ᠪᠠᠭᠠᠷᠢᠨ ᠣᠳᠤᠭ ᠤᠨ ᠨᠣᠳᠤᠭ ᠣᠰᠣ ︵ᠨᠢᠬᠡ︶
ᠨᠡᠶᠢᠲᠡᠯᠡᠭᠰᠡᠨ ᠴᠠᠭ᠄
2022/12/22
     ᠨᠡᠶᠢᠳᠠ ᠶᠢᠨ ᠣᠨ ᠲᠣᠭᠠᠯᠠᠯ ᠤᠨ 1206 ᠣᠨ ᠳᠤ᠂ ᠮᠣᠩᠭᠤᠯ ᠤᠨ ᠢᠵᠠᠭᠤᠷᠳᠡᠨ ᠤ ᠲᠦᠷᠦᠬᠦᠦ ᠴᠢᠩᠬᠢᠰ ᠬᠠᠭᠠᠨ ᠮᠣᠩᠭᠤᠯ ᠤᠨ ᠦᠨᠳᠦᠷᠯᠢᠭ ᠲᠠᠬᠢ ᠣᠯᠠᠨ ᠠᠶᠢᠮᠠᠭ ᠢ ᠨᠢᠭᠡᠳᠭᠡᠨ᠂ ᠨᠡᠬᠦᠳᠡᠯᠴᠢᠨ ᠠᠶᠢᠮᠠᠭ ᠤᠨ ᠵᠠᠰᠠᠭ ᠤᠨ ᠡᠷᠭᠡ — ᠶᠡᠭᠡ ᠮᠣᠩᠭᠤᠯ ᠣᠯᠣᠰ ᠢ ᠪᠠᠶᠢᠭᠤᠯᠪᠡ᠃ ᠣᠯᠣᠰ ᠪᠠᠶᠢᠭᠤᠯᠣᠭᠳᠠᠭᠰᠡᠨ ᠶᠡᠭᠡ ᠶᠣᠰᠣᠯᠠᠯ ᠲᠡᠭᠡᠷ᠎ᠠ ᠴᠢᠩᠬᠢᠰ ᠬᠠᠭᠠᠨ ᠣᠯᠠᠨ ᠵᠢᠳᠬᠦᠯᠳᠡᠨ ᠭᠠᠪᠢᠶᠠᠳᠦ ᠰᠠᠶᠢᠳ ᠨᠠᠷ ᠲᠠᠭᠠᠨ ᠠᠯᠳᠠᠷ ᠭᠠᠪᠢᠶ᠎ᠠ ᠲᠡᠮᠳᠡᠭᠯᠡᠵᠦ᠂ ᠱᠠᠩ ᠬᠡᠰᠢᠭ ᠬᠦᠷᠳᠡᠭᠡᠬᠦ ᠳᠡᠭᠡᠨ ᠪᠠᠭᠠᠷᠢᠨ ᠠᠶᠢᠮᠠᠭ ᠤᠨ ᠬᠤᠷᠴᠢ ᠨᠣᠶᠠᠨ ᠳᠤ ︽ᠭᠤᠷᠪᠡᠨ ᠮᠢᠩᠭᠠᠨ ᠡᠷᠣᠭᠡ ᠪᠠᠭᠠᠷᠢᠨ ᠠᠶᠢᠮᠠᠭ ᠢ ᠲᠡᠭᠡᠷ᠎ᠠ ᠪᠠᠰᠨ ᠲᠠᠬᠠᠢ᠂ ᠠᠯᠠᠭ ᠬᠤᠶᠠᠷ ᠤᠨ ᠬᠠᠮᠳᠣᠪᠡᠷ ᠠᠳᠠᠷᠬᠢᠨ ᠣᠭᠰᠠᠭᠠᠳᠡᠨ ᠪᠠ ᠴᠢᠨᠣᠰ᠂ ᠲᠦᠬᠦᠯᠡᠰ᠂ ᠲᠡᠯᠡᠩᠬᠦᠳ ᠣᠪᠣᠭ ᠤᠨ ᠬᠢᠨ ᠢ ᠨᠡᠶᠢᠯᠡᠬᠦᠯᠵᠦ ᠲᠦᠮᠡᠨ ᠢᠷᠭᠡᠨ ᠪᠣᠯᠭᠠᠭᠠᠳ ᠬᠤᠷᠴᠢ ᠳᠤ ᠵᠠᠬᠢᠷᠣᠭᠤᠯᠵᠦ᠂ ᠡᠷᠴᠢᠰ ᠭᠤᠣᠯ ᠤᠨ ᠲᠠᠭᠠᠣ ᠣᠢ ᠶᠢᠨ ᠢᠷᠭᠡᠨ ᠳᠤ ᠬᠦᠷᠳᠡᠯᠡᠬᠢ ᠨᠣᠳᠤᠭ ᠢ ᠡᠵᠡᠮᠰᠢᠨ ᠨᠣᠳᠣᠭᠯᠠᠭᠤᠯᠣᠭᠰᠡᠨ ᠮᠦᠷᠳᠡᠭᠡᠨ ᠣᠢ ᠶᠢᠨ ᠢᠷᠭᠡᠨ ᠢ ᠮᠡᠳᠡᠳᠣᠬᠡᠢ ᠁ ᠬᠤᠷᠴᠢ ᠶᠢᠨ ᠵᠦᠪᠰᠢᠶᠡᠷᠡᠯ ᠦᠭᠡᠢ ᠪᠠᠷ ᠣᠢ ᠶᠢᠨ ᠢᠷᠭᠡᠨ ᠡᠰᠢ ᠲᠡᠰᠢ ᠲᠣᠷ᠎ᠠ ᠪᠠᠷ ᠢᠶᠠᠨ ᠶᠠᠪᠣᠵᠦ ᠪᠣᠯᠬᠤ ᠦᠭᠡᠢ︾ ᠬᠡᠵᠠᠢ᠃ ᠲᠡᠭᠡᠷᠡᠬᠢ ᠡᠨᠡᠬᠦ ᠲᠡᠮᠳᠡᠭᠯᠡᠯ ᠠᠴᠠ 1206 ᠣᠨ ᠳᠤ᠂ ᠴᠢᠩᠬᠢᠰ ᠬᠠᠭᠠᠨ ᠡᠷᠴᠢᠰ ᠭᠤᠣᠯ ᠤᠨ ᠣᠷᠣᠰᠬᠠᠯ ᠲᠠᠭᠠᠣ ᠨᠢᠭᠡ ᠪᠦᠯᠦᠭ ᠣᠢ ᠶᠢᠨ ᠢᠷᠭᠡᠳ ᠪᠣᠯᠬᠤ ᠴᠢᠨᠣᠰ᠂ ᠲᠠᠯᠠᠩᠬᠦᠳ᠂ ᠲᠦᠬᠦᠯᠡᠰ ᠵᠡᠷᠭᠡ ᠠᠶᠢᠮᠠᠭ ᠢ ᠬᠤᠷᠴᠢ ᠳᠤᠷ ᠱᠠᠩᠨᠠᠨ ᠦᠭᠬᠦᠭᠰᠡᠨ ᠪᠦᠭᠡᠳ ᠬᠤᠷᠴᠢ ᠶᠢᠨ ᠣᠣᠯ ᠤᠨ ᠭᠤᠷᠪᠡᠨ ᠮᠢᠩᠭᠠᠨ ᠡᠷᠣᠭᠡ ᠪᠠᠭᠠᠷᠢᠨ ᠎ ᠢ ᠲᠠᠳᠠᠨᠠᠷ ᠤᠨ ᠬᠠᠮᠳᠦ ᠡᠷᠴᠢᠰ ᠭᠤᠣᠯ ᠤᠨ ᠣᠷᠣᠰᠬᠠᠯ ᠲᠠᠭᠠᠣ ᠨᠡᠬᠦᠳᠡᠯᠯᠡᠨ ᠮᠠᠯᠯᠠᠬᠤ ᠪᠠᠷ ᠲᠣᠭᠳᠠᠭᠠᠪᠡ ᠬᠡᠰᠡᠨ ᠢ ᠮᠡᠳᠡᠵᠦ ᠪᠣᠯᠬᠤ ᠶᠤᠮ᠃ ︽ᠮᠣᠩᠭᠤᠯ ᠤᠨ ᠨᠢᠭᠤᠴᠨ ᠲᠣᠪᠴᠢᠶᠠᠨ︾᠎ ᠳᠤ ᠲᠡᠮᠳᠡᠭᠯᠡᠭᠰᠡᠨ ᠨᠢ ᠮᠠᠨ ᠤ ᠣᠶᠢᠯᠠᠭᠠᠬᠤ ᠬᠡᠵᠦ ᠪᠦᠬᠦᠢ ᠴᠢᠩᠬᠢᠰ ᠬᠠᠭᠠᠨ ᠤ ᠦᠶ᠎ᠠ ᠪᠣᠯᠣᠨ ᠴᠢᠩᠬᠢᠰ ᠬᠠᠭᠠᠨ ᠠᠴᠠ ᠡᠮᠣᠨᠡᠬᠢ ᠪᠠᠭᠠᠷᠢᠨ ᠣᠳᠤᠭ ᠤᠨ ᠨᠣᠳᠤᠭ ᠣᠰᠣᠨ ᠤ ᠪᠠᠶᠢᠳᠠᠯ ᠢ ᠲᠣᠳᠣᠯᠠᠬᠤ ᠳᠤ ᠲᠣᠩ ᠴᠢᠬᠤᠯᠨ ᠪᠠᠷᠢᠮᠳᠠ ᠪᠠ ᠦᠨ᠎ᠠ ᠴᠠᠨ᠎ᠠ ᠲᠠᠢ ᠲᠡᠣᠭᠡᠨ ᠮᠠᠲ᠋ᠧᠷᠢᠶᠠᠴᠯ ᠢ ᠬᠠᠨᠭ᠍ᠭᠠᠵᠦ ᠦᠭᠬᠦᠭᠰᠡᠨ ᠪᠠᠶᠢᠨ᠎ᠠ᠃      ᠴᠢᠩᠬᠢᠪᠡᠯ ᠪᠢᠳᠠ ᠪᠠᠭᠠᠷᠢᠨ ᠤ ᠣᠳᠤᠭ ᠤᠨ ᠨᠣᠳᠤᠭ ᠣᠰᠣᠨ ᠤ ᠪᠠᠶᠢᠳᠠᠯ ᠢ ᠣᠶᠢᠯᠠᠭᠠᠬᠤ ᠳᠤ ᠡᠷᠬᠡᠪᠰᠢ ᠡᠷᠴᠢᠰ ᠭᠤᠣᠯ ᠤᠨ ᠣᠷᠣᠰᠬᠠᠯ ᠲᠠᠭᠠᠣ ᠠᠮᠢᠳᠣᠷᠠᠵᠦ ᠪᠠᠶᠢᠭᠰᠡᠨ ᠲᠣᠬᠠᠢ ᠶᠢᠨ ᠦᠶ᠎ᠠ ᠶᠢᠨ ᠲᠡᠳᠡᠭᠡᠷ ᠠᠶᠢᠮᠠᠭ ᠪᠦᠯᠦᠭ ᠢ ᠪᠦᠷ ᠣᠶᠢᠯᠭᠠᠬᠤ ᠬᠡᠷᠡᠭᠳᠠᠢ᠃ ᠵᠢᠱᠢᠶᠡᠯᠡᠪᠡᠯ᠄ ᠲᠣᠬᠠᠢ ᠶᠢᠨ ᠦᠶ᠎ᠠ ᠳᠤ ᠡᠷᠴᠢᠰ ᠭᠤᠣᠯ ᠤᠨ ᠣᠷᠣᠰᠬᠠᠯ ᠲᠠᠭᠠᠣ ᠠᠵᠦ ᠲᠦᠷᠣᠵᠦ ᠨᠣᠳᠣᠭᠯᠠᠵᠦ ᠪᠠᠶᠢᠭᠰᠡᠨ ᠲᠠᠯᠠᠩᠬᠦᠳ᠂ ᠴᠢᠨᠣᠰ᠂ ᠲᠦᠬᠦᠯᠡᠰ ᠵᠡᠷᠭᠡ ᠠᠶᠢᠮᠠᠭ ᠤᠨ ᠨᠣᠳᠤᠭ ᠣᠰᠣᠨ ᠤ ᠪᠠᠶᠢᠴᠨ ᠪᠠ ᠬᠤᠷᠴᠢ ᠳᠤ ᠡᠷᠬᠦᠮᠵᠢᠯᠡᠨ ᠦᠭᠬᠦᠭᠰᠡᠨ ᠨᠣᠳᠤᠭ ᠣᠰᠣᠨ ᠤ ᠪᠠᠶᠢᠳᠠᠯ ᠢ ᠶᠡᠭᠡ ᠲᠦᠯᠣᠪ ᠳᠤᠨᠢ ᠣᠶᠢᠯᠠᠭᠠᠬᠤ ᠴᠢᠬᠤᠯᠠᠳᠠᠢ ᠪᠢᠯᠨ᠃      ᠮᠠᠨ ᠤ ᠮᠡᠳᠡᠭᠡᠵᠢ ᠪᠠᠷ᠂ ᠴᠢᠩᠬᠢᠰ ᠬᠠᠭᠠᠨ ᠤ ᠦᠶ᠎ᠠ ᠳᠤ᠂ ᠮᠣᠩᠭᠤᠯ ᠤᠨ ᠪᠠᠷᠠᠭᠤᠨ ᠲᠠᠯ᠎ᠠ ᠳᠤ ᠨᠠᠢᠮᠠᠨ ᠠᠶᠢᠮᠠᠭ ᠨᠣᠳᠣᠭᠰᠢᠵᠦ ᠪᠠᠶᠢᠪᠡ᠃ ᠨᠠᠢᠮᠠᠨ ᠠᠶᠢᠮᠠᠭ ᠨᠢ ᠲᠣᠬᠠᠢ ᠶᠢᠨ ᠦᠶ᠎ᠠ ᠳᠤ ᠬᠡᠷᠬᠢᠰ ᠤᠨ ᠨᠣᠳᠤᠭ ᠲᠤ ᠰᠠᠭᠤᠵᠦ ᠪᠠᠶᠢᠵᠠᠢ᠃ ᠡᠨᠡ ᠨᠢ ᠶᠡᠭᠡ ᠲᠦᠯᠣᠪ ᠬᠢᠷᠬᠢᠰ ᠬᠦᠮᠣᠨ ᠡᠮᠣᠨᠠᠰᠢ ᠨᠡᠬᠦᠳᠡᠯᠯᠡᠨ᠂ ᠣᠶᠢᠭᠤᠷ ᠬᠠᠭᠠᠨᠳᠦ ᠣᠯᠣᠰ ᠤᠨ ᠮᠦᠬᠦᠬᠦ ᠶᠢ ᠵᠠᠪᠰᠢᠨ ᠨᠠᠢᠮᠠᠨ ᠠᠶᠢᠮᠠᠭ ᠤᠨ ᠬᠢᠨ ᠡᠷᠴᠢᠰ ᠭᠤᠣᠯ ᠠᠴᠠ ᠬᠤᠷᠢᠨ ᠬᠦᠷᠳᠡᠯᠡᠬᠢ ᠦᠷᠭᠡᠨ ᠠᠭᠤᠳᠠᠮ ᠨᠣᠳᠤᠭ ᠢ ᠡᠵᠡᠯᠡᠨ ᠠᠪᠣᠭᠰᠡᠨ ᠪᠣᠯᠣᠯᠳᠠᠢ᠃      ᠴᠢᠩᠬᠢᠰ ᠬᠠᠭᠠᠨ ᠮᠣᠩᠭᠤᠯ ᠤᠨ ᠨᠣᠳᠤᠭ ᠭᠠᠵᠠᠷ ᠢ ᠨᠢᠭᠡᠳᠭᠡᠬᠦ ᠦᠶ᠎ᠠ ᠳᠤ᠂ ᠨᠠᠢᠮᠠᠨ ᠠᠶᠢᠮᠠᠭ ᠨᠢ ᠲᠣᠳᠣᠭᠠᠳᠦ ᠳᠠᠭᠠᠨ ᠬᠠᠭᠠᠷᠠᠯ ᠭᠠᠷᠴᠦ ᠬᠤᠶᠠᠷ ᠪᠦᠯᠦᠭ ᠪᠣᠯᠵᠦ ᠨᠢᠭᠡ ᠪᠦᠯᠦᠭ ᠨᠢ ᠠᠭᠤᠯᠠᠷᠬᠠᠭ ᠭᠠᠵᠠᠷ ᠠᠮᠢᠳᠣᠷᠠᠵᠦ᠂ ᠨᠢᠭᠡ ᠪᠦᠯᠦᠭ ᠨᠢ ᠲᠡᠭᠰᠢ ᠲᠠᠯ᠎ᠠ ᠳᠤ ᠨᠣᠳᠣᠭᠰᠢᠵᠦ ᠪᠠᠶᠢᠪᠡ᠃ ︽ᠮᠣᠩᠭᠤᠯ ᠤᠨ ᠨᠢᠭᠤᠴᠨ ᠲᠣᠪᠴᠢᠶᠠᠨ︾᠎ ᠳᠤ ᠲᠡᠮᠳᠡᠭᠯᠡᠭᠰᠡᠨ ᠢ ᠦᠨᠳᠣᠰᠣᠯᠡᠪᠡᠯ᠂ ᠨᠠᠢᠮᠠᠨ ᠠᠶᠢᠮᠠᠭ ᠤᠨ ᠬᠤᠶᠠᠷ ᠪᠦᠯᠦᠭ ᠪᠣᠯᠣᠭᠰᠡᠨ ᠰᠢᠯᠳᠠᠭᠠᠨ ᠢ ᠡᠷᠢᠪᠡᠯ ᠪᠠᠰᠨ ᠲᠠᠮᠠᠢ ᠴᠦ ᠬᠦᠴᠢᠷᠳᠡᠬᠦ ᠦᠭᠡᠢ ᠶᠤᠮ᠃ ︽ᠮᠣᠩᠭᠤᠯ ᠤᠨ ᠨᠢᠭᠤᠴᠨ ᠲᠣᠪᠴᠢᠶᠠᠨ︾᠎ ᠳᠤ ᠬᠡᠯᠡᠭᠰᠡᠨ ︽ᠲᠡᠬᠦᠨ ᠠᠴᠠ ᠬᠤᠶᠢᠨ᠎ᠠ᠂ ᠴᠢᠩᠬᠢᠰ ᠬᠠᠭᠠᠨ ᠬᠡᠷᠡᠶᠢᠳ ᠤᠨ ᠸᠠᠩ ᠬᠠᠨ ᠲᠠᠢ ᠬᠤᠯᠪᠣᠭᠠᠯᠠᠨ ᠨᠠᠢᠮᠠᠨ ᠤ ᠬᠦᠴᠣᠬᠦᠳ ᠤᠨ ᠪᠣᠶᠢᠷᠤᠭ ᠬᠠᠨ ᠲᠠᠢ ᠪᠠᠶᠢᠯᠳᠣᠬᠤ ᠪᠠᠷ ᠣᠴᠢᠵᠦ᠂ ᠣᠯᠣᠰ ᠲᠠᠭ ᠤᠨ ᠰᠣᠬᠤᠭ ᠣᠰᠣ ᠬᠡᠬᠦ ᠭᠠᠵᠠᠷ ᠲᠤ ᠬᠦᠷᠴᠦ ᠪᠠᠶᠢᠯᠳᠣᠭᠠᠳ ᠪᠣᠶᠢᠷᠤᠭ ᠬᠠᠨ ᠢᠯᠠᠭᠳᠠᠵᠦ ᠠᠯᠳᠠᠢ ᠠᠭᠤᠯᠨ ᠶᠢ ᠲᠠᠪᠠᠭᠠᠳ᠂ ᠬᠤᠮᠰᠢᠩᠬᠡᠷ ᠬᠡᠭᠴᠢ ᠭᠠᠵᠠᠷ ᠤᠨ ᠦᠷᠣᠩᠬᠦᠦ ᠭᠤᠣᠯ ᠣᠷᠣᠭᠤ ᠦᠯᠳᠡᠵᠦ ᠶᠠᠪᠣᠬᠤ ᠎ ᠳᠤ᠂ ᠨᠠᠢᠮᠠᠨ ᠤ ᠪᠣᠶᠢᠷᠤᠭ ᠬᠠᠨ ᠤ ᠲᠣᠣᠷ᠎ᠠ ᠶᠠᠪᠣᠭ᠎ᠠ ᠶᠠᠳᠢ ᠲᠣᠪᠯᠤᠭ ᠬᠡᠬᠦ ᠨᠡᠷ᠎ᠠ ᠲᠠᠢ ᠨᠣᠶᠠᠨ ᠬᠠᠷᠠᠭᠤᠯ ᠢᠶᠠᠷ ᠶᠠᠪᠣᠵᠦ ᠪᠠᠶᠢᠭᠠᠳ ᠪᠢᠠᠳᠠᠨ ᠤ ᠬᠠᠷᠠᠭᠤᠯ ᠤᠨ ᠴᠡᠷᠢᠭ ᠲᠤ ᠬᠦᠭᠡᠭᠡᠭᠳᠡᠭᠡᠳ᠂ ᠠᠭᠤᠯᠠᠨ ᠦᠭᠡᠳᠠ ᠲᠣᠳᠠᠭᠠᠵᠦ ᠶᠠᠪᠣᠳᠠᠯ᠎ᠠ ᠣᠯᠣᠩ ᠨᠢ ᠲᠠᠰᠣᠷᠠᠭᠠᠳ ᠮᠣᠷᠢᠨ ᠠᠴᠠ ᠪᠠᠨ ᠣᠨᠠᠵᠦ ᠪᠢᠳᠠᠨ ᠳᠤ ᠪᠠᠷᠢᠭᠳᠠᠪᠡ᠃ ᠮᠦᠨ ᠪᠣᠶᠢᠷᠤᠭ ᠬᠠᠨ ᠢ ᠴᠢᠨᠠᠭᠰᠢ ᠦᠷᠣᠩᠬᠦᠦ ᠭᠤᠣᠯ ᠣᠷᠣᠭᠤ ᠬᠦᠬᠡᠬᠡᠭᠰᠡᠭᠡᠷ ᠬᠢᠰᠢᠯᠪᠡᠰᠢ ᠨᠠᠭᠤᠷ ᠲᠤ ᠬᠦᠢᠴᠡᠵᠦ ᠪᠠᠷᠢᠭᠠᠳ᠂ ᠪᠣᠶᠢᠷᠤᠭ ᠬᠠᠨ ᠢ ᠲᠠᠨᠳᠠ ᠰᠦᠨᠣᠭᠡᠪᠡ︾ ᠬᠡᠵᠠᠢ᠃ ᠪᠢᠳᠠ ᠡᠳᠡᠭᠡᠷ ᠲᠡᠮᠳᠡᠭᠯᠡᠯ ᠢ ᠦᠨᠳᠣᠰᠣᠯᠡᠵᠦ᠂ ᠪᠣᠶᠢᠷᠤᠭ ᠬᠠᠨ ᠤ ᠢᠯᠠᠭᠳᠠᠨ ᠲᠣᠳᠠᠭᠠᠭᠰᠡᠨ ᠵᠠᠮ ᠮᠦᠷ ᠢ ᠮᠡᠳᠡᠵᠦ ᠪᠣᠯᠬᠤ ᠪᠠᠷ ᠦᠯᠣ ᠪᠠᠷᠠᠨ᠂ ᠪᠣᠶᠢᠷᠤᠭ ᠬᠠᠨ ᠠᠯᠳᠠᠢ ᠠᠭᠤᠯᠠᠨ ᠤ ᠭᠠᠵᠠᠷ ᠨᠣᠳᠣᠭᠰᠢᠵᠦ ᠪᠠᠶᠢᠭᠰᠡᠨ ᠢ ᠪᠠᠰᠨ ᠲᠣᠳᠣᠯᠠᠵᠦ ᠪᠣᠯᠣᠨ᠎ᠠ᠃       ᠡᠨᠡ ᠪᠣᠯ ᠲᠠᠷᠣᠢ ︽ᠰᠣᠳᠣᠷ ᠤᠨ ᠴᠣᠭᠯᠠᠭᠠᠨ︾᠎ ᠳᠤ ᠲᠣᠷᠠᠳᠣᠭᠰᠡᠨ ᠠᠭᠤᠯᠠᠷᠬᠠᠭ ᠣᠷᠣᠨ ᠳᠤ ᠰᠠᠭᠤᠵᠦ ᠪᠠᠶᠢᠭᠰᠡᠨ ᠨᠠᠢᠮᠠᠨ ᠠᠶᠢᠮᠠᠭ ᠤᠨ ᠨᠢᠭᠡ ᠪᠦᠯᠦᠭ ᠨᠢ ᠪᠣᠯᠣᠨ᠎ᠠ᠃ ᠨᠠᠢᠮᠠᠨ ᠠᠶᠢᠮᠠᠭ ᠤᠨ ᠨᠦᠬᠦᠭᠡ ᠨᠢᠭᠡ ᠪᠦᠯᠦᠭ ᠤᠨ ᠠᠮᠢᠳᠣᠷᠠᠵᠦ ᠪᠠᠶᠢᠭᠰᠡᠨ ᠨᠣᠳᠤᠭ ᠣᠰᠣᠨ ᠤ ᠲᠣᠬᠠᠢ ︽ᠮᠣᠩᠭᠤᠯ ᠤᠨ ᠨᠢᠭᠤᠴᠨ ᠲᠣᠪᠴᠢᠶᠠᠨ︾᠎ ᠳᠤ ᠪᠠᠰᠨ ᠡᠳᠣᠢ ᠲᠡᠳᠣᠢ ᠪᠠᠷᠢᠮᠳᠠ ᠶᠢ ᠬᠠᠨᠭ᠍ᠭᠠᠪᠡ᠃ 1204 ᠣᠨ ᠳᠤ ᠨᠠᠢᠮᠠᠨ ᠠᠶᠢᠮᠠᠭ ᠤᠨ ᠲᠠᠶᠠᠨ ᠬᠠᠨ ᠣᠷᠠᠡᠳ ᠭᠤᠣᠯ ᠤᠨ ᠵᠡᠬᠦᠨᠳᠠᠢ ᠨᠠᠬᠤ ᠬᠦᠨ ᠤ ᠪᠠᠶᠢᠯᠳᠣᠭᠠᠨ ᠳᠤ ᠪᠠᠷᠢᠭᠳᠠᠵᠦ᠂ ᠲᠡᠬᠦᠨ ᠤ ᠬᠦᠪᠡᠬᠦᠨ ᠬᠦᠴᠦᠯᠦᠩ᠂ ᠲᠠᠮᠢᠷ ᠭᠤᠣᠯ ᠵᠦᠭ ᠲᠣᠳᠠᠭᠠᠵᠦ᠂ 1205 ᠣᠨ ᠤ ᠬᠠᠪᠣᠷ ᠨᠠᠢᠮᠠᠨ ᠠᠶᠢᠮᠠᠭ ᠤᠨ ᠬᠦᠴᠣᠯᠦᠭ ᠬᠠᠨ ᠬᠢᠭᠡᠳ ᠮᠡᠷᠭᠡᠳ ᠠᠶᠢᠮᠠᠭ ᠤᠨ ᠲᠣᠭᠳᠤᠭ᠎ᠠ ᠪᠠᠬᠢ ᠬᠤᠶᠠᠷ ᠬᠠᠮᠳᠣᠷᠠᠵᠦ ᠡᠷᠴᠢᠰ ᠭᠤᠣᠯ ᠤᠨ ᠪᠣᠭᠳᠣᠷᠮ᠎ᠠ ᠶᠢᠨ ᠡᠬᠢᠨ ᠳᠤ ᠴᠡᠷᠢᠭ ᠮᠣᠷᠢ ᠪᠠᠨ ᠲᠡᠭᠰᠢᠯᠡᠨ ᠪᠡᠯᠡᠳᠭᠡᠵᠦ ᠪᠠᠶᠢᠵᠠᠢ᠃ ᠴᠢᠩᠬᠢᠰ ᠬᠠᠭᠠᠨ ᠬᠤᠯᠨ ᠠᠴᠠ ᠲᠠᠶᠢᠯᠠᠷ᠎ᠠ ᠢᠷᠡᠬᠦ ᠳᠤ ᠨᠠᠢᠮᠠᠨ ᠤ ᠬᠦᠴᠣᠯᠦᠭ ᠬᠠᠭᠠᠨ ᠨᠢ ᠮᠡᠷᠭᠡᠳ ᠠᠶᠢᠮᠠᠭ ᠤᠨ ᠲᠣᠭᠳᠤᠭ᠎ᠠ ᠪᠠᠬᠢ ᠲᠠᠢ ᠬᠠᠮᠳᠣᠷᠠᠨ ᠪᠠᠶᠢᠯᠳᠣᠭᠠᠳ ᠲᠡᠶᠢᠯᠦᠭᠳᠡᠵᠦ ᠲᠣᠳᠠᠭᠠᠨ ᠶᠠᠪᠣᠬᠤ ᠵᠠᠮ ᠳᠠᠭᠠᠨ ᠡᠷᠴᠢᠰ ᠭᠤᠣᠯ ᠢ ᠭᠠᠳᠣᠯᠠᠬᠤ ᠳᠤ ᠲᠡᠳᠡᠨ ᠤ ᠴᠡᠷᠢᠭ ᠤᠨ ᠬᠠᠭᠠᠰ ᠢᠯᠡᠬᠦᠦ ᠨᠢ ᠣᠰᠣᠨ ᠳᠤ ᠵᠢᠪᠪᠣᠵᠦ ᠦᠬᠦᠪᠡ᠃ ᠬᠦᠴᠦᠯᠦᠭ ᠬᠠᠨ ᠡᠷᠴᠢᠰ ᠭᠤᠣᠯ ᠢ ᠭᠠᠳᠣᠯᠣᠭᠠᠳ ᠣᠶᠢᠭᠤᠷᠳᠠᠢ ᠬᠠᠷᠯᠣᠰ ᠤᠳ ᠢ ᠲᠠᠭᠠᠷᠢᠵᠦ ᠰᠠᠷᠳᠠᠭᠤᠯ ᠤᠨ ᠭᠠᠵᠠᠷ ᠲᠠᠬᠢ ᠴᠦᠢ ᠮᠦᠷᠡᠨ ᠤ ᠣᠷᠣᠰᠬᠠᠯ ᠲᠠᠭᠠᠣ ᠪᠠᠶᠢᠬᠤ ᠬᠦᠷ ᠬᠠᠨ ᠲᠠᠢ ᠨᠡᠶᠢᠯᠡᠬᠦ ᠪᠠᠷ ᠣᠴᠢᠵᠠᠢ᠃        ᠲᠡᠭᠡᠷ᠎ᠠ ᠲᠣᠷᠠᠳᠣᠭᠰᠡᠨ ᠬᠦᠴᠦᠯᠦᠭ ᠬᠠᠨ ᠤ ᠢᠯᠬᠠᠳᠠᠭᠠᠳ ᠲᠣᠳᠠᠭᠠᠭᠰᠡᠨ ᠪᠠᠶᠢᠳᠠᠯ ᠪᠠ ᠶᠠᠪᠣᠭᠰᠡᠨ ᠵᠠᠮ ᠠᠴᠠ ᠨᠢ ᠦᠵᠡᠪᠡᠯ ᠡᠨᠡ ᠨᠢᠭᠡ ᠪᠦᠯᠦᠭ ᠨᠠᠶᠢᠮᠭᠴᠣᠳ ᠨᠢ ᠡᠷᠴᠢᠰ ᠭᠤᠣᠯ ᠤᠨ ᠲᠡᠭᠡᠷ᠎ᠠ ᠣᠷᠣᠰᠬᠠᠯ ᠲᠠᠭᠠᠣ ᠭᠠᠵᠠᠷ ᠢ ᠡᠵᠡᠯᠡᠨ ᠰᠠᠭᠤᠵᠦ ᠪᠠᠶᠢᠵᠠᠢ᠃ ᠡᠨᠡ ᠨᠢ ᠲᠠᠷᠣᠢ ︽ᠰᠣᠳᠣᠷ ᠤᠨ ᠴᠣᠭᠯᠠᠭᠠᠨ︾᠎ ᠳᠤ ᠲᠡᠮᠳᠡᠭᠯᠡᠭᠰᠡᠨ ᠦᠷᠭᠡᠨ ᠲᠠᠯ᠎ᠠ ᠳᠤ ᠨᠣᠳᠣᠭᠰᠢᠵᠦ ᠪᠠᠶᠢᠭᠰᠡᠨ ᠲᠡᠷᠡᠬᠦ‍ ᠨᠢᠭᠡ ᠪᠦᠯᠦᠭ ᠨᠠᠢᠮᠠᠨ ᠠᠶᠢᠮᠠᠭ ᠪᠣᠯᠣᠨ᠎ᠠ᠃ ᠲᠠᠬᠢᠨ ︽ᠮᠣᠩᠭᠤᠯ ᠤᠨ ᠨᠢᠭᠤᠴᠨ ᠲᠣᠪᠴᠢᠶᠠᠨ︾ ᠲᠡᠭᠡᠷ᠎ᠠ ᠲᠡᠮᠳᠡᠭᠯᠡᠭᠰᠡᠨ ᠲᠡᠯᠡᠭᠬᠦᠳ ᠪᠣᠯᠣᠨ ᠲᠦᠬᠦᠯᠡᠰ ︵207 ᠳ᠋ᠣᠭᠠᠷ ᠬᠡᠰᠡᠭ ᠲᠤ ᠦᠵᠨ︶᠎ ᠨᠢ ᠠᠯᠢ ᠭᠠᠵᠠᠷ ᠰᠠᠭᠤᠵᠦ ᠪᠠᠶᠢᠭᠰᠡᠨ ᠢ ᠲᠠᠬᠢᠨ ᠨᠠᠷᠢᠪᠴᠢᠯᠠᠬᠤ ᠳᠤ ︽ᠰᠣᠳᠣᠷ ᠤᠨ ᠴᠣᠭᠯᠠᠭᠠᠨ︾᠎ ᠢ ᠦᠨᠳᠣᠰᠣᠯᠡᠪᠡᠯ ᠡᠨᠡ ᠬᠤᠶᠠᠷ ᠠᠶᠢᠮᠠᠭ ᠢ ᠣᠢ ᠰᠢᠭᠤᠢ ᠳᠠᠬᠢ ᠠᠶᠢᠮᠠᠭ ᠬᠡᠵᠦ ᠨᠡᠷᠡᠶᠢᠳᠴᠦ ᠪᠠᠶᠢᠭᠰᠡᠨ ᠤ ᠭᠤᠣᠯ ᠣᠴᠢᠷ ᠨᠢ ᠲᠠᠷᠣᠢ ᠲᠠᠳᠠᠨᠠᠷ ᠪᠣᠯ ᠬᠢᠷᠬᠢᠰ ᠤᠨ ᠰᠠᠭᠤᠵᠦ ᠪᠠᠶᠢᠭᠰᠡᠨ ᠣᠢ ᠰᠢᠭᠤᠢ ᠳᠤ ᠨᠣᠳᠣᠭᠰᠢᠨ ᠠᠶᠢᠮᠠᠭ ᠬᠡᠵᠦ ᠨᠡᠷᠡᠶᠢᠳᠴᠦ ᠪᠠᠶᠢᠭᠰᠡᠨ ᠤ ᠭᠤᠣᠯ ᠣᠴᠢᠷ ᠨᠢ ᠲᠠᠷᠣᠢ ᠲᠠᠳᠠᠨᠠᠷ ᠪᠣᠯ ᠬᠢᠷᠬᠢᠰ ᠤᠨ ᠰᠠᠭᠤᠵᠦ ᠪᠠᠶᠢᠭᠰᠡᠨ ᠣᠢ ᠰᠢᠭᠤᠢ ᠳᠤ ᠨᠣᠳᠣᠭᠰᠢᠨ ᠠᠮᠢᠳᠣᠷᠠᠭᠰᠡᠨ ᠎ ᠠᠴᠠ ᠶᠤᠮ᠃ ︽ᠰᠢᠪᠧᠷᠢᠶ᠎ᠠ ᠶᠢᠨ ᠲᠡᠣᠭᠡ︾ ︵ᠰᠠᠨᠲ ᠫᠧᠲ᠋ᠧᠷᠪᠦ᠋ᠷᠡᠭ 1774︶᠎ ᠳᠤ ᠲᠠᠭᠠᠯᠳᠣᠭᠤᠯᠣᠭᠰᠡᠨ ᠰᠢᠪᠧᠷᠢᠶ᠎ᠠ ᠶᠢᠨ ᠡᠷᠳᠡᠨ ᠤ ᠭᠠᠵᠠᠷ ᠤᠨ ᠵᠢᠷᠤᠭ ᠎ ᠲᠤ ᠲᠠᠯᠡᠩᠬᠦᠳ ᠬᠦᠮᠣᠨ ᠨᠢ ᠣᠪᠢ ᠮᠦᠷᠡᠨ ᠤ ᠲᠡᠭᠡᠷ᠎ᠠ ᠣᠷᠣᠰᠬᠠᠯ ᠪᠠ ᠲᠡᠬᠦᠨ ᠤ ᠪᠠᠷᠠᠭᠤᠨ ᠡᠷᠬᠢ ᠳᠠᠬᠢ ᠰᠠᠯᠪᠣᠷᠢ ᠣᠷᠣᠰᠬᠠᠯ ᠪᠣᠯᠬᠤ ᠲᠣᠢ ᠶᠢᠨ ᠭᠤᠣᠯ ᠤᠨ ᠣᠷᠣᠰᠬᠠᠯ ᠲᠠᠭᠠᠣ ᠭᠠᠵᠠᠷ ᠰᠠᠭᠤᠵᠦ ᠪᠠᠶᠢᠪᠡ᠃ ᠲᠡᠭᠡᠷᠡᠬᠢ ᠮᠠᠲ᠋ᠧᠷᠢᠶᠠᠯ ᠢ ︽ᠮᠣᠩᠭᠤᠯ ᠤᠨ ᠨᠢᠭᠤᠴᠨ ᠲᠣᠪᠴᠢᠶᠠᠨ︾᠎ ᠠᠴᠠ ᠡᠰᠢ ᠲᠠᠳᠠᠪᠡᠯ ᠡᠨᠡ ᠬᠤᠶᠠᠷ ᠠᠶᠢᠮᠠᠭ ᠨᠢ ᠴᠦᠮ ᠪᠠᠭᠠᠷᠢᠨ ᠠᠶᠢᠮᠠᠭ ᠤᠨ ᠬᠤᠷᠴᠢ ᠳᠤ ᠬᠠᠷᠢᠶᠠᠯᠠᠭᠳᠠᠵᠦ ᠪᠠᠶᠢᠪᠡ᠃ ᠪᠢᠳᠠ ︽ᠶᠣᠸᠠᠨ ᠣᠯᠣᠰ ᠤᠨ ᠰᠣᠳᠣᠷ︾᠎ ᠠᠴᠠ ᠲᠦᠬᠦᠯᠡᠰ ᠠᠶᠢᠮᠠᠭ ᠨᠢ ᠪᠠᠭᠠᠷᠢᠨ ᠠᠶᠢᠮᠠᠭ ᠲᠤ ᠬᠠᠷᠢᠶᠠᠯᠠᠭᠳᠠᠵᠦ ᠪᠠᠶᠢᠯ᠎ᠠ ᠬᠡᠰᠡᠨ ᠢ ᠢᠯᠨ ᠲᠣᠳᠣ ᠮᠡᠳᠡᠪᠡ᠃ ︽ᠶᠣᠸᠠᠨ ᠣᠯᠣᠰ ᠤᠨ ᠰᠣᠳᠣᠷ︾᠎ ᠲᠤ ︽ᠪᠠᠶᠢᠷᠢᠨ ᠲᠦᠯᠣᠰ ᠤᠨ ᠬᠠᠮᠢᠶᠠᠷᠣᠯ ᠳᠠᠬᠢ ᠵᠢᠷᠭᠤᠭᠠᠨ ᠲᠦᠮᠨ ᠲᠠᠪᠣᠨ ᠮᠢᠩᠭᠠᠨ ᠡᠷᠣᠭᠡ ᠪᠠᠶᠢᠮᠣᠢ︾ ᠬᠡᠪᠡ᠃ ᠠᠳᠠ ᠶᠠᠷᠢᠵᠦ ᠪᠦᠬᠦᠢ ᠲᠦᠯᠣᠰ ᠬᠡᠳᠡᠭ ᠨᠢ ᠲᠠᠷᠣᠢ ︽ᠮᠣᠩᠭᠤᠯ ᠤᠨ ᠨᠢᠭᠤᠴᠨ ᠲᠣᠪᠴᠢᠶᠠᠨ︾᠎ ᠳᠤ ᠭᠠᠷᠳᠠᠭ ᠲᠦᠬᠦᠯᠡᠰ ᠪᠣᠯᠬᠤ ᠪᠦᠭᠡᠳ ᠶᠣᠸᠠᠨ ᠣᠯᠣᠰ ᠤᠨ ᠦᠶ᠎ᠠ ᠳᠤ ᠮᠦᠨ ᠴᠦ ᠪᠠᠭᠠᠷᠢᠨ ᠠᠶᠢᠮᠠᠭ ᠲᠤ ᠬᠠᠷᠢᠶᠠᠯᠠᠭᠳᠠᠵᠦ ᠪᠠᠶᠢᠪᠡ ᠃ ᠡᠬᠦᠨ ᠠᠴᠠ ᠦᠵᠡᠪᠡᠯ ᠪᠢᠳᠠ ᠬᠢᠷᠬᠢᠰ ᠠᠴᠠ ᠪᠠᠷᠠᠭᠤᠨᠰᠢ ᠡᠷᠴᠢᠰ ᠭᠤᠣᠯ ᠤᠨ ᠵᠡᠬᠦᠨᠰᠢ ᠨᠣᠳᠣᠭᠰᠢᠵᠦ ᠪᠠᠶᠢᠭᠰᠡᠨ ᠬᠡᠵᠦ ᠪᠠᠳᠣᠯᠠᠵᠦ ᠪᠣᠯᠬᠤ ᠶᠤᠮ᠃       ᠪᠢᠳᠠ ︽ᠰᠣᠳᠣᠷ ᠤᠨ ᠴᠣᠭᠯᠠᠭᠠᠨ︾ ᠪᠠ ︽ᠶᠣᠸᠠᠨ ᠣᠯᠣᠰ ᠤᠨ ᠰᠣᠳᠣᠷ︾᠎ ᠲᠤ ᠲᠡᠮᠳᠡᠭᠯᠡᠭᠰᠡᠨ ᠠᠴᠠ᠂ ᠬᠤᠷᠴᠢ ᠶᠢᠨ ᠬᠠᠷᠢᠶ᠎ᠠ ᠭᠠᠵᠠᠷ ᠲᠠᠬᠢ ᠪᠠᠭᠠᠷᠢᠨ ᠠᠶᠢᠮᠠᠭ ᠤᠨ ᠲᠣᠬᠠᠢ ᠶᠢᠨ ᠦᠶ᠎ᠠ ᠶᠢᠨ ᠰᠠᠭᠤᠵᠦ ᠪᠠᠶᠢᠭᠰᠡᠨ ᠭᠠᠵᠠᠷ ᠢ ᠮᠡᠳᠡᠵᠦ ᠪᠣᠯᠬᠤ ᠶᠤᠮ᠃ ︽ᠰᠣᠳᠣᠷ ᠤᠨ ᠴᠣᠭᠯᠠᠭᠠᠨ︾᠎ ᠳᠤ ︽᠁ ᠡᠷᠴᠢᠰ ᠭᠤᠣᠯ ᠲᠠᠭᠠᠣ ᠳᠠᠬᠢ ᠪᠠᠭᠠᠷᠢᠨ ᠤ ᠭᠠᠵᠠᠷ ᠬᠦᠷᠬᠦ ᠳᠤ ᠲᠠᠳᠠᠨᠠᠷ ᠴᠦᠮ ᠪᠠᠶᠢᠯᠳᠣᠬᠤ ᠪᠠᠷ ᠪᠡᠯᠡᠳᠭᠡᠵᠦ ᠶᠠᠭᠠᠷᠠᠯᠳᠣᠪᠠᠢ︾ ᠬᠡᠵᠠᠢ᠃ ︽ᠶᠣᠸᠠᠨ ᠣᠯᠣᠰ ᠤᠨ ᠰᠣᠳᠣᠷ︾᠎ ᠲᠤ ︽᠁ ᠳ᠋ᠠ ᠳ᠋ᠧ ᠶᠢᠨ ᠠᠩᠬ᠎ᠠ ᠣᠨ ᠳᠤ ︵1297︶ ᠡᠴᠢᠭᠡ ᠪᠠᠨ ᠵᠠᠯᠭᠠᠮᠵᠢᠯᠠᠨ ᠴᠡᠷᠢᠭ ᠲᠠᠶᠢᠴᠢᠯᠠᠨ ᠣᠮᠠᠷᠠᠰᠢ ᠲᠠᠶᠢᠯᠠᠵᠦ ᠶᠢᠨ ᠱᠠᠨ ᠠᠭᠤᠯᠨ ︵ᠠᠯᠳᠠᠢ ᠠᠭᠤᠯᠨ︶᠎ ᠶᠢ ᠲᠠᠪᠠᠵᠦ ᠪᠠᠭᠠᠷᠢᠨ ᠤ ᠪᠠᠶᠢᠭ᠎ᠠ ᠭᠠᠵᠠᠷ ᠢ ᠲᠣᠪᠳᠣᠯᠪᠡ᠃ ᠡᠬᠦᠨ ᠳᠤ ᠪᠠᠭᠠᠷᠢᠨ ᠠᠶᠢᠮᠠᠭ ᠤᠨ ᠡᠮᠣᠨᠡᠬᠦᠷ ᠮᠦᠷᠡᠨ ᠪᠠᠶᠢᠬᠤ ᠲᠣᠯᠨ ᠲᠡᠬᠦᠨ ᠤ ᠵᠠᠩᠵᠣᠨ ᠣᠰᠣᠨ ᠢᠶᠠᠷ ᠬᠤᠷᠢᠭᠯᠠᠨ ᠪᠠᠶᠢᠯᠳᠣᠪᠠᠢ ᠁︾ ᠬᠡᠵᠠᠢ᠃ ᠡᠬᠦᠨ ᠳᠤ ᠬᠡᠯᠡᠵᠦ ᠪᠠᠶᠢᠭ᠎ᠠ ︽ᠪᠠᠭᠠᠷᠢᠨ ᠤ ᠭᠠᠵᠠᠷ︾ ᠬᠡᠳᠡᠭ ᠨᠢ ᠲᠠᠷᠣᠢ ᠬᠤᠷᠴᠢ ᠶᠢᠨ ᠵᠠᠬᠢᠷᠴᠦ ᠪᠦᠬᠦᠢ ᠬᠠᠷᠢᠶᠠᠨ ᠤ ᠭᠠᠵᠠᠷ ᠢ ᠵᠢᠭᠠᠵᠦ ᠪᠠᠶᠢᠨ᠎ᠠ᠃ ᠪᠠᠭᠠᠷᠢᠨ ᠠᠶᠢᠮᠠᠭ ᠤᠨ ᠬᠤᠷᠴᠢ ᠨᠣᠶᠠᠨ ᠤ ᠲᠦᠮᠡᠨ ᠡᠷᠣᠭᠡ ᠶᠢᠨ ᠭᠤᠣᠯ ᠪᠦᠷᠢᠯᠳᠣᠬᠦᠨ ᠨᠢ ᠮᠦᠨ ᠲᠡᠬᠦᠨ ᠤ ᠦᠪᠡᠷᠣᠨ ᠰᠠᠭᠤᠵᠦ ᠪᠦᠬᠦᠢ ᠪᠠᠭᠠᠷᠢᠨ ᠠᠶᠢᠮᠠᠭ ᠤᠨ ᠭᠤᠷᠪᠡᠨ ᠮᠢᠩᠭᠠᠨ ᠡᠷᠣᠭᠡ ᠶᠤᠮ᠃ ᠶᠠᠭ ᠡᠶᠢᠮᠣ ᠣᠴᠢᠷ ᠠᠴᠠ ᠬᠤᠷᠴᠢ ᠎ ᠶᠢᠨ ᠬᠤᠪᠢᠶᠠᠵᠦ ᠣᠯᠣᠭᠰᠡᠨ ᠭᠠᠵᠠᠷ ᠢ ᠶᠣᠸᠠᠨ ᠣᠯᠣᠰ ᠤᠨ ᠦᠶ᠎ᠠ ᠳᠤ ︽ᠪᠠᠭᠠᠷᠢᠨ ᠤ ᠭᠠᠵᠠᠷ︾ ᠬᠡᠵᠦ ᠨᠡᠷᠡᠶᠢᠳᠴᠠᠢ᠃ ︽ᠮᠣᠩᠭᠤᠯ ᠤᠨ ᠨᠢᠭᠤᠴᠨ ᠲᠣᠪᠴᠢᠶᠠᠨ︾᠎ ᠳᠤ ᠴᠢᠨᠣᠰ ᠬᠡᠮᠡᠨ ᠲᠡᠮᠳᠡᠭᠯᠡᠵᠦ ᠪᠠᠶᠢᠬᠤ ᠨᠢ ᠮᠦᠨ ᠡᠨᠡᠬᠦ ︽ᠪᠠᠭᠠᠷᠢᠨ ᠤ ᠭᠠᠵᠠᠷ︾ ᠲᠣᠳᠣᠷ᠎ᠠ ᠪᠠᠭᠳᠠᠵᠦ ᠪᠦᠬᠦᠢ ᠬᠤᠷᠴᠢ ᠶᠢᠨ ᠬᠠᠷᠢᠶᠠᠳᠦ ᠪᠣᠯᠣᠨ᠎ᠠ᠃      ᠲᠡᠭᠡᠷ᠎ᠠ ᠶᠠᠷᠢᠭᠰᠡᠨ ᠨᠣᠳᠤᠭ ᠣᠰᠣᠨ ᠤ ᠪᠠᠶᠢᠳᠠᠯ ᠢ ᠪᠢᠳᠠ ᠪᠠᠭᠴᠠᠯᠡᠪᠡᠯ᠂ ᠬᠤᠷᠴᠢ ᠶᠢᠨ ᠵᠠᠬᠢᠷᠴᠦ ᠪᠠᠶᠢᠭᠰᠡᠨ ᠭᠠᠵᠠᠷ ᠣᠷᠣᠨ ᠪᠣᠯ ᠲᠠᠬᠠᠢ ᠶᠢᠨ ᠦᠶ᠎ᠠ ᠎ ᠶᠢᠨ ᠪᠠᠭᠠᠷᠢᠨ ᠠᠶᠢᠮᠠᠭ ᠤᠨ ᠨᠣᠳᠣᠭᠰᠢᠵᠦ ᠪᠠᠶᠢᠭᠰᠡᠨ ᠭᠠᠵᠠᠷ ᠮᠦᠨ᠃ ᠡᠨᠡ ᠨᠢ ᠲᠠᠷᠣᠢ ᠣᠳᠦ ᠶᠢᠨ ᠶᠧᠨᠢᠰᠸᠢ ᠮᠦᠷᠡᠨ ᠤ ᠪᠠᠷᠠᠭᠤᠨ ᠬᠤᠶᠢᠳᠦ ᠳᠤ ᠪᠠᠶᠢᠭ᠎ᠠ ᠡᠷᠴᠢᠰ ᠭᠤᠣᠯ ᠪᠣᠯᠣᠨ ᠣᠪᠢ ᠮᠦᠷᠡᠨ ᠤ ᠲᠡᠭᠡᠷ᠎ᠠ ᠣᠷᠣᠰᠬᠠᠯ ᠲᠠᠬᠢ ᠦᠷᠭᠡᠨ ᠠᠭᠤᠳᠠᠮ ᠨᠣᠳᠤᠭ ᠲᠡᠪᠢᠰᠭᠡᠷ ᠪᠣᠯᠣᠨ᠎ᠠ᠃ ᠨᠡᠶᠢᠳᠠ ᠶᠢᠨ ᠣᠨ ᠲᠣᠭᠠᠯᠠᠯ ᠤᠨ ᠠᠷᠪᠡᠨ ᠭᠤᠷᠪᠠᠳᠣᠭᠠᠷ ᠵᠠᠭᠤᠨ ᠤ ᠰᠠᠬᠦᠯᠴᠢ ᠪᠣᠯᠬᠤ ᠳᠤ ᠪᠠᠭᠠᠷᠢᠨ ᠠᠶᠢᠮᠠᠭ ᠤᠨ ᠬᠦᠮᠣᠰ ᠡᠨᠡ ᠭᠠᠵᠠᠷ ᠠᠴᠠ ᠨᠡᠬᠦᠳᠡᠯᠯᠡᠵᠦ ᠬᠠᠯᠬ᠎ᠠ ᠭᠤᠣᠯ ᠠᠴᠠ ᠵᠡᠬᠦᠨᠰᠢ ᠨᠣᠳᠣᠭᠰᠢᠭᠰᠡᠨ ᠪᠣᠯᠣᠯᠳᠠᠢ᠃
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ