| ᠪᠣᠷᠵᠢᠬᠢᠨ ᠲᠣᠷᠵᠢ | ᠪᠠᠭᠠᠷᠢᠨ ᠪᠠᠷᠠᠭᠤᠨ ᠬᠤᠰᠢᠭᠤᠨ ᠤ ᠶᠡᠬᠡᠨᠠᠭᠤᠷ ᠰᠣᠮᠣᠨ ᠤ ᠲᠠᠯᠠᠨᠳᠠᠢ ᠭᠠᠴᠠᠭᠠᠨ ᠤ ᠪᠠᠷᠠᠭᠤᠨ ᠡᠮᠣᠨ᠎ᠠ | ᠰᠢᠷ᠎ᠠ ᠮᠦᠷᠡᠨ ᠤ ᠵᠡᠬᠦᠨ ᠬᠤᠶᠢᠳᠦ ᠬᠦᠪᠡᠬᠡᠨ ᠳᠤ ᠣᠮᠤᠭ ᠵᠢᠪᠬᠤᠭ᠎ᠠ ᠲᠠᠢ᠂ ᠦᠨᠳᠣᠷ ᠰᠦᠷᠢᠯᠢᠭ ᠦᠡᠭᠭᠡ | ᠦᠵᠡᠮᠵᠢ ᠲᠠᠢ ᠬᠠᠯᠵᠠᠨ ᠠᠭᠤᠯᠨ ᠴᠡᠩᠬᠡᠷᠯᠡᠨ ᠬᠠᠷᠠᠭᠳᠠᠳᠠᠭ᠃ ︽ᠬᠠᠯᠵᠠᠨ︾ ᠬᠡᠬᠦ ᠨᠡᠷᠡᠶᠢᠳᠣᠯ ᠨᠢ ᠣᠷᠳᠦ | ᠣᠳᠠᠭᠠᠨ ᠣᠨ ᠤ ᠲᠡᠣᠭᠡ ᠲᠠᠢ᠂ ᠡᠪᠡᠰᠣ ᠣᠷᠭᠤᠮᠠᠯ ᠡᠪᠣᠯ ᠪᠣᠯᠵᠦ ᠴᠠᠭᠠᠪᠳᠣᠷ ᠪᠣᠯᠬᠤ ᠳᠤ ᠬᠠᠯᠵᠠᠨ ᠠᠭᠤᠯᠨ ᠶᠢᠨ | ᠣᠷᠣᠢ ᠲᠡᠭᠡᠷᠡᠬᠢ ᠣᠷᠭᠤᠭᠰᠡᠨ ᠡᠪᠡᠰᠣ ᠨᠢ ᠠᠯᠣᠰ ᠠᠴᠠ ᠴᠠᠶᠢᠯᠠᠯᠵᠢᠨ ᠬᠠᠷᠠᠭᠳᠠᠬᠤ ᠲᠣᠯᠨ ᠠᠳᠡᠬᠢ ᠶᠢᠨ | ᠮᠣᠩᠭᠤᠯᠴᠣᠳ ᠮᠠᠩᠨᠠᠢ ᠬᠠᠯᠵᠠᠨ ᠪᠣᠭᠤᠷᠣᠯ ᠨᠠᠰᠣᠳᠠᠨ ᠬᠡᠵᠦ ᠬᠦᠨᠳᠣᠳᠭᠡᠭᠡᠳ ︽ᠬᠠᠯᠵᠠᠨ︾ ᠠᠭᠤᠯᠨ ᠬᠡᠵᠦ | ᠨᠡᠷᠡᠯᠡᠭᠰᠡᠨ ᠬᠡᠳᠡᠭ᠃ ᠠᠳᠡᠬᠢ ᠮᠣᠩᠭᠤᠯᠴᠣᠳ ᠡᠷᠳᠠ ᠣᠵᠣᠭᠤᠷ ᠠᠴᠠ ᠪᠠᠨ ᠠᠪᠣᠭᠠᠳ ᠠᠭᠤᠯᠨ ᠬᠠᠶᠢᠷᠬᠠᠨ ᠢᠶᠠᠨ | ᠨᠢᠳᠣᠨ ᠴᠡᠴᠡᠭᠡᠢ ᠰᠢᠭ ᠬᠠᠶᠢᠷᠠᠯᠠᠨ ᠬᠠᠮᠠᠭᠠᠯᠠᠵᠦ᠂ ᠣᠡᠭᠭᠤᠯᠠᠨ ᠲᠠᠷᠬᠠᠯᠠᠵᠦ᠂ ᠣᠪᠣᠭ᠎ᠠ ᠪᠣᠰᠬᠠᠨ ᠰᠢᠳᠣᠯᠭᠡ | ᠪᠣᠯᠭᠠᠵᠦ ᠲᠠᠬᠢᠵᠦ ᠢᠷᠡᠭᠰᠡᠨ ᠣᠳᠠᠭᠠᠨ ᠣᠨ ᠤ ᠲᠡᠣᠭᠡ ᠲᠠᠢ ᠪᠢᠯᠨ᠃ ᠬᠠᠯᠵᠠᠨ ᠠᠭᠤᠯᠨ ᠶᠢ ᠨᠣᠳᠤᠭ ᠣᠰᠣᠨ | ᠪᠠᠨ ᠤ ᠣᠷᠬᠢᠯ᠂ ᠭᠠᠵᠠᠷ ᠰᠢᠷᠣᠢ ᠭᠠᠶᠢᠬᠠᠮᠰᠢᠭᠳᠦ ᠣᠷᠣᠨ ᠤ ᠮᠢᠨᠢ ᠲᠦᠯᠣᠭᠡᠯᠡᠬᠦ ᠪᠡᠶ᠎ᠠ᠂ ᠴᠣᠮᠬᠠᠳᠬᠠᠯ ᠲᠦᠷᠢ | ᠬᠡᠵᠦ ᠰᠢᠳᠦᠳᠡᠭ᠃ ᠬᠠᠯᠵᠠᠨ ᠠᠭᠤᠯᠨ ᠶᠢᠨ ᠨᠠᠪᠳᠠᠭ ᠰᠠᠪᠳᠠᠭ ᠴᠦ ᠨᠣᠳᠤᠭ ᠣᠰᠣᠨ ᠤ ᠪᠠᠨ ᠠᠷᠠᠳ ᠢᠷᠡᠭᠡᠳ | ᠲᠤ ᠮᠠᠰᠢ ᠦᠭᠬᠢᠶᠡᠮᠣᠷ᠂ ᠦᠷᠣᠰᠢᠶᠡᠯ ᠲᠠᠢ᠂ ᠦᠮᠦᠭ ᠲᠦᠰᠢᠭ ᠨᠢ ᠪᠣᠯᠵᠦ ᠪᠠᠶᠢᠭᠰᠡᠨ ᠬᠡᠵᠦ ᠨᠣᠳᠤᠭ ᠤᠨ | ᠨᠠᠰᠣᠳᠠᠨ ᠪᠣᠭᠤᠷᠣᠯᠴᠣᠳ ᠬᠠᠭᠤᠴᠢᠯᠠᠵᠦ ᠶᠠᠷᠢᠯᠴᠠᠳᠠᠭ᠃ ᠨᠣᠳᠤᠭ ᠣᠰᠣᠨ ᠠᠴᠠ ᠪᠠᠨ ᠭᠠᠳᠠᠭᠰᠢ ᠶᠠᠪᠣᠭᠰᠡᠨ | ᠬᠦᠮᠣᠰ ᠢ ᠬᠠᠯᠵᠠᠨ ᠠᠭᠤᠯᠨ ᠢᠪᠡᠭᠡᠵᠦ ᠪᠠᠶᠢᠳᠠᠭ ᠬᠡᠵᠦ ᠢᠳᠡᠭᠡᠳᠡᠭ ᠲᠣᠯᠨ ᠬᠦᠮᠣᠰ ᠴᠡᠷᠢᠭ ᠲᠠᠶᠢᠨ᠂ ᠠᠶᠠᠨ ᠵᠢᠩ | ᠢᠶᠠᠷ ᠠᠯᠣᠰ ᠮᠣᠷᠳᠠᠬᠤ ᠳᠤ ᠦᠷ᠎ᠠ ᠬᠡᠣᠬᠡᠳ ᠤᠨ ᠢᠶᠠᠨ ᠠᠶᠠᠨ ᠵᠠᠮ ᠳᠠᠭᠠᠨ ᠴᠠᠭᠠᠨ ᠮᠦᠷ ᠲᠠᠢ᠂ ᠴᠢᠨᠳᠠᠮᠣᠨᠢ | ᠦᠯᠵᠡᠢ ᠲᠠᠢ ᠶᠠᠪᠣᠬᠤ ᠶᠢ ᠵᠦᠡᠭᠨᠡᠵᠦ᠂ ᠠᠭᠠᠭ ᠲᠠᠢ ᠴᠠᠢ᠂ ᠠᠭᠠᠷᠣᠣᠯ᠂ ᠦᠷᠣᠮᠠ ᠵᠡᠷᠭᠡ ᠰᠦ ᠴᠠᠭᠠᠨ ᠢᠳᠡᠭᠡ᠂ | ᠠᠮᠳᠠᠳᠠᠨ ᠵᠢᠮᠢᠰᠳᠡᠨ᠂ ᠠᠷᠢᠬᠢ ᠰᠠᠷᠬᠤᠳ ᠤᠨ ᠢᠶᠠᠨ ᠲᠡᠭᠡᠵᠢ ᠶᠢ ᠬᠠᠯᠵᠠᠨ ᠠᠭᠤᠯᠨ ᠶᠢᠨ ᠨᠠᠪᠳᠠᠭ ᠰᠠᠪᠳᠠᠭ ᠲᠤ | ᠰᠠᠴᠣᠯᠢ ᠡᠷᠬᠦᠵᠦ ᠵᠠᠯᠪᠠᠷᠢᠨ ᠲᠠᠭᠠᠳᠬᠠᠬᠤ ᠵᠠᠩ ᠵᠠᠩᠰᠢᠯ ᠲᠠᠢ ᠪᠠᠶᠢᠳᠠᠭ᠃ | ᠲᠡᠭᠡᠷ᠎ᠠ ᠵᠠᠭᠤᠨ ᠤ ᠲᠠᠪᠢᠭᠠᠳ ᠣᠨ ᠪᠣᠯᠳᠠᠯ᠎ᠠ ᠬᠠᠯᠵᠠᠨ ᠠᠭᠤᠯᠨ ᠪᠠᠳᠠᠷᠠᠨ ᠲᠡᠯᠬᠡᠷᠡᠬᠦ ᠠᠴᠠ ᠦᠡᠭᠭᠡ ᠪᠦᠷᠢ | ᠶᠢᠨ ᠴᠡᠴᠡᠭ ᠲᠠᠢ᠂ ᠪᠠᠶᠠᠰᠣᠨ ᠲᠣᠩᠭᠤᠳᠬᠤ ᠠᠴᠠ ᠵᠣᠶᠢᠯ ᠪᠦᠷᠢ ᠶᠢᠨ ᠰᠢᠪᠠᠭᠤ ᠲᠠᠢ᠂ ᠬᠠᠯᠢᠭᠤᠷᠠᠨ ᠨᠠᠶᠢᠭᠤᠬᠤ | ᠠᠴᠠ ᠬᠤᠯᠣᠰᠣ ᠵᠡᠭᠡᠰᠣ ᠲᠠᠢ᠂ ᠬᠠᠯᠬᠢᠯᠠᠨ ᠴᠡᠯᠬᠢᠯᠠᠬᠤ ᠠᠴᠠ ᠰᠢᠷ᠎ᠠ ᠮᠦᠷᠡᠨ ᠤ ᠣᠷᠣᠰᠬᠠᠯ ᠲᠠᠢ᠂ ᠠᠴᠠᠮᠠᠳᠦ᠂ | ᠬᠦᠷᠢᠶᠡᠳᠦ᠂ ᠭᠤᠷᠪᠡᠨ ᠲᠣᠯᠭ᠎ᠠ᠂ ᠠᠭᠤᠢ ᠬᠦᠨᠳᠡᠢ ︵ᠰᠢᠷᠭᠤᠭ᠎ᠠ︶᠂ ᠷᠠᠰᠢᠶᠠᠨ ᠪᠣᠯᠠᠭ᠂ ᠬᠡᠰᠡᠷ ᠪᠣᠭᠳᠠ ᠶᠢᠨ | ᠠᠭᠳᠠ ᠶᠢᠨ ᠮᠦᠷ ᠲᠠᠢ ᠪᠠᠶᠢᠭᠰᠡᠨ᠃ ᠬᠠᠯᠵᠠᠨ ᠠᠭᠤᠯᠠᠨ ᠳᠤ ᠨᠠᠷᠠᠰᠣ᠂ ᠮᠠᠶᠢᠯᠠᠰᠣ᠂ ᠣᠳᠠ᠂ ᠣᠯᠢᠶᠠᠰᠣ᠂ | ᠬᠤᠰᠣ᠂ ᠬᠠᠶᠢᠯᠠᠰᠣ᠂ ᠴᠠᠷᠠᠰᠣ᠂ ᠶᠠᠰᠢᠯ᠂ ᠴᠠᠶᠢᠷ᠂ ᠱᠡᠭᠡᠷ᠂ ᠦᠷᠡᠯ᠂ ᠶᠠᠯᠢᠮᠠ᠂ ᠴᠢᠪᠠᠭ᠎ᠠ᠂ ᠣᠯᠠᠭᠠᠨ᠎ᠠ᠂ | ᠠᠯᠳᠠᠭᠠᠨ᠎ᠠ ᠵᠡᠷᠭᠡ ᠮᠣᠳᠦ ᠵᠢᠮᠢᠰ ᠴᠦ ᠬᠦᠳᠣᠯ ᠵᠢᠯᠠᠭ᠎ᠠ ᠪᠦᠬᠦᠨ ᠢ ᠪᠦᠷᠬᠦᠳᠡᠯᠠ ᠣᠷᠭᠤᠭᠰᠡᠨ ᠪᠢᠳᠡᠬᠦᠦ ᠣᠢ ᠮᠣᠳᠦ | ᠲᠠᠢ ᠨᠣᠮᠢᠨ ᠨᠣᠭᠤᠭᠠᠨ ᠦᠡᠭᠭᠡ ᠲᠠᠢ ᠦᠨᠳᠣᠷ ᠰᠦᠷᠯᠢᠭ ᠠᠭᠤᠯᠨ ᠪᠠᠶᠢᠭᠰᠡᠨ ᠶᠤᠮ᠃ ᠪᠣᠭᠤ ᠰᠣᠭᠤ᠂ ᠦᠨᠡᠭᠡ᠂ | ᠴᠢᠨ᠋ᠸ᠎ᠠ᠂ ᠵᠡᠭᠡᠷ᠎ᠠ ᠭᠤᠷ᠎ᠠ᠂ ᠭᠤᠷᠭᠤᠣᠯ᠂ ᠲᠠᠣᠯᠠᠢ᠂ ᠬᠠᠬᠢᠯᠠᠭ᠂ ᠡᠯᠪᠠᠩᠬᠦ ᠵᠡᠷᠭᠡ ᠠᠷᠢᠶᠠᠳᠡᠨ ᠬᠦᠷᠣᠭᠡᠰᠣ ᠴᠦ | ᠣᠯᠠᠨ ᠠᠷᠪᠢᠨ ᠪᠠᠶᠢᠵᠠᠢ᠃ ᠬᠠᠶᠢᠯᠠᠰᠣ ᠶᠢᠨ ᠬᠦᠬᠦᠷᠭᠡ ᠪᠠᠷᠢᠬᠤ ᠮᠠᠰᠢ ᠣᠯᠠᠨ ᠠᠵᠢᠯᠴᠢᠨ ᠢᠷᠡᠵᠦ ᠬᠡᠳᠣᠨ ᠵᠢᠯ | ᠬᠠᠯᠵᠠᠨ ᠠᠭᠤᠯᠨ ᠶᠢ ᠡᠪᠳᠡᠭᠰᠡᠨ ᠪᠠ᠂ 1958 ᠣᠨ ᠤ ᠶᠡᠭᠡ ᠦᠰᠣᠷᠣᠩᠬᠦᠢ ᠲᠠᠪᠰᠢᠯᠳᠠ ᠶᠢᠨ ᠡᠪᠳᠡᠯᠭᠡ ᠳᠤ | ᠬᠠᠯᠵᠠᠨ ᠠᠭᠤᠯᠨ ᠬᠤᠪᠬᠠᠶᠢᠷᠠᠪᠡ᠃ | ᠬᠠᠯᠵᠠᠨ ᠠᠭᠤᠯᠨ ᠶᠢᠨ ᠣᠪᠣᠭᠠᠨ ᠲᠠᠬᠢᠯᠭ᠎ᠠ ᠪᠣᠯ ᠪᠠᠭᠠᠷᠢᠨ ᠰᠠᠶᠢᠬᠠᠨ ᠬᠠᠨ ᠪᠠ ᠪᠠᠶᠠᠨ ᠬᠠᠨ ᠤ ᠣᠪᠣᠭᠠᠨ | ᠲᠠᠬᠢᠯᠭ᠎ᠠ ᠲᠠᠢ ᠲᠠᠩ ᠰᠠᠴᠠᠭᠤ ᠴᠦᠮ ᠬᠤᠰᠢᠭᠤᠨ ᠲᠡᠰ ᠤᠨ ᠣᠪᠣᠭᠠᠨ ᠲᠠᠬᠢᠯᠭ᠎ᠠ ᠶᠤᠮ᠃ ᠲᠠᠬᠢᠯᠭ᠎ᠠ ᠶᠢᠨ ᠡᠳᠣᠷ | ᠨᠢ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠠᠷᠪᠡᠨ ᠭᠤᠷᠪᠡᠨ ᠤ ᠡᠳᠣᠷ ᠶᠤᠮ᠃ ᠦᠡᠭᠭᠡᠷᠡᠭᠰᠡᠨ ᠳᠤ | ᠲᠠᠬᠢᠯᠭ᠎ᠠ ᠶᠢᠨ ᠡᠮᠣᠨ᠎ᠠ ᠡᠳᠣᠷ ᠪᠠᠭᠠᠷᠢᠨ ᠵᠢᠶᠦ᠋ᠨ ᠸᠠᠩ ᠤᠨ ᠬᠤᠰᠢᠭᠤᠨ ᠤ ᠵᠡᠬᠦᠨ ᠡᠮᠣᠨ᠎ᠠ ᠵᠠᠬ᠎ᠠ ᠪᠠᠷ | ᠨᠣᠳᠣᠭᠰᠢᠵᠦ ᠪᠠᠶᠢᠭ᠎ᠠ ︽ᠬᠤᠨᠭ᠍ᠬᠢᠷᠠᠳ ᠨᠠᠢᠮᠠᠨ ᠰᠣᠮᠣ︾ ᠶᠢᠨ ᠮᠠᠯᠴᠢᠳ ᠨᠡᠶᠢᠳᠡᠮ ᠢᠶᠠᠷ ᠢᠶᠠᠨ ᠬᠦᠷᠣᠯᠴᠡᠨ | ᠢᠷᠡᠵᠡᠭᠡᠨᠠ᠃ ᠣᠡᠭᠨᠢᠭᠤᠳ ᠬᠤᠰᠢᠭᠤᠨ ᠤ ᠬᠠᠶᠢᠯᠠᠰᠣ᠂ ᠣᠳᠠᠨᠳᠠᠯᠠ᠂ ᠬᠦᠯᠳᠡᠯᠠ ᠵᠡᠷᠭᠡ ᠠᠶᠢᠯ ᠭᠠᠴᠠᠭᠠᠨ ᠤ | ᠮᠠᠯᠴᠢᠳ᠂ ᠪᠠᠭᠠᠷᠢᠨ ᠸᠠᠩ ᠠᠴᠠ ᠲᠣᠮᠢᠯᠠᠭᠰᠡᠨ ᠨᠣᠶᠠᠨ᠂ ᠪᠣᠰᠣᠳ ᠪᠠᠶᠠᠳ᠂ ᠬᠡᠬᠡᠨ ᠬᠤᠪᠢᠯᠭᠠᠳ᠂ ᠯᠠᠮᠨ | ᠬᠤᠸᠠᠷᠠᠭ᠂ ᠪᠠᠭᠠᠷᠢᠨ ᠣᠡᠭᠨᠢᠭᠤᠳ ᠤᠨ ᠪᠦᠭᠡᠴᠢᠨ᠂ ᠰᠣᠷᠴᠢᠨ᠂ ᠰᠢᠳᠡᠷᠴᠢᠨ᠂ ᠬᠤᠷᠳᠣᠨ ᠮᠣᠷᠢᠳᠡᠨ᠂ ᠤᠪᠣᠭ᠎ᠠ | ᠲᠠᠬᠢᠵᠦ ᠰᠦᠰᠦᠭ ᠪᠢᠰᠢᠷᠡᠯ ᠢᠶᠠᠨ ᠬᠦᠢᠴᠡᠳᠭᠡᠭᠴᠢᠳ ᠨᠢ ᠢᠰᠡᠭᠡᠢ ᠴᠠᠭᠠᠨ ᠮᠣᠩᠭᠤᠯ ᠬᠡᠷ᠂ ᠬᠦᠭᠡ ᠪᠦᠰ ᠮᠠᠶᠢᠬᠠᠨ | ᠂ ᠴᠠᠭᠠᠨ ᠪᠦᠰ ᠮᠠᠶᠢᠬᠠᠨ ᠢᠶᠠᠨ ᠬᠠᠯᠵᠠᠨ ᠠᠭᠤᠯᠨ ᠲᠠᠢ ᠵᠠᠯᠭᠠᠯᠳᠣᠵᠦ ᠪᠠᠶᠢᠭ᠎ᠠ ᠬᠠᠷ᠎ᠠ ᠲᠣᠯᠣᠭᠠᠢ ᠬᠤᠸ᠋ᠨ ᠶᠢᠨ | ᠣᠷᠣᠢ ᠲᠡᠬᠡᠬᠦᠷ ᠡᠩᠨᠡᠷᠡᠬᠦᠯᠣᠨ ᠪᠣᠰᠬᠠᠵᠦ᠂ ᠲᠠᠷᠠᠭ᠎ᠠ ᠡᠳᠣᠷ ᠤᠨ ᠦᠳᠠ ᠶᠢᠨ ᠡᠮᠣᠨ᠎ᠠ ᠣᠪᠣᠭᠠᠨ ᠲᠠᠬᠢᠯᠭ᠎ᠠ | ᠡᠬᠢᠯᠡᠬᠦ ᠶᠢ ᠬᠦᠯᠢᠶᠡᠳᠡᠭ᠃ | ᠬᠠᠯᠵᠠᠨ ᠠᠭᠤᠯᠨ ᠶᠢᠨ ᠭᠤᠣᠯ ᠣᠷᠣᠢ ᠲᠡᠭᠡᠷ᠎ᠠ ᠬᠤᠶᠠᠷ ᠲᠣᠮᠣ ᠣᠪᠣᠭ᠎ᠠ ᠪᠣᠰᠬᠠᠵᠦ ᠪᠠᠶᠢᠳᠠᠭ᠃ ᠬᠡᠳᠣᠨ | ᠦᠶ᠎ᠠ ᠵᠠᠯᠭᠠᠮᠵᠢᠯᠠᠨ ᠣᠪᠣᠭᠠᠨ ᠲᠠᠭᠠᠭᠠᠮᠠᠯ ᠪᠠᠶᠢᠭᠰᠡᠨ ᠮᠠᠨᠳᠣᠬᠤ ᠶᠢᠨ ᠬᠡᠯᠡᠬᠦ ᠪᠠᠷ᠄ ᠵᠡᠬᠦᠨ ᠲᠠᠯ᠎ᠠ ᠳᠤ ᠪᠠᠶᠢᠭ᠎ᠠ | ᠣᠪᠣᠭ᠎ᠠ ᠶᠢ ᠨᠢ ᠮᠠᠷᠽᠢ ᠶᠢᠨ ᠣᠪᠣᠭ᠎ᠠ ᠬᠡᠨ᠎ᠠ᠃ ᠲᠣᠯᠣᠭᠠᠨ ᠭᠠᠭ᠋ᠠᠢ ᠬᠦᠯᠦᠭᠰᠡᠨ ᠲᠡᠷᠭᠡᠨ ᠳᠤ ᠰᠠᠭᠠᠳᠠᠵᠦ ᠪᠠᠶᠢᠬᠤ | ᠮᠠᠷᠽᠢ ᠪᠣᠷᠬᠠᠨ ᠢ ᠣᠪᠣᠭᠠᠨ ᠱᠦᠡᠭ ᠪᠣᠯᠭᠠᠨ ᠲᠠᠬᠢᠵᠦ ᠪᠠᠶᠢᠳᠠᠭ᠃ ᠡᠷᠳᠠ ᠲᠡᠭᠡᠳᠣᠰ ᠤᠨ ᠦᠶ᠎ᠠ ᠳᠤ ᠠᠩᠬ᠎ᠠ | ᠡᠬᠢᠯᠡᠵᠦ ᠣᠪᠣᠭ᠎ᠠ ᠪᠣᠰᠬᠠᠨ ᠱᠦᠡᠭ ᠰᠠᠭᠤᠯᠭᠠᠵᠦ ᠲᠠᠬᠢᠬᠤ ᠦᠶ᠎ᠠ ᠳᠤ ᠪᠣᠷᠬᠠᠨ ᠢᠶᠠᠨ ᠬᠤᠰᠢᠭᠤᠨ ᠵᠦᠭ ᠲᠡᠭᠡᠨ | ᠬᠠᠨᠳᠣᠭᠤᠯᠬᠤ ᠬᠡᠵᠦ ᠬᠤᠶᠢᠳᠦ ᠵᠦᠭ ᠲᠤ ᠬᠠᠨᠳᠣᠭᠤᠯᠵᠦ ᠰᠠᠭᠤᠯᠭᠠᠵᠠᠢ᠃ ᠣᠪᠣᠭᠠᠨ ᠳᠤ ᠲᠠᠬᠢᠯᠭ᠎ᠠ ᠲᠠᠯᠪᠢᠵᠦ | ᠮᠦᠷᠬᠦᠬᠦ ᠳᠡᠭᠡᠨ ᠪᠣᠷᠬᠠᠨ ᠤ ᠪᠠᠨ ᠵᠦᠭ ᠬᠠᠨᠳᠣᠵᠦ ᠮᠦᠷᠬᠦᠬᠦ ᠲᠣᠯᠨ ᠲᠠᠬᠢᠯᠭ᠎ᠠ ᠶᠢᠨ ᠶᠠᠭᠤᠮ᠎ᠠ ᠪᠠᠨ ᠣᠪᠣᠭᠠᠨ ᠤ | ᠬᠤᠶᠢᠳᠦ ᠲᠠᠯ᠎ᠠ ᠳᠤ ᠲᠠᠯᠪᠢᠵᠦ ᠡᠮᠣᠨᠠᠰᠢ ᠬᠠᠷᠠᠵᠦ ᠮᠦᠷᠬᠦᠨ᠎ᠠ᠃ ᠪᠠᠷᠠᠭᠤᠨ ᠣᠪᠣᠭ᠎ᠠ ᠶᠢ ᠨᠢ ᠰᠠᠪᠳᠠᠭ ᠤᠨ ᠣᠪᠣᠭ᠎ᠠ | ᠬᠡᠳᠡᠭ᠃ ᠮᠠᠨᠳᠣᠬᠤ ᠶᠢ ᠪᠠᠭ᠎ᠠ ᠪᠠᠶᠢᠬᠤ ᠳᠤᠨᠢ ᠡᠪᠦᠭᠡ ᠪᠣᠯᠣᠨ ᠠᠪᠤ ᠨᠢ ᠬᠠᠯᠵᠠᠨ ᠠᠭᠤᠯᠨ ᠶᠢᠨ ᠬᠡᠣᠬᠡᠨ ᠰᠠᠪᠳᠠᠭ | ᠤᠨ ᠬᠦᠷᠦᠭ ᠵᠢᠷᠤᠭ ᠢ ᠰᠢᠯ ᠵᠢᠶᠠᠰᠡᠨ ᠳᠤ ᠰᠠᠭᠤᠯᠭᠠᠭᠠᠳ ᠬᠡᠷ ᠲᠡᠭᠡᠨ ᠬᠦᠡᠭᠭᠠᠷᠪᠡ ᠳᠠᠭᠠᠨ ᠲᠠᠬᠢᠵᠦ ᠪᠠᠶᠢᠭᠰᠡᠨ | ᠶᠤᠮ ᠬᠡᠨ᠎ᠠ᠃ | ᠣᠪᠣᠭᠠᠨ ᠲᠠᠬᠢᠯᠭ᠎ᠠ ᠵᠢᠩᠬᠢᠨᠢ ᠡᠬᠢᠯᠡᠬᠦ ᠠᠴᠠ ᠡᠮᠣᠨ᠎ᠠ᠂ ᠲᠠᠬᠢᠯᠭ᠎ᠠ ᠳᠤ ᠢᠷᠡᠭᠰᠡᠨ ᠬᠦᠮᠣᠰ ᠴᠦᠮ ᠣᠪᠣᠭᠠᠨ | ᠴᠢᠯᠠᠭᠤ ᠶᠢ ᠲᠡᠭᠰᠢᠯᠡᠨ ᠵᠠᠰᠠᠵᠦ ᠰᠢᠨ᠎ᠠ ᠴᠢᠯᠠᠭᠤ ᠨᠠᠮᠠᠵᠦ ᠲᠠᠯᠪᠢᠨ᠎ᠠ᠃ ᠣᠪᠣᠭᠠᠨ ᠲᠠᠭᠠᠭᠠᠮᠠᠯ ᠲᠡᠷᠢᠬᠦᠳᠠᠢ ᠬᠡᠳᠣᠨ | ᠬᠦᠮᠣᠨ ᠣᠪᠣᠭᠠᠨ ᠰᠠᠪᠳᠠᠭ ᠤᠨ ᠬᠦᠷᠦᠭ ᠢ ᠬᠤᠶᠢᠳᠦ ᠵᠦᠭ ᠲᠤ ᠬᠠᠨᠳᠣᠭᠤᠯᠵᠦ᠂ ᠣᠪᠣᠭᠠᠨ ᠤ ᠭᠤᠣᠯ ᠣᠷᠣᠨ | ᠳᠤ ᠭᠤᠣᠯᠳᠠᠭᠤᠯᠣᠨ ᠰᠠᠭᠤᠯᠭᠠᠵᠦ ᠲᠠᠯᠪᠢᠨ᠎ᠠ᠃ ᠯᠣᠣ᠂ ᠭᠠᠷᠣᠳᠢ᠂ ᠪᠠᠷᠰ᠂ ᠠᠷᠰᠯᠡᠨ ᠲᠦᠷᠪᠡᠨ ᠬᠦᠴᠣᠳᠡᠨ | ᠡᠵᠡᠯᠡᠭᠰᠡᠨ ᠬᠡᠶᠢᠮᠣᠷᠢ ᠶᠢᠨ ᠲᠠᠷᠴᠤᠭ ᠢ ᠲᠦᠷᠪᠡᠨ ᠵᠦᠭ ᠬᠠᠨᠳᠣᠭᠤᠯᠣᠨ ᠬᠠᠳᠬᠤᠵᠦ ᠬᠡᠶᠢᠰᠭᠡᠨᠠ᠃ ᠰᠦᠵᠢᠭᠳᠡᠳ᠂ | ᠣᠪᠣᠭᠠᠨ ᠳᠤ ᠲᠠᠬᠢᠯᠭ᠎ᠠ ᠲᠠᠯᠪᠢᠬᠤ ᠬᠦᠮᠣᠰ ᠱᠣᠷᠣᠭᠰᠢᠭ ᠢ ᠲᠣᠭᠤᠷᠢᠭᠤᠯᠣᠨ ᠲᠠᠷᠴᠤᠭ ᠪᠠ ᠮᠣᠳᠣᠨ ᠢᠯᠳᠦ | ᠵᠢᠴᠢ ᠨᠠᠷᠠᠰᠣ ᠮᠠᠶᠢᠯᠠᠰᠣᠨ ᠤ ᠨᠣᠭᠤᠭᠠᠨ ᠨᠠᠮᠠᠭ᠎ᠠ᠂ ᠠᠯᠳᠠᠭᠠᠨ᠎ᠠ᠂ ᠱᠡᠭᠡᠷ᠂ ᠪᠣᠷᠭᠠᠰᠣ ᠶᠢ ᠣᠡᠭᠭᠤᠨ ᠮᠠᠯ ᠤᠨ | ᠣᠡᠭᠭᠠᠰᠣ ᠪᠠᠷ ᠲᠡᠮᠣᠭᠰᠡᠨ ᠲᠡᠭᠡᠰᠣ ᠪᠠᠷ ᠣᠷᠢᠶᠠᠵᠦ ᠣᠪᠣᠭᠠᠨ ᠲᠡᠭᠡᠷ᠎ᠠ ᠪᠠᠨ ᠬᠠᠳᠬᠤᠵᠦ ᠲᠠᠯᠪᠢᠨ᠎ᠠ᠃ ᠲᠠᠪᠣᠨ | ᠦᠡᠭᠭᠡ ᠶᠢᠨ ᠭᠬᠢᠪ ᠢ ᠣᠪᠣᠭᠠᠨ ᠲᠡᠭᠡᠷ᠎ᠠ ᠬᠠᠳᠬᠤᠭᠰᠡᠨ ᠮᠣᠳᠣᠨ ᠨᠠᠮᠠᠭᠠᠨ ᠳᠤ ᠡᠯᠬᠦᠵᠦ ᠠᠭᠤᠯᠠᠨ ᠣᠪᠣᠭ᠎ᠠ ᠪᠠᠨ | ᠵᠠᠰᠠᠵᠦ ᠴᠢᠮᠡᠭᠯᠡᠭᠡᠳ ᠣᠯᠠᠮ ᠰᠦᠷ ᠵᠢᠪᠬᠤᠭ᠎ᠠ ᠲᠠᠢ ᠪᠣᠯᠭᠠᠨ᠎ᠠ᠃ ᠲᠠᠪᠣᠨ ᠦᠡᠭᠭᠡ ᠬᠡᠳᠡᠭ ᠨᠢ ᠬᠦᠭᠡ ︵ᠬᠦᠭᠡ | ᠲᠡᠭᠷᠢ︶᠂ ᠴᠠᠭᠠᠨ ︵ᠴᠠᠭᠠᠨ ᠡᠬᠦᠯᠨ︶᠂ ᠣᠯᠠᠭᠠᠨ ︵ᠣᠯᠠᠭᠠᠨ ᠨᠠᠷᠨ︶᠂ ᠨᠣᠭᠤᠭᠠᠨ ︵ᠨᠣᠭᠤᠭᠠᠨ ᠡᠪᠡᠰᠣ︶᠂ | ᠰᠢᠷ᠎ᠠ ︵ᠰᠢᠷ᠎ᠠ ᠲᠠᠯᠠᠭᠡᠢ︶ ᠵᠡᠷᠭᠡ ᠲᠠᠪᠣᠨ ᠦᠡᠭᠭᠡ ᠶᠢ ᠵᠢᠭᠠᠵᠦ ᠪᠣᠢ᠃ ᠣᠪᠣᠭᠠᠨ ᠲᠠᠬᠢᠯᠭ᠎ᠠ ᠶᠢᠨ ᠵᠠᠩ ᠵᠠᠩᠰᠢᠯ | ᠬᠡᠪᠡᠯ ᠲᠠᠬᠢᠯᠭ᠎ᠠ ᠶᠢᠨ ᠣᠪᠣᠭᠠᠨ ᠳᠤ ᠠᠩᠬ᠎ᠠ ᠡᠬᠢᠯᠡᠵᠦ ᠰᠠᠪᠳᠠᠭ ᠵᠠᠯᠠᠵᠦ ᠱᠦᠡᠭᠰᠢᠭᠯᠡᠬᠦ ᠦᠶ᠎ᠠ ᠳᠤ ᠽᠠᠨᠳᠠᠨ ᠮᠣᠳᠣᠨ | ᠲᠠᠯᠠᠯᠭ᠎ᠠ ᠶᠢᠨ ᠰᠠᠭᠤᠯᠠᠭ᠎ᠠ ᠳᠤ ᠬᠤᠪᠣᠷ ᠴᠣᠬᠠᠭ ᠡᠷᠳᠠᠨᠢᠰ ᠣᠭ᠍ᠶᠦ ᠱᠢᠷᠣ᠂ ᠠᠯᠳᠠ ᠮᠦᠡᠭᠬᠦ᠂ ᠲᠣᠩ ᠯᠠᠪᠠᠢ᠂ | ᠰᠣᠪᠣᠳ ᠲᠠᠨ᠎ᠠ᠂ ᠴᠠᠭᠠᠨ ᠢᠳᠡᠭᠡ᠂ ᠲᠠᠪᠣᠨ ᠬᠤᠰᠢᠭᠤ ᠮᠠᠯ ᠤᠨ ᠣᠡᠭᠭᠤᠨ ᠲᠡᠯ᠂ ᠬᠦᠬᠦᠯ᠂ ᠲᠠᠪᠣᠨ ᠲᠠᠷᠢᠶᠠᠨ | ᠦᠷ᠎ᠠ ᠬᠢᠵᠦ᠂ ᠲᠠᠪᠣᠨ ᠦᠡᠭᠭᠡ ᠶᠢᠨ ᠭᠬᠢᠪ ᠢᠶᠠᠷ ᠴᠢᠮᠡᠭᠯᠡᠭᠰᠡᠨ ᠲᠠᠯᠠᠯᠭ᠎ᠠ ᠶᠢᠨ ᠰᠣᠮᠣ ᠶᠢ ᠰᠠᠭᠤᠯᠠᠭ᠎ᠠ ᠲᠠᠢ ᠨᠢ | ᠬᠠᠮᠳᠦ ᠡᠷᠬᠦᠵᠦ ᠲᠡᠬᠢᠨᠠ᠃ ᠲᠡᠭᠡᠭᠡᠳ ᠯᠠᠮᠨ ᠨᠠᠷ ᠷᠠᠰᠢᠶᠠᠨ ᠰᠦᠷᠴᠢᠨ ᠰᠡᠴᠣᠯᠢ ᠡᠷᠬᠦᠵᠦ᠂ ᠠᠭᠤᠯᠠᠨ ᠳᠤ | ᠰᠢᠩᠭᠡᠭᠡᠨ᠂ ᠣᠪᠣᠭᠠᠨ ᠰᠠᠪᠳᠠᠭ ᠢᠶᠠᠨ ᠷᠠᠪᠨᠠᠶᠢᠯᠠᠬᠤ ᠰᠣᠳᠣᠷ ᠣᠡᠭᠰᠢᠨᠠ᠃ | ᠴᠢᠯᠣᠭᠡᠯᠡᠭᠳᠡᠬᠦ ᠠᠴᠠ ᠡᠮᠣᠨ᠎ᠠ ᠬᠠᠭᠤᠴᠢᠨ ᠤ ᠵᠣᠷᠰᠢᠯ ᠶᠣᠰᠣᠭᠠᠷ ᠵᠢᠯ ᠪᠦᠷᠢ ᠶᠢᠨ ᠪᠢᠯᠢᠭ ᠤᠨ ᠣᠯᠠᠷᠢᠯ ᠤᠨ | ᠲᠠᠪᠣᠨ ᠰᠠᠷ᠎ᠠ ᠶᠢᠨ ᠠᠷᠪᠡᠨ ᠭᠤᠷᠪᠡᠨ ᠤ ᠡᠳᠣᠷ ᠬᠠᠯᠵᠠᠨ ᠠᠭᠤᠯᠨ ᠶᠢᠨ ᠣᠪᠣᠭᠠᠨ ᠲᠠᠬᠢᠯᠭ᠎ᠠ ᠶᠢ ᠲᠠᠬᠢᠵᠦ ᠪᠠᠶᠢᠪᠡ᠃ | ︽ᠰᠣᠶᠣᠯ ᠤᠨ ᠶᠡᠭᠡ ᠬᠤᠪᠢᠰᠬᠠᠯ︾ ᠤᠨ ᠶᠡᠭᠡ ᠰᠠᠮᠠᠭᠤᠷᠠᠯ ᠤᠨ ᠲᠣᠮᠳᠠ ᠬᠠᠯᠵᠠᠨ ᠠᠭᠤᠯᠨ ᠶᠢᠨ ᠣᠪᠣᠭᠠᠨ | ᠲᠠᠬᠢᠯᠭ᠎ᠠ ᠶᠢ ︽ᠲᠦᠷᠪᠡᠨ ᠬᠠᠭᠤᠴᠢᠳ︾ ᠲᠤ ᠲᠣᠭᠠᠴᠠᠭᠳᠠᠵᠦ ᠣᠷᠪᠠᠯᠭ᠎ᠠ ᠭᠠᠷᠭᠠᠭᠴᠢᠳ ᠣᠪᠣᠭ᠎ᠠ ᠶᠢ | ᠰᠣᠶᠢᠳᠭᠡᠵᠦ ᠬᠠᠶᠠᠪᠡ᠃ ᠰᠡᠬᠦᠯᠡᠷ ᠨᠢ 1989 ᠣᠨ ᠪᠠ 2004 ᠣᠨ ᠳᠤ ᠣᠣᠯ ᠤᠨ ᠣᠪᠣᠭᠠᠨ ᠲᠠᠭᠠᠭᠠᠮᠠᠯ | ᠶᠠᠪᠣᠵᠦ ᠪᠠᠶᠢᠭᠰᠡᠨ ᠬᠡᠳᠣᠨ ᠬᠦᠮᠣᠨ ᠨᠡᠶᠢᠯᠡᠭᠡᠳ ᠬᠠᠯᠵᠠᠨ ᠠᠭᠤᠯᠨ ᠶᠢᠨ ᠣᠪᠣᠭᠠᠨ ᠲᠠᠬᠢᠯᠭ᠎ᠠ ᠶᠢ ᠬᠤᠶᠠᠷ ᠣᠳᠠᠭ᠎ᠠ | ᠰᠡᠷᠬᠦᠭᠡᠪᠡ᠃ | ᠣᠪᠣᠭ᠎ᠠ ᠪᠠᠨ ᠲᠠᠬᠢᠵᠦ ᠯᠠᠮᠨ ᠨᠠᠷ ᠨᠣᠮ ᠢᠶᠠᠨ ᠣᠡᠭᠰᠢᠵᠦ ᠪᠠᠷᠠᠭᠰᠡᠨ ᠤ ᠲᠠᠷᠠᠭ᠎ᠠ ᠣᠪᠣᠭᠠᠨ ᠨᠠᠶᠢᠷ ᠡᠬᠢᠯᠡᠨ᠎ᠠ | ᠃ ᠣᠪᠣᠭᠠᠨ ᠨᠠᠶᠢᠷ ᠲᠡᠭᠡᠷ᠎ᠠ ᠮᠣᠩᠭᠤᠯᠴᠣᠳ ᠤᠨ ᠵᠠᠩ ᠲᠠᠳᠬᠠᠯ ᠢᠶᠠᠷ ᠪᠦᠭᠡ ᠪᠠᠷᠢᠯᠳᠣᠵᠦ᠂ ᠰᠣᠷ ᠬᠠᠷᠪᠣᠵᠦ᠂ | ᠬᠤᠷᠳᠣᠨ ᠮᠣᠷᠢ ᠣᠷᠣᠯᠳᠣᠵᠦ᠂ ᠮᠣᠩᠭᠤᠯ ᠰᠢᠳᠠᠷ᠎ᠠ ᠨᠠᠭᠠᠳᠴᠦ ᠣᠷᠣᠯᠳᠣᠨ᠎ᠠ᠃ ᠬᠠᠯᠵᠠᠨ ᠠᠭᠤᠯᠨ ᠶᠢᠨ ᠣᠪᠣᠭᠠᠨ | ᠨᠠᠶᠢᠷ ᠲᠡᠭᠡᠷ᠎ᠠ ᠶᠡᠷᠣᠳᠡᠭᠡᠨ 64 ᠬᠤᠣᠰ ᠪᠦᠭᠡ᠂ 40 ᠬᠤᠷᠳᠣᠨ ᠮᠣᠷᠢ᠂ 16 ᠰᠣᠷᠴᠢᠨ᠂ 8 ᠬᠤᠣᠰ | ᠰᠢᠳᠡᠷᠡᠴᠢᠨ ᠮᠦᠷᠣᠶᠢᠴᠡᠭᠡᠨ ᠣᠷᠣᠯᠳᠣᠳᠠᠭ᠃ ᠣᠪᠣᠭᠠᠨ ᠨᠠᠶᠢᠷ ᠤᠨ ᠡᠯ᠎ᠠ ᠵᠣᠶᠢᠯ ᠤᠨ ᠣᠷᠣᠯᠳᠣᠭᠠᠨ ᠲᠡᠬᠦᠰᠦᠭᠰᠡᠨ | ᠤ ᠲᠠᠷᠠᠭ᠎ᠠ᠂ ᠣᠪᠣᠭᠠᠨ ᠲᠠᠭᠠᠭᠠᠮᠠᠯ ᠠᠴᠠ ᠲᠡᠷᠢᠬᠦᠨ᠂ ᠲᠡᠳ᠋᠂ ᠭᠤᠳᠠᠭᠠᠷ ᠲᠤ ᠬᠠᠯᠠᠭᠤᠨ ᠬᠤᠰᠢᠭᠤᠳᠦ ᠬᠤᠨᠢ | ᠱᠠᠩᠨᠠᠨ᠎ᠠ᠃ ᠪᠣᠰᠣᠳ ᠱᠠᠩ ᠣᠯᠣᠭᠰᠡᠳ ᠲᠤ ᠬᠡᠪ ᠤᠨ ᠴᠠᠢ᠂ ᠲᠣᠷᠭ᠎ᠠ ᠲᠣᠷᠳᠣᠩ ᠦᠭᠬᠦᠨ᠎ᠠ᠃ ᠣᠪᠣᠭᠠᠨ ᠨᠠᠶᠢᠷ | ᠨᠢᠭᠡ ᠡᠳᠣᠷ ᠶᠠᠪᠣᠭᠳᠠᠭᠠᠳ ᠦᠨᠳᠣᠷᠯᠡᠬᠦ ᠦᠶ᠎ᠠ ᠳᠤ ᠶᠡᠭᠡ ᠲᠣᠭᠤᠭᠠᠨ ᠳᠤ ᠬᠤᠨᠢᠨ ᠮᠢᠬ᠎ᠠ ᠬᠦᠰᠬᠦᠯᠡᠵᠦ ᠬᠠᠷᠣᠮ | ᠭᠠᠷᠭᠠᠭᠠᠳ ᠨᠠᠶᠢᠷ ᠲᠤ ᠢᠷᠡᠭᠰᠡᠨ ᠬᠦᠮᠣᠨ ᠪᠦᠬᠦᠨ ᠬᠠᠷᠣᠮ ᠪᠣᠳᠠᠭ᠎ᠠ ᠢᠳᠡᠵᠡᠭᠡᠨᠠ᠃ ᠡᠪᠣᠭᠡᠳ ᠨᠠᠰᠣᠳᠠᠶᠢᠴᠣᠳ | ᠨᠢ ᠠᠷᠢᠬᠢ ᠲᠠᠷᠠᠰᠣ ᠣᠣᠭᠤᠵᠠᠭᠠᠵᠦ ᠬᠦᠭᠡᠷᠣᠯᠳᠣᠨ ᠨᠠᠶᠢᠷᠯᠠᠯᠳᠣᠨᠠ᠃ ᠣᠪᠣᠭᠠᠨ ᠲᠠᠬᠢᠯᠭ᠎ᠠ ᠳᠤ ᠢᠷᠡᠭᠰᠡᠨ ᠬᠦᠮᠣᠰ | ᠲᠠᠬᠢᠯᠭ᠎ᠠ ᠠᠴᠠ ᠬᠤᠪᠢ ᠬᠤᠪᠢᠨ ᠳᠠᠭᠠᠨ ᠠᠪᠴᠦ ᠣᠪᠣᠭ᠎ᠠ ᠲᠡᠰᠢ ᠵᠠᠯᠪᠡᠷᠢᠨ ᠮᠦᠷᠬᠦᠭᠡᠳ ᠬᠡᠷ ᠨᠣᠳᠤᠭ ᠲᠠᠭᠠᠨ | ᠠᠪᠠᠴᠢᠭᠠᠳ ᠠᠳᠢᠰ ᠬᠡᠮᠡᠨ ᠲᠦᠭᠡᠭᠡᠨ᠎ᠠ᠃ ᠰᠦᠵᠢᠭᠳᠡᠳ ᠡᠩ ᠤᠨ ᠴᠠᠭ ᠲᠠᠭᠠᠨ ᠬᠡᠷ ᠲᠡᠭᠡᠨ ᠬᠤᠭᠤᠯᠨ ᠴᠠᠢ | ᠢᠳᠡᠬᠦ ᠳᠤ ᠲᠡᠭᠡᠵᠢ ᠶᠢ ᠨᠢ ᠭᠠᠯ ᠪᠣᠷᠬᠠᠨ᠂ ᠠᠭᠤᠯᠠᠨ ᠤ ᠨᠠᠪᠳᠠᠭ ᠰᠠᠪᠳᠠᠭ ᠲᠤ ᠡᠷᠬᠦᠳᠡᠭ᠃ ᠭᠠᠳᠠᠨ᠎ᠠ ᠬᠦᠳᠡᠭᠡ | ᠣᠣᠭᠤᠵᠦ ᠲᠣᠭᠤᠭᠠᠯᠠᠬᠤ ᠳᠤ ᠴᠦ ᠠᠭᠤᠯᠨ ᠣᠰᠣᠨ ᠤ ᠰᠠᠬᠢᠭᠤᠯᠰᠣᠨ ᠳᠤ ᠢᠳᠡᠮᠯᠡᠵᠦ ᠰᠠᠴᠣᠯᠢ ᠡᠷᠬᠦᠨ᠎ᠠ᠃ | ᠡᠳᠡᠭᠡᠷ ᠰᠠᠶᠢᠬᠠᠨ ᠵᠠᠩ ᠵᠠᠩᠰᠢᠯ ᠨᠢ ᠮᠣᠩᠭᠤᠯᠴᠣᠳ ᠤᠨ ᠨᠣᠳᠤᠭ ᠣᠰᠣ᠂ ᠠᠭᠤᠯᠨ ᠬᠠᠶᠢᠷᠬᠠᠨ᠂ ᠲᠣᠬᠠᠶᠢᠯᠠᠪᠡᠯ | ᠠᠮᠢ ᠠᠬᠤᠢ ᠪᠠᠨ ᠨᠠᠨᠳᠢᠩᠨᠠᠨ ᠬᠠᠶᠢᠷᠠᠯᠠᠵᠦ ᠬᠠᠮᠠᠭᠠᠯᠠᠳᠠᠭ ᠬᠡᠰᠡᠨ ᠢ ᠪᠦᠷᠢᠨ ᠢᠯᠡᠳᠭᠡᠵᠦ ᠪᠣᠢ᠃ |