ᠪᠠᠭᠠᠷᠢᠨᠴᠤᠳ ᠤᠨ ᠮᠠᠯ ᠠᠬᠤᠢ ᠪᠠᠨ ᠬᠠᠶᠢᠷᠠᠯᠠᠬᠤ ᠵᠠᠩᠰᠢᠯ
ᠨᠡᠶᠢᠲᠡᠯᠡᠭᠰᠡᠨ ᠴᠠᠭ᠄
2022/12/19
                                ᠳ᠋᠊᠂ ᠰᠤᠷᠳᠠᠯᠳᠤ     ᠮᠠᠯ ᠰᠢᠨᠡᠯᠡᠭᠦᠯᠭᠦ  ᠮᠠᠯ ᠠᠬᠤᠢ ᠪᠠᠨ ᠬᠠᠶᠢᠷᠠᠯᠠᠨ᠂ ᠦᠷᠡᠵᠢᠭᠦᠯᠦᠨ ᠦᠰᠭᠡᠭᠦ ᠶᠢ ᠪᠡᠯᠭᠡᠳᠡᠵᠤ᠂ ᠪᠠᠭᠠᠷᠢᠨᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠭᠡᠨ᠂ ᠰᠢᠨ᠎ᠡ ᠶᠢᠨ ᠨᠠᠢᠮᠠᠨ᠂ ᠬᠤᠶᠠᠷ ᠰᠠᠷ᠎ᠠ ᠶᠢᠨ ᠬᠤᠶᠠᠷ ᠲᠤ ᠳᠤᠰ ᠳᠤᠰ ᠮᠠᠯ ᠰᠢᠨᠡᠯᠭᠦᠯᠭᠦ ᠨᠠᠶᠢᠷ ᠴᠤᠭᠯᠠᠭᠠᠨ ᠬᠢᠳᠡᠭ ᠶᠤᠮ᠃ ᠰᠢᠨ᠎ᠡ ᠶᠢᠨ ᠨᠢᠭᠡᠨ ᠤ ᠦᠷᠯᠦᠭᠡ ᠨᠠᠷᠠ ᠭᠠᠷᠬᠤ ᠦᠶ᠎ᠡ ᠪᠠᠷ ᠳᠡᠭᠷᠢ ᠳᠠᠬᠢᠵᠤ ᠪᠠᠷᠠᠭᠰᠠᠨ ᠤ ᠳᠠᠷᠠᠭ᠎ᠠ᠂ ᠮᠠᠯ ᠢᠶᠠᠨ ᠪᠦᠭᠦᠳᠡ ᠶᠢ ᠡᠪᠡᠰᠦᠯᠡᠨ ᠬᠤᠭᠯᠠᠵᠤ᠂ ᠭᠦᠵᠢ ᠠᠷᠴᠠ ᠪᠠᠷ ᠪᠤᠢ ᠪᠦᠭᠦᠢ ᠪᠤᠳᠠ ᠪᠤᠭ ᠮᠠᠯ ᠪᠤᠯᠤᠨ ᠮᠠᠯ ᠤᠨ ᠬᠠᠰᠢᠶ᠎ᠠ ᠰᠠᠷᠠᠪᠴᠢ ᠪᠠᠨ ᠠᠷᠢᠭᠤᠯᠠᠵᠤ᠂ ᠮᠠᠯ ᠢᠶᠠᠨ ᠳᠤᠰ ᠵᠢᠯ ᠤᠨ ᠰᠠᠶᠢᠨ ᠵᠦᠭ ᠲᠤ ᠵᠠᠯᠠᠵᠤ ᠳᠠᠯᠪᠢᠳᠠᠭ ᠶᠤᠮ᠃ ᠢᠩᠬᠢᠵᠤ ᠬᠢᠪᠡᠯ ᠮᠠᠯ ᠠᠬᠤᠢ ᠶᠡᠭᠡᠳᠡ ᠦᠭᠡᠳᠡ ᠤᠷᠤᠵᠤ᠂ ᠦᠷᠡᠵᠢᠵᠤ ᠦᠰᠦᠭᠡᠳ ᠦᠭᠦᠯ ᠬᠤᠷᠤᠭᠳᠠᠯ ᠦᠭᠡᠢ ᠪᠤᠯᠳᠠᠭ ᠭᠡᠵᠤ ᠳᠡᠳᠡ ᠦᠵᠡᠳᠡᠭ᠃ ᠰᠢᠨ᠎ᠡ ᠶᠢᠨ ᠨᠠᠢᠮᠠᠨ ᠳᠤ᠂ ᠠᠶᠢᠯ ᠬᠤᠳᠠ ᠪᠠᠷ ᠢᠶᠠᠨ ᠮᠠᠯ ᠰᠢᠨᠡᠯᠡᠭᠦᠯᠳᠡᠭ ᠤᠳᠤᠮᠰᠢᠯᠳᠤ ᠭᠠᠵᠠᠷ ᠲᠤ ᠪᠤᠢ ᠪᠦᠭᠦᠢ ᠮᠠᠯ ᠢᠶᠠᠨ ᠬᠤᠷᠢᠶᠠᠨ ᠴᠤᠭᠯᠠᠭᠤᠯᠵᠤ᠂ ᠮᠠᠯᠴᠢᠨ ᠪᠠᠭᠠᠳᠤᠷ ᠢᠶᠠᠨ ᠱᠠᠩᠨᠠᠨ ᠭᠦᠬᠢᠭᠦᠯᠵᠤ ᠮᠠᠯ ᠤᠨ ᠢᠷᠦᠭᠡᠯ ᠤᠩᠰᠢᠭᠤᠯᠵᠤ᠂ ᠤᠩᠭᠤᠨ ᠮᠠᠯ ᠎ ᠢᠶᠠᠨ ᠮᠢᠯᠢᠶᠠᠵᠤ᠂ ᠦᠷᠡᠰ ᠮᠠᠯ ᠰᠢᠯᠭᠠᠷᠠᠭᠤᠯᠤᠨ ᠱᠠᠩᠨᠠᠵᠤ᠂ ᠤᠷᠠᠨ ᠳᠤᠭᠯᠠᠭᠠᠮ ᠭᠠᠷᠭᠠᠨ᠂ ᠨᠠᠰᠤᠳᠠᠶᠢᠴᠤᠳ ᠠᠷᠢᠬᠢ ᠤᠤᠭᠤᠵᠤ ᠨᠠᠶᠢᠷᠯᠠᠳᠠᠭ ᠪᠢᠯᠡ᠃ ᠬᠤᠶᠠᠷ ᠰᠠᠷ᠎ᠠ ᠶᠢᠨ ᠬᠤᠶᠠᠷ ᠮᠠᠯ ᠰᠢᠯᠭᠠᠷᠠᠭᠤᠯᠤᠨ ᠱᠠᠩᠨᠠᠵᠤ᠂ ᠤᠷᠠᠨ ᠳᠤᠭᠯᠠᠭᠠᠮ ᠭᠠᠷᠭᠠᠨ᠂ ᠨᠠᠰᠤᠳᠠᠶᠢᠴᠤᠳ ᠠᠷᠢᠬᠢ ᠤᠤᠭᠤᠵᠤ ᠨᠠᠶᠢᠷᠯᠠᠳᠠᠭ ᠪᠢᠯᠡ᠃ ᠬᠤᠶᠠᠷ ᠰᠠᠷ᠎ᠠ ᠶᠢᠨ ᠬᠤᠶᠠᠷ ᠲᠤ ᠂ ᠳᠤᠭᠳᠠᠭᠰᠠᠨ ᠭᠠᠵᠠᠷ ᠲᠠᠭᠠᠨ ᠪᠦᠭᠦ ᠠᠶᠢᠯ ᠤᠨ ᠭᠦᠮᠦᠰ ᠴᠤᠭᠯᠠᠵᠤ ᠮᠠᠯ ᠰᠦᠷᠦᠭ ᠢᠶᠠᠨ ᠳᠤᠭᠤᠷᠢᠭᠤᠯᠤᠨ ᠪᠡᠯᠴᠢᠭᠡᠷᠯᠡᠭᠦᠯᠵᠤ ᠳᠠᠯᠪᠢᠨ᠎ᠠ᠃ ᠮᠤᠷᠢ᠂ ᠦᠭᠡᠷ᠂ ᠬᠤᠨᠢ ᠤᠩᠭᠤᠯᠬᠠᠤ ᠪᠤᠶᠤ ᠤᠩᠭᠤᠨ ᠰᠢᠯᠵᠢᠭᠦᠯᠵᠤ᠂ ᠤᠯᠠᠨ ᠎ ᠢᠶᠠᠷ ᠢᠶᠠᠨ ᠨᠠᠶᠢᠷ ᠨᠠᠭᠠᠳᠤᠮ ᠭᠠᠷᠭᠠᠵᠤ᠂ ᠭᠦᠰᠭᠦᠯᠡᠭᠡ ᠲᠠᠢ ᠰᠢᠩᠭᠡᠨ ᠪᠤᠳᠠᠭ᠎ᠠ ᠢᠳᠡᠵᠤ ᠠᠷᠢᠬᠢ ᠤᠤᠭᠤᠳᠠᠭ ᠶᠤᠮ᠃     ᠮᠠᠯ ᠤᠩᠭᠤᠯᠠᠬᠤ   ᠪᠠᠭᠠᠷᠢᠨ ᠮᠤᠩᠭᠤᠯᠴᠤᠳ ᠮᠠᠯ ᠰᠦᠷᠦᠭ ᠢᠶᠠᠨ ᠦᠨᠢᠷ ᠦᠰᠴᠤ ᠦᠭᠦᠯ ᠬᠤᠷᠤᠭᠳᠠᠯ ᠦᠭᠡᠢ ᠶᠢ ᠪᠡᠯᠭᠡᠳᠡᠵᠤ᠂ ᠭᠤᠤᠯᠳᠠᠭᠤ ᠠᠳᠤᠭᠤ ᠦᠭᠡᠢ ᠬᠤᠨᠢᠨ ᠰᠦᠷᠦᠭ ᠳᠡᠭᠡᠨ ᠤᠩᠭᠤᠯᠠᠳᠠᠭ᠃ ᠤᠩᠭᠤᠨ ᠮᠠᠯ ᠢ ᠰᠤᠩᠭᠤᠬᠤ ᠳᠠᠭᠠᠨ ᠡᠭᠦᠯᠳᠡᠷ ᠤᠳᠤᠮ ᠦᠷᠡᠵᠢᠯ ᠪᠤᠶᠢᠵᠢᠯ ᠢᠶᠠᠷ ᠰᠠᠶᠢᠨ᠂ ᠰᠦᠷᠦᠭ ᠲᠡᠭᠡᠨ ᠤᠬᠢ᠂ ᠡᠵᠡᠨ ᠳᠡᠭᠡᠨ ᠢᠪᠡᠭᠡᠯᠳᠠᠢ᠂ ᠦᠩᠭᠡ ᠵᠢᠰᠦᠮ ᠰᠠᠶᠢᠬᠠᠨ ᠮᠠᠯ ᠢ ᠵᠢᠰᠦᠯᠡᠳᠡᠭ᠃ ᠤᠯᠠᠩᠬᠢ ᠳᠠᠭᠠᠨ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠪᠤᠶᠤ ᠬᠤᠶᠠᠷ ᠰᠠᠷ᠎ᠠ ᠶᠢᠨ ᠬᠤᠶᠠᠷ ᠤᠨ ᠮᠠᠯ ᠤᠨ ᠨᠠᠶᠢᠷ ᠳᠡᠭᠡᠷ᠎ᠡ ᠤᠩᠭᠤᠯᠠᠳᠠᠭ ᠪᠤᠶᠤ ᠤᠩᠭᠤᠨ ᠰᠢᠯᠵᠢᠭᠦᠯᠳᠡᠭ ᠶᠤᠮ᠃ ᠮᠠᠯ ᠤᠩᠭᠤᠯᠠᠬᠤ ᠳᠠᠭᠠᠨ ᠭᠡᠷ ᠤᠨ ᠡᠵᠡᠨ ᠨᠢ ᠤᠩᠭᠤᠯᠠᠬᠤ ᠭᠡᠵᠤ ᠪᠠᠶᠢᠭ᠎ᠠ ᠮᠤᠷᠢ ᠦᠭᠡᠷ ᠬᠤᠨᠢ ᠪᠠᠨ ᠪᠠᠷᠢᠵᠤ᠂ ᠢᠷᠦᠭᠡᠯ ᠤᠩᠰᠢᠭᠤᠯᠬᠤ ᠶᠢᠨ ᠬᠠᠮᠳᠤ᠂ ᠡᠵᠡᠨ ᠨᠢ ᠰᠡᠭᠦᠯ ᠠᠴᠠ ᠨᠢ ᠭᠡᠳᠦᠨ ᠬᠢᠯᠭᠠᠰᠤ ᠦᠰᠤ ᠠᠪᠴᠤ ᠴᠠᠭᠠᠨ ᠪᠤᠳᠠᠭ᠎ᠠ ᠰᠢᠷ᠎ᠠ ᠳᠤᠰᠤ ᠲᠠᠢ ᠬᠠᠮᠳᠤ ᠠᠮᠠ ᠰᠢᠳᠤ ᠶᠢ ᠨᠢ ᠮᠢᠯᠢᠶᠠᠵᠤ᠄ ︽ᠰᠦᠷᠦᠭ ᠲᠡᠭᠡᠨ ᠰᠤᠳᠤ᠂ ᠰᠦᠮᠪᠦᠷ ᠠᠭᠤᠯᠠ ᠰᠢᠭ᠋ ᠮᠦᠩᠬᠡ᠂ ᠰᠦᠨ ᠳᠠᠯᠠᠢ ᠰᠢᠭ᠋ ᠤᠨᠳᠤᠷᠤᠬᠤ ᠪᠤᠯᠳᠤᠭᠠᠢ︕︾ ᠭᠡᠵᠤ ᠢᠷᠦᠭᠡᠭᠡᠳ᠂ ᠭᠠᠯ ᠪᠤᠷᠬᠠᠨ᠂ ᠠᠭᠤᠯᠠ ᠤᠰᠤᠨ ᠳᠠᠭᠠᠨ ᠮᠦᠷᠭᠦᠵᠤ᠂ ᠳᠡᠯ ᠰᠡᠭᠦᠯ ᠳᠤᠨᠢ ᠤᠯᠠᠭᠠᠨ ᠨᠤᠭᠤᠭᠠᠨ ᠪᠦᠰ ᠳᠡᠭᠦᠵᠢᠯᠡᠵᠤ ᠳᠠᠯᠪᠢᠳᠠᠭ᠃ ᠤᠩᠭᠤᠨ ᠮᠠᠯ ᠢ ᠠᠯᠠᠵᠤ ᠬᠤᠳᠠᠯᠳᠤᠵᠤ᠂ ᠤᠨᠤᠵᠤ ᠭᠦᠯᠵᠤ ᠪᠤᠯᠬᠤ ᠦᠭᠡᠢ᠂ ᠭᠡᠷᠪᠡ ᠭᠦᠭᠰᠢᠷᠡᠵᠤ ᠮᠠᠭᠤᠳᠠᠪᠠᠯ ᠯᠠᠮ᠎ᠠ ᠵᠠᠯᠠᠵᠤ ᠤᠩᠭᠤᠨ ᠰᠢᠯᠵᠢᠭᠦᠯᠳᠡᠭ᠃ ᠤᠩᠭᠤᠨ ᠮᠤᠷᠢ ᠶᠢᠨ ᠳᠡᠯ ᠰᠡᠭᠦᠯ ᠢ ᠬᠢᠷᠭᠠᠳᠠᠭ ᠦᠭᠡᠢ᠃     ᠳᠦᠯ ᠳᠤᠰᠬᠤ   ᠭᠡᠭᠦᠦ᠂ ᠢᠩᠭᠡ ᠤᠯᠠᠩᠬᠢ ᠳᠠᠭᠠᠨ ᠭᠡᠭᠡᠷ᠎ᠡ ᠳᠦᠯᠯᠡᠳᠡᠭ᠃ ᠭᠡᠪᠡᠴᠤ ᠢᠩᠭᠡ ᠪᠤᠳᠤᠭᠤᠯᠠᠭᠰᠠᠭᠠᠷ ᠪᠤᠳᠤᠭᠤ ᠪᠠᠨ ᠭᠤᠯᠤᠬᠤ ᠶᠠᠪᠤᠳᠠᠯ ᠬᠠᠶᠠ ᠭᠠᠷᠳᠠᠭ᠃ ᠪᠤᠳᠤᠭᠤ ᠠᠪᠤᠭᠤᠯᠬᠤ ᠳᠠᠭᠠᠨ ᠳᠠᠭᠤᠤ ᠳᠠᠭᠤᠯᠠᠵᠤ ᠬᠤᠭᠤᠷ ᠳᠠᠷᠤᠳᠠᠭ ᠪᠦᠭᠡᠳ ᠪᠤᠳᠤᠭᠤ ᠪᠠᠨ ᠰᠢᠷ᠎ᠠ ᠢᠰᠡᠭᠡᠢ ᠪᠠᠷ ᠪᠤᠭᠤᠵᠤ ᠦᠭᠳᠡᠭ᠃     ᠦᠨᠢᠶ᠎ᠡ ᠳᠤᠭᠤᠯᠯᠠᠭᠰᠠᠭᠠᠷ᠂ ᠦᠨᠢᠶᠡᠨ ᠤ ᠡᠪᠡᠷ ᠢ ᠮᠤᠷᠢᠨ ᠬᠠᠵᠠᠭᠠᠷ ᠢᠶᠠᠷ ᠴᠢᠩᠭᠠᠯᠠᠨ ᠤᠶᠠᠵᠤ᠂ ᠨᠢᠷᠤᠭᠤᠨ ᠳᠡᠭᠡᠷ᠎ᠡ ᠨᠢ ᠢᠰᠡᠭᠡᠢ᠂ ᠠᠷᠠᠰᠤ ᠪᠠᠷ ᠨᠠᠮᠨᠠᠵᠤ ᠳᠠᠯᠪᠢᠳᠠᠭ᠃ ᠢᠩᠬᠢᠪᠡᠯ ᠭᠡᠭᠡᠢ ᠨᠢ ᠤᠨᠠᠬᠤ ᠨᠢ ᠳᠦᠷᠪᠡᠨ᠂ ᠭᠡᠮ ᠰᠠᠭᠤᠬᠤ ᠦᠭᠡᠢ ᠭᠡᠳᠡᠭ᠃ ᠳᠤᠭᠤᠯ ᠤᠨ ᠪᠡᠷᠪᠡᠭᠡᠢ ᠶᠢ ᠨᠢ ᠪᠠᠭ᠎ᠠ ᠠᠪᠴᠤ ᠦᠭᠳᠡᠭ ᠪᠦᠭᠡᠳ ᠢᠩᠬᠢᠪᠡᠯ ᠮᠦᠰᠦᠨ ᠳᠡᠭᠡᠷ᠎ᠡ ᠬᠠᠯᠳᠤᠷᠢᠬᠤ ᠦᠭᠡᠢ ᠪᠤᠯᠳᠠᠭ ᠭᠡᠨ᠎ᠡ᠃ ᠦᠨᠢᠶᠡᠨ ᠤ ᠭᠡᠭᠡᠰᠢ ᠶᠢ ᠡᠷᠦᠢ ᠬᠤᠷᠤᠢ ᠠᠳᠡ ᠳᠡᠨᠳᠡ ᠬᠠᠶᠠᠵᠤ ᠨᠤᠬᠠᠢ ᠭᠠᠭ᠋ᠠᠢ ᠳᠤ ᠢᠳᠡᠭᠦᠯᠳᠡᠭ ᠦᠭᠡᠢ᠂ ᠬᠠᠰᠢᠶᠠᠨ ᠤ ᠳᠤᠯᠤᠭᠠᠢ ᠪᠤᠶᠤ ᠫᠧᠩ ᠰᠠᠷᠠᠪᠴᠢ ᠳᠡᠭᠡᠷ᠎ᠡ ᠬᠠᠶᠠᠵᠤ ᠬᠠᠳᠠᠭᠠᠳᠠᠭ᠃ ᠢᠩᠬᠢᠪᠡᠯ ᠡᠭᠡ ᠳᠦᠯ ᠳᠤᠨᠢ ᠰᠠᠶᠢᠨ ᠭᠡᠳᠡᠭ᠃     ᠮᠠᠯ ᠬᠤᠳᠠᠯᠳᠤᠬᠤ ᠪᠠ ᠠᠯᠠᠬᠤ   ᠪᠠᠭᠠᠷᠢᠨ ᠮᠤᠩᠭᠤᠯᠴᠤᠳ ᠮᠠᠯ ᠬᠤᠳᠠᠯᠳᠤᠬᠤ ᠳᠠᠭᠠᠨ ᠮᠤᠷᠢ ᠦᠭᠡᠷ ᠤᠨ ᠳᠡᠯ ᠰᠡᠭᠦᠯ ᠠᠴᠠ ᠭᠡᠳᠦᠨ ᠬᠢᠯᠭᠠᠰᠤ ᠠᠪᠴᠤ᠂ ᠭᠡᠷ ᠤᠨ ᠡᠵᠡᠨ ᠤ ᠳᠤᠳᠤᠷ ᠬᠤᠷᠮᠤᠢ ᠳᠤ ᠨᠡᠶᠢᠯᠡᠭᠦᠯᠦᠨ ᠪᠠᠷᠢᠵᠤ ᠠᠮᠠ ᠰᠢᠳᠤ ᠶᠢ ᠨᠢ ᠢᠷᠦᠭᠡᠵᠤ᠂ ᠠᠮᠠᠨ ᠭᠡᠰᠢᠭ ᠢ ᠨᠢ ᠦᠯᠡᠳᠡᠭᠡᠵᠤ᠂ ᠮᠠᠯ ᠠᠬᠤᠢ ᠶᠢᠨ ᠢᠶᠠᠨ ᠦᠨᠢᠷ ᠦᠰᠦᠯᠳᠡ ᠎ ᠲᠠᠢ ᠶᠢ ᠪᠡᠯᠭᠡᠳᠡᠳᠡᠭ᠃ ᠮᠠᠯ ᠦᠭᠡᠷ ᠠᠯᠠᠬᠤ ᠳᠠᠭᠠᠨ ᠤᠷᠢᠳᠡᠪᠡᠷ ᠴᠠᠭᠠᠨ ᠪᠤᠳᠠᠭ᠎ᠠ ᠰᠢᠷ᠎ᠠ ᠳᠤᠰᠤ ᠶᠢ ᠳᠠᠪᠰᠢ ᠫᠢᠯᠠ ᠎ ᠳᠤ ᠳᠠᠯᠪᠢᠨ ᠠᠯᠠᠬᠤ ᠭᠡᠵᠤ ᠪᠠᠶᠢᠭ᠎ᠠ ᠮᠠᠯ ᠤᠨ ᠠᠮᠠᠨ ᠳᠤᠨᠢ ᠬᠢᠵᠤ᠂ ᠳᠡᠭᠡᠭᠰᠢ ᠬᠠᠷᠠᠭᠤᠯᠤᠨ ᠪᠤᠭᠴᠢᠵᠤ ᠤᠶᠠᠭᠠᠳ ᠰᠦᠨᠡᠰᠤ ᠶᠢ ᠨᠢ ᠳᠠᠭᠤᠳᠠᠵᠤ ᠦᠷᠦᠴᠢᠯᠡᠨ ᠠᠯᠠᠳᠠᠭ᠃    ᠮᠠᠯ ᠭᠦᠩᠭᠡᠯᠡᠭᠦ   ᠦᠷᠢᠶᠡᠨ ᠤ ᠪᠦᠭᠡᠷ᠎ᠡ ᠶᠢ ᠡᠰᠭᠡᠵᠤ ᠠᠪᠤᠭᠠᠳ ᠤᠯᠠᠶᠢᠰᠬᠠᠭᠰᠠᠨ ᠳᠠᠮᠦᠷ ᠢᠶᠠᠷ ᠬᠠᠭᠠᠷᠢᠵᠤ᠂ ᠰᠡᠭᠦᠯ ᠳᠤᠨᠢ ᠤᠯᠠᠭᠠᠨ ᠪᠦᠰ ᠳᠡᠭᠦᠵᠢᠯᠡᠭᠡᠳ ᠰᠢᠷᠦᠭᠦᠨ ᠭᠦᠭᠡᠭᠡᠵᠤ ᠤᠨᠤᠵᠤ ᠭᠦᠯᠭᠦ ᠶᠢ ᠴᠡᠭᠡᠷᠯᠡᠨ᠎ᠡ᠃ ᠦᠷᠢᠶᠡᠨ ᠪᠦᠭᠡᠷ᠎ᠡ ᠶᠢ ᠢᠳᠡᠳᠡᠭ ᠦᠭᠡᠢ᠂ ᠭᠠᠵᠠᠷ ᠲᠤ ᠪᠤᠯᠠᠵᠤ᠂ ᠳᠦᠷᠭᠡᠨ ᠡᠳᠡᠭᠡᠷᠡᠵᠤ ᠭᠦᠩᠭᠡᠨ ᠭᠡᠳᠦᠯᠭᠦ ᠶᠢ ᠪᠡᠯᠭᠡᠳᠡᠳᠡᠭ᠃     ᠪᠢᠷᠠᠭᠤ  ᠢᠰᠢᠭᠡ ᠬᠤᠷᠠᠭᠠᠨ ᠤ ᠪᠦᠭᠡᠷ᠎ᠡ ᠶᠢ ᠠᠪᠬᠤ ᠳᠠᠭᠠᠨ ᠴᠦ ᠡᠳᠦᠷ ᠰᠤᠳᠤᠷ ᠦᠵᠡᠵᠤ᠂ ᠴᠢᠳᠠᠪᠤᠷᠢᠳᠠᠨ ᠎ ᠢ ᠵᠠᠯᠠᠵᠤ ᠠᠷᠢᠬᠢ ᠪᠤᠳᠠᠭ᠎ᠠ ᠢᠳᠡᠭᠦᠯᠵᠤ ᠪᠠᠶᠢᠭᠠᠳ ᠠᠪᠤᠭᠤᠯᠳᠠᠭ᠃ ᠳᠤᠭᠤᠯ ᠢᠰᠢᠭᠡ ᠬᠤᠷᠠᠭᠠᠨ ᠤ ᠪᠦᠭᠡᠷ᠎ᠡ ᠶᠢ ᠨᠠᠰᠤᠳᠠᠶᠢᠴᠤᠳ ᠴᠢᠨᠠᠵᠤ ᠢᠳᠡᠳᠡᠭ᠂ ᠭᠡᠪᠡᠴᠤ ᠭᠡᠤᠭᠡᠳ ᠲᠤ ᠢᠳᠡᠭᠦᠯᠳᠡᠭ ᠦᠭᠡᠢ ᠶᠤᠮ᠃     ᠮᠠᠯ ᠴᠠᠭᠠᠯᠠᠭᠰᠠᠨ ᠤ ᠳᠠᠷᠠᠭ᠎ᠠ ᠬᠤᠷᠠᠭ᠎ᠠ ᠢᠰᠢᠭᠡ ᠪᠤᠯ ᠳᠤᠯᠤᠭᠠᠨ ᠬᠤᠨᠤᠭ᠂ ᠪᠢᠷᠠᠭᠤ ᠠᠷᠪᠠᠨ ᠳᠦᠷᠪᠡ ᠬᠤᠨᠤᠭ᠂ ᠦᠷᠢᠶ᠎ᠡ ᠮᠤᠷᠢ ᠶᠢ ᠬᠤᠷᠢᠨ ᠨᠢᠭᠡ ᠬᠤᠨᠤᠭ ᠲᠤ ᠦᠨᠢᠷ ᠳᠠᠨᠢᠷ ᠲᠠᠢ ᠶᠠᠭᠤᠮ᠎ᠠ ᠬᠢᠭᠦ᠂ ᠭᠠᠵᠠᠷ ᠨᠦᠭᠡ ᠮᠠᠯᠳᠠᠬᠤ ᠵᠡᠷᠭᠡ ᠶᠢ ᠴᠡᠭᠡᠷᠯᠡᠳᠡᠭ᠃ ᠭᠠᠯ ᠳᠤ ᠰᠤᠩᠬᠢᠨ᠎ᠠ᠂ ᠰᠠᠷᠢᠮᠰᠠᠭ ᠤᠨ ᠬᠠᠯᠢᠰᠤ ᠶᠢ ᠤᠷᠤᠭᠤᠯᠳᠠᠭ ᠦᠭᠡᠢ᠂ ᠮᠠᠯ ᠠᠯᠳᠠᠵᠤ ᠭᠡᠭᠡᠭᠦ ᠶᠤᠮ ᠭᠡᠳᠡᠭ᠃     ᠳᠠᠪᠤᠨ ᠬᠤᠰᠢᠭᠤ ᠮᠠᠯ ᠤᠨ ᠳᠤᠰ ᠳᠤᠰ ᠤᠨ ᠬᠠᠮᠤᠭ ᠬᠠᠯᠳᠠᠪᠤᠷᠢᠳᠤ ᠭᠡᠴᠡᠭᠦᠦ ᠡᠪᠡᠳᠴᠢᠨ ᠢᠶᠠᠷ ᠨᠢ ᠬᠠᠷᠢᠶᠠᠬᠤ ᠶᠢ ᠴᠡᠭᠡᠷᠯᠡᠳᠡᠭ᠃ ᠳᠤᠬᠠᠶᠢᠯᠠᠪᠠᠯ ᠳᠡᠮᠡᠭᠡ ᠶᠢ ᠭᠤᠪᠤᠷᠤ᠂ ᠮᠤᠷᠢ ᠶᠢ ᠰᠠᠬᠤᠤ᠂ ᠦᠭᠡᠷ ᠢ ᠮᠢᠯᠵᠠᠩ᠂ ᠬᠤᠨᠢ ᠶᠢ ᠬᠠᠳᠠᠭᠠᠷ᠂ ᠢᠮᠠᠭ᠎ᠠ ᠶᠢ ᠭᠤᠳᠠᠢ ᠭᠡᠵᠤ ᠬᠠᠷᠢᠶᠠᠬᠤ ᠶᠢ ᠬᠢᠴᠢᠶᠡᠳᠡᠭ᠃     ᠤᠳᠤᠷ ᠪᠠᠭᠤᠳᠠᠯ   ᠪᠠᠭᠠᠷᠢᠨᠴᠤᠳ ᠶᠡᠷᠦᠨᠢ ᠵᠢᠯ ᠤᠨ ᠭᠤᠷᠪᠠᠨ ᠤᠯᠠᠷᠢᠯ ᠳᠤ ᠨᠡᠭᠦᠳᠡᠯᠯᠡᠨ ᠮᠠᠯᠵᠢᠭᠠᠳ᠂ ᠡᠪᠦᠯ ᠤᠨ ᠤᠯᠠᠷᠢᠯ ᠪᠤᠯᠬᠤ ᠳᠤ ᠡᠪᠦᠯᠵᠢᠶᠡᠨ ᠳᠡᠭᠡᠨ ᠬᠠᠷᠢᠵᠤ ᠡᠪᠦᠯᠵᠢᠳᠡᠭ ᠵᠠᠩᠰᠢᠯ ᠲᠠᠢ᠃     ᠬᠠᠪᠤᠷᠵᠢᠶ᠎ᠠ᠄ ᠤᠰᠤ ᠪᠡᠯᠴᠢᠭᠡᠷ ᠰᠠᠶᠢᠬᠠᠨ᠂ ᠬᠠᠪᠤᠷ ᠡᠷᠳᠡ ᠨᠤᠭᠤᠭ᠎ᠠ ᠭᠠᠷᠳᠠᠭ᠂ ᠨᠦᠮᠦᠷᠢ ᠡᠩᠬᠡᠷ ᠭᠠᠵᠠᠷ ᠢ ᠰᠤᠩᠭᠤᠨ ᠮᠤᠩᠭᠤᠯ ᠭᠡᠷ ᠢᠶᠠᠨ ᠪᠤᠰᠬᠠᠨ᠂ ᠳᠦᠭᠦᠮ ᠭᠦᠷᠢᠶ᠎ᠡ ᠬᠠᠰᠢᠶ᠎ᠠ ᠪᠠᠷᠵᠤ ᠮᠠᠯᠵᠢᠳᠠᠭ᠃     ᠵᠤᠰᠠᠯᠠᠩ᠄ ᠤᠰᠤ ᠪᠡᠯᠴᠢᠭᠡᠷ ᠰᠠᠶᠢᠨ᠂ ᠦᠶᠡᠷ ᠤᠷᠤᠰᠬᠠᠯ ᠠᠴᠠ ᠵᠠᠶᠢᠯᠠᠰᠬᠢᠵᠤ᠂ ᠦᠨᠳᠦᠷ ᠳᠤᠪᠤᠷᠴᠠᠭ ᠭᠠᠵᠠᠷ ᠢ ᠰᠤᠩᠭᠤᠵᠤ ᠮᠤᠩᠭᠤᠯ ᠭᠡᠷ ᠢᠶᠠᠨ ᠪᠤᠰᠬᠠᠨ᠂ ᠳᠦᠭᠦᠮ ᠰᠡᠷᠢᠭᠦᠨ ᠰᠠᠷᠠᠪᠴᠢ ᠭᠦᠷᠢᠶ᠎ᠡ ᠪᠠᠷᠢᠵᠤ ᠵᠤᠰᠠᠳᠠᠭ᠃     ᠨᠠᠮᠤᠷᠵᠢᠶ᠎ᠠ᠄ ᠡᠪᠡᠰᠤ ᠪᠡᠯᠴᠢᠭᠡᠷ ᠰᠠᠶᠢᠷᠡᠭ᠂ ᠢᠯᠠᠭ᠎ᠠ ᠪᠠᠳᠠᠭᠠᠨ᠎ᠠ ᠴᠦᠭᠡᠨ ᠦᠨᠳᠦᠷᠯᠢᠭ ᠰᠡᠷᠢᠭᠦᠨ ᠭᠠᠵᠠᠷ ᠢ ᠰᠤᠩᠭᠤᠵᠤ ᠤᠳᠤᠷ ᠰᠠᠭᠤᠷᠢᠨ ᠪᠠᠶᠢᠭᠤᠯᠵᠤ ᠮᠠᠯᠵᠢᠳᠠᠭ᠃     ᠡᠪᠦᠯᠵᠢᠶ᠎ᠡ᠄ ᠤᠤᠯ ᠨᠢ ᠡᠪᠦᠯᠵᠢᠶ᠎ᠡ ᠳᠤ ᠭᠤᠤᠯᠳᠠᠭᠤ ᠪᠠᠶᠢᠰᠢᠩ ᠭᠡᠷ᠂ ᠪᠦᠮᠪᠦᠭᠡ ᠭᠡᠷ᠂ ᠭᠦᠷᠦᠯᠴᠡᠭᠦᠶᠢᠴᠡ ᠫᠧᠩ ᠰᠠᠷᠠᠪᠴᠢ᠂ ᠬᠤᠷᠤᠭ᠎ᠠ ᠬᠠᠰᠢᠶ᠎ᠠ ᠲᠠᠢ ᠪᠠᠶᠢᠳᠠᠭ᠃ ᠭᠡᠷ ᠤᠨ ᠬᠤᠷᠤᠭ᠎ᠠ᠂ ᠦᠭᠡᠷ ᠤᠨ ᠬᠠᠰᠢᠶ᠎ᠠ᠂ ᠢᠮᠠᠭ᠎ᠠ ᠎ ᠶᠢᠨ ᠬᠠᠰᠢᠶ᠎ᠠ᠂ ᠳᠤᠭᠤᠯ ᠤᠨ ᠬᠠᠰᠢᠶ᠎ᠠ᠂ ᠡᠪᠡᠰᠦᠨ ᠬᠠᠰᠢᠶ᠎ᠠ᠂ ᠮᠤᠷᠢ ᠡᠯᠵᠢᠭᠡᠨ ᠰᠠᠷᠠᠪᠴᠢ ᠵᠡᠷᠭᠡ ᠳᠦᠷᠦᠯ ᠳᠡᠰ ᠎ ᠢᠶᠠᠷ ᠨᠢ ᠬᠤᠪᠢᠶᠠᠵᠤ ᠬᠤᠪᠢ ᠬᠤᠪᠢᠨ ᠳᠤᠨᠢ ᠠᠷᠠᠴᠢᠯᠠᠳᠠᠭ᠃ ᠬᠠᠪᠤᠷ ᠵᠤᠨ ᠨᠠᠮᠤᠷ ᠭᠤᠷᠪᠠᠨ ᠤᠯᠠᠷᠢᠯ ᠨᠡᠭᠦᠳᠡᠯᠯᠡᠨ ᠮᠠᠯᠵᠢᠳᠠᠭ ᠤᠨ ᠭᠤᠤᠯ ᠵᠤᠷᠢᠯᠭ᠎ᠠ ᠨᠢ ᠮᠠᠯ ᠢᠶᠠᠨ ᠳᠠᠷᠭᠤ ᠭᠦᠴᠦ ᠰᠠᠶᠢᠨ ᠠᠪᠤᠭᠤᠯᠵᠤ᠂ ᠤᠰᠤᠨ ᠳᠠᠷᠭᠤ᠂ ᠳᠤᠰᠤᠨ ᠳᠠᠷᠭᠤ ᠶᠢᠨ ᠰᠠᠭᠤᠷᠢ ᠶᠢ ᠰᠠᠶᠢᠨ ᠳᠠᠯᠪᠢᠵᠤ᠂ ᠡᠪᠦᠯᠵᠢᠶᠡᠨ ᠤ ᠪᠡᠯᠴᠢᠭᠡᠷ ᠡᠪᠡᠰᠤ ᠶᠢ ᠬᠠᠮᠠᠭᠠᠯᠠᠵᠤ ᠮᠠᠯ ᠢᠶᠠᠨ ᠰᠠᠶᠢᠨ ᠤᠨᠳᠤᠷᠤᠭᠤᠯᠬᠤ ᠶᠢᠨ ᠲᠦᠯᠦᠭᠡ ᠶᠤᠮ᠃      ᠪᠦᠭᠦᠯᠢ ᠤᠷᠤᠭᠤᠯᠬᠤ  ᠪᠠᠭᠠᠷᠢᠨ ᠮᠤᠩᠭᠤᠯᠴᠤᠳ ᠦᠭᠡᠷ ᠬᠤᠨᠢᠨ ᠮᠢᠬ᠎ᠠ ᠢᠳᠡᠭᠦ ᠳᠡᠭᠡᠨ ᠶᠠᠭᠤᠨ ᠤ ᠤᠷᠢᠳᠠᠪᠡᠷ ᠴᠢᠨᠠᠭᠰᠠᠨ ᠮᠢᠬ᠎ᠠ ᠪᠤᠯᠤᠮᠠᠭᠴᠠ ᠡᠪᠴᠢᠭᠦᠨ ᠪᠦᠳᠦᠷᠭᠡᠢ᠂ ᠰᠡᠭᠦᠯ᠂ ᠳᠠᠯᠤ ᠵᠡᠷᠭᠡ ᠮᠢᠬ᠎ᠠ ᠠᠴᠠ ᠤᠭᠳᠤᠯᠤᠨ ᠠᠪᠴᠤ ᠳᠡᠭᠷᠢ ᠪᠤᠷᠬᠠᠨ᠂ ᠡᠪᠦᠭᠡ ᠳᠡᠭᠡᠳᠦᠰ᠂ ᠭᠠᠯ ᠭᠤᠯᠤᠮᠳᠠ᠂ ᠠᠭᠤᠯᠠ ᠤᠰᠤᠨ ᠳᠤ ᠡᠷᠭᠦᠵᠤ᠂ ᠬᠤᠪᠢ ᠳᠠᠯᠪᠢᠬᠤ᠂ ᠶᠠᠰᠤ ᠮᠠᠯᠵᠢᠭᠦ᠂ ᠤᠭᠤᠴᠠ ᠳᠠᠯᠪᠢᠬᠤ᠂ ᠡᠪᠴᠢᠭᠦᠦ ᠤᠷᠤᠭᠤᠯᠬᠤ ᠪᠠ ᠪᠦᠭᠦᠯᠢ ᠤᠷᠤᠭᠤᠯᠬᠤ ᠵᠡᠷᠭᠡ ᠭᠡᠳᠦᠨ ᠭᠡᠯᠪᠡᠷᠢ ᠪᠤᠢ᠃      ᠬᠤᠪᠢ ᠳᠠᠯᠪᠢᠬᠤ᠄ ᠴᠢᠨᠠᠭᠰᠠᠨ ᠮᠢᠬ᠎ᠠ ᠪᠠᠨ ᠳᠤᠭᠤᠭᠠᠨ ᠠᠴᠠ ᠪᠠᠨ ᠭᠠᠷᠭᠠᠭᠠᠳ ᠭᠡᠷ ᠤᠨ ᠡᠵᠡᠨ ᠨᠢ ᠪᠦᠭᠦ ᠭᠡᠷ ᠤᠨ ᠨᠠᠰᠤᠳᠠᠢ ᠨᠢᠯᠬ᠎ᠠ ᠳᠠᠭᠠᠨ ᠭᠡᠭᠡᠭᠳᠡᠯ ᠦᠭᠡᠢ ᠬᠤᠪᠢ ᠳᠠᠯᠪᠢᠳᠠᠭ᠃ ᠭᠡᠭᠦ ᠳᠡᠭᠡᠨ ᠭᠦᠵᠦᠭᠦᠦ ᠰᠡᠭᠡᠷ᠂ ᠨᠢᠷᠤᠭᠤ ᠬᠠᠪᠢᠷᠭ᠎ᠠ᠂ ᠡᠯᠢᠭᠡ ᠠᠭᠤᠰᠬᠢ᠂ ᠵᠢᠷᠦᠭᠡ ᠵᠡᠷᠭᠡ ᠡᠷᠭᠡᠳᠡᠨ ᠢ ᠮᠦᠴᠢᠯᠡᠨ ᠤᠭᠳᠤᠯᠵᠤ ᠭᠦᠮᠦᠨ ᠪᠦᠷᠢ ᠳᠤ ᠳᠠᠭᠠᠷᠠᠭᠤᠯᠳᠠᠭ ᠪᠤᠯᠪᠠᠴᠤ ᠳᠠᠯᠤ᠂ ᠳᠤᠮᠳᠠ ᠴᠢᠮᠦᠭᠡ᠂ ᠰᠡᠭᠦᠵᠢ᠂ ᠱᠠᠭᠠᠨᠳᠤ᠂ ᠳᠤᠳᠤᠷ᠎ᠠ ᠪᠦᠭᠡᠷ᠎ᠡ ᠵᠡᠷᠭᠡ ᠶᠢ ᠭᠡᠷ ᠎ ᠤᠨ ᠡᠵᠡᠨ ᠤ ᠰᠠᠨᠠᠭ᠎ᠠ ᠢᠪᠡᠭᠡᠯ ᠢᠶᠠᠷ ᠬᠤᠪᠢ ᠳᠠᠯᠪᠢᠳᠠᠭ᠃ ᠬᠤᠪᠢᠨ ᠪᠠᠨ ᠤᠯᠤᠭᠠᠳ ᠢᠳᠡᠵᠤ ᠪᠠᠷᠠᠬᠤ ᠦᠭᠡᠢ ᠪᠤᠯ ᠭᠡᠤᠭᠡᠳ ᠤᠳ ᠤᠯᠠᠩᠬᠢ ᠳᠠᠭᠠᠨ ᠡᠵᠢ ᠳᠡᠭᠡᠨ ᠦᠭᠴᠤ ᠬᠠᠳᠠᠭᠠᠯᠠᠭᠤᠯᠤᠨ ᠳᠠᠷᠠᠭ᠎ᠠ ᠡᠳᠦᠷ ᠨᠢ ᠢᠳᠡᠳᠡᠭ᠃      ᠶᠠᠰᠤ ᠮᠦᠯᠵᠢᠭᠦ᠄ ᠤᠯᠠᠩᠬᠢ ᠳᠠᠭᠠᠨ ᠶᠡᠭᠡ ᠳᠤᠭᠤᠷᠢᠭᠤᠯ ᠰᠢᠷᠡᠭᠡᠨ ᠳᠤ ᠬᠠᠮᠳᠤᠪᠡᠷ ᠬᠤᠭᠤᠯᠠ ᠢᠳᠡᠭᠦ ᠳᠤ ᠤᠷᠤᠳᠠᠭ᠃ ᠡᠭᠦᠨ ᠳᠤ ᠮᠢᠬ᠎ᠠ ᠶᠢ ᠨᠢ ᠱᠤᠯᠤᠵᠤ ᠠᠪᠤᠭᠰᠠᠨ ᠪᠤᠶᠤ ᠱᠤᠯᠤᠵᠤ ᠠᠪᠤᠭᠰᠠᠨ ᠦᠭᠡᠢ᠂ ᠮᠦᠴᠢᠯᠡᠭᠰᠡᠨ ᠪᠤᠶᠤ ᠪᠠᠯᠪᠠᠴᠢᠭᠰᠠᠨ ᠭᠡᠳᠦᠨ ᠵᠦᠢᠯ ᠪᠠᠶᠢᠵᠤ ᠮᠦᠯᠵᠢᠨ ᠭᠡᠮᠡᠯᠢᠳᠡᠭ᠃     ᠤᠭᠤᠴᠠ ᠳᠠᠯᠪᠢᠬᠤ᠄ ᠤᠭᠤᠴᠠ ᠶᠢᠨ ᠳᠤᠤᠷ᠎ᠠ ᠨᠢ ᠳᠠᠯᠤ᠂ ᠳᠤᠮᠳᠠ ᠴᠢᠯᠦᠭᠡ᠂ ᠱᠠᠭᠠᠨᠳᠤ᠂ ᠰᠡᠭᠦᠵᠢ᠂ ᠭᠦᠵᠦᠭᠦᠦ᠂ ᠰᠡᠭᠡᠷ᠂ ᠡᠯᠢᠭᠡ᠂ ᠵᠢᠷᠦᠭᠡ᠂ ᠪᠦᠭᠡᠷ᠎ᠡ᠂ ᠠᠭᠤᠰᠬᠢ ᠴᠢᠳᠬᠤᠭᠰᠠᠨ ᠭᠡᠳᠡᠰᠤ ᠪᠠ ᠬᠤᠰᠬᠢᠨᠠᠭ ᠵᠡᠷᠭᠡ ᠶᠢ ᠦᠷᠦᠵᠤ᠂ ᠤᠭᠤᠴᠠ ᠪᠠᠨ ᠳᠤᠷᠤᠭᠰᠢ ᠬᠠᠷᠠᠭᠤᠯᠤᠨ ᠳᠠᠯᠪᠢᠭᠠᠳ ᠵᠠᠷᠢᠮ ᠳᠠᠭᠠᠨ ᠳᠡᠭᠡᠷ᠎ᠡ ᠨᠢ ᠬᠤᠨᠢᠨ ᠳᠤᠯᠤᠭᠠᠢ ᠶᠢ ᠳᠠᠯᠪᠢᠵᠤ ᠰᠢᠷᠡᠭᠡᠨ ᠳᠤ ᠰᠠᠭᠤᠭᠰᠠᠨ ᠭᠤᠤᠯ ᠵᠤᠴᠢᠨ ᠠᠬᠠᠮᠠᠳ ᠨᠠᠰᠤᠳᠠᠨ ᠤ ᠦᠭᠡᠳᠡ ᠬᠠᠷᠠᠭᠤᠯᠵᠤ ᠤᠷᠤᠭᠤᠯᠤᠨ᠎ᠠ ᠃ ᠭᠤᠤᠯ ᠵᠤᠴᠢᠨ ᠪᠤᠶᠤ ᠠᠬᠠᠮᠠᠳ ᠨᠠᠰᠤᠳᠠᠨ ᠬᠢᠳᠤᠭ᠎ᠠ ᠠᠪᠴᠤ᠂ ᠬᠤᠨᠢᠨ ᠳᠤᠯᠤᠭᠠᠢ ᠶᠢᠨ ᠮᠠᠩᠨᠠᠢ ᠳᠤᠮᠳᠠ ᠰᠦᠯᠵᠢᠮᠡᠯ ᠵᠢᠷᠤᠵᠤ᠂ ᠪᠠᠷᠠᠭᠤᠨ ᠴᠢᠬᠢ ᠶᠢ ᠨᠢ ᠠᠷᠤ ᠡᠨᠢ ᠤᠷᠤᠮᠳᠠᠭᠠᠳ᠂ ᠤᠭᠤᠴᠠ ᠤᠷᠤᠭᠤᠯᠤᠭᠰᠠᠨ ᠭᠦᠮᠦᠨ ᠎ ᠳᠤ ᠳᠠᠪᠠᠭ ᠲᠠᠢ ᠳᠤᠯᠤᠭᠠᠢ ᠶᠢ ᠪᠤᠴᠠᠭᠠᠵᠤ᠂ ᠬᠤᠶᠠᠷ ᠬᠤᠨᠳᠠᠭ᠎ᠠ ᠠᠷᠢᠬᠢ ᠪᠠᠷᠢᠨ᠎ᠠ᠃ ᠳᠠᠷᠠᠭ᠎ᠠ ᠨᠢ ᠬᠤᠨᠢᠨ ᠰᠡᠭᠦᠯ ᠎ ᠤᠨ ᠦᠵᠦᠭᠦᠷ ᠢ ᠤᠭᠳᠤᠯᠤᠨ᠂ ᠤᠭᠤᠴᠠ ᠶᠢᠨ ᠮᠢᠬ᠎ᠠ ᠠᠴᠠ ᠪᠠᠰᠠ ᠭᠡᠳᠦᠨ ᠭᠡᠰᠡᠭ ᠤᠭᠳᠤᠯᠤᠨ ᠠᠪᠴᠤ ᠠᠭᠤᠯᠠ ᠤᠰᠤᠨ ᠤ ᠨᠠᠪᠳᠠᠭ ᠰᠠᠪᠳᠠᠭ ᠲᠤ ᠡᠷᠭᠦᠭᠡᠳ ᠤᠭᠤᠴᠠ ᠬᠠᠰᠢᠨ᠎ᠠ᠃ ᠤᠷᠢᠳᠡᠪᠡᠷ ᠪᠠᠷᠠᠭᠤᠨ ᠳᠠᠯ᠎ᠠ ᠪᠠᠷ ᠰᠡᠭᠦᠯ ᠎ ᠠᠴᠠ ᠳᠡᠭᠡᠭᠰᠢ ᠰᠦᠪᠡᠷᠭᠡᠰᠤ ᠭᠦᠷᠳᠡᠯ᠎ᠡ ᠤᠭᠳᠤᠯᠤᠨ᠂ ᠵᠡᠭᠦᠨ ᠪᠠᠷᠠᠭᠤᠨ ᠬᠤᠶᠠᠷ ᠳᠠᠯ᠎ᠠ ᠶᠢ ᠰᠤᠯᠢᠵᠤ ᠳᠠᠯᠪᠢᠭᠠᠳ ᠳᠤᠭᠤᠷᠢᠨ ᠰᠠᠭᠤᠭᠰᠠᠨ ᠵᠤᠴᠢᠳ ᠲᠤ ᠮᠢᠬ᠎ᠠ ᠤᠭᠳᠤᠯᠵᠤ ᠦᠭᠳᠡᠭ ᠪᠢᠯᠡ᠃      ᠡᠪᠴᠢᠭᠦᠦ ᠤᠷᠤᠭᠤᠯᠬᠤ᠄ ᠵᠠᠷᠢᠮ ᠳᠠᠭᠠᠨ ᠤᠭᠤᠴᠠ ᠭᠦᠷᠭᠦ ᠦᠭᠡᠢ ᠪᠠᠶᠢᠳᠠᠯ ᠳᠤᠤᠷ᠎ᠠ ᠡᠪᠴᠢᠭᠦᠦ ᠤᠷᠤᠭᠤᠯᠬᠤ ᠶᠤᠰᠤ ᠴᠦ ᠪᠤᠢ᠃ ᠡᠪᠴᠢᠭᠦᠨ ᠤ ᠳᠤᠤᠷ᠎ᠠ ᠨᠢ ᠤᠭᠤᠴᠠ ᠤᠷᠤᠬᠤ ᠵᠦᠢᠯ ᠪᠠᠰᠠ ᠪᠠᠶᠢᠬᠤ ᠪᠦᠭᠡᠳ ᠢᠯᠡᠭᠦᠦ ᠳᠠᠯᠤ᠂ ᠳᠤᠮᠳᠠ ᠴᠢᠮᠦᠭᠡ ᠲᠠᠢ᠂ ᠡᠪᠴᠢᠭᠦᠦ ᠪᠠᠨ ᠳᠡᠭᠡᠭᠰᠢ ᠬᠠᠷᠠᠭᠤᠯᠤᠨ ᠳᠠᠯᠪᠢᠵᠤ᠂ ᠡᠪᠴᠢᠭᠦᠨ ᠪᠦᠳᠡᠷᠭᠡᠢ ᠶᠢ ᠭᠤᠤᠯ ᠵᠤᠴᠢᠨ ᠤ ᠦᠭᠡᠳᠡ ᠬᠠᠷᠠᠭᠤᠯᠤᠨ ᠤᠷᠤᠭᠤᠯᠤᠨ᠎ᠠ᠃      ᠪᠦᠭᠦᠯᠢ ᠤᠷᠤᠭᠤᠯᠬᠤ᠄ ︽ᠤᠭᠤᠴᠠ ᠤᠷᠤᠭᠤᠯᠬᠤ︾᠎ ᠯᠤᠭ᠎ᠠ ᠶᠡᠭᠡ ᠳᠦᠯᠦᠪ ᠠᠳᠠᠯᠢᠪᠳᠤᠷ ᠪᠤᠯᠪᠠᠴᠤ ᠪᠦᠭᠦᠯᠢ ᠤᠷᠤᠭᠤᠯᠬᠤ ᠳᠤ ᠳᠤᠯᠤᠭᠠᠢ ᠰᠢᠬᠢᠷ᠎ᠡ᠂ ᠤᠭᠤᠴᠠ ᠡᠪᠴᠢᠭᠦᠦ᠂ ᠳᠦᠷᠪᠡᠨ ᠮᠦᠴᠢ᠂ ᠡᠯᠢᠭᠡ ᠠᠭᠤᠰᠬᠢ ᠵᠢᠷᠦᠭᠡ᠂ ᠭᠡᠳᠡᠰᠤ ᠬᠤᠰᠬᠢᠨᠠᠭ ᠪᠦᠷ ᠳᠤᠳᠠᠭᠳᠠᠯ ᠦᠭᠡᠢ ᠤᠷᠤᠭᠤᠯᠤᠨ᠎ᠠ᠃ ᠬᠠᠰᠢᠵᠤ ᠭᠦᠳᠡᠯᠭᠡᠭᠦ᠂ ᠪᠤᠴᠠᠭᠠᠵᠤ ᠡᠷᠭᠦᠭᠦ ᠶᠤᠰᠤ ᠨᠢ ᠤᠭᠤᠴᠠ ᠤᠷᠤᠭᠤᠯᠬᠤ ᠲᠠᠢ ᠠᠳᠠᠯᠢ ᠶᠤᠮ᠃     ᠮᠠᠯ ᠰᠤᠷᠭᠠᠬᠤ   ᠳᠡᠮᠡᠭᠡ ᠶᠢ ᠤᠨᠤᠵᠤ᠂ ᠭᠦᠯᠵᠤ᠂ ᠠᠴᠢᠶᠠᠯᠠᠵᠤ ᠪᠦᠷ ᠰᠤᠷᠭᠠᠳᠠᠭ᠃ ᠤᠷᠢᠳᠡᠪᠡᠷ ᠤᠨᠤᠵᠤ ᠰᠤᠷᠭᠠᠨ᠎ᠠ᠃ ᠭᠡᠭᠦ ᠳᠡᠭᠡᠨ ᠤᠨᠤᠵᠤ ᠰᠤᠷᠭᠠᠬᠤ ᠭᠦᠮᠦᠨ ᠭᠡᠳᠦᠨ ᠡᠳᠦᠷ ᠤᠨ ᠬᠠᠭᠤᠷᠠᠢ ᠭᠦᠨᠡᠰᠤ ᠲᠠᠢ ᠪᠠᠷ ᠤᠨᠤᠭᠠᠳ ᠪᠠᠷᠤᠭᠳᠠᠢ ᠳᠤ ᠪᠠᠭᠤᠬᠤ ᠦᠭᠡᠢ ᠪᠠᠷ ᠰᠤᠷᠭᠠᠳᠠᠭ᠃    ᠮᠤᠷᠢ ᠶᠢ ᠠᠷᠪᠢᠨ ᠳᠠᠭᠠᠨ ᠤᠨᠤᠵᠤ ᠰᠤᠷᠭᠠᠬᠤ ᠪᠤᠯᠪᠠᠴᠤ ᠪᠠᠰᠠ ᠳᠡᠷᠭᠡᠨ ᠳᠤ ᠭᠦᠯᠵᠤ ᠰᠤᠷᠭᠠᠳᠠᠭ᠃ ᠭᠡᠳᠦᠨ ᠭᠦᠮᠦᠨ ᠤ ᠬᠠᠪᠰᠤᠷᠤᠯᠭ᠎ᠠ ᠪᠠᠷ ᠡᠮᠨᠢᠭ ᠢᠶᠠᠨ ᠤᠨᠤᠵᠤ ᠰᠠᠶᠢᠨ ᠡᠭᠰᠢᠳᠡᠯ᠎ᠡ ᠳᠤᠶᠢᠯᠠᠭᠤᠯᠤᠭᠠᠳ᠂ ᠳᠠᠰᠢᠭᠤᠷ ᠳᠠᠯᠪᠢᠨ ᠭᠦᠶᠦᠯᠭᠡᠵᠤ ᠢᠳᠡᠭ ᠢᠳᠡᠭ ᠢᠶᠠᠷ ᠠᠮᠠ ᠵᠢᠯᠤᠭᠤ ᠵᠠᠯᠠᠬᠤ ᠶᠢ ᠰᠤᠷᠭᠠᠳᠠᠭ᠃ ᠮᠤᠷᠢ ᠶᠢ ᠰᠠᠶᠢᠨ ᠰᠤᠷᠭᠠᠬᠤ ᠳᠦᠷᠦᠯ ᠎ ᠤᠨ ᠴᠢᠬᠤᠯᠠ᠃ ᠡᠬᠢᠯᠡᠭᠡᠳ ᠮᠠᠭᠤ ᠵᠠᠩ ᠲᠠᠢ ᠰᠤᠷᠴᠢᠬᠠᠪᠠᠯ ᠪᠤᠷᠤᠭᠤᠰᠬᠤ᠂ ᠢᠰᠭᠦᠯᠭᠦ᠂ ᠤᠯᠤᠩ ᠳᠠᠳᠠᠬᠤ ᠳᠤ ᠬᠠᠵᠠᠬᠤ᠂ ᠤᠨᠤᠬᠤ ᠳᠤ ᠪᠡᠶ᠎ᠡ ᠳᠤᠭᠤᠷᠢᠨ ᠡᠷᠬᠢᠯᠳᠦᠭᠦ ᠵᠡᠷᠭᠡ ᠮᠠᠭᠤ ᠵᠠᠩ ᠲᠠᠢ ᠪᠤᠯᠵᠤ ᠶᠡᠷᠦ ᠠᠴᠠ ᠭᠠᠷᠳᠠᠭ ᠦᠭᠡᠢ ᠶᠤᠮ᠃     ᠦᠭᠡᠷ ᠢ ᠠᠨᠵᠢᠰᠤ ᠳᠡᠷᠭᠡᠨ ᠳᠤ ᠭᠦᠯᠵᠤ ᠰᠤᠷᠭᠠᠬᠤ ᠪᠠ ᠦᠨᠢᠶ᠎ᠡ ᠶᠢ ᠰᠠᠭᠠᠵᠤ ᠰᠤᠷᠭᠠᠳᠠᠭ᠃ ᠭᠤᠨ᠎ᠠ ᠶᠢ ᠪᠦᠳᠦᠭᠦᠨ ᠦᠭᠡᠷ ᠤᠨ ᠳᠠᠯ᠎ᠠ ᠳᠤ ᠬᠤᠤᠰᠯᠠᠨ ᠰᠤᠷᠭᠠᠭᠠᠳ ᠳᠠᠷᠠᠭ᠎ᠠ ᠨᠢ ᠭᠠᠭᠴᠠᠭᠠᠷ ᠢ ᠠᠷᠠᠯᠳᠠᠵᠤ ᠰᠤᠷᠭᠠᠳᠠᠭ᠃ ᠰᠠᠶ᠋ᠢ ᠳᠤᠭᠤᠯᠯᠠᠭᠰᠠᠨ ᠭᠤᠨᠵᠢᠨ ᠦᠨᠢᠶ᠎ᠡ ᠶᠢ ᠤᠷᠢᠳᠡᠪᠡᠷ ᠭᠦᠭ ᠳᠡᠯᠡᠩ ᠢ ᠨᠢ ᠮᠠᠭᠠᠵᠢᠨ ᠮᠠᠯᠳᠠᠵᠤ᠂ ᠠᠷᠤ ᠬᠤᠶᠠᠷ ᠭᠦᠯ ᠢ ᠨᠢ ᠳᠤᠱᠠᠵᠤ ᠪᠠᠶᠢᠭᠠᠳ ᠰᠠᠭᠠᠵᠤ ᠰᠤᠷᠭᠠᠳᠠᠭ᠃     ᠮᠠᠯ ᠤᠨ ᠡᠷᠢᠯ  ᠮᠠᠯᠵᠢᠬᠤ ᠤᠷᠤᠨ ᠳᠤ ᠮᠠᠯ ᠠᠯᠳᠠᠵᠤ ᠡᠷᠢᠭᠦ ᠶᠠᠪᠤᠳᠠᠯ ᠦᠷᠭᠦᠯᠵᠢ ᠭᠠᠷᠳᠠᠭ ᠪᠦᠭᠡᠳ ᠮᠠᠯ ᠎ ᠤᠨ ᠡᠷᠢᠯ ᠳᠤ ᠶᠠᠪᠤᠵᠤ ᠪᠠᠶᠢᠭ᠎ᠠ ᠮᠠᠯᠴᠢᠨ ᠢ ᠤᠴᠠᠷᠠᠵᠤ ᠭᠤᠶᠤᠭᠰᠠᠨ ᠭᠦᠮᠦᠨ ᠪᠦᠷ ᠰᠤᠷᠠᠭ ᠴᠢᠮᠡᠭᠡ ᠭᠡᠯᠡᠵᠤ ᠦᠭᠭᠦ ᠂ ᠵᠠᠮ ᠮᠦᠷ ᠵᠢᠭᠠᠵᠤ ᠦᠭᠭᠦ᠂ ᠬᠤᠨᠤᠭ ᠬᠤᠭᠤᠯᠠ ᠳᠤᠬᠢᠷᠠᠭᠤᠯᠵᠤ ᠦᠭᠭᠦ ᠰᠠᠶᠢᠬᠠᠨ ᠵᠠᠩ ᠲᠠᠢ ᠪᠢᠯᠡ᠃     ᠮᠤᠷᠢ ᠳᠡᠮᠡᠭᠡ ᠦᠭᠡᠷ ᠤᠨ ᠡᠷᠢᠯ ᠳᠤ ᠶᠠᠪᠤᠵᠤ ᠪᠠᠶᠢᠭ᠎ᠠ ᠭᠦᠮᠦᠨ ᠤᠯᠠᠩᠬᠢ ᠳᠠᠭᠠᠨ ᠨᠠᠰᠤᠳᠠᠢ ᠭᠦᠮᠦᠨ ᠪᠤᠶᠤ ᠠᠳᠤᠭᠤᠴᠢᠨ ᠳᠡᠮᠡᠭᠡᠴᠢᠨ ᠦᠭᠡᠷᠴᠢᠨ ᠢ ᠡᠷᠢᠵᠤ᠂ ᠮᠡᠨᠳᠤ ᠰᠠᠶᠢᠨ ᠢᠶᠠᠨ ᠠᠰᠠᠭᠤᠵᠤ᠂ ᠳᠡᠮᠠᠬᠢᠯᠴᠠᠬᠤ ᠶᠢᠨ ᠬᠠᠮᠳᠤ ᠠᠷᠢᠬᠢ ᠪᠠᠷᠢᠵᠤ᠂ ᠡᠷᠢᠵᠤ ᠪᠠᠶᠢᠭ᠎ᠠ ᠮᠠᠯ ᠤᠨ ᠢᠶᠠᠨ ᠨᠠᠰᠤ ᠰᠢᠳᠤ᠂ ᠦᠩᠭᠡ ᠵᠢᠰᠦᠮ᠂ ᠢᠮ ᠳᠠᠮᠠᠭ᠎ᠠ᠂ ᠤᠨᠴᠠᠭᠠᠢ ᠳᠡᠮᠳᠡᠭ᠂ ᠭᠡᠵᠢᠶ᠎ᠡ ᠭᠡᠭᠡᠵᠤ ᠠᠯᠳᠠᠭᠰᠠᠨ ᠵᠡᠷᠭᠡ ᠪᠠᠨ ᠭᠡᠭᠡᠭᠳᠡᠯ ᠦᠭᠡᠢ ᠭᠡᠯᠡ ᠨᠠᠶᠢᠳᠠᠵᠤ ᠭᠤᠶᠤᠳᠠᠭ᠃ ᠭᠡᠷᠪᠡ ᠳᠤᠰ ᠭᠦᠮᠦᠨ ᠤᠯᠵᠤ ᠦᠵᠡᠭᠰᠡᠨ ᠪᠤᠶᠤ ᠴᠢᠮᠡᠭᠡ ᠰᠤᠷᠠᠭ ᠰᠤᠨᠤᠰᠤᠭᠰᠠᠨ ᠪᠤᠯ ᠯᠠᠪᠳᠠᠢ ᠰᠠᠶᠢᠬᠠᠨ ᠭᠡᠯᠡᠵᠤ ᠦᠭᠳᠡᠭ ᠶᠤᠮ᠃ ᠭᠡᠷᠪᠡ ᠮᠡᠳᠡᠭᠦ ᠦᠭᠡᠢ ᠪᠤᠯ ᠰᠤᠷᠠᠭᠯᠠᠵᠤ ᠪᠠᠶᠢᠭ᠎ᠠ ᠴᠢᠮᠡᠭᠡ ᠰᠤᠷᠠᠭ ᠤᠯᠪᠠᠯ ᠭᠡᠵᠢᠶ᠎ᠡ ᠴᠦ ᠬᠠᠮᠢᠶ᠎ᠠ ᠦᠭᠡᠢ ᠡᠷᠢᠯ ᠤᠨ ᠡᠵᠡᠨ ᠳᠤ ᠴᠢᠮᠡᠭᠡ ᠦᠭᠳᠡᠭ᠃ ᠡᠷᠢᠯ ᠤᠨ ᠮᠠᠯ ᠢ ᠶᠠᠭ ᠤᠯᠬᠤ ᠦᠭᠡᠢ ᠪᠤᠯ ᠵᠠᠷᠢᠮᠳ ᠠᠳᠠᠯᠤ ᠶᠢᠨ ᠳᠦᠯᠭᠡᠴᠢᠨ ᠢ ᠡᠷᠢᠵᠤ᠂ ᠲᠦᠯᠡᠭᠡ ᠦᠵᠡᠭᠦᠯᠳᠡᠭ ᠴᠦ ᠪᠤᠢ᠃ ᠳᠠᠯᠤ ᠶᠢᠨ ᠳᠦᠯᠭᠡᠴᠢᠨ ᠶᠡᠷᠦ ᠠᠴᠠ ᠬᠤᠨᠢᠨ ᠤ ᠳᠠᠯᠤ ᠶᠢ ᠰᠢᠳᠤ ᠭᠦᠷᠭᠡᠭᠦ ᠦᠭᠡᠢ ᠬᠢᠳᠤᠭ᠎ᠠ ᠪᠠᠷ ᠮᠦᠯᠵᠢᠭᠡᠳ ᠮᠤᠩᠭᠤᠯ ᠭᠡᠷ ᠤᠨ ᠬᠠᠨᠨ ᠳᠤᠯᠤᠭᠠᠢ ᠳᠤ ᠪᠡᠯᠡᠬᠡᠨ ᠬᠠᠳᠠᠭᠠᠯᠠᠵᠤ ᠪᠠᠶᠢᠳᠠᠭ᠃ ᠳᠦᠯᠭᠡ ᠦᠵᠡᠭᠦᠯᠭᠦ ᠭᠦᠮᠦᠨ ᠦᠪᠡᠷ ᠤᠨ ᠨᠠᠰᠤ᠂ ᠨᠡᠷ᠎ᠡ ᠤᠪᠤᠭ᠂ ᠠᠯᠳᠠᠭᠰᠠᠨ ᠮᠠᠯ ᠤᠨ ᠨᠠᠰᠤ ᠰᠢᠳᠤ ᠂ ᠢᠮ ᠳᠠᠮᠠᠭ᠎ᠠ᠂ ᠦᠩᠭᠡ ᠵᠢᠰᠦᠮ᠂ ᠤᠨᠴᠠᠭᠠᠢ ᠳᠡᠮᠳᠡᠭ᠂ ᠭᠡᠵᠢᠶ᠎ᠡ ᠭᠡᠭᠡᠭᠰᠡᠨ ᠵᠡᠷᠭᠡ ᠶᠢ ᠳᠤᠳᠤᠷᠬᠠᠢ ᠶᠠᠷᠢᠵᠤ ᠦᠭᠳᠡᠭ᠂ ᠵᠠᠷᠢᠮ ᠳᠦᠯᠭᠡᠴᠢᠨ ᠨᠢ ᠡᠳᠡᠭᠡᠷ ᠢ ᠶᠠᠷᠢᠭᠤᠯᠬᠤ ᠦᠭᠡᠢ᠂ ᠳᠦᠯᠭᠡ ᠳᠡᠭᠡᠷ᠎ᠡ ᠠᠴᠠ ᠪᠠᠨ ᠦᠵᠡᠭᠡᠳ ᠭᠡᠯᠡᠳᠡᠭ ᠡᠷᠳᠡᠮ ᠲᠠᠢ ᠪᠠᠶᠢᠳᠠᠭ᠃ ᠳᠦᠯᠭᠡᠴᠢᠨ ᠳᠠᠯᠤ ᠶᠢᠨ ᠶᠠᠰᠤ ᠪᠠᠨ ᠭᠠᠯ ᠳᠤ ᠰᠢᠳᠠᠭᠠᠭᠠᠳ᠂ ᠰᠢᠳᠠᠭᠠᠭᠰᠠᠨ ᠶᠠᠰᠤᠨ ᠳᠡᠭᠡᠷ᠎ᠡ ᠭᠠᠷᠤᠭᠰᠠᠨ ᠴᠠᠪᠠ ᠮᠦᠷ ᠢ ᠰᠢᠨᠵᠢᠵᠤ ᠪᠠᠶᠢᠭᠠᠳ᠂ ᠡᠨᠡᠭᠦ ᠠᠯᠳᠠᠭᠰᠠᠨ ᠮᠠᠯ ᠠᠯᠢ ᠵᠦᠭ ᠲᠤ ᠪᠠᠶᠢᠨ᠎ᠠ᠂ ᠬᠤᠯᠠᠭᠠᠶᠢᠴᠢ ᠶᠢᠨ ᠭᠠᠷ ᠲᠤ ᠤᠷᠤᠭᠰᠠᠨ ᠡᠰᠡᠭᠦ᠂ ᠬᠤᠳᠠᠯᠳᠤᠵᠤ ᠠᠯᠠᠭᠰᠠᠨ ᠡᠰᠡᠭᠦ᠂ ᠤᠯᠬᠤ ᠪᠠ ᠤᠯᠬᠤ ᠦᠭᠡᠢ ᠵᠡᠷᠭᠡ ᠶᠢ ᠳᠤᠪ ᠳᠤᠳᠤᠷᠬᠠᠢ ᠭᠡᠯᠡᠵᠤ ᠦᠭᠳᠡᠭ᠃ ᠵᠠᠷᠢᠮ ᠳᠠᠭᠠᠨ ᠳᠦᠯᠭᠡᠴᠢᠨ ᠤ ᠭᠡᠯᠡᠭᠰᠡᠨ ᠢᠶᠠᠷ ᠠᠯᠳᠠᠭᠰᠠᠨ ᠮᠠᠯ ᠢᠶᠠᠨ ᠡᠷᠢᠭᠡᠳ ᠤᠯᠤᠭᠠᠳ ᠠᠪᠳᠠᠭ ᠴᠦ ᠪᠤᠢ᠃ ᠡᠶᠢᠮᠦ ᠪᠤᠯ ᠳᠦᠯᠭᠡᠴᠢᠨ ᠦᠨᠡᠭᠡᠷ ᠠᠶᠢᠯ ᠭᠤᠤᠯ ᠤᠶᠢᠷ᠎ᠠ ᠬᠠᠪᠢ ᠳᠠᠭᠠᠨ ᠠᠯᠳᠠᠷᠰᠢᠳᠠᠭ᠃ ᠭᠡᠪᠡᠴᠤ ᠪᠠᠰᠠ ᠠᠷᠪᠢᠨ ᠨᠢ ᠪᠤᠳᠠᠳᠠᠢ ᠪᠡᠶᠡᠯᠡᠭᠳᠡᠳᠡᠭ ᠦᠭᠡᠢ ᠳᠤᠯᠠ ︽ᠳᠠᠯᠤ ᠶᠢᠨ ᠳᠦᠯᠭᠡᠴᠢ ᠳᠠᠯᠠᠨ ᠬᠤᠳᠠᠯᠴᠢ︾ ᠭᠡᠳᠡᠭ ᠴᠦ ᠪᠤᠢ᠃
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ