ᠮᠠᠨ ᠤ ᠮᠡᠳᠡᠭᠡᠵᠢ ᠪᠠᠷ᠂ ᠣᠳᠦ ᠶᠢᠨ ᠪᠠᠭᠠᠷᠢᠨ ᠪᠠᠷᠠᠭᠤᠨ ᠬᠤᠰᠢᠭᠤᠨ ᠤ ᠨᠣᠳᠣᠭᠯᠠᠵᠦ ᠪᠠᠶᠢᠭ᠎ᠠ ᠭᠠᠵᠠᠷ ᠪᠣᠯ ᠲᠠᠶᠢᠴᠢᠩ ᠬᠦᠷᠣᠨ ᠤ ᠲᠡᠭᠷᠢ ᠶᠢᠨ ᠰᠡᠴᠡᠨ ᠤ | ᠨᠠᠢᠮᠠᠳᠣᠭᠠᠷ ᠣᠨ ︵1634 ᠣᠨ︶ ᠳᠤ ︽ᠮᠣᠩᠭᠤᠯ ᠤᠨ ᠮᠠᠯ ᠮᠠᠯᠵᠢᠬᠤ ᠨᠣᠳᠤᠭ ᠤᠨ ᠬᠢᠵᠠᠭᠠᠷ︾ ᠢ ᠵᠢᠷᠣᠭᠯᠠᠨ ᠲᠣᠭᠳᠭᠠᠬᠤ ᠦᠶ᠎ᠠ ᠳᠤ ᠲᠣᠭᠳᠠᠭᠠᠭᠰᠡᠨ | ᠨᠣᠳᠤᠭ ᠶᠤᠮ᠃ ᠲᠡᠭᠡᠪᠡᠯ ᠲᠣᠮᠳᠠᠳᠦ ᠣᠯᠣᠰ ᠤᠨ ᠲᠡᠣᠭᠡᠨ ᠲᠡᠭᠡᠷ᠎ᠠ ︽ᠮᠢᠩ ᠣᠯᠣᠰ ᠤᠨ ᠦᠶ᠎ᠠ ᠶᠢᠨ ᠮᠣᠩᠭᠤᠯ︾ ᠬᠡᠵᠦ ᠨᠡᠷᠡᠶᠢᠳᠴᠦ ᠪᠠᠶᠢᠭ᠎ᠠ ᠦᠶ᠎ᠠ ᠳᠤ᠂ | ᠪᠠᠭᠠᠷᠢᠨ ᠨᠣᠳᠤᠭ ᠨᠢ ᠬᠡᠯᠡᠯᠭᠡᠨ ᠦᠭᠡᠢ ᠣᠳᠦ ᠶᠢᠨ ᠡᠨᠡ ᠨᠣᠳᠤᠭ ᠲᠤ ᠨᠣᠳᠣᠭᠯᠠᠵᠦ ᠪᠠᠶᠢᠭᠰᠡᠨ ᠦᠭᠡᠢ ᠶᠤᠮ᠃ ᠡᠶᠢᠮᠣ ᠠᠴᠠ ᠪᠢᠳᠠ ᠪᠠᠭᠠᠷᠢᠨ ᠣᠳᠤᠭ ᠤᠨ | ᠲᠡᠷᠨ ᠦᠶ᠎ᠠ ᠶᠢᠨ ᠨᠣᠳᠤᠭ ᠣᠰᠣ ᠶᠢ ᠲᠣᠳᠣᠷᠬᠠᠶᠢᠯᠠᠶ᠎ᠠ ᠬᠡᠪᠡᠯ ᠡᠩ ᠲᠡᠷᠢᠬᠦᠨ ᠳᠤ ᠲᠡᠣᠭᠡᠨ ᠳᠠᠬᠢ ︽ᠲᠠᠪᠣᠨ ᠣᠳᠤᠭ ᠬᠠᠯᠬ᠎ᠠ︾ ᠶᠢᠨ ᠡᠬᠢ ᠡᠬᠦᠰᠣᠯ ᠢ | ᠲᠣᠳᠣᠷᠬᠠᠶᠢᠯᠠᠬᠤ ᠴᠢᠬᠤᠯᠠᠳᠠᠢ᠃ ᠣᠴᠢᠷ ᠨᠢ ᠪᠢᠳᠠᠨᠠᠷ ᠤᠨ ᠶᠠᠷᠢᠵᠦ ᠪᠦᠬᠦᠢ ᠪᠠᠭᠠᠷᠢᠨ ᠣᠳᠤᠭ ᠪᠣᠯ ᠲᠠᠷᠣᠢ ︽ᠲᠠᠪᠣᠨ ᠣᠳᠤᠭ ᠬᠠᠯᠬ᠎ᠠ︾ ᠶᠢᠨ ᠴᠢᠬᠤᠯᠨ | ᠪᠦᠷᠢᠯᠳᠣᠬᠦᠨ ᠬᠡᠰᠡᠭ ᠨᠢ ᠪᠣᠯᠣᠨ᠎ᠠ᠃ | ︽ᠲᠠᠪᠣᠨ ᠣᠳᠤᠭ ᠬᠠᠯᠬ᠎ᠠ︾ ᠬᠡᠳᠡᠭ ᠨᠢ ᠲᠠᠷᠣᠢ ᠮᠣᠩᠭᠤᠯ ᠤᠨ ᠲᠡᠣᠭᠡᠨ ᠲᠣᠯᠭᠤᠷ ᠪᠢᠴᠢᠭ ᠲᠡᠭᠡᠷ᠎ᠠ ᠠᠯᠢ ᠡᠷᠳᠠ ᠪᠢᠴᠢᠭᠳᠡᠭᠰᠡᠭᠡᠷ ᠢᠷᠡᠭᠰᠡᠨ ᠨᠡᠷᠡᠰ ᠶᠤᠮ᠃ | | ᠡᠷᠳᠡᠮ ᠰᠢᠨᠵᠢᠯᠡᠭᠡᠨ ᠤ ᠬᠢᠨ ᠠᠯᠢ ᠡᠷᠳᠠ ᠠᠴᠠ ︽ᠲᠠᠪᠣᠨ ᠣᠳᠤᠭ ᠬᠠᠯᠬ᠎ᠠ︾ ᠶᠢᠨ ᠪᠦᠷᠢᠯᠳᠣᠬᠦᠨ ᠤ ᠲᠣᠬᠠᠢ ᠰᠣᠳᠣᠯᠣᠯ ᠢ ᠠᠩᠬᠠᠷᠣᠯ ᠳᠠᠭᠠᠨ | ᠠᠪᠣᠭᠰᠠᠭᠠᠷ ᠢᠷᠡᠭᠰᠡᠨ ᠶᠤᠮ᠃ ᠮᠣᠩᠭᠤᠯ ᠪᠢᠴᠢᠭ ᠲᠤ ᠨᠡᠪᠳᠡᠷᠡᠭᠰᠡᠨ ᠵᠦᠪᠯᠡᠯᠳᠦ ᠬᠤᠯᠪᠣᠭᠠᠳᠦ ᠣᠯᠣᠰ ᠤᠨ ᠠᠯᠳᠠᠷᠳᠦ ᠮᠣᠩᠭᠤᠯᠴᠢ ᠡᠷᠳᠡᠮᠳᠡᠨ ᠪᠡ᠊᠂ ᠶ᠊᠂ | ᠸᠯᠠᠳᠢᠮᠢᠷᠣᠽᠣᠸ᠋᠂ ᠮᠣᠩᠭᠤᠯ ᠤᠨ ︽ᠡᠷᠳᠠᠨᠢ ᠲᠣᠪᠴᠢ︾ ︵ᠬᠢᠳᠠᠳ ᠣᠷᠴᠢᠭᠤᠯᠭ᠎ᠠ︶ ᠶᠢ ᠦᠨᠳᠣᠰᠣᠯᠡᠵᠦ ︽ᠲᠠᠪᠣᠨ ᠣᠳᠤᠭ ᠬᠠᠯᠬ᠎ᠠ︾ ᠶᠢᠨ ᠪᠦᠷᠢᠯᠳᠣᠬᠦᠨ ᠤ | ᠲᠠᠶᠢᠯᠪᠣᠷᠢᠯᠠᠬᠤ ᠪᠠᠷ ᠣᠷᠣᠯᠳᠣᠪᠡ᠃ ᠲᠠᠷᠠᠭ᠎ᠠ ᠨᠢ ᠶᠠᠫᠣᠨ ᠣᠯᠣᠰ ᠤᠨ ᠳ᠋ᠣᠺᠲ᠋ᠣᠷ ᠸᠠᠳᠠ ᠺᠢᠶᠣᠰᠢ ᠮᠦᠨ ᠡᠨᠡ ᠠᠰᠠᠭᠤᠳᠠᠯ ᠤᠨ ᠲᠣᠬᠠᠢ ᠲᠠᠶᠢᠯᠪᠣᠷᠢ ᠬᠢᠵᠦ | ᠦᠡᠭᠭᠡᠷᠡᠪᠡ᠃ ᠬᠡᠪᠡᠴᠦ ᠲᠠᠳᠠᠨᠠᠷ ᠪᠦᠷ ︽ᠲᠠᠪᠣᠨ ᠣᠳᠤᠭ ᠬᠠᠯᠬ᠎ᠠ︾ ᠶᠢᠨ ᠪᠦᠷᠢᠯᠳᠣᠬᠦᠨ ᠢ ᠲᠣᠳᠣᠷᠬᠠᠶᠢᠯᠠᠵᠦ ᠴᠢᠳᠠᠭᠰᠡᠨ ᠦᠭᠡᠢ ᠪᠢᠯᠨ᠃ ᠡᠨᠡ ᠬᠤᠶᠠᠷ | ᠠᠯᠳᠠᠷᠳᠦ ᠡᠷᠳᠡᠮᠳᠡᠨ ᠠᠴᠠ ᠲᠠᠷᠠᠭ᠎ᠠ᠂ ᠡᠨᠡᠬᠦ ᠠᠰᠠᠭᠤᠳᠠᠯ ᠳᠤ ᠨᠡᠯᠢᠶᠡᠳ ᠲᠠᠪᠰᠢᠯᠳᠠ ᠦᠵᠡᠬᠦᠯᠥᠭᠰᠡᠨ ᠡᠷᠳᠡᠮᠳᠡᠨ ᠪᠣᠯ ᠠᠮᠧᠷᠢᠺᠠ ᠣᠯᠣᠰ ᠤᠨ ᠰᠧᠷᠷᠦ᠋ᠰ ᠠᠪᠣᠭᠠᠢ | ᠪᠣᠯᠣᠨ᠎ᠠ᠃ ᠲᠡᠷᠨ ᠠᠷᠪᠡᠨ ᠨᠠᠢᠮᠠᠳᠣᠭᠠᠷ ᠵᠠᠭᠤᠨ ᠤ ᠮᠣᠩᠭᠤᠯ ᠤᠨ ᠪᠠᠭᠠᠷᠢᠨ ᠲᠡᠣᠭᠡᠴᠢᠨ ᠷᠠᠰᠫᠤᠩᠰᠤᠭ ᠤᠨ ᠵᠣᠬᠢᠶᠠᠭᠰᠡᠨ ︽ᠪᠣᠯᠣᠷ ᠡᠷᠢᠭᠡ︾ ᠶᠢ ᠦᠨᠳᠣᠰᠣᠯᠡᠨ | ︽ᠲᠠᠪᠣᠨ ᠣᠳᠤᠭ ᠬᠠᠯᠬ᠎ᠠ︾ ᠶᠢᠨ ᠨᠡᠷᠡᠶᠢᠳᠣᠯ ᠢ ᠵᠦᠪ ᠶᠠᠷᠢᠵᠠᠢ᠃ ᠡᠨᠡ ᠨᠢ ᠲᠠᠷᠣᠢ ᠮᠣᠩᠭᠤᠯ ᠡᠷᠳᠡᠮ ᠰᠢᠨᠵᠢᠯᠡᠭᠡᠨ ᠳᠠᠬᠢ ᠴᠢᠬᠤᠯᠠᠴᠢᠯᠠᠭᠤᠰᠢᠳᠠᠢ ᠡᠬᠢᠯᠡᠯᠳᠠ | ᠪᠣᠯᠬᠤ ᠨᠢ ᠲᠠᠮᠵᠢᠭ ᠦᠭᠡᠢ᠃ ᠣᠴᠢᠷ ᠨᠢ ᠰᠧᠷᠷᠦ᠋ᠰ ᠠᠴᠠ ᠡᠮᠣᠨ᠎ᠠ ︽ᠲᠠᠪᠣᠨ ᠣᠳᠤᠭ ᠬᠠᠯᠬ᠎ᠠ︾ ᠶᠢᠨ ᠨᠡᠷᠡᠶᠢᠳᠣᠯ ᠢ ᠲᠣᠳᠣᠷᠬᠠᠢ ᠵᠢᠭᠠᠵᠦ ᠭᠠᠷᠭᠠᠭᠰᠡᠨ | ᠬᠦᠮᠣᠨ ᠪᠠᠷᠤᠭ ᠦᠭᠡᠢ ᠪᠠᠶᠢᠯ᠎ᠠ᠃ ᠰᠧᠷᠷᠦ᠋ᠰ ᠠᠪᠣᠭᠠᠢ ᠬᠡᠯᠡᠯᠭᠡᠨ ᠦᠭᠡᠢ ᠮᠣᠩᠭᠤᠯ ᠲᠣᠯᠭᠤᠷ ᠪᠢᠴᠢᠭ ᠢ ᠠᠰᠢᠭᠯᠠᠵᠦ ︽ᠲᠠᠪᠣᠨ ᠣᠳᠤᠭ ᠬᠠᠯᠬ᠎ᠠ︾ ᠶᠢᠨ | ᠨᠡᠷᠡᠶᠢᠳᠣᠯ ᠢ ᠵᠢᠭᠠᠵᠦ ᠭᠠᠷᠭᠠᠭᠰᠡᠨ ᠶᠠᠪᠣᠳᠠᠯ ᠨᠢ ᠬᠦᠮᠣᠰ ᠤᠨ ᠦᠡᠭᠭᠡᠷᠡᠭᠰᠡᠨ ᠤ ᠰᠣᠳᠣᠯᠣᠯ ᠲᠠᠢ ᠠᠳᠠᠯᠢᠳᠬᠠᠪᠡᠯ᠂ ᠰᠢᠪᠳᠣᠯᠣᠯᠳᠠ ᠶᠢᠨ ᠴᠢᠨᠠᠷᠳᠠᠢ ᠢᠯᠠᠯᠳᠠ | ᠬᠡᠵᠦ ᠬᠡᠯᠡᠵᠦ ᠪᠣᠯᠬᠤ ᠪᠣᠯᠪᠠᠴᠦ ᠮᠢᠨᠦ ᠦᠵᠡᠬᠦ ᠪᠠᠷ ᠰᠧᠷᠷᠦ᠋ᠰ ᠠᠪᠣᠭᠠᠢ ᠰᠣᠳᠣᠯᠣᠯᠳᠠ ᠶᠢᠨ ᠦᠷ᠎ᠠ ᠳ᠋ᠦᠡᠭ ᠨᠢ ᠲᠡᠣᠭᠡᠨ ᠮᠠᠲ᠋ᠧᠷᠢᠶᠠᠯ ᠤᠨ ᠡᠬᠢ ᠰᠣᠷᠪᠣᠯᠵᠢ ᠶᠢᠨ | ᠠᠰᠠᠭᠤᠳᠠᠯ ᠲᠡᠭᠡᠷ᠎ᠠ ᠮᠦᠨ ᠴᠦ ᠬᠦᠢᠴᠡᠳ ᠦᠭᠡᠢ ᠲᠠᠯ᠎ᠠ ᠪᠠᠶᠢᠭᠰᠠᠭᠠᠷ ᠶᠤᠮ᠃ | ᠮᠣᠩᠭᠤᠯᠴᠢ ᠡᠷᠳᠡᠮᠳᠡᠨ ᠤ ᠪᠢᠴᠢᠭᠰᠡᠨ ᠲᠡᠣᠭᠡ ᠰᠣᠳᠣᠷ ᠤᠨ ᠲᠣᠳᠣᠷ᠎ᠠ ︽ᠪᠣᠯᠣᠷ ᠡᠷᠢᠭᠡ︾ ᠳᠤ ᠯᠨ ︽ᠲᠠᠪᠣᠨ ᠣᠳᠤᠭ ᠬᠠᠯᠬ᠎ᠠ︾ ᠶᠢᠨ ᠨᠡᠷᠡᠶᠢᠳᠣᠯ ᠢ | ᠬᠠᠮᠤᠭ ᠡᠷᠳᠠ ᠲᠣᠭᠠᠴᠢᠨ ᠲᠣᠷᠠᠳᠣᠭᠰᠡᠨ ᠪᠢᠰᠢ ᠶᠤᠮ᠃ ᠡᠳᠣᠭᠡ ᠪᠣᠯᠳᠠᠯ᠎ᠠ ᠪᠢᠳᠠᠨ ᠳᠤ ᠮᠡᠳᠡᠭᠳᠡᠭᠰᠡᠨ ᠮᠣᠩᠭᠤᠯ ᠰᠣᠷᠪᠣᠯᠵᠢ ᠪᠢᠴᠢᠭ ᠤᠨ ᠲᠣᠳᠣᠷ᠎ᠠ ︽ᠲᠠᠪᠣᠨ | ᠣᠳᠤᠭ ᠬᠠᠯᠬ᠎ᠠ︾ ᠶᠢᠨ ᠪᠦᠷᠢᠯᠳᠣᠬᠦᠨ ᠤ ᠨᠢᠭᠡ ᠪᠣᠯᠬᠤ ᠵᠠᠷᠣᠳ ᠠᠶᠢᠮᠠᠭ ᠤᠨ ᠲᠡᠭᠡᠳᠦ ᠯᠠᠮᠠ ᠬᠦᠣᠰᠢ ᠶᠢᠨ ᠪᠢᠴᠢᠭᠰᠡᠨ ︽ᠠᠯᠳᠠᠨ ᠬᠦᠷᠳᠣᠨ ᠮᠢᠩᠭᠠᠨ | ᠬᠡᠬᠡᠰᠣᠳᠦ︾ ︵1739︶ ᠪᠣᠯᠪᠠᠴᠦ ᠬᠠᠷᠢᠨᠴᠦ ︽ᠲᠠᠪᠣᠨ ᠣᠳᠤᠭ ᠬᠠᠯᠬ᠎ᠠ︾ ᠶᠢᠨ ᠲᠣᠬᠠᠢ ᠬᠠᠮᠤᠭ ᠡᠷᠳᠠ ᠲᠣᠳᠣᠯᠠᠨ ᠵᠢᠭᠠᠭᠰᠡᠨ ᠵᠣᠬᠢᠶᠠᠯ ᠪᠣᠯᠣᠨ᠎ᠠ᠃ | ᠬᠠᠷᠢᠨ ︽ᠪᠣᠯᠣᠷ ᠡᠷᠢᠭᠡ︾ ᠨᠢ ︽ᠠᠯᠳᠠᠨ ᠬᠦᠷᠳᠣᠨ ᠮᠢᠩᠭᠠᠨ ᠬᠡᠬᠡᠰᠣᠳᠦ︾ ᠶᠢ ᠦᠨᠳᠣᠰᠣᠯᠡᠨ ᠲᠡᠬᠦᠨ ᠠᠴᠠ ᠬᠠᠭᠤᠯᠪᠣᠷᠢᠯᠠᠨ ᠲᠠᠪᠣᠨ ᠣᠳᠤᠭ ᠬᠠᠯᠬ᠎ᠠ ᠶᠢᠨ | ᠨᠡᠷᠡᠰ ᠢ ᠲᠣᠳᠣᠯᠠᠨ ᠲᠣᠷᠠᠳᠣᠭᠰᠡᠨ ᠵᠣᠬᠢᠶᠠᠯ ᠪᠣᠶᠦ᠃ ︽ᠠᠯᠳᠠᠨ ᠬᠦᠷᠳᠣᠨ ᠮᠢᠩᠭᠠᠨ ᠬᠡᠬᠡᠰᠣᠳᠦ︾ ᠤᠨ ᠲᠡᠮᠳᠡᠭᠯᠡᠯ ᠢ ᠦᠨᠳᠣᠰᠣᠯᠡᠪᠡᠯ᠂ ᠲᠠᠪᠣᠨ ᠣᠳᠤᠭ | ᠬᠠᠯᠬ᠎ᠠ ᠬᠡᠮᠡᠭᠴᠢ ᠢᠨᠣ᠄ ᠪᠠᠭᠠᠷᠢᠨ᠂ ᠵᠠᠷᠣᠳ᠂ ᠪᠠᠶᠠᠣᠳ᠂ ᠬᠤᠨᠭ᠍ᠬᠢᠷᠠᠳ᠂ ᠦᠵᠢᠶᠡᠳ ᠲᠠᠪᠤ ᠪᠣᠯᠣᠮᠣᠢ᠃ ᠡᠬᠦᠨ ᠠᠴᠠ ᠦᠵᠡᠬᠦ ᠳᠤ ᠪᠠᠭᠠᠷᠢᠨ ᠣᠳᠤᠭ ᠬᠡᠵᠦ | ᠮᠠᠨ ᠤ ᠬᠡᠯᠡᠳᠡᠭ ᠨᠢ ᠲᠠᠷᠣᠢ ᠲᠠᠪᠣᠨ ᠣᠳᠤᠭ ᠬᠠᠯᠬ᠎ᠠ ᠶᠢᠨ ᠪᠦᠷᠢᠯᠳᠣᠬᠦᠨ ᠬᠡᠳᠡᠭ ᠢ ᠮᠡᠳᠡᠵᠦ ᠪᠣᠯᠬᠤ ᠶᠤᠮ ᠲᠡᠭᠡᠪᠡᠺ ᠬᠠᠯᠬ᠎ᠠ ᠲᠠᠪᠣᠨ ᠣᠳᠤᠭ ᠢ ᠬᠡᠷᠬᠢᠨ | ᠬᠤᠪᠢᠶᠠᠬᠤ ᠪᠠ ᠲᠡᠬᠦᠨ ᠤ ᠣᠭ ᠢᠷᠡᠯ ᠨᠢ ᠶᠠᠭᠤ ᠬᠡᠭᠴᠢ ᠶᠢ ᠣᠶᠢᠯᠠᠭᠴᠢᠬᠠᠪᠡᠯ ᠪᠢᠳᠠ ᠲᠠᠪᠣᠨ ᠣᠳᠤᠭ ᠬᠠᠯᠬ᠎ᠠ ᠶᠢᠨ ᠨᠢᠭᠡ ᠪᠦᠷᠢᠯᠳᠣᠬᠦᠨ ᠪᠣᠯᠬᠤ ᠪᠠᠭᠠᠷᠢᠨ | ᠣᠳᠤᠭ ᠤᠨ ᠪᠠᠶᠢᠳᠠᠯ ᠢ ᠣᠶᠢᠯᠠᠭᠠᠬᠤ ᠳᠤ ᠲᠡᠮᠡᠢ ᠬᠦᠴᠢᠷ ᠦᠭᠡᠢ ᠶᠤᠮ᠃ | ᠮᠢᠩ ᠣᠯᠣᠰ ᠤᠨ ᠦᠶ᠎ᠠ ᠶᠢᠨ ᠮᠣᠩᠭᠤᠯ ᠬᠢᠳᠠᠳ ᠲᠣᠯᠭᠤᠷ ᠪᠢᠴᠢᠭ ᠲᠤ ︽ᠬᠠᠯᠬ᠎ᠠ︾ ᠬᠡᠵᠦ ᠪᠠᠶᠢᠳᠠᠭ ᠨᠢ ᠮᠣᠩᠭᠤᠯ ᠢ ᠲᠠᠬᠢᠨ ᠮᠠᠨᠳᠣᠭᠤᠯᠣᠭᠰᠡᠨ | ᠲᠠᠶᠠᠨ ᠬᠠᠭᠠᠨ ︵1479-1517 ᠣᠨ ᠬᠦᠷᠳᠡᠯ᠎ᠠ ᠰᠠᠭᠤᠷᠢᠨ ᠳᠤ ᠰᠠᠭᠤᠵᠦ ᠪᠠᠶᠢᠪᠡ︶ ᠤ ᠦᠶ᠎ᠠ ᠳᠠᠬᠢ ᠮᠣᠩᠭᠤᠯ ᠤᠨ ᠵᠢᠷᠭᠤᠭᠠᠨ ᠲᠦᠮᠡᠨ ᠡᠷᠣᠭᠡ ᠶᠢᠨ ᠨᠢᠭᠡ | ᠪᠣᠯᠬᠤ᠂ ᠲᠠᠶᠠᠨ ᠬᠠᠭᠠᠨ ᠤ ᠬᠦᠪᠡᠬᠦᠨ ᠠᠯᠴᠦ ᠪᠣᠯᠣᠳ ᠪᠠ ᠬᠡᠷᠡᠰᠡᠨᠵᠨ ᠬᠤᠶᠠᠷ ᠤᠨ ᠡᠵᠡᠯᠡᠨ ᠪᠠᠶᠢᠭᠰᠡᠨ ᠠᠶᠢᠮᠠᠭ ᠪᠣᠯᠣᠨ᠎ᠠ᠃ ᠬᠤᠶᠢᠨ᠎ᠠ ᠠᠯᠴᠦ ᠪᠣᠯᠣᠳ᠂ | ᠭᠤᠪᠢ ᠶᠢᠨ ᠦᠪᠣᠷ ᠲᠤ ᠨᠡᠬᠦᠳᠡᠯᠯᠡᠨ ᠢᠷᠡᠭᠰᠡᠨ ᠠᠴᠠ ᠠᠷᠦ᠂ ᠦᠪᠣᠷ ᠬᠠᠯᠬ᠎ᠠ ᠬᠡᠮᠡᠭᠳᠡᠬᠦ ᠪᠣᠯᠵᠦ᠂ ︽ᠡᠷᠳᠠᠨᠢ ᠶᠢᠨ ᠲᠣᠪᠴᠢ︾ ᠳᠤ ︽ᠠᠷᠪᠡᠨ ᠬᠤᠶᠠᠷ ᠬᠠᠯᠬ᠎ᠠ | ︾ ᠬᠡᠮᠡᠬᠦ ᠨᠡᠷ᠎ᠠ ᠡᠬᠦᠰᠴᠠᠢ᠃ ︽ᠠᠷᠪᠡᠨ ᠬᠤᠶᠠᠷ ᠬᠠᠯᠬ᠎ᠠ︾ ᠬᠡᠳᠡᠭ ᠨᠢ ᠬᠠᠯᠬ᠎ᠠ ᠲᠦᠮᠡᠨ ᠶᠠᠪᠣᠭᠠᠨ ᠳᠠᠭᠠᠨ ᠦᠪᠣᠷ ᠲᠠᠪᠣᠨ ᠣᠳᠤᠭ ᠪᠠ ᠠᠷᠦ ᠲᠣᠯᠣᠭᠠᠨ | ᠣᠳᠤᠭ ᠬᠠᠯᠬ᠎ᠠ ᠪᠣᠯᠣᠭᠰᠡᠨ ᠢ ᠦᠨᠳᠣᠰᠣᠯᠡᠨ ᠰᠠᠭᠠᠡᠭ ᠰᠡᠴᠡᠨ ᠤ ᠲᠣᠮᠢᠶᠠᠯᠠᠨ ᠦᠬᠦᠯᠡᠭᠰᠡᠨ ᠵᠣᠶᠢᠯ ᠪᠣᠯᠬᠤ ᠠᠴᠠ ᠪᠢᠰᠢ ᠬᠠᠷᠢᠨ ᠬᠠᠯᠬ᠎ᠠ ᠲᠦᠮᠡᠨ ᠠᠩᠬ᠎ᠠ | ᠲᠣᠭᠳᠠᠩᠭᠤᠳᠠ ᠪᠠᠨ ᠠᠷᠪᠡᠨ ᠬᠤᠶᠠᠷ ᠣᠳᠤᠭ ᠪᠠᠶᠢᠭᠰᠡᠨ ᠪᠢᠰᠢ ᠶᠤᠮ᠃ ᠲᠡᠭᠡᠪᠡᠯ ᠡᠨᠡᠬᠦ ︽ᠠᠷᠪᠡᠨ ᠬᠤᠶᠠᠷ ᠣᠳᠤᠭ ᠬᠠᠯᠬ᠎ᠠ︾ ᠨᠢ ᠴᠣᠬᠤᠮ ᠬᠡᠵᠢᠶ᠎ᠠ ᠬᠡᠷᠬᠢᠨ | ᠪᠦᠷᠢᠯᠳᠦᠭᠰᠡᠨ ᠪᠠ ᠰᠡᠬᠦᠯᠡᠷ ᠪᠠᠰᠨ ᠬᠡᠷᠬᠢᠨ ︽ᠲᠠᠪᠣᠨ ᠣᠳᠤᠭ︾ ᠪᠠ ︽ᠲᠣᠯᠣᠭᠠᠨ ᠣᠳᠤᠭ︾ ᠪᠣᠯᠵᠦ ᠬᠤᠪᠢᠶᠠᠭᠳᠠᠭᠰᠡᠨ ᠢ ᠮᠣᠩᠭᠤᠯᠴᠢ ᠲᠡᠣᠭᠡᠴᠢᠳ ᠣᠳᠦ | ᠪᠣᠯᠳᠠᠯ᠎ᠠ ᠲᠣᠳᠣᠯᠠᠨ ᠦᠬᠦᠯᠡᠵᠦ ᠡᠰᠨ ᠴᠢᠳᠠᠵᠣᠬᠤᠢ᠃ ᠵᠦᠪᠬᠡᠨ ᠦᠪᠡᠷ ᠦᠪᠡᠷ ᠤᠨ ᠦᠵᠡᠯᠳᠠ ᠪᠠᠨ ᠪᠠᠷᠢᠮᠳᠠᠯᠠᠭᠰᠠᠭᠠᠷ ᠪᠠᠶᠢᠨ᠎ᠠ᠃ ᠬᠡᠳᠡᠯ᠎ᠠ ᠪᠢᠳᠠ ᠮᠣᠩᠭᠤᠯ | ᠲᠣᠯᠭᠤᠷ ᠪᠢᠴᠢᠭ ᠠᠴᠠ ᠲᠡᠬᠦᠨ ᠤ ᠴᠠᠭ ᠦᠶ᠎ᠠ ᠶᠢ ᠶᠡᠭᠡ ᠲᠦᠯᠣᠪ ᠮᠡᠳᠡᠵᠦ ᠪᠣᠯᠬᠤ ᠶᠤᠮ᠃ ︽ᠠᠯᠳᠠᠨ ᠬᠦᠷᠳᠣᠨ ᠮᠢᠩᠭᠠᠨ ᠬᠡᠬᠡᠰᠣᠳᠦ︾ ᠳᠤ ᠲᠡᠮᠳᠡᠭᠯᠡᠵᠦ | ᠪᠠᠶᠢᠭ᠎ᠠ ᠶᠢ ᠦᠨᠳᠣᠰᠣᠯᠡᠪᠡᠯ᠂ ᠲᠠᠶᠠᠨ ᠬᠠᠭᠠᠨ ᠤ ᠲᠠᠪᠣᠳᠣᠭᠠᠷ ᠠᠯᠴᠦ ᠪᠣᠯᠣᠳ ᠠᠷᠪᠡᠨ ᠬᠤᠶᠠᠷ ᠬᠦᠷᠢᠶᠡᠨ ᠤ ᠬᠠᠯᠬ᠎ᠠ ᠠᠴᠠ ᠰᠠᠯᠣᠨ᠂ ᠭᠤᠪᠢ ᠶᠢᠨ ᠦᠪᠣᠷ ᠲᠤ | ᠢᠷᠡᠵᠦ ᠵᠠᠷᠣᠳ᠂ ᠪᠠᠭᠠᠷᠢᠨ᠂ ᠬᠤᠨᠭ᠍ᠬᠢᠷᠠᠳ᠂ ᠪᠠᠶᠣᠳ᠂ ᠦᠵᠢᠶᠡᠳ ᠵᠡᠷᠭᠡ ︽ᠬᠠᠯᠬ᠎ᠠ ᠲᠠᠪᠣᠨ ᠣᠳᠤᠭ︾ ᠢ ᠡᠵᠡᠯᠡᠨ ᠰᠠᠭᠤᠵᠠᠢ᠃ ︽ᠪᠣᠯᠣᠷ ᠡᠷᠢᠭᠡ︾ ᠪᠠ | ᠵᠢᠴᠢ ᠲᠡᠬᠦᠨ ᠤ ᠰᠡᠬᠦᠯᠡᠷ ᠪᠢᠴᠢᠭᠳᠡᠭᠰᠡᠨ ᠮᠣᠩᠭᠤᠯ ᠲᠣᠯᠭᠤᠷ ᠪᠢᠴᠢᠭ ᠲᠤ ᠴᠦᠮ ᠲᠡᠭᠡᠷᠡᠬᠢ ᠦᠵᠡᠯᠳᠠ ᠶᠢ ᠨᠢᠭᠡᠳᠴᠦ ᠪᠠᠶᠢᠨ᠎ᠠ᠃ ᠡᠬᠦᠨ ᠠᠴᠠ ᠦᠵᠡᠬᠦ ᠳᠤ᠂ | ᠲᠠᠶᠠᠨ ᠬᠠᠭᠠᠨ ᠤ ᠦᠶ᠎ᠠ᠂ ᠦᠭᠡᠷ᠎ᠠ ᠪᠠᠷ ᠬᠡᠯᠡᠪᠡᠯ 15 ᠳ᠋ᠣᠭᠠᠷ ᠵᠠᠨ ᠤ ᠰᠡᠬᠦᠯᠴᠢ ᠠᠴᠠ 16 — 17 ᠳ᠋ᠣᠭᠠᠷ ᠵᠠᠭᠤᠨ ᠤ ᠡᠬᠢᠨ ᠤ ᠦᠶ᠎ᠠ ᠳᠤ ︽ᠪᠠᠷᠠᠭᠤᠨ | ᠭᠠᠷᠣᠨ ᠭᠤᠷᠪᠡᠨ ᠲᠦᠮᠡᠨ ᠡᠷᠣᠭᠡ︾ ᠶᠢᠨ ᠨᠢᠭᠡ ᠪᠣᠯᠬᠤ ᠬᠠᠯᠬ᠎ᠠ ᠨᠢ ᠨᠢᠭᠡᠨᠳᠠ ︽ᠠᠷᠪᠡᠨ ᠬᠤᠶᠠᠷ ᠬᠦᠷᠢᠶ᠎ᠠ︾ ᠲᠠᠢ ᠪᠣᠯᠣᠭᠰᠡᠨ ᠪᠠᠶᠢᠪᠡ᠃ ᠡᠨᠡ ᠨᠢ ᠲᠠᠷᠣᠢ ︽ | ᠠᠷᠪᠡᠨ ᠬᠤᠶᠠᠷ ᠣᠳᠤᠭ︾ ᠮᠦᠨ᠃ | ᠰᠡᠬᠦᠯᠡᠷ ᠨᠢ ᠡᠨᠡᠬᠦ ︽ᠠᠷᠪᠡᠨ ᠬᠤᠶᠠᠷ ᠬᠦᠷᠢᠶᠡᠨ︾ ᠤ ᠣᠳᠤᠭ ᠨᠢ ᠬᠤᠪᠢᠷᠠᠯᠳᠠ ᠭᠠᠷᠴᠦ᠂ ᠲᠠᠶᠠᠨ ᠬᠠᠭᠠᠨ ᠤ ᠬᠤᠶᠢᠴᠢᠰ ᠠᠯᠴᠦ ᠪᠣᠯᠣᠳ ᠤᠨ | ᠬᠦᠪᠡᠬᠦᠨ ᠬᠤᠷᠠᠭᠴᠢ ᠬᠠᠰᠡᠷ ᠤᠨ ᠲᠠᠪᠣᠨ ᠬᠦᠪᠡᠬᠦᠨ ᠲᠣᠰᠪᠣᠷᠢ ᠨᠢᠭᠡ ᠬᠦᠷᠢᠶ᠎ᠠ ᠪᠣᠯᠵᠠᠢ᠃ ᠡᠨᠡᠬᠦ ᠲᠠᠪᠣᠨ ᠬᠦᠷᠢᠶ᠎ᠠ ᠨᠢ ᠲᠠᠷᠣᠢ ︽ᠦᠪᠣᠷ ᠲᠠᠪᠣᠨ ᠣᠳᠤᠭ | ᠬᠠᠯᠬ᠎ᠠ︾ ᠪᠣᠯᠣᠨ ᠪᠦᠷᠢᠯᠳᠣᠵᠠᠢ᠃ ᠨᠦᠬᠦᠭᠡ ︽ᠲᠣᠯᠣᠭᠠᠨ ᠬᠦᠷᠢᠶ᠎ᠠ︾ ᠨᠢ ᠲᠠᠶᠠᠨ ᠬᠠᠭᠠᠨ ᠤ ᠣᠳᠬᠤᠨ ᠬᠦᠪᠡᠬᠦᠨ ᠬᠡᠷᠡᠰᠡᠨᠵᠨ ᠶᠢᠨ ᠲᠣᠯᠣᠭᠠᠨ ᠬᠦᠪᠡᠬᠦᠨ | ᠳᠤ ᠬᠠᠷᠢᠶᠠᠯᠠᠭᠳᠠᠪᠡ᠃ | ᠬᠠᠯᠬ᠎ᠠ ᠶᠢᠨ ᠲᠠᠶᠢᠵᠢ ᠵᠠᠮᠪᠡ ︵ᠱᠠᠮᠪᠠ ᠵᠠᠰᠠᠭ︶ ᠶᠢᠨ ᠵᠣᠬᠢᠶᠠᠭᠰᠡᠨ ︽ᠠᠰᠠᠷᠠᠭᠴᠢ ᠨᠡᠷᠡᠳᠦ ᠶᠢᠨ ᠲᠡᠣᠭᠡ︾ ︵1667︶ ᠶᠢ ᠦᠨᠳᠣᠰᠣᠯᠡᠪᠡᠯ | ᠬᠡᠷᠡᠰᠡᠨᠵᠨ ᠨᠢ ᠬᠠᠷᠠᠭᠴᠢᠨ ᠲᠠᠬᠢᠶ᠎ᠠ ᠵᠢᠯ ︵1513︶ ᠲᠦᠷᠣᠵᠦ᠂ ᠰᠢᠷ᠎ᠠ ᠪᠡᠴᠢᠨ ᠵᠢᠯ ︵1548︶ ᠳᠤ ᠨᠠᠰᠣ ᠪᠠᠷᠠᠵᠠᠢ᠃ ᠡᠬᠦᠨ ᠠᠴᠠ ᠦᠵᠡᠬᠦ ᠳᠤ ︽ | ᠲᠣᠯᠣᠭᠠᠨ ᠣᠳᠤᠭ ᠬᠠᠯᠬ᠎ᠠ︾ ᠪᠠ ︽ᠲᠠᠪᠣᠨ ᠣᠳᠤᠭ ᠬᠠᠯᠬ᠎ᠠ︾ ᠨᠢ ᠶᠡᠭᠡ ᠲᠦᠯᠣᠪ ᠡᠨᠡ ᠬᠤᠭᠤᠴᠠᠭᠠᠨ ᠳᠤ ᠪᠦᠷᠢᠯᠳᠦᠭᠰᠡᠨ ᠪᠠᠶᠢᠨ᠎ᠠ᠃ | ᠮᠠᠨ ᠤ ᠬᠡᠯᠡᠳᠡᠭ ᠬᠤᠷᠠᠭᠴᠢ ᠬᠠᠰᠡᠷ ᠤᠨ ᠲᠠᠪᠣᠨ ᠬᠦᠪᠡᠬᠦᠨ ᠨᠢ ᠲᠠᠷᠣᠢ᠄ ᠣᠣᠭᠠᠨ ᠬᠦᠪᠡᠬᠦᠨ ᠣᠪᠠᠰᠢ ᠣᠶᠢᠵᠠᠩ ︵ᠵᠠᠷᠣᠳ ᠣᠳᠤᠭ ᠢ ᠡᠵᠡᠯᠡᠵᠠᠢ︶᠂ | ᠲᠡᠳ᠋ ᠬᠦᠪᠡᠬᠦᠨ ᠰᠣᠪᠣᠬᠠᠢ ᠲᠠᠷᠬᠠᠨ ︵ᠪᠠᠭᠠᠷᠢᠨ ᠣᠳᠤᠭ ᠢ ᠡᠵᠡᠯᠡᠵᠠᠢ︶᠂ ᠭᠤᠳᠠᠭᠠᠷ ᠬᠦᠪᠡᠬᠦᠨ ᠣᠪᠠᠨ ᠪᠣᠶᠢᠮᠣ ︵ᠬᠤᠨᠭ᠍ᠬᠢᠷᠠᠳ ᠣᠳᠤᠭ ᠢ ᠡᠵᠡᠯᠡᠵᠠᠢ︶᠂ | ᠲᠦᠳᠣᠭᠡᠷ ᠬᠦᠪᠡᠬᠦᠨ ᠲᠣᠭᠰᠢᠨ ᠰᠣᠨᠢᠨ ᠲᠠᠶᠢᠴᠢᠩ ︵ᠪᠠᠶᠣᠳ ᠣᠳᠤᠭ ᠢ ᠡᠵᠡᠯᠡᠵᠠᠢ︶᠂ ᠲᠠᠪᠣᠳᠣᠭᠠᠷ ᠬᠦᠪᠡᠬᠦᠨ ᠱᠣᠳᠬᠠᠨ ᠵᠣᠷᠢᠭᠳᠦ ︵ᠦᠵᠡᠶᠡᠳ ᠣᠳᠤᠭ ᠢ | ᠡᠵᠡᠯᠡᠵᠠᠢ︶ ᠪᠣᠯᠣᠨ᠎ᠠ᠃ ᠲᠡᠭᠡᠷ᠎ᠠ ᠲᠣᠷᠠᠳᠣᠭᠰᠡᠨ ︽ᠬᠠᠯᠬ᠎ᠠ︾ ᠬᠡᠭᠴᠢ ᠨᠡᠷ᠎ᠠ ᠨᠢ ᠠᠶᠢᠮᠠᠭ ᠪᠦᠯᠦᠭ ᠤᠨ ᠨᠡᠷᠡᠶᠢᠳᠣᠯ ᠪᠣᠯᠵᠦ ᠬᠤᠴᠣᠷᠣᠭᠰᠡᠨ ᠨᠢ ᠲᠠᠷᠣᠢ ᠲᠠᠶᠠᠨ | ᠬᠠᠭᠠᠨ ᠤ ᠦᠶ᠎ᠠ ᠳᠤ ᠭᠠᠷᠣᠭᠰᠡᠨ ᠶᠠᠪᠣᠳᠠᠯ ᠪᠢᠯᠨ᠃ | ᠬᠡᠪᠡᠴᠦ ︽ᠬᠠᠯᠬ᠎ᠠ︾ ᠬᠡᠳᠡᠭ ᠦᠭᠡ ᠨᠢ ᠠᠯᠢ ᠡᠷᠳᠠ ︽ᠮᠣᠩᠭᠤᠯ ᠤᠨ ᠨᠢᠭᠤᠴᠨ ᠲᠣᠪᠴᠢᠶᠠᠨ︾ ᠳᠤ ᠪᠢᠴᠢᠭᠳᠡᠭᠰᠡᠨ ᠠᠴᠠ ᠨᠠᠰᠢ ᠪᠢᠴᠢᠭ ᠰᠣᠳᠣᠷ ᠲᠤ | ᠠᠯᠢ ᠣᠯᠠᠨ ᠬᠠᠷᠠᠭᠳᠠᠳᠠᠭ ᠪᠠᠶᠢᠪᠡ᠃ ︽ᠨᠢᠭᠤᠴᠨ ᠲᠣᠪᠴᠢᠶᠠᠨ︾ ᠳᠤ ᠭᠠᠷᠳᠠᠭ ᠲᠡᠷᠡᠬᠦ ︽ᠬᠠᠯᠬ᠎ᠠ ᠭᠤᠣᠯ︾ ᠬᠡᠳᠡᠭ ᠨᠢ ᠲᠠᠷᠣᠢ ᠪᠣᠶᠢᠷ ᠨᠠᠭᠤᠷ ᠲᠤ | ᠴᠢᠳᠬᠤᠵᠦ ᠪᠠᠶᠢᠬᠤ ᠲᠡᠷᠨ ᠭᠤᠣᠯ ᠢ ᠵᠢᠭᠠᠵᠦ ᠪᠠᠶᠢᠬᠤ ᠶᠤᠮ᠃ | ᠶᠠᠫᠣᠨ ᠣᠯᠣᠰ ᠤᠨ ᠳ᠋ᠣᠺᠲ᠋ᠣᠷ ᠸᠠᠳᠠ ᠺᠢᠶᠣᠰᠢ ᠠᠪᠣᠭᠠᠢ ︽ᠠᠷᠪᠡᠨ ᠬᠤᠶᠠᠷ ᠣᠳᠤᠭ ᠬᠠᠯᠬ᠎ᠠ︾ ᠶᠢᠨ ᠨᠣᠳᠣᠭᠰᠢᠯ ᠢ ᠡᠬᠦᠨ ᠢᠶᠠᠷ ᠦᠨᠳᠣᠰᠣᠯᠡᠨ | ᠶᠠᠷᠢᠵᠠᠢ᠃ ᠲᠡᠬᠦᠨ ᠤ ᠦᠵᠡᠬᠦ ᠪᠠᠷ ︽ᠠᠷᠪᠡᠨ ᠬᠤᠶᠠᠷ ᠣᠳᠤᠭ ᠬᠠᠯᠬ᠎ᠠ︾ ᠶᠢᠨ ᠲᠣᠳᠣᠷ᠎ᠠ ᠠᠷᠦ ᠮᠣᠩᠭᠤᠯ ᠳᠤ ᠪᠠᠶᠢᠬᠤ ᠲᠣᠯᠣᠭᠠᠨ ᠣᠳᠤᠭ ᠪᠣᠯ ᠡᠨᠡᠬᠦ ᠭᠤᠣᠯ | ᠤᠨ ᠪᠠᠷᠠᠭᠤᠨ᠎ᠠ ᠬᠡᠷᠣᠯᠣᠨ ᠭᠤᠣᠯ ᠤᠨ ᠣᠷᠣᠰᠬᠠᠯ ᠲᠠᠭᠠᠣ ᠭᠠᠵᠠᠷ ᠲᠤ ᠬᠦᠭᠵᠢᠨ ᠮᠠᠨᠳᠣᠵᠦ᠂ ᠦᠪᠣᠷ ᠮᠣᠩᠭᠤᠯ ᠳᠤ ᠪᠠᠶᠢᠭ᠎ᠠ ᠲᠠᠪᠣᠨ ᠣᠳᠣᠭᠹ ᠨᠢ ᠡᠨᠡᠬᠦ ᠭᠤᠣᠯ | ᠠᠴᠠ ᠵᠡᠬᠦᠨᠰᠢ ᠬᠢᠨᠭ᠍ᠭᠠᠨ ᠲᠠᠪᠠᠭ᠎ᠠ ᠶᠢ ᠰᠣᠨᠳᠠᠯᠠᠭᠰᠡᠨ ᠦᠷᠭᠡᠨ ᠠᠭᠤᠳᠠᠮ ᠨᠣᠳᠤᠭ ᠲᠡᠪᠢᠰᠭᠡᠷ ᠲᠤ ᠠᠵᠦ ᠲᠦᠷᠣᠨ ᠬᠦᠭᠵᠢᠨ ᠮᠠᠨᠳᠣᠭᠰᠡᠨ ᠪᠣᠯᠬᠤᠷ ᠡᠳᠡᠭᠡᠷ | ᠠᠶᠢᠮᠠᠭ ᠪᠦᠯᠦᠭ ᠤᠨ ᠨᠡᠷᠡᠶᠢᠳᠣᠯ ᠨᠢ ᠲᠠᠷᠣᠢ ᠠᠳᠠᠯᠢ ᠨᠡᠷ᠎ᠠ ᠲᠠᠢ ᠭᠤᠣᠯ ᠣᠷᠣᠰᠬᠠᠯ ᠠᠴᠠ ᠢᠷᠡᠭᠰᠡᠨ ᠬᠡᠳᠡᠭ ᠢ ᠲᠦᠰᠣᠪᠯᠡᠵᠦ ᠪᠣᠯᠬᠤ ᠶᠤᠮ᠃ | ︽ᠮᠣᠩᠭᠤᠯ ᠤᠨ ᠨᠡᠬᠦᠳᠡᠯ ᠮᠠᠯᠵᠢᠯ ᠤᠨ ᠲᠡᠮᠳᠡᠭᠯᠡᠯ︾ ᠳᠤ ᠬᠠᠯᠬ᠎ᠠ ᠶᠢᠨ ᠲᠣᠳᠣᠭᠠᠳᠦ ᠭᠠᠳᠠᠭᠠᠳᠦ ᠵᠠᠰᠠᠭ ᠢ ᠴᠦᠮ ᠠᠷᠦ ᠮᠣᠩᠭᠤᠯ ᠳᠤ ᠣᠷᠣᠭᠤᠯᠣᠨ | ᠲᠡᠮᠳᠡᠭᠯᠡᠵᠠᠢ᠃ ᠡᠨᠡᠬᠦ ᠬᠡᠯᠡᠵᠦ ᠪᠠᠶᠢᠭ᠎ᠠ ᠠᠷᠦ ᠮᠣᠩᠭᠤᠯ ᠬᠡᠳᠡᠭ ᠨᠢ ᠲᠠᠷᠣᠢ ᠬᠢᠨᠭ᠍ᠭᠠᠨ ᠲᠠᠪᠠᠭᠠᠨ ᠤ ᠠᠷᠦ ᠲᠠᠯ᠎ᠠ ᠶᠢ ᠡᠵᠡᠯᠡᠨ ᠰᠠᠭᠤᠵᠦ ᠪᠦᠬᠦᠢ ᠡᠳᠣᠭᠡ ᠶᠢᠨ | ᠬᠦᠯᠣᠨ ᠪᠣᠶᠢᠷ ᠶᠢᠨ ᠭᠠᠵᠠᠷ ᠲᠠᠬᠢ ᠠᠶᠢᠮᠠᠭ ᠪᠦᠯᠦᠭ ᠢ ᠵᠢᠭᠠᠵᠦ ᠪᠠᠶᠢᠨ᠎ᠠ᠃ ᠡᠬᠦᠨ ᠠᠴᠠ ᠪᠢᠳᠠ ᠬᠠᠯᠬ᠎ᠠ ᠣᠳᠤᠭ ᠤᠨ ᠣᠣᠯ ᠤᠨ ᠨᠣᠳᠤᠭ ᠢ ᠰᠡᠳᠬᠢᠨ ᠮᠡᠳᠡᠵᠦ | ᠪᠣᠯᠣᠨ᠎ᠠ ︵︽ᠵᠡᠬᠦᠨ ᠠᠽᠢᠶ᠎ᠠ ᠶᠢᠨ ᠲᠡᠣᠭᠡ ᠰᠣᠳᠣᠯᠣᠯ — ᠮᠣᠩᠭᠤᠯ ᠤᠨ ᠬᠡᠰᠡᠭ︾ ᠲᠤ ᠦᠵᠨ︶᠃ ᠸᠠᠳᠠ ᠺᠢᠶᠣᠰᠢ ᠳ᠋ᠣᠺᠲ᠋ᠣᠷ ᠠᠴᠠ ︽ᠠᠷᠪᠡᠨ ᠬᠤᠶᠠᠷ | ᠣᠳᠤᠭ ᠬᠠᠯᠬ᠎ᠠ︾ ᠶᠢᠨ ᠣᠭ ᠨᠣᠳᠣᠭᠰᠢᠯ ᠪᠣᠯ ᠬᠠᠯᠬ᠎ᠠ ᠭᠤᠣᠯ ᠤᠨ ᠣᠷᠣᠰᠬᠠᠯ ᠲᠠᠭᠠᠣ ᠣᠷᠣᠨ ᠮᠦᠨ ᠬᠡᠳᠡᠭ ᠢ ᠶᠠᠷᠢᠶᠠᠨ ᠦᠭᠡᠢ ᠵᠦᠪ ᠶᠤᠮ᠃ ᠡᠨᠡ ᠪᠣᠯ | ᠮᠢᠩ ᠣᠯᠣᠰ ᠤᠨ ᠦᠶ᠎ᠠ ᠶᠢᠨ ᠣᠴᠢᠷ ᠬᠡᠵᠦ ᠦᠵᠡᠵᠦ ᠪᠠᠶᠢᠯ᠎ᠠ᠃ | ᠡᠨᠡ ᠨᠢ ᠶᠠᠭ ᠳ᠋ᠣᠺᠲ᠋ᠣᠷ ᠸᠠᠳᠠ ᠺᠢᠶᠣᠰᠢ ᠠᠪᠣᠭᠠᠢ ᠶᠢᠨ ᠲᠣᠷᠠᠳᠣᠭᠰᠡᠨ ᠮᠠᠳᠦ᠂ ᠬᠠᠯᠬ᠎ᠠ ᠶᠢᠨ ᠣᠯᠠᠨ ᠣᠳᠤᠭ ᠨᠢ ᠨᠢᠭᠡ ᠦᠶ᠎ᠠ ᠬᠠᠯᠬ᠎ᠠ ᠭᠤᠣᠯ ᠤᠨ | ᠣᠷᠣᠰᠬᠠᠯ ᠲᠠᠭᠠᠣ ᠨᠣᠳᠣᠭᠰᠢᠵᠦ ᠪᠠᠶᠢᠭᠰᠡᠨ ᠶᠤᠮ᠂ ᠡᠶᠢᠮᠣ ᠠᠴᠠ ᠪᠠᠭᠠᠷᠢᠨ ᠣᠳᠤᠭ ᠨᠢ ᠴᠦ ᠲᠡᠳᠡᠭᠡᠷ ᠣᠯᠠᠨ ᠣᠳᠤᠭ ᠤᠨ ᠲᠣᠳᠣᠷ᠎ᠠ ᠪᠠᠶᠢᠭᠰᠡᠨ ᠨᠢ ᠲᠠᠮᠵᠢᠭ | ᠦᠭᠡᠢ᠃ | ᠶᠣᠸᠠᠨ ᠣᠯᠣᠰ ᠤᠨ ᠦᠶ᠎ᠠ ᠳᠤ ᠪᠠᠭᠠᠷᠢᠨ ᠨᠢ ᠬᠠᠯᠬ᠎ᠠ ᠳᠤ ᠬᠠᠷᠢᠶᠠᠯᠠᠭᠳᠠᠬᠤ ᠦᠭᠡᠢ ᠪᠠᠶᠢᠵᠠᠢ᠃ ᠬᠠᠷᠢᠨ ︽ᠪᠠᠭᠠᠷᠢᠨ ᠤ ᠲᠦᠮᠡᠨ ᠡᠷᠣᠭᠡ︾ ᠬᠡᠵᠦ | ᠨᠡᠷᠡᠶᠢᠳᠦᠭᠳᠡᠵᠦ ᠪᠠᠶᠢᠵᠠᠢ᠃ ᠴᠢᠩᠬᠢᠰ ᠬᠠᠭᠠᠨ ᠤ ᠦᠶ᠎ᠠ ᠶᠢᠨ ᠪᠠᠭᠠᠷᠢᠨ ᠤ ᠨᠣᠳᠣᠭᠰᠢᠵᠦ ᠪᠠᠶᠢᠭᠰᠡᠨ ᠣᠷᠣᠨ ᠪᠣᠯ ᠡᠷᠴᠢᠰ ᠭᠤᠣᠯ ᠤᠨ ᠲᠡᠭᠡᠷ᠎ᠠ ᠣᠷᠣᠰᠬᠠᠯ ᠲᠠᠭᠠᠣ | ᠂ ᠵᠡᠬᠦᠨᠰᠢ ᠠᠯᠳᠠᠢ ᠠᠭᠤᠯᠨ ᠠᠴᠠ ᠬᠡᠳᠣᠷᠡᠬᠦ ᠦᠭᠡᠢ ᠪᠠᠶᠢᠵᠦ᠂ ᠡᠷᠴᠢᠰ ᠭᠤᠣᠯ ᠲᠠᠭᠠᠣ ᠶᠢᠨ ᠬᠢᠷᠬᠢᠰ ᠤᠨ ᠣᠯᠠᠨ ᠠᠶᠢᠮᠠᠭ ᠤᠨ ᠬᠡᠪᠴᠢᠶᠡᠨ ᠳᠤ ᠪᠠᠭᠳᠠᠵᠦ ᠪᠠᠶᠢᠯ᠎ᠠ | ᠬᠡᠳᠡᠭ ᠢ ᠲᠡᠭᠡᠷ᠎ᠠ ᠨᠢᠭᠡᠨᠳᠠ ᠲᠣᠷᠠᠳᠣᠭᠰᠡᠨ ᠪᠢᠯᠨ᠃ ᠲᠡᠭᠡᠪᠡᠯ ᠪᠠᠭᠠᠷᠢᠨᠴᠣᠳ ᠨᠢ ᠠᠯᠢ ᠦᠶ᠎ᠠ ᠳᠤ ᠠᠯᠳᠠᠢ ᠠᠭᠤᠯᠨ ᠶᠢ ᠲᠠᠪᠠᠵᠦ ᠬᠠᠯᠬ᠎ᠠ ᠭᠤᠣᠯ ᠤᠨ ᠣᠷᠣᠰᠬᠠᠯ | ᠲᠠᠭᠠᠣ ᠣᠷᠣᠨ ᠳᠤ ᠢᠷᠡᠵᠦ᠂ ᠲᠠᠷᠠᠭ᠎ᠠ ᠨᠢ ᠪᠠᠰᠨ ︽ᠦᠪᠣᠷ ᠲᠡᠪᠣᠨ ᠣᠳᠤᠭ ᠬᠠᠯᠬ᠎ᠠ︾ ᠶᠢᠨ ᠨᠢᠭᠡ ᠪᠣᠯᠵᠦ ᠬᠤᠪᠢᠷᠠᠭᠰᠡᠨ ᠲᠣᠬᠠᠢ ᠮᠣᠩᠭᠤᠯ ᠲᠣᠯᠭᠤᠷ ᠪᠢᠴᠢᠭ | ᠲᠤ ᠬᠡᠳᠣᠶᠢᠪᠡᠷ ᠲᠣᠳᠣᠷᠬᠠᠢ ᠲᠣᠷᠠᠳᠣᠭᠰᠡᠨ ᠦᠭᠡᠢ ᠪᠣᠯᠪᠠᠴᠦ ᠡᠨᠡᠬᠦ ᠠᠰᠠᠭᠤᠳᠠᠯ ᠢ ᠰᠢᠨᠵᠢᠯᠡᠨ ᠲᠣᠳᠣᠯᠠᠬᠤ ᠳᠤ ᠠᠷᠪᠡᠨ ᠭᠤᠷᠪᠠᠳᠣᠭᠠᠷ ᠵᠠᠭᠤᠨ ᠤ ᠰᠡᠬᠦᠯᠴᠢ᠂ | ᠠᠷᠪᠡᠨ ᠲᠦᠷᠪᠡᠳᠣᠭᠡᠷ ᠵᠠᠭᠤᠨ ᠤ ᠡᠬᠢᠨ ᠤ ᠦᠶ᠎ᠠ ᠳᠤ ᠬᠢᠷᠬᠢᠰᠴᠣᠳ ᠤᠨ ᠵᠡᠬᠦᠨ ᠡᠮᠣᠨᠠᠰᠢ ᠨᠡᠬᠦᠳᠡᠯᠯᠡᠭᠰᠡᠨ ᠶᠠᠪᠣᠳᠠᠯ ᠨᠢ ᠨᠢᠭᠡ ᠴᠢᠬᠤᠯᠨ ᠰᠦᠪᠡᠭᠴᠢ ᠪᠣᠯᠬᠤ ᠶᠤᠮ | ᠃ | ᠬᠢᠷᠬᠢᠰᠴᠣᠳ ᠤᠨ ᠵᠡᠬᠦᠨ ᠡᠮᠣᠨᠠᠰᠢ ᠨᠡᠬᠦᠳᠡᠯᠯᠡᠭᠰᠡᠨ ᠶᠠᠪᠣᠳᠠᠯ ᠢ ᠬᠡ ᠴᠢᠦ ᠲᠣᠣ᠂ ᠯᠢ ᠸᠧᠨ ᠲᠢᠶᠠᠨ᠂ ᠬᠠᠨ ᠿᠣ᠋ ᠯᠢᠨ ᠨᠠᠷ ᠤᠨ ᠰᠣᠳᠣᠯᠣᠯ ᠳᠤ | ᠨᠢᠭᠡᠨᠳᠠ ᠲᠣᠷᠠᠳᠴᠠᠢ᠃ ᠬᠠᠨ ᠿᠣ᠋ ᠯᠢᠨ ᠠᠪᠣᠭᠠᠢ ᠶᠢᠨ ᠰᠣᠳᠣᠯᠣᠭᠰᠡᠨ ᠢ ᠦᠨᠳᠣᠰᠣᠯᠡᠪᠡᠯ᠂ ᠪᠠᠷᠤᠭ ᠠᠷᠪᠡᠨ ᠭᠤᠷᠪᠠᠳᠣᠭᠠᠷ ᠵᠠᠭᠤᠨ ᠤ ᠰᠡᠬᠦᠯᠴᠢ ᠪᠠᠷ ᠴᠦᠭᠡᠨ | ᠪᠣᠰᠣ ᠬᠢᠷᠬᠢᠰᠴᠣᠳ ᠨᠢ ᠲᠣᠷᠣᠨ᠎ᠠ ᠵᠦᠭ ᠲᠤ ᠨᠡᠬᠦᠳᠡᠯᠯᠡᠨ ᠢᠷᠡᠪᠡ᠃ ᠵᠢᠱᠢᠶᠡᠯᠡᠪᠡᠯ᠄ ᠲᠠᠶᠢᠴᠢᠩ ᠶᠣᠩᠰᠣᠨ ᠨᠣᠶᠠᠨ ᠤ ᠣᠷᠪᠠᠯᠭᠠᠨ ᠢ ᠲᠠᠷᠣᠩᠭᠤᠶᠢᠯᠠᠭᠰᠡᠨ ᠤ | ᠬᠤᠶᠢᠨ᠎ᠠ᠂ ᠬᠤᠪᠢᠯᠠᠢ ᠬᠠᠭᠠᠨ ᠵᠠᠷᠯᠢᠭ ᠪᠠᠭᠤᠯᠭᠠᠵᠦ ᠨᠠᠶᠠᠨ ᠤ ᠬᠠᠭᠤᠴᠢᠨ ᠨᠣᠳᠤᠭ ᠠᠴᠠ ︵ᠬᠢᠨᠭ᠍ᠭᠠᠨ ᠲᠠᠪᠠᠭᠠᠨ ᠠᠴᠠ ᠵᠡᠬᠦᠨᠰᠢ᠂ ᠰᠣᠩᠭᠠᠷᠠᠢ ᠮᠦᠷᠡᠨ ᠤ ᠲᠡᠭᠡᠷ᠎ᠠ | ᠣᠷᠣᠰᠬᠠᠯ ᠲᠠᠭᠠᠣ ᠭᠠᠵᠠᠷ︶ ᠴᠦᠭᠡᠨ ᠪᠣᠰᠣ ᠬᠢᠷᠬᠢᠰᠴᠣᠳ ᠢ ᠨᠡᠬᠦᠯᠭᠡᠪᠡ᠃ ᠲᠠᠳᠠᠨᠠᠷ ᠤᠨ ᠣᠯᠠᠩᠬᠢ ᠨᠢ ︽ᠣᠢ ᠶᠢᠨ ᠢᠷᠭᠡᠳ︾ ᠶᠤᠮ᠃ ᠬᠡᠪᠡᠴᠦ ᠪᠠᠭᠠᠷᠢᠨ | ᠣᠳᠤᠭ ᠲᠠᠳᠠᠨᠠᠷ ᠤᠨ ᠲᠣᠳᠣᠷ᠎ᠠ ᠪᠠᠶᠢᠨ᠎ᠠ ᠬᠡᠰᠡᠨ ᠪᠣᠳᠠᠳᠦ ᠬᠠᠷᠬᠠᠨ ᠣᠯᠳᠠᠭᠰᠡᠨ ᠦᠭᠡᠢ ᠴᠦ ᠬᠢᠷᠬᠢᠰᠴᠣᠳ ᠤᠨ ᠣᠯᠠᠨ ᠠᠶᠢᠮᠠᠭ ᠪᠦᠯᠦᠭ ᠤᠨ ᠵᠡᠬᠦᠨᠰᠢ | ᠨᠡᠬᠦᠳᠡᠯᠯᠡᠭᠰᠡᠨ ᠭᠠᠵᠠᠷ ᠤᠨ ᠪᠠᠶᠢᠴᠨ ᠪᠠ ᠮᠢᠩ ᠣᠯᠣᠰ ᠤᠨ ᠦᠶ᠎ᠠ ᠶᠢᠨ ᠪᠠᠭᠠᠷᠢᠨ ᠣᠳᠤᠭ ᠤᠨ ᠠᠵᠦ ᠲᠦᠷᠣᠨ ᠠᠮᠢᠳᠣᠷᠠᠵᠦ ᠪᠠᠶᠢᠭᠰᠡᠨ ᠨᠣᠳᠤᠭ ᠣᠰᠣ ᠶᠢᠨ | ᠪᠠᠶᠢᠳᠠᠯ ᠠᠴᠠ ᠦᠵᠡᠪᠡᠯ ᠶᠡᠭᠡᠯ᠎ᠠ ᠬᠤᠯᠪᠣᠭᠳᠠᠯ ᠲᠠᠢ ᠰᠢᠭ᠋ ᠶᠤᠮ᠃ | ᠪᠢᠳᠠ ᠡᠬᠦᠨ ᠢ ᠦᠨᠳᠣᠰᠣᠯᠡᠪᠡᠯ ︽ᠲᠠᠪᠣᠨ ᠣᠳᠤᠭ ᠬᠠᠯᠬ᠎ᠠ︾ ᠶᠢᠨ ᠨᠢᠭᠡ ᠨᠢ ᠪᠣᠯᠣᠭᠰᠡᠨ ᠪᠠᠭᠠᠷᠢᠨ ᠣᠳᠤᠭ ᠨᠢ ᠲᠠᠷᠣᠢ ᠮᠢᠩ ᠣᠯᠣᠰ ᠤᠨ ᠯᠢᠶᠣᠣ | ᠳ᠋ᠦᠡᠭ ᠤᠨ ᠨᠣᠶ᠋ᠬᠠᠨ ᠤ ᠵᠠᠬᠢᠷᠭ᠎ᠠ ᠳᠠᠬᠢ ᠭᠤᠸᠠᠩ ᠨᠢᠩ ᠸᠧᠢ ︵ᠡᠳᠣᠭᠡ ᠤᠨ ᠯᠢᠶᠣᠣᠨᠢᠩ ᠮᠣᠵᠢ ᠶᠢᠨ ᠬᠠᠢ ᠴᠸᠡᠭ ᠰᠢᠶᠠᠨ︶ ᠳᠤ ᠪᠠᠶᠢᠬᠤ ᠳ᠋ᠦᠡᠭ ᠴᠠᠩ᠂ | ᠳ᠋ᠦᠡᠭ ᠱᠸᠡᠭ ᠵᠡᠷᠭᠡ ᠴᠠᠶᠢᠵᠨ ᠶᠢᠨ ᠬᠢᠵᠠᠭᠠᠷ ᠤᠨ ᠭᠠᠳᠠᠨ᠎ᠠ ᠨᠣᠳᠣᠭᠯᠠᠵᠦ ᠪᠠᠶᠢᠵᠠᠢ᠃ ᠪᠠᠭᠠᠷᠢᠨ ᠣᠳᠤᠭ ᠤᠨ ᠨᠣᠳᠣᠭᠰᠢᠨ ᠰᠠᠭᠤᠭᠰᠡᠨ ᠡᠨᠡ ᠭᠠᠵᠠᠷ ᠨᠢ ᠮᠢᠩ | ᠣᠯᠣᠰ ᠤᠨ ᠬᠢᠵᠠᠭᠠᠷ ᠠᠴᠠ ᠪᠠᠷᠠᠭᠤᠨ ᠲᠦᠷᠪᠡᠨ ᠵᠠᠭᠤ ᠭᠠᠷᠣᠢ ᠵᠠᠶᠢᠳᠠᠢ ᠪᠠᠶᠢᠭᠰᠡᠨ ᠶᠤᠮ᠃ ︽ᠸᠠᠨ ᠯᠢ ᠡᠣ ᠬᠦᠡᠭ ᠯᠣ᠋︾ ᠬᠡᠭᠴᠢ ᠪᠢᠴᠢᠭ ᠲᠤ ᠦᠬᠦᠯᠡᠭᠰᠡᠨ ᠢ | ᠦᠨᠳᠣᠰᠣᠯᠡᠪᠡᠯ᠂ ᠪᠠᠭᠠᠷᠢᠨ ᠣᠳᠤᠭ ᠤᠨ ᠰᠣᠪᠣᠬᠠᠢ ᠶᠢᠨ ᠬᠤᠶᠠᠳᠣᠭᠠᠷ ᠬᠦᠪᠡᠬᠦᠨ ᠪᠠᠭᠠᠳᠣᠷ ᠤᠨ ᠣᠳᠤᠭ ᠨᠢ ︽ᠬᠠᠭᠤᠴᠢᠨ ᠯᠢᠶᠣᠣ ᠶᠠᠩ ᠠᠴᠠ ᠣᠮᠠᠷᠠᠰᠢ | ᠬᠤᠶᠠᠷ ᠭᠤᠣᠯ ᠤᠨ ᠲᠣᠮᠳᠠ ᠬᠠᠪᠢ︾ ᠪᠠᠷ ᠪᠠᠶᠢᠭᠰᠡᠨ ᠪᠠᠶᠢᠨ᠎ᠠ᠃ ᠮᠣᠩᠭᠤᠯᠴᠣᠳ ᠡᠨᠡ ᠬᠠᠪᠢ ᠶᠢ ᠠᠬᠠᠢ ᠡᠯᠡᠰᠣᠨ ᠬᠡᠳᠡᠭ᠃ ᠡᠳᠣᠭᠡ ᠣᠯᠠᠭᠠᠡᠬᠠᠳᠠ ᠬᠡᠮᠡᠨ | ᠬᠤᠪᠢᠷᠠᠭᠤᠯᠣᠭᠰᠡᠨ ᠣᠣᠯ ᠤᠨ ᠵᠣᠣ ᠣᠳᠠ ᠴᠢᠭᠤᠯᠭᠠᠨ ᠤ ᠬᠤᠶᠠᠷ ᠪᠠᠭᠠᠷᠢᠨ ︵ᠵᠡᠬᠦᠨ ᠪᠠᠷᠠᠭᠤᠨ ᠪᠣᠶᠦ ᠪᠠᠰᠨ ᠶᠡᠭᠡ ᠪᠠᠭ᠎ᠠ ᠪᠠᠭᠠᠷᠢᠨ ᠬᠡᠳᠡᠭ︶ ᠨᠢ ᠣᠳᠦ ᠴᠦᠮ | ᠰᠢᠷ᠎ᠠ ᠮᠦᠷᠡᠨ ᠤ ᠬᠤᠶᠢᠳᠦ ᠵᠠᠬ᠎ᠠ ᠪᠠᠷ ᠨᠣᠳᠣᠭᠰᠢᠵᠦ ᠪᠠᠶᠢᠨ᠎ᠠ᠃ ᠡᠨᠡ ᠪᠣᠯ ᠬᠤᠶᠢᠳᠦ ᠠᠯᠳᠠᠨ ᠣᠯᠣᠰ ᠤᠨ ᠲᠡᠭᠷᠢ ᠶᠢᠨ ᠰᠡᠴᠡᠨ ᠤ ᠣᠨ ᠳᠤ ᠵᠠᠭᠠᠭ ᠬᠤᠪᠢᠶᠠᠨ | ᠲᠣᠬᠢᠷᠠᠭᠤᠯᠣᠭᠰᠡᠨ ᠨᠣᠳᠤᠭ ᠮᠦᠨ᠃ | |