ᠮᠦᠰᠦᠨ | ᠪᠠᠭᠠᠷᠢᠨ ᠮᠤᠩᠭᠤᠯᠴᠤᠳ ᠨᠢ ᠠᠯᠢ ᠡᠷᠳᠡᠨ ᠠᠴᠠ ᠠᠪᠤᠭᠠᠳ ᠡᠪᠦᠯ ᠵᠤᠨ ᠤ ᠳᠦᠷᠪᠡᠨ ᠤᠯᠠᠷᠢᠯ ᠳᠤ ᠦᠰᠴᠤ | ᠳᠦᠷᠦᠭᠰᠡᠨ ᠨᠤᠳᠤᠭ ᠲᠠᠭᠠᠨ ᠤᠰᠤᠨ ᠤ ᠳᠤᠩᠭᠠᠯᠠᠭ ᠢ ᠰᠤᠩᠭᠤᠵᠤ᠂ ᠡᠪᠡᠰᠦᠨ ᠤ ᠰᠠᠶᠢᠨ ᠢ ᠰᠢᠯᠢᠵᠤ᠂ ᠨᠠᠷᠠ | ᠲᠠᠢ ᠭᠠᠵᠠᠷ ᠭᠡᠷ ᠢᠶᠠᠨ ᠪᠠᠷᠢᠵᠤ ᠨᠠᠪᠴᠢ ᠲᠠᠢ ᠭᠠᠵᠠᠷ ᠮᠠᠯ ᠢᠶᠠᠨ ᠮᠠᠯᠵᠢᠳᠠᠭ᠃ ᠨᠡᠭᠦᠳᠡᠯ ᠮᠠᠯᠵᠢᠯ ᠢᠶᠠᠷ ᠭᠤᠤᠯ | ᠪᠤᠯᠭᠠᠵᠤ᠂ ᠠᠩ ᠭᠦᠷᠦᠭᠡ ᠬᠢᠵᠤ ᠠᠶᠠᠨ ᠭᠦᠰᠭᠡ ᠳᠤ ᠶᠠᠪᠤᠵᠤ᠂ ᠠᠵᠤ ᠳᠦᠷᠦᠨ ᠠᠮᠢᠳᠤᠷᠠᠵᠤ ᠪᠠᠶᠢᠭᠰᠠᠨ | ᠠᠵᠢᠯᠴᠢ ᠪᠤᠷᠤᠭᠵᠢᠭᠤᠨ ᠮᠤᠩᠭᠤᠯ ᠤᠨ ᠨᠢᠭᠡ ᠤᠭᠰᠠᠭ᠎ᠠ ᠠᠶᠢᠮᠠᠭ ᠶᠤᠮ᠃ | ᠪᠠᠭᠠᠷᠢᠨᠴᠤᠳ ᠤᠨ ᠨᠡᠭᠦᠳᠡᠯ ᠮᠠᠯᠵᠢᠯ ᠤᠨ ᠠᠮᠢᠳᠤᠷᠠᠯ ᠤᠨ ᠭᠡᠷᠡᠭᠴᠡᠭᠡ ᠳᠤ ᠳᠤᠬᠢᠷᠠᠭᠰᠠᠨ ᠭᠡᠷ ᠰᠠᠭᠤᠴᠠ ᠨᠢ | ᠳᠠᠷᠤᠢ ᠡᠷᠳᠡ ᠳᠡᠭᠡᠳᠤ ᠠᠴᠠ ᠪᠠᠨ ᠤᠯᠠᠮᠵᠢᠯᠠᠭᠳᠠᠭᠰᠠᠭᠠᠷ ᠢᠷᠡᠭᠰᠡᠨ ᠮᠤᠩᠭᠤᠯ ᠭᠡᠷ ᠪᠤᠯᠤᠨ᠎ᠠ᠃ | ᠪᠠᠭᠠᠷᠢᠨ ᠤ ᠳᠠᠯ᠎ᠠ ᠨᠤᠳᠤᠭ ᠲᠤ ᠡᠪᠦᠯ ᠬᠠᠪᠤᠷ ᠤᠨ ᠰᠠᠯᠬᠢ ᠰᠢᠭᠤᠷᠭ᠎ᠠ ᠤᠨᠴᠠ ᠭᠡᠴᠡᠭᠦᠦ ᠪᠠᠶᠢᠳᠠᠭ ᠴᠦ | ᠮᠠᠯᠴᠢᠳ ᠤᠨ ᠮᠤᠩᠭᠤᠯ ᠭᠡᠷ ᠨᠢ ᠶᠡᠷᠦ ᠠᠴᠠ ᠠᠵᠢᠭ ᠴᠦ ᠦᠭᠡᠢ ᠭᠡᠪ ᠢᠶᠠᠷ ᠢᠶᠠᠨ ᠪᠠᠶᠢᠳᠠᠭ᠃ ᠤᠴᠢᠷ ᠨᠢ | ᠮᠤᠩᠭᠤᠯ ᠭᠡᠷ ᠨᠢ ᠳᠦᠭᠦᠷᠢᠭ ᠭᠡᠯᠪᠡᠷᠢᠳᠠᠢ ᠪᠤᠯᠬᠤᠷ ᠰᠠᠯᠬᠢ ᠰᠢᠭᠤᠷᠭᠠᠨ ᠤ ᠭᠦᠴᠦᠨ ᠤ ᠴᠢᠭᠯᠡᠯ ᠢ ᠬᠠᠯᠢᠷᠠᠭᠠᠳ | ᠭᠦᠯ ᠳᠤᠭᠳᠠᠵᠤ ᠴᠢᠳᠠᠬᠤ ᠦᠭᠡᠢ ᠬᠤᠶᠠᠷ ᠳᠡᠰᠢ ᠪᠠᠨ ᠵᠠᠳᠠᠷᠠᠨ ᠦᠩᠭᠡᠷᠡᠭᠦ ᠳᠤᠯᠠ ᠰᠠᠯᠬᠢᠨ ᠤ ᠭᠦᠴᠦᠨ ᠭᠡᠳᠦᠢ | ᠶᠡᠭᠡ ᠪᠠᠶᠢᠭᠰᠠᠨ ᠴᠦ ᠮᠤᠩᠭᠤᠯ ᠭᠡᠷ ᠨᠢ ᠠᠵᠢᠭ ᠦᠭᠡᠢ ᠭᠡᠪ ᠢᠶᠠᠷ ᠢᠶᠠᠨ ᠪᠠᠶᠢᠳᠠᠭ᠃ ᠡᠶᠢᠮᠦ ᠠᠴᠠ ᠮᠠᠯᠴᠢᠳ ︽ | ᠠᠷᠪᠠᠨ ᠳᠡᠰ ᠤᠨ ᠬᠠᠷ᠎ᠠ ᠰᠠᠯᠬᠢᠨ ᠳᠤ ᠠᠵᠢᠶᠠᠷᠬᠤ ᠴᠦ ᠦᠭᠡᠢ ᠮᠤᠩᠭᠤᠯ ᠭᠡᠷ︾ ᠭᠡᠵᠡᠭᠡᠳᠡᠭ᠃ | ᠮᠤᠩᠭᠤᠯ ᠭᠡᠷ ᠢ ᠪᠠᠷᠢᠬᠤ ᠳᠤ ᠡᠪᠦᠯ ᠵᠤᠨ ᠤ ᠤᠯᠠᠷᠢᠯ᠂ ᠭᠦᠯᠳᠡᠭᠦᠦ ᠭᠦᠢᠳᠡᠨ ᠭᠠᠵᠠᠷ᠂ ᠡᠯᠡᠰᠤ ᠮᠠᠩᠬ᠎ᠠ᠂ | ᠳᠤᠪᠤ ᠭᠦᠳᠦᠯ ᠭᠡᠵᠤ ᠢᠯᠭᠠᠳᠠᠭ ᠦᠭᠡᠢ᠃ ᠭᠠᠭᠴᠠᠭᠦ ᠰᠠᠯᠬᠢᠨ ᠤᠷᠤᠭᠤ ᠠᠰ ᠡᠮᠦᠨᠡᠰᠢ ᠪᠤᠶᠤ ᠵᠡᠭᠦᠨ ᠡᠮᠦᠨ᠎ᠡ ᠰᠢᠭ | ᠬᠠᠨᠳᠤᠭᠤᠯᠤᠨ ᠪᠤᠰᠬᠠᠳᠠᠭ ︵ᠪᠠᠭᠠᠷᠢᠨ ᠨᠤᠳᠤᠭ ᠲᠤ ᠡᠪᠦᠯ ᠬᠠᠪᠤᠷ ᠪᠤᠯᠪᠠᠯ ᠬᠤᠶᠢᠨ᠎ᠠ ᠠᠴᠠ ᠪᠤᠶᠤ ᠪᠠᠷᠠᠭᠤᠨ | ᠬᠤᠶᠢᠨ᠎ᠠ ᠠᠴᠠ ᠰᠠᠯᠬᠢᠨ ᠰᠠᠯᠬᠢᠯᠠᠳᠠᠭ ᠨᠢ ᠶᠡᠷᠦᠳᠡ ᠶᠢᠨ ᠭᠡᠷᠡᠭ︶᠃ ᠮᠤᠩᠭᠤᠯ ᠭᠡᠷ ᠢ ᠪᠠᠷᠢᠬᠤ ᠳᠤ ᠳᠦᠷᠭᠡᠨ᠂ | ᠪᠠᠭᠤᠯᠭᠠᠬᠤ ᠳᠤ ᠠᠮᠠᠷᠬᠠᠨ᠂ ᠠᠴᠢᠶᠠᠯᠠᠬᠤ ᠳᠤ ᠬᠢᠯᠪᠠᠷᠬᠠᠨ᠂ ᠨᠡᠭᠦᠳᠡᠯ ᠰᠠᠭᠤᠳᠠᠯ ᠳᠤ ᠭᠦᠩᠭᠡᠨ ᠪᠤᠯᠬᠤᠷ ᠮᠠᠯᠴᠢᠳ | ᠤᠨ ᠨᠡᠭᠦᠳᠡᠯ ᠤᠨ ᠠᠮᠢᠳᠤᠷᠠᠯ ᠳᠤ ᠮᠠᠰᠢ ᠳᠤᠬᠢᠷᠠᠭᠰᠠᠨ ᠤᠷᠤᠨ ᠰᠠᠭᠤᠴᠠ ᠪᠤᠯᠬᠤ ᠰᠠᠨ᠃ ᠮᠤᠩᠭᠤᠯ ᠭᠡᠷ ᠢ | ᠦᠢᠯᠡᠳᠭᠦ ᠪᠠ ᠰᠠᠯᠪᠢᠨ ᠵᠠᠰᠠᠬᠤ ᠳᠤ ᠴᠦ ᠳᠦᠭᠦᠮ᠃ ᠮᠤᠩᠭᠤᠯ ᠭᠡᠷ ᠤᠨ ᠪᠦᠳᠦᠴᠡ ᠳᠤ ᠬᠠᠨ᠎ᠠ᠂ ᠤᠷᠤᠢ ᠭᠡᠵᠤ | ᠬᠤᠶᠠᠷ ᠶᠡᠭᠡ ᠭᠡᠰᠡᠭ ᠢᠶᠠᠷ ᠪᠦᠷᠢᠯᠳᠦᠳᠡᠭ᠃ ᠮᠤᠩᠭᠤᠯ ᠭᠡᠷ ᠲᠤ ᠳᠦᠷᠪᠡᠨ ᠬᠠᠨᠠᠳᠤ᠂ ᠵᠢᠷᠭᠤᠭᠠᠨ ᠬᠠᠨᠠᠳᠤ᠂ | ᠨᠠᠢᠮᠠᠨ ᠬᠠᠨᠠᠳᠤ ᠪᠤᠶᠤ ᠡᠭᠦᠨ ᠠᠴᠠ ᠶᠡᠭᠡ ᠴᠦ ᠪᠤᠢ᠃ ᠡᠳᠡᠭᠡᠷ ᠨᠢ ᠶᠡᠭᠡ ᠪᠠᠭ᠎ᠠ ᠪᠠᠭᠳᠠᠭᠠᠮᠵᠢ ᠨᠢ ᠠᠳᠠᠯᠢ ᠦᠭᠡᠢ | ᠤᠯᠠᠨ ᠶᠠᠩᠵᠤ ᠶᠢᠨ ᠪᠠᠶᠢᠳᠠᠭ ᠴᠦ ᠭᠡᠯᠪᠡᠷᠢ ᠮᠠᠶ᠋ᠢᠭ ᠨᠢ ᠪᠦᠷ ᠯᠡ ᠠᠳᠠᠯᠢᠬᠠᠨ ᠱᠤᠪᠤᠭᠤᠷ ᠤᠷᠤᠢ ᠲᠠᠢ᠂ ᠪᠦᠮᠪᠦᠭᠡᠷ | ᠭᠡᠯᠪᠡᠷᠢᠳᠠᠢ᠂ ᠢᠰᠡᠭᠡᠢ ᠪᠦᠷᠢᠶᠡᠰᠤ ᠲᠠᠢ ᠪᠤᠶᠤ ᠳᠡᠷᠡᠰᠦᠨ ᠪᠦᠷᠢᠶᠡᠰᠤ ᠲᠠᠢ ᠴᠦ ᠪᠠᠶᠢᠳᠠᠭ᠃ ᠢᠯᠠᠩᠭᠤᠶ᠎ᠠ ᠪᠠᠭᠠᠷᠢᠨ | ᠳᠤ ᠳᠠᠷᠠᠰᠤ ᠤᠨᠴᠠ ᠤᠷᠭᠤᠳᠠᠭ ᠪᠠᠶᠢᠭᠠᠯᠢ ᠶᠢᠨ ᠨᠦᠭᠦᠴᠡᠯ ᠢ ᠠᠰᠢᠭᠯᠠᠵᠤ ᠳᠠᠷᠠᠰᠤ ᠪᠠᠷ ᠳᠡᠭᠡᠪᠦᠷᠢᠯᠡᠭᠰᠡᠨ ᠮᠤᠩᠭᠤᠯ | ᠭᠡᠷ ᠮᠠᠰᠢ ᠤᠯᠠᠨ ᠬᠠᠷᠠᠭᠳᠠᠳᠠᠭ᠃ ᠡᠶᠢᠮᠦ ᠵᠡᠷᠭᠡᠯᠡᠳᠡᠭ ᠭᠦᠷᠰᠢ ᠬᠤᠰᠢᠭᠤᠳ ᠤᠨ ᠬᠢᠨ ᠴᠦ ︽ᠳᠠᠷ ᠲᠠᠢ ᠪᠠᠭᠠᠷᠢᠨ᠂ | ᠳᠠᠷᠠᠰᠤᠨ ᠭᠡᠷ ᠲᠠᠢ ᠪᠠᠭᠠᠷᠢᠨ︾ ᠭᠡᠵᠤ ᠱᠤᠭ ᠪᠠᠷᠢᠳᠠᠭ᠃ ᠡᠨᠡ ᠨᠢ ᠪᠠᠭᠠᠷᠢᠨ ᠤ ᠮᠤᠩᠭᠤᠯ ᠭᠡᠷ ᠤᠨ ᠪᠠᠰᠠ ᠨᠢᠭᠡ | ᠦᠪᠡᠷᠮᠢᠴᠡ ᠤᠨᠴᠠᠯᠢᠭ ᠢ ᠬᠠᠷᠠᠭᠤᠯᠵᠤ ᠪᠠᠶᠢᠬᠤ ᠶᠤᠮ᠃ ᠪᠠᠭᠠᠷᠢᠨᠴᠤᠳ ᠤᠨ ᠡᠩ ᠤᠨ ᠮᠤᠩᠭᠤᠯ ᠭᠡᠷ ᠤᠨ ᠦᠨᠳᠦᠷ | ᠨᠢ ᠪᠠᠷᠤᠭ ᠠᠷᠪᠠᠨ ᠭᠤᠷᠪᠠᠨ ᠳᠤᠬᠤᠢ ᠢᠯᠡᠭᠦᠦ᠂ ᠬᠠᠨ᠎ᠠ ᠶᠢᠨ ᠦᠨᠳᠦᠷ ᠨᠢ ᠳᠦᠷᠪᠡ ᠳᠠᠪᠤᠨ ᠳᠤᠬᠤᠢ ᠯᠡ | ᠪᠠᠶᠢᠳᠠᠭ᠃ ᠳ᠋ᠢᠶᠠᠮᠧᠲᠷ ᠨᠢ ᠳᠤᠯᠤᠭ᠎ᠠ ᠨᠠᠢᠮᠠᠨ ᠳᠤᠬᠤᠢ ᠶᠢᠨ ᠤᠷᠴᠢᠮ ᠪᠠᠶᠢᠳᠠᠭ᠃ ᠮᠤᠩᠭᠤᠯ ᠭᠡᠷ ᠤᠨ ᠡᠭᠦᠳᠡᠨ ᠤ | ᠦᠨᠳᠦᠷ ᠨᠢ ᠭᠤᠷᠪᠠᠨ ᠳᠤᠬᠤᠢ ᠢᠯᠡᠭᠦᠦ᠂ ᠦᠷᠭᠡᠨ ᠨᠢ ᠬᠤᠶᠠᠷ ᠳᠤᠬᠤᠢ ᠬᠠᠭᠠᠰ ᠤᠷᠴᠢᠮ ᠪᠠᠶᠢᠵᠤ᠂ ᠡᠮᠦᠨ᠎ᠡ | ᠵᠦᠭ ᠪᠤᠶᠤ ᠵᠡᠭᠦᠨ ᠡᠮᠦᠨ᠎ᠡ ᠰᠢᠭ ᠬᠠᠨᠳᠤᠭᠤᠯᠤᠭᠰᠠᠨ ᠪᠤᠯᠬᠤᠷ ᠰᠠᠯᠬᠢ ᠰᠢᠭᠤᠷᠭᠠᠨ ᠢ ᠬᠠᠯᠬᠠᠯᠠᠳᠠᠭ᠃ | ᠮᠤᠩᠭᠤᠯ ᠭᠡᠷ ᠤᠨ ᠳᠤᠳᠤᠷᠠᠬᠢ ᠡᠳ᠋ᠯᠡᠯ ᠭᠡᠷᠡᠭᠰᠡᠯ ᠢ ᠬᠠᠮᠢᠭ᠎ᠠ ᠶᠠᠭᠠᠬᠢᠵᠤ ᠳᠠᠯᠪᠢᠳᠠᠭ ᠳᠤᠭᠳᠠᠭᠰᠠᠨ | ᠤᠯᠠᠮᠵᠢᠯᠠᠯᠳᠤ ᠶᠤᠰᠤ ᠵᠢᠷᠦᠮ ᠪᠠᠶᠢᠳᠠᠭ᠃ ᠮᠤᠩᠭᠤᠯ ᠭᠡᠷ ᠢᠶᠠᠨ ᠪᠠᠷᠢᠵᠤ ᠪᠦᠷᠢᠶᠡᠰᠦᠯᠡᠵᠤ ᠪᠠᠷᠠᠮᠠᠭᠴᠠ ᠭᠡᠷ ᠤᠨ | ᠳᠤᠳᠤᠷᠠᠬᠢ ᠡᠳ᠋ᠯᠡᠯ ᠭᠡᠷᠡᠭᠰᠡᠯ ᠢᠶᠠᠨ ᠳᠤᠬᠢᠷᠠᠭᠤᠯᠳᠠᠭ᠃ ᠢᠩᠬᠢᠭᠦ ᠳᠡᠭᠡᠨ ᠬᠠᠮᠤᠭ ᠤᠨ ᠳᠦᠷᠦᠭᠦᠨ ᠳᠤᠨᠢ ᠮᠤᠩᠭᠤᠯ | ᠭᠡᠷ ᠤᠨ ᠳᠦᠪ ᠭᠦᠢᠰᠤ ᠪᠤᠯᠬᠤ ᠭᠠᠵᠠᠷ ᠢ ᠭᠤᠯᠤᠮᠳᠠ ᠶᠢᠨ ᠤᠷᠤᠨ ᠭᠡᠵᠤ ᠳᠤᠯᠭ᠎ᠠ ᠪᠠᠨ ᠳᠤᠯᠳᠠᠭ᠃ | ᠮᠤᠩᠭᠤᠯᠴᠤᠳ ᠳᠤᠯᠭ᠎ᠠ ᠳᠤᠭᠤᠭ᠎ᠠ ᠳᠠᠯᠪᠢᠬᠤ ᠳᠠᠭᠠᠨ ᠳᠡᠷᠢ ᠳᠡᠭᠰᠢᠳᠬᠡᠨ ᠢ ᠤᠨᠴᠠ ᠠᠩᠬᠠᠷᠳᠠᠭ᠃ ᠭᠡᠷᠪᠡ ᠪᠠᠭ᠎ᠠ | ᠵᠡᠷᠭᠡ ᠬᠠᠵᠠᠭᠠᠢ ᠪᠠᠶᠢᠭᠰᠠᠨ ᠴᠦ ᠪᠠᠷᠠᠭᠤᠨ ᠬᠤᠶᠢᠰᠢ ᠪᠠᠨ ᠬᠠᠵᠠᠶᠢᠯᠭᠠᠬᠤ ᠠᠴᠠ ᠪᠢᠰᠢ ᠭᠡᠷ ᠤᠨ ᠵᠡᠭᠦᠨ ᠡᠮᠦᠨ᠎ᠡ | ᠵᠦᠭ ᠪᠤᠶᠤ ᠡᠭᠦᠳᠡᠨ ᠦᠭᠡᠳᠡ ᠬᠠᠵᠠᠶᠢᠯᠭᠠᠬᠤ ᠶᠢ ᠤᠨᠴᠠ ᠴᠡᠭᠡᠷᠯᠡᠳᠡᠭ᠃ ᠡᠶᠢᠮᠦ ᠠᠴᠠ ︽ᠪᠠᠶᠠᠨ ᠠᠶᠢᠯ ᠤᠨ | ᠳᠤᠭᠤᠭ᠎ᠠ ᠨᠢ ᠪᠠᠷᠠᠭᠤᠨ ᠬᠤᠶᠢᠰᠢ ᠪᠠᠨ ᠭᠡᠯᠳᠡᠭᠡᠢ︾ ᠭᠡᠳᠡᠭ ᠠᠷᠠᠳ ᠤᠨ ᠠᠮᠠᠨ ᠶᠠᠷᠢᠶ᠎ᠠ ᠪᠠᠶᠢᠳᠠᠭ᠃ ᠡᠭᠦᠨ ᠤ | ᠤᠴᠢᠷ ᠨᠢ ᠭᠠᠯ ᠳᠤᠭᠤᠭᠠᠨ ᠤ ᠪᠤᠶᠠᠨ ᠭᠡᠰᠢᠭ ᠢ ᠡᠭᠦᠳᠡᠨ ᠳᠡᠰᠢ ᠬᠠᠷᠠᠭᠤᠯᠵᠤ ᠭᠠᠳᠠᠭᠰᠢ ᠠᠯᠳᠠᠵᠤ ᠪᠤᠯᠬᠤ ᠦᠭᠡᠢ | ᠶᠢ ᠬᠢᠴᠢᠶᠡᠭᠰᠡᠨ ᠭᠡᠨ᠎ᠡ᠃ ᠳᠤᠯᠭ᠎ᠠ ᠪᠠᠨ ᠳᠤᠯᠵᠤ ᠳᠤᠯᠠᠭᠠᠨ ᠤ ᠭᠦᠷᠢᠶ᠎ᠡ ᠶᠢ ᠳᠠᠯᠪᠢᠭᠰᠠᠨ ᠤ ᠳᠠᠷᠠᠭ᠎ᠠ ᠭᠡᠷ ᠤᠨ | ᠳᠤᠭᠤᠢ ᠵᠠᠢ ᠳᠤ ᠰᠢᠷᠢᠳᠡᠭ᠂ ᠢᠰᠡᠭᠡᠢ ᠪᠠᠨ ᠳᠠᠪᠢᠰᠦᠨᠡ᠃ ᠪᠠᠷᠠᠭ᠎ᠠ ᠰᠢᠷᠡᠭᠡ ᠦᠭᠡᠢ ᠬᠠᠩᠭᠠᠢ ᠭᠡᠷ ᠲᠤ ᠪᠤᠯ | ᠭᠤᠯᠤᠮᠳᠠ ᠶᠢᠨ ᠭᠦᠷᠢᠶ᠎ᠡ ᠠᠴᠠ ᠭᠡᠷ ᠤᠨ ᠬᠠᠶᠠᠭ᠎ᠠ ᠭᠦᠷᠳᠡᠯᠡᠬᠢ ᠵᠠᠢ ᠳᠤ ᠡᠩ ᠨᠡᠶᠢᠳᠡᠮ ᠳᠤᠨᠢ ᠳᠡᠪᠢᠰᠴᠤ᠂ | ᠪᠠᠷᠠᠭ᠎ᠠ ᠰᠢᠷᠡᠭᠡ ᠲᠠᠢ ᠭᠡᠷ ᠪᠤᠯ ᠠᠪᠳᠠᠷ᠎ᠠ ᠪᠠ ᠤᠷᠤ ᠰᠢᠷᠡᠭᠡᠨ ᠤ ᠨᠠᠭᠠᠳᠤ ᠳᠠᠯ᠎ᠠ ᠪᠠᠷ ᠳᠤᠭᠤᠶᠢᠯᠠᠭᠤᠯᠵᠤ ᠳᠡᠪᠢᠰᠳᠡᠭ | ᠃ | ᠮᠤᠩᠭᠤᠯ ᠭᠡᠷ ᠤᠨ ᠬᠤᠶᠢᠮᠤᠷ ᠳᠠᠯ᠎ᠠ ᠠᠴᠠ ᠡᠬᠢᠯᠡᠨ ᠭᠡᠷ ᠤᠨ ᠪᠠᠷᠠᠭᠤᠨ ᠬᠤᠶᠢᠨ᠎ᠠ᠂ ᠪᠠᠷᠠᠭᠤᠨ ᠳᠠᠯ᠎ᠠ᠂ | ᠪᠠᠷᠠᠭᠤᠨ ᠡᠮᠦᠨᠡᠳᠤ ᠳᠠᠯ᠎ᠠ ᠳᠤ ᠳᠠᠯᠪᠢᠬᠤ ᠶᠠᠭᠤᠮᠠᠰ ᠨᠢ ᠪᠦᠷ ᠯᠡ ᠡᠷᠡᠭᠳᠠᠶᠢᠴᠤᠳ ᠤᠨ ᠡᠳ᠋ᠯᠡᠵᠤ ᠭᠡᠷᠡᠭᠯᠡᠳᠡᠭ | ᠵᠦᠢᠯᠡᠰ ᠪᠠᠶᠢᠳᠠᠭ᠃ ᠳᠡᠶᠢᠮᠦ ᠠᠴᠠ ᠡᠷᠳᠡᠨ ᠤ ᠰᠢᠨ᠎ᠡ ᠭᠡᠷ ᠮᠢᠯᠢᠶᠠᠬᠤ ᠢᠷᠦᠭᠡᠯ ᠳᠤ᠄ ︽ᠪᠠᠷᠠᠭᠤᠨ ᠠᠪᠳᠠᠷ᠎ᠠ ᠶᠢ | ᠨᠡᠭᠡᠭᠡᠵᠤ ᠦᠵᠡᠪᠡᠯ ᠪᠠᠷᠠᠰ ᠤᠨ ᠠᠷᠠᠰᠤ ᠁ ᠪᠢᠴᠢᠭ ᠳᠠᠩᠰᠠ᠂ ᠱᠠᠭ᠎ᠠ ᠰᠢᠳᠠᠷ᠎ᠠ᠂ ᠪᠦᠭᠡ ᠶᠢᠨ ᠵᠤᠳᠤᠭ᠂ ᠡᠪ | ᠤᠨ ᠴᠠᠪᠠᠤ᠂ ᠬᠤᠷᠳᠤᠨ ᠮᠤᠷᠢᠨ ᠤ ᠬᠤᠰᠤᠭᠤᠷ ᠁ ᠴᠦᠮ ᠪᠦᠷᠢᠨ︾ ᠭᠡᠵᠤ ᠪᠠᠶᠢᠳᠠᠭ᠃ ᠡᠨᠡ ᠨᠢ ᠪᠠᠷᠠᠭᠤᠨ | ᠳᠠᠯ᠎ᠠ ᠪᠠᠷ ᠢᠶᠠᠨ ᠪᠦᠰᠡᠳᠠᠢ ᠭᠦᠮᠦᠨ ᠤ ᠡᠳ᠋ᠯᠡᠵᠤ ᠭᠡᠷᠡᠭᠯᠡᠳᠡᠭ ᠶᠠᠭᠤᠮ᠎ᠠ ᠭᠡᠤᠮᠡ ᠳᠠᠯᠪᠢᠳᠠᠭ ᠵᠤᠷᠰᠢᠯ ᠨᠢ ᠡᠷᠳᠡᠨ | ᠠᠴᠠ ᠤᠯᠠᠮᠵᠢᠯᠠᠵᠤ ᠢᠷᠡᠭᠰᠡᠨ ᠢ ᠭᠡᠷᠡᠴᠢᠯᠡᠵᠤ ᠪᠠᠶᠢᠬᠤ ᠶᠤᠮ᠃ | ᠮᠤᠩᠭᠤᠯ ᠭᠡᠷ ᠤᠨ ᠬᠤᠶᠢᠮᠤᠷ ᠳᠠᠯ᠎ᠠ ᠠᠴᠠ ᠭᠡᠷ ᠤᠨ ᠵᠡᠭᠦᠨ ᠬᠤᠶᠢᠨ᠎ᠠ᠂ ᠵᠡᠭᠦᠨᠳᠠᠢ ᠵᠡᠭᠦᠨ ᠡᠮᠦᠨ᠎ᠡ ᠳᠠᠯ᠎ᠠ ᠪᠠᠷ | ᠪᠦᠷ ᠴᠦ ᠪᠦᠰᠡᠭᠦᠶᠢᠴᠤᠳ ᠤᠨ ᠵᠠᠷᠤᠵᠤ ᠪᠠᠷᠢᠳᠠᠭ ᠡᠳ᠋ᠯᠡᠯ ᠭᠡᠷᠡᠭᠰᠡᠯ ᠢ ᠳᠠᠯᠪᠢᠳᠠᠭ᠃ ᠳᠡᠶᠢᠮᠦ ᠠᠴᠠ ᠰᠢᠨ᠎ᠡ ᠭᠡᠷ | ᠤᠨ ᠡᠳ᠋ᠯᠡᠯ ᠭᠡᠷᠡᠭᠰᠡᠯ ᠢ ︽ᠵᠡᠭᠦᠨ ᠬᠤᠶᠢᠨ᠎ᠠ ᠳᠠᠯᠪᠢᠭᠰᠠᠨ ᠵᠦᠢᠷᠠᠢ ᠬᠤᠶᠠᠷ ᠠᠪᠳᠠᠷ᠎ᠠ ᠳᠤ᠄ ᠨᠤᠭᠤᠭᠠᠨ ᠤᠭ᠍ᠶᠤ ᠶᠢᠨ | ᠭᠡ ᠲᠠᠢ᠂ ᠨᠤᠮᠢᠨ ᠡᠷᠳᠡᠨᠢ ᠶᠢᠨ ᠰᠢᠨᠵᠢ ᠲᠠᠢ᠂ ᠴᠤᠯ ᠮᠦᠩᠭᠦᠨ ᠴᠤᠤᠵᠢ ᠲᠠᠢ᠂ ᠴᠢᠳᠬᠤᠮᠠᠯ ᠮᠦᠩᠭᠦᠨ ᠳᠦᠯᠬᠢᠭᠦᠷ | ᠲᠠᠢ᠂ ᠠᠭᠠᠷᠤ ᠽᠠᠨᠳᠠᠨ ᠮᠤᠳᠤ ᠲᠠᠢ᠂ ᠠᠪᠳᠠᠷ᠎ᠠ ᠶᠢᠨ ᠬᠢᠨ ᠳᠤᠳᠤᠷ᠎ᠠ ᠬᠤᠷᠭᠤᠢ ᠴᠢᠰᠴᠤ ᠬᠤᠷᠢᠨ ᠬᠤᠶᠠᠷ ᠵᠦᠢᠯ᠂ | ᠨᠠᠷᠢᠨ ᠡᠳ᠋ᠯᠡᠯ ᠨᠠᠶᠠᠨ ᠨᠠᠢᠮᠠᠨ ᠵᠦᠢᠯ᠂ ᠭᠦᠮᠦᠰᠬᠡᠨ ᠳᠤ ᠳᠦᠷᠬᠢᠭᠦ ᠭᠦᠭᠡ ᠡᠩᠭᠡᠰᠬᠡ᠂ ᠤᠷᠤᠭᠤᠯ ᠳᠤ ᠳᠦᠷᠬᠢᠭᠦ | ᠤᠯᠠᠭᠠᠨ ᠡᠩᠭᠡᠰᠭᠡ᠂ ᠪᠠᠷᠢᠬᠤ ᠳᠠᠯᠪᠢᠬᠤ ᠪᠦᠷᠢᠨ ᠳᠡᠭᠦᠰ ᠭᠡᠵᠤ︾ ᠢᠷᠦᠭᠡᠳᠡᠭ ᠪᠢᠯᠡ᠃ | ᠮᠤᠩᠭᠤᠯ ᠭᠡᠷ ᠤᠨ ᠪᠠᠷᠠᠭᠤᠨ ᠬᠤᠶᠢᠳᠤ ᠳᠠᠯ᠎ᠠ ᠳᠤ ᠪᠤᠷᠬᠠᠨ ᠤ ᠰᠢᠷᠡᠭᠡ ᠳᠠᠯᠪᠢᠵᠤ᠂ ᠳᠡᠭᠦᠨ ᠤ ᠳᠡᠭᠡᠷ᠎ᠡ | ᠪᠤᠷᠬᠠᠨ ᠭᠦᠩᠭᠠᠷᠠᠪᠠ ᠳᠠᠯᠪᠢᠳᠠᠭ᠃ ᠰᠢᠷ᠎ᠠ ᠶᠢᠨ ᠱᠠᠰᠢᠨ ᠤ ᠪᠤᠷᠬᠠᠨ ᠢᠶᠠᠨ ᠳᠠᠬᠢᠳᠠᠭ ᠭᠦᠨᠳᠤᠳᠤ ᠤᠷᠤᠨ ᠵᠦᠭ ᠨᠢ | ᠬᠤᠶᠢᠳᠤ ᠵᠦᠭ ᠶᠤᠮ᠃ ᠭᠡᠳᠡᠯ᠎ᠡ ᠮᠤᠩᠭᠤᠯᠴᠤᠳ ᠤᠨ ᠭᠡᠷ ᠤᠨ ᠪᠠᠷᠠᠭᠤᠨ ᠬᠤᠶᠢᠳᠤ ᠳᠠᠯ᠎ᠠ ᠳᠠᠬᠢᠳᠠᠭ ᠤᠨ ᠤᠴᠢᠷ | ᠨᠢ᠂ ᠮᠠᠨ ᠤ ᠮᠤᠩᠭᠤᠯ ᠦᠨᠳᠦᠰᠦᠳᠡᠨ ᠨᠢ ᠪᠠᠷᠠᠭᠤᠨ ᠬᠤᠶᠢᠳᠤ ᠳᠠᠯ᠎ᠠ ᠶᠢ ᠤᠤᠯ ᠤᠨ ᠳᠡᠭᠡᠳᠦᠯᠡᠵᠤ᠂ ᠡᠪᠦᠭᠡ | ᠳᠡᠭᠡᠳᠤ ᠶᠢᠨ ᠢᠶᠠᠨ ᠰᠦᠯᠳᠡ ᠰᠢᠳᠦᠭᠡᠨ ᠢᠶᠠᠨ ᠳᠠᠬᠢᠳᠠᠭ ᠭᠦᠨᠳᠤᠳᠤ ᠤᠷᠤᠨ ᠪᠠᠶᠢᠭᠰᠠᠨ ᠠᠴᠠ ᠢᠷᠡᠯᠳᠠᠢ᠃ | ᠪᠠᠭᠠᠷᠢᠨᠴᠤᠳ ᠤᠨ ᠪᠠᠷᠠᠭᠤᠨ ᠭᠠᠵᠠᠷ ᠠᠴᠠ ᠵᠠᠯᠠᠵᠤ ᠢᠷᠡᠭᠰᠡᠨ ᠪᠤᠷᠬᠠᠨ ᠱᠠᠰᠢᠨ ᠨᠢ ᠮᠤᠩᠭᠤᠯ ᠭᠡᠷ ᠲᠤ ᠳᠠᠬᠢᠭᠳᠠᠵᠤ | ᠪᠤᠯᠤᠭᠰᠠᠨ ᠨᠢ ᠪᠤᠳᠤᠪᠠᠯ ᠭᠤᠷᠪᠠᠨ ᠵᠠᠭᠤᠨ ᠤᠨ ᠤ ᠯᠡ ᠭᠡᠷᠡᠭ᠃ ᠮᠤᠩᠭᠤᠯᠴᠤᠳ ᠤᠨ ᠤᠤᠭᠠᠨ ᠱᠠᠰᠢᠨ ᠪᠦᠭᠡ | ᠮᠦᠷᠭᠦᠯ ᠨᠢ ᠪᠤᠷᠬᠠᠨ ᠱᠠᠰᠢᠨ ᠢᠶᠠᠷ ᠤᠷᠤᠯᠠᠭᠳᠠᠭᠰᠠᠨ ᠪᠤᠯᠪᠠᠴᠤ ᠮᠤᠩᠭᠤᠯ ᠤᠨ ᠳᠤᠳᠤᠷᠠᠬᠢ ᠡᠮᠬᠢ ᠵᠠᠮᠪᠠᠷᠠᠭ᠎ᠠ᠂ | ᠡᠳ᠋ᠯᠡᠯ ᠭᠡᠷᠡᠭᠰᠡᠯ ᠤᠨ ᠳᠠᠯᠪᠢᠬᠤ ᠤᠷᠤᠨ ᠪᠠᠶᠢᠷᠢ ᠶᠢᠨ ᠳᠤᠭᠳᠠᠭᠰᠠᠨ ᠤᠯᠠᠮᠵᠢᠯᠠᠯᠳᠤ ᠶᠤᠰᠤ ᠵᠢᠷᠦᠮ ᠳᠠᠳᠬᠠᠯ ᠨᠢ | ᠪᠠᠰᠠ ᠳᠡᠷᠡ ᠭᠡᠪ ᠢᠶᠠᠷ ᠢᠶᠠᠨ ᠪᠠᠶᠢᠵᠠᠢ᠃ | ᠮᠤᠩᠭᠤᠯ ᠭᠡᠷ ᠤᠨ ᠬᠤᠶᠢᠳᠤ ᠳᠠᠯ᠎ᠠ ᠳᠤ ᠤᠷᠤᠨ ᠰᠢᠷᠡᠭᠡ ᠭᠡᠵᠤ ᠪᠤᠷᠬᠠᠨ ᠰᠢᠷᠡᠭᠡ ᠪᠤᠯᠤᠨ ᠵᠡᠭᠦᠨ ᠬᠤᠶᠢᠳᠤ | ᠬᠠᠨ᠎ᠠ ᠶᠢ ᠳᠠᠭᠠᠭᠤᠯᠤᠨ ᠳᠠᠯᠪᠢᠭᠰᠠᠨ ᠠᠪᠳᠠᠷ᠎ᠠ ᠶᠢᠨ ᠬᠤᠭᠤᠷᠤᠨᠳᠤ ᠪᠠᠶᠢᠳᠠᠭ᠃ ᠤᠷᠤᠨ ᠰᠢᠷᠡᠭᠡ ᠶᠢ ᠤᠯᠠᠩᠬᠢ | ᠳᠠᠭᠠᠨ ᠡᠭᠦᠳᠡ ᠡᠷᠦᠭᠡ ᠪᠤᠰᠬᠠᠵᠤ᠂ ᠠᠷᠠᠯ ᠦᠢᠯᠡᠰ ᠡᠬᠢᠯᠡᠵᠤ ᠭᠠᠯ ᠭᠤᠯᠤᠮᠳᠠ ᠡᠭᠦᠰᠭᠡᠮᠡᠭᠴᠡ ᠭᠡᠯᠬᠢᠵᠤ ᠳᠠᠯᠪᠢᠳᠠᠭ | ᠃ ᠤᠷᠤᠨ ᠰᠢᠷᠡᠭᠡ ᠶᠢᠨ ᠪᠠᠶᠢᠳᠠᠯ ᠨᠢ ᠡᠷᠳᠡᠨ ᠤ ᠢᠷᠦᠭᠡᠯ ᠮᠠᠭᠳᠠᠭᠠᠯ ᠳᠤ ᠪᠠᠶᠢᠳᠠᠭᠴᠢᠯᠠᠨ ︽ᠨᠠᠷᠠᠰᠤᠨ ᠮᠤᠳᠤ | ᠤᠷᠠᠯᠠᠵᠤ ᠬᠢᠭᠰᠡᠨ᠂ ᠨᠠᠷᠢᠨ ᠰᠠᠶᠢᠬᠠᠨ ᠰᠠᠶᠢᠯᠵᠤ ᠬᠢᠭᠰᠡᠨ᠂ ᠪᠤᠳᠠ ᠴᠡᠴᠡᠭ ᠤᠨ ᠰᠡᠭᠡᠭᠡ ᠲᠠᠢ᠂ ᠪᠤᠰᠤᠭ᠎ᠠ ᠵᠢᠭᠠᠰᠤᠨ | ᠬᠤᠸᠠᠷ ᠲᠠᠢ᠂ ᠳᠤᠯᠢ ᠮᠦᠩᠭᠦᠨ ᠨᠢᠭᠤᠷ ᠲᠠᠢ᠂ ᠳᠤᠪᠤᠷᠤᠤ ᠳᠠᠪ ᠤᠨ ᠴᠢᠮᠡᠭ ᠲᠠᠢ᠂ ᠠᠴᠢᠳᠤ ᠳᠦᠷᠪᠡᠨ ᠭᠦᠯ ᠲᠠᠢ | ᠂ ᠠᠷᠤ ᠳᠠᠯ᠎ᠠ ᠪᠠᠷ ᠢᠶᠠᠨ ᠳᠦᠰᠢᠯᠭᠡ ᠲᠠᠢ︾ ᠰᠢᠷᠡᠭᠡ ᠪᠠᠶᠢᠳᠠᠭ᠃ ᠡᠨᠡ ᠤᠷᠤᠨ ᠰᠢᠷᠡᠭᠡᠨ ᠤ ᠳᠠᠭᠠᠷᠠᠭᠤᠯᠤᠭᠰᠠᠨ | ᠭᠤᠷᠪᠠᠨ ᠶᠠᠩᠵᠤ ᠶᠢᠨ ᠬᠤᠤᠰ ᠡᠮᠵᠢᠶᠡᠷᠳᠠᠢ ᠭᠤᠶᠢᠳᠠ ᠰᠠᠶᠢᠬᠠᠨ ᠬᠠᠳᠬᠤᠮᠠᠯ ᠲᠠᠢ᠂ ᠭᠤᠳᠤᠰ ᠰᠢᠷᠢᠳᠡᠭ ᠢ ᠭᠡᠳᠦᠨ | ᠳᠠᠪᠬᠤᠷ ᠳᠡᠪᠢᠰᠦᠭᠡᠳ ᠳᠡᠪᠡᠯ ᠬᠤᠪᠴᠠᠰᠤ ᠭᠦᠨᠵᠢᠯᠡ ᠳᠡᠪᠢᠰᠭᠡᠷ ᠢᠶᠠᠨ ᠬᠤᠷᠢᠶᠠᠳᠠᠭ ᠶᠤᠮ᠃ ᠤᠷᠤ ᠪᠠᠷᠠᠭ᠎ᠠ ᠪᠠᠨ | ᠬᠤᠷᠢᠶᠠᠬᠤ ᠳᠠᠭᠠᠨ ᠳᠡᠪᠡᠯ ᠳᠡᠷᠯᠢᠭ ᠤᠨ ᠵᠠᠭᠠᠮ᠎ᠠ ᠶᠢ ᠵᠠᠪᠠᠯ ᠪᠠᠷᠠᠭᠤᠨᠰᠢ ᠪᠤᠷᠬᠠᠨ ᠰᠢᠷᠡᠭᠡᠨ ᠤ ᠦᠭᠡᠳᠡ | ᠬᠠᠨᠳᠤᠭᠤᠯᠵᠤ᠂ ᠳᠡᠪᠡᠯ ᠤᠨ ᠡᠩᠭᠡᠷ ᠢ ᠳᠡᠭᠡᠳᠤ ᠳᠠᠯ᠎ᠠ ᠳᠤᠨᠢ ᠭᠠᠷᠭᠠᠵᠤ᠂ ᠪᠦᠰᠡᠳᠠᠢ ᠶᠢᠨ ᠬᠢᠨ ᠤ ᠬᠤᠪᠴᠠᠰᠤ ᠶᠢ | ᠳᠡᠭᠡᠷ᠎ᠡ ᠳᠠᠯ᠎ᠠ ᠳᠤᠨᠢ ᠬᠤᠷᠢᠶᠠᠨ ᠪᠦᠰᠡᠭᠦᠢ ᠶᠢᠨ ᠬᠢᠨ ᠤ ᠬᠤᠪᠴᠠᠰᠤ ᠬᠤᠨᠠᠷ ᠢ ᠳᠤᠤᠷ᠎ᠠ ᠳᠠᠯ᠎ᠠ ᠳᠤᠨᠢ ᠬᠤᠷᠢᠶᠠᠳᠠᠭ᠃ | | ᠮᠤᠩᠭᠤᠯ ᠭᠡᠷ ᠤᠨ ᠵᠡᠭᠦᠨ ᠬᠠᠶᠠᠭᠠᠨ ᠳᠤ ᠬᠤᠷᠭᠤ ᠡᠷᠬᠢᠨᠡᠭ ᠳᠠᠯᠪᠢᠳᠠᠭ᠃ ᠬᠤᠷᠭᠤ ᠡᠷᠬᠢᠨᠡᠭ ᠲᠤ ᠭᠡᠳᠦᠨ | ᠳᠠᠮᠵᠢᠭᠤᠷᠭᠠ ᠳᠤᠬᠢᠷᠠᠭᠤᠯᠵᠤ ᠪᠠᠭᠳᠠᠭᠠᠮᠵᠢ ᠶᠢ ᠨᠢ ᠨᠡᠮᠡᠭᠳᠡᠭᠦᠯᠦᠨ᠂ ᠠᠶᠠᠭ᠎ᠠ ᠱᠠᠵᠠᠩ᠂ ᠳᠤᠭᠤᠭ᠎ᠠ ᠰᠢᠨᠠᠭ᠎ᠠ᠂ | ᠰᠠᠪᠠ ᠰᠠᠭᠤᠯᠭ᠎ᠠ᠂ ᠰᠦ ᠰᠠᠭᠠᠯᠢ ᠢᠳᠡᠭᠡᠨ ᠤᠮᠳᠠᠭᠠᠨ ᠤ ᠵᠦᠢᠯ ᠢᠶᠠᠨ ᠳᠠᠯᠪᠢᠳᠠᠭ᠃ ᠢᠳᠡᠭᠡᠨ ᠤᠮᠳᠠᠭᠠᠨ ᠤ ᠵᠦᠢᠯ | ᠢ ᠬᠤᠷᠭᠤ ᠡᠷᠬᠢᠨᠡᠭ ᠳᠡᠭᠡᠷ᠎ᠡ ᠳᠠᠯᠪᠢᠬᠤ ᠳᠠᠭᠠᠨ ᠪᠦᠷ ᠴᠦ ᠶᠤᠰᠤ ᠵᠢᠷᠦᠮ ᠲᠠᠢ᠃ ᠤᠯᠠᠭᠠᠨ ᠢᠳᠡᠭᠡ᠂ ᠴᠠᠭᠠᠨ | ᠢᠳᠡᠭᠡ᠂ ᠤᠰᠤ ᠴᠠᠰᠤ ᠶᠢ ᠬᠤᠯᠢᠵᠤ ᠳᠠᠯᠪᠢᠳᠠᠭ ᠦᠭᠡᠢ᠃ ᠨᠡᠩ ᠴᠦ ᠰᠦ ᠴᠠᠭ᠎ᠠ ᠪᠤᠯᠤᠨ ᠮᠢᠬ᠎ᠠ ᠱᠦᠯᠦ ᠶᠢ | ᠴᠤᠭ ᠳᠠᠯᠪᠢᠳᠠᠭ ᠦᠭᠡᠢ᠃ | ᠮᠤᠩᠭᠤᠯ ᠭᠡᠷ ᠤᠨ ᠪᠠᠷᠠᠭᠤᠨ ᠡᠮᠦᠨᠡᠭᠦᠷ ᠮᠤᠷᠢᠨ ᠤ ᠡᠳ᠋ᠯᠡᠯ ᠢ ᠳᠠᠯᠪᠢᠳᠠᠭ᠃ ᠢᠩᠬᠢᠭᠦ ᠳᠡᠭᠡᠨ ᠡᠯᠭᠦᠭᠦᠷ | ᠵᠤᠬᠢᠶᠠᠵᠤ᠂ ᠮᠤᠷᠢᠨ ᠤ ᠨᠤᠭᠳᠤ ᠬᠠᠵᠠᠭᠠᠷ᠂ ᠳᠠᠰᠢᠭᠤᠷ ᠴᠢᠳᠦᠷ ᠵᠡᠷᠭᠡ ᠶᠢ ᠡᠯᠭᠦᠨ᠎ᠡ᠃ ᠡᠯᠭᠦᠭᠦ ᠳᠡᠭᠡᠨ ᠬᠠᠵᠠᠭᠠᠷ | ᠨᠤᠭᠳᠤ ᠶᠢᠨ ᠵᠢᠯᠤᠭᠤ ᠴᠤᠯᠪᠤᠭᠤᠷ ᠢ ᠠᠪᠴᠤ ᠭᠠᠷᠬᠤ ᠮᠠᠶ᠋ᠢᠭ ᠢᠶᠠᠷ ᠰᠠᠶᠢᠬᠠᠨ ᠡᠪᠭᠡᠭᠡᠳ ᠬᠠᠮᠠᠷ ᠢ ᠨᠢ ᠭᠤᠯᠤᠮᠳᠠ | ᠤᠷᠤᠭᠤ ᠬᠠᠨᠳᠤᠭᠤᠯᠤᠨ᠎ᠠ᠃ ᠴᠢᠳᠦᠷ ᠢ ᠡᠯᠭᠦᠭᠦ ᠳᠡᠭᠡᠨ ᠳᠡᠭᠡᠭ ᠢ ᠨᠢ ᠳᠡᠭᠡᠭᠡᠭᠯᠡᠭᠡᠳ ᠡᠮᠦᠨ᠎ᠡ ᠬᠠ ᠪᠠᠷ ᠨᠢ ᠠᠯᠠᠭ᠎ᠠ | ᠶᠢ ᠨᠢ ᠬᠤᠶᠢᠰᠢ ᠬᠠᠨᠳᠤᠭᠤᠯᠤᠨ ᠡᠯᠭᠦᠳᠡᠭ ᠶᠤᠰᠤᠳᠠᠢ᠃ ᠡᠮᠡᠭᠡᠯ ᠢ ᠳᠠᠯᠪᠢᠬᠤ ᠳᠠᠭᠠᠨ ᠡᠮᠦᠨ᠎ᠡ ᠪᠦᠭᠦᠷᠭᠡ ᠶᠢ ᠨᠢ | ᠵᠠᠪᠠᠯ ᠳᠡᠭᠡᠭᠰᠢ ᠬᠠᠨᠳᠤᠭᠤᠯᠵᠤ᠂ ᠰᠠᠭᠤᠳᠠᠯ ᠳᠠᠯ᠎ᠠ ᠶᠢ ᠨᠢ ᠪᠤᠷᠬᠠᠨ ᠰᠢᠳᠦᠭᠡᠨ ᠤ ᠵᠦᠭ ᠬᠠᠨᠳᠤᠭᠤᠯᠤᠨ ᠳᠠᠯᠪᠢᠨ᠎ᠠ᠃ | ᠭᠡᠷᠪᠡ ᠬᠠᠵᠠᠭᠠᠷ᠂ ᠴᠢᠳᠦᠷ᠂ ᠨᠤᠭᠳᠤ᠂ ᠳᠠᠰᠢᠭᠤᠷ ᠢ ᠨᠢ ᠰᠠᠯᠭᠠᠬᠤ ᠦᠭᠡᠢ ᠴᠤᠭ ᠲᠤᠨᠢ ᠳᠠᠯᠪᠢᠪᠠᠯ ᠬᠠᠵᠠᠭᠠᠷ | ᠨᠤᠭᠳᠤ ᠶᠢ ᠨᠢ ᠡᠮᠦᠨ᠎ᠡ ᠪᠦᠭᠦᠷᠭᠡᠨ ᠳᠤᠨᠢ ᠡᠯᠭᠦᠭᠡᠳ ᠵᠦᠪ ᠳᠠᠯ᠎ᠠ ᠶᠢᠨ ᠭᠦᠯᠢᠮ ᠢ ᠨᠢ ᠳᠠᠭᠠᠭᠤᠯᠵᠤ ᠡᠯᠭᠦᠨ᠎ᠡ᠃ | ᠴᠢᠳᠦᠷ ᠢ ᠨᠢ ᠡᠮᠡᠭᠡᠯ ᠤᠨ ᠪᠤᠷᠤᠭᠤ ᠳᠠᠯ᠎ᠠ ᠶᠢᠨ ᠭᠠᠨᠵᠤᠭᠠᠨ ᠤ ᠭᠤᠭᠴᠤᠭ᠎ᠠ ᠳᠤ ᠡᠯᠭᠦᠨ᠎ᠡ᠂ ᠬᠠᠷᠢᠨ ᠵᠦᠭ ᠳᠠᠯ᠎ᠠ | ᠳᠤ ᠭᠠᠨᠵᠤᠭᠠᠯᠠᠬᠤ ᠶᠢ ᠴᠡᠭᠡᠷᠯᠡᠳᠡᠭ᠃ ᠮᠤᠩᠭᠤᠯ ᠭᠡᠷ ᠤᠨ ᠪᠠᠷᠠᠭᠤᠨ ᠡᠮᠦᠨ᠎ᠡ ᠬᠠᠭᠠᠯᠭ᠎ᠠ ᠶᠢᠨ ᠠᠷᠤ ᠳᠤ ᠶᠡᠷᠦᠨᠢ | ᠶᠠᠭᠤᠮ᠎ᠠ ᠳᠠᠯᠪᠢᠳᠠᠭ ᠦᠭᠡᠢ᠃ ᠡᠭᠦᠳᠡᠨ ᠵᠠᠢ ᠳᠤ ᠱᠠᠯᠠ ᠳᠠᠪᠢᠰᠴᠤ ᠶᠠᠭᠤᠮ᠎ᠠ ᠭᠡᠤᠮᠡ ᠳᠠᠯᠪᠢᠳᠠᠭ ᠦᠭᠡᠢ᠃ | ᠪᠠᠭᠠᠷᠢᠨᠴᠤᠳ ᠨᠡᠭᠦᠳᠡᠯ ᠮᠠᠯᠵᠢᠯ ᠤᠨ ᠠᠵᠤ ᠠᠮᠢᠳᠤᠷᠠᠯᠭ᠎ᠠ ᠬᠢᠵᠤ ᠪᠠᠶᠢᠭᠰᠠᠨ ᠠᠴᠠ ᠪᠠᠨ ᠠᠩᠬ᠎ᠠ ᠠᠯᠬᠤᠮ | ᠨᠠᠮᠤᠭ ᠳᠠᠷᠢᠶ᠎ᠠ ᠳᠠᠷᠢᠬᠤ ᠪᠤᠯᠵᠤ᠂ ᠠᠮᠤ ᠭᠦᠨᠡᠰᠤ ᠬᠤᠷᠢᠶᠠᠵᠤ ᠨᠦᠭᠡᠴᠡᠯᠡᠭᠦ ᠪᠤᠯᠤᠭᠰᠠᠨ ᠠᠴᠠ ᠬᠤᠶᠢᠰᠢ ᠪᠤᠷᠭᠠᠰᠤ | ᠪᠠᠷ ᠪᠦᠮᠪᠦᠭᠡᠷ ᠭᠡᠯᠪᠡᠷᠢᠳᠠᠢ ᠭᠡᠷ ᠢ ᠡᠭᠦᠳᠴᠤ᠂ ᠡᠪᠦᠯᠵᠢᠶ᠎ᠡ ᠭᠡᠮᠡᠨ ᠨᠡᠷᠡᠶᠢᠳᠴᠠᠢ᠃ ᠡᠪᠦᠭᠡᠳ ᠨᠠᠰᠤᠳᠠᠨ ᠨᠠᠷ ᠡᠨᠡᠭᠦ | ᠡᠪᠦᠯᠵᠢᠶ᠎ᠡ ᠶᠢᠨ ᠰᠠᠭᠤᠷᠢᠨ ᠳᠤ ᠳᠤᠯᠠᠭᠠᠪᠳᠤᠷ ᠡᠪᠦᠯᠵᠢᠵᠤ᠂ ᠡᠪᠡᠰᠤ ᠡᠬᠢᠯᠡᠨ ᠨᠦᠭᠡᠴᠡᠯᠡᠨ᠂ ᠪᠤᠷᠭᠠᠰᠤ ᠨᠠᠶᠢᠯᠵᠠᠭᠤᠷ | ᠢᠶᠠᠷ ᠳᠦᠭᠦᠮ ᠳᠦᠳᠡ ᠬᠠᠰᠢᠶ᠎ᠠ ᠰᠠᠷᠠᠪᠴᠢ ᠪᠤᠰᠬᠠᠨ ᠡᠪᠦᠯ ᠬᠠᠪᠤᠷ ᠤᠨ ᠬᠠᠬᠢᠷ ᠭᠦᠢᠳᠡᠨ ᠤᠯᠠᠷᠢᠯ ᠳᠤ ᠮᠠᠯ ᠠᠬᠤᠢ | ᠪᠠᠨ ᠰᠠᠶᠢᠨ ᠰᠠᠶᠢᠬᠠᠨ ᠤᠨ ᠳᠤ ᠤᠷᠤᠭᠤᠯᠬᠤ ᠠᠷᠠᠯ ᠪᠠᠷᠢᠯ ᠲᠠᠢ ᠪᠤᠯᠤᠭᠰᠠᠨ ᠶᠤᠮ᠃ ᠡᠨᠡ ᠨᠢ ᠪᠠᠭᠠᠷᠢᠨᠴᠤᠳ ᠤᠨ | ᠤᠷᠤᠨ ᠰᠠᠭᠤᠴᠠ ᠳᠤ ᠭᠠᠷᠤᠭᠰᠠᠨ ᠪᠠᠰᠠ ᠨᠢᠭᠡ ᠬᠤᠪᠢᠷᠠᠯᠳᠠ ᠪᠤᠯᠬᠤ ᠶᠤᠮ᠃ ᠡᠨᠡ ᠵᠠᠭᠤᠨ ᠤ ᠳᠦᠷᠦᠭᠦᠴᠢ | ᠪᠤᠯᠳᠠᠯ᠎ᠠ ᠪᠠᠭᠠᠷᠢᠨᠴᠤᠳ ᠡᠶᠢᠮᠦᠷᠭᠦ ᠤᠷᠤᠨ ᠰᠠᠭᠤᠴᠠ ᠶᠢ ᠡᠭᠦᠳᠦᠨ ᠳᠡᠯᠭᠡᠷᠡᠭᠦᠯᠵᠤ᠂ ᠡᠪᠦᠯ ᠳᠡᠭᠡᠨ ᠰᠠᠭᠤᠷᠢᠰᠢᠵᠤ᠂ | ᠬᠠᠪᠤᠷ ᠵᠤᠨ ᠨᠠᠮᠤᠷ ᠤᠳᠤᠷᠯᠠᠵᠤ ᠪᠠᠶᠢᠪᠠ᠃ ᠡᠨᠡᠭᠦ ᠡᠪᠥᠯᠵᠢᠶᠡ᠂ ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ ᠵᠡᠷᠭᠡ ᠶᠢᠨ | ᠤᠯᠠᠷᠢᠯ ᠢ ᠳᠠᠭᠠᠵᠤ ᠤᠷᠤᠨ ᠰᠠᠭᠤᠴᠠ ᠪᠠᠨ ᠳᠤᠬᠢᠷᠠᠭᠤᠯᠤᠨ ᠠᠵᠤ ᠳᠦᠷᠦᠨ ᠠᠮᠢᠳᠤᠷᠠᠵᠤ ᠪᠠᠶᠢᠭᠰᠠᠨ ᠨᠢ ᠪᠠᠷᠤᠭ | ᠡᠨᠡ ᠵᠠᠭᠤᠨ ᠤ ᠳᠦᠴᠢᠭᠡᠳ ᠤᠨ ᠪᠤᠯᠳᠠᠯ᠎ᠠ ᠪᠠᠭᠠᠷᠢᠨ ᠤ ᠬᠤᠶᠢᠳᠤ ᠪᠡᠶ᠎ᠡ ᠶᠢᠨ ᠰᠤᠪᠤᠷᠭ᠎ᠠ ᠰᠤᠮᠤ ᠤᠷᠴᠢᠮ ᠤᠨ | ᠮᠠᠯᠴᠢᠳ ᠨᠢ ᠵᠤᠨ ᠳᠠᠭᠠᠨ ᠡᠪᠡᠰᠤ ᠪᠡᠯᠴᠢᠭᠡᠷ ᠰᠠᠶᠢᠳᠠᠢ ᠰᠠᠶᠢᠬᠠᠨ ᠬᠠᠨ ᠠᠭᠤᠯᠠ ᠶᠢᠨ ᠬᠤᠷᠮᠤᠢ ᠪᠠᠷ ᠵᠤᠰᠠᠵᠤ᠂ | ᠮᠠᠯ ᠤᠨᠤᠭ᠎ᠠ ᠪᠠᠨ ᠭᠦᠴᠦ ᠳᠠᠷᠭᠤ ᠲᠠᠢ ᠠᠳᠤᠭᠤᠯᠠᠵᠤ ᠪᠠᠶᠢᠵᠠᠢ᠃ | ᠪᠠᠭᠠᠷᠢᠨ ᠤ ᠸᠠᠩ ᠭᠦᠩ᠂ ᠪᠠᠶᠠᠳ ᠨᠤᠶᠠᠳ᠂ ᠳᠡᠭᠡᠳᠤ ᠳᠠᠪᠬᠤᠷᠭᠠᠳᠠᠨ ᠨᠠᠷ ᠡᠬᠢᠯᠡᠵᠤ ᠪᠠᠶᠢᠰᠢᠩ ᠪᠠᠷᠢᠯᠭ᠎ᠠ | ᠪᠠᠷᠢᠵᠤ᠂ ᠰᠦᠮ᠎ᠡ ᠭᠡᠶᠢᠳ ᠴᠤᠭᠴᠠᠯᠠᠭᠰᠠᠨ ᠨᠢ ᠴᠢᠩ ᠭᠦᠷᠦᠨ ᠤ ᠡᠶᠡᠪᠡᠷ ᠵᠠᠰᠠᠭᠴᠢ ᠬᠠᠭᠠᠨ ᠤ ᠳᠠᠪᠤᠳᠤᠭᠠᠷ ᠤᠨ | ᠤ ᠰᠢᠷ᠎ᠠ ᠬᠤᠯᠤᠭᠠᠨ᠎ᠠ ᠵᠢᠯ ︵1648︶ ᠰᠡᠴᠡᠨ ᠳᠡᠭᠡᠳᠤ ᠤᠯᠤᠰ ᠭᠦᠷᠦᠨ ᠤ ᠶᠡᠭᠡ ᠭᠦᠩᠵᠤ ᠶᠢ ᠬᠤᠰᠢᠭᠤᠨ | — ᠨᠢᠭᠡᠳᠦᠭᠡᠷ ᠦᠶ᠎ᠡ ᠶᠢᠨ ᠵᠠᠰᠠᠭ ᠨᠤᠶᠠᠨ — ᠳᠦᠷᠦ ᠶᠢᠨ ᠵᠢᠶᠦ᠋ᠨ ᠸᠠᠩ ᠰᠡᠪᠳᠡᠨ ᠳᠤ ᠪᠠᠭᠤᠯᠭᠠᠭᠰᠠᠨ | ᠠᠴᠠ ᠬᠤᠶᠢᠰᠢᠬᠢ ᠶᠢᠨ ᠤᠴᠢᠷ ᠪᠢᠯᠡ᠃ ᠰᠡᠴᠡᠨ ᠳᠡᠭᠡᠳᠤ ᠭᠦᠷᠦᠨ ᠭᠦᠩᠵᠤ ᠪᠠᠭᠠᠷᠢᠨ ᠳᠤ ᠢᠷᠡᠭᠦ ᠳᠡᠭᠡᠨ ᠭᠤᠷᠪᠠᠨ | ᠵᠠᠭᠤᠨ ᠡᠷᠦᠭᠡ ᠢᠨᠵᠢ ᠮᠠᠨᠵᠤ᠂ ᠳᠠᠯᠠᠨ ᠬᠤᠶᠠᠷ ᠵᠦᠢᠯ ᠤᠨ ᠤᠷᠠᠴᠤᠳ ᠢ ᠳᠠᠭᠠᠭᠤᠯᠤᠨ ᠳᠦᠮᠡᠨ ᠯᠠᠩ ᠤᠨ ᠦᠪ | ᠭᠦᠷᠦᠩᠭᠡ ᠲᠠᠢ ᠢᠷᠡᠵᠠᠢ᠃ ᠰᠡᠴᠡᠨ ᠳᠡᠭᠡᠳᠤ ᠭᠦᠷᠦᠨ ᠭᠦᠩᠵᠤ ᠰᠢᠷ᠎ᠠ ᠶᠢᠨ ᠱᠠᠰᠢᠨ ᠢ ᠶᠡᠭᠡᠯ᠎ᠡ ᠰᠠᠨᠠᠭᠠᠴᠢᠯᠠᠳᠠᠭ | ᠪᠤᠯᠬᠤᠷ ᠡᠩᠬᠡ ᠠᠮᠭᠤᠯᠠᠩ ᠬᠠᠭᠠᠨ ᠤ ᠵᠢᠷᠭᠤᠳᠤᠭᠠᠷ ᠤᠨ ︵1667︶ ᠳᠤ ᠪᠠᠭᠠᠷᠢᠨ ᠤ ᠳᠦᠪ ᠪᠤᠯᠤᠭᠰᠠᠨ ᠶᠡᠭᠡ | ᠪᠠᠶᠢᠰᠢᠩ ᠪᠠᠯᠭᠠᠰᠤᠨ ᠤ ᠪᠠᠷᠠᠭᠤᠨ ᠦᠵᠦᠭᠦᠷ ᠴᠠᠭᠠᠨᠮᠦ᠋ᠷᠡᠨ ᠭᠤᠤᠯ ᠤᠨ ᠬᠤᠶᠢᠳᠤ ᠭᠦᠪᠡᠭᠡᠨ ᠳᠡᠭᠡᠷ᠎ᠡ ᠳᠡᠭᠦᠰ | ᠪᠦᠷᠢᠳᠭᠡᠯᠳᠤ ᠰᠦᠮ᠎ᠡ ᠶᠢ ᠴᠤᠭᠴᠠᠯᠠᠨ ᠪᠠᠶᠢᠭᠤᠯᠵᠠᠢ᠃ ᠡᠨᠡ ᠰᠦᠮ᠎ᠡ ᠶᠢᠨ ᠬᠠᠷᠰᠢ ᠳᠤᠭᠠᠩ ᠵᠠᠭᠤ ᠢᠯᠡᠭᠦᠦ | ᠳᠠᠰᠤᠯᠭ᠎ᠠ ᠲᠠᠢ ᠪᠦᠭᠡᠳ ᠦᠵᠡᠮᠵᠢ ᠪᠠᠶᠢᠳᠠᠯ ᠤᠨᠴᠠ ᠰᠦᠷᠯᠢᠭ ᠶᠡᠭᠡᠮᠰᠦᠭ ᠪᠤᠯᠬᠤᠷ ᠳᠡᠭᠦᠨ ᠤ ᠸᠠᠭᠠᠷ ᠳᠤᠭᠤᠰᠬ᠎ᠠ | ᠶᠢᠨ ᠦᠩᠭᠡ ᠪᠠᠷ ᠨᠢ ᠮᠤᠩᠭᠤᠯᠴᠤᠳ ᠪᠠᠷᠠᠭᠤᠨ ᠭᠦᠭᠡ ᠭᠡᠷ ᠰᠦᠮ᠎ᠡ ᠭᠡᠵᠡᠭᠡᠳᠡᠭ᠃ ᠡᠨᠡᠭᠦ ᠰᠦᠮ᠎ᠡ ᠳᠡᠭᠡᠨ | ᠪᠠᠷᠠᠭᠤᠨ ᠭᠠᠵᠠᠷ ᠭᠦᠭᠡᠨᠠᠭᠤᠷ ᠠᠴᠠ ᠡᠷᠳᠡᠨᠢᠭᠠᠪᠴᠤ ᠭᠡᠭᠴᠢ ᠯᠠᠮᠠ ᠶᠢ ᠵᠠᠯᠠᠨ ᠠᠪᠴᠢᠷᠠᠵᠤ ᠪᠠᠭᠠᠷᠢᠨ ᠤ ᠱᠠᠰᠢᠨ ᠤ | ᠶᠡᠭᠡ ᠳᠦᠷᠦᠭᠦᠦ ᠪᠤᠯᠭᠠᠪᠠ᠃ ᠡᠨᠡ ᠰᠦᠮ᠎ᠡ ᠳᠤ ᠯᠠᠮᠠ ᠨᠠᠷ ᠡᠳᠦᠷ ᠢᠷᠡᠭᠦᠶ᠎ᠡ ᠤᠯᠠᠰᠢᠷᠠᠭᠰᠠᠨ ᠠᠴᠠ ᠰᠦᠮ᠎ᠡ ᠶᠢᠨ | ᠬᠠᠵᠠᠭᠤ ᠳᠤ ᠰᠢᠪᠠᠷ ᠢᠶᠠᠷ ᠭᠡᠷ ᠪᠠᠷᠢᠵᠤ ᠯᠠᠮᠠ ᠨᠠᠷ ᠤᠨ ᠰᠠᠭᠤᠴᠠ ᠪᠤᠯᠭᠠᠪᠠ᠃ ᠡᠭᠦᠨ ᠠᠴᠠ ᠭᠠᠳᠠᠨ᠎ᠠ ᠭᠦᠷᠦᠨ | ᠭᠦᠩᠵᠤ ᠶᠢ ᠳᠠᠭᠠᠵᠤ ᠢᠷᠡᠭᠰᠡᠨ ᠭᠤᠷᠪᠠᠨ ᠵᠠᠭᠤᠨ ᠡᠷᠦᠭᠡ ᠢᠨᠵᠢ ᠮᠠᠨᠵᠤ ᠨᠢ ᠴᠦ ᠶᠡᠭᠡ ᠪᠠᠶᠢᠰᠢᠩ ᠤᠷᠴᠢᠮ ᠰᠢᠪᠠᠷ | ᠭᠡᠷ ᠪᠠᠷᠢᠵᠤ ᠤᠷᠤᠨ ᠰᠠᠭᠤᠴᠠ ᠪᠠᠨ ᠳᠤᠬᠢᠷᠠᠭᠤᠯᠵᠠᠢ᠃ ᠡᠭᠦᠨ ᠤ ᠤᠯᠠᠮ ᠠᠴᠠ ᠪᠠᠭᠠᠷᠢᠨ ᠨᠤᠳᠤᠭ ᠲᠤ ᠸᠠᠭᠠᠷ | ᠳᠤᠭᠤᠰᠬ᠎ᠠ ᠶᠢᠨ ᠪᠠᠶᠢᠰᠢᠩ ᠭᠡᠷ᠂ ᠳᠠᠷᠠᠰᠤᠨ ᠤᠷᠤᠢ ᠲᠠᠢ ᠪᠠᠶᠢᠰᠢᠩ ᠭᠡᠷ᠂ ᠰᠢᠪᠠᠷ ᠢᠶᠠᠷ ᠪᠤᠰᠬᠠᠭᠰᠠᠨ ᠪᠠᠶᠢᠰᠢᠩ | ᠭᠡᠷ ᠡᠬᠢᠯᠡᠨ ᠳᠡᠯᠭᠡᠷᠡᠵᠤ ᠪᠢᠯᠡ᠃ | ᠬᠤᠵᠢᠮ ᠨᠢ ᠡᠩᠬᠡ ᠠᠮᠤᠭᠤᠯᠠᠩ ᠬᠠᠭᠠᠨ ᠤ ᠬᠤᠶᠠᠳᠤᠭᠠᠷ ᠦᠬᠢᠨ ᠦᠯᠡᠮᠵᠢ ᠭᠡᠮᠵᠢᠶᠡᠳᠤ ᠭᠦᠷᠦᠨ ᠭᠦᠩᠵᠤ ᠶᠢ | ᠡᠩᠬᠡ ᠠᠮᠤᠭᠤᠯᠠᠩ ᠬᠠᠭᠠᠨ ᠤ ᠭᠤᠴᠢᠨ ᠵᠢᠷᠭᠤᠳᠤᠭᠠᠷ ᠤᠨ ︵1697︶ — ᠤᠯᠠᠭᠴᠢᠨ ᠦᠭᠡᠷ ᠵᠢᠯ ᠤᠨ | ᠵᠢᠷᠭᠤᠭᠠᠨ ᠰᠠᠷ᠎ᠠ ᠳᠤ ᠪᠠᠭᠠᠷᠢᠨ ᠤ ᠳᠦᠳᠦᠭᠡᠷ ᠦᠶ᠎ᠡ ᠶᠢᠨ ᠵᠠᠰᠠᠭ ᠳᠦᠷᠦ ᠶᠢᠨ ᠵᠢᠶᠦ᠋ᠨ ᠸᠠᠩ ᠰᠡᠴᠡᠨ ᠳᠡᠭᠡᠳᠤ | ᠭᠦᠷᠦᠨ ᠭᠦᠩᠵᠤ ᠶᠢᠨ ᠳᠦᠷᠦᠭᠰᠡᠨ ᠤᠴᠢ ᠪᠤᠯᠬᠤ ᠦᠷᠭᠦᠨ ᠳᠤ ᠪᠠᠭᠤᠯᠭᠠᠨ ᠬᠤᠯᠪᠤᠵᠠᠢ᠃ ᠦᠯᠠᠮᠵᠢ ᠭᠡᠮᠵᠢᠶᠡᠳᠤ | ᠭᠦᠷᠦᠨ ᠭᠦᠩᠵᠤ᠂ ᠢᠷᠭᠡᠨ ᠢ ᠮᠤᠩᠬᠠᠷᠠᠭᠤᠯᠬᠤ ᠳᠡᠭᠡᠳᠦᠰ ᠤᠨ ᠳᠦᠷᠦ ᠶᠢᠨ ᠪᠤᠳᠤᠯᠭ᠎ᠠ ᠶᠢ ᠠᠪᠢᠶᠠᠰᠳᠠᠢ ᠪᠠᠷ | ᠵᠠᠯᠭᠠᠮᠵᠢᠯᠠᠨ ᠪᠠᠭᠠᠷᠢᠨ ᠤ ᠮᠤᠩᠭᠤᠯᠴᠤᠳ ᠢ ᠦᠳᠦᠭᠡᠨ ᠠᠯᠪᠠᠳᠠᠵᠤ ᠪᠤᠷᠬᠠᠨ ᠱᠠᠰᠢᠨ ᠢ ᠶᠡᠭᠡᠪᠡᠷ ᠰᠢᠳᠦᠭᠦᠯᠦᠨ | ᠪᠠᠷᠠᠭᠤᠨ ᠭᠦᠭᠡ ᠭᠡᠷ ᠰᠦᠮ᠎ᠡ ᠶᠢᠨ ᠭᠦᠷᠢᠶ᠎ᠡ ᠭᠡᠪᠴᠢᠶ᠎ᠡ ᠶᠢ ᠳᠠᠭᠤᠷᠢᠶᠠᠯᠭᠠᠨ ᠡᠩᠬᠡ ᠠᠮᠤᠭᠤᠯᠠᠩ ᠬᠠᠭᠠᠨ ᠤ | ᠳᠦᠴᠢᠨ ᠳᠠᠪᠤᠳᠤᠭᠠᠷ ᠤᠨ ︵1706︶ ᠳᠤ ᠶᠡᠭᠡ ᠪᠠᠶᠢᠰᠢᠩ ᠤᠨ ᠵᠡᠭᠦᠨ ᠡᠮᠦᠨ᠎ᠡ ᠶᠡᠭᠡ ᠭᠡᠮᠵᠢᠶᠡᠨ ᠤ ᠭᠦᠭᠡ | ᠸᠠᠭᠠᠷ ᠤᠨ ᠤᠷᠤᠢ ᠲᠠᠢ ᠰᠦᠮ᠎ᠡ ᠪᠠᠶᠢᠭᠤᠯᠵᠤ ᠬᠤᠳᠠᠯᠠ ᠤᠨᠤᠯᠳᠤ ᠰᠦᠮ᠎ᠡ ᠭᠡᠮᠡᠪᠡ᠃ ᠪᠠᠰᠠ ᠰᠦᠮ᠎ᠡ ᠶᠢᠨ ᠵᠡᠭᠦᠨ | ᠬᠠᠵᠠᠭᠤ ᠳᠤ ᠭᠡᠭᠡᠨ ᠰᠠᠩ᠂ ᠰᠦᠮ᠎ᠡ ᠶᠢᠨ ᠳᠤᠭᠤᠷᠢᠨ ᠳᠤ ᠯᠠᠮᠠ ᠨᠠᠷ ᠤᠨ ᠰᠠᠭᠤᠬᠤ ᠭᠠᠵᠠᠷ ᠬᠤᠶᠠᠷ ᠵᠠᠭᠤ ᠭᠠᠷᠤᠢ | ᠪᠠᠶᠢᠰᠢᠩ ᠭᠡᠷ ᠪᠠᠷᠢᠭᠰᠠᠨ ᠳᠤᠯᠠ ᠯᠠᠮᠠ ᠬᠤᠸᠠᠷᠠᠭ ᠤᠯᠠᠰᠢᠷᠠᠵᠤ᠂ ᠰᠢᠷ᠎ᠠ ᠶᠢᠨ ᠱᠠᠰᠢᠨ ᠢ ᠰᠢᠳᠦᠭᠦ ᠭᠦᠮᠦᠨ ᠡᠳᠦᠷ | ᠢᠷᠡᠭᠦᠶ᠎ᠡ ᠨᠡᠮᠡᠭᠳᠡᠭᠰᠡᠨ ᠪᠠᠶᠢᠨ᠎ᠠ᠃ | ᠳᠤᠬᠠᠢ ᠶᠢᠨ ᠦᠶ᠎ᠡ ᠳᠤ ᠶᠠᠭ ᠰᠠᠶᠢᠬᠠᠨ ᠭᠠᠯᠳᠠᠨ ᠪᠤᠱᠤᠭᠳᠤ ᠶᠢᠨ ᠪᠤᠰᠤᠯᠭ᠎ᠠ ᠭᠠᠷᠴᠤ ᠴᠢᠩ ᠤᠯᠤᠰ ᠢ | ᠡᠰᠡᠷᠭᠦᠴᠡᠵᠤ ᠪᠠᠶᠢᠭᠰᠠᠨ ᠪᠠ ᠵᠡᠭᠦᠨ ᠬᠤᠶᠢᠳᠤ ᠬᠢᠯᠢ ᠳᠠᠭᠠᠤ ᠴᠠᠭᠠᠨ ᠤᠷᠤᠰ ᠳᠦᠷᠢᠮᠡᠬᠡᠶᠢᠯᠡᠨ ᠬᠠᠯᠳᠠᠵᠤ ᠪᠠᠶᠢᠭᠰᠠᠨ | ᠪᠤᠯᠬᠤᠷ ᠡᠩᠬᠡ ᠠᠮᠤᠭᠤᠯᠠᠩ ᠬᠠᠭᠠᠨ ᠦᠪᠡᠷ ᠤᠨ ᠪᠡᠶ᠎ᠡ ᠪᠠᠷ ᠢᠶᠠᠨ ᠴᠡᠷᠢᠭ ᠳᠠᠶᠢᠴᠢᠯᠠᠨ ᠭᠠᠯᠳᠠᠨ ᠪᠤᠱᠤᠭᠳᠤ ᠶᠢ | ᠳᠠᠶᠢᠯᠠᠵᠤ ᠠᠷᠤ ᠭᠠᠵᠠᠷ ᠢᠶᠠᠷ ᠤᠯᠠᠨᠳᠠ ᠪᠠᠶᠢᠴᠠᠭᠠᠨ ᠶᠠᠪᠤᠭᠰᠠᠨ ᠪᠠᠶᠢᠵᠠᠢ᠃ ᠬᠠᠭᠠᠨ ᠤ ᠰᠠᠭᠤᠴᠠ ᠪᠠᠶᠢᠴᠠ ᠶᠢ | ᠳᠦᠭᠦᠮ ᠢ ᠪᠤᠳᠤᠵᠤ᠂ ᠡᠩᠬᠡ ᠠᠮᠤᠭᠤᠯᠠᠩ ᠬᠠᠭᠠᠨ ᠤ ᠳᠠᠪᠢᠳᠤᠭᠠᠷ ᠤᠨ ︵1711︶ ᠳᠤ ᠳᠤᠳᠤᠷ᠎ᠠ ᠭᠠᠳᠠᠷ | ᠭᠤᠷᠪᠠᠨ ᠭᠦᠷᠢᠶ᠎ᠡ ᠲᠠᠢ ᠦᠵᠡᠮᠵᠢ ᠪᠠᠶᠢᠳᠠᠯ ᠭᠤᠶᠤ ᠭᠡᠭᠡᠨᠴᠡᠷ ᠰᠦᠷᠯᠢᠭ ᠰᠠᠶᠢᠬᠠᠨ ᠬᠠᠭᠠᠨ ᠤ ︽ᠵᠢᠭᠤᠯᠴᠢᠯᠠᠯ ᠤᠨ | ᠤᠷᠳᠤᠨ︾ — ᠸᠠᠭᠠᠷ ᠳᠤᠭᠤᠰᠬ᠎ᠠ ᠶᠢᠨ ᠶᠡᠭᠡ ᠪᠠᠶᠢᠰᠢᠩ ᠢ ᠪᠠᠶᠢᠭᠤᠯᠤᠨ ᠳᠠᠭᠤᠰᠬᠠᠵᠠᠢ᠃ ᠳᠤᠬᠠᠢ ᠶᠢᠨ ᠦᠶ᠎ᠡ | ᠨᠢ ᠶᠠᠭ ᠴᠢᠩ ᠤᠯᠤᠰ ᠪᠠᠳᠠᠷᠠᠨ ᠮᠠᠨᠳᠤᠵᠤ ᠪᠠᠶᠢᠭᠰᠠᠨ ᠪᠤᠯᠬᠤᠷ ᠦᠯᠡᠮᠵᠢ ᠭᠡᠮᠵᠢᠶᠡᠳᠤ ᠭᠦᠷᠦᠨ ᠭᠦᠩᠵᠤ ᠪᠠᠭᠠᠷᠢᠨ | ᠳᠤ ᠮᠤᠷᠳᠠᠵᠤ ᠢᠷᠡᠭᠦ ᠳᠡᠭᠡᠨ ᠬᠤᠶᠠᠷ ᠵᠠᠭᠤᠨ ᠳᠦᠴᠢᠨ ᠡᠷᠦᠭᠡ ᠢᠨᠵᠢ ᠮᠠᠨᠵᠤ ᠳᠠᠭᠠᠭᠤᠯᠤᠨ ᠢᠷᠡᠵᠠᠢ᠃ ᠳᠡᠳᠡᠭᠡᠷ | ᠤᠨ ᠤᠯᠠᠩᠬᠢ ᠨᠢ ᠤᠷᠳᠤ ᠬᠠᠷᠰᠢ ᠪᠠᠶᠢᠭᠤᠯᠬᠤ ᠡᠯ᠎ᠡ ᠠᠵᠢᠯ ᠳᠦᠷᠦᠯ ᠤᠨ ᠤᠷᠠᠨ ᠮᠡᠷᠭᠡᠵᠢᠯᠳᠡᠨ ᠪᠤᠯᠬᠤᠷ ᠳᠡᠳᠡᠨᠠᠷ | ᠤᠨ ᠡᠭᠦᠳᠦᠨ ᠪᠠᠶᠢᠭᠤᠯᠤᠭᠰᠠᠨ ᠬᠤᠰᠢᠭᠤᠨ ᠵᠠᠰᠠᠭ ᠸᠠᠩ ᠤᠨ ᠤᠷᠳᠤᠨ᠂ ᠰᠦᠮ᠎ᠡ ᠭᠡᠶᠢᠳ ᠨᠢ ᠪᠦᠷ ᠴᠦ ᠮᠠᠰᠢ | ᠰᠦᠷᠯᠢᠭ ᠦᠵᠡᠮᠵᠢᠳᠠᠢ ᠪᠠᠶᠢᠭᠰᠠᠨ ᠢᠶᠠᠷ ᠪᠠᠷᠠᠬᠤ ᠦᠭᠡᠢ ᠢᠨᠵᠢ ᠨᠠᠷ ᠤᠨ ᠰᠠᠭᠤᠳᠠᠭ ᠭᠡᠷ ᠡᠷᠦᠭᠡ ᠨᠢ ᠴᠦᠮ | ᠳᠤᠳᠤᠷ᠎ᠠ ᠭᠠᠵᠠᠷ ᠤᠨ ᠭᠡᠪ ᠶᠠᠩᠵᠤᠳᠠᠢ ᠸᠠᠭᠠᠷ ᠳᠤᠭᠤᠰᠬ᠎ᠠ ᠶᠢᠨ ᠪᠦᠳᠦᠴᠡ ᠲᠠᠢ ᠦᠨᠳᠦᠷ ᠰᠦᠷᠯᠢᠭ ᠵᠢᠭᠳᠡ | ᠳᠡᠭᠰᠢ ᠭᠤᠳᠤᠮᠵᠢ ᠵᠡᠭᠡᠯᠢ ᠪᠤᠯᠤᠨ ᠪᠦᠷᠢᠯᠳᠦᠭᠡᠳ ᠤᠤᠯ ᠠᠴᠠ ᠪᠠᠨ ᠨᠡᠩ ᠴᠦ ᠶᠡᠭᠡᠳᠴᠤ᠂ ᠤᠯᠤᠰ ᠳᠦᠷᠦ ᠶᠢᠨ | ᠳᠠᠯ᠎ᠠ ᠪᠠᠷ ᠪᠦᠭᠦ ᠬᠤᠰᠢᠭᠤ ᠶᠢ ᠵᠠᠬᠢᠷᠬᠤ ᠳᠦᠪ᠂ ᠱᠠᠰᠢᠨ ᠰᠤᠷᠳᠠᠬᠤᠨ ᠤ ᠳᠠᠯ᠎ᠠ ᠪᠠᠷ ᠮᠠᠰᠢ ᠴᠢᠬᠤᠯᠠ ᠰᠠᠭᠤᠷᠢᠨ | ᠪᠤᠯᠵᠠᠢ᠃ | ᠵᠠᠯᠭᠠᠭᠠᠳ ᠪᠠᠰᠠ ︽ᠨᠢᠶᠠᠩ ᠨᠢᠶᠠᠩ ᠤᠨ ᠰᠦᠮ᠎ᠡ︾᠂ ︽ᠢᠤᠢ ᠬᠤᠸᠠᠩ ᠤᠨ ᠰᠦᠮ᠎ᠡ︾ ᠭᠡᠭᠦ ᠵᠡᠷᠭᠡ | ᠬᠢᠳᠠᠳ ᠮᠠᠶ᠋ᠢᠭ ᠤᠨ ᠰᠦᠮ᠎ᠡ ᠭᠡᠶᠢᠳ ᠢ ᠬᠤᠶᠢᠨ᠎ᠠ ᠬᠤᠶᠢᠨ᠎ᠠ ᠠᠴᠠ ᠨᠢ ᠪᠠᠶᠢᠭᠤᠯᠵᠠᠢ᠃ ᠡᠨᠡ ᠨᠢ ᠪᠠᠭᠠᠷᠢᠨ ᠨᠤᠳᠤᠭ | ᠲᠤ ᠰᠢᠷ᠎ᠠ ᠶᠢᠨ ᠱᠠᠰᠢᠨ ᠶᠡᠭᠡᠪᠡᠷ ᠳᠡᠯᠭᠡᠷᠡᠵᠤ ᠭᠦᠭᠵᠢᠭᠡᠳ ᠮᠤᠩᠭᠤᠯ ᠤᠨ ᠡᠷᠳᠡ ᠳᠡᠭᠡᠳᠤ ᠶᠢᠨ ᠰᠢᠳᠦᠭᠡᠨ — | ᠪᠦᠭᠡ ᠶᠢᠨ ᠰᠤᠷᠳᠠᠬᠤᠨ ᠡᠴᠦᠰᠯᠡᠯ ᠤᠨ ᠱᠠᠳᠤᠨ ᠳᠤ ᠤᠷᠤᠭᠰᠠᠨ ᠢ ᠬᠠᠷᠠᠭᠤᠯᠵᠤ ᠪᠠᠶᠢᠬᠤ ᠪᠠᠷ ᠪᠠᠷᠠᠬᠤ ᠦᠭᠡᠢ᠂ | ᠪᠠᠭᠠᠷᠢᠨ ᠨᠤᠳᠤᠭ ᠲᠤ ᠬᠢᠳᠠᠳ ᠳᠦᠪᠡᠳ ᠮᠠᠶ᠋ᠢᠭ ᠤᠨ ᠰᠦᠮ᠎ᠡ ᠭᠡᠶᠢᠳ᠂ ᠤᠷᠳᠤᠨ ᠬᠠᠷᠰᠢ᠂ ᠭᠡᠷ ᠪᠠᠶᠢᠰᠢᠩ | ᠭᠦᠭᠵᠢᠨ ᠳᠡᠯᠭᠡᠷᠡᠵᠤ ᠪᠠᠶᠢᠬᠤ ᠶᠢ ᠳᠤᠰᠬᠠᠵᠤ᠂ ᠪᠠᠭᠠᠷᠢᠨ ᠨᠤᠳᠤᠭ ᠤᠨ ᠨᠡᠭᠦᠳᠡᠯ ᠮᠠᠯᠵᠢᠯ ᠤᠨ ᠠᠮᠢᠳᠤᠷᠠᠯ ᠨᠢ | ᠪᠠᠶᠢᠰᠢᠩᠵᠢᠬᠤ ᠦᠭᠡᠳᠡ ᠬᠠᠨᠳᠤᠵᠤ᠂ ᠰᠠᠭᠤᠷᠢᠰᠢᠬᠤ ᠶᠢᠨ ᠡᠬᠢᠯᠡᠯᠳᠡ ᠶᠢᠨ ᠦᠶ᠎ᠡ ᠪᠤᠯᠤᠭᠰᠠᠨ ᠢ ᠭᠡᠷᠡᠴᠢᠯᠡᠵᠤ | ᠪᠠᠶᠢᠬᠤ ᠶᠤᠮ᠃ | ᠪᠠᠭᠠᠷᠢᠨᠴᠤᠳ ᠤᠨ ᠤᠷᠤᠨ ᠰᠠᠭᠤᠴᠠ ᠶᠢᠨ ᠭᠦᠭᠵᠢᠯᠳᠡ ᠬᠤᠪᠢᠷᠠᠯᠳᠠ ᠪᠡ ᠦᠢᠯᠡᠳᠪᠦᠷᠢᠯᠡᠯ ᠤᠨ ᠠᠷᠭ᠎ᠠ | ᠪᠠᠷᠢᠯ ᠤᠨ ᠳᠡᠭᠡᠭᠰᠢᠯᠡᠯᠳᠡ ᠶᠢ ᠳᠠᠭᠠᠯᠳᠤᠨ ᠭᠡᠷ ᠤᠨ ᠡᠳ᠋ᠯᠡᠯ ᠭᠡᠷᠡᠭᠰᠡᠯ ᠴᠦ ᠰᠡᠳᠬᠢᠭᠦᠢ ᠦᠭᠡᠢ ᠬᠤᠪᠢᠷᠠᠵᠠᠢ᠃ | ᠪᠠᠭᠠᠷᠢᠨᠴᠤᠳ ᠤᠤᠯ ᠳᠠᠭᠠᠨ ᠨᠡᠭᠦᠳᠡᠯᠯᠡᠨ ᠮᠠᠯᠵᠢᠵᠤ᠂ ᠠᠶᠠᠨ ᠵᠢᠩ ᠠᠪᠠ ᠭᠦᠷᠦᠭᠡ ᠬᠢᠵᠤ᠂ ᠠᠵᠤ ᠳᠦᠷᠦᠨ | ᠠᠮᠢᠳᠤᠷᠠᠵᠤ ᠪᠠᠶᠢᠬᠤ ᠳᠠᠭᠠᠨ ᠮᠤᠩᠭᠤᠯ ᠭᠡᠷ᠂ ᠳᠠᠪᠤᠤ ᠮᠠᠶᠢᠬᠠᠨ ᠳᠤ ᠳᠤᠬᠢᠷᠠᠭᠰᠠᠨ ᠪᠦᠭᠡᠯᠢᠭ ᠠᠪᠰᠠᠷᠬᠠᠨ ᠪᠦᠭᠡᠳ | ᠤᠯᠠᠨ ᠭᠡᠷᠡᠭᠴᠡᠭᠡᠳᠠᠢ᠂ ᠠᠴᠢᠶ᠎ᠠ ᠳᠡᠭᠡᠭᠡᠪᠦᠷᠢ ᠳᠤ ᠳᠦᠭᠦᠮ ᠡᠳ᠋ᠯᠡᠯ ᠭᠡᠷᠡᠭᠰᠡᠯ ᠢ ᠪᠦᠷ ᠨᠤᠳᠤᠭ ᠤᠨ ᠭᠠᠷᠤᠯᠳᠠ | ᠳᠠᠭᠠᠨ ᠳᠦᠰᠢᠭᠯᠡᠨ ᠦᠢᠯᠡᠳᠴᠤ ᠪᠠᠶᠢᠵᠠᠢ᠃ ᠡᠭᠦᠨ ᠳᠤ ᠭᠤᠤᠯᠳᠠᠭᠤ ᠠᠯᠳᠠ ᠮᠦᠩᠭᠦ᠂ ᠵᠡᠰ ᠭᠠᠤᠯᠢ᠂ ᠴᠠᠶᠢᠷ | ᠳᠤᠭᠤᠯᠭ᠎ᠠ᠂ ᠳᠡᠮᠦᠷ ᠰᠢᠷᠡᠮᠤ᠂ ᠠᠷᠠᠰᠤ ᠰᠢᠷᠢ᠂ ᠶᠠᠰᠤ ᠡᠪᠡᠷ᠂ ᠤᠩᠭᠠᠰᠤ ᠬᠢᠯᠭᠠᠰᠤ ᠪᠠ ᠮᠤᠳᠤ ᠴᠢᠯᠠᠭᠤ ᠭᠡᠭᠦ | ᠮᠡᠳᠤ ᠶᠢᠨ ᠪᠠᠶᠢᠭᠠᠯᠢ ᠶᠢᠨ ᠭᠠᠷᠤᠯᠳᠠ ᠮᠠᠯ ᠤᠨ ᠠᠰᠢᠭ ᠰᠢᠮ᠎ᠡ ᠪᠠᠷ ᠳᠦᠭᠦᠭᠡᠢ ᠡᠳ᠋ ᠢᠶᠠᠨ ᠪᠤᠯᠭᠠᠵᠤ ᠪᠠᠶᠢᠳᠠᠭ᠃ | ᠵᠢᠱᠢᠶᠡᠯᠡᠪᠡᠯ᠂ ᠠᠯᠳᠠ ᠮᠦᠩᠭᠦ ᠶᠢ ᠵᠡᠰᠠᠯ ᠴᠢᠮᠡᠰᠭᠡ ᠪᠡ ᠠᠶᠠᠭ᠎ᠠ ᠰᠠᠪᠬ᠎ᠠ᠂ ᠬᠢᠳᠤᠭ᠎ᠠ ᠢᠯᠳᠤ ᠵᠡᠷᠭᠡ ᠶᠢᠨ ᠨᠠᠷᠢᠯᠢᠭ | ᠤᠷᠠᠯᠠᠯ ᠳᠤ ᠭᠡᠷᠡᠭᠯᠡᠵ᠂ ᠵᠡᠰ ᠭᠠᠤᠯᠢ ᠶᠢ ᠴᠠᠶᠢᠷ ᠳᠤᠭᠤᠯᠭ᠎ᠠ᠂ ᠳᠡᠮᠦᠷ ᠰᠢᠷᠠᠮᠤ ᠶᠢ ᠴᠠᠢ ᠶᠢᠨ ᠳᠠᠪᠤᠷ᠎ᠠ᠂ ᠠᠷᠢᠬᠢᠨ | ᠬᠤᠪᠢᠩ᠂ ᠰᠠᠪᠠ ᠰᠠᠭᠤᠯᠭ᠎ᠠ ᠳᠤ ᠭᠡᠷᠡᠭᠯᠡᠵᠤ︔ ᠠᠷᠠᠰᠤ ᠰᠢᠷᠢ ᠪᠠᠷ ᠤᠭᠤᠳᠠ ᠰᠢᠭᠤᠳᠠᠢ᠂ ᠤᠰᠤᠨ ᠬᠤᠪᠤᠭᠤ ᠳᠤ | ︔ ᠡᠪᠡᠷ ᠶᠠᠰᠤ ᠪᠠᠷ ᠫᠢᠯᠠ ᠬᠠᠯᠪᠠᠭ᠎ᠠ ᠳᠤ︔ ᠤᠩᠭᠠᠰᠤ ᠬᠢᠯᠭᠠᠰᠤ ᠪᠠᠷ ᠢᠰᠡᠭᠡᠢ ᠰᠢᠷᠢᠳᠡᠭ ᠲᠤ ᠭᠡᠷᠡᠭᠯᠡᠵᠤ ᠪᠠᠶᠢᠵᠠᠢ | ᠃ ᠳᠡᠷᠡ ᠦᠶ᠎ᠡ ᠳᠤ ᠪᠠᠭᠠᠷᠢᠨᠴᠤᠳ ᠤᠨ ᠭᠡᠷ ᠭᠦᠷᠢᠶ᠎ᠡ ᠶᠢᠨ ᠪᠠᠶᠢᠳᠠᠯ ᠭᠡᠪᠡᠯ ᠳᠤᠩ ᠳᠦᠭᠦᠮ ᠪᠠᠶᠢᠪᠠ᠃ ᠳᠡᠳᠡ | ᠤᠳᠤᠷᠯᠠᠨ ᠮᠠᠯᠯᠠᠵᠤ ᠪᠠᠶᠢᠬᠤ ᠳᠠᠭᠠᠨ ᠬᠠᠩᠭᠠᠢ ᠳᠡᠷᠭᠡ ᠪᠠᠷ ᠢᠶᠠᠨ ᠬᠠᠯᠬᠠᠪᠴᠢ ᠪᠤᠯᠭᠠᠵᠤ ᠬᠠᠨᠳᠤᠭᠰᠠᠨ ᠡᠪᠡᠰᠤ ᠪᠠᠨ | ᠭᠤᠤ ᠭᠠᠩᠭ᠎ᠠ ᠶᠢᠨ ᠬᠠᠵᠠᠭᠤ ᠳᠤ ᠤᠨᠠᠭᠤᠯᠢ ᠮᠠᠯᠳᠠᠨ ᠬᠤᠷᠢᠶᠠᠳᠠᠭ ᠪᠠᠶᠢᠵᠠᠢ᠃ ᠡᠶᠢᠮᠦ ᠪᠤᠯᠬᠤᠷ ᠭᠡᠷ ᠳᠡᠷᠭᠡ | ᠬᠠᠰᠢᠶ᠎ᠠ ᠭᠦᠷᠢᠶ᠎ᠡ ᠨᠢ ᠳᠤᠩ ᠳᠦᠭᠦᠮ ᠶᠤᠮ᠃ | ᠰᠠᠭᠤᠷᠢᠰᠢᠨ ᠨᠤᠳᠤᠭᠯᠠᠵᠤ᠂ ᠤᠳᠤᠷᠯᠠᠨ ᠵᠤᠰᠠᠵᠤ ᠮᠠᠯᠯᠠᠳᠠᠭ ᠪᠤᠯᠤᠭᠰᠠᠨ ᠠᠴᠠ ᠢᠨᠠᠭᠰᠢ᠂ ᠢᠯᠠᠩᠭᠤᠶ᠎ᠠ | ᠰᠠᠭᠤᠷᠢᠰᠢᠭᠰᠠᠨ ᠠᠴᠠ ᠢᠨᠠᠭᠰᠢ ᠭᠡᠷ ᠳᠡᠷᠭᠡ᠂ ᠪᠠᠶᠢᠰᠢᠩ ᠪᠠᠷᠢᠯᠭ᠎ᠠ᠂ ᠬᠠᠰᠢᠶ᠎ᠠ ᠭᠦᠷᠢᠶ᠎ᠡ᠂ ᠭᠡᠷ ᠤᠨ ᠡᠳ᠋ᠯᠡᠯ | ᠭᠡᠷᠡᠭᠰᠡᠯ ᠢ ᠪᠠᠭᠠᠷᠢᠨᠴᠤᠳ ᠳᠤᠩ ᠠᠩᠬᠠᠷᠬᠤ ᠪᠤᠯᠵᠤ ᠪᠢᠯᠡ᠃ ᠳᠡᠷᠡᠴᠢᠯᠡᠨ ᠠᠶᠢᠯ ᠤᠨ ᠬᠠᠰᠢᠶ᠎ᠠ ᠭᠦᠷᠢᠶ᠎ᠡ᠂ ᠭᠡᠷ | ᠳᠡᠷᠭᠡ ᠶᠢᠨ ᠰᠠᠶᠢᠨ ᠮᠠᠭᠤ᠂ ᠦᠵᠡᠮᠵᠢ ᠪᠠᠶᠢᠳᠠᠯ ᠨᠢ ᠨᠢᠭᠡᠨ ᠠᠶᠢᠯ ᠤᠨ ᠠᠵᠢᠯᠰᠠᠭ ᠪᠠ ᠠᠯᠵᠠᠭᠤ᠂ ᠭᠦᠭᠵᠢᠯ ᠪᠠ | ᠳᠤᠷᠤᠶᠢᠳᠠᠯ ᠢ ᠦᠵᠡᠭᠦ ᠪᠡᠯᠭᠡ ᠳᠡᠮᠳᠡᠭ ᠪᠤᠯᠵᠠᠢ᠃ ᠳᠡᠷᠡ ᠴᠠᠭ ᠠᠴᠠ ᠪᠠᠭᠠᠷᠢᠨᠴᠤᠳ ᠨᠢ ᠭᠡᠷ ᠪᠠᠷᠢᠯᠭ᠎ᠠ᠂ ᠭᠦᠷᠢᠶ᠎ᠡ | ᠬᠠᠰᠢᠶᠠᠨ ᠤ ᠡᠪ ᠬᠠᠪᠤ ᠶᠢ ᠨᠢ ᠤᠨᠴᠠ ᠠᠩᠬᠠᠷᠤᠨ ᠴᠢᠬᠤᠯᠠᠴᠢᠯᠠᠵᠤ᠂ ᠭᠡᠷ ᠪᠠᠶᠢᠰᠢᠩ ᠢᠶᠠᠨ ᠳᠤᠭᠤᠷᠢᠭᠤᠯᠤᠨ | ᠨᠦᠭᠦᠴᠡᠯ ᠢᠶᠠᠨ ᠠᠰᠢᠭᠯᠠᠨ ᠰᠢᠪᠠᠷ ᠰᠢᠷᠤᠢ᠂ ᠮᠤᠳᠤ ᠴᠢᠯᠠᠭᠤ᠂ ᠭᠦᠷᠦᠮᠡᠯ ᠰᠦᠯᠵᠢᠮᠡᠯ ᠢᠶᠠᠷ ᠨᠠᠷᠢᠯᠢᠭ ᠰᠠᠶᠢᠬᠠᠨ | ᠭᠡᠷᠡᠮ ᠬᠠᠰᠢᠶ᠎ᠠ ᠶᠢ ᠦᠪᠡᠷ ᠦᠪᠡᠷ ᠤᠨ ᠭᠡᠷᠡᠭᠴᠡᠭᠡᠨ ᠳᠡᠭᠡᠨ ᠳᠤᠬᠢᠷᠠᠭᠤᠯᠤᠨ ᠪᠠᠷᠢᠳᠠᠭ ᠪᠤᠯᠵᠠᠢ᠃ | ᠪᠠᠭᠠᠷᠢᠨᠴᠤᠳ ᠤᠨ ᠭᠦᠷᠢᠶ᠎ᠡ ᠬᠠᠰᠢᠶᠠᠨ ᠤ ᠪᠠᠶᠢᠷᠢᠰᠢᠯ ᠪᠠ ᠪᠠᠷᠢᠬᠤ ᠮᠡᠷᠭᠡᠵᠢᠯ ᠵᠡᠷᠭᠡ ᠳᠤ ᠪᠦᠷ ᠦᠪᠡᠷᠮᠢᠴᠡ | ᠤᠨᠴᠠᠯᠢᠭ ᠲᠠᠢ ᠪᠠᠶᠢᠳᠠᠭ᠃ ᠳᠠᠳᠡᠨᠠᠷ ᠨᠢ ᠦᠪᠡᠷᠰᠡᠳ ᠤᠨ ᠦᠢᠯᠡᠳᠪᠦᠷᠢᠯᠡᠯ ᠤᠨ ᠭᠡᠷᠡᠭᠴᠡᠭᠡ ᠪᠠᠨ ᠦᠵᠡᠵᠤ ᠭᠡᠷ | ᠤᠨ ᠭᠦᠷᠢᠶ᠎ᠡ᠂ ᠡᠪᠡᠰᠦᠨ ᠬᠤᠷᠤᠭ᠎ᠠ᠂ ᠮᠠᠯ ᠤᠨ ᠬᠠᠰᠢᠶ᠎ᠠ ᠭᠡᠵᠤ ᠳᠤᠰ ᠳᠤᠰ ᠳᠤᠨᠢ ᠡᠮᠬᠢ ᠵᠠᠮᠪᠠᠷᠠᠭ᠎ᠠ ᠲᠠᠢ | ᠳᠤᠬᠢᠷᠠᠭᠤᠯᠤᠭᠰᠠᠨ ᠪᠠᠶᠢᠳᠠᠭ᠃ ᠭᠡᠷ ᠤᠨ ᠭᠦᠷᠢᠶ᠎ᠡ ᠨᠢ ᠳᠠᠷᠤᠢ ᠰᠠᠭᠤᠭ᠎ᠠ ᠠᠶᠢᠯ ᠤᠨ ᠭᠡᠷ ᠪᠠᠶᠢᠰᠢᠩ ᠢᠶᠠᠨ | ᠳᠤᠭᠤᠷᠢᠭᠤᠯᠤᠨ ᠶᠠᠮᠠᠷᠪᠠ ᠮᠠᠯ ᠤᠨᠤᠭ᠎ᠠ᠂ ᠰᠠᠯᠬᠢ ᠰᠢᠭᠤᠷᠭᠠᠨ ᠠᠴᠠ ᠬᠠᠮᠠᠭᠠᠯᠠᠬᠤ ᠶᠢᠨ ᠳᠤᠰᠠᠳᠠ ᠰᠢᠪᠠᠷ ᠰᠢᠷᠤᠢ᠂ | ᠮᠤᠳᠤ ᠴᠢᠯᠠᠭᠤ ᠪᠤᠶᠤ ᠪᠤᠷᠭᠠᠰᠤ ᠨᠠᠶᠢᠯᠵᠠᠭᠤᠷ ᠤᠨ ᠭᠦᠷᠦᠮᠡᠯ ᠢᠶᠠᠷ ᠪᠠᠶᠢᠭᠰᠠᠨ ᠭᠡᠷᠡᠮ ᠬᠠᠰᠢᠶ᠎ᠠ ᠪᠤᠯᠤᠨ᠎ᠠ᠃ | ᠡᠪᠡᠰᠦᠨ ᠬᠤᠷᠤᠭ᠎ᠠ ᠶᠢ ᠤᠯᠠᠩᠬᠢ ᠳᠠᠭᠠᠨ ᠭᠡᠷ ᠭᠦᠷᠢᠶᠡᠨ ᠤ ᠠᠷᠤ ᠪᠠᠷ ᠳᠤᠬᠢᠷᠠᠭᠤᠯᠳᠠᠭ᠃ ᠢᠩᠬᠢᠵᠤ | ᠪᠠᠶᠢᠷᠢᠰᠢᠭᠤᠯᠬᠤ ᠶᠢᠨ ᠰᠠᠶᠢᠨ ᠳᠠᠯ᠎ᠠ ᠭᠡᠪᠡᠯ ᠭᠡᠷ ᠭᠦᠷᠢᠶ᠎ᠡ ᠮᠠᠯ ᠤᠨ ᠬᠠᠰᠢᠶ᠎ᠠ ᠰᠠᠷᠠᠪᠴᠢᠨ ᠳᠤ ᠳᠠᠪᠬᠤᠷ ᠨᠦᠮᠦᠷᠢ | ᠪᠤᠯᠵᠤ᠂ ᠦᠨᠡᠰᠤ ᠬᠤᠭ ᠤᠨ ᠤᠪᠤᠭᠠᠨ ᠠᠴᠠ ᠵᠠᠶᠢᠳᠠᠢ ᠪᠤᠯᠬᠤᠷ ᠭᠠᠯ ᠢ ᠰᠡᠷᠭᠡᠶᠢᠯᠡᠭᠦ ᠳᠤ ᠴᠦ ᠠᠰᠢᠭᠳᠠᠢ᠂ ᠮᠠᠯ | ᠤᠨᠤᠭ᠎ᠠ ᠳᠤ ᠡᠪᠡᠰᠤ ᠦᠭᠭᠦ ᠳᠤ ᠳᠦᠭᠦᠮ ᠵᠡᠷᠭᠡ ᠶᠢ ᠠᠩᠬᠠᠷᠤᠭᠰᠠᠨ ᠳᠤ ᠤᠷᠤᠰᠢᠨ᠎ᠠ᠃ ᠡᠪᠡᠰᠦᠨ ᠬᠤᠷᠤᠭᠠᠨ ᠤ | ᠡᠩᠭᠡᠷ ᠲᠤ ᠨᠦᠮᠦᠷᠢ ᠲᠠᠢ ᠪᠤᠯᠬᠤᠷ ᠳᠡᠵᠢᠭᠡᠪᠦᠷᠢ ᠶᠢᠨ ᠪᠠᠭᠤᠷᠢ ᠮᠠᠯ᠂ ᠪᠢᠷᠠᠭᠤ ᠳᠤᠭᠤᠯ᠂ ᠮᠤᠷᠢᠨ ᠤ ᠬᠤᠷᠤᠭ᠎ᠠ | ᠵᠡᠷᠭᠡ ᠶᠢ ᠳᠤᠬᠢᠷᠠᠭᠤᠯᠳᠠᠭ᠃ ᠬᠤᠨᠢᠨ ᠬᠤᠷᠤᠭ᠎ᠠ ᠶᠢ ᠭᠡᠷ ᠤᠨ ᠪᠠᠷᠠᠭᠤᠨ ᠳᠠᠯ᠎ᠠ ᠳᠤ᠂ ᠦᠭᠡᠷ ᠤᠨ ᠬᠤᠷᠤᠭ᠎ᠠ ᠶᠢ | ᠵᠡᠭᠦᠨ ᠳᠠᠯ᠎ᠠ ᠳᠤ ᠪᠠᠶᠢᠷᠢᠰᠢᠭᠤᠯᠳᠠᠭ᠃ ᠭᠡᠷ ᠤᠨ ᠭᠦᠷᠢᠶᠡᠨ ᠤ ᠭᠠᠳᠠᠨ᠎ᠠ ᠵᠡᠭᠦᠨ ᠪᠠᠷᠠᠭᠤᠨ ᠬᠤᠶᠠᠷ ᠦᠨᠴᠦᠭ ᠠᠴᠠ | ᠭᠡᠳᠦᠨ ᠮᠧᠲᠷ ᠬᠢᠷᠢᠳᠠᠢ ᠬᠠᠨᠴᠤᠶᠢᠪᠴᠢ ᠵᠠᠯᠭᠠᠵᠤ ᠡᠷ᠎ᠡ ᠰᠤᠪᠠᠢ ᠪᠤᠳᠠ ᠮᠠᠯ ᠢ ᠰᠤᠯᠠ ᠬᠤᠳᠠᠯᠠᠳᠠᠭ᠃ | ᠪᠠᠭᠠᠷᠢᠨᠴᠤᠳ ᠨᠢ ᠮᠠᠯ ᠤᠨ ᠬᠤᠷᠤᠭ᠎ᠠ ᠶᠢ ᠡᠮᠬᠢ ᠵᠢᠷᠦᠮ ᠲᠠᠢ ᠳᠤᠬᠢᠷᠠᠭᠤᠯᠳᠠᠭ ᠪᠦᠭᠡᠳ ᠠᠷᠭᠠᠯ ᠤᠨ | ᠬᠠᠰᠢᠶ᠎ᠠ᠂ ᠦᠨᠡᠰᠦᠨ ᠤᠪᠤᠭ᠎ᠠ᠂ ᠬᠤᠭ ᠤᠨ ᠤᠪᠤᠭ᠎ᠠ᠂ ᠮᠤᠷᠢᠨ ᠪᠠᠭᠠᠨ᠎ᠠ᠂ ᠬᠤᠳᠳᠤᠭ᠂ ᠳᠡᠭᠡᠷᠮ᠎ᠡ ᠵᠡᠷᠭᠡ ᠶᠢ ᠴᠦ | ᠳᠤᠰ ᠳᠤᠰ ᠲᠤᠨᠢ ᠳᠤᠬᠢᠳᠠᠢ ᠤᠷᠤᠨ ᠳᠤ ᠪᠠᠶᠢᠷᠢᠰᠢᠭᠤᠯᠳᠠᠭ᠃ ᠡᠭᠦᠨ ᠳᠤ ᠠᠷᠭᠠᠯ ᠤᠨ ᠬᠠᠰᠢᠶ᠎ᠠ ᠶᠢ ᠭᠡᠷ ᠠᠴᠠ | ᠵᠠᠶᠢᠳᠠᠢ ᠪᠠᠷᠠᠭᠤᠨ ᠬᠤᠶᠢᠨ᠎ᠠ ᠪᠤᠶᠤ ᠪᠠᠷᠠᠭᠤᠨ ᠳᠠᠯ᠎ᠠ ᠪᠠᠷ ᠳᠤᠬᠢᠶᠠᠵᠤ᠂ ᠬᠤᠭ ᠤᠨ ᠤᠪᠤᠭ᠎ᠠ ᠶᠢ ᠭᠡᠷ ᠤᠨ ᠠᠰ | ᠡᠮᠦᠨ᠎ᠡ ᠤᠪᠤᠭᠠᠯᠠᠵᠤ ᠳᠡᠭᠦᠨ ᠤ ᠬᠤᠶᠠᠷ ᠳᠠᠯ᠎ᠠ ᠳᠤᠨᠢ ᠮᠤᠷᠢᠨ ᠤᠶᠠᠭ᠎ᠠ ᠶᠢ ᠳᠤᠬᠢᠷᠠᠭᠤᠯᠳᠠᠭ᠃ ᠦᠨᠡᠰᠤ ᠶᠢᠨ | ᠤᠪᠤᠭ᠎ᠠ ᠶᠢ ᠵᠡᠭᠦᠨ ᠡᠮᠦᠨ᠎ᠡ ᠵᠦᠭ ᠲᠤ ᠭᠡᠷ ᠠᠴᠠ ᠨᠡᠯᠢᠶᠡᠳ ᠵᠠᠶᠢᠳᠠᠢ ᠤᠪᠤᠭᠠᠯᠠᠵᠤ᠂ ᠢᠩ ᠳᠡᠭᠡᠷᠮ᠎ᠡ ᠶᠢ ᠪᠤᠯ ᠭᠡᠷ | ᠤᠨ ᠪᠠᠷᠠᠭᠤᠨ ᠡᠮᠦᠨ᠎ᠡ ᠨᠦᠮᠦᠷᠢ ᠲᠠᠢ ᠰᠢᠭ ᠭᠠᠵᠠᠷ ᠢ ᠰᠤᠩᠭᠤᠵᠤ ᠳᠤᠰᠬᠠᠢ ᠬᠠᠰᠢᠶ᠎ᠠ ᠪᠠᠷᠢᠵᠤ ᠫᠧᠩ ᠰᠠᠷᠠᠪᠴᠢ | ᠳᠠᠷᠤᠳᠠᠭ ᠪᠢᠯᠡ᠃ |