ᠪᠠᠭᠠᠷᠢᠨᠴᠤᠳ ᠰᠠᠭᠠᠯᠢ ᠶᠢᠨ ᠠᠷᠢᠬᠢ ᠨᠡᠷᠡᠭᠦ ᠶᠢ ᠳᠤᠭᠤᠭ᠎ᠠ ᠨᠡᠷᠡᠭᠦ ᠭᠡᠳᠡᠭ᠃ ᠳᠡᠳᠡ ᠭᠡᠭᠦᠦ ᠪᠠᠷᠢᠵᠤ ᠴᠡᠭᠡ | ᠭᠠᠷᠭᠠᠬᠤ ᠵᠠᠩᠰᠢᠯ ᠢᠶᠠᠨ ᠪᠠᠷᠤᠭ ᠴᠢᠩ ᠭᠦᠷᠦᠨ ᠤ ᠰᠡᠭᠦᠯᠴᠢ ᠦᠶ᠎ᠡ ᠪᠠᠷ ᠰᠠᠭᠤᠷᠢᠰᠢᠬᠤ ᠪᠤᠯᠤᠭᠰᠠᠨ ᠠᠴᠠ ᠨᠠᠰᠢ | ᠵᠤᠭᠰᠤᠭᠰᠠᠨ ᠪᠤᠯᠪᠠᠴᠤ ᠦᠨᠢᠶᠡᠨ ᠰᠦ ᠪᠠᠷ ᠳᠤᠭᠤᠭ᠎ᠠ ᠨᠡᠷᠡᠭᠦ ᠪᠠᠨ ᠳᠠᠰᠤᠭ ᠪᠤᠰᠠᠭ ᠵᠠᠯᠭᠠᠮᠵᠢᠯᠠᠭᠰᠠᠭᠠᠷ ᠢᠷᠡᠵᠠᠢ᠃ | ᠪᠠᠭᠠᠷᠢᠨᠴᠤᠳ ᠤᠨ ᠳᠤᠭᠤᠭ᠎ᠠ ᠨᠡᠷᠡᠭᠦ ᠨᠢ ᠦᠪᠡᠷᠮᠢᠴᠡ ᠤᠨᠴᠠᠯᠢᠭ ᠲᠠᠢ᠃ ᠳᠡᠳᠡᠭᠡᠷ ᠤᠨᠴᠠᠯᠢᠭ ᠢ | ᠪᠠᠭᠴᠠᠯᠠᠪᠠᠯ᠄ | ᠨᠢᠭᠡ ᠳᠤ᠂ ᠠᠶᠢᠷᠠᠭ ᠪᠦᠯᠢᠵᠤ ᠳᠤᠰᠤ ᠢᠯᠭᠠᠷᠠᠭᠤᠯᠤᠨ ᠠᠭᠠᠷᠴᠠᠨ ᠬᠤᠷᠤᠳ ᠬᠢᠳᠡᠭ ᠦᠭᠡᠢ᠂ ᠳᠦᠭᠦᠭᠡᠢ | ᠰᠦ ᠶᠢ ᠴᠢᠯᠠᠭᠤ ᠪᠤᠶᠤ ᠸᠠᠭᠠᠷ ᠤᠨ ᠰᠠᠪᠠ ᠳᠤ ᠳᠠᠯᠪᠢᠵᠤ ᠡᠭᠡᠳᠡᠭᠦᠯᠦᠭᠡᠳ ᠦᠷᠦᠮ᠎ᠡ ︵ᠵᠦᠭᠡᠭᠡᠢ︶ ᠶᠢ ᠨᠢ | ᠬᠠᠯᠮᠠᠵᠤ ᠠᠪᠤᠭᠰᠠᠨ ᠤ ᠳᠠᠷᠠᠭ᠎ᠠ ᠵᠦᠭᠡᠯᠡᠨ ᠭᠠᠯ ᠳᠡᠭᠡᠷ᠎ᠡ ᠡᠭᠡᠳᠡᠭᠰᠡᠨ ᠰᠦ ᠶᠢ ᠭᠦᠰᠢᠭᠡᠵᠤ ᠬᠤᠷᠤᠳ ᠬᠢᠳᠡᠭ᠃ | ᠬᠤᠷᠤᠳ ᠬᠢᠭᠰᠡᠨ ᠤ ᠳᠠᠷᠠᠭ᠎ᠠ ᠦᠯᠡᠳᠡᠭᠦ ᠰᠢᠷ᠎ᠠ ᠤᠰᠤ ᠶᠢ ᠳᠠᠪᠤᠤ ᠤᠭᠤᠳᠠᠨ ᠳᠤ ᠱᠦᠭᠦᠵᠤ ᠦᠳᠭᠡᠨ ᠢᠶᠠᠷ ᠨᠢ | ᠡᠭᠡᠵᠡᠭᠡᠢ᠂ ᠰᠢᠩᠭᠡᠨ ᠢᠶᠠᠷ ᠨᠢ ᠠᠶᠢᠷᠠᠭᠯᠠᠨ᠂ ᠠᠶᠢᠷᠠᠭ ᠢᠶᠠᠷ ᠨᠢ ᠳᠤᠭᠤᠭ᠎ᠠ ᠨᠡᠷᠡᠵᠤ ᠠᠭᠤᠷᠰᠢᠯ ᠢᠶᠠᠷ ᠰᠠᠭᠠᠯᠢ ᠶᠢᠨ | ᠠᠷᠢᠬᠢ ︵ᠮᠠᠯ ᠤᠨ ᠠᠷᠢᠬᠢ ᠴᠦ ᠭᠡᠳᠡᠭ︶ ᠭᠠᠷᠭᠠᠳᠠᠭ᠃ ᠦᠳᠭᠡᠨ ᠢ ᠨᠢ ᠱᠦᠭᠦᠮᠡᠯ ᠢᠶᠠᠷ ᠱᠦᠭᠦᠵᠤ ᠠᠭᠠᠷᠠᠤᠤᠯ | ᠪᠠᠵᠢᠵᠤ᠂ ᠰᠢᠩᠭᠡᠨ ᠢ ᠨᠢ ᠭᠠᠩ ᠰᠠᠪᠠ ᠳᠤ ᠰᠠᠪᠠᠭᠠᠯᠠᠭᠠᠳ ᠴᠠᠭ᠎ᠠ ᠪᠤᠯᠭᠠᠳᠠᠭ᠃ | ᠬᠤᠶᠠᠷ ᠲᠤ᠂ ᠳᠤᠭᠤᠭ᠎ᠠ ᠨᠡᠷᠡᠭᠦ ᠡᠷᠳᠡᠮ ᠮᠡᠷᠭᠡᠰᠢᠯ ᠢ ᠡᠭᠡᠴᠤᠤᠯ ᠡᠭᠡᠴᠢᠮᠡᠳ ᠤᠨ ᠢᠶᠠᠨ ᠰᠤᠷᠭᠠᠯ ᠢᠶᠠᠷ | ᠭᠡᠤᠭᠡᠳ ᠳᠡᠭᠦᠨᠠᠷ ᠨᠢ ᠴᠢᠷᠮᠠᠶᠢᠨ ᠡᠵᠡᠮᠰᠢᠳᠡᠭ ᠪᠤᠯᠬᠤᠷ ᠪᠦᠰᠡᠭᠦᠶᠢᠴᠤᠳ ᠭᠡᠤᠭᠡᠨᠴᠤᠳ ᠳᠤᠭᠤᠭ᠎ᠠ ᠨᠡᠷᠡᠭᠦ ᠳᠤ | ᠭᠠᠷᠮᠠᠭᠠᠢ ᠶᠤᠮ᠃ ᠰᠠᠭᠠᠯᠢ ᠶᠢᠨ ᠠᠷᠢᠬᠢ ᠨᠡᠷᠡᠭᠦ ᠪᠠᠭᠠᠵᠢ ᠭᠡᠷᠡᠭᠯᠡᠭᠦᠷ ᠨᠢ ᠳᠤᠩ ᠳᠦᠭᠦᠮ ᠶᠤᠮ᠃ ᠰᠢᠪᠠᠷ ᠪᠤᠶᠤ | ᠳᠡᠮᠦᠷ ᠵᠤᠤᠬ᠎ᠠ ᠳᠤᠯᠭ᠎ᠠ ᠳᠤ ᠠᠷᠭᠠᠯ ᠬᠤᠷᠭᠤᠯ ᠪᠤᠶᠤ ᠳᠦᠯᠡᠭᠡ ᠳᠦᠯᠡᠵᠤ᠂ ᠳᠤᠮᠤ ᠰᠢᠷᠡᠮᠦᠨ ᠳᠤᠭᠤᠭ᠎ᠠ ︵ | ᠪᠤᠳᠠᠭ᠎ᠠ ᠬᠠᠭᠤᠷᠳᠠᠭ ᠳᠤᠭᠤᠭ᠎ᠠ᠂ ᠳᠠᠪᠤ ᠶᠢᠨ ᠳᠤᠭᠤᠭ᠎ᠠ᠂ ᠭᠦᠷᠦᠩᠭᠡ ᠶᠢᠨ ᠳᠤᠭᠤᠭ᠎ᠠ᠂ ᠬᠤᠨᠢᠨ ᠳᠤᠭᠤᠭ᠎ᠠ ᠴᠦ | ᠭᠡᠳᠡᠭ︶ ᠳᠤ ᠠᠶᠢᠷᠠᠭ ᠢᠶᠠᠨ ᠳᠡᠭᠡᠷ᠎ᠡ ᠳᠤᠮᠳᠠᠭᠤᠷ ᠬᠢᠵᠤ ᠳᠤᠭᠤᠭᠠᠨ ᠳᠡᠭᠡᠷ᠎ᠡ ᠪᠠᠨ ᠠᠮᠠᠰᠠᠷ ᠲᠤᠨᠢ ᠵᠤᠬᠢᠴᠠᠭᠰᠠᠨ | ᠪᠦᠷᠭᠡᠷ ᠤᠭᠰᠠᠷᠠᠨ᠎ᠠ᠃ ᠪᠦᠷᠭᠡᠷ ᠨᠢ ᠭᠤᠷᠪᠠᠨ ᠳᠦᠭᠡ ᠰᠢᠬᠠᠮ ᠦᠨᠳᠦᠷ ᠭᠦᠨᠳᠡᠢ ᠮᠤᠳᠤ ᠪᠤᠶᠤ ᠰᠢᠨ᠎ᠠ ᠰᠢᠭᠠᠭᠰᠠᠨ | ᠴᠠᠭᠠᠷᠢᠭ ᠲᠠᠢ ᠰᠠᠭᠤᠯᠭ᠎ᠠ ᠶᠢᠨ ᠢᠷᠤᠭᠠᠷ ᠢ ᠠᠪᠴᠤ ᠬᠠᠶᠠᠭᠰᠠᠨ ᠠᠳᠠᠯᠢ ᠤᠷᠳᠤ ᠪᠦᠭᠡᠷᠡᠩᠭᠡᠢ ᠬᠤᠭᠤᠯᠠᠢ ᠪᠤᠯᠤᠨ᠎ᠠ᠃ | ᠵᠠᠷᠢᠮ ᠨᠢ ᠭᠠᠤᠯᠢ᠂ ᠵᠡᠰ᠂ ᠴᠠᠭᠠᠨ ᠳᠡᠮᠦᠷ ᠢᠶᠠᠷ ᠪᠦᠷᠭᠡᠷ ᠬᠢᠳᠡᠭ᠃ ᠵᠠᠳᠠᠭᠠᠢ ᠨᠡᠷᠡᠪᠡᠯ ᠳᠤᠰᠤᠭᠤᠷ᠂ ᠰᠤᠪᠢᠯᠠᠭᠤᠷ | ᠴᠤᠷᠭᠤ᠂ ᠪᠤᠳᠤᠩ ᠪᠡᠯᠡᠳᠭᠡᠳᠡᠭ᠃ ᠪᠢᠳᠡᠭᠦᠦ ᠨᠡᠷᠡᠪᠡᠯ ᠪᠦᠷᠭᠡᠷ ᠤᠨ ᠠᠮᠠᠰᠠᠷ ᠲᠤ ᠪᠢᠳᠡᠭᠦᠯᠡᠨ ᠳᠠᠯᠪᠢᠭᠰᠠᠨ | ᠵᠢᠯᠠᠪᠴᠢᠨ ᠳᠤᠭᠤᠭ᠎ᠠ ᠶᠢᠨ ᠭᠦᠢᠰᠦᠨ ᠳᠤᠤᠷ᠎ᠠ ᠰᠡᠨᠵᠢ ᠤᠭᠤᠰᠤᠷ ᠲᠠᠢ ᠪᠤᠷᠵᠢᠨ ᠯᠤᠩᠬᠤ ᠪᠤᠶᠤ ᠵᠢᠵᠢᠭ ᠪᠤᠳᠤᠩ ᠢ | ᠳᠦᠷᠪᠡᠨ ᠬᠤᠷᠤᠭᠤ ᠵᠠᠶᠢᠳᠠᠢ ᠬᠡᠢ ᠳᠡᠭᠦᠵᠢᠯᠡᠨ ᠠᠭᠤᠷᠰᠢᠮᠠᠯ ᠢ ᠳᠤᠰᠤᠳᠠᠭ᠃ ᠠᠶᠢᠷᠠᠭ ᠢ ᠳᠤᠭᠤᠭᠠᠨ ᠳᠠᠭᠠᠨ | ᠪᠤᠴᠠᠯᠭᠠᠭᠠᠳ ᠠᠭᠤᠷ ᠭᠠᠷᠬᠤ ᠦᠶ᠎ᠡ ᠳᠤ ᠪᠦᠷᠭᠡᠷ ᠤᠨ ᠪᠦᠷᠭᠦᠪᠴᠢ ᠪᠤᠯᠭᠠᠭᠰᠠᠨ ᠵᠢᠯᠠᠪᠴᠢ ᠳᠤᠭᠤᠭᠠᠨ ᠳᠤ | ᠭᠦᠢᠳᠡᠨ ᠤᠰᠤ ᠳᠦᠭᠦᠷᠭᠡᠵᠤ ᠰᠠᠮᠤᠷᠪᠠᠯ᠂ ᠬᠠᠯᠠᠭᠤᠨ ᠭᠦᠢᠳᠡᠨ ᠬᠠᠷᠰᠢᠵᠤ ᠠᠭᠤᠷ ᠨᠢ ᠳᠤᠰᠤᠯ ᠬᠤᠪᠢᠷᠠᠵᠤ | ᠠᠷᠢᠬᠢ ᠪᠤᠯᠳᠠᠭ ᠠᠵᠢ᠃ ᠠᠷᠢᠬᠢ ᠨᠡᠷᠡᠭᠦ ᠪᠤᠶᠤ ᠶᠠᠪᠤᠴᠠ ᠶᠢ ︽ᠳᠤᠭᠤᠭ᠎ᠠ ᠨᠡᠷᠡᠯᠳᠡ ᠶᠢᠨ ᠦᠭᠡᠰ︾ ᠠᠴᠠ | ᠠᠮᠠᠷᠬᠠᠨ ᠮᠡᠳᠡᠵᠤ ᠪᠤᠯᠤᠨ᠎ᠠ᠃ | ᠨᠠᠷᠠ ᠬᠤᠷ᠎ᠠ ᠳᠡᠩᠴᠡᠭᠰᠡᠨ ᠤᠰᠤ ᠰᠤᠯᠢᠬᠤ ᠵᠢᠯᠠᠪᠴᠢ ᠶᠢ | ᠨᠠᠪᠴᠢ ᠳᠡᠯᠭᠡᠷᠡᠭᠰᠡᠨ ᠤᠯᠠᠷᠢᠯ ᠳᠤ ᠤᠭᠯᠠᠵᠤ ᠳᠡᠭᠡᠷ᠎ᠡ ᠨᠢ ᠳᠠᠯᠪᠢᠭᠠᠳ | ᠦᠨᠢᠶ᠎ᠡ ᠮᠠᠯ ᠤᠨ ᠰᠦ ᠭᠦᠪᠦᠩ ᠴᠠᠭᠠᠨ ᠪᠦᠰ ᠢᠶᠠᠷ | ᠦᠯᠡᠮᠵᠢ ᠠᠷᠪᠢᠨ ᠰᠠᠭᠠᠵᠤ ᠭᠦᠪᠡᠭᠡᠯᠡᠨ ᠭᠤᠷᠪᠠ ᠤᠷᠢᠶᠠᠭᠠᠳ | ᠦᠷᠯᠦᠭᠡ ᠦᠳᠡᠰᠢ ᠪᠦᠷᠢ ᠭᠦᠭᠵᠢᠭᠦ ᠭᠠᠯ ᠢ ᠦᠷᠳᠡᠭᠦ ᠳᠤ | ᠦᠷᠭᠦᠯᠵᠢ ᠳᠤᠭᠤᠭ᠎ᠠ ᠨᠡᠷᠡᠨᠡᠮ᠃ ᠭᠦᠭᠡᠰᠦᠷᠡᠭᠦ ᠠᠶᠢᠷᠠᠭ ᠠᠭᠤᠷᠰᠢᠭᠠᠳ | ᠠᠶᠢᠷᠠᠭ ᠨᠡᠷᠡᠭᠦ ᠳᠤᠭᠤᠭ᠎ᠠ ᠪᠠᠨ ᠵᠢᠯᠠᠪᠴᠢ ᠶᠢᠨ ᠤᠰᠤ ᠶᠢ ᠰᠤᠯᠢᠵᠤ | ᠠᠮᠠᠰᠠᠷ ᠪᠢᠯᠬᠠᠮ᠎ᠠ ᠳᠦᠭᠦᠷᠭᠡᠭᠡᠳ ᠵᠠᠯᠭᠠᠵᠤ ᠭᠤᠷᠪᠠ ᠬᠤᠪᠢᠷᠠᠭᠤᠯᠬᠤ ᠳᠤ | ᠠᠮᠠ ᠳᠦᠷᠪᠡᠯᠵᠢᠨ ᠵᠤᠤᠬ᠎ᠠ ᠳᠤ ᠬᠠᠩᠬᠤᠯᠠᠬᠤ ᠦᠨᠦᠷ ᠠᠩᠬᠢᠯᠵᠤ | ᠠᠷᠭᠠᠯ ᠤᠨ ᠭᠠᠯ ᠢ ᠭᠦᠭᠵᠢᠭᠡᠭᠡᠳ ᠬᠠᠯᠠᠭᠤᠨ ᠰᠠᠷᠬᠤᠳ ᠳᠦᠭᠦᠷᠳᠡᠭ | ᠤᠳᠠ ᠠᠭᠠᠷᠤ ᠪᠦᠷᠭᠡᠷ ᠢ ᠠᠶᠢᠷᠠᠭ ᠰᠦᠨ ᠤ ᠭᠦᠷᠦᠩᠭᠡ | ᠤᠭᠰᠠᠷᠠᠵᠤ ᠰᠠᠶᠢᠬᠠᠨ ᠳᠤᠬᠢᠶᠠᠭᠠᠳ ᠠᠷᠢᠭᠤᠨ ᠰᠠᠷᠬᠤᠳ ᠤᠨᠳᠤᠷᠳᠠᠭ᠃ | ᠠᠷᠢᠬᠢ ᠨᠡᠷᠡᠭᠦ ᠳᠤ ᠤᠯᠠᠨ ᠵᠦᠢᠯ ᠢ ᠬᠢᠴᠢᠶᠡᠨ᠎ᠡ᠃ | 1. ᠭᠠᠯ ᠳᠡᠩᠴᠡᠭᠦᠯᠭᠦ᠃ ᠭᠠᠯ ᠠᠭᠳᠠᠪᠠᠯ ᠠᠶᠢᠷᠠᠭ ᠬᠤᠰᠤᠮᠳᠠᠵᠤ ᠠᠷᠢᠬᠢ ᠭᠤᠰᠢᠭᠤᠨ ᠪᠤᠯᠳᠠᠭ᠃ ᠭᠠᠯ | ᠪᠠᠭᠠᠳᠠᠪᠠᠯ ᠠᠷᠢᠬᠢ ᠰᠢᠪᠠᠷᠠᠨ ᠰᠤᠪᠰᠤ ᠠᠷᠪᠢᠳᠠᠳᠠᠭ᠃ | 2. ᠪᠦᠷᠭᠡᠷ ᠳᠤᠭᠤᠭ᠎ᠠ ᠶᠢᠨ ᠠᠭᠤᠯᠵᠠᠷ ᠢ ᠶᠠᠪ ᠴᠠᠪ ᠪᠤᠭᠤᠳᠠᠭ᠃ ᠵᠢᠪᠠᠷ ᠨᠡᠪᠳᠡᠷᠡᠵᠤ ᠠᠭᠤᠷ ᠰᠠᠷᠨᠢᠪᠠᠯ | ᠠᠷᠢᠬᠢ ᠶᠢᠨ ᠭᠠᠷᠤᠯᠳᠠ ᠪᠠ ᠴᠢᠨᠠᠷ ᠢ ᠨᠦᠯᠦᠭᠡᠯᠡᠳᠡᠭ᠃ | 3. ᠪᠡᠯᠭᠡ ᠳᠡᠮᠪᠡᠷᠢᠯ ᠢ ᠡᠷᠬᠢᠮᠯᠡᠨ ᠴᠡᠪᠡᠷ ᠴᠡᠭᠡᠷ ᠢ ᠠᠩᠬᠠᠷᠤᠨ ᠪᠤᠵᠠᠷ ᠪᠤᠯᠬᠢ ᠶᠠᠷᠢᠶ᠎ᠠ ᠭᠡᠯᠡᠭᠦ ᠶᠢ ᠤᠨᠴᠠ | ᠬᠢᠴᠢᠶᠡᠳᠡᠭ᠃ ᠳᠤᠭᠤᠭ᠎ᠠ ᠨᠡᠷᠡᠭᠦ ᠳᠤ ᠮᠤᠤᠷ ᠨᠤᠬᠠᠢ ᠶᠢ ᠤᠶᠢᠷᠠᠳᠤᠭᠤᠯᠳᠠᠭ ᠦᠭᠡᠢ᠃ | ᠠᠷᠢᠬᠢ ᠨᠡᠷᠡᠭᠦ ᠳᠡᠭᠡᠨ ᠵᠠᠷᠢᠮ ᠨᠢ ᠤᠯᠠᠭᠠᠨ᠎ᠠ᠂ ᠳᠤᠯᠤᠨᠤ᠂ ᠢᠯᠠᠮ᠎ᠠ᠂ ᠴᠢᠪᠠᠭ᠎ᠠ ᠵᠡᠭᠡᠷᠭᠡᠨ᠎ᠡ ᠶᠢᠨ ᠦᠷ᠎ᠡ ᠶᠢ ᠬᠠᠮᠳᠤ | ᠨᠡᠷᠡᠵᠤ᠂ ᠦᠨᠦᠷ ᠠᠮᠳᠠ ᠶᠢ ᠤᠨᠴᠠ ᠰᠠᠶᠢᠵᠢᠷᠠᠭᠤᠯᠳᠠᠭ᠃ | ᠪᠠᠭᠠᠷᠢᠨᠴᠤᠳ ᠰᠠᠭᠠᠯᠢ ᠶᠢᠨ ᠠᠷᠢᠬᠢ ᠶᠢ ᠠᠷᠠᠵᠠᠯᠠᠵᠤ ᠬᠤᠷᠠᠵᠠᠯᠠᠳᠠᠭ ᠦᠭᠡᠢ᠃ ᠰᠤᠯᠠ ᠭᠠᠷᠤᠭᠰᠠᠨ ᠠᠷᠢᠬᠢ | ᠶᠢ ᠰᠤᠪᠰᠤ ᠭᠡᠳᠡᠭ᠃ ᠳᠠᠬᠢᠵᠤ ᠨᠢᠭᠡ ᠤᠳᠠᠭ᠎ᠠ ᠨᠡᠷᠡᠭᠦ ᠶᠢ ᠬᠤᠶᠠᠷ ᠬᠠᠷᠢᠭᠤᠯᠤᠭᠰᠠᠨ ᠠᠷᠢᠬᠢ ᠭᠡᠳᠡᠭ᠃ ᠪᠤᠳᠠᠭᠠᠨ | ᠤ ᠠᠷᠢᠬᠢ ᠶᠢ ᠬᠠᠷ᠎ᠠ ᠠᠷᠢᠬᠢ ᠪᠤᠶᠤ ᠢᠷᠭᠡᠨ ᠠᠷᠢᠬᠢ ᠭᠡᠳᠡᠭ᠃ ᠰᠠᠭᠠᠯᠢ ᠶᠢᠨ ᠠᠷᠢᠬᠢ ᠶᠢ ᠬᠠᠪᠳᠠᠭᠠᠢ ᠴᠢᠯᠠᠭᠤᠨ | ᠯᠤᠩᠭᠬᠤᠨ ᠳᠤ ᠬᠢᠵᠤ ᠮᠤᠩᠭᠤᠯ ᠭᠡᠷ ᠤᠨ ᠳᠤᠭᠤᠨᠤ ᠠᠴᠠ ᠳᠡᠭᠦᠵᠢᠯᠡᠨ ᠭᠡᠶᠢᠴᠢᠨ ᠵᠤᠴᠢᠨ ᠳᠠᠭᠠᠨ ᠪᠠᠷᠢᠳᠠᠭ᠃ ᠵᠢᠯ | ᠴᠠᠭᠠᠨ ᠰᠠᠷ᠎ᠠ ᠤᠤᠭᠤᠬᠤ ᠠᠷᠢᠬᠢ ᠪᠠᠨ ᠪᠤᠳᠤᠩ᠂ ᠱᠤᠯᠳᠤᠢ ᠵᠡᠷᠭᠡ ᠳᠤᠮᠤ ᠴᠢᠯᠠᠭᠤᠨ ᠰᠠᠪᠠᠨ ᠳᠤ ᠬᠢᠵᠤ ᠡᠯᠳᠡᠮᠡᠯ | ᠭᠦᠵᠡᠭᠡ᠂ ᠳᠠᠪᠤᠰᠠᠩ ᠵᠡᠷᠭᠡ ᠪᠠᠷ ᠠᠮᠠᠰᠠᠷ ᠢ ᠨᠢ ᠪᠢᠳᠡᠭᠦᠦ ᠪᠤᠭᠤᠵᠤ ︵ᠵᠠᠷᠢᠮ ᠨᠢ ᠪᠤᠷᠠᠮ ᠴᠢᠪᠠᠭ᠎ᠠ ᠪᠠᠭ᠎ᠠ ᠬᠤᠯᠢᠵᠤ | ︶ ᠳᠤᠯᠭ᠎ᠠ ᠶᠢᠨ ᠢᠶᠠᠨ ᠪᠠᠷᠠᠭᠤᠨ ᠬᠤᠶᠢᠨ᠎ᠠ ᠭᠠᠵᠠᠷ ᠮᠠᠯᠳᠠᠵᠤ ᠪᠤᠯᠠᠵᠤ ᠬᠠᠳᠠᠭᠠᠯᠠᠳᠠᠭ᠃ ᠬᠠᠮᠢᠶᠠᠳᠠᠨ ᠰᠠᠳᠤᠨ ᠪᠤᠶᠤ | ᠭᠦᠨᠳᠤᠳᠤ ᠵᠤᠴᠢᠨ ᠢᠷᠡᠪᠡᠯ ᠠᠷᠢᠬᠢ ᠭᠠᠷᠭᠠᠳᠠᠭ᠃ ᠶᠡᠷᠦ ᠶᠢᠨ ᠦᠶ᠎ᠡ ᠳᠤ ᠡᠩ ᠤᠨ ᠵᠤᠴᠢᠨ ᠳᠤ ︵ᠨᠠᠰᠤᠳᠠᠨ ᠳᠤ | ︶ ᠶᠤᠰᠤᠨ ᠤ ᠳᠡᠳᠦᠢ ᠭᠡᠳᠦᠨ ᠭᠡᠮ ᠪᠠᠷᠢᠳᠠᠭ ᠠᠴᠠ ᠪᠢᠰᠢ ᠳᠠᠷᠠᠰᠤ ᠪᠠᠷ ᠱᠠᠯᠠᠳᠠᠭ ᠦᠭᠡᠢ᠃ | |