ᠵᠡᠬᠦᠨ ᠨᠠᠢᠮᠠᠨ ᠰᠣᠮᠣᠨ ᠤ ᠲᠣᠬᠠᠢ ᠰᠣᠨᠣᠰᠬᠠᠯ
ᠨᠡᠶᠢᠲᠡᠯᠡᠭᠰᠡᠨ ᠴᠠᠭ᠄
2022/12/22
                                            ᠡᠩᠬᠡᠪᠡᠳᠦ       ᠣᠷᠴᠢᠮ ᠤᠨ ᠵᠢᠯ ᠤᠳ ᠲᠤ ᠮᠣᠩᠭᠤᠯ ᠲᠡᠣᠭᠡ ᠶᠢᠨ ᠰᠣᠳᠣᠯᠣᠯ ᠨᠢ ᠣᠷᠢᠳ ᠡᠮᠣᠨ᠎ᠠ ᠦᠵᠡᠭᠳᠡᠭᠡ ᠠᠮᠢᠯᠠᠯ ᠤᠨ ᠬᠦᠴᠣᠨ ᠣᠯᠵᠦ᠂ ᠮᠣᠩᠭᠤᠯ ᠲᠡᠣᠭᠡᠨ ᠲᠣᠯᠭᠤᠷ ᠪᠢᠴᠢᠭ ᠤᠨ ᠲᠡᠮᠳᠡᠭᠯᠡᠯ᠂ ᠦᠬᠦᠯᠡᠯ ᠮᠠᠰᠢ ᠣᠯᠠᠨ ᠨᠡᠶᠢᠳᠡᠯᠡᠭᠳᠡᠵᠦ ᠪᠠᠶᠢᠬᠤ ᠨᠢ ᠲᠣᠶᠢᠯ ᠤᠨ ᠪᠠᠶᠠᠷᠯᠠᠭᠤᠰᠢᠳᠠᠢ ᠶᠠᠪᠣᠳᠠᠯ ᠪᠣᠯᠣᠨ᠎ᠠ᠃ ᠢᠯᠠᠩᠭᠤᠶ᠎ᠠ ︽ᠪᠠᠭᠠᠷᠢᠨ ᠪᠠᠷᠠᠭᠤᠨ ᠬᠤᠰᠢᠭᠤᠨ ᠤ ᠰᠣᠶᠣᠯ ᠲᠡᠣᠭᠡ︾ ᠬᠡᠬᠦ ᠲᠣᠪᠬᠢᠮᠡᠯ ᠬᠡᠪᠯᠡᠭᠳᠡᠭᠰᠡᠨ ᠳᠤ ᠪᠢ ᠬᠢᠵᠠᠭᠠᠷ ᠦᠭᠡᠢ ᠪᠠᠶᠠᠷᠯᠠᠬᠤ ᠳᠠᠭᠠᠨ ︽ᠲᠡᠭᠷᠢ ᠶᠢᠨ ᠬᠦᠭᠵᠢᠮ ᠡᠬᠦᠰᠭᠡᠪᠡᠰᠣ᠂ ᠠᠷᠢᠶᠡᠳᠡᠨ ᠬᠦᠷᠣᠭᠡᠳ ᠪᠦᠵᠢᠭᠯᠡᠮᠣᠢ︾ ᠬᠡᠳᠡᠭᠴᠢᠯᠡᠨ ᠪᠢᠳᠠᠭᠤ ᠮᠣᠩᠬᠠᠭ ᠢᠶᠠᠨ ᠣᠮᠠᠷᠳᠠᠨ ᠪᠠᠭᠠᠷᠢᠨ ᠤ ᠰᠠᠯᠣᠰᠢ ᠦᠭᠡᠢ ᠪᠦᠷᠢᠯᠳᠣᠬᠦᠨ ᠪᠣᠯᠬᠤ ᠭᠤᠴᠢᠨ ᠬᠤᠨᠭ᠍ᠬᠢᠷᠠᠳ — ᠵᠡᠬᠦᠨ ᠨᠠᠢᠮᠠᠨ ᠰᠣᠮᠣᠨ ᠤ ᠲᠣᠬᠠᠢ ᠲᠡᠭᠡᠳᠣᠰ ᠠᠴᠠ ᠣᠯᠠᠮᠵᠢᠯᠠᠭᠰᠡᠨ ᠶᠠᠷᠢᠶ᠎ᠠ ᠪᠠ ᠬᠡᠷ ᠤᠨ ᠴᠠᠳᠢᠭ ᠢ ᠦᠨᠳᠣᠰᠣᠯᠡᠨ ᠲᠣᠭᠤᠷᠪᠢᠵᠦ ᠪᠠᠭᠠᠷᠢᠨ ᠤ ᠲᠡᠣᠭᠡ ᠰᠣᠳᠣᠯᠣᠯ ᠰᠢᠨᠵᠢᠯᠡᠬᠦ ᠪᠠ ᠡᠮᠬᠢᠳᠭᠡᠵᠦ ᠪᠠᠶᠢᠭ᠎ᠠ ᠨᠦᠬᠦᠳ ᠲᠤ ᠰᠣᠷᠠᠭ ᠰᠦᠪᠡᠭᠴᠢ ᠲᠠᠳᠣᠢ ᠶᠠᠭᠤᠮ᠎ᠠ ᠲᠠᠮᠵᠢᠭᠤᠯᠣᠨ ᠬᠦᠨᠵᠡᠬᠡᠶᠢᠷᠡᠨ ᠰᠣᠳᠣᠯᠬᠤ ᠳᠤ ᠦᠴᠣᠭᠡᠨ ᠲᠣᠰᠨ ᠪᠣᠯᠬᠤ ᠶᠢ ᠵᠣᠷᠢᠪᠡ᠃       ᠦᠪᠣᠷ ᠲᠠᠪᠣᠨ ᠬᠠᠯᠬ᠎ᠠ — ᠵᠠᠷᠣᠳ᠂ ᠪᠠᠭᠠᠷᠢᠨ᠂ ᠬᠤᠨᠭ᠍ᠬᠢᠷᠠᠳ᠂ ᠪᠠᠶᠣᠳ᠂ ᠦᠵᠢᠶᠠᠳ ᠤᠨ ᠨᠢᠭᠡᠨ ᠪᠣᠯᠬᠤ ᠭᠤᠴᠢᠨ ᠬᠤᠨᠭ᠍ᠬᠢᠷᠠᠳ ᠤᠨ ᠬᠤᠶᠢᠴᠢᠰ ᠬᠤᠶᠠᠷ ᠪᠠᠭᠠᠷᠢᠨ᠂ ᠣᠡᠭᠨᠢᠭᠤᠳ ᠢᠶᠠᠷ ᠲᠠᠷᠬᠠᠵᠦ ᠪᠣᠢ᠃       ᠬᠤᠨᠭ᠍ᠬᠢᠷᠠᠳ ᠣᠳᠤᠭ ᠢ ᠡᠵᠡᠯᠡᠵᠦ ᠪᠠᠶᠢᠭᠰᠡᠨ ᠣᠪᠠᠨ ᠪᠣᠶᠢᠮᠣ ᠨᠣᠶᠠᠨ ᠠᠴᠠ ᠪᠠᠭ᠎ᠠ ᠲᠠᠷᠬᠠᠨ ᠨᠣᠶᠠᠨ᠂ ᠵᠣᠷᠢᠭᠳᠦ ᠨᠣᠶᠠᠨ ᠬᠡᠭᠴᠢ ᠬᠤᠶᠠᠷ ᠬᠦᠪᠡᠬᠦᠨ ᠲᠠᠢ ᠃ ᠪᠠᠭ᠎ᠠ ᠲᠠᠷᠬᠠᠨ ᠨᠣᠶᠠᠨ ᠠᠴᠠ ᠪᠠᠭᠠᠳᠣᠷ ᠨᠣᠶᠠᠨ᠂ ᠮᠠᠩᠬᠠᠯᠳᠠᠢ ᠲᠠᠶᠢᠴᠢᠩ ᠨᠣᠶᠠᠨ᠂ ᠪᠢᠡᠭᠳᠦ ᠢᠯᠳᠠᠩ ᠨᠣᠶᠠᠨ᠂ ᠪᠠᠶᠢᠬᠤᠨᠳᠠᠢ ᠴᠦᠬᠦᠷ ᠨᠣᠶᠠᠨ᠂ ᠯᠠᠪᠳᠠᠢ ︵ᠠᠪᠳᠠᠢ︶ ᠬᠤᠨᠭ᠌ ᠲᠠᠶᠢᠵᠢ ᠵᠡᠷᠭᠡ ᠲᠠᠪᠣᠨ ᠬᠦᠪᠡᠬᠦᠨ ︵ᠵᠠᠷᠢᠮ ᠨᠣᠮ ᠪᠢᠴᠢᠭ ᠲᠤ ᠲᠣᠯᠣᠭᠠᠨ ᠬᠦᠦ ᠲᠠᠢ ᠬᠡᠳᠡᠭ︶᠎ ᠲᠠᠢ᠃       ᠯᠠᠪᠳᠠᠢ ᠬᠤᠨᠭ᠌ ᠲᠠᠶᠢᠵᠢ ᠶᠢᠨ ᠦᠶ᠎ᠠ ︵ᠴᠢᠩ ᠣᠯᠣᠰ ᠤᠨ ᠡᠶᠡᠪᠡᠷ ᠵᠠᠰᠠᠭᠴᠢ ᠶᠢᠨ ᠦᠶ᠎ᠠ︶᠎ ᠳᠤ ᠬᠤᠨᠭ᠍ᠬᠢᠷᠠᠳ ᠠᠶᠢᠮᠠᠭ ᠨᠢ ᠶᠠᠭ ᠲᠠᠯᠠᠢ ᠳᠤ ᠣᠨᠠᠭᠰᠡᠨ ᠰᠢᠪᠡᠷ ᠠᠷᠰᠯᠡᠨ ᠮᠡᠳᠦ ᠠᠭᠤᠰᠴᠦ᠂ ᠪᠠᠭᠠᠷᠢᠨ ᠠᠶᠢᠮᠠᠭ ᠲᠤ ᠰᠢᠩᠭᠡᠵᠠᠢ᠃      ᠯᠠᠪᠳᠠᠢ ᠬᠤᠨᠭ᠌ ᠲᠠᠶᠢᠵᠢ ᠠᠴᠠ ᠰᠠᠪᠠᠨᠭ᠌ ᠲᠠᠶᠢᠵᠢ᠂ ᠵᠠᠮᠰᠣ ᠲᠠᠶᠢᠵᠢ ᠬᠡᠭᠴᠢ ᠬᠤᠶᠠᠷ ᠬᠦᠪᠡᠬᠦᠨ ᠲᠠᠢ᠃ ᠲᠠᠶᠢᠵᠢ ᠰᠠᠪᠠᠨᠭ᠌ ᠠᠴᠠ ᠨᠠᠰᠣᠨᠵᠠᠪ᠂ ᠯᠣᠬᠢᠬᠢᠨᠪᠠ᠂ ᠪᠠᠶᠠᠰᠬᠤᠯᠠᠩ᠂ ᠪᠠᠶᠢᠪᠤ᠂ ᠲᠣᠪᠤ᠂ ᠲᠣᠷᠠᠮ᠎ᠠ ᠵᠡᠷᠭᠡ ᠵᠢᠷᠭᠤᠭᠠᠨ ᠬᠦᠪᠡᠬᠦᠨ ᠲᠠᠢ᠃ ᠲᠣᠷᠠᠮ᠎ᠠ ᠠᠴᠠ ᠭᠤᠳᠠᠭᠠᠷ ᠵᠡᠷᠭᠡ ᠲᠠᠶᠢᠵᠢ᠂ ᠲᠣᠰᠠᠯᠠᠭᠴᠢ ᠲᠠᠰᠨ᠂ ᠲᠠᠶᠢᠵᠢ ᠲᠠᠷᠵᠨ᠂ ᠪᠣᠳᠢ ᠭᠤᠷᠪᠡᠨ ᠬᠦᠪᠡᠬᠦᠨ ᠲᠠᠢ᠃      ᠪᠠᠭ᠎ᠠ ᠲᠠᠷᠬᠠᠨ ᠨᠣᠶᠠᠨ ᠤ ᠶᠡᠭᠡ ᠬᠠᠳᠣᠨ ᠪᠠᠭᠠᠳᠣᠷ ᠬᠡᠭᠴᠢ ᠨᠢᠯᠬ᠎ᠠ ᠬᠦᠪᠡᠬᠦᠨ ᠬᠤᠴᠣᠷᠭᠠᠭᠠᠳ ᠡᠷᠳᠠ ᠨᠠᠰᠣ ᠪᠠᠷᠠᠵᠠᠢ᠃ ᠪᠠᠭᠠᠳᠣᠷ ᠨᠣᠶᠠᠨ ︵ᠦᠨᠣᠴᠢᠨ ᠬᠦᠦ︶᠎ ᠠᠴᠠ ᠣᠯᠳᠠᠢ᠂ ᠣᠰᠣᠳᠠᠢ ᠬᠤᠶᠠᠷ ᠬᠦᠪᠡᠬᠦᠨ ᠲᠠᠢ᠃      ᠣᠯᠳᠠᠢ ᠨᠣᠶᠠᠨ ᠠᠴᠠ ᠴᠠᠭᠠᠭᠷᠰᠯᠡᠨ᠂ ᠴᠠᠭᠠᠡᠪᠢᠯᠢᠭ᠂ ᠰᠣᠮᠣᠨᠴᠠᠭᠠᠨ᠂ ᠣᠳᠬᠤᠨ ᠵᠡᠷᠭᠡ ᠲᠦᠷᠪᠡᠨ ᠬᠦᠪᠡᠬᠦᠨ ᠲᠠᠢ᠃      ᠣᠳᠬᠤᠨ ᠠᠴᠠ ᠰᠠᠶᠢᠡᠪᠣᠶᠠᠨ᠂ ᠬᠦᠣᠪᠣᠶᠠᠨ ᠬᠤᠶᠠᠷ ᠬᠦᠪᠡᠬᠦᠨ ᠲᠠᠢ᠃      ᠬᠦᠣᠪᠣᠶᠠᠨ ᠠᠴᠠ ᠠᠶᠣᠣᠷᠠᠽᠠᠨ᠎ᠠ ᠬᠡᠭᠴᠢ ᠭᠠᠭᠴᠨ ᠬᠦᠪᠡᠬᠦᠨ ᠲᠠᠢ᠂ ᠡᠳᠣᠭᠡ ᠮᠢᠨᠦ ᠲᠡᠮᠳᠡᠭᠯᠡᠬᠦ ᠬᠡᠵᠦ ᠪᠠᠶᠢᠭ᠎ᠠ ᠨᠢ ᠲᠡᠭᠡᠷᠡᠬᠢ ᠬᠦᠮᠣᠰ ᠤᠨ ᠣᠶᠢᠯᠨ ᠠᠵᠢᠯᠯᠠᠭ᠎ᠠ ᠶᠢᠨ ᠬᠡᠰᠡᠭ ᠪᠣᠰᠤᠭ ᠲᠡᠳᠣᠢ ᠪᠣᠯᠬᠤ ᠲᠣᠯᠨ ᠣᠷᠢ᠊ ᠳ᠋ᠠ ᠪᠠᠷ ᠨᠡᠷᠡᠰ ᠢ ᠵᠢᠭᠰᠠᠭᠠᠪᠡ᠃      ᠬᠤᠨᠭ᠍ᠬᠢᠷᠠᠳ ᠠᠶᠢᠮᠠᠭ ᠢ ᠬᠦᠯᠣᠨ ᠪᠣᠶᠢᠷ ᠲᠤ ᠪᠠᠶᠢᠬᠤ ᠳᠠᠭᠠᠨ ᠦᠪᠡᠷ ᠵᠠᠭᠤᠷ᠎ᠠ ᠪᠠᠨ ᠮᠠᠭᠤᠳᠠᠯᠴᠠᠭᠠᠳ ᠪᠠᠭᠠᠷᠢᠨ ᠳᠤ ᠨᠡᠬᠦᠵᠦ ᠢᠷᠡᠯ᠎ᠠ ᠬᠡᠮᠡᠨ ᠣᠯᠠᠮᠵᠢᠯᠠᠨ ᠶᠠᠷᠢᠳᠠᠭ ︵ᠯᠢᠶᠣᠣᠨᠢᠩ ᠤᠨ ᠲᠢᠶᠧ ᠯᠢᠩ ᠣᠷᠴᠢᠮ ᠠᠴᠠ ᠠᠯᠢ ᠦᠶ᠎ᠠ ᠳᠤ ᠬᠦᠯᠣᠨ ᠪᠣᠶᠢᠷ ᠲᠤ ᠨᠡᠬᠦᠭᠰᠡᠨ ᠢ ᠪᠤ ᠮᠡᠳᠠ︶᠂ ᠡᠨᠡᠬᠦ ᠮᠠᠭᠤᠳᠠᠯᠴᠠᠭᠠᠨ ᠨᠢ ᠲᠠᠷᠣᠢ ᠪᠠᠭ᠎ᠠ ᠲᠠᠷᠬᠠᠨ ᠨᠣᠶᠠᠨ ᠢ ᠲᠠᠭᠠᠯᠠᠯ ᠪᠠᠷᠠᠭᠰᠡᠨ ᠬᠤᠶᠢᠨ᠎ᠠ᠂ ᠣᠳᠤᠭ ᠤᠨ ᠵᠠᠰᠠᠭ ᠢ ᠬᠡᠨ ᠨᠢ ᠵᠠᠯᠭᠠᠮᠵᠢᠯᠠᠬᠤ ᠲᠣᠬᠠᠢ ᠣᠳᠤᠭ ᠤᠨ ᠨᠣᠶᠠᠳ ᠬᠢᠭᠡᠳ ᠮᠠᠨᠵᠦ ᠨᠣᠶᠠᠳ ᠎ ᠤᠨ ᠬᠤᠭᠤᠷᠣᠨᠳᠦ ᠰᠢᠷᠣᠬᠦᠨ ᠮᠠᠷᠭᠤᠭᠠᠨ ᠭᠠᠷᠣᠭᠰᠡᠨ ᠠᠴᠠ ᠪᠣᠯᠵᠠᠢ᠃ ᠣᠳᠤᠭ ᠤᠨ ᠨᠣᠶᠠᠳ ︽ᠲᠦᠷᠦ ᠳᠤ ᠠᠬᠠᠮᠡᠳ ᠢ ᠧ ᠡᠷᠬᠦᠮᠵᠢᠯᠡᠵᠦ᠂ ᠬᠡᠷ ᠲᠤ ᠣᠳᠬᠤᠨ ᠢᠶᠠᠷ ᠰᠠᠬᠢᠭᠤᠯᠬᠤ︾ ᠣᠯᠠᠮᠵᠢᠯᠠᠯᠳᠦ ᠶᠣᠰᠣ ᠵᠢᠷᠣᠮ ᠢ ᠪᠠᠷᠢᠮᠳᠠᠯᠠᠬᠤ ᠳᠤ᠂ ᠬᠠᠷᠢᠨ ᠮᠠᠨᠵᠦ ᠨᠣᠶᠠᠳ ᠮᠠᠩᠬᠠᠯᠳᠠᠢ ᠶᠢ ᠪᠣᠷᠣᠭᠤ ᠰᠡᠳᠬᠢᠯ ᠲᠠᠢ ᠬᠡᠮᠡᠨ ᠰᠡᠵᠢᠭᠯᠡᠵᠦ ︽ᠪᠠᠭᠠᠳᠣᠷ ᠪᠣᠳᠣᠯᠭ᠎ᠠ ᠬᠤᠣᠰᠯᠠᠭᠰᠡᠨ ᠪᠠᠭ᠎ᠠ ᠬᠦᠪᠡᠬᠦᠨ ᠳᠤᠷ ᠵᠠᠯᠭᠠᠮᠵᠢᠯᠠᠬᠤ︾ ᠬᠡᠵᠦ ᠲᠣᠰ ᠲᠣᠰ ᠲᠠᠭᠠᠨ ᠡᠷᠬᠦᠳᠡᠯ ᠪᠢᠴᠢᠭ ᠪᠢᠴᠢᠵᠦ ᠡᠵᠡᠨ ᠵᠣᠷᠭᠠᠨ ᠳᠤ ᠮᠡᠳᠡᠬᠦᠯᠵᠡᠢ᠃ ᠬᠠᠭᠠᠨ ᠡᠵᠡᠨ ᠵᠠᠷᠯᠢᠭ ᠪᠣᠯᠵᠦ ᠮᠠᠩᠬᠠᠯᠳᠠᠢ ᠲᠠᠶᠢᠴᠢᠩ ᠨᠣᠶᠠᠨ ᠢ ᠵᠦᠪᠰᠢᠶᠡᠷᠡᠵᠠᠢ᠃ ᠮᠠᠩᠬᠠᠯᠳᠠᠢ ᠲᠠᠶᠢᠴᠢᠩ ᠨᠣᠶᠠᠨ ᠣᠯᠠᠨ ᠤ ᠲᠡᠮᠵᠢᠯᠭᠡ᠂ ᠡᠵᠡᠨ ᠤ ᠦᠷᠣᠰᠢᠶᠡᠯ ᠢᠶᠠᠷ ᠣᠳᠤᠭ ᠤᠨ ᠵᠠᠰᠠᠭ ᠢ ᠵᠠᠯᠭᠠᠮᠵᠢᠯᠠᠭᠰᠡᠨ ᠪᠣᠯᠪᠡᠴᠦ ᠴᠢᠩ ᠣᠯᠣᠰ ᠤᠨ ᠨᠣᠶᠠᠳ ᠤᠨ ᠭᠤᠳᠣᠭᠠᠯ ᠲᠣᠷᠣᠮᠵᠢᠯᠠᠯ ᠢ ᠬᠦᠯᠢᠴᠡᠨ ᠲᠡᠰᠪᠣᠷᠢᠯᠡᠬᠦᠶ᠎ᠠ ᠪᠡᠷᠭᠡ ᠪᠠᠶᠢᠵᠠᠢ᠃ ᠡᠨᠡ ᠪᠠᠶᠢᠳᠠᠯ ᠢ ᠪᠠᠭᠠᠳᠣᠷ ᠨᠣᠶᠠᠨ ᠦᠵᠡᠵᠦ ᠠᠭᠰᠠᠭᠠᠷ ᠮᠦᠨ ᠬᠦ ᠲᠡᠰᠴᠦ ᠶᠠᠳᠠᠨ ᠲᠡᠬᠦᠦ ᠮᠠᠩᠬᠠᠯᠳᠠᠢ ᠳᠠᠭᠠᠨ ︽ᠭᠤᠯᠣᠮᠳᠠ ᠶᠢᠨ ᠡᠵᠡᠨ ᠢᠶᠠᠷ ᠬᠡᠷ ᠰᠠᠬᠢᠭᠤᠯᠵᠦ᠂ ᠭᠤᠷᠪᠡᠨ ᠲᠡᠬᠦᠦ ᠭᠤᠴᠢᠨ ᠬᠤᠨᠭ᠍ᠬᠢᠷᠠᠳ ᠲᠣᠮᠣᠭᠤ ᠲᠠᠯᠪᠢᠨ ᠮᠠᠨᠠᠬᠡᠢ ᠮᠣᠭᠠᠢ ᠶᠢ ᠠᠷᠢᠯᠭᠠᠰᠣᠭᠠᠢ︾ ᠬᠡᠵᠦ ᠪᠢᠴᠢᠭ ᠦᠭᠴᠠᠢ᠃ ᠲᠠᠶᠢᠴᠢᠩ ᠨᠣᠶᠠᠨ ᠪᠢᠴᠢᠭ ᠢ ᠦᠵᠡᠮᠡᠭᠴᠨ ︽ᠪᠠᠭ᠎ᠠ ᠲᠡᠬᠦᠦ ᠶᠢ ᠬᠡᠷ ᠲᠤᠨᠢ ᠬᠤᠷᠢᠵᠦ᠂ ᠠᠬ᠎ᠠ ᠲᠡᠬᠦᠦ ᠪᠢᠳᠠ ᠪᠦᠬᠦ ᠣᠳᠤᠭ ᠢᠶᠠᠨ ᠲᠠᠶᠢᠴᠢᠯᠠᠨ᠂ ᠣᠰᠣᠨ ᠤ ᠵᠣᠷᠴᠢᠳ ᠢ ᠠᠯᠠᠰᠣᠭᠠᠢ︾ ᠬᠡᠮᠡᠭᠰᠡᠨ ᠲᠠᠯᠳᠠ ᠠᠭᠤᠯᠭ᠎ᠠ ᠶᠢ ᠮᠡᠳᠡᠵᠦ᠂ ᠭᠠᠯ ᠣᠰᠣ ᠮᠡᠳᠦ ᠠᠶᠣᠯ ᠪᠣᠯᠬᠤ ᠠᠴᠠ ᠶᠡᠭᠡᠳᠠ ᠬᠡᠯᠡᠮᠡᠭᠳᠡᠨ ︽ᠠᠬ᠎ᠠ ᠨᠣᠶᠠᠨ ᠤ ᠨᠠᠰᠣ ᠠᠬᠢᠵᠦ᠂ ᠪᠡᠶ᠎ᠠ ᠪᠠᠭᠤᠷᠠᠢ ᠪᠣᠯᠪᠡ︾ ᠬᠡᠮᠡᠨ ᠰᠢᠯᠳᠠᠭ ᠠᠪᠴᠦ ᠪᠠᠭᠠᠳᠣᠷ ᠨᠣᠶᠠᠨ ᠤ ᠴᠡᠷᠢᠭ ᠤᠨ ᠲᠠᠷᠤᠭ᠎ᠠ ᠶᠢᠨ ᠲᠣᠰᠢᠶᠠᠯ ᠢ ᠲᠡᠬᠦᠨ ᠤ ᠬᠤᠶᠠᠷ ᠬᠦᠪᠡᠬᠦᠨ — ᠣᠯᠳᠠᠢ᠂ ᠣᠰᠣᠳᠠᠢ ᠳᠤᠷ ᠵᠠᠯᠭᠠᠮᠵᠢᠯᠠᠵᠦ᠂ ᠡᠪᠣᠭᠡᠨ ᠨᠣᠶᠠᠨ ᠢ ᠠᠯᠪᠡᠨ ᠠᠴᠠ ᠲᠠᠷᠬᠠᠯᠠᠵᠠᠢ᠃      ᠮᠣᠩᠭᠤᠯᠴᠣᠳ ᠪᠠ ᠣᠯᠠᠨ ᠭᠠᠵᠠᠷ ᠤᠨ ᠣᠷᠪᠠᠯᠭᠠᠨ ᠠᠴᠠ ᠴᠢᠩ ᠣᠯᠣᠰ ᠤᠨ ᠨᠣᠶᠠᠳ ᠵᠢᠷᠣᠭᠡ ᠪᠠᠨ ᠬᠠᠭᠠᠷᠠᠳᠠᠯ᠎ᠠ ᠠᠶᠣᠵᠦ ᠪᠠᠶᠢᠵᠠᠢ᠃ ᠡᠶᠢᠮᠣ ᠠᠴᠠ ᠪᠠᠭᠠᠳᠣᠷ ᠨᠣᠶᠠᠨ ᠤ ᠬᠦᠳᠣᠯᠣᠯ ᠪᠠᠶᠢᠳᠠᠯ ᠢ ᠶᠡᠭᠡ ᠰᠡᠵᠢᠭᠯᠡᠵᠦ ᠪᠠᠶᠢᠭᠰᠡᠨ ᠲᠣᠯᠨ ᠲᠡᠬᠦᠨ ᠤ ᠲᠣᠰᠢᠶᠠᠯ ᠢ ᠬᠠᠰᠣᠭᠰᠡᠨ ᠴᠦ ᠮᠦᠨ ᠰᠡᠳᠬᠢᠯ ᠠᠮᠣᠷ ᠦᠭᠡᠢ ᠪᠠᠶᠢᠵᠦ ᠪᠠᠭᠠᠳᠣᠷ ᠨᠣᠶᠠᠨ ᠢ ᠬᠤᠣᠷᠳᠦ ᠠᠷᠢᠬᠢ ᠪᠠᠷ ᠬᠤᠷᠭᠤᠪᠡ᠃ ᠴᠢᠩ ᠣᠯᠣᠰ ᠤᠨ ᠨᠣᠶᠠᠨ᠂ ᠪᠠᠭᠠᠳᠣᠷ ᠨᠣᠶᠠᠨ ᠢ ᠨᠢᠭᠤᠴᠨ ᠪᠠᠷ ᠬᠤᠣᠷᠯᠠᠭᠰᠡᠨ ᠬᠡᠷᠡᠭ ᠢᠶᠠᠨ ᠪᠣᠰᠣᠳ ᠎ ᠲᠤ ᠦᠯᠦ ᠰᠡᠷᠡᠭᠳᠡᠬᠦᠯᠬᠦ ᠶᠢᠨ ᠲᠦᠯᠣᠭᠡ ᠣᠯᠳᠠᠢ᠂ ᠣᠰᠣᠳᠠᠢ ᠶᠢ ︽ᠠᠰᠣᠷᠣ ᠦᠷᠣᠰᠢᠶᠡᠨ ᠬᠠᠶᠢᠷᠠᠯᠠᠬᠤ︾ ᠲᠦᠷᠢ ᠦᠵᠡᠬᠦᠯᠣᠨ ᠲᠡᠳᠠᠨᠣᠰ ᠲᠠᠢ ᠣᠶᠢᠷᠠᠳᠡᠯᠴᠠᠵᠦ ︽ᠣᠯᠳᠠᠢ ᠶᠢᠨ ᠬᠦᠴᠣᠨ ᠴᠢᠳᠠᠯ ᠪᠦᠭᠡ ᠪᠡᠯᠬᠦᠳᠠᠢ ᠠᠴᠠ ᠲᠠᠪᠠᠵᠦ᠂ ᠣᠰᠣᠳᠠᠢ ᠶᠢᠨ ᠴᠡᠴᠡᠡ ᠬᠠᠪᠣᠳᠦ ᠬᠠᠰᠡᠷ ᠠᠴᠠ ᠬᠡᠳᠣᠶᠢᠳᠡᠮᠣᠢ︾ ᠬᠡᠵᠦ ᠡᠷᠬᠦᠨ ᠮᠠᠭᠳᠠᠵᠦ ᠪᠠᠶᠢᠵᠠᠢ᠃ ᠲᠠᠷᠠᠴᠢᠯᠠᠨ᠂ ᠯᠠᠪᠳᠠᠢ᠂ ᠣᠯᠳᠠᠢ᠂ ᠣᠰᠣᠳᠠᠢ ᠨᠠᠷ ᠲᠤ ︽ᠲᠠᠨᠣᠰ ᠲᠣᠳᠣᠭᠰᠢ ᠨᠡᠬᠦᠳᠡᠯᠯᠡᠵᠦ ᠯᠣᠤᠬ᠎ᠠ ᠭᠤᠣᠯ ᠤᠨ ᠲᠠᠭᠠᠣ ᠨᠳᠣᠭᠰᠢᠪᠠᠰᠣ ᠡᠵᠡᠨ ᠬᠠᠭᠠᠨ ᠤ ᠦᠷᠣᠰᠢᠶᠡᠯ ᠢ ᠣᠯᠵᠦ ᠬᠤᠨᠭ᠌ ᠲᠠᠶᠢᠵᠢ ᠸᠠᠩ ᠤᠨ ᠵᠢᠩᠰᠨ ᠵᠡᠬᠦᠵᠦ᠂ ᠬᠤᠶᠠᠷ ᠪᠠᠭᠠᠳᠣᠷ ᠬᠠᠭᠠᠨ ᠤ ᠰᠢᠳᠡᠷ ᠵᠠᠩᠵᠣᠨ ᠪᠣᠯᠵᠦ ᠪᠣᠯᠣᠮᠣᠢ︾ ᠬᠡᠮᠡᠨ ᠦᠳᠣᠭᠡᠵᠦ᠂ ᠣᠳᠤᠭ ᠤᠨ ᠲᠣᠳᠣᠭᠠᠳᠦ ᠳᠤ ᠬᠠᠭᠠᠴᠡᠯ ᠭᠠᠷᠭᠠᠨ ᠬᠤᠣᠪᠢᠯᠳᠣᠭᠰᠠᠭᠠᠷ ᠪᠠᠶᠢᠯ᠎ᠠ᠃      ᠨᠢᠭᠡᠨ ᠵᠢᠯ ᠤᠨ ᠪᠢᠯᠢᠭ ᠤᠨ ᠲᠠᠪᠣᠨ ᠰᠠᠷ᠎ᠠ ᠶᠢᠨ ᠠᠷᠪᠡᠨ ᠭᠤᠷᠪᠡᠨ ᠤ ᠡᠳᠣᠷ᠂ ᠬᠦᠭᠡ ᠬᠠᠳᠠ ᠪᠣᠭᠳᠠ ᠶᠢᠨ ᠣᠪᠣᠭᠠᠨ ᠨᠠᠶᠢᠷ ᠲᠡᠭᠡᠷ᠎ᠠ ᠯᠠᠪᠳᠠᠢ ᠬᠤᠨᠭ᠌ ᠲᠠᠶᠢᠵᠢ᠂ ᠮᠠᠩᠬᠠᠯᠳᠠᠢ ᠲᠠᠶᠢᠴᠢᠩ ᠨᠣᠶᠠᠨ ᠲᠠᠢ ᠬᠡᠷᠡᠬᠦᠯ ᠬᠦᠮᠣᠰ ᠶᠡᠭᠡᠯ᠎ᠠ ᠲᠠᠷᠣᠭᠳᠠᠵᠦ ᠲᠣᠳᠠᠭᠠᠨ ᠶᠠᠪᠣᠭᠰᠡᠨ ᠪᠠᠶᠢᠵᠠᠢ᠃ ᠯᠠᠪᠳᠠᠢ ᠬᠤᠨᠭ᠌ ᠲᠠᠶᠢᠵᠢ ᠣᠷᠳᠣᠨ ᠤ ᠪᠦᠬᠦ ᠬᠦᠷᠦᠩᠭᠡ ᠬᠤᠭᠰᠢᠯ ᠬᠢᠭᠡᠳ ᠠᠷᠪᠡᠨ ᠰᠣᠮᠣ ᠠᠯᠪᠠᠳᠦ ᠬᠠᠷᠢᠶᠠᠳᠦ ᠶᠢ ᠬᠤᠷᠢᠶᠠᠮᠵᠢᠯᠠᠨ ᠡᠮᠣᠨᠠᠰᠢ ᠨᠡᠬᠦᠪᠡ᠃     ᠬᠤᠨᠭ᠍ᠬᠢᠷᠠᠳ ᠣᠣᠯ ᠤᠨ ᠨᠡᠬᠦᠳᠡᠯᠴᠢᠨ ᠠᠶᠢᠮᠠᠭ ᠪᠣᠯᠪᠠᠴᠦ ᠵᠣᠨ ᠤ ᠯᠦᠪᠬᠢᠮ᠎ᠠ ᠬᠠᠯᠠᠭᠤᠨ ᠳᠤ᠂ ᠮᠠᠨᠵᠦ ᠮᠣᠩᠭᠤᠯ ᠨᠣᠶᠠᠳ ᠴᠡᠷᠢᠭ ᠤᠨ ᠰᠢᠬᠠᠮᠳᠠᠯᠭ᠎ᠠ ᠪᠠᠷ ᠮᠠᠰᠢ ᠰᠢᠷᠣᠬᠦᠨ ᠵᠠᠮᠨᠠᠬᠤ ᠨᠢ ᠨᠡᠭᠡᠷᠡᠨ ᠬᠦᠴᠢᠷ ᠪᠡᠷᠭᠡ ᠪᠠᠶᠢᠯᠤᠭ᠎ᠠ᠃ ᠴᠢᠩᠭ᠎ᠠ ᠱᠠᠭᠠᠷᠳᠡᠨ ᠡᠳᠣᠷ ᠰᠦᠨᠢ ᠶᠠᠪᠣᠭᠰᠠᠭᠠᠷ ᠶᠡᠭᠡ ᠲᠠᠪᠠᠭ᠎ᠠ ᠶᠢ ᠪᠠᠭᠤᠮᠠᠭᠴᠨ ᠮᠠᠨᠵᠦ ᠨᠣᠶᠠᠳ᠂ ᠴᠡᠷᠢᠭ ᠢᠶᠠᠨ ᠲᠠᠭᠠᠭᠤᠯᠣᠨ ᠣᠷᠣᠮ ᠰᠣᠷᠠᠭ ᠦᠭᠡᠢ ᠠᠷᠢᠯᠴᠢᠬᠠᠭᠰᠡᠨ ᠪᠣᠯᠬᠤᠷ ᠨᠡᠬᠦᠳᠡᠯᠴᠢᠳ ᠴᠣᠬᠤᠮ ᠬᠠᠮᠢᠭᠠᠰᠢ ᠶᠠᠪᠣᠵᠦ ᠶᠠᠮᠠᠷ ᠭᠠᠵᠠᠷ ᠰᠠᠭᠤᠬᠤ ᠎ ᠪᠠᠨ ᠮᠡᠳᠡᠬᠦ ᠦᠭᠡᠢ ᠵᠦᠪᠬᠡᠨ ᠡᠮᠣᠨ᠎ᠠ ᠵᠦᠭ ᠢ ᠵᠣᠷᠢᠵᠦ ᠶᠠᠪᠣᠵᠦ ᠯᠨ ᠪᠠᠶᠢᠯ᠎ᠠ᠃ ᠮᠠᠨᠵᠦ ᠴᠡᠷᠢᠭ ᠤᠨ ᠰᠢᠬᠠᠮᠳᠠᠯᠭ᠎ᠠ ᠦᠭᠡᠢ ᠪᠣᠯᠣᠭᠰᠡᠨ ᠲᠣᠯᠨ ᠨᠡᠬᠦᠳᠡᠯᠴᠢᠳ ᠠᠯᠭᠤᠷ ᠠᠭᠠᠵᠢᠮ ᠠᠶᠠᠯᠠᠬᠤ ᠪᠣᠯᠣᠭᠰᠡᠨ ᠪᠦᠭᠡᠳ ᠣᠭ ᠨᠣᠳᠤᠭ ᠲᠠᠭᠠᠨ ᠪᠣᠴᠠᠨ ᠲᠣᠳᠠᠭᠠᠬᠤ ᠬᠦᠮᠣᠰ ᠴᠦ ᠴᠦᠭᠡᠨ ᠪᠣᠰᠣ ᠪᠣᠯᠬᠤ ᠶᠢᠨ ᠵᠡᠷᠬᠡᠪᠡᠷ ᠣᠭ ᠨᠣᠳᠤᠭ ᠎ ᠲᠠᠭᠠᠨ ᠰᠣᠪᠳᠠᠭ ᠪᠡᠶ᠎ᠠ ᠪᠠᠷ ᠬᠤᠴᠣᠷᠣᠭᠰᠡᠳ᠂ ᠡᠬᠡᠨᠠᠷ ᠬᠡᠣᠬᠡᠳ ᠢᠶᠠᠨ ᠡᠷᠢᠭᠡᠳ ᠢᠷᠡᠵᠦ ᠪᠠᠶᠢᠬᠤ ᠨᠢ ᠴᠦ ᠣᠯᠠᠨ ᠪᠠᠶᠢᠵᠦ ᠪᠢᠯᠨ᠃      ᠨᠡᠬᠦᠳᠡᠯ ᠢ ᠨᠡᠭᠡᠵᠦ ᠢᠷᠡᠭᠡᠳ᠂ ︽ᠲᠠᠶᠢᠴᠢᠩ ᠨᠣᠶᠠᠨ ᠪᠢᠴᠢᠭ ᠬᠢᠵᠦ ᠵᠣᠷᠭᠠᠨ ᠶᠠᠮᠣᠨ᠎ᠠ ᠬᠤᠨᠭ᠌ ᠲᠠᠶᠢᠵᠢ ᠶᠢ ᠵᠠᠭᠠᠯᠳᠣᠵᠠᠢ︾ ᠬᠡᠰᠡᠨ ᠢ ᠯᠠᠪᠳᠠᠢ ᠲᠠᠭᠤᠯᠠᠬᠤ ᠲᠠᠭᠤᠨ ᠳᠤᠨᠢ ᠠᠭᠤᠯᠨ ᠬᠠᠶᠢᠷᠬᠠᠨ ᠬᠦᠡᠭᠬᠡᠷᠡᠰᠴᠦ᠂ ᠣᠶᠠᠷᠠᠨ ᠣᠬᠢᠯᠠᠬᠤ ᠨᠢᠯᠪᠣᠰᠣᠨ ᠳᠤᠨᠢ ᠪᠣᠷᠬᠢᠬᠤ ᠲᠣᠭᠤᠰᠣ ᠨᠠᠮᠬᠠᠷᠠᠵᠦ ᠬᠡᠳᠡᠭ ᠪᠢᠯᠨ᠃ ᠬᠦᠡᠭᠵᠦ ᠮᠠᠮᠨ ᠲᠡᠷᠢᠬᠦᠯᠡᠨ ᠲᠣᠰᠴᠦ ᠠᠪᠬᠤ ᠪᠠᠷ ᠣᠴᠢᠭᠰᠡᠳ ᠡᠨᠡ ᠪᠠᠶᠢᠳᠠᠯ ᠢ ᠦᠵᠡᠨ ᠰᠡᠳᠬᠢᠯ ᠢᠪᠡᠷᠡᠬᠦ ᠳᠡᠭᠡᠨ ᠰᠠᠶᠢᠨ ᠦᠭᠡ ᠪᠠᠷ ᠲᠠᠶᠢᠳᠬᠤᠷᠠᠭᠤᠯᠬᠤ ᠶᠢᠨ ᠬᠠᠮᠳᠦ᠂ ᠬᠦᠭᠡ ᠱᠣᠷᠣᠩ ᠠᠴᠠ ᠡᠮᠣᠨᠠᠰᠢ ᠬᠦᠨᠳᠡᠯᠡᠨ ᠮᠠᠩᠬᠠᠨ ᠤ ᠬᠦᠪᠡᠭᠡ ᠪᠠᠭᠤᠳᠠᠯ᠎ᠠ᠂ ᠰᠢᠷᠠᠮᠦ᠋ᠷᠡᠨ ᠤᠨ ᠵᠡᠬᠦᠨ ᠬᠦᠪᠡᠭᠡ ᠠᠴᠠ ᠦᠯᠵᠡᠶᠢᠮᠦ᠋ᠷᠡᠨ ᠤ ᠪᠠᠷᠠᠭᠤᠨ ᠢᠷᠮᠡᠭ ᠬᠦᠷᠳᠡᠯᠡᠬᠢ ᠦᠷᠭᠡᠨ ᠠᠭᠤᠳᠠᠮ ᠦᠡᠭ ᠰᠢᠮᠡᠯᠢᠭ ᠨᠣᠳᠤᠭ ᠣᠰᠣ ᠶᠢ ᠲᠠᠳᠠᠨ ᠳᠤ ᠱᠠᠩᠨᠠᠪᠡ᠃ ᠬᠦᠡᠭᠬᠢᠷᠠᠳ ᠠᠶᠢᠮᠠᠭ ᠮᠠᠰᠢ ᠶᠡᠭᠡ ᠪᠠᠶᠠᠷᠯᠠᠨ᠂ ᠬᠦᠡᠭᠵᠦ ᠮᠠᠮᠨ ᠶᠢᠨ ᠬᠡᠰᠢᠭ ᠲᠣᠳᠣᠷ ᠮᠦᠷᠬᠦᠵᠦ᠂ ᠬᠦᠷᠣᠨ ᠬᠦᠡᠭᠵᠦ ᠲᠡᠷᠢᠬᠦᠯᠡᠨ ᠪᠠᠭᠠᠷᠢᠨ ᠤ ᠨᠣᠶᠠᠳ ᠲᠠᠶᠢᠵᠢ ᠨᠠᠷ ᠰᠠᠶᠢᠨ ᠰᠠᠨᠠᠭ᠎ᠠ᠂ ᠰᠠᠶᠢᠬᠠᠨ ᠵᠠᠩ ᠢᠶᠠᠷ ᠮᠠᠨ ᠢ ᠦᠷᠣᠰᠢᠶᠡᠨ ᠠᠬᠤᠭᠤᠯᠣᠭᠰᠡᠨ ᠢ ᠦᠨᠢᠳᠠ ᠲᠣᠷᠠᠰᠬᠠᠬᠤ ᠶᠢᠨ ᠲᠦᠯᠣᠭᠡ ᠠᠪᠵᠢᠭᠠᠨᠳᠦ ᠬᠦᠭᠡ ᠱᠣᠷᠣᠩ ᠬᠡᠮᠡᠬᠦ ᠠᠭᠤᠯᠨ ᠶᠢ ︽ᠰᠠᠶᠢᠬᠠᠨ ᠵᠠᠩᠳᠦ︾ ᠬᠡᠮᠡᠨ ᠨᠠᠷᠠᠶᠢᠳᠪᠡ᠃ ᠣᠳᠣᠬᠢ ᠬᠤᠨᠭ᠍ᠭᠤᠷ ᠰᠣᠮᠣᠨ ᠤ ᠰᠠᠶᠢᠨ ᠵᠠᠩᠳᠦ ᠬᠡᠭᠴᠢ ᠠᠭᠤᠯᠨ ᠪᠣᠯ ᠲᠠᠷᠣᠢ ᠠᠪᠵᠢᠭᠠᠨᠳᠦ ᠬᠦᠭᠡ ᠱᠣᠷᠣᠩ ᠮᠦᠨ ᠪᠢᠯᠨ᠃      ᠬᠤᠨᠭ᠍ᠬᠢᠷᠠᠳ ᠣᠳᠤᠭ ᠤᠨ ᠭᠤᠣᠯ ᠰᠣᠮᠣ᠂ ᠬᠤᠷᠢᠶ᠎ᠠ ᠰᠣᠮᠣ ᠦᠪᠣᠷ ᠠᠭᠤᠯᠨ ︵ᠢᠳᠠᠭᠤᠳᠦ︶      ᠬᠠᠳᠠᠳᠦ ᠶᠢᠨ ᠭᠤᠣᠯ ᠲᠠᠭᠠᠣ᠂ ᠭᠤᠷᠪᠡ᠂ ᠲᠦᠷᠪᠡ᠂ ᠲᠠᠪᠤ᠂ ᠵᠢᠷᠭᠤᠭᠠᠨ ᠰᠣᠮᠣ ᠲᠦᠨᠳᠣᠭᠡᠷ ᠬᠠᠨ᠂ ᠦᠯᠵᠡᠶᠢᠮᠦ᠋ᠷᠡᠨ ᠲᠠᠭᠠᠣ᠂ ᠲᠣᠯᠣ᠂ ᠨᠠᠢᠮᠠᠨ ᠰᠣᠮᠣ ᠭᠤᠷᠪᠡᠨ ᠨᠠᠭᠤᠷ ᠣᠷᠴᠢᠮ᠂ ᠶᠢᠰᠣ᠂ ᠠᠷᠪᠡᠨ ᠰᠣᠮᠣ ᠬᠦᠨᠳᠡᠯᠡᠨ ᠮᠠᠩᠬ᠎ᠠ᠂ ᠰᠢᠷ᠎ᠠ ᠮᠦᠷᠡᠨ ᠭᠤᠣᠯ ᠲᠠᠭᠠᠣ ᠲᠣᠰ ᠲᠣᠰ ᠨᠣᠳᠣᠭᠯᠠᠨ ᠠᠵᠦ ᠲᠦᠷᠣᠨ ᠠᠮᠢᠳᠣᠷᠠᠵᠠᠢ ᠃ ᠲᠠᠳᠠ ᠲᠠᠶᠢᠪᠣᠭᠤ ᠰᠠᠶᠢᠬᠠᠨ ᠠᠮᠢᠳᠣᠷᠠᠬᠤ ᠳᠠᠭᠠᠨ ᠬᠦᠡᠭᠵᠦ ᠮᠠᠮᠨ ᠶᠢᠨ ᠦᠷᠣᠰᠢᠶᠡᠯ ᠬᠠᠶᠢᠷ᠎ᠠ ᠶᠢ ᠣᠮᠠᠷᠳᠠᠯ ᠦᠭᠡᠢ ᠪᠠᠷ᠂ ᠰᠠᠷ᠎ᠠ ᠪᠦᠷᠢ ᠰᠠᠶᠢᠨ ᠤ ᠲᠡᠭᠡᠵᠢ᠂ ᠣᠨ ᠪᠦᠷᠢ ᠣᠯᠵᠨ ᠶᠢᠨ ᠲᠡᠭᠡᠵᠢ ᠪᠠᠨ ᠬᠦᠡᠭᠵᠦ ᠳᠤ ᠡᠷᠬᠦᠨ ᠪᠠᠷᠢᠳᠠᠭ ᠪᠠᠶᠢᠵᠠᠢ᠃ ᠡᠶᠢᠮᠣ ᠠᠴᠠ ᠬᠦᠡᠭᠵᠦ᠂ ᠯᠠᠪᠳᠠᠢ ᠶᠢ ᠮᠠᠰᠢ ᠰᠠᠶᠢᠰᠢᠶᠠᠵᠦ ᠡᠵᠡᠨ ᠬᠠᠭᠠᠨ ᠳᠤ ᠠᠶᠢᠯᠠᠳᠬᠠᠨ ᠲᠣᠰᠠᠯᠠᠭᠴᠢ ᠪᠣᠯᠭᠠᠪᠡ᠃      ᠬᠤᠨᠭ᠍ᠬᠢᠷᠠᠳ ᠤᠨ ᠬᠢᠨ ᠪᠠᠭᠠᠷᠢᠨ ᠤ ᠬᠠᠷᠢᠶᠠᠨ ᠳᠤ ᠣᠷᠣᠭᠰᠡᠨ ᠠᠴᠠ ᠬᠤᠶᠢᠰᠢ᠂ ᠣᠯᠠᠨ ᠣᠳᠠᠭᠠᠨ ᠤ ᠨᠠᠶᠢᠷ ᠨᠠᠭᠠᠳᠣᠮ ᠤᠨ ᠮᠦᠷᠣᠶᠢᠴᠡᠭᠡᠨ ᠲᠡᠭᠡᠷ᠎ᠠ᠂ ᠬᠤᠨᠭ᠍ᠬᠢᠷᠠᠳ ᠤᠨ ᠬᠦᠴᠣᠳᠦ ᠪᠦᠭᠡ᠂ ᠬᠤᠷᠳᠣᠨ ᠮᠣᠷᠢ᠂ ᠴᠡᠴᠡᠨ ᠬᠠᠷᠪᠣᠭᠠᠴᠢᠨ ᠴᠦᠮ ᠲᠡᠷᠢᠬᠦᠯᠡᠳᠡᠭ ᠪᠠᠶᠢᠵᠠᠢ᠃ ᠡᠬᠦᠨ ᠳᠤ ᠪᠠᠭᠠᠷᠢᠨ ᠸᠠᠩ ᠲᠡᠷᠢᠬᠦᠯᠡᠨ᠂ ᠨᠣᠶᠠᠳ ᠲᠠᠶᠢᠵᠢ ᠨᠠᠷ ᠠᠳᠬᠠᠭ ᠰᠡᠳᠬᠢᠯ ᠲᠦᠷᠣᠵᠦ᠂ ︽ᠰᠣᠪᠣᠬᠠᠢ ᠪᠠᠭᠠᠳᠣᠷ ᠤᠨ ᠦᠷᠡᠰ ᠬᠤᠨᠭ᠍ᠬᠢᠷᠠᠳ ᠤᠨ ᠬᠤᠶᠢᠨ᠎ᠠ ᠣᠷᠣᠬᠤ ᠦᠦ︖︾ ᠬᠡᠵᠦ ᠰᠣᠮᠣ ᠪᠦᠷᠢ ᠠᠴᠠ ᠬᠦᠳᠡᠷ ᠡᠷᠡᠰ᠂ ᠬᠤᠷᠳᠣᠨ ᠮᠣᠷᠢᠳ ᠬᠤᠷᠢᠶᠠᠵᠦ ᠣᠳᠠᠭᠠᠨ ᠬᠤᠨᠤᠭ ᠰᠣᠷᠢᠳᠠᠭ ᠪᠣᠯᠵᠠᠢ᠃ ᠡᠨᠡ ᠨᠢ ᠬᠡᠳᠣᠶᠢᠪᠡᠷ ᠠᠬ᠎ᠠ ᠲᠡᠬᠦᠦ ᠬᠤᠭᠤᠷᠣᠨᠳᠣᠬᠢ ᠠᠳᠠᠭ᠎ᠠ ᠮᠢᠳᠠᠭ᠎ᠠ ᠶᠢᠨ ᠲᠠᠳᠣᠢ ᠶᠠᠪᠣᠳᠠᠯ ᠪᠣᠯᠪᠠᠴᠦ ᠰᠡᠬᠦᠳᠡᠷ ᠠᠴᠠ ᠪᠠᠨ ᠰᠣᠴᠢᠳᠠᠭ ᠴᠢᠩ ᠣᠯᠣᠰ ᠤᠨ ᠰᠡᠵᠢᠭᠴᠢ ᠨᠣᠶᠠᠳ ᠬᠠᠷ᠎ᠠ ᠣᠰᠣᠨ ᠲᠡᠬᠡᠬᠦᠷ ᠦᠷᠣᠮ᠎ᠠ ᠪᠠᠶᠢᠯᠭᠠᠵᠦ᠂ ᠬᠤᠨᠭ᠍ᠬᠢᠷᠠᠳ ᠪᠠᠭᠠᠷᠢᠨ ᠬᠤᠶᠠᠷ ᠨᠡᠶᠢᠯᠡᠭᠰᠡᠨ ᠠᠨᠣ ᠰᠠᠶᠢᠨ ᠶᠠᠪᠣᠳᠠᠯ ᠪᠣᠰᠣ ᠁ ᠬᠡᠵᠦ ᠡᠵᠡᠨ ᠵᠣᠷᠭᠠᠨ ᠳᠤ ᠵᠠᠭᠠᠯᠳᠣᠯᠭ᠎ᠠ ᠲᠡᠪᠰᠢᠬᠦᠯᠵᠠᠢ᠃ ᠵᠠᠭᠠᠯᠳᠣᠯᠭ᠎ᠠ ᠶᠢ ᠣᠯᠣᠮᠠᠭᠴᠨ᠂ ᠡᠵᠡᠨ ᠬᠠᠭᠠᠨ ᠲᠡᠷᠢᠬᠦᠯᠡᠨ᠂ ᠰᠠᠶᠢᠳ ᠲᠦᠰᠢᠮᠡᠳ ᠶᠡᠬᠡᠯ᠎ᠠ ᠰᠣᠴᠢᠵᠦ ︽ᠡᠬᠦᠯᠨ ᠬᠤᠷᠠᠪᠠᠰᠣ ᠪᠣᠷᠣᠭᠠᠨ ᠣᠷᠣᠮᠣᠢ᠂ ᠮᠣᠩᠭᠤᠯᠴᠣᠳ ᠨᠡᠶᠢᠯᠡᠪᠡᠰᠣ ᠴᠡᠷᠢᠭ ᠪᠣᠯᠣᠮᠣᠢ ᠁︾ ᠬᠡᠳᠡᠭ ᠲᠡᠬᠡᠳᠣᠰ ᠤᠨ ᠨᠣᠮᠯᠠᠯ ᠢᠶᠠᠨ ᠨᠣᠷᠱᠣᠵᠦ ᠰᠠᠷᠨᠢᠭᠤᠯᠬᠤ ᠣᠪᠠᠳᠢᠰ ᠢᠶᠠᠨ ᠬᠡᠷᠡᠭᠯᠡᠨ᠂ ᠬᠤᠨᠭ᠍ᠬᠢᠷᠠᠳ ᠪᠠᠭᠠᠷᠢᠨ ᠢ ᠬᠠᠳᠬᠤᠨ ᠵᠠᠪᠰᠠᠷᠠᠳᠠᠭᠤᠯᠬᠤ ᠠᠷᠭ᠎ᠠ ᠵᠠᠯᠢ ᠡᠬᠦᠰᠭᠡᠵᠠᠢ᠃       ᠨᠢᠭᠡᠨ ᠬᠠᠪᠣᠷ᠂ ᠸᠠᠩ ᠤᠨ ᠬᠠᠮᠤᠭ ᠤᠨ ᠰᠠᠶᠢᠨ ᠠᠪᠡ ᠶᠢᠨ ᠨᠣᠬᠠᠢ ᠭᠠᠯᠵᠠᠭᠤᠷᠠᠵᠦ᠂ ᠣᠷᠳᠣᠨ ᠤ ᠲᠣᠳᠣᠷᠠᠬᠢ ᠬᠡᠳᠣᠨ ᠬᠦᠮᠣᠨ ᠢ ᠬᠠᠵᠠᠭᠠᠳ ᠲᠣᠩ ᠠᠶᠣᠮᠰᠢᠭ ᠪᠣᠯᠵᠠᠢ᠃ ᠡᠬᠦᠨ ᠢ ᠮᠠᠨᠵᠦ ᠨᠣᠶᠠᠨ ᠲᠠᠯᠢᠮᠳᠠᠭᠤᠯᠣᠨ ᠰᠢᠨᠵᠢᠭᠡᠴᠢ ᠪᠠᠭᠰᠢ ᠪᠠᠷ ᠲᠦᠯᠬᠡᠳᠡᠬᠦᠯᠵᠦ ︽ᠡᠨᠡ ᠪᠣᠯ ᠢᠳᠡᠭᠡᠯᠳᠠᠢ ᠬᠦᠮᠣᠨ ᠠᠴᠠ ᠬᠤᠣᠷ ᠭᠠᠷᠬᠤ ᠶᠢᠨ ᠮᠠᠭᠤ ᠢᠷᠸ᠎ᠠ ᠁︾ ᠬᠡᠬᠦ ᠮᠡᠳᠦ ᠶᠢᠨ ᠴᠣᠣᠷᠬᠠᠯ ᠲᠠᠷᠬᠠᠭᠠᠪᠡ᠃ ᠪᠠᠭᠠᠷᠢᠨ ᠸᠠᠩ ᠰᠣᠨᠣᠰᠣᠭᠠᠳ᠄ ︽ᠡᠨᠡ ᠨᠢ ᠬᠡᠨ ᠪᠣᠯᠴᠢᠬᠠᠪᠡ⁈︾ ᠬᠡᠵᠦ ᠰᠡᠵᠢᠭ ᠲᠦᠷᠣᠨ ᠰᠡᠳᠬᠢᠯ ᠤᠨ ᠲᠠᠷᠣᠭᠠᠰᠣᠳᠠᠢ ᠪᠣᠯᠵᠠᠢ᠃       ᠲᠣᠰ ᠵᠢᠯ ᠤᠨ ᠠᠷᠪᠡᠨ ᠰᠠᠷ᠎ᠠ ᠶᠢᠨ ᠬᠤᠷᠢᠨ ᠲᠠᠪᠣᠨ ᠤ ᠪᠠᠷᠠᠭᠤᠨ ᠰᠦᠮ᠎ᠠ ᠶᠢᠨ ᠵᠣᠯᠨ ᠶᠢᠨ ᠬᠤᠷᠠᠯ ᠳᠤ ᠮᠦᠷᠬᠦᠬᠦ ᠪᠠᠷ ᠬᠤᠰᠢᠭᠤᠨ ᠤ ᠨᠣᠶᠠᠳ ᠲᠦᠰᠢᠮᠡᠳ ᠪᠦᠷ ᠬᠦᠷᠴᠦ᠂ ᠬᠤᠷᠠᠯ ᠲᠠᠷᠬᠠᠭᠰᠡᠨ ᠤ ᠲᠠᠷᠠᠭ᠎ᠠ᠂ ᠨᠣᠶᠠᠳ ᠲᠦᠰᠢᠮᠡᠳ ᠬᠠᠷᠠᠩᠭᠤᠢ ᠰᠦᠨᠢ ᠶᠠᠮᠣᠨ ᠵᠦᠭ ᠢᠶᠠᠨ ᠪᠣᠴᠠᠬᠤ ᠵᠠᠭᠤᠷ᠎ᠠ ᠪᠠᠨ ᠵᠡᠬᠦᠨ ᠡᠮᠣᠨᠡᠳᠦ ᠵᠦᠭ ᠲᠤ ᠠᠶᠣᠩᠭ᠎ᠠ ᠨᠢᠵᠢᠬᠢᠨᠡᠬᠦ ᠮᠡᠳᠦ ᠲᠦᠡᠭᠬᠢᠨᠡᠵᠦ᠂ ᠨᠢᠭᠡᠨ ᠶᠡᠭᠡ ᠬᠡᠷᠡᠯᠳᠦ ᠣᠳᠣᠨ ᠪᠠᠷᠠᠭᠤᠨ ᠬᠤᠶᠢᠰᠢ ᠬᠠᠷᠪᠣᠨ ᠣᠨᠠᠭᠰᠡᠨ ᠢ ᠣᠯᠵᠦ ᠦᠵᠡᠵᠠᠢ᠃ ᠸᠠᠩ ᠨᠣᠶᠠᠨ ᠬᠠᠷᠪᠣᠭᠰᠡᠨ ᠣᠳᠣᠨ ᠢ ᠭᠠᠶᠢᠬᠠᠵᠦ ᠲᠡᠭᠷᠢ ᠶᠢᠨ ᠬᠠᠶᠠᠭ᠎ᠠ ᠶᠢ ᠠᠵᠢᠭᠯᠠᠬᠤᠶ᠎ᠠ᠂ ᠵᠡᠬᠦᠨ ᠡᠮᠣᠨ᠎ᠠ ᠵᠦᠭ ᠲᠤ ᠬᠡᠬᠡ ᠰᠣᠪᠣᠷᠠᠬᠤ ᠰᠢᠭ᠋ ᠴᠠᠭᠠᠨ ᠬᠡᠷᠡᠯ ᠰᠠᠴᠣᠷᠠᠭᠰᠡᠨ ᠢ ᠣᠯᠵᠦ ᠬᠠᠷᠠᠭᠠᠳ᠂ ︽ᠲᠡᠷᠨ ᠶᠠᠭᠤᠨ ᠤ ᠬᠡᠷᠡᠯ ᠪᠣᠢ︖︾ ᠬᠡᠵᠦ ᠲᠠᠭᠠᠭᠰᠡᠳ ᠠᠴᠠ ᠪᠠᠨ ᠰᠣᠴᠢᠮᠠᠭ ᠠᠰᠠᠭᠤᠵᠠᠢ᠃ ᠢᠡᠭᠬᠢᠬᠦᠯᠡᠷ ᠮᠠᠨᠵᠦ ᠨᠣᠶᠠᠨ ᠬᠡᠳᠣᠶᠢᠨᠠᠢ ᠵᠠᠪᠳᠣᠵᠦ᠄ ︽ᠬᠠᠢ︕ ᠸᠠᠩ ᠨᠣᠶᠠᠨ ᠲᠡᠬᠦᠨ ᠢ ᠰᠠᠶ᠋ᠢ ᠣᠯᠵᠦ ᠬᠠᠷᠠᠵᠦ ᠪᠠᠶᠢᠬᠤ ᠶᠤᠮ ᠦᠦ︖ ᠵᠡᠬᠦᠨ ᠡᠮᠣᠨ᠎ᠠ ᠠᠴᠠ ᠬᠡᠳᠦ ᠣᠳᠠᠭ᠎ᠠ ᠬᠡᠷᠡᠯ ᠭᠠᠷᠴᠦ ᠪᠠᠶᠢᠬᠤ ᠶᠤᠮ ᠰᠢᠦ︕ ᠰᠢᠨᠵᠢᠭᠡᠴᠢ ᠪᠠᠭᠰᠢ ᠶᠢᠨ ᠬᠡᠯᠡᠬᠦ ᠪᠠᠷ ᠁︾ ᠬᠡᠵᠦ ᠲᠣᠯᠣᠭᠠᠢ ᠲᠠᠮᠠᠷᠣᠳᠠᠨ ᠲᠣᠷᠭᠤᠨ ᠦᠬᠦᠯᠡᠵᠠᠢ᠃ ᠡᠬᠦᠨ ᠤ ᠲᠠᠷᠠᠭ᠎ᠠ ᠲᠠᠮᠠᠢ ᠬᠡᠳᠣᠨ ᠡᠳᠣᠷ ᠪᠣᠯᠣᠭᠰᠡᠨ ᠦᠭᠡᠢ ︽ᠸᠠᠩ ᠨᠣᠶᠠᠨ ᠤ ᠰᠢᠷᠠᠯᠠᠬᠠᠵᠦ ᠪᠠᠶᠢᠬᠤ ᠨᠢ ᠬᠤᠨᠭ᠍ᠬᠢᠷᠠᠳ ᠠᠴᠠ ᠰᠣᠪᠢᠴᠨ ᠲᠠᠢ ᠬᠡᠨ᠎ᠠ᠃ ᠮᠠᠨᠵᠦ ᠰᠢᠨᠵᠢᠭᠡᠴᠢ ᠎ ᠶᠢᠨ ᠮᠡᠷᠭᠡᠯᠡᠭᠰᠡᠨ ᠪᠠ ᠲᠦᠪᠡᠳ ᠯᠠᠮᠪᠣᠬᠠᠢ ᠶᠢᠨ ᠲᠦᠯᠬᠡᠳᠡᠭᠰᠡᠨ ᠨᠢ ᠡᠬᠡᠬᠡ ᠠᠳᠠᠯᠢ ᠬᠡᠨ᠎ᠠ᠂ ᠲᠡᠬᠡᠬᠦ ᠳᠡᠭᠡᠨ ᠬᠤᠨᠭ᠍ᠬᠢᠷᠠᠳ ᠤᠨ ᠲᠠᠮᠠᠭ᠎ᠠ ᠶᠢ ᠁︾ ᠬᠡᠬᠦ ᠮᠡᠳᠦ ᠵᠣᠶᠢᠭᠤᠷ ᠦᠭᠡ ᠣᠷᠳᠣᠨ ᠲᠠᠶᠠᠭᠠᠷ ᠲᠠᠷᠬᠠᠵᠦ ᠪᠠᠶᠢᠯ᠎ᠠ᠃        ᠬᠤᠪ ᠦᠭᠡ ᠡᠵᠡᠨ ᠵᠣᠷᠭᠠᠨ ᠢ ᠰᠣᠴᠢᠭᠠᠵᠦ᠂ ᠬᠤᠣᠷᠳᠦ ᠰᠣᠮᠣ ᠭᠤᠣᠯ ᠵᠢᠷᠣᠭᠡᠨ᠎ᠠ ᠲᠣᠰᠣᠮᠠᠷ ᠪᠠᠶᠢᠬᠤ ᠶᠢ ᠬᠤᠨᠭ᠍ᠬᠢᠷᠠᠳ ᠪᠠᠭᠠᠷᠢᠨ ᠤ ᠰᠦᠨ ᠰᠡᠳᠬᠢᠯᠳᠡᠨ ᠬᠡᠷᠬᠢᠨ ᠮᠡᠳᠡᠬᠦ ᠠᠵᠢ᠃ ᠶᠠᠭ ᠡᠨᠡ ᠦᠶ᠎ᠠ ᠳᠤ ᠵᠡᠬᠦᠨ᠎ᠠ᠂ ᠬᠤᠷᠴᠢᠨ ᠳᠤ ᠣᠷᠪᠠᠯᠭ᠎ᠠ ᠭᠠᠷᠴᠦ᠂ ᠪᠠᠷᠠᠭᠤᠨ᠎ᠠ ᠲᠠᠩᠭᠤᠳ ᠲᠤ ᠬᠤᠯᠠᠭᠠᠢ ᠪᠣᠰᠣᠭᠰᠡᠨ ᠴᠠᠭ ᠪᠠᠶᠢᠭᠰᠡᠨ ᠪᠣᠯᠬᠤᠷ᠂ ᠴᠢᠩ ᠣᠯᠣᠰ ᠤᠨ ᠨᠣᠶᠠᠷᠬᠠᠭᠴᠢᠳ ᠲᠤ ᠮᠣᠩᠭᠤᠯᠴᠣᠳ ᠤᠨ ᠬᠦᠴᠣᠨ ᠢ ᠰᠠᠷᠨᠢᠭᠤᠯᠬᠤ ᠰᠠᠶᠢᠨ ᠲᠣᠬᠢᠶᠠᠯ ᠪᠣᠯᠵᠦ ᠪᠢᠯᠨ᠃ ᠬᠡᠪᠡᠴᠦ ᠪᠠᠭᠠᠷᠢᠨ ᠤ ᠴᠡᠷᠢᠭ ᠤᠨ ᠬᠤᠷᠴᠢᠨ ᠳᠤ ᠶᠠᠪᠣᠭᠤᠯᠪᠡᠯ ᠬᠤᠯᠠᠭᠠᠢ ᠲᠠᠢ ᠡᠶᠡᠳᠡᠵᠦ ᠮᠡᠳᠡᠬᠦ᠂ ᠢᠯᠠᠩᠭᠤᠶ᠎ᠠ ᠬᠤᠨᠭ᠍ᠬᠢᠷᠠᠳ᠂ ᠪᠠᠭᠠᠷᠢᠨ ᠤ ᠴᠡᠷᠢᠭ ᠢ ᠬᠠᠮᠳᠦ ᠶᠠᠪᠣᠭᠤᠯᠪᠡᠯ ᠬᠤᠷᠢᠭᠠᠳᠠᠢ ᠪᠠᠷᠰ ᠢ ᠲᠠᠯᠪᠢᠭᠰᠡᠨ ᠮᠡᠳᠦ ᠪᠣᠯᠣᠨ᠎ᠠ ᠬᠡᠵᠦ ᠰᠡᠷᠡᠮᠵᠢᠯᠡᠭᠡᠳ ᠬᠠᠭᠠᠨ ᠡᠵᠡᠨ ᠵᠠᠷᠯᠢᠭ ᠪᠣᠯᠵᠦ᠂ ᠪᠠᠭᠠᠷᠢᠨ ᠸᠠᠩ ᠣᠣᠯ ᠴᠡᠷᠢᠭ ᠢᠶᠠᠨ ᠠᠪᠴᠦ ᠲᠠᠩᠭᠤᠳ ᠎ ᠤᠨ ᠬᠤᠯᠠᠭᠠᠢ ᠶᠢ ᠲᠦᠪᠰᠢᠳᠭᠡᠬᠦ ᠪᠠᠷ ᠪᠡᠶ᠎ᠠ ᠪᠠᠷ ᠮᠣᠷᠳᠠ ᠬᠡᠮᠡᠵᠠᠢ᠃ ᠸᠠᠩ ᠯᠠᠭᠰᠢᠨ ᠢᠯᠡᠷᠢ ᠪᠣᠯᠣᠭᠠᠳᠣᠢ ᠪᠠᠶᠢᠭᠰᠡᠨ ᠲᠣᠯᠨ ᠮᠠᠨᠵᠦ ᠵᠠᠩᠵᠣᠨ ᠳᠤ ᠭᠤᠶᠣᠴᠢᠯᠠᠵᠦ ᠸᠠᠩ ᠤᠨ ᠬᠦᠪᠡᠬᠦᠨ ᠡᠴᠢᠭᠡ ᠸᠠᠩ ᠢ ᠣᠷᠣᠯᠠᠨ ᠴᠡᠷᠢᠭ ᠲᠤ ᠮᠣᠷᠳᠠᠪᠡ᠃ ᠪᠠᠭᠠᠷᠢᠨ ᠴᠡᠷᠢᠭ ᠮᠣᠷᠳᠠᠭᠠᠳ ᠲᠠᠮᠡᠢ ᠣᠳᠠᠭᠰᠡᠨ ᠦᠭᠡᠢ ᠪᠠᠶᠢᠳᠠᠯ᠂ ᠮᠢᠩ ᠣᠯᠣᠰ ᠤᠨ ᠦᠶ᠎ᠠ ᠳᠤ ᠯᠢᠶᠣᠣ ᠳ᠋ᠦᠡᠭ ᠤᠨ ᠶᠡᠷᠣᠩᠭᠡᠢ ᠮᠡᠳᠡᠭᠴᠢ ᠪᠠᠶᠢᠭᠰᠡᠨ ᠡᠣ ᠰᠡᠨ ᠬᠦᠢ᠂ ᠲᠠᠶᠢᠴᠢᠩ ᠬᠦᠷᠣᠨ ᠳᠤ ᠲᠠᠭᠠᠵᠦ ᠡᠮᠣᠨᠡᠳᠦ ᠭᠠᠵᠠᠷ ᠨᠣᠶᠠᠨ ᠰᠠᠭᠤᠵᠦ ᠪᠠᠶᠢᠭᠠᠳ ᠦᠪᠡᠷ ᠤᠨ ᠪᠡᠶ᠎ᠠ ᠪᠠᠨ ᠡᠵᠡᠨ ᠬᠠᠭᠠᠨ ᠡᠷᠬᠦᠮᠵᠢᠯᠡᠵᠦ ᠴᠡᠷᠢᠭ ᠪᠣᠰᠬᠠᠨ ᠴᠢᠩ ᠣᠯᠣᠰ ᠢ ᠡᠰᠡᠷᠬᠦᠴᠡᠭᠰᠡᠨ ᠪᠠᠶᠢᠨ᠎ᠠ᠃ ᠡᠣ ᠰᠠᠨ ᠬᠦᠢ ᠶᠢ ᠲᠠᠷᠣᠬᠤ ᠲᠣᠬᠠᠢ ᠡᠵᠡᠨ ᠬᠠᠭᠠᠨ ᠵᠠᠷᠯᠢᠭ ᠪᠣᠯᠵᠦ᠂ ᠮᠣᠩᠭᠤᠯ ᠬᠤᠰᠢᠭᠤᠳ ᠤᠨ ᠴᠡᠷᠢᠭ ᠢ ᠮᠣᠷᠳᠠ ᠬᠡᠵᠠᠢ᠃ ᠪᠠᠭᠠᠷᠢᠨ ᠸᠠᠩ ᠪᠠᠰᠨ ᠪᠢᠴᠢᠭ ᠪᠠᠭᠤᠯᠭᠠᠵᠦ᠂ ᠬᠤᠨᠭ᠍ᠬᠢᠷᠠᠳ ᠎ ᠤᠨ ᠠᠷᠪᠡᠨ ᠲᠠᠪᠣᠨ ᠨᠠᠰᠣᠨ ᠠᠴᠠ ᠲᠡᠭᠡᠭᠰᠢ ᠡᠷᠡᠴᠣᠳ ᠢ ᠴᠦᠮ ᠴᠡᠷᠢᠭ ᠲᠤ ᠮᠣᠷᠳᠠ ᠬᠡᠵᠠᠢ᠃       ᠯᠠᠪᠳᠠᠢ ᠬᠤᠨᠭ᠌ ᠲᠠᠶᠢᠵᠢ᠂ ᠸᠠᠩ ᠤᠨ ᠲᠠᠮᠠᠭᠠᠳᠦ ᠪᠢᠴᠢᠭ ᠢ ᠣᠯᠣᠮᠠᠭᠴᠨ᠂ ᠭᠠᠪᠢᠶ᠎ᠠ ᠪᠠᠶᠢᠭᠤᠯᠬᠤ ᠰᠠᠶᠢᠨ ᠲᠣᠬᠢᠶᠠᠯ ᠬᠡᠵᠦ ᠰᠡᠳᠬᠢᠭᠡᠳ᠂ ᠬᠤᠨᠭ᠍ᠬᠢᠷᠠᠳ ᠎ ᠤᠨ ᠡᠷᠡᠴᠣᠳ ᠢ ᠪᠢᠯᠠᠭᠤ ᠲᠠᠭᠠᠭᠠᠬᠤ ᠶᠢᠨ ᠬᠡᠮ ᠢᠶᠠᠷ ᠴᠡᠷᠢᠭ ᠲᠤ ᠲᠠᠶᠢᠴᠢᠯᠠᠵᠦ᠂ ᠣᠯᠳᠠᠢ ᠣᠰᠣᠳᠠᠢ ᠬᠤᠶᠠᠷ ᠨᠣᠶᠠᠨ ᠢᠶᠠᠷ ᠵᠠᠬᠢᠷᠣᠭᠤᠯᠣᠨ ᠮᠣᠷᠳᠠᠭᠤᠯᠪᠡ᠃ ᠲᠡᠭᠡᠷᠡᠬᠢ ᠶᠢᠨ ᠵᠠᠷᠯᠢᠭ ᠮᠠᠰᠢ ᠪᠠᠴᠢᠮ ᠬᠦᠨᠳᠦ ᠪᠣᠯᠬᠤᠷ᠂ ᠣᠯᠳᠠᠢ ᠨᠣᠶᠠᠨ ᠠᠷᠪᠡᠨ ᠭᠤᠷᠪᠠᠳᠠᠢ ᠣᠳᠬᠤᠨ ᠬᠦᠪᠡᠬᠦᠨ ᠢᠶᠠᠨ ᠡᠬᠡ ᠳᠤᠨᠢ ᠦᠯᠡᠳᠡᠭᠡᠵᠦ᠂ ᠬᠤᠷᠢᠨ ᠨᠠᠰᠣ ᠬᠦᠷᠣᠭᠡᠳᠣᠢ ᠭᠤᠷᠪᠡᠨ ᠬᠦᠪᠡᠬᠦᠨ ᠢᠶᠠᠨ ᠴᠦᠮ ᠴᠡᠷᠢᠭ ᠲᠤ ᠡᠯᠰᠡᠵᠦ ᠲᠠᠭᠠᠭᠤᠯᠣᠨ ᠶᠠᠪᠣᠪᠡ᠃     ᠣᠯᠳᠠᠢ ᠨᠣᠶᠠᠨ ᠴᠡᠷᠢᠭ ᠲᠤ ᠮᠣᠷᠳᠠᠬᠤ ᠳᠠᠭᠠᠨ᠂ ᠠᠷᠪᠡᠨ ᠰᠣᠮᠣᠨ ᠤ ᠳ᠋ᠠ ᠨᠠᠷ ᠬᠢᠭᠡᠳ ᠭᠤᠷᠪᠡᠨ ᠬᠦᠪᠡᠬᠦᠨ ᠢᠶᠠᠨ ᠲᠠᠭᠠᠭᠤᠯᠵᠦ᠂ ᠬᠦᠡᠭᠵᠦ ᠮᠠᠮᠨ ᠳᠤ ᠪᠠᠷᠠᠭᠠᠯᠠᠵᠠᠢ᠃ ᠬᠦᠡᠭᠵᠦ ᠮᠠᠮᠨ᠂ ᠣᠯᠳᠠᠢ ᠨᠣᠶᠠᠨ ᠳᠤ ᠬᠠᠰ ᠬᠤᠨᠳᠠᠭᠠᠳᠦ ᠠᠷᠢᠬᠢ ᠱᠠᠩᠨᠠᠵᠦ᠄ ︽ᠬᠦᠦ ᠮᠢᠨᠢ᠂ ᠠᠯᠣᠰ ᠬᠤᠯᠨ ᠶᠢᠨ ᠠᠶᠠᠨ ᠲᠠᠶᠢᠨ ᠳᠤ ᠠᠮᠣᠷ ᠮᠡᠨᠳᠦ ᠶᠠᠪᠤ︕ ᠬᠤᠰᠭᠤᠢ ᠨᠣᠳᠤᠭ ᠤᠨ ᠠᠯᠳᠠᠷ ᠨᠡᠷ᠎ᠠ ᠶᠢ ᠮᠠᠨᠳᠣᠭᠤᠯᠵᠦ ᠶᠠᠪᠤ︕︾ ᠬᠡᠵᠦ ᠢᠷᠣᠭᠡᠵᠠᠢ᠃     ᠣᠯᠳᠠᠢ ᠶᠢᠨ ᠴᠡᠷᠢᠭ᠂ ᠲᠠᠶᠢᠨ ᠳᠤ ᠮᠣᠷᠳᠠᠭᠠᠳ ᠵᠢᠯ ᠢᠯᠡᠬᠦᠦ ᠪᠣᠯᠳᠠᠯ᠎ᠠ ᠣᠭᠳᠣᠬᠠᠨ ᠴᠦ ᠴᠢᠮᠡᠭᠡ ᠰᠣᠷᠠᠭ ᠦᠭᠡᠢ ᠪᠠᠶᠢᠪᠡ᠃ ᠠᠷᠦ ᠬᠡᠷ ᠤᠨ ᠬᠢᠨ ᠴᠦᠮ ᠰᠠᠨᠠᠭᠠᠨ ᠤ ᠵᠣᠪᠠᠯᠠᠩ ᠪᠣᠯᠵᠦ ᠪᠠᠶᠢᠯ᠎ᠠ᠃ ᠶᠠᠭ ᠡᠨᠡ ᠦᠶ᠎ᠠ ︵ᠡᠩᠬᠡ ᠠᠮᠣᠭᠤᠯᠠᠩ ᠤᠨ ᠠᠷᠪᠡᠨ ᠲᠦᠷᠪᠡ — ᠲᠠᠪᠣᠳᠣᠭᠠᠷ ᠣᠨ ᠪᠣᠯᠣᠯᠳᠠᠢ︶᠎ ᠳᠤ ᠯᠠᠪᠳᠠᠢ ᠬᠤᠨᠭ᠌ ᠲᠠᠶᠢᠵᠢ᠂ ᠪᠠᠭᠠᠷᠢᠨ ᠸᠠᠩ ᠤᠨ ᠪᠢᠴᠢᠭ ᠢ ᠲᠣᠰᠴᠦ ᠠᠪᠴᠠᠢ᠃ ᠲᠡᠷᠨ ᠪᠢᠴᠢᠭ ᠤᠨ ᠭᠤᠣᠯ ᠠᠭᠤᠯᠭ᠎ᠠ ᠨᠢ᠄ ︽ᠡᠨᠡ ᠵᠢᠯ ᠤᠨ ᠲᠠᠪᠣᠨ ᠰᠠᠷ᠎ᠠ ᠶᠢᠨ ᠰᠢᠨ᠎ᠠ ᠎ ᠶᠢᠨ ᠲᠠᠪᠣᠨ ᠤ ᠡᠳᠣᠷ ᠵᠠᠬᠡᠷᠡᠳᠦ ᠳᠤ ᠵᠡᠭᠡᠷ᠎ᠠ ᠬᠤᠮᠣᠷᠭᠠᠯᠠᠶ᠎ᠠ᠂ ᠲᠨ ᠵᠡᠬᠦᠨ ᠪᠠ ᠡᠮᠣᠨ᠎ᠠ ᠲᠠᠯ᠎ᠠ ᠶᠢ ᠬᠦᠭᠡᠭᠡ︕ ᠪᠢᠳᠠᠨ ᠪᠠᠷᠠᠭᠤᠨ ᠪᠠ ᠠᠷᠦ ᠲᠠᠯ᠎ᠠ ᠶᠢ ᠲᠠᠷᠣᠵᠦ ᠲᠣᠰᠠᠯᠠᠭᠴᠢ ᠨᠣᠶᠠᠨᠳᠠᠨ ᠲᠠᠢ ᠰᠠᠶᠢᠬᠠᠨ ᠵᠠᠩᠳᠦ ᠶᠢᠨ ᠡᠩᠬᠡᠷ ᠠᠭᠤᠯᠵᠠᠶ᠎ᠠ᠂ ᠡᠨᠡ ᠣᠳᠠᠭᠠᠨ ᠤ ᠠᠭᠤᠯᠵᠠᠯᠳᠠ ᠲᠡᠭᠡᠷ᠎ᠠ ᠮᠡᠬᠦᠰ ᠪᠢ ᠪᠠᠷ ᠬᠤᠨᠭ᠍ᠬᠢᠷᠠᠳ ᠤᠨ ᠡᠷᠳᠡᠨᠢ ᠲᠠᠮᠠᠭ᠎ᠠ ᠳᠤᠷ ᠮᠦᠷᠬᠦᠵᠦ ᠠᠳᠢᠰ ᠠᠪᠬᠤ ᠶᠢ ᠬᠦᠰᠡᠵᠦ ᠪᠠᠶᠢᠨ᠎ᠠ︾ ᠬᠡᠵᠦ ᠮᠡᠳᠡᠭᠳᠡᠵᠠᠢ᠃ ᠯᠠᠪᠳᠠᠢ ᠬᠤᠨᠭ᠌ ᠲᠠᠶᠢᠵᠢ ᠲᠣᠰᠠᠯᠠᠭᠴᠢ ᠨᠣᠶᠠᠨ᠂ ᠸᠠᠩ ᠤᠨ ᠪᠢᠴᠢᠭ ᠢ ᠣᠡᠭᠰᠢᠵᠦ ᠲᠠᠭᠤᠰᠣᠮᠠᠭᠴᠨ᠂ ᠠᠷᠪᠡᠨ ᠰᠣᠮᠣ ᠠᠷᠠᠳ ᠢᠷᠭᠡᠳ ᠲᠡᠭᠡᠨ ᠠᠪᠡ ᠶᠢᠨ ᠵᠠᠷ ᠲᠠᠷᠬᠠᠭᠠᠵᠦ᠂ ᠡᠷᠳᠠᠨᠢ ᠲᠠᠮᠠᠭ᠎ᠠ ᠪᠠᠨ ᠠᠪᠴᠦ ᠶᠠᠪᠣᠬᠤ ᠪᠠᠷ ᠰᠢᠭᠤᠳᠪᠡ᠃ ᠲᠣᠰᠠᠯᠠᠭᠴᠢ ᠨᠣᠶᠠᠨ ᠤ ᠮᠡᠷᠭᠡᠨ ᠬᠠᠳᠣᠭᠳᠠᠢ ᠪᠣᠳᠣᠯᠭ᠎ᠠ ᠪᠣᠯᠵᠦ᠄ ︽ᠪᠠᠭᠠᠷᠢᠨ ᠸᠠᠩ ᠮᠠᠨ ᠤ ᠡᠷᠳᠠᠨᠢ ᠲᠠᠮᠠᠭᠠᠨ ᠳᠤᠷ ᠮᠦᠷᠬᠦᠵᠦ ᠠᠳᠢᠰ ᠠᠪᠣᠨ᠎ᠠ ᠬᠡᠭᠴᠢ ᠨᠢ ᠴᠢᠩ ᠰᠡᠳᠬᠢᠯ ᠤᠨ ᠦᠭᠡ ᠪᠣᠰᠣ᠂ ᠲᠡᠷᠨ ᠦᠨᠡᠭᠡᠷ ᠡᠷᠳᠠᠨᠢ ᠲᠠᠮᠠᠭ᠎ᠠ ᠶᠢ ᠨᠠᠨᠳᠢᠨ ᠰᠢᠳᠣᠭᠡᠨ ᠢᠶᠠᠷ ᠦᠵᠡᠭᠰᠡᠨ ᠪᠣᠯ ᠠᠪᠠ ᠬᠤᠮᠣᠷᠭᠠᠯᠭ᠎ᠠ ᠲᠡᠭᠡᠷ᠎ᠠ ᠠᠪᠴᠦ ᠢᠷ᠎ᠠ ᠬᠡᠬᠦ ᠦᠭᠡᠢ᠂ ᠡᠷᠳᠠᠨᠢ ᠲᠠᠮᠠᠭ᠎ᠠ ᠶᠠᠮᠠᠷ ᠪᠢᠯᠠᠭᠤ ᠰᠢᠳᠠᠮ ᠶᠤᠮ ᠦᠦ⁈︾ ᠬᠡᠵᠦ ᠰᠠᠨᠠᠭᠤᠯᠣᠨ ᠬᠤᠷᠢᠭᠯᠠᠵᠠᠢ᠃ ᠰᠠᠪᠠᠨᠭ᠌ ᠲᠠᠶᠢᠵᠢ᠂ ᠡᠬᠡ ᠶᠢᠨ ᠢᠶᠠᠨ ᠦᠭᠡ ᠶᠢ ᠡᠯᠬᠦᠵᠦ᠂ ᠡᠴᠢᠭᠡ ᠳᠡᠭᠡᠨ᠄ ︽ᠪᠠᠭᠠᠷᠢᠨ ᠸᠠᠩ ᠮᠠᠨ ᠤ ᠡᠷᠳᠠᠨᠢ ᠲᠠᠮᠠᠭ᠎ᠠ ᠠᠴᠠ ᠦᠨᠡᠭᠡᠷ ᠠᠳᠢᠰ ᠠᠪᠣᠶ᠎ᠠ ᠬᠡᠪᠡᠯ ᠪᠢᠳᠠ ᠸᠠᠩ ᠢ ᠪᠣᠭᠤᠨᠢ ᠰᠡᠷᠠᠪᠴᠢ᠂ ᠪᠣᠬᠢᠷ ᠣᠳᠣᠭᠠᠨ ᠳᠠᠭᠠᠨ ᠵᠠᠯᠠᠭᠰᠡᠨ ᠴᠦ ᠪᠣᠯᠣᠨ᠎ᠠ᠂ ᠸᠠᠩ ᠨᠣᠶᠠᠨ  ᠪᠣᠭᠳᠠ ᠴᠢᠩᠬᠢᠰ ᠤᠨ ᠦᠷᠡᠳᠡᠰ ᠬᠡᠬᠦ ᠳᠤ᠂ ᠪᠢᠳᠠ ᠴᠦ ᠮᠦᠨ ᠡᠬᠡᠯ ᠬᠠᠷᠠᠵᠦ ᠠᠷᠠᠳ ᠪᠣᠰᠣ᠂ ᠨᠢᠭᠡᠨ ᠮᠦᠬᠦᠯᠢᠭ ᠦᠷ᠎ᠠ ᠠᠴᠠ ᠮᠢᠩᠭᠠᠨ ᠰᠦᠶᠣᠭᠡ ᠣᠷᠭᠤᠭᠰᠡᠨ ᠲᠡᠳᠣᠢ ᠪᠢᠵᠨ ᠡ︕︾ ᠬᠡᠵᠠᠢ᠃ ᠬᠠᠳᠣᠳ ᠬᠦᠪᠡᠬᠦᠳ ᠨᠢ ᠬᠡᠳᠣᠢ ᠮᠣᠰᠬᠢᠭᠰᠡᠨ ᠴᠦ ᠲᠣᠰᠠᠯᠠᠭᠴᠢ ᠨᠣᠶᠠᠨ ᠤ ᠰᠠᠨᠠᠭ᠎ᠠ ᠶᠢ ᠪᠣᠴᠠᠭᠠᠵᠦ ᠴᠢᠳᠠᠭᠰᠡᠨ ᠦᠭᠡᠢ᠃ ᠠᠪᠡ ᠶᠢᠨ ᠡᠳᠣᠷ ᠪᠣᠯᠬᠤ ᠳᠤ ᠡᠪᠣᠭᠡᠨ ᠨᠣᠶᠠᠨ ᠪᠣᠷᠬᠠᠨ ᠬᠦᠡᠭᠭᠠᠷᠪᠡ ᠠᠴᠠ ᠪᠠᠨ ᠡᠷᠳᠠᠨᠢ ᠲᠠᠮᠠᠭ᠎ᠠ ᠪᠠᠨ ᠵᠠᠯᠠᠨ ᠠᠪᠴᠦ ᠬᠦᠭᠡ ᠲᠣᠷᠭᠠᠨ ᠲᠡᠭᠳᠡᠨ ᠳᠤᠷ ᠠᠬᠤᠭᠤᠯᠵᠦ ᠬᠦᠴᠣᠵᠬᠦᠨ ᠳᠡᠭᠡᠨ ᠵᠡᠬᠦᠭᠡᠳ ᠮᠣᠷᠳᠠᠪᠡ᠃       ᠬᠤᠨᠭ᠍ᠬᠢᠷᠠᠳ ᠠᠶᠢᠮᠠᠭ ᠡᠩ ᠬᠦᠷᠣᠭᠡ ᠬᠢᠬᠦ ᠬᠡᠪᠡᠯ᠂ ᠬᠦᠭᠰᠢᠨ ᠵᠠᠯᠠᠭᠤ᠂ ᠡᠷᠡᠭᠳᠠᠢ ᠡᠮᠡᠭᠳᠠᠢ ᠢᠯᠭᠠᠯ ᠦᠭᠡᠢ ᠰᠠᠭᠠᠳᠠᠭ ᠬᠤᠷᠣᠮᠰᠠᠭ᠎ᠠ ᠠᠭᠰᠣᠨ᠂ ᠰᠢᠪᠠᠭᠤ ᠨᠣᠬᠠᠢ ᠲᠠᠭᠠᠭᠤᠯᠵᠦ ᠶᠠᠪᠣᠬᠤ ᠵᠠᠩᠰᠢᠯ ᠲᠠᠢ ᠲᠣᠯᠨ᠂ ᠦᠷ ᠤᠨ ᠬᠠᠷᠠᠩᠭᠤᠢ ᠪᠠᠷ ᠬᠦᠳᠡᠯᠣᠯᠴᠠᠵᠦ᠂ ᠲᠠᠯ᠎ᠠ ᠶᠢᠨ ᠵᠡᠭᠡᠷ᠎ᠠ ᠶᠢ ᠲᠠᠰᠣ ᠬᠤᠷᠢᠶᠠᠭᠰᠠᠭᠠᠷ ᠡᠩᠨᠡᠷᠡᠨ ᠶᠠᠪᠣᠵᠠᠭᠠᠨ᠎ᠠ᠃ ᠠᠪᠠ ᠶᠢᠨ ᠬᠤᠶᠠᠷ ᠵᠢᠬᠦᠷ ᠵᠣᠯᠭᠠᠬᠤ ᠲᠠᠢ ᠵᠡᠷᠭᠡ ᠠᠰᠪᠣᠷ ᠴᠠᠶᠢᠯᠭᠠᠨ ᠵᠠᠩ ᠲᠠᠢ ᠬᠤᠨᠭ᠍ᠬᠢᠷᠠᠳᠴᠣᠳ ᠬᠠᠷᠴᠠᠭᠠᠢ ᠰᠢᠪᠠᠭᠤ ᠰᠣᠮᠣᠳᠠᠭᠤᠯᠣᠨ᠂ ᠮᠣᠷᠢ ᠨᠢᠰᠭᠡᠨ ᠨᠣᠬᠠᠢ ᠱᠣᠮᠪᠣᠭᠤᠯᠵᠦ᠂ ᠮᠣᠷᠣᠢ ᠰᠢᠳᠠᠮ ᠤᠨ ᠡᠷᠳᠡᠮ ᠢ ᠭᠠᠶᠢᠬᠠᠭᠤᠯᠣᠨ᠂ ᠬᠠᠷᠪᠣᠵᠦ ᠨᠠᠮᠨᠠᠬᠤ ᠶᠢ ᠬᠤᠣᠰᠯᠠᠭᠤᠯᠣᠭᠰᠠᠭᠠᠷ ᠨᠡᠯᠢᠶᠡᠳ ᠬᠦᠷᠣᠭᠡᠰᠣ ᠣᠨᠠᠭᠠᠭᠰᠡᠨ ᠪᠠᠶᠢᠵᠠᠢ᠃ ᠬᠡᠳᠣᠢ ᠲᠡᠶᠢᠮᠣ ᠪᠣᠯᠪᠠᠴᠦ ᠬᠡᠣᠬᠡᠳ ᠪᠠᠭᠠᠴᠣᠳ ᠠᠷᠪᠢᠨ᠂ ᠬᠦᠭᠰᠢᠨ ᠪᠠᠭᠤᠷᠠᠢ ᠨᠢ ᠣᠯᠠᠨ ᠲᠣᠯᠨ᠂ ᠬᠦᠮᠣᠨ ᠪᠦᠷᠢ ᠳᠤ ᠪᠦᠬᠦᠯᠢ ᠣᠨᠣᠭᠳᠠᠭᠰᠡᠨ ᠦᠭᠡᠢ ᠠᠵᠢ᠃ ᠬᠠᠷᠢᠨ ᠪᠠᠭᠠᠷᠢᠨ ᠤ ᠵᠠᠯᠠᠭᠤ ᠠᠩᠴᠢᠳ ᠤᠨ ᠭᠠᠨᠵᠤᠭ᠎ᠠ ᠭᠠᠵᠠᠷ ᠰᠢᠬᠦᠷᠴᠦ ᠪᠠᠶᠢᠬᠤ ᠨᠢ ᠬᠤᠯᠨ ᠠᠴᠠ ᠲᠣᠳᠣᠬᠠᠨ ᠬᠠᠷᠠᠭᠳᠠᠵᠦ ᠪᠠᠶᠢᠪᠡ᠃ ᠠᠪᠡ ᠨᠡᠶᠢᠯᠡᠮᠡᠭᠴᠨ ᠪᠠᠭᠠᠷᠢᠨ ᠤ ᠬᠦᠳᠡᠷ ᠠᠩᠴᠢᠳ ᠭᠠᠨᠵᠣᠭᠯᠠᠭ᠎ᠠ ᠪᠠᠨ ᠪᠠᠭᠤᠯᠭᠠᠵᠦ᠂ ᠬᠤᠨᠭ᠍ᠬᠢᠷᠠᠳ ᠤᠨ ᠭᠠᠷ ᠬᠤᠵᠢᠳ ᠭᠠᠨᠵᠤᠭ᠎ᠠ ᠰᠢᠯᠣᠭᠤᠨ ᠡᠪᠣᠭᠡᠳ᠂ ᠬᠡᠣᠬᠡᠳ ᠢ ᠦᠷᠦ ᠡᠪᠡᠳᠣᠨ ᠬᠤᠪᠢ ᠲᠦᠭᠡᠭᠡᠵᠦ ᠦᠭᠴᠦ ᠪᠢᠯᠨ᠃       ᠠᠪᠡ ᠶᠢᠨ ᠦᠷᠣᠭᠡ ᠶᠢᠨ ᠭᠤᠣᠯ ᠲᠣᠮᠳᠠ ᠸᠠᠩ ᠶᠢᠨ ᠡᠬᠦᠯᠡᠨ ᠬᠡ ᠲᠠᠢ ᠬᠦᠭᠡ ᠮᠠᠶᠢᠬᠠᠨ ᠣᠨᠴᠨ ᠢᠯᠭᠠᠷᠠᠨ᠎ᠠ᠃ ᠬᠦᠭᠡ ᠮᠠᠶᠢᠬᠠᠨ ᠤ ᠡᠮᠣᠨ᠎ᠠ ᠵᠢᠶᠦ᠋ᠨ ᠸᠠᠩ᠂ ᠲᠣᠰᠠᠯᠠᠭᠴᠢ ᠨᠣᠶᠠᠨ ᠢ ᠣᠭᠳᠣᠨ ᠲᠣᠳᠣᠭᠰᠢ ᠵᠠᠯᠠᠵᠦ᠂ ᠨᠠᠶᠢᠷ ᠤᠨ ᠰᠢᠷᠡᠭᠡ ᠪᠡᠯᠡᠳᠭᠡᠨ ᠲᠠᠶᠢᠯᠠᠯᠭ᠎ᠠ ᠲᠠᠯᠪᠢᠨ ᠨᠠᠶᠢᠷᠯᠠᠵᠠᠢ᠃ ᠬᠡᠳᠣᠨ ᠬᠡᠮ ᠡᠷᠬᠦᠭᠰᠡᠨ ᠤ ᠬᠤᠶᠢᠨ᠎ᠠ᠂ ᠵᠢᠶᠦ᠋ᠨ ᠸᠠᠩ ᠣᠰᠣ ᠠᠪᠴᠢᠷᠠᠭᠤᠯᠣᠨ ᠭᠠᠷ ᠢᠶᠠᠨ ᠣᠬᠢᠶᠠᠵᠦ᠂ ᠬᠦᠵᠢᠰ ᠠᠰᠠᠭᠠᠨ ᠪᠡᠶ᠎ᠠ ᠪᠠᠨ ᠠᠷᠢᠭᠤᠯᠣᠭᠰᠡᠨ ᠤ ᠲᠠᠷᠠᠭ᠎ᠠ᠂ ᠬᠤᠨᠭ᠍ᠬᠢᠷᠠᠳ ᠤᠨ ᠲᠠᠮᠠᠭ᠎ᠠ ᠶᠢ ᠮᠠᠰᠢ ᠬᠢᠴᠢᠶᠡᠩᠬᠦᠢ ᠪᠠᠷ ᠲᠣᠰᠴᠦ ᠠᠪᠣᠭᠠᠳ᠂ ᠲᠠᠮᠠᠭ᠎ᠠ ᠶᠢᠨ ᠪᠠᠭᠯᠠᠭ᠎ᠠ ᠶᠢ ᠲᠠᠶᠢᠯᠠᠬᠤᠢ ᠳᠤᠷ ᠭᠠᠳᠠᠭᠤᠷ ᠨᠢ ᠲᠡᠭᠷᠢ ᠶᠢᠨ ᠦᠡᠭᠭᠡ ᠲᠠᠢ ᠬᠦᠭᠡ ᠲᠣᠷᠭ᠎ᠠ ᠪᠠᠷ ᠣᠷᠢᠶᠠᠵᠦ ᠲᠡᠬᠦᠨ ᠠᠴᠠ ᠲᠣᠳᠣᠭᠰᠢ ᠲᠠᠪᠣᠨ ᠦᠡᠭᠭᠡ ᠶᠢᠨ ᠲᠣᠷᠭ᠎ᠠ ᠪᠠᠷ ᠲᠠᠪᠬᠤᠷ ᠪᠠᠭᠯᠠᠭᠰᠡᠨ ᠢ ᠨᠢᠭᠡ ᠨᠢᠭᠡ ᠪᠠᠷ ᠨᠢᠮᠪᠠᠢ ᠲᠠᠶᠢᠯᠵᠦ᠂ ᠴᠣᠯᠣ ᠮᠦᠡᠭᠬᠦᠨ ᠭᠤᠣ ᠮᠦᠡᠭᠬᠦᠨ ᠭᠤᠣ ᠭᠠᠷᠭᠠᠨ ᠰᠢᠷᠭᠤᠣᠯ ᠠᠮᠰᠡᠷ ᠢ ᠨᠡᠭᠡᠭᠡᠭᠰᠡᠨ ᠳᠤ᠂ ᠪᠠᠰᠨ ᠰᠢᠷ᠎ᠠ ᠲᠣᠷᠭᠠᠨ ᠬᠠᠳᠠᠭ ᠢᠶᠠᠷ ᠡᠪᠬᠡᠵᠦ ᠪᠠᠶᠢᠯ᠎ᠠ᠃ ᠬᠠᠳᠠᠭ ᠤᠨ ᠡᠪᠬᠡᠬᠡᠰᠣ ᠶᠢ ᠵᠠᠳᠠᠯᠣᠨ ᠡᠷᠳᠠᠨᠢ ᠲᠠᠮᠠᠭ᠎ᠠ ᠶᠢ ᠭᠠᠷᠭᠠᠨ ᠠᠪᠴᠦ᠂ ᠬᠤᠶᠠᠷ ᠭᠠᠷ ᠢᠶᠠᠷ ᠡᠷᠬᠦᠵᠦ ᠮᠠᠩᠯᠠᠢ ᠳᠠᠭᠠᠨ ᠲᠣᠯᠭᠠᠨ᠂ ᠠᠮᠠᠨ ᠳᠠᠭᠠᠨ ᠨᠣᠮ ᠰᠢᠪᠠᠨᠠᠨ ᠣᠳᠠᠳᠠᠯ᠎ᠠ ᠠᠳᠢᠰ ᠠᠪᠣᠭᠰᠡᠨ ᠤ ᠲᠠᠷᠠᠭ᠎ᠠ᠂ ᠲᠣᠣᠷᠠᠬᠢ ᠨᠣᠶᠠᠳ ᠲᠠᠭᠠᠨ ᠲᠠᠮᠵᠢᠭᠤᠯᠵᠠᠢ᠃ ᠲᠠᠳᠠᠨᠠᠷ ᠨᠢ ᠴᠦᠮ ᠨᠢᠭᠡ ᠨᠢᠭᠡ ᠪᠠᠷ ᠢᠶᠠᠨ ᠠᠳᠢᠰ ᠠᠪᠴᠦ᠂ ᠲᠡᠮ ᠲᠡᠮ ᠢᠶᠠᠷ ᠭᠠᠳᠠᠭᠰᠢᠯᠠᠵᠦ ᠪᠢᠯᠨ᠃ ᠭᠠᠳᠠᠨᠠᠬᠢ ᠣᠯᠠᠨ ᠬᠦᠮᠣᠨ ᠠᠪᠭᠠᠨᠠᠯᠳᠣᠵᠦ᠂ ᠠᠮᠨ ᠠᠮᠠᠨ ᠳᠠᠭᠠᠨ ᠨᠠᠳᠠ ᠳᠤ︕ ᠨᠠᠳᠠ ᠳᠤ ᠁ ᠬᠡᠮᠡᠨ ᠣᠶᠢᠮᠡᠯᠳᠣᠵᠦ ᠯᠨ ᠪᠠᠶᠢᠪᠡ᠃ ᠡᠨᠡ ᠦᠶᠡᠰ᠂ ᠸᠠᠩ ᠰᠠᠭᠤᠳᠠᠯ ᠳᠠᠭᠠᠨ ᠰᠠᠭᠤᠭᠠᠳ᠂ ᠡᠪᠣᠭᠡᠨ ᠲᠣᠰᠠᠯᠠᠭᠴᠢ ᠳᠤ ᠪᠠᠶᠢᠨ ᠪᠠᠶᠢᠨ ᠦᠪᠡᠷ ᠤᠨ ᠭᠠᠷ ᠢᠶᠠᠷ ᠠᠷᠢᠬᠢ ᠬᠠᠶᠢᠷᠠᠯᠠᠵᠦ᠂ ᠮᠠᠰᠢ ᠬᠦᠨᠳᠣᠳᠭᠡᠨ ᠲᠠᠶᠢᠯᠠᠵᠦ᠂ ᠶᠡᠭᠡ ᠬᠦᠭᠵᠢᠶᠡᠨ ᠲᠠᠢ ᠪᠠᠷ ᠵᠤᠭ᠎ᠠ ᠠᠶᠢᠯᠠᠳᠬᠠᠵᠦ ᠪᠠᠶᠢᠯ᠎ᠠ᠃ ᠭᠠᠳᠠᠨᠠᠬᠢ ᠬᠦᠮᠣᠰ ᠤᠨ ᠱᠣᠣᠬᠢᠶᠠᠨ ᠨᠡᠯᠢᠶᠡᠳ ᠨᠠᠮ ᠪᠣᠯᠬᠤ ᠦᠶ᠎ᠠ ᠳᠤ ᠣᠳᠦ ᠯᠨ ᠪᠠᠷᠤᠭ ᠠᠳᠢᠰ ᠠᠪᠣᠭᠠᠳ ᠬᠦᠢᠴᠡᠭᠰᠡᠨ ᠪᠠᠶᠢᠬ᠎ᠠ ᠬᠡᠵᠦ ᠪᠣᠳᠣᠭᠰᠡᠨ ᠲᠣᠰᠠᠯᠠᠭᠴᠢ᠂ ᠵᠢᠶᠦ᠋ᠨ ᠸᠠᠩ ᠳᠤ᠄ ︽ᠣᠳᠦ ᠲᠠᠮᠠᠭ᠎ᠠ ᠶᠢ ᠠᠭᠤᠯᠣᠶ᠎ᠠ ︾ ᠬᠡᠰᠡᠨ ᠳᠤ᠂ ᠸᠠᠩ᠄ ︽ᠠᠳᠢᠰ ᠠᠪᠣᠭᠠᠳ ᠬᠦᠢᠴᠡᠭᠰᠡᠨ ᠪᠣᠯ ᠲᠠᠮᠠᠭ᠎ᠠ ᠵᠠᠯᠠᠵᠦ ᠢᠷ᠎ᠠ︕︾ ᠬᠡᠵᠦ ᠵᠠᠷᠯᠢᠭ ᠪᠣᠯᠪᠡ᠃ ᠸᠠᠩ ᠤᠨ ᠵᠠᠷᠯᠢᠭ ᠪᠠᠭᠤᠭᠠᠳ ᠡᠳᠣᠢ ᠲᠡᠳᠣᠢ ᠣᠳᠠᠳᠠᠯ᠎ᠠ ᠲᠠᠮᠠᠭ᠎ᠠ ᠶᠢ ᠵᠠᠯᠠᠵᠦ ᠠᠪᠴᠢᠷᠠᠬᠤ ᠬᠦᠮᠣᠨ ᠦᠭᠡᠢ ᠪᠠᠶᠢᠪᠡ᠃ ᠬᠡᠴᠢᠨᠡᠨ ᠣᠳᠠᠭᠰᠡᠨ ᠤ ᠬᠤᠶᠢᠨ᠎ᠠ᠂ ᠨᠢᠭᠡᠨ ᠬᠢᠶ᠎ᠠ ᠣᠷᠣᠵᠦ ᠢᠷᠡᠩᠬᠦᠳᠠ ᠪᠠᠨ ᠲᠦᠰ ᠬᠡᠳᠡᠯ᠎ᠠ ᠰᠦᠬᠦᠳᠴᠦ᠄ ︽ᠲᠠᠮᠠᠭ᠎ᠠ ᠶᠢ ᠡᠷᠢᠭᠡᠳ ᠣᠯᠣᠭᠰᠡᠨ ᠦᠭᠡᠢ︾ ᠬᠡᠵᠦ ᠠᠶᠢᠯᠠᠳᠬᠠᠪᠡ᠃ ᠸᠠᠩ ᠶᠡᠭᠡ ᠠᠭᠤᠷᠰᠴᠦ ᠪᠣᠰᠢᠭᠤ ᠭᠠᠷᠴᠦ᠂ ᠲᠦᠷᠭᠡᠨ ᠠᠪᠴᠢᠷ᠎ᠠ ᠬᠡᠵᠦ ᠵᠠᠩᠳᠣᠷᠵᠠᠢ᠃       ᠲᠣᠰᠠᠯᠠᠭᠴᠢ ᠨᠣᠶᠠᠨ ᠬᠠᠷ᠎ᠠ ᠠᠷᠢᠬᠢᠨ ᠳᠤ ᠬᠠᠯᠠᠮᠰᠢᠭᠠᠳ ᠭᠠᠵᠠᠷ ᠲᠡᠯᠡᠭᠡᠢ ᠲᠡᠶᠢᠪᠠᠯᠵᠠᠵᠦ ᠪᠠᠶᠢᠬᠤ ᠰᠢᠭ᠋ ᠪᠠᠶᠢᠭᠰᠡᠨ ᠤ ᠲᠡᠭᠡᠷ᠎ᠠ ︽ᠲᠠᠮᠠᠭ᠎ᠠ ᠶᠢ ᠡᠷᠢᠭᠡᠳ ᠣᠯᠣᠭᠰᠡᠨ ᠦᠭᠡᠢ︾ ᠬᠡᠰᠡᠨ ᠦᠭᠡ ᠶᠢ ᠰᠣᠨᠣᠰᠣᠮᠠᠭᠴᠨ᠂ ᠴᠢᠬᠢᠨ ᠱᠣᠬᠢᠭᠠᠳ ᠬᠦᠮᠣᠨ ᠤ ᠦᠭᠡ ᠶᠢ ᠰᠣᠨᠣᠰᠬᠤ ᠶᠢ ᠪᠣᠯᠢᠵᠦ᠂ ᠮᠠᠶᠢᠬᠠᠨ ᠠᠴᠠ ᠬᠦᠶᠣᠨ ᠭᠠᠷᠣᠭᠠᠳ᠄ ︽ᠲᠠᠮᠠᠭ᠎ᠠ ᠶᠢ ᠠᠪᠴᠢᠷ᠎ᠠ︕ ᠲᠠᠮᠠᠭ᠎ᠠ ᠶᠢ ᠠᠪᠴᠢᠷ᠎ᠠ︕︾ ᠬᠡᠵᠦ ᠡᠷᠢᠶᠡᠨ ᠮᠠᠷᠢᠶᠠᠨ ᠢᠶᠠᠷ ᠲᠠᠪᠬᠤᠷ ᠪᠠᠷᠬᠢᠷᠠᠵᠠᠢ᠃ ᠡᠬᠦᠨ ᠢ ᠰᠣᠨᠣᠰᠣᠭᠰᠡᠨ ᠪᠦᠬᠦᠨ ᠰᠣᠨᠢᠷᠬᠠᠵᠦ ᠶᠡᠭᠡᠬᠠᠯ ᠣᠶᠢᠮᠡᠯᠳᠣᠬᠦ ᠳᠤ᠂ ᠵᠠᠮᠰᠣ ᠲᠠᠶᠢᠵᠢ ᠡᠴᠢᠭᠡ ᠶᠢᠨ ᠢᠶᠠᠨ ᠲᠡᠷᠭᠡᠳᠠ ᠢᠷᠡᠭᠡᠳ᠄ ︽ᠲᠠᠮᠠᠭ᠎ᠠ ᠶᠢ ᠬᠤᠯᠠᠭᠠᠶᠢᠴᠢ ᠠᠪᠣᠴᠢᠬᠠᠯ᠎ᠠ ᠪᠠ︖︾ ᠬᠡᠬᠦ ᠳᠤ ᠡᠪᠣᠭᠡᠨ ᠲᠣᠰᠠᠯᠠᠭᠴᠢ ᠨᠢᠳᠣᠨ ᠡᠷᠢᠶᠡᠯᠵᠡᠨ ᠲᠠᠶᠢᠪᠠᠯᠵᠢᠳᠠᠯ᠎ᠠ᠂ ᠵᠠᠮᠰᠣ ᠡᠴᠢᠭᠡ ᠪᠠᠨ ᠲᠦᠰᠢᠵᠦ ᠠᠪᠣᠪᠡ᠃ ᠰᠠᠪᠠᠨᠭ᠌ ᠲᠡᠷᠢᠬᠦᠯᠡᠨ ᠬᠤᠨᠭ᠍ᠬᠢᠷᠠᠳ ᠨᠣᠶᠠᠳ ᠲᠠᠶᠢᠵᠢ ᠨᠠᠷ ᠪᠦᠷ ᠢᠷᠡᠯᠴᠡᠵᠦ᠂ ᠡᠪᠣᠭᠡᠨ ᠨᠣᠶᠠᠨ ᠢ ᠲᠠᠩᠬᠡᠷᠡᠬᠦᠯᠬᠦ ᠶᠢᠨ ᠵᠡᠷᠭᠡ᠂ ᠵᠢᠶᠦ᠋ᠨ ᠸᠠᠩ ᠤᠨ ᠡᠮᠣᠨ᠎ᠠ ᠰᠦᠬᠦᠳᠴᠦ᠄ ︽ᠸᠠᠩ ᠦᠷᠣᠰᠢᠶᠡᠵᠦ᠂ ᠡᠷᠳᠠᠨᠢ ᠲᠠᠮᠠᠭ᠎ᠠ ᠶᠢ ᠣᠯᠵᠦ ᠦᠭᠬᠦ ᠪᠣᠯᠪᠡᠣ︾ ᠬᠡᠵᠦ ᠭᠤᠶᠣᠴᠢᠯᠠᠪᠡ᠃      ᠵᠢᠶᠦ᠋ᠨ ᠸᠠᠩ᠂ ᠠᠪᠠ ᠳᠤ ᠣᠴᠢᠭᠰᠡᠨ ᠨᠣᠶᠠᠳ ᠢ ᠴᠦᠮ ᠴᠣᠭᠯᠠᠭᠤᠯᠵᠦ᠄ ︽ᠡᠨᠡ ᠡᠳᠣᠷ᠂ ᠠᠪᠠ ᠳᠤ ᠢᠷᠡᠭᠰᠡᠳ ᠢ ᠨᠢᠭᠡ ᠶᠢ ᠴᠦ ᠪᠣᠴᠠᠭᠠᠵᠦ ᠪᠣᠯᠬᠤ ᠦᠭᠡᠢ᠂ ᠭᠠᠯ ᠭᠠᠯ ᠢᠶᠠᠨ ᠪᠠᠶᠢᠴᠠᠭᠠᠨ᠂ ᠨᠢᠭᠡ ᠨᠢᠭᠡ ᠪᠠᠷ ᠨᠠᠩᠵᠢᠵᠦ᠂ ᠡᠷᠳᠠᠨᠢ ᠲᠠᠮᠠᠭ᠎ᠠ ᠶᠢ ᠵᠠᠪᠡᠯ ᠣᠯᠵᠦ ᠠᠪ︕︾ ᠬᠡᠵᠦ ᠵᠠᠷᠯᠢᠭ ᠪᠣᠯᠪᠡ᠃ ᠵᠠᠷᠯᠢᠭ ᠤᠨ ᠶᠣᠰᠣᠭᠠᠷ ᠪᠦᠬᠦ ᠠᠪᠡ ᠶᠢᠨ ᠬᠦᠷᠢᠶ᠎ᠠ ᠶᠢ ᠬᠠᠭᠠᠭᠠᠵᠦ ᠬᠡᠨ ᠢ ᠴᠦ ᠢᠯᠭᠠᠯ ᠦᠭᠡᠢ ᠬᠦᠮᠣᠨ ᠪᠦᠷᠢ ᠶᠢ ᠢᠴᠡᠭᠭ᠎ᠠ ᠨᠠᠷᠢᠨ ᠨᠡᠩᠵᠢᠭᠡᠳ ᠪᠦᠷᠣᠢ ᠪᠣᠯᠳᠠᠯ᠎ᠠ ᠪᠠᠶᠢᠴᠠᠭᠠᠭᠰᠡᠨ ᠴᠦ ᠲᠠᠮᠠᠭ᠎ᠠ ᠶᠢ ᠡᠰᠨ ᠣᠯᠪᠡ᠃ ᠲᠠᠷᠠᠭ᠎ᠠ ᠦᠷᠯᠣᠭᠡ ᠠᠴᠠ ᠨᠢ ᠡᠬᠢᠯᠡᠨ ᠬᠦᠮᠣᠨ ᠪᠦᠬᠦᠨ ᠬᠦᠳᠡᠯᠣᠯᠴᠠᠵᠦ᠂ ᠬᠦᠷᠢᠶ᠎ᠠ ᠪᠠᠭᠤᠳᠠᠯᠯᠠᠭᠰᠡᠨ ᠭᠠᠵᠠᠷ ᠎ ᠤᠨ ᠡᠪᠡᠰᠣ ᠮᠣᠳᠦ ᠶᠢ ᠡᠷᠬᠢᠬᠦᠯᠣᠨ ᠣᠷᠪᠠᠭᠤᠯᠵᠦ ᠡᠷᠢᠭᠰᠡᠭᠡᠷ ᠪᠠᠰᠨ ᠨᠢᠭᠡ ᠡᠳᠣᠷ ᠢ ᠦᠡᠭᠭᠡᠷᠡᠪᠡ᠃ ᠠᠩᠴᠢᠳ ᠡᠳᠣᠷᠵᠢᠨ ᠲᠠᠮᠠᠭ᠎ᠠ ᠡᠷᠢᠭᠡᠳ ᠣᠷᠣᠢ ᠶᠢᠨ ᠬᠤᠭᠤᠯᠨ ᠪᠠᠨ ᠲᠦᠡᠭᠭᠡᠵᠢ ᠢᠳᠡᠬᠦ ᠬᠡᠵᠦ ᠪᠠᠶᠢᠳᠠᠯ᠎ᠠ᠂ ᠲᠣᠭᠰᠢᠨ ᠰᠠᠯᠬᠢᠨ ᠰᠠᠯᠬᠢᠯᠠᠨ ᠰᠢᠷᠣᠬᠦᠨ ᠪᠣᠷᠣᠭᠠᠨ ᠴᠢᠳᠬᠤᠭᠠᠳ᠂ ᠲᠡᠭᠰᠢ ᠭᠠᠵᠠᠷ ᠲᠠᠰᠢᠶ᠎ᠠ ᠴᠢᠨᠡᠭᠡᠨ ᠣᠰᠣ ᠪᠣᠯᠵᠠᠢ᠃ ᠬᠦᠰᠭᠡ ᠮᠠᠶᠢᠬᠠᠨ ᠬᠦᠳᠡᠭᠡ ᠵᠠᠳᠠᠭᠠᠢ ᠦᠭᠡᠢ ᠬᠦᠮᠣᠨ ᠪᠦᠬᠦᠨ ᠨᠠᠪᠳᠠ ᠰᠢᠪᠳᠣ ᠨᠣᠷᠣᠭᠳᠠᠭᠠᠳ᠂ ᠦᠯᠣᠰᠴᠦ ᠴᠠᠴᠠᠭᠤᠷᠳᠠᠬᠤ ᠲᠠᠪᠬᠤᠴᠡᠨ ᠲᠡᠰᠬᠦᠶ᠎ᠠ ᠪᠡᠷᠭᠡ ᠪᠣᠯᠬᠤ ᠳᠠᠭᠠᠨ ᠡᠬᠦᠳᠠ ᠡᠷᠣᠭᠡ ᠪᠠᠨ ᠬᠠᠭᠠᠵᠦ᠂ ᠦᠷ᠎ᠠ ᠬᠡᠣᠬᠡᠳ ᠢᠶᠠᠨ ᠠᠷᠭᠠᠮᠵᠢᠨ ᠣᠶᠢᠳᠬᠠᠷ ᠰᠡᠷᠬᠦᠭᠡᠬᠦ ᠠᠪᠠ ᠳᠤ ᠭᠠᠷᠣᠭᠰᠡᠨ ᠬᠤᠨᠭ᠍ᠬᠢᠷᠠᠳ ᠎ ᠤᠨ ᠣᠯᠠᠩᠬᠢ ᠨᠢ ᠬᠠᠷᠠᠩᠭᠤᠢ ᠰᠦᠨᠢ ᠦᠶᠡᠷ ᠣᠰᠣᠨ ᠤ ᠲᠣᠮᠳᠠᠭᠤᠷ ᠬᠡᠷ ᠵᠦᠭ ᠢᠶᠠᠨ ᠶᠠᠪᠣᠵᠠᠭᠠᠪᠡ᠃ ᠲᠠᠷᠠᠭ᠎ᠠ ᠦᠷᠯᠣᠭᠡ ᠶᠢᠨ ᠨᠠᠷᠨ ᠮᠡᠨᠳᠣᠬᠤ ᠦᠶ᠎ᠠ ᠳᠤ ᠡᠬᠦᠯᠨ ᠨᠢᠮᠭᠡᠷᠡᠨ ᠪᠣᠷᠣᠭᠠᠨ ᠨᠠᠮᠵᠢᠭᠰᠡᠨ ᠴᠦ ᠰᠢᠯᠢ ᠲᠠᠯ᠎ᠠ ᠴᠦᠮ ᠲᠠᠯᠠᠢ ᠨᠡᠯᠣᠶᠢᠵᠦ ᠪᠠᠶᠢᠪᠡ᠃ ᠸᠠᠩ᠂ ᠲᠣᠰᠠᠯᠠᠭᠴᠢ ᠬᠤᠶᠠᠭᠤᠯᠨ ᠵᠦᠪᠳᠡᠭᠡᠳ ᠪᠣᠷᠣᠭᠠᠨ ᠠᠷᠢᠯᠵᠦ ᠲᠣᠩᠭᠠᠯᠠᠭ ᠪᠣᠯᠣᠭᠰᠡᠨ ᠬᠤᠶᠢᠨ᠎ᠠ ᠬᠤᠶᠠᠷ ᠲᠠᠯ᠎ᠠ ᠪᠠᠷ ᠢᠶᠠᠨ ᠠᠳᠠ ᠴᠣᠭᠯᠠᠷᠠᠵᠦ ᠡᠷᠳᠠᠨᠢ ᠲᠠᠮᠠᠭ᠎ᠠ ᠶᠢ ᠵᠠᠪᠡᠯ ᠡᠷᠢᠵᠦ ᠣᠯᠣᠶ᠎ᠠ ᠬᠡᠵᠦ ᠲᠣᠭᠳᠠᠭᠤᠨ ᠠᠪᠠ ᠲᠠᠷᠬᠠᠪᠡ᠃ ᠪᠣᠷᠣᠭᠠᠨ ᠠᠷᠢᠯᠣᠭᠰᠡᠨ ᠤ ᠲᠠᠷᠠᠭ᠎ᠠ ᠪᠣᠯᠵᠣᠭᠰᠡᠨ ᠶᠣᠰᠣᠭᠠᠷ ᠲᠠᠬᠢᠨ ᠴᠣᠭᠯᠠᠷᠠᠵᠦ᠂ ᠲᠣᠯᠣᠭᠠᠨ ᠬᠤᠨᠤᠭ ᠰᠢᠪᠡᠷ ᠰᠢᠷᠣᠢ ᠣᠷᠪᠠᠭᠤᠯᠵᠦ ᠡᠷᠢᠭᠡᠳ ᠲᠠᠮᠠᠭ᠎ᠠ ᠶᠢ ᠮᠦᠨ ᠡᠷᠢᠵᠦ ᠣᠯᠣᠭᠰᠡᠨ ᠦᠭᠡᠢ᠂ ᠡᠪᠣᠭᠡᠨ ᠯᠠᠪᠳᠠᠢ ᠲᠣᠰᠠᠯᠠᠭᠴᠢ ᠪᠡᠶ᠎ᠠ ᠰᠡᠳᠬᠢᠯ ᠶᠡᠭᠡᠳᠠ ᠵᠦᠳᠡᠭᠰᠡᠨ ᠠᠴᠠ ᠪᠣᠯᠵᠦ ᠬᠡᠨᠡᠳᠳᠠ ᠬᠠᠷᠠᠩᠭᠤᠶᠢᠳᠡᠨ ᠣᠨᠠᠵᠦ ᠴᠢᠰᠣ ᠎ ᠪᠠᠷ ᠪᠦᠭᠡᠯᠵᠢᠭᠡᠳ᠂ ᠲᠦᠷᠪᠡᠨ ᠬᠦᠮᠣᠨ ᠤ ᠲᠠᠮᠵᠢᠯᠭ᠎ᠠ ᠪᠠᠷ ᠣᠷᠳᠣᠨ ᠵᠦᠭ ᠪᠣᠴᠠᠵᠠᠢ᠃ ᠣᠳᠣᠬᠢ ᠬᠤᠨᠭ᠍ᠭᠤᠷ ᠰᠣᠮᠣᠨ ᠤ ᠵᠡᠬᠦᠨ ᠬᠤᠶᠢᠨ᠎ᠠ ᠪᠠᠶᠢᠭ᠎ᠠ ᠲᠠᠮᠠᠭᠠᠨ ᠵᠣ ᠬᠡᠭᠴᠢ ᠭᠠᠵᠠᠷ ᠪᠣᠯ ᠲᠠᠷᠣᠢ ᠬᠠᠨᠭ᠍ᠬᠢᠷᠠᠳ ᠤᠨ ᠲᠠᠮᠠᠭ᠎ᠠ ᠪᠠᠨ ᠠᠯᠳᠠᠭᠰᠡᠨ ᠭᠠᠵᠠᠷ ᠮᠦᠨ᠃ ᠬᠤᠨᠭ᠍ᠬᠢᠷᠠᠳ ᠤᠨ ᠴᠡᠷᠢᠭ ᠠᠷᠪᠠᠭᠠᠳ ᠵᠢᠯ ᠠᠶᠠᠨ ᠲᠠᠶᠢᠨ ᠬᠢᠵᠦ᠂ ᠡᠣ ᠰᠠᠨ ᠬᠦᠢ ᠶᠢᠨ ᠣᠷᠪᠠᠯᠭ᠎ᠠ ᠶᠢ ᠲᠦᠪᠰᠢᠳᠭᠡᠭᠡᠳ ᠬᠡᠷ ᠨᠣᠳᠤᠭ ᠲᠠᠭᠠᠨ ᠪᠣᠴᠠᠵᠦ ᠢᠷᠡᠵᠠᠢ ᠃ ᠬᠡᠳᠣᠨ ᠵᠢᠯ ᠦᠷᠬᠦᠯᠵᠢᠯᠡᠭᠰᠡᠨ ᠰᠢᠷᠣᠬᠦᠨ ᠲᠠᠶᠢᠨ ᠤ ᠲᠣᠮᠳᠠ ᠬᠤᠨᠭ᠍ᠬᠢᠷᠠᠳᠴᠣᠳ ᠮᠠᠰᠢ ᠡᠷᠡᠰ ᠰᠢᠭᠤᠷᠬᠠᠢ ᠪᠠᠷ ᠪᠠᠶᠢᠯᠳᠣᠭᠰᠡᠨ ᠲᠣᠯᠨ ᠣᠯᠣᠰ ᠬᠡᠷ ᠲᠠᠶᠢᠰᠣᠨ ᠎ ᠢᠶᠠᠨ ᠲᠠᠷᠣᠵᠦ ᠢᠯᠠᠭᠤᠭᠰᠡᠨ ᠲᠠᠭᠤᠣ ᠪᠠᠨ ᠬᠠᠨᠭ᠍ᠬᠢᠨᠠᠭᠤᠯᠵᠦ ᠪᠠᠶᠢᠪᠡᠴᠦ ᠬᠤᠨᠭ᠍ᠬᠢᠷᠠᠳ ᠤᠨ ᠦᠷᠡᠰ ᠲᠣᠩ ᠣᠯᠠᠨ ᠦᠷᠡᠭᠳᠡᠭᠡᠳ ᠡᠴᠢᠭᠡ ᠡᠬᠡ ᠡᠯᠢᠭᠡᠨ ᠰᠠᠳᠣᠨ ᠤ ᠎ ᠬᠢᠨ ᠡᠨᠡᠯᠣᠨ ᠰᠢᠨᠠᠯᠣᠨ ᠪᠠᠶᠢᠬᠤ ᠶᠢ ᠲᠣᠭᠠᠴᠢᠬᠤᠶ᠎ᠠ ᠪᠡᠷᠭᠡ ᠪᠢᠯᠨ᠃ ᠣᠯᠳᠠᠢ᠂ ᠣᠰᠣᠳᠠᠢ ᠬᠤᠶᠠᠷ ᠪᠠᠭᠠᠳᠣᠷ ᠮᠠᠨᠵᠦ ᠵᠠᠩᠵᠣᠨ ᠤ ᠵᠠᠷᠯᠢᠭ ᠵᠠᠬᠢᠶ᠎ᠠ ᠶᠢ ᠵᠢᠷᠣᠮᠯᠡᠨ ᠲᠠᠭᠠᠵᠦ ᠮᠢᠳᠠᠷᠠᠰᠢ ᠦᠭᠡᠢ ᠪᠠᠶᠢᠯᠳᠣᠵᠦ ᠶᠡᠭᠡ ᠭᠠᠪᠢᠶ᠎ᠠ ᠪᠠᠶᠢᠭᠤᠯᠣᠭᠰᠡᠨ ᠪᠠᠶᠢᠨ᠎ᠠ᠃ ᠴᠡᠷᠢᠭ ᠢ ᠨᠣᠳᠤᠭ ᠲᠠᠭᠠᠨ ᠪᠣᠴᠠᠭᠠᠬᠤ ᠦᠶ᠎ᠠ ᠳᠤ᠂ ᠭᠠᠪᠢᠶᠠᠳᠡᠨ ᠢ ᠬᠤᠴᠣᠷᠭᠠᠨ ᠠᠪᠴᠦ ᠡᠵᠡᠨ ᠬᠠᠭᠠᠨ ᠳᠤ ᠪᠠᠷᠠᠯᠠᠭᠤᠯᠣᠨ ᠭᠠᠪᠢᠶ᠎ᠠ ᠲᠡᠮᠳᠡᠭᠯᠡᠬᠦᠯᠬᠦ ᠪᠠᠷ ᠵᠢᠩ ᠬᠤᠳᠠᠨ᠎ᠠ ᠲᠠᠭᠠᠭᠤᠯᠣᠨ ᠶᠠᠪᠣᠵᠠᠢ᠃ ᠡᠨᠡ ᠦᠶ᠎ᠠ ᠳᠤ᠂ ᠪᠠᠭᠠᠷᠢᠨ ᠸᠠᠩ ᠪᠡᠭᠡᠵᠢᠩ ᠳᠤ ᠪᠠᠶᠢᠭᠰᠡᠨ ᠪᠣᠯᠬᠤᠷ ᠡᠵᠡᠨ ᠳᠤ ᠪᠠᠷᠠᠯᠠᠭᠤᠯᠬᠤ ᠵᠡᠷᠭᠡ ᠭᠠᠪᠢᠶᠠᠳᠡᠨ ᠤ ᠲᠣᠳᠣᠷ᠎ᠠ ᠣᠯᠳᠠᠢ᠂ ᠣᠰᠣᠳᠠᠢ ᠠᠬ᠎ᠠ ᠲᠡᠬᠦᠦ ᠪᠠᠭᠠᠳᠣᠷ ᠪᠠᠶᠢᠬᠤ ᠶᠢ ᠰᠣᠨᠣᠰᠴᠠᠢ᠃ ᠠᠳᠠᠭ᠎ᠠ ᠵᠠᠨᠣᠯ ᠡᠪᠦᠷᠯᠡᠭᠰᠡᠨ ᠪᠠᠭᠠᠷᠢᠨ ᠸᠠᠩ ᠲᠠᠷᠣᠢ ᠲᠦᠷᠭᠡᠨ ᠪᠡᠯᠡᠭ ᠰᠡᠯᠳᠠ ᠪᠡᠯᠡᠳᠭᠡᠨ ᠶᠡᠭᠡ ᠵᠠᠩᠵᠣᠨ ᠳᠤ ᠬᠦᠷᠭᠡᠵᠦ ᠬᠤᠨᠭ᠍ᠬᠢᠷᠠᠳ ᠤᠨ ᠬᠤᠶᠠᠷ ᠪᠠᠭᠠᠳᠣᠷ ᠢ ᠡᠵᠡᠨ ᠳᠤ ᠪᠠᠷᠠᠯᠠᠭᠤᠯᠬᠤ ᠶᠢ ᠲᠦᠷ ᠬᠤᠶᠢᠰᠢᠯᠠᠭᠤᠯᠬᠤ ᠎ ᠪᠠᠷ ᠭᠤᠶᠣᠴᠢᠯᠠᠪᠡ᠃ ᠲᠠᠬᠢᠭᠠᠳ ᠪᠠᠰᠨ ᠠᠯᠳᠠ ᠮᠦᠡᠭᠬᠦ ᠡᠳ᠋ ᠡᠷᠳᠠᠨᠢᠰ ᠢ ᠪᠡᠯᠡᠳᠭᠡᠵᠦ ᠵᠣᠷᠭᠠᠨ ᠶᠠᠮᠣᠨ ᠤ ᠪᠢᠴᠢᠭ ᠴᠡᠷᠢᠭ ᠤᠨ ᠰᠠᠶᠢᠳ ᠲᠦᠰᠢᠮᠡᠳ ᠲᠤ ᠬᠡᠬᠡᠯᠢ ᠬᠠᠭ᠋ᠣᠣᠯᠢ ᠶᠡᠭᠡ ᠪᠠᠷ ᠲᠦᠯᠬᠢᠵᠦ᠂ ᠡᠣ ᠰᠠᠨ ᠬᠦᠢ ᠶᠢ ᠲᠠᠷᠣᠭᠰᠡᠨ ᠲᠠᠶᠢᠨ ᠤ ᠭᠠᠪᠢᠶ᠎ᠠ ᠶᠢ ᠪᠠᠭᠠᠷᠢᠨ ᠸᠠᠩ ᠤᠨ ᠬᠤᠶᠠᠷ ᠲᠡᠬᠦᠦ ᠳᠤᠷ ᠲᠡᠮᠳᠡᠭᠯᠡᠬᠦᠯᠪᠡᠢ᠃ ᠣᠯᠳᠠᠢ᠂ ᠣᠰᠣᠳᠠᠢ ᠠᠬ᠎ᠠ ᠲᠡᠬᠦᠦ ᠬᠤᠶᠠᠷ ᠠᠯᠠᠯᠳᠣᠭᠠᠨ ᠤ ᠭᠠᠵᠠᠷ ᠲᠣᠯᠣᠭᠠᠨ ᠵᠢᠯ ᠠᠮᠢ ᠴᠦᠯᠡᠨ ᠲᠡᠮᠡᠴᠡᠵᠦ᠂ ᠬᠤᠨᠭ᠍ᠭᠤᠨ ᠮᠢᠬ᠎ᠠ ᠡᠮᠡᠭᠡᠯ ᠳᠤ ᠡᠯᠡᠭᠳᠡᠵᠦ᠂ ᠬᠤᠶᠠᠷ ᠢᠯᠳᠣᠨ ᠳᠤ ᠡᠪᠡᠷᠰᠢᠳᠡᠯ᠎ᠠ ᠲᠣᠯᠣᠯᠳᠣᠨ᠂ ᠲᠠᠶᠢᠰᠣᠨ ᠢ ᠰᠦᠨᠣᠭᠡᠨ ᠭᠠᠪᠢᠶ᠎ᠠ ᠪᠠᠶᠢᠭᠤᠯᠣᠭᠰᠡᠨ ᠨᠢ ᠢᠯᠡᠷᠬᠡᠢ ᠪᠠᠶᠢᠳᠠᠯ ᠡᠳᠣᠭᠡ ᠬᠠᠷᠢᠨ ᠡᠵᠡᠨ ᠳᠤ ᠪᠠᠷᠠᠭᠠᠯᠠᠨ ᠭᠠᠪᠢᠶ᠎ᠠ ᠲᠡᠮᠳᠡᠭᠯᠡᠬᠦᠯᠬᠦ ᠪᠠᠶᠢᠳᠣᠭᠠᠢ ᠡᠷᠡᠭᠡ ᠵᠣᠷᠤᠭ᠎ᠠ ᠦᠭᠡᠢ ᠣᠴᠠᠷᠠᠵᠦ ᠪᠠᠶᠢᠭᠰᠡᠨ ᠶᠡᠭᠡ ᠵᠠᠩᠵᠣᠨ ᠲᠠᠢ ᠪᠠᠰᠨ ᠠᠭᠤᠯᠵᠠᠵᠦ ᠴᠢᠳᠠᠬᠤ ᠦᠭᠡᠢ᠂ ᠬᠠᠭᠠᠰ ᠵᠢᠯ ᠪᠢᠳᠡᠬᠦᠦ ᠬᠤᠷᠢᠶᠡᠨ᠎ᠠ ᠬᠠᠰᠢᠭᠳᠡᠨ ᠬᠡᠷ ᠤᠨ ᠮᠣᠬᠤᠷ ᠢ ᠰᠠᠬᠢᠬᠤ ᠠᠨᠣ ᠲᠠᠶᠢᠨ ᠤ ᠲᠠᠯᠠᠪᠣᠷ ᠠᠴᠠ ᠬᠤᠯᠨ ᠢᠯᠡᠬᠦᠦ ᠵᠣᠪᠠᠯᠠᠩ ᠲᠠᠢ ᠰᠠᠨᠠᠭᠳᠠᠨ ᠣᠶᠢᠳᠬᠠᠷᠯᠠᠵᠦ ᠪᠠᠶᠢᠵᠠᠢ᠃ ᠬᠡᠨᠡᠳᠳᠠ ᠨᠢᠭᠡᠨ ᠡᠳᠣᠷ ᠶᠡᠭᠡ ᠵᠠᠩᠵᠣᠨ ᠤ ᠭᠤᠴᠤᠭ ᠢᠷᠡᠵᠦ᠄ ︽ᠡᠷᠬᠢᠮ ᠬᠤᠶᠠᠷ ᠨᠣᠶᠠᠨ ᠢ ᠡᠳᠣᠭᠡ ᠬᠠᠭᠠᠨ ᠡᠵᠡᠨ ᠳᠤ ᠪᠠᠷᠠᠯᠠᠭᠤᠯᠵᠦ ᠴᠢᠳᠠᠬᠤ ᠦᠭᠡᠢ᠂ ᠬᠤᠵᠢᠮ ᠪᠣᠯᠰᠣᠭᠠᠢ᠂ ᠲᠦᠷ ᠬᠡᠷ ᠨᠣᠳᠤᠭ ᠲᠠᠭᠠᠨ ᠬᠠᠷᠢᠳᠣᠭᠠᠢ︾ ᠬᠡᠳ ᠲᠠᠷᠨ ᠲᠠᠷᠣᠶᠢᠬᠠᠨ ᠴᠦᠭᠡᠨ ᠬᠡᠳᠣᠨ ᠬᠤᠶᠠᠭ ᠢᠶᠠᠷ ᠲᠠᠳᠠ ᠬᠤᠶᠠᠷ ᠢ ᠨᠣᠳᠤᠭ ᠲᠤᠨᠢ ᠬᠦᠷᠭᠡᠵᠠᠢ᠃ ᠬᠠᠮᠳᠦ ᠣᠴᠢᠭᠰᠡᠨ ᠭᠠᠪᠢᠶᠠᠳᠡᠳ ᠴᠦᠮ ᠶᠡᠭᠡ ᠬᠡᠰᠢᠭ ᠢ ᠬᠦᠷᠳᠡᠭᠰᠡᠨ ᠠᠳᠠᠯ᠎ᠠ ᠣᠯᠳᠠᠢ ᠣᠰᠣᠳᠠᠢ ᠬᠤᠶᠠᠷ ᠬᠠᠷᠢᠨ ᠬᠤᠪᠢ ᠴᠦ ᠦᠭᠡᠢ ᠬᠤᠴᠣᠷᠣᠭᠰᠡᠨ ᠪᠣᠯᠬᠤᠷ ᠬᠤᠷᠣᠰᠣᠨ ᠪᠣᠴᠠᠵᠠᠢ᠃ ᠠᠭᠳᠠ ᠶᠢᠨ ᠰᠠᠶᠢᠨ ᠢᠶᠠᠷ ᠠᠯᠣᠰ ᠤᠨ ᠵᠠᠮ ᠢ ᠲᠣᠭᠤᠯᠵᠦ ᠡᠷᠣᠭᠡ ᠬᠡᠷ ᠲᠡᠭᠡᠷᠨ ᠢᠷᠡᠬᠦ ᠳᠤ ᠡᠨᠡᠷᠢᠯᠳᠦ ᠡᠵᠢ ᠨᠢ ᠪᠠᠰᠨ ᠲᠠᠭᠠᠯ᠎ᠠ ᠲᠡᠬᠦᠰᠦᠭᠰᠡᠨ ᠪᠠᠶᠢᠵᠠᠢ᠃ ᠬᠠᠭᠠᠰ ᠵᠢᠯ ᠤᠨ ᠡᠮᠣᠨ᠎ᠠ᠂ ᠬᠤᠨᠭ᠍ᠬᠢᠷᠠᠳ ᠤᠨ ᠴᠡᠷᠢᠭ ᠪᠣᠴᠠᠵᠦ ᠢᠷᠡᠬᠦ ᠦᠶᠡᠰ ᠬᠤᠶᠠᠷ ᠬᠦᠪᠡᠬᠦᠨ ᠨᠢᠭᠡ ᠠᠴᠢ ᠨᠢ ᠬᠠᠷᠢᠵᠦ ᠢᠷᠡᠭᠰᠡᠨ ᠦᠭᠡᠢ ᠶᠢ ᠦᠵᠡᠭᠡᠳ ᠬᠦᠭᠰᠢᠨ ᠡᠵᠢ ᠣᠴᠢᠷ ᠢ ᠰᠣᠨᠣᠰᠬᠤ ᠠᠴᠠ ᠣᠷᠢᠳ ᠣᠬᠢᠯᠠᠨ ᠬᠠᠶᠢᠯᠠᠨ ᠮᠠᠨᠠᠷᠠᠵᠦ ᠣᠨᠠᠭᠠᠳ ᠲᠠᠬᠢᠨ ᠰᠡᠷᠬᠦᠭᠰᠡᠨ ᠦᠭᠡᠢ ᠨᠠᠰᠣᠨ ᠡᠴᠣᠰ ᠪᠣᠯᠣᠭᠰᠡᠨ ᠶᠠᠪᠣᠳᠠᠯ ᠪᠠ ᠠᠪᠠᠭ᠎ᠠ ᠠᠪᠤ ᠯᠠᠪᠳᠠᠢ ᠨᠣᠶᠠᠨ ᠳᠤ ᠲᠣᠷᠣᠮᠵᠢᠯᠠᠭᠳᠠᠭᠠᠳ ᠲᠣᠷᠭᠤᠨ ᠨᠠᠰᠣᠯᠠᠭᠰᠡᠨ ᠁ ᠵᠡᠷᠭᠡ ᠶᠠᠪᠣᠳᠠᠯ ᠤᠨ ᠢ ᠰᠣᠨᠣᠰᠣᠭᠠᠳ ᠣᠯᠳᠠᠢ ᠎ ᠶᠢᠨ ᠨᠢᠳᠣᠨ ᠠᠴᠠ ᠭᠠᠯ ᠪᠠᠳᠠᠷᠠᠵᠦ᠂ ᠠᠯᠠᠭᠠᠨ ᠳᠠᠬᠢ ᠠᠷᠢᠬᠢ ᠲᠠᠢ ᠬᠤᠨᠳᠠᠭ᠎ᠠ ᠪᠠᠨ ᠬᠠᠭ᠎ᠠ ᠠᠳᠬᠤᠵᠦ ᠬᠡᠨ᠎ᠠ ᠪᠢᠯᠨ᠃ ᠣᠯᠳᠠᠢ᠂ ᠣᠰᠣᠳᠠᠢ ᠬᠤᠶᠠᠭᠤᠯᠨ ᠪᠠᠭᠠᠷᠢᠨ ᠸᠠᠩ ᠤᠨ ᠣᠷᠳᠣᠨ ᠳᠤ ᠪᠠᠶᠢᠨ ᠲᠠᠬᠢᠨ ᠬᠦᠷᠴᠦ᠂ ᠬᠤᠰᠢᠭᠤ ᠨᠣᠳᠤᠭ ᠤᠨ ᠡᠮᠣᠨ᠎ᠠ ᠠᠴᠠ ᠬᠤᠨᠭ᠍ᠬᠢᠷᠠᠳ ᠤᠨ ᠦᠷᠡᠰ ᠎ ᠢ ᠬᠤᠷᠴᠨ ᠮᠠᠰᠨ ᠶᠢᠨ ᠢᠷ ᠲᠡᠭᠡᠷ᠎ᠠ ᠶᠠᠪᠣᠭᠤᠯᠴᠢᠬᠠᠭᠠᠳ᠂ ᠬᠤᠴᠣᠷᠴᠦ ᠰᠠᠭᠤᠭᠰᠡᠨ ᠬᠦᠭᠰᠢᠨ ᠪᠠᠭᠤᠷᠠᠢ᠂ ᠦᠨᠣᠴᠢᠨ ᠪᠠᠯᠪᠠᠰᠣᠨ ᠬᠦᠭᠡᠷᠣᠬᠦᠢ ᠠᠮᠢᠳᠠᠳ ᠢ ᠬᠠᠷᠠᠭᠠᠯᠵᠠᠬᠤ ᠦᠭᠡᠢ ᠮᠦᠷᠳᠡᠭᠡᠨ ᠬᠠᠪᠴᠢᠨ ᠰᠢᠬᠠᠬᠤ ᠨᠢ ᠶᠠᠭᠤ ᠪᠣᠢ‌‍ᠬᠡᠵᠦ ᠲᠣᠯᠭᠠᠬᠤ ᠶᠢᠨ ᠵᠡᠷᠭᠡ᠂ ᠡᠷᠳᠠᠨᠢ ᠲᠠᠮᠠᠭ᠎ᠠ ᠪᠠᠨ ᠨᠡᠭᠡᠮᠵᠢᠯᠡᠳᠡᠭ ᠪᠠᠶᠢᠵᠠᠢ᠃ ᠸᠠᠩ ᠨᠣᠶᠠᠨ ᠰᠢᠬᠠᠮᠳᠡᠨ ᠠᠷᠭ᠎ᠠ ᠶᠠᠳᠠᠬᠤ ᠳᠠᠭᠠᠨ ︽ᠡᠷᠳᠠᠨᠢ ᠲᠠᠮᠠᠭ᠎ᠠ ᠶᠢ ᠵᠠᠪᠡᠯ ᠣᠯᠵᠦ ᠦᠭᠬᠦᠶ᠎ᠠ︾ ᠬᠡᠵᠦ ᠠᠮᠠᠯᠠᠭᠠᠳ᠂ ᠰᠣᠮᠣ ᠪᠦᠷᠢ ᠠᠴᠠ ᠲᠠᠬᠢᠨ ᠬᠤᠶᠠᠭ ᠲᠠᠳᠠᠵᠦ ᠲᠠᠮᠠᠭ᠎ᠠ ᠠᠯᠳᠠᠭᠰᠡᠨ ᠭᠠᠵᠠᠷ ᠬᠤᠳᠳᠤᠭ ᠮᠠᠯᠳᠠᠨ ︵ᠠᠮᠠᠨ ᠣᠰᠣᠨ ᠤ ᠬᠤᠳᠳᠤᠭ︶ ᠰᠠᠭᠤᠯᠭᠠᠵᠦ ᠪᠠᠶᠢᠭᠠᠳ ᠬᠤᠨᠭ᠍ᠬᠢᠷᠠᠳ ᠤᠨ ᠲᠠᠮᠠᠭ᠎ᠠ ᠶᠢ ᠡᠷᠢᠬᠦᠯᠵᠠᠢ᠃ ᠣᠳᠣᠬᠢ ᠬᠤᠨᠭ᠍ᠭᠤᠷ ᠰᠣᠮᠣᠨ ᠤ ᠵᠡᠬᠦᠨᠳᠡᠬᠢ ᠲᠠᠮᠠᠭᠠᠨ ᠬᠤᠳᠳᠤᠭ ᠬᠡᠭᠴᠢ ᠨᠢ ᠲᠠᠷᠣᠢ ᠲᠡᠷᠨ ᠬᠤᠳᠳᠤᠭ ᠮᠦᠨ᠃ ᠪᠠᠭᠠᠷᠢᠨ ᠸᠠᠩ᠂ ᠨᠢᠭᠡᠨᠳᠡᠬᠡᠬᠦᠷ ᠣᠯᠠᠨ ᠬᠦᠮᠣᠨ ᠢ ᠴᠣᠭᠯᠠᠭᠤᠯᠣᠨ ᠬᠤᠳᠳᠤᠭ ᠣᠰᠣ ᠭᠠᠷᠭᠠᠵᠦ ᠲᠠᠮᠠᠭ᠎ᠠ ᠡᠷᠢᠬᠦ ᠨᠡᠷ᠎ᠠ ᠪᠠᠷ ᠡᠳᠣᠷ ᠬᠤᠨᠤᠭ ᠢ ᠰᠣᠨᠵᠣᠷᠠᠭᠤᠯᠵᠦ ᠪᠠᠶᠢᠭᠰᠡᠨ ᠪᠦᠭᠡᠳ ᠨᠦᠬᠦᠬᠡᠳᠡᠬᠡᠬᠦᠷ ᠪᠠᠰᠨ ᠡᠵᠡᠨ ᠵᠣᠷᠭᠠᠨ ᠳᠤ ᠪᠢᠴᠢᠭ ᠡᠷᠬᠦᠵᠦ᠄ ︽ᠣᠯᠳᠠᠢ᠂ ᠣᠰᠣᠳᠠᠢ ᠬᠤᠶᠠᠭᠤᠯᠨ ᠴᠡᠷᠢᠭ ᠤᠨ ᠭᠠᠵᠠᠷ ᠠᠴᠠ ᠢᠷᠡᠭᠰᠡᠨ ᠤ ᠬᠤᠶᠢᠨ᠎ᠠ ᠲᠦᠦ ᠬᠦᠷᠣᠨ ᠳᠤᠷ ᠦᠰᠢᠶᠡᠯᠡᠨ ᠲᠡᠭᠷᠢ ᠶᠢᠨ ᠬᠦᠪᠡᠬᠦᠨ ᠲᠠᠢ ᠲᠡᠮᠡᠴᠡᠯᠳᠣᠬᠦ ᠪᠠᠷ ᠢᠮᠠᠭᠳᠠ ᠴᠡᠷᠢᠭ ᠪᠣᠯᠪᠠᠰᠣᠷᠠᠭᠤᠯᠵᠦ ᠪᠠᠶᠢᠬᠤ ᠮᠦᠷᠳᠡᠭᠡᠨ ᠬᠤᠰᠢᠭᠤ ᠵᠠᠰᠠᠭ ᠤᠨ ᠶᠠᠮᠣᠨ ᠬᠢᠭᠡᠳ ᠪᠣᠯᠬᠢ ᠮᠢᠨᠦ ᠣᠷᠳᠣᠨ ᠦᠷᠣᠭᠡ ᠶᠢ ᠬᠡᠳᠣᠨᠳᠠ ᠲᠡᠭᠡᠷᠡᠮᠯᠡᠨ ᠴᠦᠯᠪᠡᠬᠡᠳ ᠬᠤᠰᠢᠭᠤ ᠬᠤᠳᠠᠯᠠᠭᠠᠷ ᠢ ᠦᠴᠣᠭᠡᠨ ᠴᠦ ᠠᠮᠣᠷ ᠦᠭᠡᠢ ᠪᠣᠯᠭᠠᠪᠡ︾ ᠬᠡᠵᠦ ᠵᠠᠭᠠᠯᠳᠣᠵᠠᠢ᠃ ᠡᠨᠡ ᠵᠠᠭᠠᠯᠳᠣᠯᠭ᠎ᠠ ᠶᠢ ᠡᠵᠡᠨ ᠬᠠᠭᠠᠨ ᠰᠣᠨᠣᠰᠣᠭᠠᠳ᠂ ᠦᠴᠣᠭᠡᠨ ᠪᠠᠭ᠎ᠠ ᠨᠢᠭᠡᠨ ᠨᠣᠳᠤᠭ ᠤᠨ ᠬᠢᠨ ᠲᠠᠶᠢᠴᠢᠩ ᠬᠦᠷᠣᠨ ᠢ ᠲᠠᠶᠢᠪᠠᠭᠤᠯᠬᠤ ᠬᠡᠮᠡᠨ ᠠᠭᠠᠰᠢᠯᠠᠬᠤ ᠨᠢ ᠶᠠᠮᠠᠷ ᠰᠣᠨᠢᠨ︖ ᠡᠯᠴᠢ ᠶᠠᠪᠣᠭᠤᠯᠣᠨ ᠦᠨᠡᠨ ᠮᠠᠭᠠᠳ ᠢ ᠪᠠᠶᠢᠴᠠᠭᠠᠳᠣᠭᠠᠢ ᠬᠡᠮᠡᠨ ᠵᠠᠷᠯᠢᠭ ᠪᠣᠯᠵᠠᠢ᠃ ᠲᠣᠮᠢᠯᠠᠭᠳᠠᠭᠰᠡᠨ ᠬᠤᠶᠠᠷ ᠡᠯᠴᠢ ᠪᠠᠭᠠᠷᠢᠨ ᠸᠠᠩ ᠤᠨ ᠣᠷᠳᠣᠨ ᠳᠤ ᠢᠷᠡᠵᠦ ᠡᠨᠡ ᠬᠡᠷᠡᠭ ᠢ ᠪᠠᠶᠢᠴᠠᠭᠠᠭᠰᠡᠨ ᠳᠤ᠂ ᠵᠢᠶᠦ᠋ᠨ ᠸᠠᠩ ᠲᠡᠷᠢᠬᠦᠯᠡᠨ ᠨᠣᠶᠠᠳ ᠲᠠᠶᠢᠵᠢ ᠨᠠᠷ ᠵᠠᠭᠠᠯᠳᠣᠯᠭ᠎ᠠ ᠶᠢᠨ ᠶᠣᠰᠣᠭᠠᠷ ᠮᠡᠳᠡᠬᠦᠯᠵᠦ ᠮᠠᠭᠠᠳ ᠦᠨᠡᠨ ᠪᠣᠯᠬᠤ ᠶᠢ  ᠨᠣᠳᠠᠯᠠᠨ ᠣᠯᠠᠨ ᠣᠳᠠᠭ᠎ᠠ ᠣᠷᠳᠣᠨ ᠢ ᠲᠣᠶᠢᠪᠡᠭᠡᠭᠰᠡᠨ ᠬᠡᠳᠡᠭ ᠢ ᠪᠣᠳᠠᠳᠠᠢ ᠲᠣᠳᠣᠷᠬᠠᠢ ᠲᠣᠭᠠᠴᠢᠵᠦ᠂ ᠲᠡᠳᠡᠨ ᠤ ᠨᠢᠳᠦ ᠴᠢᠬᠢ ᠶᠢ ᠪᠦᠭᠯᠡᠵᠠᠢ᠃ ᠡᠯᠴᠢᠳ᠂ ᠬᠤᠨᠭ᠍ᠬᠢᠷᠠᠳ ᠤᠨ ᠭᠠᠵᠠᠷ ᠬᠦᠷᠴᠦ ᠲᠠᠩᠨᠡᠵᠦ ᠦᠵᠡᠶ᠎ᠠ ᠬᠡᠰᠡᠨ ᠳᠤ᠂ ᠸᠠᠩ ᠬᠡᠷᠡᠰᠡᠣ ᠲᠣᠮᠣᠭᠠᠳᠠᠢ ᠬᠡᠳᠡᠭ ᠬᠠᠷᠠᠠᠨᠣᠬᠠᠢ ᠮᠠᠶᠢᠷᠠᠨ ᠢ ᠲᠣᠮᠢᠯᠠᠵᠦ ᠡᠯᠴᠢ ᠳᠤ ᠵᠠᠮᠴᠢᠯᠠᠭᠤᠯᠬᠤ ᠳᠠᠭᠠᠨ᠂ ᠰᠠᠶᠢᠳᠣᠷ ᠬᠢᠴᠢᠶᠡᠬᠦ ᠬᠡᠷᠡᠭᠳᠠᠢ ᠬᠡᠵᠦ ᠠᠬᠢᠨ ᠲᠠᠬᠢᠨ ᠰᠣᠴᠢᠳᠠᠯ᠎ᠠ ᠵᠠᠬᠢᠵᠦ ᠪᠠᠶᠢᠪᠡ᠃ ᠬᠠᠷᠠᠨᠣᠬᠠᠢ ᠮᠠᠶᠢᠷᠠᠨ ᠡᠯᠴᠢ ᠳᠤ ᠵᠠᠮᠴᠢᠯᠠᠨ ᠵᠡᠬᠦᠨ ᠨᠠᠢᠮᠠᠨ ᠰᠣᠮᠣ ᠶᠢ ᠵᠦᠭᠯᠡᠨ ᠮᠣᠷᠳᠠᠵᠠᠢ᠃ ᠲᠡᠳᠠ᠂ ᠴᠠᠭᠠᠨ ᠨᠠᠭᠤᠷ ᠤᠨ ᠲᠠᠶᠢᠵᠢ ᠨᠠᠷ ᠤᠨ ᠬᠢ ᠪᠠᠷ ᠲᠠᠮᠵᠢᠬᠤ ᠳᠠᠭᠠᠨ᠂ ᠨᠠᠢᠮᠠᠨ ᠰᠣᠮᠣᠨ ᠤ ᠲᠣᠬᠠᠢ ᠰᠡᠵᠢᠭ ᠠᠵᠢᠭ ᠲᠦᠷᠣᠬᠦᠯᠣᠮ᠎ᠠ ᠬᠤᠪ ᠱᠣᠪ ᠦᠭᠡ ᠶᠢ ᠡᠯᠴᠢ ᠪᠠᠷ ᠰᠣᠨᠣᠰᠬᠠᠵᠦ ᠶᠠᠪᠣᠵᠠᠢ᠃ ᠴᠢᠨᠠᠭᠰᠢ ᠶᠠᠪᠣᠵᠦ ︽ᠦᠵᠣᠬᠦᠷ︾ ᠬᠡᠮᠡᠬᠦ ᠠᠭᠤᠯᠠᠨ ᠣᠷᠣᠢ ᠲᠡᠭᠡᠷ᠎ᠠ ᠭᠠᠷᠴᠦ ᠠᠯᠣᠰ ᠲᠡᠷᠳᠡᠭᠡ ᠳᠠᠬᠢ ᠬᠤᠨᠭ᠍ᠬᠢᠷᠠᠳ ᠤᠨ ᠠᠪᠠ ᠬᠤᠮᠣᠷᠭᠠᠯᠭ᠎ᠠ ᠶᠢᠨ ᠪᠠᠶᠢᠳᠠᠯ ᠢ ᠦᠵᠡᠬᠦᠯᠪᠡ᠃ ᠬᠤᠶᠠᠷ ᠡᠯᠴᠢ ᠠᠪᠠ ᠶᠢᠨ ᠪᠠᠶᠢᠳᠠᠯ ᠢ ᠴᠡᠷᠢᠭ ᠤᠨ ᠰᠣᠷᠢᠯᠳᠠ ᠪᠠᠷ ᠠᠳᠡᠬᠦᠷᠡᠭᠡᠳ ᠭᠠᠵᠠᠷ ᠤᠨ ᠪᠠᠶᠢᠷᠢ ᠪᠠᠶᠢᠴᠨ᠂ ᠬᠦᠮᠣᠰ ᠤᠨ ᠬᠦᠳᠡᠯᠣᠯ ᠪᠠᠶᠢᠳᠠᠯ ᠢ ᠠᠩᠬᠠᠷᠣᠨ ᠲᠡᠮᠳᠡᠭᠯᠡᠭᠡᠳ᠂ ᠨᠠᠢᠮᠠᠨ ᠰᠣᠮᠣᠨ ᠳᠤ ᠣᠴᠢᠭᠰᠡᠨ ᠦᠭᠡᠢ ᠪᠠᠷ ᠵᠢᠩ ᠬᠤᠳᠠᠨ᠎ᠠ ᠪᠣᠴᠠᠪᠡ᠃ ᠬᠤᠶᠠᠷ ᠡᠯᠴᠢ ᠳᠤ ᠬᠤᠯᠨ ᠪᠠᠷ᠎ᠠ᠂ ᠬᠤᠮᠣᠷᠭᠠᠯᠭ᠎ᠠ ᠶᠢᠨ ᠪᠠᠶᠢᠳᠠᠯ ᠢ ᠦᠵᠡᠬᠦᠯᠣᠨ᠂ ᠬᠤᠨᠭ᠍ᠬᠢᠷᠠᠳ ᠠᠶᠢᠮᠠᠭ ᠢ ᠬᠤᠮᠠᠭ ᠲᠣᠭᠤᠰᠣ ᠪᠠᠷ ᠬᠡᠶᠢᠰᠬᠡᠬᠦ ᠬᠡᠷᠡᠭ ᠢ ᠮᠠᠶᠢᠷᠠᠨ ᠬᠠᠷᠠᠨᠣᠬᠠᠢ ᠪᠦᠳᠣᠭᠡᠵᠦ ᠴᠢᠳᠠᠭᠰᠡᠨ ᠪᠣᠯᠬᠤᠷ᠂ ᠸᠠᠩ ᠨᠣᠶᠠᠨ ︽ᠦᠵᠣᠬᠦᠷ︾ ᠬᠡᠮᠡᠬᠦ ᠠᠭᠤᠯᠨ ᠶᠢ ︽ᠦᠵᠣᠬᠦᠷ ᠮᠠᠶᠢᠷᠠᠨ ᠬᠠᠷ᠎ᠠ︾ ᠬᠡᠵᠦ ᠨᠡᠷᠡᠯᠡᠭᠡᠳ᠂ ᠮᠠᠶᠢᠷᠠᠨ ᠬᠠᠷᠠᠨᠣᠬᠠᠢ ᠶᠢ ᠦᠨᠢᠳᠠ ᠲᠣᠷᠠᠰᠬᠠᠵᠠᠢ᠃ ᠡᠨᠡ ᠨᠢ ᠣᠳᠣᠬᠢ ᠴᠠᠭᠠᠨ ᠨᠠᠭᠤᠷ ᠰᠣᠮᠣᠨ ᠤ ᠵᠡᠬᠦᠨ ᠬᠤᠶᠢᠳᠣᠬᠢ ︽ᠮᠠᠶᠢᠷᠠᠨ ᠬᠠᠷ᠎ᠠ︾ ᠠᠭᠤᠯᠨ ᠮᠦᠨ᠃ ᠡᠵᠡᠨ ᠬᠠᠭᠠᠨ᠂ ᠡᠯᠴᠢ ᠶᠢᠨ ᠠᠶᠢᠯᠠᠳᠬᠠᠯ ᠢ ᠰᠣᠨᠣᠰᠣᠭᠠᠳ ᠶᠡᠭᠡ ᠬᠢᠯᠢᠩᠨᠡᠵᠦ᠂ ᠨᠢᠭᠡ ᠶᠡᠭᠡ ᠴᠡᠷᠢᠭ ᠤᠨ ᠨᠣᠶᠠᠨ ᠢ ᠲᠠᠭᠤᠳᠠᠨ᠄ ︽ᠦᠪᠡᠷ ᠢ ᠬᠠᠷᠢᠶ᠎ᠠ ᠴᠡᠷᠢᠭ ᠪᠣᠯᠣᠨ ᠮᠣᠩᠭᠤᠯ ᠬᠤᠰᠢᠭᠤᠳ ᠤᠨ ᠨᠢᠭᠡ ᠪᠦᠯᠦᠭ ᠴᠡᠷᠢᠭ ᠢ ᠲᠠᠶᠢᠴᠢᠯᠠᠵᠦ᠂ ᠦᠴᠣᠭᠡᠨ ᠬᠤᠯᠠᠭᠠᠢ ᠣᠯᠳᠠᠢ᠂ ᠣᠰᠣᠳᠠᠢ ᠶᠢ ᠠᠷᠢᠯᠭᠠᠳᠣᠭᠠᠢ︾ ᠬᠡᠵᠦ ᠵᠠᠷᠯᠢᠭᠳᠠᠵᠠᠢ᠃ ᠴᠡᠷᠢᠭ ᠤᠨ ᠨᠣᠶᠠᠨ ᠡᠵᠡᠨ ᠤ ᠵᠠᠷᠯᠢᠭ ᠢᠶᠠᠷ ᠮᠣᠷᠳᠠᠵᠦ᠂ ᠣᠡᠭᠨᠢᠭᠤᠳ ᠲᠤ ᠬᠦᠷᠴᠦ ᠢᠷᠡᠭᠡᠳ ᠡᠯᠴᠢ ᠵᠠᠷᠣᠵᠦ᠂ ᠣᠯᠳᠠᠢ ᠣᠰᠣᠳᠠᠢ ᠶᠢ ᠲᠠᠭᠤᠳᠠᠭᠤᠯᠵᠠᠢ᠃ ᠠᠶᠣᠬᠤ᠂ ᠦᠬᠦᠬᠦ ᠶᠢ ᠪᠣᠳᠣᠳᠠᠭ ᠦᠭᠡᠢ ᠣᠯᠳᠣᠢ ᠣᠰᠣᠳᠠᠢ ᠬᠤᠶᠠᠷ᠂ ᠡᠯᠴᠢ ᠶᠢ ᠲᠠᠭᠠᠨ ᠰᠢᠷ᠎ᠠ ᠮᠦᠷᠡᠨ ᠢ ᠭᠠᠳᠣᠯᠵᠦ ᠴᠡᠷᠢᠭ ᠤᠨ ᠴᠡᠴᠡᠷ ᠎ ᠲᠤ ᠠᠵᠢᠭ ᠦᠭᠡᠢ ᠪᠠᠭᠤᠵᠠᠢ᠃ ᠡᠨᠡ ᠦᠶᠡᠰ ᠪᠡᠯᠡᠳᠭᠡᠯ ᠲᠠᠢ ᠪᠠᠶᠢᠭᠰᠡᠨ ᠴᠡᠷᠢᠭ ᠤᠳ ᠬᠦᠷᠣᠯᠴᠡᠨ ᠢᠷᠡᠭᠡᠳ ᠰᠣᠯᠨ ᠬᠤᠪᠴᠠᠰᠣ᠂ ᠰᠣᠪᠳᠠᠭ ᠣᠨᠤᠭ᠎ᠠ ᠪᠠᠷ ᠣᠴᠢᠭᠰᠡᠨ ᠣᠯᠳᠠᠢ ᠣᠰᠣᠳᠠᠢ ᠬᠤᠶᠠᠷ ᠢ ᠦᠭᠡ ᠲᠠᠭᠤᠨ ᠦᠭᠡᠢ ᠪᠠᠷ ᠲᠠᠷᠣᠵᠦ ᠬᠦᠯᠢᠭᠡᠳ ᠴᠡᠷᠢᠭ ᠤᠨ ᠨᠣᠶᠠᠨ ᠤ ᠡᠮᠣᠨ᠎ᠠ ᠠᠪᠠᠴᠢᠵᠠᠢ᠃ ᠲᠦᠷᠦ ᠶᠢ ᠲᠣᠶᠢᠪᠡᠬᠡᠨ ᠲᠦᠮᠡᠨ ᠢ ᠬᠤᠣᠷᠯᠠᠭᠰᠡᠨ ᠦᠭᠡᠢ ᠣᠯᠳᠠᠢ ᠣᠰᠣᠳᠠᠢ ᠬᠤᠶᠠᠷ ᠢ ᠦᠭᠡ ᠲᠠᠭᠤᠨ ᠦᠭᠡᠢ ᠪᠠᠷ ᠲᠠᠷᠣᠵᠦ ᠬᠦᠯᠢᠭᠡᠳ ᠴᠡᠷᠢᠭ ᠤᠨ ᠨᠣᠶᠠᠨ ᠤ ᠡᠮᠣᠨ᠎ᠠ ᠠᠪᠠᠴᠢᠵᠠᠢ᠃ ᠲᠦᠷᠦ ᠶᠢ ᠲᠣᠶᠢᠪᠡᠬᠡᠨ ᠲᠦᠮᠡᠨ ᠢ ᠬᠤᠣᠷᠯᠠᠭᠰᠡᠨ ᠦᠭᠡᠢ ᠣᠯᠳᠠᠢ ᠣᠰᠣᠳᠠᠢ ᠬᠤᠶᠠᠷ ᠴᠡᠭᠡᠵᠢ ᠲᠡᠯᠪᠡᠷᠡᠮ᠎ᠠ ᠠᠭᠤᠷᠯᠠᠵᠦ᠄ ︽ᠠᠳᠣᠭᠤᠰᠣᠨ ᠤ ᠵᠣᠯᠵᠠᠭ᠎ᠠ ᠠᠭᠤᠯᠠᠨ ᠤ ᠲᠡᠭᠡᠷᠡᠮ ᠴᠢ ᠶᠠᠮᠠᠷ ᠠᠶᠣᠮᠰᠢᠭ ᠦᠭᠡᠢ ᠪᠠᠷ ᠴᠢᠩᠬᠢᠰ ᠪᠣᠭᠳᠠ ᠶᠢᠨ ᠠᠷᠢᠭᠤᠨ ᠦᠷ᠎ᠠ᠂ ᠴᠢᠩ ᠣᠯᠣᠰ ᠤᠨ ᠭᠠᠪᠢᠶᠠᠳᠦ ᠲᠦᠰᠢᠮᠡᠯ ᠳᠤ ᠭᠠᠷ ᠬᠦᠷᠴᠦ ᠪᠣᠵᠠᠷᠯᠠᠬᠤ ᠪᠣᠢ︖︾ ᠬᠡᠵᠦ ᠠᠷᠰᠯᠡᠨ ᠪᠠᠷᠰ ᠰᠢᠭ᠋ ᠠᠭᠠᠰᠢᠯᠠᠨ ᠡᠯᠡᠰᠣᠨ ᠲᠠᠯᠠᠢ ᠶᠢ ᠴᠡᠯᠬᠢᠯᠡᠳᠡᠯ᠎ᠠ ᠬᠠᠷᠢᠶᠠᠭᠰᠡᠨ ᠬᠡᠨ᠎ᠠ᠃ ᠬᠠᠷᠢᠶᠠᠭᠳᠠᠭᠰᠡᠨ ᠶᠡᠭᠡ ᠵᠠᠩᠵᠣᠨ ᠬᠠᠮᠠᠷ ᠢᠶᠠᠨ ᠨᠣᠬᠤᠯᠠᠨ ᠬᠡᠳᠣᠨ ᠦᠭᠡ ᠠᠰᠠᠭᠤᠭᠰᠡᠨ ᠳᠤ᠂ ︽ᠡᠵᠡᠨ ᠵᠣᠷᠭᠠᠨ ᠳᠤ ᠬᠡᠯᠡᠬᠦ ᠬᠦᠮᠣᠨ ᠠᠴᠠ ᠪᠢᠰᠢ ᠡᠯᠡᠰᠣᠨ ᠲᠡᠭᠡᠷᠡᠮ ᠳᠤ ᠬᠡᠯᠡᠬᠦ ᠬᠦᠮᠣᠨ ᠪᠢᠰᠢ︕︾ ᠬᠡᠦ ᠦᠷᠬᠦᠯᠵᠢᠯᠡᠨ ᠠᠶᠣᠩᠭ᠎ᠠ ᠶᠢᠨ ᠲᠠᠭᠤᠨ ᠢᠶᠠᠷ ᠬᠠᠷᠢᠶᠠᠭᠰᠡᠨ ᠳᠤ᠂ ᠶᠡᠭᠡ ᠵᠠᠩᠵᠣᠨ ᠠᠭᠤᠷᠯᠠᠵᠦ ᠣᠯᠳᠠᠢ᠂ ᠣᠰᠣᠳᠠᠢ ᠬᠤᠶᠠᠭᠤᠯᠨ ᠶᠢ ᠴᠡᠪᠴᠢᠨ ᠠᠯᠠᠭᠤᠯᠵᠠᠢ᠃ ᠣᠯᠳᠠᠢ ᠣᠰᠣᠳᠠᠢ ᠬᠤᠶᠠᠷ ᠢᠡᠭᠬᠢᠵᠦ ᠬᠢᠯᠢᠰ ᠠᠯᠠᠭᠳᠠᠵᠠᠢ᠃ ᠣᠯᠳᠠᠢ᠂ ᠣᠰᠣᠳᠠᠢ ᠬᠤᠶᠠᠷ ᠢ ᠴᠠᠪᠴᠢᠵᠦ ᠠᠯᠠᠭᠠᠳ᠂ ᠶᠡᠭᠡ ᠴᠡᠷᠢᠭ ᠰᠢᠷ᠎ᠠ ᠮᠦᠷᠡᠨ ᠢ ᠬᠡᠳᠣᠯᠣᠨ ᠬᠤᠨᠭ᠍ᠬᠢᠷᠠᠳ ᠤᠨ ᠨᠣᠳᠤᠭ ᠲᠤ ᠬᠦᠷᠴᠦ᠂ ᠣᠴᠠᠷᠠᠭᠰᠡᠨ ᠪᠦᠬᠦᠨ ᠢ ᠲᠡᠯᠬᠢᠯᠡᠨ ᠲᠡᠭᠡᠷᠡᠮᠳᠡᠵᠦ ᠶᠠᠪᠣᠭᠰᠠᠭᠠᠷ ᠦᠪᠣᠷ ᠠᠭᠤᠯᠨ ᠢᠳᠠᠭᠤᠳᠦ ᠶᠢᠨ ᠡᠩᠬᠡᠷ ᠲᠤ ᠪᠠᠶᠢᠭᠰᠡᠨ ᠣᠯᠳᠠᠢ ᠶᠢᠨ ᠦᠷᠣᠭᠡ ᠳᠤ ᠬᠦᠷᠴᠠᠢ᠃ ᠡᠨᠡ ᠦᠶᠡᠰ ᠲᠤ᠂ ᠴᠦᠭᠡᠨ ᠬᠡᠳᠣᠭᠡᠨ ᠬᠦᠮᠣᠨ᠂ ᠶᠡᠭᠡ ᠴᠡᠷᠢᠭ ᠤᠨ ᠵᠦᠭ ᠠᠮᠢ ᠴᠦᠯᠡᠨ ᠬᠠᠷᠪᠣᠭᠰᠡᠨ ᠠᠴᠠ ᠬᠤᠶᠠᠭ ᠴᠡᠷᠢᠭ ᠠᠴᠠ ᠨᠡᠯᠢᠶᠡᠳ ᠬᠦᠮᠣᠨ ᠦᠬᠦᠵᠦ ᠰᠢᠷᠬᠠᠳᠠᠪᠡ᠃ ᠶᠡᠭᠡ ᠵᠠᠩᠵᠣᠨ ᠨᠡᠩ ᠠᠭᠤᠷᠰᠡᠵᠦ᠄ ︽ᠣᠯᠳᠠᠢ ᠶᠢᠨ ᠭᠤᠷᠪᠡᠨ ᠣᠭᠰᠠᠭ᠎ᠠ ᠶᠢᠰᠣᠨ ᠲᠦᠷᠦᠯ ᠎ ᠢ ᠬᠦᠢᠰᠣ ᠲᠡᠮᠳᠡᠷᠢᠨ ᠣᠬᠢᠶᠠᠰᠣᠭᠠᠢ︾ ᠬᠡᠵᠦ ᠦᠬᠦᠵᠦ ᠰᠢᠷᠬᠠᠳᠠᠪᠡ᠃ ᠶᠡᠭᠡ ᠵᠠᠩᠵᠣᠨ ᠨᠡᠩ ᠠᠭᠤᠷᠰᠡᠵᠦ᠄ ︽ᠣᠯᠳᠠᠢ ᠶᠢᠨ ᠭᠤᠷᠪᠡᠨ ᠣᠭᠰᠠᠭ᠎ᠠ ᠶᠢᠰᠣᠨ ᠲᠦᠷᠦᠯ ᠢ ᠬᠦᠢᠰᠣ ᠲᠡᠮᠳᠡᠷᠢᠨ ᠣᠬᠢᠶᠠᠰᠣᠭᠠᠢ︾ ᠬᠡᠵᠦ ᠣᠷᠢᠯᠠᠭᠰᠡᠨ ᠠᠴᠠ᠂ ᠲᠡᠭᠡᠷᠡᠮᠴᠢ ᠴᠡᠷᠢᠭ ᠨᠢᠭᠡᠮᠣᠰᠣᠨ ᠭᠠᠯᠵᠠᠭᠤᠷᠠᠵᠦ ᠦᠵᠡᠭᠰᠡᠨ ᠪᠦᠬᠦᠨ ᠢ ᠠᠯᠠᠵᠦ᠂ ᠬᠦᠷᠦᠭᠰᠡᠨ ᠪᠦᠬᠦᠨ ᠢ ᠭᠠᠯᠳᠠᠵᠦ᠂ ᠬᠤᠨᠭ᠍ᠬᠢᠷᠠᠳ ᠤᠨ ᠨᠣᠳᠤᠭ ᠢ ᠦᠨᠡᠰᠣᠨ ᠲᠣᠪᠤ ᠲᠡᠳᠣᠢ ᠪᠣᠯᠭᠠᠪᠡ᠃ ᠡᠨᠡ ᠣᠳᠠᠭᠠᠨ ᠤ ᠶᠡᠭᠡ ᠬᠢᠳᠣᠯᠭ᠎ᠠ ᠳᠤ᠂ ᠣᠯᠳᠠᠢ ᠶᠢᠨ ᠬᠤᠶᠠᠳᠣᠭᠠᠷ᠂ ᠭᠤᠷᠪᠠᠳᠣᠭᠠᠷ ᠬᠦᠪᠡᠬᠦᠨ ᠪᠣᠯᠣᠨ ᠲᠣᠩ ᠣᠯᠠᠨ ᠬᠦᠮᠣᠨ ᠠᠯᠠᠭᠳᠠᠵᠦ᠂ ᠠᠮᠢᠳᠦ ᠦᠯᠡᠳᠡᠭᠰᠡᠳ ᠢ ᠴᠦᠮ ᠪᠠᠷᠢᠪᠴᠢᠯᠠᠨ ᠲᠠᠭᠤᠵᠦ ᠶᠡᠭᠡ ᠴᠡᠷᠢᠭ ᠪᠣᠴᠠᠵᠠᠢ᠃ ᠣᠯᠳᠠᠢ ᠶᠢᠨ ᠣᠳᠬᠤᠨ ᠬᠡᠭᠴᠢ ᠪᠠᠭ᠎ᠠ ᠬᠦᠪᠡᠬᠦᠨ ᠨᠢ ᠴᠦᠭᠡᠨ ᠬᠡᠳᠣᠬᠦᠯᠨ ᠲᠣᠳᠠᠭᠠᠨ ᠭᠠᠷᠴᠦ᠂ ᠦᠪᠣᠷ ᠠᠭᠤᠯᠨ ᠶᠢᠨ ᠦᠳᠭᠡᠨ ᠰᠢᠭᠤᠢ ᠳᠤ ᠰᠢᠷᠭᠤᠵᠦ ᠠᠶᠣᠯ ᠠᠴᠠ ᠮᠣᠯᠳᠣᠷᠠᠵᠠᠢ᠃ ᠣᠳᠬᠤᠨ ᠬᠢᠳᠣᠯᠭ᠎ᠠ ᠶᠢᠨ ᠲᠠᠷᠠᠭ᠎ᠠ ᠦᠪᠣᠷ ᠠᠭᠤᠯᠠᠨ ᠤ ᠣᠷᠣᠢ ᠲᠡᠭᠡᠷ᠎ᠠ ᠣᠪᠣᠭ᠎ᠠ ᠪᠣᠰᠬᠠᠨ ᠠᠮᠢ ᠠᠪᠣᠷᠠᠭᠰᠡᠨ ︽ᠠᠢ ᠲᠣᠰᠠᠳᠦ ᠬᠠᠨ ᠠᠭᠤᠯᠨ︾ ᠬᠡᠵᠦ ᠡᠷᠬᠦᠮᠵᠢᠯᠡᠭᠡᠳ᠂ ᠦᠷᠬᠦᠯᠵᠢ ᠲᠠᠬᠢᠵᠦ ᠢᠰᠳᠣᠬᠦ ᠪᠣᠯᠪᠡ᠃ ᠡᠨᠡ ᠨᠢ ᠣᠳᠣᠬᠢ ᠬᠤᠨᠭ᠍ᠭᠤᠷ ᠰᠣᠮᠣᠨ ᠤ ᠬᠤᠶᠢᠳᠦ ᠳᠤ ᠪᠠᠶᠢᠭ᠎ᠠ ︽ᠢᠳᠠᠭᠤᠳᠦ︾ ᠬᠡᠭᠴᠢ ᠠᠭᠤᠯᠨ ᠪᠣᠯ ᠲᠠᠷᠣᠢ ︽ᠠᠴᠢ ᠲᠣᠰᠠᠳᠦ ᠬᠠᠨ ᠠᠭᠤᠯᠨ︾ ᠮᠦᠨ᠃ ᠣᠳᠠᠭᠠᠨ ᠣᠨ ᠤ ᠬᠠᠵᠠᠭᠠᠢ ᠪᠣᠷᠣᠭᠤ ᠬᠡᠯᠡᠯᠭᠡ ᠠᠴᠠ ᠪᠣᠯᠵᠦ ᠡᠳᠣᠭᠡ ᠢᠳᠠᠭᠤᠳᠦ ︵ᠰᠢᠪᠠᠭᠤ︶ ᠬᠡᠮᠡᠬᠦ ᠦᠰᠣᠳ ᠦᠭᠡᠷ᠎ᠠ ᠨᠡᠷ᠎ᠠ ᠪᠣᠯᠵᠠᠢ᠃ ᠣᠯᠳᠠᠢ ᠶᠢᠨ ᠣᠳᠬᠤᠨ ᠬᠦᠪᠡᠬᠦᠨ ᠠᠮᠢᠳᠣ ᠬᠤᠴᠣᠷᠣᠭᠠᠳ ᠣᠯᠠᠨ ᠢ ᠲᠠᠭᠠᠭᠤᠯᠣᠨ ᠣᠪᠣᠭ᠎ᠠ ᠪᠣᠰᠬᠠᠨ ᠠᠭᠤᠯᠨ ᠲᠠᠶᠢᠵᠦ ᠪᠠᠶᠢᠬᠤ ᠴᠢᠮᠡᠭᠡ ᠶᠢ ᠬᠤᠰᠢᠭᠤ ᠲᠠᠮᠠᠭᠠᠨ ᠭᠠᠵᠠᠷ ᠰᠣᠨᠣᠰᠣᠭᠠᠳ ᠴᠡᠷᠢᠭ ᠢᠯᠡᠭᠡᠨ ᠣᠳᠬᠤᠨ ᠢ ᠪᠠᠷᠢᠪᠴᠢᠯᠠᠵᠦ᠂ ᠲᠡᠬᠦᠨ ᠤ ᠲᠠᠶᠢᠵᠢ ᠴᠣᠯᠨ ᠶᠢ ᠬᠤᠰᠣᠵᠦ᠂ ᠬᠠᠷᠠᠴᠦ ᠢᠷᠭᠡᠨ ᠪᠣᠯᠭᠠᠭᠠᠳ ᠨᠠᠢᠮᠠᠨ ᠰᠣᠮᠣᠨ ᠤ ᠭᠠᠳᠠᠭᠠᠳᠦ ᠨᠠᠢᠮᠠᠨ ᠳ᠋ᠠ ᠶᠢᠨ ᠲᠠᠶᠢᠵᠢ ᠶᠢᠨ ᠬᠠᠷᠢᠶᠠᠳᠦ ︵ᠬᠠᠮᠵᠢᠯᠭ᠎ᠠ︶ ᠪᠣᠯᠭᠠᠨ ᠲᠣᠰᠢᠶᠠᠵᠠᠢ᠃ ᠣᠯᠳᠠᠢ ᠠᠶᠢᠮᠠᠭ ᠤᠨ ᠬᠢᠨ ᠪᠣᠷᠵᠢᠬᠢᠨ ᠣᠪᠣᠭᠳᠠᠢ ᠪᠠᠶᠢᠳᠠᠯ᠎ᠠ ᠲᠠᠶᠢᠵᠢ ᠪᠣᠰᠣ ᠶᠢᠨ ᠣᠴᠢᠷ ᠡᠨᠡ ᠪᠢᠯᠨ᠃ ᠬᠤᠨᠭ᠍ᠬᠢᠷᠠᠳ ᠠᠶᠢᠮᠠᠭ ᠤᠨ ᠠᠯᠢᠪᠡ ᠨᠢᠭᠡᠳᠣᠯᠳᠠᠢ ᠠᠵᠢᠯᠯᠠᠭ᠎ᠠ ᠴᠦᠮ ᠴᠠᠭᠠᠵᠠᠯᠠᠭᠳᠠᠭᠰᠡᠨ ᠲᠣᠯᠨ ︽ᠠᠴᠢ ᠲᠣᠰᠠᠳᠦ ᠬᠠᠨ ᠠᠭᠤᠯᠨ︾᠎ ᠶᠢᠨ ᠲᠠᠬᠢᠯᠭ᠎ᠠ ᠴᠦ ᠶᠠᠷᠢᠶᠡᠨ ᠦᠭᠡᠢ ᠬᠤᠷᠢᠭᠯᠠᠭᠳᠠᠵᠠᠢ᠃ ᠡᠶᠢᠮᠣ ᠠᠴᠠ᠂ ᠨᠠᠢᠮᠠᠨ ᠰᠣᠮᠣᠴᠣᠳ ᠣᠷᠣᠨ ᠰᠠᠭᠤᠴᠨ ᠶᠢᠨ ᠢᠶᠠᠨ ᠣᠶᠢᠷ᠎ᠠ ᠲᠦᠳᠠ ᠶᠢ ᠦᠵᠡᠵᠦ᠂ ᠣᠶᠢᠷᠠᠯᠴᠠᠬᠢ ᠠᠭᠤᠯᠨ ᠬᠠᠶᠢᠷᠬᠠᠨ ᠪᠣᠯᠠᠭ ᠱᠠᠩᠰᠢ ᠶᠢ ᠲᠠᠬᠢᠬᠤ ᠪᠣᠯᠵᠠᠢ᠃ ᠬᠤᠨᠭ᠍ᠬᠢᠷᠠᠳ ᠤᠨ ᠲᠣᠯᠤᠭ᠎ᠠ᠂ ᠨᠠᠢᠮᠠᠳᠣᠭᠠᠷ ᠰᠣᠮᠣᠨ ᠤ ᠬᠢᠨ ᠨᠢᠭᠡᠨ ᠣᠭᠳᠣᠷ ᠬᠤᠸ᠋ᠨ ᠲᠡᠭᠡᠷ᠎ᠠ ᠣᠪᠣᠭ᠎ᠠ ᠪᠣᠰᠬᠠᠵᠦ᠂ ᠬᠤᠨᠭ᠍ᠬᠢᠷᠠᠳ ᠣᠪᠣᠭ᠎ᠠ ᠬᠡᠵᠦ ᠨᠡᠷᠡᠯᠡᠭᠡᠳ᠂ ᠵᠢᠯ ᠤᠨ ᠲᠦᠷᠪᠡᠨ ᠴᠠᠭ ᠢᠶᠠᠷ ᠲᠠᠬᠢᠯᠭ᠎ᠠ ᠲᠠᠬᠢᠵᠦ ᠨᠠᠶᠢᠷ ᠬᠢᠳᠡᠭ ᠪᠠᠶᠢᠵᠠᠢ᠃ ᠡᠬᠦᠨ ᠢ ᠬᠤᠰᠢᠭᠤ ᠲᠠᠮᠠᠭᠠᠨ ᠤ ᠭᠠᠵᠠᠷ ᠠᠴᠠ ᠨᠠᠢᠮᠠᠨ ᠰᠣᠮᠣᠨ ᠳᠤ ᠠᠪᠣᠷᠭᠤ ᠪᠦᠭᠡᠴᠣᠳ ᠭᠠᠷᠴᠦ ᠪᠠᠶᠢᠨ᠎ᠠ ᠬᠡᠵᠦ ᠬᠤᠨᠭ᠍ᠬᠢᠷᠠᠳ ᠣᠪᠣᠭᠠᠨ ᠤ ᠪᠠᠷᠠᠭᠤᠨ ᠮᠦᠷᠦ ᠶᠢ ᠰᠣᠪᠠᠭ ᠲᠠᠳᠠᠵᠦ ᠲᠠᠰᠣᠯᠪᠡ᠃ ᠭᠠᠵᠠᠷ ᠤᠨ ᠰᠢᠨᠵᠢ ᠡᠪᠳᠡᠭᠰᠡᠨ ᠣᠴᠢᠷ ᠠᠴᠠ᠂ ᠬᠤᠨᠭ᠍ᠬᠢᠷᠠᠳᠴᠣᠳ ᠡᠨᠡ ᠣᠪᠣᠭ᠎ᠠ ᠶᠢ ᠶᠡᠬᠡᠪᠡᠷ ᠲᠠᠬᠢᠬᠤ ᠪᠠᠨ ᠵᠣᠭᠰᠣᠵᠠᠢ᠃ ᠣᠣᠯ ᠤᠨ ᠬᠤᠨᠭ᠍ᠬᠢᠷᠠᠳ ᠣᠪᠣᠭ᠎ᠠ ᠪᠣᠯ ᠣᠳᠣᠬᠢ ᠬᠤᠨᠭ᠍ᠭᠤᠷ ᠰᠣᠮᠣᠨ ᠤ ᠡᠮᠣᠨᠡᠬᠢ ᠬᠤᠨᠭ᠍ᠭᠤᠷ ᠣᠪᠣᠭ᠎ᠠ ᠬᠡᠭᠴᠢ ᠦᠨᠳᠣᠷ ᠣᠷᠣᠢ ᠮᠦᠨ᠃ ᠲᠡᠬᠦᠨ ᠤ ᠪᠠᠷᠠᠭᠤᠨ ᠮᠦᠷᠦ ᠶᠢ ᠰᠣᠪᠠᠭ ᠲᠠᠳᠠᠵᠦ ᠲᠠᠰᠣᠯᠣᠭᠰᠡᠨ ᠣᠷᠣᠮ ᠨᠢ ᠣᠳᠦ ᠪᠣᠯᠳᠠᠯ᠎ᠠ ᠲᠣᠳᠣᠷᠬᠠᠢ ᠪᠠᠶᠢᠨ᠎ᠠ ᠬᠡᠳᠡᠭ᠃ ᠬᠤᠨᠭ᠍ᠬᠢᠷᠠᠳ ᠠᠶᠢᠮᠠᠭ ᠲᠤ ᠵᠠᠰᠠᠭ ᠴᠠᠭᠠᠵᠨ ᠦᠡᠭᠬᠦᠶᠢᠵᠦ᠂ ᠡᠪᠡᠳᠴᠢᠨ ᠲᠠᠬᠤᠯ ᠲᠡᠯᠬᠡᠷᠡᠭᠡᠳ᠂ ᠲᠣᠩ ᠦᠭᠡᠳᠠ ᠦᠡᠭ ᠦᠭᠡᠢ ᠪᠣᠯᠣᠭᠰᠡᠨ ᠠᠴᠠ᠂ ᠬᠤᠨᠭ᠍ᠬᠢᠷᠠᠳ ᠎ ᠤᠨ ᠲᠠᠶᠢᠵᠢ ᠨᠣᠶᠠᠳ ᠰᠡᠳᠬᠢᠯ ᠠᠮᠣᠷ ᠦᠭᠡᠢ ᠪᠣᠯᠵᠦ ᠪᠠᠶᠢᠵᠠᠢ᠃ ᠡᠬᠦᠨ ᠤ ᠣᠯᠠᠮ ᠠᠴᠠ᠂ ᠲᠠᠳᠠ ᠵᠣᠪᠠᠯᠠᠩ ᠠᠴᠠ ᠵᠠᠶᠢᠯᠠᠵᠦ᠂ ᠵᠢᠷᠭᠠᠯᠠᠩ ᠡᠳ᠋ᠯᠡᠬᠦ ᠶᠢᠨ ᠲᠣᠰᠨ ᠎ ᠳᠤ᠂ ᠪᠣᠭᠳᠠ ᠬᠤᠳᠣᠭᠳᠠᠨ ᠠᠴᠠ ᠠᠪᠣᠷᠠᠯ ᠰᠣᠨᠳᠠᠭ ᠡᠷᠢᠵᠠᠢ᠃ ᠪᠣᠭᠳᠠ ᠬᠤᠳᠣᠭᠳᠠᠨ ᠠᠴᠠ᠄ ︽ᠨᠣᠳᠤᠭ ᠤᠨ ᠬᠤᠶᠢᠳᠦ ᠵᠠᠬ᠎ᠠ ᠳᠠᠭᠠᠨ ᠰᠦᠮ᠎ᠠ ᠪᠠᠶᠢᠭᠤᠯᠵᠦ ᠪᠯᠡᠮ᠎ᠠ ᠭᠤᠷᠪᠡᠨ ᠡᠷᠳᠠᠨᠢ ᠳᠤ ᠲᠠᠭᠠᠳᠬᠠᠨ ᠵᠠᠯᠪᠠᠷᠢᠪᠡᠰᠣ ᠦᠯᠵᠡᠢ ᠬᠤᠳᠤᠭ ᠣᠷᠣᠰᠢᠮᠣᠢ︾ ᠬᠡᠵᠦ ᠠᠶᠢᠯᠠᠳᠴᠠᠢ᠃ ᠬᠤᠨᠬᠢᠷᠠᠳᠴᠣᠳ ᠵᠦᠪᠳᠡᠯᠴᠡᠨ ︽ᠦᠬᠦᠭᠡᠷ ᠎ ᠤᠨ ᠭᠤᠷᠪᠡᠨ ᠣᠷᠣᠢ︾ ᠬᠡᠳᠡᠭ ᠭᠠᠵᠠᠷ ᠰᠦᠮ᠎ᠠ ᠪᠠᠶᠢᠭᠤᠯᠵᠦ ᠬᠤᠨᠭ᠍ᠬᠢᠷᠠᠳ ᠰᠦᠮ᠎ᠠ ᠬᠡᠵᠦ ᠡᠷᠬᠦᠮᠵᠢᠯᠡᠨ ᠭᠤᠷᠪᠡᠨ ᠰᠢᠳᠣᠭᠡᠨ ᠢ ᠪᠦᠷᠢᠳᠭᠡᠨ ᠲᠠᠬᠢᠵᠠᠢ᠃ ᠢᠡᠭᠬᠢᠭᠰᠡᠨ ᠳᠤ ᠬᠤᠰᠢᠭᠤ ᠲᠠᠮᠠᠭᠠᠨ ᠭᠠᠵᠠᠷ ᠪᠠᠷᠠᠭᠤᠨ ᠰᠦᠮ᠎ᠠ ᠠᠴᠠ ᠬᠡᠷᠬᠢᠮᠳᠡᠨ ᠯᠠᠮᠠᠨᠠᠷ ᠲᠣᠮᠢᠯᠠᠵᠦ ᠬᠤᠨᠭ᠍ᠬᠢᠷᠠᠳ ᠰᠦᠮ᠎ᠠ ᠶᠢᠨ ᠡᠷᠭᠡ ᠶᠢ ᠮᠡᠳᠡᠬᠦᠯᠪᠡ᠃ ᠣᠳᠣᠬᠢ ᠬᠤᠨᠭ᠍ᠭᠤᠷ ᠰᠣᠮᠣᠨ ᠤ ᠡᠮᠣᠨᠡᠬᠢ ᠭᠤᠷᠪᠡᠨ ᠣᠷᠣᠢ ᠶᠢᠨ ᠭᠤᠣᠯ ᠣᠷᠣᠢ ᠲᠡᠭᠡᠷᠡᠬᠢ ᠨᠢᠭᠡᠨ ᠪᠠᠭᠤᠷᠢ ᠪᠣᠯ ᠲᠠᠷᠣᠢ ᠬᠤᠨᠭ᠍ᠬᠢᠷᠠᠳ ᠰᠦᠮ᠎ᠠ ᠶᠢᠨ ᠪᠠᠭᠤᠷᠢ ᠮᠦᠨ᠃ ᠴᠢᠩ ᠣᠯᠣᠰ ᠤᠨ ᠨᠣᠶᠠᠷᠬᠠᠭᠴᠢᠳ ᠡᠯᠳᠡᠪ ᠵᠣᠶᠢᠯ ᠤᠨ ᠬᠠᠳᠬᠤᠯᠭ᠎ᠠ ᠬᠢᠭᠰᠡᠭᠡᠷ ᠪᠠᠶᠢᠵᠦ᠂ ᠬᠤᠨᠭ᠍ᠬᠢᠷᠠᠳ᠂ ᠪᠠᠭᠠᠷᠢᠨ ᠬᠤᠶᠠᠷ ᠲᠤ ᠲᠠᠭᠠᠷᠢ ᠦᠭᠡᠢ ᠠᠭᠳᠠ ᠬᠤᠪᠣᠷ᠂ ᠰᠢᠷᠬ᠎ᠠ ᠦᠭᠡᠢ ᠡᠷ᠎ᠠ ᠴᠦᠭᠡᠨ ᠪᠣᠯᠭᠠᠭᠰᠡᠨ ᠳᠠᠭᠠᠨ ᠪᠠᠰᠨ ᠪᠠᠬ᠎ᠠ ᠨᠢ ᠬᠠᠨᠣᠭᠰᠡᠨ ᠦᠭᠡᠢ᠃ ᠪᠠᠭᠠᠷᠢᠨ ᠤ ᠪᠠᠰᠨ ᠨᠢᠭᠡ ᠪᠦᠯᠦᠭ ᠨᠣᠶᠠᠳ ᠲᠠᠶᠢᠵᠢ ᠶᠢ ᠦᠭᠡᠶᠢᠰᠬᠡᠬᠦ ᠶᠢᠨ ᠲᠦᠯᠣᠭᠡ᠂ ᠡᠶᠡᠯᠳᠣᠨ ᠲᠠᠭᠠᠭᠴᠢᠳ ᠬᠤᠪᠢᠯᠳᠣᠨ ᠡᠵᠡᠨ ᠬᠠᠭᠠᠨ ᠳᠤ ᠡᠷᠬᠦᠳᠡᠯ ᠪᠠᠷᠢᠵᠦ ︽ᠰᠡᠴᠡᠨ ᠲᠡᠭᠡᠳᠦ ᠬᠦᠡᠭᠵᠦ ᠶᠢᠨ ᠬᠡᠬᠡᠨ ᠢ ᠣᠷᠣᠰᠢᠭᠤᠯᠣᠭᠰᠡᠨ ᠭᠠᠵᠠᠷ ᠨᠢ ᠣᠨᠴᠨ ᠰᠠᠶᠢᠨ ᠲᠣᠯᠨ ᠪᠠᠭᠠᠷᠢᠨ ᠳᠤᠷ ᠬᠠᠭᠠᠨ ᠣᠳᠦ ᠢᠯᠡᠷᠡᠵᠦ ᠣᠳᠠᠯ ᠦᠭᠡᠢ ᠲᠦᠷᠦ ᠪᠣᠯᠢᠶᠠᠬᠤ ᠰᠢᠨᠵᠢ ᠪᠣᠢ︾ ᠬᠡᠵᠦ ᠬᠤᠪᠯᠠᠵᠠᠢ᠃ ᠡᠵᠡᠨ ᠬᠠᠭᠠᠨ ᠡᠷᠬᠦᠳᠡᠯ ᠢ ᠦᠵᠡᠭᠰᠡᠨ ᠤ ᠲᠠᠷᠠᠭ᠎ᠠ ︽ᠰᠡᠴᠡᠨ ᠲᠡᠭᠡᠳᠦ ᠬᠦᠷᠣᠨ ᠬᠦᠡᠭᠵᠦ ᠶᠢ ᠣᠷᠣᠰᠢᠭᠤᠯᠣᠭᠰᠡᠨ ᠭᠠᠵᠠᠷ ᠲᠣᠶᠢᠯ ᠤᠨ ᠮᠠᠭᠤ ᠲᠣᠯᠨ ᠲᠦᠷᠭᠡᠨ ᠵᠠᠶᠢᠯᠠᠭᠤᠯ︕︾ ᠬᠡᠰᠡᠨ ᠵᠠᠷᠯᠢᠭ ᠪᠠᠭᠤᠯᠭᠠᠵᠠᠢ᠃ ᠪᠠᠭᠠᠷᠢᠨ ᠬᠤᠰᠢᠭᠤ ᠵᠠᠷᠯᠢᠭ ᠢ ᠣᠯᠣᠮᠠᠭᠴᠨ᠂ ᠬᠦᠷᠣᠨ ᠬᠦᠡᠭᠵᠦ ᠶᠢᠨ ᠬᠡᠬᠡᠨ ᠢ ᠪᠠᠷᠳᠠᠮ ᠬᠠᠷ᠎ᠠ ᠠᠭᠤᠯᠠᠨ ᠤ ᠰᠠᠶᠢᠨ ᠪᠣᠯᠠᠭ ᠬᠡᠮᠡᠬᠦ ᠭᠠᠵᠠᠷ ᠠᠴᠠ ᠰᠢᠯᠵᠢᠬᠦᠯᠵᠦ᠂ ᠪᠠᠶᠠᠨ ᠬᠦᠳᠣᠯ ᠤᠨ ᠡᠩᠬᠡᠷ ᠲᠤ ᠰᠧᠪᠳᠡᠨ ᠵᠢᠶᠦ᠋ᠨ ᠸᠠᠩ ᠤᠨ ᠬᠡᠬᠡᠨ ᠢᠵᠠᠭᠤᠷ ᠲᠠᠢ ᠣᠶᠢᠷᠠᠯᠴᠠᠭ᠎ᠠ ᠣᠷᠣᠰᠢᠭᠤᠯᠪᠡ᠃ ᠡᠨᠡ ᠨᠢ ᠮᠦᠨ ᠴᠦ ᠴᠢᠩ ᠣᠯᠣᠰ ᠤᠨ ᠨᠣᠶᠠᠷᠬᠠᠭᠴᠢᠳ ᠤᠨ ᠰᠠᠨᠠᠭᠠᠨ ᠳᠤ ᠡᠰᠡ ᠨᠡᠶᠢᠴᠡᠭᠰᠡᠨ ᠲᠣᠯᠨ ᠬᠠᠭᠠᠨ ᠳᠤ ᠲᠠᠬᠢᠨ ᠡᠷᠬᠦᠳᠡᠯ ᠪᠠᠷᠢᠵᠦ ︽ᠰᠡᠴᠡᠨ ᠲᠡᠭᠡᠳᠦ ᠬᠦᠷᠣᠨ ᠬᠦᠡᠭᠵᠦ ᠶᠢᠨ ᠬᠡᠬᠡᠨ ᠢ ᠲᠡᠪᠰᠢᠬᠦᠯᠦᠭᠡᠳ᠂ ᠭᠠᠷᠣᠳᠢ ᠠᠭᠤᠯᠠᠨ ᠳᠤ ᠣᠷᠣᠰᠢᠭᠤᠯᠣᠭᠰᠡᠨ ᠲᠣᠯᠨ᠂ ᠬᠠᠭᠠᠨ ᠣᠳᠣᠨ ᠤ ᠬᠡᠷᠡᠯ ᠣᠯᠠᠮ ᠬᠤᠷᠴᠠᠳᠣᠭᠠᠳ᠂ ᠭᠠᠷᠣᠳᠢ ᠠᠭᠤᠯᠨ ᠨᠢᠰᠬᠦ ᠰᠢᠨᠵᠢ ᠲᠦᠯᠣᠪᠰᠢᠪᠡᠢ︾ ᠬᠡᠮᠡᠰᠡᠨ᠎ᠠ᠂ ᠡᠵᠡᠨ ᠬᠠᠭᠠᠨ ᠰᠠᠶᠢᠳ ᠲᠦᠰᠢᠮᠡᠳ ᠪᠠ ᠰᠠᠶᠢᠨ ᠰᠢᠨᠵᠢᠭᠡᠴᠢ ᠢᠷᠡᠬᠦᠯᠵᠦ᠂ ᠰᠠᠶᠢᠨ ᠪᠣᠯᠠᠭ ᠤᠨ ᠭᠠᠵᠠᠷ ᠰᠣᠪᠠᠭ ᠲᠠᠳᠠᠵᠦ ᠭᠤᠣ ᠭᠠᠨᠭ᠍ᠭ᠎ᠠ ᠭᠠᠷᠭᠠᠵᠦ ᠭᠠᠵᠠᠷ ᠤᠨ ᠰᠢᠨᠵᠢ ᠶᠢ ᠡᠪᠳᠡᠯᠣᠭᠡᠳ᠂ ᠭᠠᠷᠣᠳᠢ ᠶᠢᠨ ᠪᠠᠶᠠᠨ ᠬᠦᠳᠣᠯ ᠠᠭᠤᠯᠨ ᠶᠢᠨ ᠮᠦᠷᠦ ᠲᠡᠭᠡᠷ᠎ᠠ ᠭᠤᠣ ᠮᠠᠯᠳᠠᠵᠦ᠂ ᠭᠠᠷᠣᠳᠢ ᠶᠢᠨ ᠵᠢᠬᠦᠷ ᠢ ᠲᠠᠰᠣᠯᠣᠭᠠᠳ ᠬᠦᠡᠭᠵᠦ ᠶᠢᠨ ᠴᠢᠨᠳᠠᠷ ᠢ ᠲᠡᠮᠵᠢ ᠶᠢᠨ ᠪᠠᠶᠠᠨ ᠬᠤᠰᠢᠭᠤ ᠬᠡᠮᠡᠬᠦ ᠭᠠᠵᠠᠷ ᠲᠡᠪᠰᠢᠬᠦᠯᠪᠡ᠃ ᠬᠡᠳᠣᠨ ᠵᠢᠯ ᠪᠣᠯᠣᠭᠰᠡᠨ ᠤ ᠲᠠᠷᠠᠭ᠎ᠠ᠂ ︽ᠬᠦᠡᠭᠵᠦ ᠶᠢᠨ ᠴᠢᠨᠳᠠᠷ ᠢ ᠣᠷᠣᠰᠢᠭᠤᠯᠣᠭᠰᠡᠨ ᠪᠠᠶᠠᠨ ᠬᠤᠰᠢᠭᠤ ᠪᠣᠯ ᠪᠣᠬ᠎ᠠ ᠶᠢᠨ ᠰᠢᠨᠵᠢ ᠲᠠᠢ ᠠᠭᠤᠯᠨ ᠲᠣᠯᠨ ᠪᠠᠭᠠᠷᠢᠨ ᠳᠤ ᠴᠢᠳᠠᠯ ᠶᠡᠭᠡ ᠲᠠᠢ ᠡᠷ᠎ᠠ ᠠᠷᠪᠢᠨ ᠭᠠᠷᠬᠤ ᠪᠣᠯᠣᠨ᠎ᠠ︾ ᠬᠡᠵᠦ ᠪᠣᠬ᠎ᠠ ᠠᠭᠤᠯᠠᠨ ᠤ ᠨᠢᠷᠣᠭᠤ ᠶᠢ ᠴᠣᠭᠤᠯᠵᠦ᠂ ᠬᠤᠶᠠᠷ ᠲᠣᠮᠣ ᠪᠦᠭᠡᠷᠡᠩᠬᠡᠢ ᠴᠠᠭᠠᠨ ᠴᠢᠯᠠᠭᠤ ᠮᠠᠯᠳᠠᠵᠦ ᠠᠪᠣᠯ᠎ᠠ ᠬᠡᠳᠡᠭ᠃ ᠮᠣᠩᠭᠤᠯ ᠤᠨ ᠮᠢᠬᠠᠨ ᠳᠤ ᠦᠭᠡᠬᠦᠯᠡᠵᠦ᠂ ᠮᠣᠩᠭᠤᠯ ᠤᠨ ᠴᠢᠰᠣᠨ ᠳᠤ ᠮᠣᠩᠬᠠᠷᠠᠭᠰᠡᠨ ᠴᠢᠩ ᠣᠯᠣᠰ ᠤᠨ ᠨᠣᠶᠠᠳ ᠪᠠᠭᠠᠷᠢᠨ ᠡᠶᠢᠮᠣ᠂ ᠪᠠᠭᠠᠷᠢᠨ ᠲᠡᠶᠢᠮᠣ ᠬᠡᠵᠦ ᠦᠷᠬᠦᠯᠵᠢ ᠡᠷᠬᠦᠳᠡᠯ ᠵᠠᠭᠠᠯᠳᠣᠯᠭ᠎ᠠ ᠲᠠᠰᠣᠷᠠᠬᠤ ᠦᠭᠡᠢ ᠪᠣᠯᠣᠭᠰᠡᠨ ᠪᠠᠶᠢᠵᠠᠢ᠃ ᠡᠶᠢᠮᠦ ᠣᠴᠢᠷ ᠠᠴᠠ ᠪᠠᠭᠠᠷᠢᠨ ᠢ ᠠᠩᠬᠠᠷᠴᠦ ᠡᠩᠬᠡ ᠠᠮᠣᠭᠤᠯᠠᠩ ᠤᠨ ᠲᠦᠷᠴᠢᠨ ᠲᠠᠪᠣᠳᠣᠭᠠᠷ ᠣᠨ ᠳᠤ ᠬᠠᠭᠠᠨ ᠡᠵᠡᠨ ᠪᠡᠶ᠎ᠠ ᠪᠠᠷ ᠢᠶᠠᠨ ᠪᠠᠭᠠᠷᠢᠨ ᠳᠤ ᠢᠷᠡᠵᠦ ᠨᠢᠳᠦ ᠪᠠᠷ ᠢᠶᠠᠨ ᠰᠠᠶᠢᠳᠣᠷ ᠪᠠᠶᠢᠴᠠᠭᠠᠨ ᠰᠢᠨᠵᠢᠭᠡᠳ᠂ ᠪᠠᠭᠠᠷᠢᠨ ᠬᠦᠮᠣᠨ ᠤ ᠬᠦᠳᠡᠷ ᠴᠢᠬᠢᠷᠠᠭ ᠪᠡᠶ᠎ᠠ ᠮᠠᠬᠠᠪᠣᠳ᠂ ᠠᠰᠪᠣᠷ ᠰᠢᠯᠣᠭᠤᠨ ᠵᠠᠩ ᠴᠢᠨᠠᠷ᠂ ᠵᠠᠷᠯᠢᠭ ᠵᠢᠭᠠᠪᠣᠷᠢ ᠶᠢ ᠡᠷᠡᠰ ᠲᠠᠭᠠᠬᠤ ᠪᠦᠳᠣᠬᠦᠯᠢᠭ ᠰᠢᠳᠣᠷᠭᠤ ᠪᠠᠶᠢᠳᠠᠯ ᠢ ᠲᠦᠰᠣᠪᠯᠡᠭᠡᠳ ᠡᠷᠳᠠ ᠎ ᠠᠴᠠ ᠪᠠᠨ ᠡᠷᠡᠯᠬᠡᠭ ᠪᠠᠭᠠᠳᠣᠷᠯᠢᠭ ᠢ ᠮᠠᠭᠳᠠᠵᠦ᠂ ᠬᠤᠯᠨ ᠣᠶᠢᠷ᠎ᠠ ᠶᠢᠨ ᠮᠣᠩᠭᠤᠯ ᠬᠤᠰᠢᠭᠤᠳ ᠤᠨ ᠣᠷᠪᠠᠯᠭ᠎ᠠ ᠪᠣᠰᠣᠯᠭ᠎ᠠ ᠶᠢ ᠲᠠᠷᠣᠩᠭᠤᠶᠢᠯᠠᠬᠤ ᠳᠤ᠂ ᠪᠠᠭᠠᠷᠢᠨ ᠎ ᠤ ᠴᠡᠷᠢᠭ ᠤᠨ ᠬᠤᠴᠣᠷᠭᠠᠯ ᠦᠭᠡᠢ ᠶᠠᠪᠣᠯᠵᠦ᠂ ᠡᠷ᠎ᠠ ᠬᠤᠷᠣᠭᠳᠠᠭᠤᠯᠣᠨ᠂ ᠡᠳ᠋ ᠬᠤᠬᠢᠷᠠᠭᠤᠯᠬᠤ ᠪᠣᠳᠣᠯᠭ᠎ᠠ ᠠᠪᠴᠠᠢ᠃ ᠦᠭᠡᠯᠣᠨ ᠢ ᠲᠠᠷᠣᠩᠭᠤᠶᠢᠯᠠᠬᠤ ᠲᠠᠶᠢᠨ ᠳᠤ᠂ ᠪᠠᠭᠠᠷᠢᠨ ᠸᠠᠩ ᠲᠡᠷᠢᠬᠦᠯᠡᠨ ᠭᠤᠳᠠᠭᠠᠷ ᠲᠠᠶᠢᠵᠢ᠂ ᠲᠣᠰᠠᠯᠠᠭᠴᠢ ᠲᠡᠰᠨ ᠨᠠᠷ ᠴᠡᠷᠢᠭ ᠲᠤ ᠮᠣᠷᠳᠠᠵᠦ᠂ ᠲᠠᠶᠢᠨ ᠤ ᠭᠠᠪᠢᠶ᠎ᠠ ᠪᠠᠶᠢᠭᠤᠯᠵᠠᠢ᠃ ᠲᠣᠰᠠᠯᠠᠭᠴᠢ ᠲᠡᠰᠨ ᠴᠡᠷᠢᠭ ᠠᠴᠠ ᠪᠣᠴᠠᠵᠦ ᠢᠷᠡᠭᠡᠳ᠂ ᠣᠷᠳᠣᠨ ᠤ ᠨᠣᠶᠠᠳ ᠤᠨ ᠢᠯᠵᠢᠷᠠᠮᠠᠯ᠂ ᠠᠮᠢᠳᠣᠷᠠᠯ ᠢ ᠦᠵᠡᠨ ᠶᠠᠳᠠᠬᠤ ᠳᠠᠭᠠᠨ ︽ᠪᠠᠭᠠᠷᠢᠨ ᠤ ᠴᠡᠷᠢᠭ ᠣᠯᠠᠨ ᠣᠳᠠᠭᠠᠨ ᠤ ᠲᠠᠶᠢᠨ ᠳᠤ ᠮᠣᠷᠳᠠᠵᠦ ᠮᠠᠰᠢ ᠣᠯᠠᠨ ᠡᠷ᠎ᠠ ᠴᠢᠳᠠᠯᠳᠡᠨ ᠡᠷᠡᠮᠡᠬᠡᠢ ᠵᠣᠷᠢᠭᠳᠠᠨ ᠬᠠᠷᠢ ᠨᠣᠳᠤᠭ ᠲᠤ ᠶᠠᠰᠣ ᠲᠠᠯᠪᠢᠭᠠᠳ᠂ ᠡᠷᠣᠭᠡ ᠬᠡᠷ ᠲᠤᠨᠢ ᠡᠪᠣᠭᠡᠨ ᠨᠠᠰᠣᠳᠡᠨ᠂ ᠦᠨᠣᠴᠢᠨ ᠬᠡᠣᠬᠡᠳ᠂ ᠪᠠᠯᠪᠠᠰᠣᠨ ᠡᠬᠡᠨᠠᠷ ᠦᠯ ᠵᠠᠯᠭᠠᠬᠤ ᠬᠤᠭᠤᠯᠨ ᠦᠭᠡᠢ᠂ ᠦᠮᠦᠭ ᠪᠣᠯᠬᠤ ᠬᠦᠮᠣᠨ ᠦᠭᠡᠢ ᠭᠠᠰᠡᠯᠣᠨ ᠵᠣᠪᠠᠵᠦ ᠪᠠᠶᠢᠬᠤ ᠳᠤ᠂ ᠣᠷᠳᠣᠨ ᠤ ᠪᠣᠷᠳᠣᠮᠠᠯ ᠤᠨ ᠣᠳᠤᠭ᠎ᠠ ᠵᠢᠩᠰᠨ ᠶᠢᠨ ᠠᠷᠠᠯᠵᠢᠶ᠎ᠠ ᠬᠢᠵᠦ᠂ ᠮᠣᠩᠭᠤᠯ ᠤᠨ ᠶᠠᠰᠣ ᠶᠢ ᠬᠤᠰᠣᠵᠦ ᠮᠠᠩᠭᠤᠰ ᠤᠨ ᠠᠮᠠᠨ ᠳᠤ ᠴᠢᠬᠢᠬᠦ ᠨᠢ ᠲᠠᠩᠴᠦ ᠬᠦᠮᠣᠨ ᠤ ᠴᠢᠨᠠᠷ ᠢᠶᠠᠨ ᠠᠯᠳᠠᠭᠰᠡᠨ ᠬᠡᠷᠡᠭ︕︾ ᠬᠡᠵᠦ ᠬᠢᠯᠢᠭ ᠲᠦᠷᠣᠨ᠂ ᠪᠠᠭᠠᠷᠢᠨ ᠸᠠᠩ ᠪᠣᠯᠣᠨ ᠬᠡᠳᠣᠨ ᠲᠣᠰᠠᠯᠠᠭᠴᠢ ᠵᠠᠬᠢᠷᠣᠭᠴᠢ ᠨᠠᠷ ᠢ ᠨᠡᠷ᠎ᠠ ᠵᠢᠭᠠᠵᠦ ᠪᠠᠶᠢᠭᠠᠳ᠂ ᠡᠵᠡᠨ ᠵᠣᠷᠭᠠᠨ ᠳᠤ ᠵᠠᠭᠠᠯᠳᠣᠬᠤ ᠶᠢᠨ ᠬᠠᠮᠳᠦ ᠬᠤᠨᠭ᠍ᠬᠢᠷᠠᠳ ᠤᠨ ᠠᠷᠪᠡᠨ ᠰᠣᠮᠣ ᠶᠢ ᠠᠰᠳᠠᠭᠠᠨ ᠬᠤᠰᠢᠭᠤ ᠪᠣᠯᠭᠠᠬᠤ ᠶᠢ ᠭᠤᠶᠣᠴᠢᠯᠠᠵᠠᠢ᠃ ᠲᠣᠰᠠᠯᠠᠭᠴᠢ ᠲᠡᠰᠨ ᠶᠢᠨ ᠵᠠᠭᠠᠯᠳᠣᠯᠭ᠎ᠠ ᠬᠢᠭᠰᠡᠨ ᠨᠢ ᠲᠡᠭᠡᠳᠦ ᠨᠣᠶᠠᠨ ᠤ ᠬᠡᠬᠡᠯᠢ ᠬᠠᠭ᠋ᠣᠣᠯᠢ ᠢᠳᠡᠬᠦ ᠳᠤ ᠪᠠᠰᠨ ᠨᠢᠭᠡᠨ ᠶᠡᠭᠡ ᠵᠠᠮ ᠨᠡᠭᠡᠭᠡᠭᠳᠡᠭᠰᠡᠨ ᠪᠠᠶᠢᠨ᠎ᠠ᠃ ᠡᠨᠡ ᠎ ᠨᠢ ᠵᠠᠷᠭᠤ ᠶᠢ ᠰᠢᠢᠳᠪᠣᠷᠢ ᠦᠭᠡᠢ ᠬᠡᠳᠣᠨ ᠵᠢᠯ ᠰᠣᠨᠵᠣᠷᠠᠭᠤᠯᠣᠭᠠᠳ᠂ ᠪᠠᠭᠠᠷᠢᠨ ᠤ ᠪᠠᠶᠠᠨ ᠬᠦᠷᠦᠩᠭᠡ ᠶᠢ ᠪᠡᠭᠡᠵᠢᠩ ᠳᠤ ᠨᠡᠯᠢᠶᠡᠳ ᠴᠢᠳᠬᠤᠭᠰᠡᠨ ᠬᠤᠶᠢᠨ᠎ᠠ ᠰᠠᠶ᠋ᠢ ᠵᠣᠷᠭᠠᠨ ᠶᠠᠮᠣᠨ ᠠᠴᠠ ᠵᠠᠷᠯᠢᠭ ᠪᠠᠭᠤᠵᠦ᠄ ︽ᠲᠡᠰᠨ ᠶᠢᠨ ᠵᠡᠷᠭᠡ ᠶᠢ ᠡᠪᠳᠡᠵᠦ ᠬᠠᠷ᠎ᠠ ᠬᠡᠷ ᠲᠤ ᠬᠤᠷᠢᠳᠣᠭᠠᠢ︾ ᠬᠡᠵᠠᠢ᠃ ᠡᠬᠦᠨ ᠤ ᠣᠯᠠᠮ ᠠᠴᠠ᠂ ᠨᠣᠶᠠᠷᠬᠠᠭᠴᠢᠳ ︽ᠨᠠᠢᠮᠠᠨ ᠰᠣᠮᠣᠨ ᠠᠴᠠ ᠵᠠᠷᠭᠤ ᠲᠠᠰᠣᠷᠠᠬᠤ ᠦᠭᠡᠢ᠂ ᠨᠠᠷᠢᠨ ᠭᠤᠣ ᠠᠴᠠ ᠰᠡᠬᠦᠳᠡᠷ ᠲᠠᠰᠣᠷᠠᠬᠤ ᠦᠭᠡᠢ︾ ᠬᠡᠰᠡᠨ ᠲᠦᠵᠢᠷ ᠲᠠᠷᠬᠠᠭᠠᠵᠠᠢ᠃ ᠬᠤᠨᠭ᠍ᠬᠢᠷᠠᠳ ᠠᠶᠢᠮᠠᠭ ᠲᠤ ᠬᠦᠣᠪᠣᠶᠠᠨ ᠬᠡᠵᠦ ᠰᠠᠶᠢᠨ ᠲᠠᠷᠬᠠᠨ ᠪᠠᠶᠢᠵᠠᠢ᠃ ᠪᠠᠭᠠᠷᠢᠨ ᠸᠠᠩ ᠲᠡᠬᠦᠨ ᠢ ᠣᠷᠳᠣᠨ ᠳᠠᠭᠠᠨ ᠠᠪᠴᠢᠷᠠᠵᠦ᠂ ᠠᠯᠳᠠ ᠮᠦᠡᠭᠬᠦ ᠪᠠᠷ ᠡᠯᠳᠡᠪ ᠰᠠᠶᠢᠬᠠᠨ ᠡᠳ᠋ᠯᠡᠯ ᠬᠢᠯᠬᠡᠳᠡᠭ ᠪᠠᠶᠢᠵᠠᠢ᠃ ᠬᠦᠣᠪᠣᠶᠠᠨ ᠤ ᠡᠬᠡᠨᠠᠷ ᠡᠷᠳᠠ ᠨᠠᠰᠣ ᠪᠠᠷᠠᠭᠰᠡᠨ ᠣᠴᠢᠷ ᠠᠴᠠ ᠬᠦᠪᠡᠬᠦᠨ ᠠᠶᠣᠣᠷᠽᠠᠨ᠎ᠠ ᠡᠴᠢᠭᠡ ᠪᠠᠨ ᠲᠠᠭᠠᠵᠦ ᠣᠷᠳᠣᠨ ᠳᠤ ᠢᠷᠡᠳᠡᠭ ᠠᠵᠢ᠃ ᠡᠨᠡ ᠬᠦᠪᠡᠬᠦᠨ ᠦᠡᠭᠭᠡ ᠵᠢᠰᠣ ᠭᠤᠶᠣ ᠬᠡᠬᠡᠨᠴᠢᠷ᠂ ᠵᠠᠩ ᠠᠭᠠᠯᠢ ᠵᠦᠭᠡᠯᠡᠨ ᠨᠡᠮᠡᠬᠦᠨ᠂ ᠬᠡᠳᠣᠢ ᠨᠠᠰᠣ ᠪᠠᠭ᠎ᠠ ᠪᠣᠯᠪᠠᠴᠦ ᠠᠬᠠᠰ ᠵᠠᠬᠠᠰ ᠢ ᠬᠦᠨᠳᠣᠳᠭᠡᠨ ᠠᠴᠢᠯᠠᠬᠤ ᠠᠨᠣ ᠨᠠᠰᠣᠨ ᠳᠤ ᠬᠦᠷᠦᠭᠰᠡᠳ ᠠᠴᠠ ᠲᠣᠣᠷ᠎ᠠ ᠦᠭᠡᠢ ᠲᠣᠯᠨ᠂ ᠸᠠᠩ ᠨᠣᠶᠠᠨ ᠦᠵᠡᠵᠦ ᠲᠣᠭᠤᠭᠠᠳ᠂ ᠸᠠᠩ ᠤᠨ ᠭᠠᠭᠴᠨ ᠬᠦᠪᠡᠬᠦᠨ ᠳᠡᠭᠡᠨ ᠬᠦᠣᠳᠠ ᠪᠣᠯᠭᠠᠵᠠᠢ᠃ ᠠᠶᠣᠣᠷᠽᠠᠨ᠎ᠠ ᠬᠦᠣᠳᠠ ᠪᠣᠯᠣᠭᠰᠡᠨ ᠤ ᠲᠠᠷᠠᠭ᠎ᠠ᠂ ᠸᠠᠩ ᠤᠨ ᠬᠦᠦ ᠲᠠᠢ ᠬᠠᠮᠳᠦ ᠪᠢᠴᠢᠭ ᠰᠣᠷᠬᠤ ᠪᠣᠯᠪᠡ᠃ ᠡᠨᠡ ᠦᠨᠣᠴᠢᠨ ᠬᠦᠪᠡᠬᠦᠨ ᠤ ᠰᠣᠷᠬᠤ ᠴᠡᠭᠡᠵᠢᠯᠡᠬᠦ ᠣᠢ ᠪᠢᠯᠢᠭ ᠰᠠᠶᠢᠨ ᠪᠣᠯᠬᠤᠷ᠂ ᠸᠠᠩ ᠤᠨ ᠬᠦᠪᠡᠬᠦᠨ ᠤ ᠮᠠᠷᠳᠠᠵᠦ ᠰᠡᠯᠳᠡᠭᠰᠡᠨ ᠢ ᠰᠡᠯᠪᠢᠨ ᠲᠠᠪᠳᠠᠭᠤᠯᠬᠤ ᠳᠤ ᠮᠠᠰᠢ ᠰᠠᠶᠢᠨ ᠲᠣᠯᠨ ᠪᠠᠭᠰᠢ ᠶᠢᠨ ᠬᠠᠶᠢᠷ᠎ᠠ ᠶᠢ ᠣᠯᠪᠡ᠃ ᠬᠡᠳᠣᠨ ᠵᠢᠯ ᠪᠢᠴᠢᠭ ᠨᠣᠮ ᠵᠢᠭᠠᠯᠭᠠᠵᠦ ᠬᠢᠴᠢᠶᠡᠨ ᠰᠣᠷᠣᠭᠰᠡᠨ ᠤ ᠠᠴᠢ ᠪᠠᠷ ᠠᠶᠣᠣᠷᠽᠠᠨ᠎ᠠ ᠮᠣᠩᠭᠤᠯ᠂ ᠮᠠᠨᠵᠦ᠂ ᠬᠢᠳᠠᠳ ᠭᠤᠷᠪᠡᠨ ᠬᠡᠯᠨ ᠶᠢᠨ ᠪᠢᠴᠢᠭ ᠲᠤ ᠨᠡᠯᠢᠶᠡᠳ ᠴᠠᠭᠠᠷᠠᠵᠠᠢ᠃ ᠣᠯᠣᠰ ᠤᠨ ᠡᠹᠦ᠋᠂ ᠴᠢᠭᠤᠯᠭᠠᠨ ᠤ ᠲᠡᠷᠢᠬᠦᠨ᠂ ᠵᠢᠶᠦ᠋ᠨ ᠸᠠᠩ ᠦᠷᠬᠦᠨ ᠲᠦᠷᠦ ᠬᠦᠷᠣᠨ ᠤ ᠲᠦᠯᠣᠭᠡ ᠲᠠᠶᠢᠨ ᠪᠠᠶᠢᠯᠳᠣᠭᠠᠨ ᠳᠤ ᠣᠯᠠᠨᠳᠠ ᠶᠠᠪᠣᠵᠦ ᠡᠩᠬᠡ ᠠᠮᠣᠭᠤᠯᠠᠩ ᠤᠨ ᠵᠢᠷᠠᠳᠣᠭᠠᠷ ᠦᠨ᠎ᠠ ᠴᠡᠷᠢᠭ ᠤᠨ ᠭᠠᠵᠠᠷ ᠲᠠᠭᠠᠯᠠᠯ ᠲᠡᠬᠦᠰᠴᠴᠠᠢ᠃ ᠦᠷᠬᠦᠨ ᠸᠠᠩ ᠤᠨ ᠭᠠᠭᠴᠨ ᠬᠦᠪᠡᠬᠦᠨ ᠷᠢᠮᠪᠣᠣ ︵ᠬᠤᠶᠠᠳᠣᠭᠠᠷ ᠬᠦᠡᠭᠵᠦ — ᠦᠯᠡᠮᠵᠢ ᠬᠡᠮᠵᠢᠶᠡᠳᠦ ᠬᠦᠷᠣᠨ ᠬᠦᠡᠭᠵᠦ ᠶᠢᠨ ᠬᠦᠪᠡᠬᠦᠨ︶ ᠸᠠᠩ ᠤᠨ ᠰᠠᠭᠤᠷᠢᠨ ᠢ ᠵᠠᠯᠭᠠᠮᠵᠢᠯᠠᠵᠠᠢ᠃ ᠷᠢᠮᠪᠣᠣ ᠸᠠᠩ ᠪᠣᠯᠣᠮᠠᠭᠴᠨ ᠪᠠᠭ᠎ᠠ ᠶᠢᠨ ᠰᠠᠶᠢᠨ ᠬᠠᠨᠢ — ᠬᠦᠣᠳᠠ ᠠᠶᠣᠣᠷᠽᠠᠨ᠎ᠠ ᠶᠢ ᠬᠤᠰᠢᠭᠤ ᠲᠠᠮᠠᠭᠠᠨ ᠤ ᠪᠢᠴᠢᠭᠡᠴᠢ ᠪᠣᠯᠭᠠᠵᠠᠢ᠃ ᠡᠬᠦᠨ ᠳᠤ᠂ ᠮᠠᠨᠵᠦ ᠨᠣᠶᠠᠳ ᠶᠡᠭᠡ ᠲᠣᠷ᠎ᠠ ᠦᠭᠡᠶᠢᠴᠡᠵᠦ᠂ ︽ᠡᠪᠦᠭᠡ ᠵᠢᠶᠦ᠋ᠨ ᠸᠠᠩ ᠤᠨ ᠦᠶ᠎ᠠ ᠠᠴᠠ ᠡᠬᠢᠯᠡᠨ ᠲᠠᠮᠠᠭᠠᠨ ᠤ ᠪᠢᠴᠢᠭᠡᠴᠢ ᠪᠠᠷ ᠡᠷᠳᠡᠮ ᠮᠡᠳᠡᠯᠭᠡ ᠲᠠᠢ ᠮᠠᠨᠵᠦ ᠬᠦᠮᠣᠨ ᠢ ᠲᠣᠮᠢᠯᠠᠳᠠᠭ ᠪᠠᠶᠢᠳᠠᠯ᠎ᠠ᠂ ᠦᠴᠣᠭᠡᠨ ᠬᠦᠪᠡᠬᠦᠨ ᠷᠢᠮᠪᠣᠣ ᠎ ᠶᠢᠨ ᠦᠶ᠎ᠠ ᠳᠤ ᠦᠨᠣᠴᠢᠨ ᠣᠯᠠᠭᠠᠨ ᠵᠣᠯᠠᠴᠢ ᠪᠠᠷ ᠪᠢᠴᠢᠭᠡᠴᠢ ᠪᠣᠯᠭᠠᠬᠤ ᠠᠨᠣ ᠲᠠᠩᠴᠦ ᠶᠣᠰᠣ ᠦᠭᠡᠢ︾ ᠬᠡᠵᠦ ᠠᠭᠰᠣᠮᠨᠠᠨ᠂ ᠷᠢᠮᠪᠣᠣ ᠸᠠᠩ ᠢ ᠵᠢᠡᠮᠡᠯᠡᠵᠠᠢ᠃ ᠷᠢᠮᠪᠣᠣ ᠸᠠᠩ ᠬᠢᠯᠢᠩ ᠪᠠᠳᠠᠷᠠᠵᠦ ᠡᠳᠡᠭᠡᠷ ᠰᠢᠷᠠᠨᠣᠳ ᠴᠢᠨ᠋ᠸ᠎ᠠ ᠦᠨᠡᠭᠡᠷ ᠰᠠᠮᠠᠭᠤᠷᠠᠬᠤ ᠶᠢᠨ ᠲᠣᠶᠢᠯ ᠳᠤ ᠲᠣᠯᠵᠠᠢ᠃ ᠨᠠᠮᠠᠢᠢ ᠸᠠᠩ ᠪᠣᠯᠭᠠᠬᠤ ᠦᠶ᠎ᠠ ᠳᠤ ᠨᠠᠰᠣᠨ ᠪᠠᠭ᠎ᠠ ᠲᠣᠯᠨ ᠦᠭᠡᠷ᠎ᠠ ᠬᠦᠮᠣᠨ ᠢᠶᠠᠷ ᠸᠠᠩ ᠰᠠᠭᠤᠯᠭᠠᠬᠤ ᠬᠡᠷᠡᠭᠳᠠᠢ ᠬᠡᠵᠦ ᠬᠢᠴᠢᠨᠡᠨ ᠲᠣᠯᠵᠦ ᠪᠠᠶᠢᠨ᠎ᠠ ᠬᠡᠵᠦ ᠪᠣᠳᠣᠬᠤ ᠲᠣᠳᠣᠮ ᠠᠭᠤᠷ ᠬᠢᠯᠢᠩ ᠨᠢ ᠭᠠᠯ ᠮᠡᠳᠦ ᠪᠠᠳᠠᠷᠠᠵᠦ᠂ ︽ᠮᠣᠩᠭᠤᠯ ᠬᠦᠮᠣᠨ ᠬᠤᠰᠢᠭᠤ ᠲᠠᠮᠠᠭᠠᠨ ᠤ ᠪᠢᠴᠢᠭᠡᠴᠢ ᠰᠠᠭᠤᠬᠤ ᠪᠠᠶᠢᠳᠣᠭᠠᠢ᠂ ᠲᠡᠯᠡᠭᠡᠢ ᠳ᠋ᠠᠬᠢᠨ ᠤ ᠡᠵᠡᠨ ᠰᠠᠭᠤᠵᠦ ᠪᠠᠰᠨ ᠴᠢᠳᠠᠬᠤ ᠶᠤᠮ᠂ ᠲᠠᠨᠣᠰ ᠬᠢᠷᠢ ᠪᠠᠨ ᠲᠠᠳᠠ︕︾ ᠬᠡᠵᠦ ᠵᠠᠩᠳᠣᠷᠴᠠᠢ᠃ ᠲᠠᠷᠠᠴᠢᠯᠠᠨ ᠠᠭᠤᠷ ᠣᠮᠤᠭ ᠢᠶᠠᠨ ᠲᠠᠷᠣᠵᠦ ᠦᠯᠦ ᠲᠡᠶᠢᠯᠬᠦ ᠳᠡᠭᠡᠨ ᠨᠢᠭᠡᠨ ᠬᠢᠶ᠎ᠠ ᠶᠢ ᠵᠠᠨᠴᠢᠨ ᠠᠯᠠᠵᠦ᠂ ᠣᠷᠳᠣᠨ ᠤ ᠲᠣᠳᠣᠷᠠᠬᠢ ᠵᠠᠷᠢᠮ ᠪᠦᠳᠣᠯ ᠦᠭᠡᠢ ᠨᠣᠶᠠᠳ ᠢ ᠴᠢᠩᠭ᠎ᠠ ᠵᠠᠯᠠᠭᠭᠠᠵᠦ᠂ ᠵᠠᠷᠢᠮ ᠮᠡᠳᠡᠭᠴᠢᠳ ᠪᠠ ᠰᠣᠮᠣᠨ ᠤ ᠵᠠᠯᠠᠨ ᠵᠠᠩᠬᠢ ᠮᠡᠳᠦ ᠨᠣᠶᠠᠳ ᠢ ᠰᠠᠨᠠᠭ᠎ᠠ ᠎ ᠪᠠᠷ ᠢᠶᠠᠨ ᠲᠣᠬᠢᠷᠠᠭᠤᠯᠪᠡ᠃ ᠡᠨᠡ ᠨᠢ ᠮᠠᠨᠵᠦ ᠨᠣᠶᠠᠳ ᠤᠨ ᠬᠤᠷᠣᠰᠣᠯ ᠢ ᠲᠡᠭᠳᠡᠭᠡᠭᠰᠡᠨ ᠣᠴᠢᠷ ᠠᠴᠠ ᠷᠢᠮᠪᠣᠣ ᠸᠠᠩ ᠳᠤ ᠬᠡᠷᠬᠢᠮ ᠢᠶᠠᠨ ᠬᠠᠰᠣᠭᠤᠯᠣᠭᠰᠡᠨ ᠬᠤᠪᠳᠤᠭ ᠠᠪᠯᠢᠭᠠᠴᠢ ᠨᠣᠶᠠᠳ ᠪᠣᠯᠣᠨ ᠬᠤᠨᠭ᠍ᠬᠢᠷᠠᠳ ᠪᠠᠭᠠᠷᠢᠨ ᠤ ᠡᠶᠡᠯᠳᠣᠨ ᠲᠠᠭᠠᠭᠴᠢ ᠦᠴᠣᠭᠡᠨ ᠬᠦᠮᠣᠰ ᠢ ᠦᠳᠣᠭᠡᠨ ᠬᠠᠳᠬᠤᠵᠦ᠂ ᠪᠠᠭ᠎ᠠ ᠸᠠᠩ ᠳᠤ ᠲᠣᠭᠠᠯᠠᠰᠢ ᠦᠭᠡᠢ ᠣᠯᠠᠨ ᠲᠠᠯ᠎ᠠ ᠲᠣᠬᠤᠵᠦ᠂ ᠡᠵᠡᠨ ᠵᠣᠷᠭᠠᠨ ᠶᠠᠮᠣᠨ ᠳᠤ ᠵᠠᠭᠠᠯᠳᠣᠵᠠᠢ᠃ ᠷᠢᠮᠪᠣᠣ ᠸᠠᠩ ᠢ ᠢᠡᠭᠬᠢᠵᠦ ᠵᠠᠷᠭᠤᠯᠠᠨ ᠵᠠᠭᠠᠯᠳᠣᠭᠰᠠᠭᠠᠷ ᠪᠠᠶᠢᠭᠠᠳ ᠡᠵᠡᠨ ᠵᠣᠷᠭᠠᠨ ᠳᠤ ᠴᠠᠭᠠᠵᠨ ᠪᠠᠷ ᠠᠪᠠᠴᠢᠭᠤᠯᠪᠡ᠃ ᠷᠢᠮᠪᠣᠣ ᠸᠠᠩ ᠢ ᠵᠠᠭᠠᠯᠳᠣᠵᠦ ᠣᠨᠠᠭᠠᠭᠰᠡᠨ ᠳᠠᠭᠠᠨ ᠮᠠᠨᠵᠦ ᠨᠣᠶᠠᠳ ᠨᠡᠩ ᠴᠦ ᠭᠠᠯᠵᠠᠭᠤᠷᠠᠵᠦ᠂ ᠬᠠᠭᠠᠨ ᠤ ᠵᠢᠭᠡ᠂ ᠬᠤᠰᠢᠭᠤᠨ ᠵᠠᠰᠠᠭ ᠪᠠᠷ ᠪᠠᠰᠨ ᠮᠠᠨ ᠲᠠᠢ ᠬᠠᠯᠳᠠᠵᠦ ᠲᠡᠶᠢᠯᠬᠦ ᠦᠭᠡᠢ ᠠᠳᠠᠯ᠎ᠠ ᠬᠡᠨ ᠠᠶᠣᠮᠰᠢᠭ ᠦᠭᠡᠢ ᠮᠠᠨ ᠲᠠᠢ ᠮᠦᠴᠣᠭᠡᠷᠬᠡᠬᠦ ᠪᠣᠢ︖ ᠬᠡᠵᠦ ᠰᠠᠭᠰᠠᠭᠤᠷᠠᠨ ᠠᠭᠠᠰᠢᠯᠠᠬᠤ ᠪᠣᠯᠵᠠᠢ᠃ ᠲᠠᠳᠠᠨᠣᠰ ᠤᠨ ᠭᠠᠷ ᠪᠢᠯᠠᠭᠤ ᠪᠣᠯᠣᠭᠴᠢ ᠲᠡᠳᠡᠭᠡᠷ ᠬᠤᠪᠳᠤᠭ ᠠᠪᠯᠢᠭᠠᠴᠢ ᠬᠤᠪᠴᠢ ᠪᠢᠯᠳᠠᠣᠴᠢ ᠮᠣᠩᠭᠤᠯ ᠨᠣᠶᠠᠳ ᠨᠢᠭᠡᠮᠣᠰᠣᠨ ᠲᠡᠭᠷᠢ ᠬᠡᠳᠣᠢ ᠦᠨᠳᠣᠷ᠂ ᠭᠠᠵᠠᠷ ᠬᠡᠳᠣᠢ ᠵᠣᠵᠠᠭᠠᠨ ᠢ ᠣᠮᠠᠷᠳᠠᠨ ᠬᠦᠨᠳᠡᠯᠡᠨ ᠭᠤᠯᠳᠦ ᠪᠠᠷ ᠠᠭᠠᠰᠢᠯᠠᠭᠠᠳ᠂ ᠠᠶᠣᠣᠷᠽᠠᠨ᠎ᠠ ᠮᠡᠳᠦ ᠬᠦᠮᠣᠰ ᠢ ᠣᠷᠳᠣᠨ ᠤ ᠲᠣᠳᠣᠷ᠎ᠠ ᠵᠣᠭᠰᠣᠬᠤ ᠭᠠᠵᠠᠷ ᠦᠭᠡᠢ ᠪᠣᠯᠭᠠᠵᠠᠢ᠃ ᠠᠶᠣᠣᠷᠽᠠᠨ᠎ᠠ ᠬᠡᠶᠣᠷᠡᠨ ᠪᠠᠶᠢᠳᠠᠯ᠎ᠠ᠂ ᠨᠢᠭᠡᠨ ᠰᠦᠨᠢ ᠡᠪᠣᠭᠡᠨ ᠲᠠᠬᠠᠷ ᠮᠠᠩᠳᠠ ᠬᠦᠶᠣᠨ ᠢᠷᠡᠭᠡᠳ ᠠᠶᠣᠣᠷᠽᠠᠨ᠎ᠠ ᠳᠤ᠄ ︽ᠮᠦᠨ ᠰᠦᠨᠢ ᠳᠡᠭᠡᠨ ᠣᠷᠳᠣᠨ ᠠᠴᠠ ᠵᠠᠶᠢᠯᠠᠵᠦ ᠠᠶᠣᠯ ᠠᠴᠠ ᠮᠣᠯᠳᠣᠷᠬᠠᠳᠣᠨ︕︾ ᠬᠡᠵᠦ ᠰᠠᠨᠠᠭᠤᠯᠪᠡ᠃ ᠠᠶᠣᠣᠷᠽᠠᠨ᠎ᠠ᠂ ᠡᠪᠣᠭᠡᠨ ᠲᠠᠬᠠᠷ ᠤᠨ ᠦᠭᠡ ᠶᠢ ᠪᠣᠯᠭᠤᠮᠵᠢᠯᠠᠨ ᠪᠣᠳᠣᠭᠠᠳ᠂ ᠨᠢᠭᠡᠨᠳᠠ ᠡᠶᠢᠮᠣ ᠪᠣᠯᠣᠭᠰᠡᠨ ᠲᠣᠯᠨ ︽ᠰᠦᠷᠪᠡᠴᠦ ᠦᠬᠦᠨ᠎ᠠ᠂ ᠰᠦᠬᠦᠳᠪᠡᠴᠦ ᠦᠬᠦᠨ᠎ᠠ︾ ᠬᠡᠵᠦ ᠰᠦᠨᠢ᠂ ᠲᠠᠮᠭᠠᠨ ᠣᠷᠳᠣᠨ ᠳᠤᠷ ᠣᠷᠣᠵᠦ᠂ ᠸᠠᠩ ᠤᠨ ᠲᠠᠮᠠᠭᠠᠨ ᠲᠣᠣᠷᠠᠬᠢ ᠪᠢᠳᠡᠬᠦᠦ ᠠᠪᠳᠠᠷ᠎ᠠ ᠶᠢ ᠬᠠᠭᠠᠯᠣᠨ᠂ ᠬᠤᠨᠭ᠍ᠬᠢᠷᠠᠳ ᠤᠨ ᠠᠯᠳᠠᠭᠰᠡᠨ ᠲᠠᠮᠠᠭ᠎ᠠ ᠶᠢ ᠠᠪᠴᠦ ᠡᠪᠣᠷᠯᠡᠭᠡᠳ ᠨᠣᠳᠤᠭ ᠢᠶᠠᠨ ᠴᠢᠭᠯᠡᠨ ᠮᠣᠷᠢ ᠨᠢᠰᠭᠡᠪᠡᠢ᠃ ᠡᠷᠳᠡᠮ ᠴᠢᠳᠠᠯ᠂ ᠡᠷ᠎ᠠ ᠵᠣᠷᠢᠭ ᠬᠤᠣᠰᠯᠠᠭᠰᠡᠨ ᠠᠶᠣᠣᠷᠽᠠᠨ᠎ᠠ᠂ ᠸᠠᠩ ᠤᠨ ᠣᠷᠳᠣᠨ ᠠᠴᠠ ᠭᠠᠷᠬᠤ ᠳᠠᠭᠠᠨ᠂ ᠲᠣᠩᠰᠢᠭᠤᠷ ᠮᠠᠨᠠᠭᠠᠴᠢᠨ ᠤ ᠲᠡᠷᠬᠡᠳᠠ ᠵᠣᠷᠢᠭᠤᠳᠠ ᠬᠦᠷᠴᠦ᠄ ︽ᠴᠢ ᠲᠣᠳᠣᠭᠰᠢ ᠣᠷᠣᠵᠦ᠂ ᠠᠶᠣᠣᠷᠽᠠᠨ᠎ᠠ ᠨᠠᠮᠠᠢᠢ ᠬᠤᠯᠠᠭᠠᠢ ᠳᠤ ᠠᠪᠳᠠᠭᠰᠡᠨ ᠲᠠᠮᠠᠭ᠎ᠠ ᠪᠠᠨ ᠣᠯᠵᠦ ᠠᠪᠣᠭᠠᠳ ᠬᠡᠷ ᠵᠦᠭ ᠢᠶᠠᠨ ᠶᠠᠪᠣᠯ᠎ᠠ ᠬᠡᠵᠦ ᠬᠡᠯᠡᠵᠦ ᠦᠭ︾ ᠬᠡᠳ ᠮᠣᠷᠳᠠᠭᠰᠡᠨ ᠠᠵᠢ᠃ ᠮᠠᠨᠠᠭᠠᠴᠢᠨ᠂ ᠠᠶᠣᠣᠷᠽᠠᠨ᠎ᠠ ᠶᠢ ᠪᠢᠰᠢᠷᠡᠬᠦ ᠳᠡᠭᠡᠨ ᠬᠡᠰᠡᠭ ᠲᠦᠳᠡᠭᠡᠯᠵᠡᠭᠰᠡᠨ ᠴᠦ ᠠᠷᠭ᠎ᠠ ᠪᠣᠰᠣ ᠲᠡᠬᠦᠨ ᠤ ᠬᠡᠯᠡᠭᠰᠡᠨ ᠶᠣᠰᠣᠭᠠᠷ ᠲᠣᠳᠣᠭᠰᠢ ᠮᠡᠳᠡᠬᠦᠯᠵᠠᠢ᠃ ᠣᠷᠳᠣᠨ ᠤ ᠲᠣᠰᠢᠶᠠᠯᠳᠡᠨ ᠨᠠᠷ ᠣᠷᠳᠣᠨ ᠬᠠᠮᠠᠭᠠᠯᠠᠬᠤ ᠴᠡᠷᠢᠭ ᠢ ᠵᠠᠬᠢᠷᠴᠦ᠂ ︽ᠬᠤᠰᠢᠭᠤ ᠲᠠᠮᠠᠭ᠎ᠠ ᠶᠢ ᠬᠤᠯᠠᠭᠠᠶᠢᠯᠠᠪᠡ︾ ᠬᠡᠵᠦ ᠣᠶᠢᠮᠡᠯᠳᠣᠨ ᠠᠶᠣᠣᠷᠽᠠᠨ᠎ᠠ ᠶᠢ ᠨᠡᠭᠡᠮᠵᠢᠯᠡᠪᠡ᠃ ᠠᠶᠣᠣᠷᠽᠠᠨ᠎ᠠ᠂ ᠴᠠᠷᠠᠰᠣᠳᠠᠢ ᠶᠢᠨ ᠲᠠᠪᠠᠭᠠᠨ ᠲᠡᠭᠡᠷ᠎ᠠ ᠭᠠᠷᠴᠠᠢ᠃ ᠲᠡᠷᠨ ᠬᠤᠶᠢᠰᠢ ᠬᠠᠷᠠᠵᠦ ᠦᠵᠡᠬᠦᠯ᠎ᠠ ᠣᠯᠠᠨ ᠮᠣᠷᠢᠳᠡᠨ ᠨᠡᠭᠡᠮᠵᠢᠯᠡᠨ ᠠᠶᠢᠰᠣᠢ ᠪᠣᠯᠬᠤᠷ᠂ ᠮᠣᠷᠢᠨ ᠣᠯᠣᠩ ᠢᠶᠠᠨ ᠴᠢᠩᠭᠠᠯᠠᠨ ᠲᠦᠷ ᠬᠦᠯᠢᠶᠡᠰᠭᠡᠵᠦ᠂ ᠲᠠᠳᠠᠨ ᠢ ᠣᠶᠢᠷᠠᠳᠣᠭᠤᠯᠵᠦ ᠪᠠᠶᠢᠭᠠᠳ᠄ ﹇ᠠᠬ᠎ᠠ ᠲᠡᠬᠦᠣᠨᠠᠷ ᠡ᠂ ᠪᠢ ᠬᠤᠨᠭ᠍ᠬᠢᠷᠠᠳ ᠤᠨ ᠠᠯᠳᠠᠭᠰᠡᠨ ᠲᠠᠮᠠᠭ᠎ᠠ ᠪᠠᠨ ᠣᠯᠵᠦ ᠠᠪᠣᠭᠰᠡᠨ ᠶᠤᠮ᠃ ᠬᠤᠨᠭ᠍ᠬᠢᠷᠠᠳ ᠪᠠᠭᠠᠷᠢᠨ ᠬᠡᠭᠴᠢ ᠣᠭᠰᠠᠭ᠎ᠠ ᠲᠦᠷᠣᠯ ᠨᠢᠭᠡᠳᠠᠢ ᠠᠬ᠎ᠠ ᠲᠡᠬᠦᠦ ᠪᠣᠯᠬᠤᠷ᠂ ᠪᠢ ᠲᠠᠨ ᠲᠠᠢ ᠵᠠᠪᠰᠡᠭ ᠦᠵᠡᠯᠴᠡᠬᠦ ᠶᠢ ᠬᠦᠰᠡᠬᠦ ᠦᠭᠡᠢ᠂ ᠲᠠᠨᠠᠷ ᠠᠮᠣᠷ ᠮᠡᠨᠳᠦ ᠪᠠᠷ ᠠᠷᠦ ᠲᠡᠰᠢ ᠪᠣᠴᠠᠭᠠᠷᠠᠢ︾ ᠬᠡᠵᠦ ᠬᠠᠰᠬᠢᠷᠣᠭᠠᠳ ᠲᠠᠪᠠᠭᠠᠨ ᠡᠩᠬᠡᠷ ᠣᠷᠣᠭᠤ ᠮᠣᠷᠢ ᠲᠣᠪᠳᠣᠯᠭᠠᠪᠡ᠃ ᠣᠷᠳᠣᠨ ᠤ ᠴᠡᠷᠢᠭ᠂ ᠠᠶᠣᠣᠷᠽᠠᠨ᠎ᠠ ᠶᠢᠨ ᠵᠡᠪᠰᠡᠭ ᠤᠨ ᠡᠷᠳᠡᠮ ᠢ ᠲᠣᠳᠣᠷᠬᠠᠢ ᠮᠡᠳᠡᠬᠦ ᠲᠣᠯᠨ ᠨᠦᠷᠢᠨ ᠲᠣᠯᠣᠯᠳᠣᠭᠰᠡᠨ ᠦᠭᠡᠢ᠃ ᠬᠤᠶᠠᠷ ᠬᠤᠶᠠᠭ ᠢ ᠴᠢᠮᠡᠭᠡ ᠬᠡᠷᠬᠦᠡᠬᠦ ᠪᠠᠷ ᠪᠣᠴᠠᠭᠠᠭᠠᠳ᠂ ᠪᠣᠰᠣᠳ ᠨᠢ ᠠᠶᠣᠣᠷᠽᠠᠨ᠎ᠠ ᠶᠢ ᠦᠯᠦ ᠠᠯᠳᠠᠬᠤ ᠶᠢᠨ ᠲᠣᠰᠨ ᠳᠤ ᠪᠠᠷ᠎ᠠ ᠬᠠᠷᠠᠨ ᠲᠠᠭᠠᠵᠦ ᠶᠠᠪᠣᠵᠠᠢ ᠢᠡᠭᠬᠢᠵᠦ ᠶᠠᠪᠣᠭᠰᠠᠭᠠᠷ ᠬᠤᠨᠭ᠍ᠬᠢᠷᠠᠳ ᠣᠪᠣᠭᠠᠨ ᠤ ᠶᠡᠭᠡ ᠪᠣᠷᠭᠠᠰᠣ ᠲᠠᠷᠡᠰᠣᠨ ᠳᠤ ᠣᠷᠣᠭᠠᠳ᠂ ᠠᠶᠣᠣᠷᠽᠠᠨ᠎ᠠ ᠶᠢ ᠠᠯᠳᠠᠵᠦ ᠣᠷᠬᠢᠵᠠᠢ᠃ ᠴᠡᠷᠢᠭ ᠤᠳ ᠶᠡᠬᠡᠯ᠎ᠠ ᠠᠶᠣᠨ ᠪᠠᠴᠢᠮᠳᠡᠵᠦ ᠪᠠᠶᠢᠳᠠᠯ᠎ᠠ᠂ ᠮᠠᠨᠵᠦ ᠨᠣᠶᠠᠨ ᠴᠡᠷᠢᠭ ᠲᠠᠭᠠᠭᠤᠯᠣᠨ ᠢᠷᠡᠭᠡᠳ᠄ ︽ᠪᠦᠯᠳᠡᠶᠢᠳᠡᠯ᠎ᠠ ᠬᠠᠷᠠᠵᠦ ᠪᠠᠶᠢᠭᠠᠳ ᠪᠣᠰᠤᠭ᠎ᠠ ᠬᠦᠮᠣᠨ ᠎ ᠢ ᠠᠯᠳᠠᠴᠢᠬᠠᠯ᠎ᠠ︾ ᠬᠡᠵᠦ ᠰᠦᠷᠡᠭᠡᠢ ᠵᠠᠩᠨᠠᠪᠡ᠃ ᠴᠡᠷᠢᠭ ᠤᠨ ᠮᠠᠶᠢᠷᠠᠨ᠄ ︽ᠴᠠᠷᠠᠰᠣᠳᠠᠢ ᠶᠢᠨ ᠲᠠᠪᠠᠭᠠᠨ ᠲᠡᠭᠡᠷ᠎ᠠ ᠶᠡᠬᠡᠯ᠎ᠠ ᠴᠣᠬᠢᠯᠳᠣᠵᠦ ᠦᠷ᠎ᠠ ᠤᠨ ᠬᠠᠷᠠᠩᠭᠤᠢ ᠎ ᠳᠤ ᠬᠤᠯᠠᠭᠠᠢ ᠶᠢ ᠠᠯᠳᠠᠴᠢᠬᠠᠪᠡ︾ ᠬᠡᠵᠦ ᠣᠷᠠᠯᠠᠨ ᠮᠡᠳᠡᠬᠦᠯᠦᠭᠰᠡᠨ ᠳᠤ᠂ ᠮᠠᠨᠵᠦ ᠨᠣᠶᠠᠨ᠄ ︽ᠬᠤᠯᠣᠰᠣ ᠪᠣᠷᠭᠠᠰᠣᠨ ᠳᠤ ᠲᠣᠶᠢᠮᠡᠷ ᠲᠠᠯᠪᠢᠵᠦ᠂ ᠬᠤᠨᠭ᠍ᠬᠢᠷᠠᠳ ᠤᠨ ᠠᠶᠢᠯ ᠡᠷᠣᠭᠡ ᠶᠢ ᠴᠢᠩᠭ᠎ᠠ ᠨᠠᠩᠵᠢᠨ᠂ ᠬᠤᠯᠠᠭᠠᠢ ᠶᠢ ᠵᠠᠪᠡᠯ ᠠᠮᠢᠳᠦ ᠪᠠᠷ ᠪᠠᠷᠢ︕︾ ᠬᠡᠵᠦ ᠵᠠᠷᠯᠢᠭ ᠪᠠᠭᠤᠯᠭᠠᠵᠠᠢ᠃ ᠮᠠᠨᠵᠦ ᠨᠣᠶᠠᠨ ᠤ ᠲᠠᠭᠠᠭᠤᠯᠭ᠎ᠠ ᠪᠠᠷ᠂ ᠴᠡᠷᠢᠭ ᠭᠠᠯ ᠲᠣᠶᠢᠮᠡᠷ ᠲᠠᠯᠪᠢᠵᠦ ᠠᠶᠢᠯ ᠡᠷᠣᠭᠡ ᠶᠢ ᠲᠡᠭᠡᠷᠡᠮᠳᠡᠭᠰᠡᠭᠡᠷ ᠠᠷᠪᠠᠭᠠᠳ ᠡᠳᠣᠷ ᠪᠣᠯᠵᠦ᠂ ᠬᠦᠨᠳᠡᠯᠡᠨ ᠮᠠᠩᠬᠠᠨ ᠳᠤ ᠠᠶᠣᠣᠷᠽᠠᠨ᠎ᠠ ᠲᠠᠢ ᠠᠭᠤᠯᠵᠠᠪᠡ᠃ ᠠᠶᠣᠣᠷᠽᠠᠨ᠎ᠠ ᠡᠷᠡᠯᠬᠡᠭ ᠢᠶᠠᠷ ᠲᠡᠮᠡᠴᠡᠵᠦ ᠬᠡᠳᠣᠨ ᠰᠢᠷᠬ᠎ᠠ ᠣᠯᠣᠭᠰᠡᠨ ᠴᠦ ᠰᠢᠳᠦ ᠵᠠᠭᠤᠨ ᠲᠡᠰᠪᠣᠷᠢᠯᠡᠵᠦ ᠰᠣᠮᠣ ᠪᠠᠨ ᠲᠠᠭᠤᠰᠳᠠᠯ᠎ᠠ ᠬᠠᠷᠪᠣᠭᠠᠳ ᠵᠠᠪᠡᠯ ᠬᠠᠷᠬᠢᠰ ᠬᠤᠯᠠᠭᠠᠢ ︵ᠮᠠᠨᠵᠦ ᠨᠣᠶᠠᠨ︶᠎ ᠶᠢᠨ ᠲᠣᠯᠣᠭᠠᠢ ᠶᠢ ᠠᠪᠣᠨ᠎ᠠ ᠬᠡᠵᠦ ᠰᠡᠯᠡᠮ᠎ᠠ ᠡᠷᠬᠢᠬᠦᠯᠣᠨ ᠲᠠᠭᠠᠷᠢᠵᠦ᠂ ᠬᠡᠳᠣᠨ ᠴᠡᠷᠢᠭ ᠢ ᠴᠠᠪᠴᠢᠵᠦ ᠠᠯᠠᠭᠠᠳ ᠪᠡᠶ᠎ᠠ ᠦᠷᠡᠭᠳᠡᠵᠠᠢ᠃ ᠮᠠᠨᠵᠦ ᠨᠣᠶᠠᠨ᠂ ᠠᠶᠣᠣᠷᠽᠠᠨ᠎ᠠ ᠶᠢᠨ ᠡᠪᠣᠷ ᠠᠴᠠ ᠬᠤᠨᠭ᠍ᠬᠢᠷᠠᠳ ᠤᠨ ᠲᠠᠮᠠᠭ᠎ᠠ ᠶᠢ ᠡᠷᠢᠵᠦ ᠠᠪᠣᠭᠠᠳ ︵ᠣᠯᠠᠮᠵᠢᠯᠠᠯ ᠶᠠᠷᠢᠶᠠᠨ ᠳᠤ ᠠᠶᠣᠣᠷᠽᠠᠨ᠎ᠠ ᠶᠢᠨ ᠡᠪᠣᠷ ᠎ ᠠᠴᠠ ᠲᠠᠮᠠᠭ᠎ᠠ ᠶᠢ ᠠᠪᠣᠯ᠎ᠠ ᠬᠡᠳᠡᠭ ᠪᠣᠯᠪᠠᠴᠦ ᠴᠠᠳᠢᠭ ᠲᠡᠭᠡᠷ᠎ᠠ ᠲᠡᠮᠠᠭ᠎ᠠ ᠶᠢ ᠣᠯᠣᠭᠰᠡᠨ ᠦᠭᠡᠢ ᠬᠡᠵᠦ ᠪᠠᠶᠢᠳᠠᠭ︶᠄ ︽ᠡᠨᠡ ᠬᠤᠯᠠᠭᠠᠢ᠂ ᠪᠠᠭᠠᠷᠢᠨ ᠤ ᠬᠤᠰᠢᠭᠤ ᠲᠠᠮᠠᠭ᠎ᠠ ᠶᠢ ᠬᠤᠯᠠᠭᠠᠶᠢᠯᠠᠪᠡ︾ ᠬᠡᠵᠦ ᠬᠢᠯᠢᠰ ᠬᠡᠷᠡᠭ ᠨᠦᠮᠣᠷᠢᠬᠦᠯᠣᠨ᠂ ︽ᠨᠠᠢᠮᠠᠨ ᠰᠣᠮᠣᠨ ᠤ ᠬᠤᠯᠠᠭᠠᠶᠢᠴᠢ︾ ᠬᠡᠰᠡᠨ ᠴᠣᠣ ᠲᠠᠷᠬᠠᠭᠠᠵᠠᠢ᠃ ᠣᠳᠣᠬᠢ ᠲᠦᠰᠢ ᠰᠣᠮᠣᠨ ᠤ ᠡᠮᠣᠨᠡᠬᠢ ︽ᠴᠣᠬᠢᠯᠳᠣᠬᠤ ᠶᠢᠨ ᠲᠠᠪᠠᠭ᠎ᠠ︾ ᠬᠡᠭᠴᠢ ᠪᠣᠯ ᠴᠡᠷᠢᠭ ᠤᠨ ᠮᠠᠶᠢᠷᠠᠨ᠂ ᠠᠶᠣᠣᠷᠽᠠᠨ᠎ᠠ ᠲᠠᠢ ᠶᠡᠬᠡᠳᠠ ᠴᠣᠬᠢᠯᠳᠣᠪᠡ ᠬᠡᠳᠡᠭ ᠴᠠᠷᠠᠰᠣᠳᠠᠢ ᠲᠠᠪᠠᠭ᠎ᠠ ᠮᠦᠨ᠃ ᠵᠠᠷᠢᠮ ᠨᠢ ᠲᠡᠷᠨ ᠲᠠᠪᠠᠭ᠎ᠠ ᠶᠢ ᠲᠠᠮᠠᠭ᠎ᠠ ᠶᠢᠨ ᠵᠣ ᠳᠤ ᠲᠠᠮᠠᠭ᠎ᠠ ᠪᠠᠨ ᠠᠯᠳᠠᠭᠠᠳ ᠨᠡᠭᠡᠯᠴᠡᠨ ᠲᠠᠭᠤᠯᠴᠠᠭᠰᠠᠭᠠᠷ ᠴᠠᠷᠠᠰᠣᠳᠠᠢ ᠶᠢᠨ ᠲᠠᠪᠠᠭᠠᠨ ᠲᠡᠭᠡᠷ᠎ᠠ ᠶᠡᠭᠡ ᠴᠣᠬᠢᠯᠳᠣᠭᠰᠡᠨ ᠠᠴᠠ ︽ᠴᠣᠬᠢᠯᠳᠠᠭ ᠤᠨ ᠲᠠᠪᠠᠭ᠎ᠠ︾ ᠬᠡᠬᠦ ᠪᠣᠯᠪᠡ ᠬᠡᠳᠡᠭ᠃ ᠣᠳᠣᠬᠢ ᠬᠤᠷᠬ᠎ᠠ ᠰᠣᠮᠣᠨ ᠤ ᠲᠠᠮᠠᠭ᠎ᠠ ᠶᠢᠨ ᠮᠠᠩᠬ᠎ᠠ ᠬᠡᠭᠴᠢ ᠨᠢ ᠲᠠᠷᠣᠢ ᠠᠶᠣᠣᠷᠽᠠᠨ᠎ᠠ ᠶᠢᠨ ᠪᠡᠶ᠎ᠠ ᠦᠷᠡᠭᠳᠡᠳᠡᠯ᠎ᠠ ᠲᠡᠮᠡᠴᠡᠵᠦ ᠪᠠᠶᠢᠭᠠᠳ᠂ ᠬᠤᠨᠭ᠍ᠬᠢᠷᠠᠳ ᠤᠨ ᠲᠠᠮᠠᠭ᠎ᠠ ᠪᠠᠨ ᠲᠠᠬᠢᠨ ᠪᠣᠯᠢᠶᠠᠭᠳᠠᠭᠰᠡᠨ ᠬᠦᠨᠳᠡᠯᠡᠨ ᠮᠠᠩᠬ᠎ᠠ ᠮᠦᠨ᠃ ᠲᠠᠮᠠᠭᠠᠨ ᠮᠠᠩᠬᠠᠨ ᠤ ᠣᠪᠣᠭᠠᠨ ᠲᠠᠬᠢᠯᠭ᠎ᠠ ᠬᠡᠳᠡᠭ ᠨᠢ ᠠᠶᠣᠣᠷᠽᠠᠨ᠎ᠠ ᠶᠢᠨ ᠬᠡᠬᠦᠷ ᠣᠷᠣᠰᠢᠭᠤᠯᠣᠭᠰᠡᠨ ᠭᠠᠵᠠᠷ ᠮᠦᠨ᠃ ᠲᠣᠰᠠᠯᠠᠭᠴᠢ ᠲᠠᠰᠨ᠂ ᠸᠠᠩ ᠷᠢᠮᠪᠣᠣ ᠬᠤᠶᠢᠨ᠎ᠠ ᠬᠤᠶᠢᠨ᠎ᠠ ᠠᠴᠠ ᠪᠠᠨ ᠴᠠᠭᠠᠵᠠᠨ ᠳᠤ ᠣᠷᠣᠭᠰᠡᠨ ᠪᠠ ᠠᠶᠣᠣᠷᠽᠠᠨ᠎ᠠ ᠶᠢᠨ ᠬᠡᠷᠡᠭ ᠭᠠᠷᠣᠭᠰᠡᠨ ᠦᠶᠡᠰ ᠪᠣᠯ ᠮᠠᠨᠵᠦ ᠨᠣᠶᠠᠳ ᠭᠠᠯᠵᠠᠭᠤᠷᠠᠨ᠂ ᠠᠪᠯᠢᠭᠠᠴᠢ ᠨᠣᠶᠠᠳ ᠰᠠᠮᠠᠭᠤᠷᠠᠭᠠᠳ᠂ ᠪᠠᠭᠠᠷᠢᠨ ᠬᠤᠰᠢᠭᠤ ᠶᠢ ᠶᠡᠭᠡᠳᠠ ᠲᠣᠶᠢᠪᠡᠭᠡᠭᠰᠡᠨ ᠴᠠᠭ ᠪᠣᠯᠣᠨ᠎ᠠ᠃ ᠸᠠᠩ ᠤᠨ ᠣᠶᠢᠷ᠎ᠠ ᠲᠦᠷᠣᠯ ᠲᠠᠶᠢᠵᠢ ᠨᠠᠷ ᠪᠦᠷ ᠸᠠᠩ ᠰᠠᠭᠤᠬᠤ ᠪᠠᠷ ᠲᠡᠮᠡᠴᠡᠯᠳᠣᠨ᠂ ᠲᠣᠳᠣᠷ᠎ᠠ ᠪᠠᠨ ᠦᠷᠢᠰᠣᠯᠳᠣᠵᠦ᠂ ᠠᠯᠪᠠᠳᠦ ᠬᠠᠷᠢᠶᠠᠳᠦ ᠨᠠᠷ ᠠᠴᠠ ᠪᠠᠨ ᠰᠠᠨᠠᠭᠠᠨ ᠲᠠᠪᠠ ᠪᠠᠷ ᠢᠶᠠᠨ ᠭᠠᠶᠢᠯᠢ ᠬᠤᠷᠢᠶᠠᠵᠦ᠂ ᠵᠦᠭ ᠪᠦᠷᠢ ᠳᠤ ᠬᠡᠬᠡᠯᠢ ᠴᠢᠳᠬᠤᠵᠦ ᠪᠠᠶᠢᠪᠡ᠃ ᠢᠯᠠᠩᠭᠤᠶ᠎ᠠ ᠬᠤᠨᠭ᠍ᠬᠢᠷᠠᠳ ᠠᠶᠢᠮᠠᠭ ᠤᠨ ᠪᠠᠶᠠᠳ ᠨᠣᠶᠠᠳ᠂ ᠬᠠᠷᠠᠴᠦ ᠠᠯᠪᠠᠳᠦ ᠶᠢ ᠪᠦᠷ ᠯᠨ ᠲᠡᠰᠨ ᠲᠠᠢ ᠨᠡᠶᠢᠯᠡᠪᠡ᠃ ᠠᠶᠣᠣᠷᠽᠠᠨ᠎ᠠ ᠶᠢ ᠨᠢᠭᠤᠵᠦ ᠲᠠᠯᠳᠠᠯᠠᠪᠡ ᠬᠡᠵᠦ ᠬᠡᠷᠡᠭ ᠣᠷᠣᠭᠤᠯᠣᠨ᠂ ᠮᠠᠯ ᠢ ᠨᠢ ᠬᠤᠭᠤᠰᠣᠷᠳᠠᠯ᠎ᠠ ᠬᠤᠷᠢᠶᠠᠵᠦ ᠪᠠᠶᠢᠭᠰᠡᠨ ᠢᠶᠠᠷ ᠦᠯᠦ ᠪᠠᠷᠠᠨ᠂ ᠠᠪᠠ ᠶᠢᠨ ᠨᠣᠬᠠᠢ ᠳᠤᠨᠢ ᠬᠦᠷᠳᠡᠯ᠎ᠠ ᠬᠦᠳᠣᠯᠵᠦ ᠪᠠᠶᠢᠯ᠎ᠠ᠃ ᠴᠠᠭ ᠰᠠᠮᠠᠭᠤᠨ ᠪᠣᠯᠵᠦ᠂ ᠠᠷᠠᠳ ᠠᠮᠣᠷ ᠠᠮᠢᠳᠣᠷᠠᠬᠤ ᠶᠢᠨ ᠠᠷᠠᠭ᠎ᠠ ᠦᠭᠡᠢ ᠲᠣᠯᠨ᠂ ᠰᠢᠷ᠎ᠠ ᠮᠦᠷᠡᠨ ᠭᠤᠣᠯ ᠤᠨ ᠬᠦᠪᠡᠭᠡ ᠲᠠᠭᠠᠣ ᠰᠠᠭᠤᠭᠰᠡᠨ ᠬᠤᠨᠭ᠍ᠬᠢᠷᠠᠳ ᠤᠨ ᠶᠢᠰᠣ᠂ ᠠᠷᠪᠡᠨ ᠰᠣᠮᠣ ᠣᠳᠠᠭ᠎ᠠ ᠲᠠᠷᠠᠭ᠎ᠠ ᠪᠠᠷ ᠭᠤᠣᠯ ᠬᠡᠳᠣᠯᠣᠨ ᠣᠡᠭᠨᠢᠭᠤᠳ ᠪᠠᠶᠢᠯᠨ ᠶᠢᠨ ᠬᠤᠰᠢᠭᠤᠨ ᠳᠤ ᠰᠢᠷᠭᠤᠵᠠᠢ᠃ ᠪᠣᠰᠣᠳ ᠰᠣᠮᠣ ᠨᠢ ᠨᠡᠬᠦᠬᠦ ᠶᠢ ᠵᠠᠪᠳᠣᠳᠠᠯ᠎ᠠ᠂ ᠪᠠᠭᠠᠷᠢᠨ ᠠᠴᠠ ᠬᠤᠶᠠᠷ ᠬᠤᠶᠠᠭ ︵ᠴᠡᠷᠢᠭ︶ ᠲᠣᠮᠢᠯᠠᠵᠦ᠂ ᠬᠤᠨᠭ᠍ᠬᠢᠷᠠᠳ ᠤᠨ ᠬᠤᠷᠣᠷᠣᠭᠰᠡᠨ ᠨᠠᠢᠮᠠᠨ ᠰᠣᠮᠣ ᠶᠢ ︽ᠬᠠᠷᠠᠵᠦ ᠪᠡᠢ︾᠎ ᠠᠴᠠ ᠣᠯᠠᠷᠢᠭᠰᠡᠨ ᠨᠡᠷ᠎ᠠ ᠪᠣᠯᠣᠨ᠎ᠠ᠃ ᠬᠤᠶᠠᠷ ᠰᠣᠮᠣ ᠬᠠᠰᠢᠯᠭ᠎ᠠ ᠲᠣᠮᠢᠯᠠᠭᠰᠡᠨ ᠠᠴᠠ ᠬᠤᠶᠢᠨ᠎ᠠ ᠬᠤᠨᠭ᠍ᠬᠢᠷᠠᠳᠴᠣᠳ ᠪᠦᠯᠦᠭ ᠪᠦᠯᠦᠭ ᠢᠶᠠᠷ ᠨᠡᠬᠦᠵᠦ ᠴᠢᠳᠠᠬᠤ ᠦᠭᠡᠢ ᠪᠣᠯᠪᠠᠴᠦ ᠨᠢᠭᠡ ᠬᠤᠶᠠᠷ ᠡᠷᠣᠭᠡ ᠪᠠᠷ ᠣᠷᠭᠤᠨ ᠲᠣᠳᠠᠭᠠᠬᠤ ᠨᠢ ᠲᠠᠰᠣᠷᠠᠯ ᠦᠭᠡᠢ ᠪᠣᠯᠣᠭᠰᠡᠨ ᠲᠣᠯᠨ᠂ ᠬᠦᠨᠳᠡᠯᠡᠨ ᠮᠠᠩᠬᠠᠨ ᠤ ᠡᠮᠣᠨᠡᠬᠦᠷ ᠫᠠᠢ ᠲᠡᠮᠳᠡᠭ ᠪᠣᠰᠬᠠᠵᠦ᠂ ᠬᠤᠨᠭ᠍ᠬᠢᠷᠠᠳ ᠤᠨ ᠬᠦᠮᠣᠰ ᠢ ᠲᠡᠷᠨ ᠲᠡᠮᠳᠡᠭ ᠫᠠᠢ ᠠᠴᠠ ᠡᠮᠣᠨᠠᠰᠢ ᠭᠠᠷᠴᠦ ᠪᠣᠯᠬᠤ ᠦᠭᠡᠢ ᠬᠡᠵᠦ ᠴᠠᠭᠠᠵᠠᠯᠠᠵᠦ ᠪᠢᠯᠨ᠃ ᠣᠳᠣᠬᠢ ᠫᠠᠢ ᠮᠣᠳᠦ ᠬᠡᠭᠴᠢ ᠭᠠᠵᠠᠷ ᠪᠣᠯ ᠲᠡᠷᠨ ᠦᠶ᠎ᠠ ᠶᠢᠨ ᠲᠡᠮᠳᠡᠭ ᠫᠠᠢ ᠠᠴᠠ ᠣᠯᠠᠮᠵᠢᠯᠠᠭᠰᠡᠨ ᠨᠡᠷᠡᠶᠢᠳᠣᠯ ᠪᠣᠯᠣᠨ᠎ᠠ᠃ ᠫᠠᠢ ᠪᠣᠰᠬᠠᠵᠦ ᠬᠠᠷᠠᠭᠤᠯ ᠰᠠᠭᠤᠯᠭᠠᠭᠰᠡᠨ ᠴᠦ ᠬᠤᠨᠭ᠍ᠬᠢᠷᠠᠳᠴᠣᠳ ᠤᠨ ᠣᠷᠭᠤᠨ ᠲᠣᠳᠠᠭᠠᠬᠤ ᠶᠢ ᠬᠤᠷᠢᠭᠯᠠᠵᠦ ᠴᠢᠳᠠᠭᠰᠡᠨ ᠦᠭᠡᠢ ᠲᠣᠯᠨ᠂ ᠪᠠᠭᠠᠷᠢᠨ ᠎ ᠠᠴᠠ ᠵᠠᠷᠢᠮ ᠬᠤᠬᠢ ᠲᠠᠶᠢᠵᠢ᠂ ᠮᠠᠨᠵᠦ ᠨᠣᠶᠠᠳ ᠠᠴᠠ ᠨᠢᠭᠤᠷ ᠣᠯᠬᠤ ᠶᠢ ᠭᠤᠷᠢᠳᠠᠵᠦ᠂ ᠬᠤᠨᠭ᠍ᠬᠢᠷᠠᠳ ᠤᠨ ᠬᠦᠮᠣᠰ ᠤᠨ ᠬᠡᠷ ᠵᠠᠭᠤᠷ᠎ᠠ ᠶᠢᠨ ᠦᠭᠡ ᠵᠣᠭᠤᠭ ᠲᠤ ᠬᠦᠷᠳᠡᠯ᠎ᠠ ᠲᠡᠯ ᠰᠡᠬᠦᠯ ᠨᠡᠮᠡᠵᠦ᠂ ᠬᠤᠪ ᠦᠭᠡ ᠵᠦᠭᠡᠭᠡᠵᠦ᠂ ᠬᠤᠨᠭ᠍ᠰᠢᠶᠠᠷ ᠢᠶᠠᠨ ᠬᠤᠳᠠᠯᠳᠣᠭᠠᠳ᠂ ᠨᠣᠮᠣᠬᠠᠨ ᠰᠢᠳᠣᠷᠭᠤ ᠠᠷᠠᠳ ᠢ ᠬᠢᠯᠢᠰ ᠬᠦᠵᠢᠷ ᠢᠶᠠᠷ ᠬᠤᠣᠷᠯᠠᠳᠠᠭ ᠪᠠᠶᠢᠯ᠎ᠠ᠃ ᠡᠶᠢᠮᠣ ᠠᠴᠠ᠂ ᠬᠤᠨᠭ᠍ᠬᠢᠷᠣᠨᠴᠣᠳ ᠬᠤᠭᠤᠷᠣ ᠬᠤᠭᠤᠷᠣᠨᠳᠦ ᠪᠠᠨ ᠶᠠᠷᠢᠯᠴᠠᠬᠤ ᠳᠠᠭᠠᠨ ᠨᠢᠭᠡ ᠨᠢ ᠨᠦᠬᠦᠭᠡ ᠳᠡᠭᠡᠨ ᠰᠡᠮ ᠲᠣᠬᠢᠶ᠎ᠠ ᠦᠭᠴᠦ ᠦᠨᠣᠬᠢ ᠬᠡᠳᠡᠭᠴᠢ ᠠᠴᠠ ᠵᠠᠶᠢᠳᠠᠭᠤ ᠣᠴᠢᠵᠦ᠂ ᠴᠢᠬᠢᠨ ᠳᠤᠨᠢ ᠰᠢᠪᠠᠨᠡᠳᠡᠭ ᠬᠡᠨ᠎ᠠ᠃ ᠢᠡᠭᠬᠢᠵᠦ ᠰᠡᠮᠡᠭᠡᠷ ᠶᠠᠷᠢᠯᠴᠠᠬᠤ ᠨᠢ ᠣᠳᠠᠭᠠᠨ ᠬᠤᠭᠤᠴᠠᠭᠠᠨ ᠳᠤ ᠲᠠᠨᠳᠡᠬᠢ ᠬᠦᠮᠣᠰ ᠤᠨ ᠲᠠᠳᠬᠠᠯ ᠪᠣᠯᠣᠭᠰᠡᠨ ᠲᠣᠯᠨ᠂ ᠡᠳᠣᠭᠡ ᠳᠤ ᠬᠡᠰᠡᠨ ᠬᠤᠶᠠᠷ ᠬᠦᠮᠣᠨ ᠬᠤᠭᠤᠷᠣᠨᠳᠦ ᠪᠠᠨ ᠰᠡᠮᠡᠭᠡᠷ ᠵᠣᠭᠤᠭ ᠶᠠᠷᠢᠯᠴᠡᠪᠡᠯ ︽ᠨᠠᠢᠮᠠᠨ ᠰᠣᠮᠣᠨ ᠤ ᠵᠣᠭᠤᠭ ᠬᠡᠯᠡᠯᠴᠡᠵᠦ ᠪᠠᠶᠢᠨ᠎ᠠ︾ ᠬᠡᠵᠦ ᠱᠤᠭ ᠪᠠᠷᠢᠳᠠᠭ ᠶᠤᠮ᠃ ᠮᠠᠨᠵᠦ ᠨᠣᠶᠠᠳ ᠬᠤᠨᠭ᠍ᠬᠢᠷᠠᠳ ᠲᠤ ᠵᠣᠶᠢᠯ ᠵᠣᠶᠢᠯ ᠤᠨ ᠲᠠᠷᠣᠯᠳᠠ ᠦᠵᠡᠬᠦᠯᠵᠦ ︽ᠬᠤᠨᠭ᠍ᠬᠢᠷᠠᠳ︾ ᠬᠡᠮᠡᠬᠦ ᠨᠡᠷᠡᠰ ᠢ ᠴᠠᠭᠠᠵᠠᠯᠠᠨ᠂ ᠬᠤᠨᠭ᠍ᠬᠢᠷᠠᠳ ᠠᠶᠢᠮᠠᠭ ᠢ ᠴᠦᠮ ︽ᠵᠡᠬᠦᠨ ᠨᠠᠢᠮᠠᠨ ᠰᠣᠮᠣ︾ ᠬᠡᠰᠡᠨ ᠪᠦᠭᠡᠳ ᠬᠤᠨᠭ᠍ᠬᠢᠷᠠᠳ ᠤᠨ ᠲᠠᠶᠢᠵᠢ ᠶᠢᠨ ᠬᠠᠷᠢᠶ᠎ᠠ ᠶᠢ ︽ᠭᠠᠳᠠᠭᠠᠳᠦ ᠨᠠᠢᠮᠠᠨ ᠳ᠋ᠠ︾ ᠬᠡᠵᠦ ᠨᠡᠷᠡᠯᠡᠪᠡ᠃ ᠬᠤᠨᠭ᠍ᠬᠢᠷᠠᠳ ᠬᠡᠮᠡᠨ ᠬᠡᠯᠡᠬᠦ ᠶᠢ ᠴᠠᠭᠠᠵᠠᠯᠠᠭᠰᠡᠨ ᠲᠣᠯᠨ᠂ ᠣᠳᠣᠬᠢ ᠨᠠᠢᠮᠠᠨ ᠰᠣᠮᠣᠨ ᠤ ᠣᠯᠠᠩᠬᠢ ᠬᠦᠮᠣᠰ ᠦᠪᠡᠷ ᠢ ᠎ ᠪᠠᠨ ᠬᠤᠨᠭ᠍ᠬᠢᠷᠠᠳ ᠠᠶᠢᠮᠠᠭ ᠬᠡᠵᠦ ᠮᠡᠳᠡᠬᠦ ᠦᠭᠡᠢ ᠪᠣᠯᠵᠠᠢ᠃ ᠪᠠᠰᠨ ᠵᠡᠬᠦᠨ ᠨᠠᠢᠮᠠᠨ ᠰᠣᠮᠣᠨ ᠠᠴᠠ ᠬᠤᠰᠢᠭᠤ ᠲᠠᠮᠠᠭᠠᠨ ᠤ ᠵᠡᠷᠭᠡ ᠵᠢᠩᠰᠡᠳᠡᠨ ᠲᠠᠯᠪᠢᠵᠦ ᠪᠣᠯᠬᠤ ᠦᠭᠡᠢ ᠬᠡᠵᠦ ᠲᠣᠭᠳᠠᠭᠰᠡᠨ ᠠᠴᠠ᠂ ᠮᠠᠨᠵᠦ ᠴᠢᠩ ᠣᠯᠣᠰ ᠢ ᠮᠦᠬᠦᠳᠡᠯ᠎ᠠ ᠵᠡᠬᠦᠨ ᠨᠠᠢᠮᠠᠨ ᠰᠣᠮᠣᠨ ᠠᠴᠠ ᠬᠤᠰᠢᠭᠤ ᠱᠠᠳᠣᠨ ᠤ ᠵᠢᠩᠰᠡᠳᠡᠨ ᠭᠠᠷᠣᠭᠰᠡᠨ ᠦᠭᠡᠢ᠃ ᠵᠠᠷᠢᠮ ᠬᠦᠮᠣᠨ᠂ ᠵᠡᠬᠦᠨ ᠨᠠᠢᠮᠨ ᠰᠣᠮᠣᠨ ᠳᠤ ᠪᠦᠭᠡ ᠵᠠᠬᠢᠷᠣᠭᠴᠢ ᠬᠡᠭᠴᠢ ᠬᠤᠰᠢᠭᠤᠨ ᠤ ᠬᠠᠪᠢᠷᠭ᠎ᠠ ᠵᠠᠰᠠᠭ ᠪᠠᠶᠢᠯ᠎ᠠ ᠬᠡᠳᠡᠭ᠃ ᠵᠠᠬᠢᠷᠣᠭᠴᠢ ᠪᠦᠭᠡᠳᠣᠭᠳᠠᠬᠤ ᠪᠣᠯ ᠣᠣᠯ ᠤᠨ ᠣᠡᠭᠬᠢᠷᠠᠳ ᠬᠦᠮᠣᠨ ᠪᠣᠰᠣ᠂ ᠲᠡᠷᠨ ᠢᠣᠢ ᠰᠠᠩ ᠣᠪᠣᠭᠳᠠᠨ ᠪᠣᠯᠣᠨ᠎ᠠ᠃ ᠢᠣᠢ ᠰᠠᠩ ᠬᠡᠭᠴᠢ ᠪᠣᠯ ᠴᠣᠬᠤᠮ ᠳᠠᠭᠠᠨ ᠣᠪᠣᠭ ᠪᠢᠰᠢ᠃ ᠬᠤᠨᠭ᠍ᠬᠢᠷᠠᠳ ᠬᠦᠮᠣᠨ ᠪᠣᠰᠣ᠂ ᠲᠡᠷᠨ ᠢᠣᠢ ᠰᠠᠩ ᠣᠪᠣᠭᠳᠠᠨ ᠪᠣᠯᠣᠨ᠎ᠠ᠃ ᠢᠣᠢ ᠰᠠᠩ ᠬᠡᠭᠴᠢ ᠪᠣᠯ ᠴᠣᠬᠤᠮ ᠳᠠᠭᠠᠨ ᠣᠪᠣᠭ ᠪᠢᠰᠢ᠃ ᠬᠤᠨᠭ᠍ᠬᠢᠷᠠᠳ ᠴᠡᠷᠢᠭ ᠡᠣ ᠱᠠᠨ ᠬᠦᠢ ᠎ ᠤᠨ  ᠣᠷᠪᠠᠯᠭ᠎ᠠ ᠶᠢ ᠲᠦᠪᠰᠢᠳᠭᠡᠬᠦ ᠦᠶᠦᠠ ᠳᠤ ᠣᠯᠳᠠᠢ ᠪᠠᠭᠠᠳᠣᠷ ᠤᠨ ᠴᠠᠭᠠᠡᠪᠢᠯᠢᠭ᠂ ᠰᠣᠮᠣᠨᠴᠠᠭᠠᠨ ᠬᠡᠭᠴᠢ ᠬᠤᠶᠠᠷ ᠬᠦᠪᠡᠬᠦᠨ ᠨᠢ ᠲᠠᠶᠢᠨ ᠤ ᠲᠠᠯᠠᠪᠣᠷ ᠠᠴᠠ ᠵᠣ᠋ ᠣᠪᠣᠭᠳᠠᠢ ᠬᠤᠶᠠᠷ ᠭᠤᠶᠣ ᠰᠠᠶᠢᠬᠠᠨ ᠬᠢᠳᠠᠳ ᠬᠡᠣᠬᠡᠳ ᠣᠯᠵᠠᠯᠠᠵᠦ᠂ ᠲᠠᠳᠠᠨ ᠤ ᠦᠡᠭᠭᠡ ᠵᠢᠰᠣ ᠦᠵᠡᠰᠬᠦᠯᠡᠩ ᠰᠠᠶᠢᠬᠠᠨ ᠳᠤᠨᠢ ᠠᠯᠠᠵᠦ ᠡᠰᠨ ᠲᠦᠪᠳᠡᠭᠡᠳ᠂ ᠲᠡᠮᠡᠭᠡᠨ ᠲᠡᠷᠭᠡᠨ ᠤ ᠪᠣᠬᠢᠨ ᠠᠴᠠ ᠪᠠᠨ ᠬᠦᠳᠣᠯᠵᠦ ᠬᠡᠷ ᠨᠣᠳᠤᠭ ᠲᠠᠭᠠᠨ ᠠᠪᠴᠢᠷᠠᠭᠠᠳ᠂ ᠲᠡᠷᠨ ᠬᠤᠶᠠᠭᠤᠯᠨ ᠳᠤ ᠡᠣ ᠰᠠᠨ ᠬᠦᠢ ᠬᠡᠮᠡᠨ ᠨᠡᠷ᠎ᠠ ᠦᠭᠴᠠᠢ᠃ ᠲᠡᠷᠨ ᠬᠤᠶᠠᠷ ᠬᠡᠣᠬᠡᠳ ᠠᠴᠠ ᠡᠬᠦᠰᠦᠭᠰᠡᠨ ᠬᠦᠮᠣᠰ ᠢ ᠡᠣ ᠰᠠᠨ ᠬᠦᠢ ᠣᠪᠣᠭᠳᠠᠨ ᠬᠡᠵᠦ ᠬᠡᠯᠡᠭᠰᠡᠭᠡᠷ ᠪᠠᠶᠢᠵᠦ ᠣᠳᠠᠭᠠᠨ ᠳᠠᠭᠠᠨ ᠮᠣᠩᠭᠤᠯ ᠬᠡᠯᠡᠯᠭᠡ ᠳᠤ ᠢᠣᠢ ᠰᠠᠩ ᠬᠡᠮᠡᠨ ᠬᠡᠯᠪᠡᠷᠢᠰᠢᠵᠠᠢ᠃ ᠲᠡᠷᠨ ᠬᠤᠶᠦᠠᠷ ᠬᠡᠣᠬᠡᠳ ᠢ ᠣᠯᠳᠠᠢ ᠶᠢᠨ ᠬᠦᠪᠡᠬᠦᠨ ᠪᠣᠬᠢ ᠶᠢᠨ ᠲᠡᠭᠡᠰᠣᠨ ᠳᠡᠭᠡᠨ ᠬᠦᠳᠣᠯᠵᠦ ᠠᠪᠴᠢᠷᠠᠭᠰᠡᠨ ᠤ ᠣᠯᠠᠮ ᠠᠴᠠ ᠣᠣᠯ ᠳᠠᠭᠠᠨ ᠣᠯᠳᠠᠢ᠂ ᠢᠣᠢ ᠰᠠᠩ ︽ᠪᠣᠬᠢ ᠶᠢᠨ ᠲᠦᠷᠣᠯ︾ ᠬᠡᠵᠦ ᠬᠤᠭᠤᠷᠣᠨᠳᠦ ᠪᠠᠨ ᠣᠷᠣᠭᠴᠠᠭᠠᠳᠠᠭ ᠦᠭᠡᠢ ᠪᠠᠶᠢᠵᠠᠢ᠃ ᠵᠡᠬᠦᠨ ᠨᠠᠢᠮᠠᠨ ᠰᠣᠮᠣᠨ ᠠᠴᠠ ᠲᠡᠰᠨ᠂ ᠠᠶᠣᠣᠷᠽᠠᠨ᠎ᠠ ᠮᠡᠳᠦ ᠰᠠᠶᠢᠨ ᠡᠷᠡᠰ ᠭᠠᠷᠴᠦ ᠪᠠᠶᠢᠬᠤ ᠶᠢᠨ ᠰᠢᠯᠳᠠᠭᠠᠨ ᠨᠢ ᠯᠠᠪᠳᠠᠢ ᠬᠤᠨᠭ᠌ ᠲᠠᠶᠢᠵᠢ ᠶᠢᠨ ᠬᠡᠬᠦᠷ ᠢ ︽ᠲᠠᠪᠣᠨ ᠲᠣᠯᠣᠭᠠᠢ︾ ᠬᠡᠬᠦ ᠶᠡᠭᠡ ᠰᠠᠶᠢᠨ ᠭᠠᠵᠠᠷ ᠣᠷᠣᠰᠢᠭᠤᠯᠣᠭᠰᠡᠨ ᠠᠴᠠ ᠪᠣᠯᠪᠡ᠃ ᠬᠤᠵᠢᠮ ᠨᠠᠩᠳᠠ ᠣᠨᠴᠨ ᠶᠡᠭᠡ ᠡᠷᠡᠰ ᠭᠠᠷᠴᠦ᠂ ᠲᠠᠪᠣᠨ ᠣᠳᠤᠭ ᠬᠠᠯᠬ᠎ᠠ ᠎ ᠶᠢ ᠨᠡᠶᠢᠭᠡᠮᠯᠡᠨ ᠵᠠᠬᠢᠷᠴᠦ᠂ ᠲᠦᠷᠦ ᠪᠣᠯᠢᠶᠠᠬᠤ ᠠᠶᠣᠮᠰᠢᠭ ᠲᠠᠢ ᠬᠡᠵᠦ ᠬᠤᠰᠢᠭᠤ ᠲᠠᠮᠠᠭᠠᠨ ᠭᠠᠵᠠᠷ ᠠᠴᠠ ᠯᠠᠪᠳᠠᠢ ᠶᠢᠨ ᠬᠡᠬᠦᠷ ᠢ ᠮᠠᠯᠳᠠᠭᠤᠯᠣᠨ᠂ ᠣᠡᠭᠭᠤᠨ ᠤ ᠬᠦᠷᠢᠶᠡᠨ ᠲᠣᠳᠣᠷ᠎ᠠ ᠣᠷᠭᠤᠭᠰᠡᠨ ᠽᠠᠨᠳᠠᠨ ᠮᠣᠳᠦ ᠶᠢ ᠣᠭᠳᠣᠯᠵᠦ ᠦᠨᠳᠣᠰᠣᠨ ᠠᠴᠠ ᠨᠢ ᠲᠠᠬᠢᠨ ᠣᠷᠭᠤᠬᠤ ᠶᠢ ᠰᠡᠷᠬᠡᠶᠢᠯᠡᠨ ᠬᠤᠨᠤᠭ ᠪᠣᠳᠠᠭ᠎ᠠ ᠨᠣᠣᠷᠠᠭᠤᠯᠣᠨ ᠪᠣᠴᠠᠯᠣᠮᠠᠯ ᠬᠠᠯᠠᠭᠤᠨ ᠢᠶᠠᠷ ᠮᠣᠳᠣᠨ ᠤ ᠣᠭ ᠲᠡᠭᠡᠷ᠎ᠠ ᠴᠢᠳᠬᠤᠯ᠎ᠠ ᠬᠡᠳᠡᠭ ᠶᠤᠮ᠃ ᠬᠤᠨᠭ᠌ ᠲᠠᠶᠢᠵᠢ ᠶᠢᠨ ᠬᠡᠬᠦᠷ ᠢ ᠲᠠᠬᠢᠨ ᠣᠷᠣᠰᠢᠭᠤᠯᠬᠤ ᠭᠠᠵᠠᠷ ᠢ ᠮᠠᠨᠵᠦ ᠰᠢᠨᠵᠢᠭᠡᠴᠢ ᠰᠢᠨᠵᠢᠯᠡᠵᠦ᠂ ᠨᠢᠭᠡ ᠳᠤ ᠰᠢᠨᠵᠢᠯᠡᠭᠡ ᠮᠠᠭᠤᠳᠠᠢ᠂ ᠬᠤᠶᠠᠷ ᠲᠤ ᠨᠡᠷ᠎ᠠ ᠮᠠᠭᠤᠳᠠᠢ ᠭᠠᠵᠠᠷ ᠰᠣᠩᠭᠤᠵᠦ ᠬᠠᠷ᠎ᠠ ᠱᠣᠷᠣᠩ ᠬᠡᠳᠡᠭ ᠭᠠᠵᠠᠷ ᠣᠷᠣᠰᠢᠭᠤᠯᠣᠯ᠎ᠠ ᠬᠡᠳᠡᠭ᠃ ᠨᠠᠢᠮᠠᠨ ᠰᠣᠮᠣᠨ ᠤ ᠬᠢᠨ ᠰᠢᠨᠵᠢᠭᠡᠴᠢ ᠶᠢᠨ ᠵᠢᠭᠠᠭᠰᠡᠨ ᠭᠠᠵᠠᠷ ᠲᠤ ᠬᠤᠭᠤᠰᠣᠨ ᠴᠢᠯᠠᠭᠤ ᠣᠪᠣᠭᠠᠯᠠᠵᠦ ᠣᠷᠬᠢᠭᠠᠳ᠂ ᠬᠤᠨᠭ᠌ ᠲᠠᠶᠢᠵᠢ ᠶᠢᠨ ᠬᠡᠬᠦᠷ ᠢ ᠲᠦᠨᠳᠣᠭᠡᠷ ᠬᠠᠨ ᠳᠤ ᠣᠷᠣᠰᠢᠭᠤᠯᠣᠭᠠᠳ᠂ ᠣᠷᠣᠰᠢᠭᠤᠯᠣᠭᠰᠡᠨ ᠭᠠᠵᠠᠷ ᠢᠶᠠᠨ ᠠᠳᠣᠭᠤ ᠬᠤᠷᠢᠶᠠᠵᠦ ᠬᠢᠰᠬᠢᠬᠦᠯᠦᠭᠡᠳ ᠪᠣᠰᠣᠳ ᠲᠤ ᠮᠡᠳᠡᠭᠳᠡᠬᠦ ᠦᠭᠡᠢ ᠪᠣᠯᠭᠠᠵᠠᠢ ᠬᠡᠮᠡᠳᠡᠭ᠃1987 ᠣᠨ ᠤ 3 ᠳ᠋ᠣᠭᠠᠷ ᠰᠠᠷ᠎ᠠ ᠶᠢᠨ 25᠎ ᠤ ᠡᠳᠣᠷ
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ