠪᠡᠷᠡᠭ ᠪᠤᠯᠴᠢᠬᠠᠳᠠᠭ ᠪᠦᠭᠡᠳ ᠦᠵᠡᠭᠦ ᠳᠤ ᠴᠦ ᠮᠠᠭᠤᠬᠠᠢ᠃ | ᠵᠢᠱᠢᠶᠡᠯᠡᠪᠡᠯ᠄ ᠬᠤᠶᠠᠷ ᠡᠷᠴᠢᠮ ᠳᠡᠩᠴᠡᠭᠦᠷᠢ ᠦᠭᠡᠢ᠂ ᠳᠦᠭᠦᠳᠡᠭ ᠨᠢ ᠪᠦᠳᠦᠭᠦᠨ ᠨᠠᠷᠢᠨ ᠲᠠᠢ᠂ ᠰᠤᠷ ᠵᠦᠰᠦᠮ | ᠨᠢ ᠵᠤᠵᠠᠭᠠᠨ ᠨᠢᠮᠭᠡᠨ ᠪᠤᠯ ︽ᠮᠤᠭᠠᠢ ᠮᠡᠯᠡᠭᠡᠢ ᠵᠠᠯᠬᠢᠭᠰᠠᠨ ᠳᠡᠭᠡᠰᠤ︾ ᠭᠡᠵᠤ ᠳᠤᠭᠤᠬᠢᠯᠠᠳᠠᠭ᠃ ᠢᠯᠠᠩᠭᠤᠶ᠎ᠠ | ᠭᠡᠳᠦᠨ ᠳᠦᠷᠦᠯ ᠤᠨ ᠮᠠᠯ ᠤᠨ ᠤᠩᠭᠠᠰᠤ ᠨᠤᠤᠰᠤ᠂ ᠬᠢᠯᠭᠠᠰᠤ ᠵᠤᠭᠳᠤᠷ ᠢ ᠬᠤᠯᠢᠵᠤ ᠳᠠᠮᠤᠬᠤ ᠳᠡᠭᠡᠰᠦᠨ ᠤ | ᠳᠡᠩᠴᠡᠭᠦᠨ ᠪᠠ ᠠᠯᠠᠭᠯᠠᠯ ᠢ ᠳᠤᠩ ᠠᠩᠬᠠᠷᠳᠠᠭ᠃ | ᠳᠡᠭᠡᠰᠦᠨ ᠳᠤ ᠪᠦᠷ ᠪᠦᠳᠦᠭᠦᠨ ᠨᠠᠷᠢᠨ᠂ ᠦᠨᠳᠦᠷ ᠪᠤᠭᠤᠨᠢ ᠶᠢᠨ ᠶᠤᠰᠤ ᠭᠤᠷᠢᠮ᠂ ᠭᠡᠮᠵᠢᠶ᠎ᠡ ᠳᠤᠮᠵᠢᠶ᠎ᠠ | ᠲᠠᠢ᠃ ᠳᠡᠭᠡᠰᠤ ᠬᠠᠭᠤᠴᠢᠷᠠᠭᠠᠳ ᠲᠠᠰᠤᠷᠠᠪᠠᠯ ᠵᠠᠩᠬᠢᠳᠴᠤ ᠵᠠᠯᠭᠠᠳᠠᠭ ᠦᠭᠡᠢ᠃ ᠬᠤᠶᠠᠷ ᠦᠵᠦᠭᠦᠷ ᠢ ᠰᠦᠭᠦᠮ | ᠬᠢᠷᠢ ᠵᠠᠳᠠᠯᠵᠤ ᠬᠤᠩᠬᠤᠴᠢᠯᠠᠨ ᠰᠦᠯᠵᠢᠵᠤ ᠵᠠᠯᠭᠠᠳᠠᠭ᠃ ᠡᠨᠡ ᠨᠢ ᠳᠤᠮᠳᠠ ᠪᠠᠨ ᠪᠠᠮᠪᠠᠶᠢᠳᠠᠭ ᠦᠭᠡᠢ ᠪᠦᠭᠡᠳ | ᠦᠵᠡᠭᠦ ᠳᠤ ᠡᠪᠳᠡᠢ᠂ ᠳᠡᠭᠦᠪᠡᠷ ᠢᠶᠠᠨ ᠳᠠᠬᠢᠵᠤ ᠲᠠᠰᠤᠷᠠᠳᠠᠭ ᠦᠭᠡᠢ ᠶᠤᠮ᠃ |