ᠪᠠᠶᠠᠨ ᠲᠣᠣᠪᠠᠢ ᠠᠭᠤᠯᠠᠨ ᠳᠠᠬᠢ ᠪᠠᠭᠠᠷᠢᠨ ᠸᠠᠩ ᠤᠨ ᠲᠠᠬᠢᠯᠭ᠎ᠠ ᠶᠢᠨ ᠣᠪᠣᠭ᠎ᠠ
ᠨᠡᠶᠢᠲᠡᠯᠡᠭᠰᠡᠨ ᠴᠠᠭ᠄
2022/12/22
                                                 ᠭ᠊᠂ ᠮᠦᠡᠭᠭᠡᠭᠠᠯ       ᠠᠭᠤᠯᠨ ᠨᠢ ᠦᠨᠳᠣᠷ᠂ ᠣᠰᠣ ᠨᠢ ᠲᠣᠩᠭᠠᠯᠠᠭ᠂ ᠲᠡᠭᠷᠢ ᠨᠢ ᠴᠡᠯᠮᠡᠭ᠂ ᠲᠠᠯ᠎ᠠ ᠨᠢ ᠰᠠᠷᠠᠭᠤᠯ ᠪᠠᠭᠠᠷᠢᠨ ᠨᠣᠳᠤᠭ ᠤᠨ ᠠᠭᠤᠯᠨ ᠣᠰᠣ᠂ ᠣᠪᠣᠭ᠎ᠠ ᠱᠠᠩᠰᠢ ᠨᠢ ᠪᠦᠷ ᠰᠠᠶᠢᠨ ᠰᠠᠶᠢᠬᠠᠨ ᠦᠯᠢᠭᠡᠷ ᠲᠣᠮᠤᠭ ᠲᠠᠢ ᠪᠠᠶᠢᠳᠠᠭ᠃ ᠪᠠᠭᠠᠷᠢᠨᠴᠣᠳ ᠠᠭᠤᠯᠨ ᠣᠰᠣ᠂ ᠣᠪᠣᠭ᠎ᠠ ᠱᠠᠩᠰᠢ ᠪᠠᠨ ᠲᠣᠩ ᠬᠠᠶᠢᠷᠠᠯᠠᠵᠦ᠂ ᠲᠡᠬᠦᠨ ᠢᠶᠠᠨ ᠲᠠᠬᠢᠵᠦ ᠰᠢᠳᠣᠳᠡᠭ ᠣᠯᠠᠮᠵᠢᠯᠠᠯ ᠲᠠᠢ ᠪᠢᠯᠨ᠃ ᠡᠨᠡ ᠨᠢ ᠮᠣᠩᠭᠤᠯᠴᠣᠳ ᠤᠨ ᠪᠦᠭᠡ ᠶᠢᠨ ᠱᠠᠰᠢᠨ ᠢ ᠰᠢᠳᠣᠵᠦ ᠪᠠᠶᠢᠭᠰᠡᠨ ᠤ ᠪᠣᠳᠠᠳᠠᠢ ᠲᠣᠰᠬᠠᠯ ᠪᠦᠭᠡᠳ ᠡᠬᠡ ᠪᠠᠶᠢᠭᠠᠯᠢ ᠪᠠᠨ ᠬᠦᠨᠳᠣᠳᠭᠡᠵᠦ᠂ ᠬᠠᠶᠢᠷᠠᠯᠠᠵᠦ ᠬᠠᠮᠠᠭᠠᠯᠠᠬᠤ ᠰᠠᠶᠢᠨ ᠰᠠᠶᠢᠬᠠᠨ ᠵᠠᠩ ᠵᠠᠩᠰᠢᠯ ᠎ ᠤᠨ ᠢᠯᠡᠷᠡᠯ ᠪᠣᠯᠬᠤ ᠶᠤᠮ᠃ ᠪᠠᠭᠠᠷᠢᠨ ᠪᠠᠷᠠᠭᠤᠨ ᠬᠤᠰᠢᠭᠤᠨ ᠳᠤ ᠠᠯᠳᠠᠷ ᠨᠡᠷ᠎ᠠ ᠲᠠᠢ ᠭᠤᠷᠪᠡᠨ ᠬᠠᠨ ᠠᠭᠤᠯᠨ ᠪᠠᠶᠢᠳᠠᠭ ᠪᠦᠭᠡᠳ ᠬᠠᠨ ᠠᠭᠤᠯᠨ ᠪᠦᠬᠦᠨ ᠳᠤ ᠸᠠᠩ ᠨᠠᠷ ᠤᠨ ᠲᠠᠬᠢᠯᠭ᠎ᠠ ᠶᠢᠨ ᠣᠪᠣᠭ᠎ᠠ ᠲᠠᠢ᠃ ᠪᠠᠭᠠᠷᠢᠨ ᠤ ᠭᠤᠷᠪᠡᠨ ᠬᠠᠨ ᠠᠭᠤᠯᠨ ᠬᠡᠳᠡᠭ ᠨᠢ ᠰᠠᠶᠢᠬᠠᠨ ᠬᠠᠨ ᠠᠭᠤᠯᠨ᠂ ᠪᠠᠶᠠᠨ ᠬᠠᠨ ᠠᠭᠤᠯᠨ᠂ ᠪᠠᠶᠠᠨ ᠲᠣᠣᠪᠠᠢ ︵ᠪᠠᠶᠠᠨ ᠲᠦᠪ︶ ᠠᠭᠤᠯᠨ ᠶᠢ ᠬᠡᠯᠡᠵᠦ ᠪᠠᠶᠢᠨ᠎ᠠ᠃       ᠲᠡᠣᠭᠡ ᠲᠡᠮᠳᠡᠭᠯᠡᠯ ᠪᠠ ᠪᠢᠴᠢᠭ ᠤᠨ ᠮᠡᠷᠭᠡᠳ ᠤᠨ ᠪᠢᠴᠢᠵᠦ ᠢᠯᠡᠳᠭᠡᠭᠰᠡᠨ ᠬᠡᠷᠡᠴᠢ ᠪᠠᠷᠢᠮᠳᠠ ᠶᠢ ᠦᠨᠳᠣᠰᠣᠯᠡᠪᠡᠯ ᠰᠠᠶᠢᠬᠠᠨ ᠬᠠᠭᠠᠨ ᠠᠭᠤᠯᠨ ᠶᠢᠨ ᠣᠪᠣᠭ᠎ᠠ ᠨᠢ ᠮᠠᠨᠵᠦ ᠴᠢᠩ ᠤᠨ ᠡᠬᠢᠨ ᠤ ᠦᠶ᠎ᠠ ᠳᠤ᠂ ᠵᠡᠬᠦᠨ᠂ ᠪᠠᠷᠠᠭᠤᠨ ᠪᠠᠭᠠᠷᠢᠨ ᠬᠤᠪᠢᠶᠠᠬᠤ ᠠᠴᠠ ᠡᠮᠣᠨ᠎ᠠ ᠲᠠᠬᠢᠵᠦ ᠪᠠᠶᠢᠭᠰᠡᠨ ᠪᠠᠶᠢᠨ᠎ᠠ᠃ 1948 ᠣᠨ ᠳᠤ ᠵᠡᠬᠦᠨ᠂ ᠪᠠᠷᠠᠭᠤᠨ ᠪᠠᠭᠠᠷᠢᠨ ᠰᠠᠯᠣᠭᠰᠡᠨ ᠴᠦ ᠬᠤᠶᠠᠷ ᠬᠤᠰᠢᠭᠤ ᠪᠠᠷ ᠢᠶᠠᠨ ᠬᠠᠨ ᠠᠭᠤᠯᠨ ᠶᠢᠨ ᠣᠪᠣᠭ᠎ᠠ ᠶᠢ ᠲᠡᠬᠢᠵᠦ ᠪᠠᠶᠢᠭᠰᠡᠨ ᠶᠤᠮ᠃ ᠪᠠᠭᠠᠷᠢᠨ ᠤ ᠠᠷᠪᠡᠨ ᠭᠤᠷᠪᠠᠳᠣᠭᠠᠷ ᠦᠶ᠎ᠠ ᠶᠢᠨ ᠵᠠᠰᠠᠭ ᠸᠠᠩ ᠵᠠᠭᠠᠷ ᠤᠨ ᠵᠠᠰᠠᠭ ᠶᠠᠪᠣᠭᠤᠯᠵᠦ ᠪᠠᠶᠢᠭᠰᠡᠨ ᠦᠶ᠎ᠠ ᠳᠤ᠂ ᠦᠭᠡᠷ᠎ᠠ ᠪᠠᠷ ᠬᠡᠯᠡᠪᠡᠯ ᠡᠩᠭᠡ ᠡᠷᠳᠡᠮᠳᠦ ᠶᠢᠨ ᠲᠠᠪᠣᠳᠣᠭᠠᠷ ᠣᠨ ︵1937 ᠣᠨ︶᠎ ᠳᠤ ᠬᠤᠶᠠᠷ ᠪᠠᠭᠠᠷᠢᠨ ᠤ ᠬᠠᠮᠳᠦ ᠪᠠᠷ ᠲᠠᠬᠢᠵᠦ ᠪᠠᠶᠢᠭᠰᠡᠨ ᠰᠠᠶᠢᠬᠠᠨ ᠬᠠᠨ ᠠᠭᠤᠯᠨ ᠶᠢᠨ ᠣᠪᠣᠭᠠᠨ ᠱᠦᠡᠭᠰᠢᠭ ᠢᠶᠠᠨ ᠰᠢᠯᠵᠢᠬᠦᠯᠵᠦ᠂ ᠡᠳᠣᠭᠡ ᠶᠢᠨ ᠴᠠᠭᠠᠡᠮᠦ᠋ᠷᠡᠨ ᠪᠠᠯᠭᠠᠰᠣᠨ ᠤ ᠬᠦᠳᠣᠯ ᠭᠠᠴᠠᠭ᠎ᠠ ᠶᠢᠨ ᠬᠢᠵᠠᠭᠠᠷ ᠲᠠᠬᠢ ᠲᠠᠷᠬᠠᠨ ᠠᠭᠤᠯᠨ ᠶᠢᠨ ᠡᠩᠬᠡᠷ᠂ ᠪᠠᠶᠠᠨ ᠲᠣᠣᠪᠠᠢ ᠠᠭᠤᠯᠨ ᠶᠢᠨ ᠠᠷᠦ ᠬᠦᠳᠣᠯ ᠳᠤ ᠰᠢᠯᠵᠢᠬᠦᠯᠵᠦ ᠠᠪᠴᠢᠷᠠᠭᠰᠡᠨ ᠪᠠᠶᠢᠨ᠎ᠠ᠃ ᠵᠠᠭᠠᠷ ᠸᠠᠩ ᠪᠠᠶᠠᠨ ᠲᠣᠣᠪᠠᠢ ᠠᠭᠤᠯᠠᠨ ᠳᠤ ᠲᠣᠩ ᠢᠳᠡᠭᠡᠯ ᠰᠦᠵᠢᠭ ᠲᠠᠢ ᠪᠠᠶᠢᠳᠠᠭ᠃ ᠣᠴᠢᠷ ᠨᠢ ᠪᠠᠶᠠᠨ ᠲᠣᠣᠪᠠᠢ ᠠᠭᠤᠯᠨ ᠨᠢ ᠦᠨᠳᠣᠷ ᠰᠦᠷᠯᠢᠭ᠂ ᠵᠡᠬᠦᠨᠰᠢ ᠪᠠᠷᠠᠭᠤᠨᠰᠢ ᠬᠦᠨᠳᠡᠯᠢᠰᠢᠨ ᠬᠡᠪᠳᠡᠭᠡ ᠯᠣᠣ ᠶᠢᠨ ᠰᠢᠨᠵᠢᠳᠠᠢ᠃ ᠡᠮᠣᠨ᠎ᠠ ᠠᠴᠠ ᠨᠢ ᠬᠠᠷᠠᠪᠡᠯ ᠲᠠᠪᠬᠤᠷ ᠲᠠᠪᠬᠤᠷ ᠲᠦᠰᠢᠯᠭᠡ ᠲᠠᠢ᠂ ᠣᠢ ᠰᠢᠭᠤᠢ ᠰᠠᠬᠤᠯᠠᠭ᠂ ᠦᠵᠡᠮᠵᠢ ᠪᠦᠷᠢᠳᠦᠭᠰᠡᠨ ᠰᠠᠶᠢᠬᠠᠨ ᠠᠭᠤᠯᠨ ᠬᠠᠶᠢᠷᠬᠠᠨ ᠶᠤᠮ᠃ 1648 ᠣᠨ ᠳᠤ ᠮᠠᠨᠵᠦ ᠴᠢᠩ ᠤᠨ ᠵᠠᠰᠠᠭ ᠤᠨ ᠭᠠᠵᠠᠷ ᠎ ᠠᠴᠠ ᠮᠣᠩᠭᠤᠯ ᠢ ᠬᠡᠰᠡᠭᠯᠡᠨ ᠬᠤᠪᠢᠶᠠᠵᠦ ᠵᠠᠬᠢᠷᠬᠤ ᠲᠦᠷᠦ ᠶᠢᠨ ᠪᠣᠳᠣᠯᠭ᠎ᠠ ᠶᠠᠪᠣᠭᠤᠯᠵᠦ᠂ ᠪᠠᠭᠠᠷᠢᠨ ᠢ ᠵᠡᠬᠦᠨ᠂ ᠪᠠᠷᠠᠭᠤᠨ ᠬᠤᠶᠠᠷ ᠪᠠᠭᠠᠷᠢᠨ ᠬᠤᠰᠢᠭᠤ ᠪᠣᠯᠭᠠᠨ ᠬᠤᠪᠢᠶᠠᠵᠦ᠂ ᠰᠧᠳᠡᠷ ᠤᠨ ᠠᠴᠢ ᠬᠦᠪᠡᠬᠦᠨ ᠮᠠᠨᠽᠣᠰᠢᠷᠢ ᠶᠢ ᠵᠡᠬᠦᠨ ᠪᠠᠭᠠᠷᠢᠨ ᠤ ᠪᠠᠶᠢᠰᠨ ᠡᠷᠬᠦᠮᠵᠢᠯᠡᠵᠦ᠂ ᠠᠴᠡᠨ ᠲᠣᠯᠣᠭᠠᠢ ᠠᠭᠤᠯᠨ ᠶᠢᠨ ᠠᠷᠦ ᠳᠤ ᠣᠷᠳᠣᠨ ᠬᠠᠷᠰᠢ ᠪᠠᠶᠢᠭᠤᠯᠵᠦ ᠰᠠᠭᠤᠯᠭᠠᠭᠰᠡᠨ ᠪᠠᠶᠢᠨ᠎ᠠ᠃ ᠰᠧᠳᠡᠷ ᠤᠨ ᠬᠦᠪᠡᠬᠦᠨ ᠰᠡᠪᠳᠡᠨ ᠢ ᠪᠠᠷᠠᠭᠤᠨ ᠪᠠᠭᠠᠷᠢᠨ ᠤ ᠵᠢᠶᠦ᠋ᠨ ᠸᠠᠩ ᠡᠷᠬᠦᠮᠵᠢᠯᠡᠵᠦ ᠂ ᠪᠠᠶᠠᠨ ᠲᠣᠣᠪᠠᠢ ᠠᠭᠤᠯᠨ ᠶᠢᠨ ᠡᠩᠬᠡᠷ ᠣᠷᠳᠦ ᠬᠠᠷᠰᠢ ᠪᠠᠶᠢᠭᠤᠯᠵᠦ ᠰᠠᠭᠤᠷᠢᠰᠢᠭᠤᠯᠣᠭᠰᠡᠨ ᠪᠠᠶᠢᠨ᠎ᠠ᠃ ᠲᠣᠬᠠᠢ ᠎ ᠶᠢᠨ ᠦᠶ᠎ᠠ ᠳᠤ ᠸᠠᠩ ᠤᠨ ᠣᠷᠳᠣᠨ ᠢ ᠪᠠᠶᠢᠭᠤᠯᠬᠤ ᠳᠤ ᠰᠢᠨᠵᠢᠯᠡᠭᠡ ᠪᠦᠷᠢᠳᠦᠭᠰᠡᠨ ᠰᠠᠶᠢᠨ ᠰᠠᠶᠢᠬᠠᠨ ᠨᠣᠳᠤᠭ ᠢ ᠰᠣᠩᠭᠤᠭᠰᠡᠨ ᠶᠤᠮ᠃ ᠪᠠᠷᠠᠭᠤᠨ ᠪᠠᠭᠠᠷᠢᠨ ᠤ ᠸᠠᠩ ᠤᠨ ᠣᠷᠳᠣᠨ ᠨᠢ ᠪᠠᠶᠠᠨ ᠲᠣᠣᠪᠠᠢ ᠠᠭᠤᠯᠨ ᠪᠠᠷ ᠠᠷᠦ ᠲᠦᠰᠢᠭ ᠪᠣᠯᠭᠠᠵᠦ᠂ ᠪᠠᠶᠠᠨ ᠬᠠᠨ ᠠᠭᠤᠯᠨ ᠪᠠᠷ ᠬᠡᠬᠡᠨ ᠬᠠᠷᠠᠴᠨ ᠪᠣᠯᠭᠠᠭᠰᠡᠨ ᠬᠡᠳᠡᠭ᠃ ᠪᠠᠶᠠᠨ ᠲᠣᠣᠪᠠᠢ ᠠᠭᠤᠯᠨ ᠎ ᠨᠢ ᠵᠠᠭᠠᠷ ᠸᠠᠩ ᠤᠨ ᠲᠣᠭᠤᠵᠦ ᠰᠢᠳᠦᠳᠡᠭ ᠠᠭᠤᠯᠨ ᠬᠠᠶᠢᠷᠬᠠᠨ ᠢᠶᠠᠷ ᠪᠠᠷᠠᠬᠤ ᠦᠭᠡᠢ᠂ ᠪᠠᠭᠠᠷᠢᠨ ᠬᠤᠰᠢᠭᠤᠨ ᠤ ᠪᠣᠰᠣᠳ ᠸᠠᠩ ᠨᠠᠷ ᠤᠳ ᠴᠦ ᠪᠢᠰᠢᠷᠡᠵᠦ ᠰᠢᠳᠣᠳᠡᠭ ᠠᠭᠤᠯᠨ ᠬᠠᠶᠢᠷᠬᠠᠨ ᠪᠠᠶᠢᠭᠰᠡᠨ ᠬᠡᠳᠡᠭ ᠢ ᠲᠡᠣᠭᠡᠨ ᠣᠴᠢᠷ ᠶᠠᠪᠣᠳᠠᠯ ᠠᠴᠠ ᠮᠡᠳᠡᠵᠦ ᠪᠣᠯᠣᠨ᠎ᠠ᠃       ᠵᠠᠭᠠᠷ ᠸᠠᠩ ᠰᠠᠶᠢᠬᠠᠨ ᠬᠠᠨ ᠠᠭᠤᠯᠨ ᠶᠢᠨ ᠣᠪᠣᠭᠠᠨ ᠱᠦᠡᠭᠰᠢᠭ ᠢ ᠪᠠᠶᠠᠨ ᠲᠣᠣᠪᠠᠢ ᠠᠭᠤᠯᠨ ᠶᠢᠨ ᠠᠷᠦ᠂ ᠲᠠᠷᠬᠠᠨ ᠠᠭᠤᠯᠨ ᠶᠢᠨ ᠡᠩᠬᠡᠷ ᠬᠦᠳᠣᠯ ᠳᠤ ᠣᠪᠣᠭ᠎ᠠ ᠪᠣᠰᠬᠠᠨ ᠰᠢᠯᠵᠢᠬᠦᠯᠵᠦ ᠠᠪᠴᠢᠷᠠᠭᠰᠡᠨ ᠨᠢ ᠭᠤᠷᠪᠡᠨ ᠵᠣᠶᠢᠯ ᠎ ᠤᠨ ᠰᠢᠯᠳᠠᠭᠠᠨ ᠲᠠᠢ ᠬᠡᠵᠦ ᠨᠠᠰᠣᠳᠠᠶᠢᠴᠣᠳ ᠶᠠᠷᠢᠳᠠᠭ᠃ ᠨᠢᠭᠡ ᠳᠤ᠂ ᠰᠠᠶᠢᠬᠠᠨ ᠬᠠᠨ ᠠᠭᠤᠯᠨ ᠶᠢᠨ ᠣᠪᠣᠭ᠎ᠠ ᠨᠢ ᠬᠤᠶᠠᠷ ᠪᠠᠭᠠᠷᠢᠨ ᠤ ᠣᠪᠣᠭ᠎ᠠ ᠪᠣᠯᠬᠤᠷ ᠬᠠᠮᠳᠦ ᠲᠠᠬᠢᠬᠤ ᠳᠤ ᠬᠦᠴᠢᠷᠳᠡᠯ ᠲᠠᠢ ᠪᠦᠭᠡᠳ ᠭᠠᠵᠠᠷ ᠨᠣᠳᠤᠭ ᠤᠨ ᠵᠠᠭᠠᠭ ᠬᠢᠵᠠᠭᠠᠷᠯᠠᠯ ᠲᠠᠢ᠃ ᠬᠤᠶᠠᠷ ᠲᠤ᠂ ᠵᠠᠭᠠᠷ ᠸᠠᠩ ᠪᠠᠶᠠᠨ ᠲᠣᠣᠪᠠᠢ ᠠᠭᠤᠯᠠᠨ ᠳᠤ ᠢᠳᠡᠭᠡᠯ ᠰᠦᠵᠢᠭ ᠲᠠᠢ᠃ ᠭᠤᠷᠪᠡ ᠳᠤ᠂ ᠳ᠋ᠠᠪᠠᠨ ᠳᠠᠬᠢ ᠸᠠᠩ ᠤᠨ ᠣᠷᠳᠣᠨ ᠠᠴᠠ ᠰᠠᠶᠢᠬᠠᠨ ᠬᠠᠨ ᠠᠭᠤᠯᠨ ᠬᠦᠷᠬᠦ ᠵᠠᠮ ᠬᠤᠯᠨ᠂ ᠵᠢᠯ ᠪᠦᠷᠢ ᠎ ᠶᠢᠨ ᠣᠪᠣᠭᠠᠨ ᠲᠠᠬᠢᠯᠭ᠎ᠠ ᠨᠢ ᠨᠠᠷᠠᠨ ᠮᠠᠨᠳᠣᠬᠤ ᠠᠴᠠ ᠡᠮᠣᠨ᠎ᠠ ᠲᠠᠬᠢᠵᠦ᠂ ᠬᠤᠷ᠎ᠠ ᠪᠣᠷᠣᠭᠠᠨ ᠲᠠᠢ ᠦᠶ᠎ᠠ ᠳᠤ ᠲᠣᠩ ᠬᠦᠴᠢᠷᠳᠡᠯ ᠲᠠᠢ ᠪᠠᠶᠢᠳᠠᠭ᠃       ᠡᠩᠬᠡ ᠡᠷᠳᠡᠮᠳᠦ ᠶᠢᠨ ᠲᠠᠪᠣᠳᠣᠭᠠᠷ ᠣᠨ ︵1937 ᠣᠨ︶᠎ ᠳᠤ ᠵᠠᠭᠠᠷ ᠸᠠᠩ ᠵᠠᠷᠯᠢᠭ ᠪᠠᠭᠤᠯᠭᠠᠵᠦ᠂ ᠰᠠᠶᠢᠬᠠᠨ ᠬᠠᠨ ᠠᠭᠤᠯᠨ ᠶᠢᠨ ᠣᠪᠣᠭᠠᠨ ᠨᠠᠶᠢᠷ ᠤᠨ ᠲᠠᠭᠠᠭᠠᠮᠠᠯ ᠪᠣᠯᠬᠤ ᠪᠣᠣ ᠰᠦᠡᠭ ᠵᠠᠨ ︵ᠪᠠᠰᠨ ᠰᠦᠡᠭ ᠵᠠᠨ ᠲᠠᠶᠢᠵᠢ ᠬᠡᠳᠡᠭ︶ ᠪᠣᠯᠣᠨ ᠸᠠᠩ ᠤᠨ ᠬᠤᠷᠣᠭᠠᠴᠢᠨ ᠵᠢᠳᠠᠨ ᠠᠶᠢᠯ ᠤᠨ ᠬᠡᠳᠣᠨ ᠬᠦᠮᠣᠰ ᠢ ᠲᠣᠮᠢᠯᠠᠨ ᠬᠠᠨ ᠠᠭᠤᠯᠨ ᠶᠢᠨ ᠰᠠᠪᠳᠠᠭ ᠤᠨ ᠬᠦᠷᠦᠭ ᠵᠢᠷᠤᠭ ᠢ ᠪᠢᠯᠢᠭ ᠤᠨ ᠣᠯᠠᠷᠢᠯ ᠤᠨ 5 ᠰᠠᠷ᠎ᠠ ᠶᠢᠨ 13᠎ ᠠᠴᠠ ᠡᠮᠣᠨ᠎ᠠ ᠨᠡᠬᠦᠯᠭᠡᠨ ᠠᠪᠴᠢᠷᠠᠭᠤᠯᠬᠤ ᠪᠠᠷ ᠶᠠᠪᠣᠭᠤᠯᠪᠡ᠃ ᠵᠠᠭᠠᠷ ᠸᠠᠩ ᠤᠨ ᠵᠠᠬᠢᠶ᠎ᠠ ᠪᠠᠷ ᠪᠣᠣ ᠰᠦᠡᠭ ᠵᠠᠨ ᠵᠡᠷᠭᠡ ᠬᠦᠮᠣᠰ ᠨᠢ ᠦᠭᠡᠷ ᠲᠡᠷᠭᠡ ᠪᠠᠷ ᠠᠶᠠᠯᠠᠨ᠂ ᠰᠠᠶᠢᠬᠠᠨ ᠬᠠᠨ ᠠᠭᠤᠯᠨ ᠶᠢᠨ ᠰᠠᠪᠳᠠᠭ — ᠰᠡᠷᠡᠯ ᠮᠣᠷᠢ ᠲᠠᠢ ᠰᠠᠬᠢᠭᠤᠯᠰᠣᠨ ᠤ ᠬᠦᠷᠦᠭ ᠵᠢᠷᠤᠭ ᠪᠣᠯᠣᠨ ᠲᠦᠪᠡᠳ ᠤᠨ ᠯᠾᠴᠨ ᠶᠢᠨ ᠪᠠᠮᠪᠠᠷ᠎ᠠ ᠶᠢᠨ ᠰᠠᠪᠳᠠᠭ ᠤᠨ ᠬᠡᠬᠡᠷ ᠮᠣᠷᠢ ᠲᠠᠢ ᠬᠦᠷᠦᠭ ᠵᠢᠷᠤᠭ ᠢ ᠲᠡᠭᠡᠭᠡᠵᠦ ᠪᠣᠴᠠᠬᠤ ᠵᠠᠮ ᠳᠤ ᠪᠠᠨ ᠲᠡᠷᠭᠡ ᠨᠢ ᠶᠢᠰᠣ ᠪᠠᠷ ᠰᠠᠭᠤᠵᠦ ︵ᠭᠤᠷᠪᠡᠨ ᠮᠦᠭᠡᠷ ᠶᠢᠰᠣᠨ ᠬᠡᠬᠡᠬᠡᠰᠣ ᠨᠢ ᠮᠣᠯᠳᠣᠷᠠᠨ ᠣᠨᠠᠬᠤ︶ ᠲᠣᠭᠳᠠᠭᠰᠡᠨ ᠴᠠᠭ ᠲᠤ ᠪᠠᠨ ᠲᠠᠷᠣᠢ ᠪᠢᠯᠢᠭ ᠤᠨ ᠣᠯᠠᠷᠢᠯ ᠤᠨ 5 ᠰᠠᠷ᠎ᠠ ᠶᠢᠨ 13᠎ ᠤ ᠡᠳᠣᠷ ᠠᠴᠠ ᠡᠮᠣᠨ᠎ᠠ ᠬᠦᠷᠴᠦ ᠢᠷᠡᠵᠦ ᠠᠮᠵᠢᠭᠰᠡᠨ ᠦᠭᠡᠢ᠂ ᠵᠠᠭᠠᠷ ᠸᠠᠩ ᠰᠣᠨᠣᠰᠣᠭᠠᠳ ᠶᠡᠭᠡ ᠯᠨ ᠠᠭᠤᠷᠯᠠᠵᠦ᠂ ᠰᠡᠷᠬᠡᠶᠢᠯᠡᠨ ᠬᠠᠮᠠᠭᠠᠯᠠᠬᠤ ᠲᠦᠷᠪᠡᠳᠣᠭᠡᠷ ᠬᠤᠷᠢᠶ᠎ᠠ ᠳᠤ ᠵᠠᠷᠯᠢᠭ ᠪᠠᠭᠤᠯᠭᠠᠨ᠂ ᠲᠣᠰ ᠬᠤᠷᠢᠶ᠎ᠠ ᠶᠢᠨ ᠴᠡᠷᠢᠭ ᠢᠶᠠᠷ ᠨᠢᠭᠡ ᠯᠨ ᠡᠳᠣᠷ ᠲᠤ ᠣᠪᠣᠭ᠎ᠠ ᠪᠣᠰᠬᠠᠨ᠂ ᠰᠠᠶᠢᠬᠠᠨ ᠬᠠᠨ ᠠᠭᠤᠯᠨ ᠶᠢᠨ ᠨᠠᠪᠳᠠᠭ ᠰᠠᠪᠳᠠᠭ ᠢ ᠲᠠᠬᠢᠨ ᠠᠮᠢᠯᠠᠭᠤᠯᠵᠦ᠂ ᠪᠢᠯᠢᠭ ᠤᠨ ᠣᠯᠠᠷᠢᠯ ᠤᠨ 5 ᠰᠠᠷ᠎ᠠ ᠶᠢᠨ 15᠎ ᠤ ᠡᠳᠣᠷ ᠦᠪᠡᠳᠡᠭᠰᠢ ᠶᠡᠭᠡ ᠪᠠᠷ ᠰᠡᠷᠬᠦᠭᠡᠨ ᠲᠠᠬᠢᠭᠰᠡᠨ ᠬᠡᠳᠡᠭ᠃       ᠵᠠᠭᠠᠷ ᠸᠠᠩ ᠤᠨ ᠰᠢᠯᠵᠢᠬᠦᠯᠵᠦ ᠠᠪᠴᠢᠷᠠᠭᠰᠡᠨ ᠡᠨᠡᠬᠦ ᠣᠪᠣᠭ᠎ᠠ ᠶᠢ ᠬᠦᠮᠣᠰ᠂ ᠪᠠᠭᠠᠷᠢᠨ ᠤ ᠵᠠᠭᠠᠷ ᠸᠠᠩ ᠎ ᠤᠨ ᠣᠪᠣᠭ᠎ᠠ ᠬᠡᠳᠡᠭ᠃ ᠶᠠᠫᠣᠨ ᠰᠠᠮᠣᠷᠠᠶᠢᠴᠣᠳ ᠦᠪᠡᠷ ᠮᠣᠩᠭᠤᠯ ᠤᠨ ᠲᠦᠷᠢᠮᠡᠭᠡᠶᠢᠯᠡᠨ ᠡᠵᠡᠯᠡᠭᠰᠡᠨ ᠤ ᠰᠡᠬᠦᠯᠡᠷ᠂ ᠸᠠᠩ ᠬᠦᠡᠭ ᠤᠨ ᠪᠠᠶᠢᠭᠤᠯᠣᠮᠵᠢ ᠶᠢ ᠬᠦᠴᠣᠨ ᠦᠭᠡᠢ ᠪᠣᠯᠭᠠᠵᠦ᠂ ᠣᠣᠯ ᠤᠨ ᠬᠤᠰᠢᠭᠤᠨ ᠵᠠᠰᠠᠭ ᠸᠠᠩ ᠢ ᠬᠤᠰᠢᠭᠤᠨ ᠲᠠᠷᠤᠭ᠎ᠠ ᠪᠣᠯᠭᠠᠨ ᠬᠤᠪᠢᠷᠠᠭᠤᠯᠪᠡ᠃ ᠵᠠᠭᠠᠷ ᠸᠠᠩ ᠢ ᠬᠠᠭᠤᠷᠮᠠᠭ ᠮᠠᠨᠵᠦ ᠣᠯᠣᠰ ᠤᠨ ᠬᠢᠨᠭ᠍ᠭᠠᠨ ᠪᠠᠷᠠᠭᠤᠨ ᠬᠤᠪᠢᠶᠠᠷᠢ ᠮᠣᠵᠢ ᠶᠢᠨ ᠲᠠᠷᠤᠭ᠎ᠠ ᠪᠠᠷ ᠲᠣᠮᠢᠯᠠᠵᠦ ᠺᠠᠶᠢᠯᠣ ᠳᠤ ᠰᠢᠯᠵᠢᠬᠦᠯᠪᠡ᠃ ᠰᠡᠬᠦᠯᠡᠷ ᠨᠢ ᠰᠢᠨᠵᠢᠩ ᠎ ᠳᠤ ᠰᠢᠯᠵᠢᠬᠦᠯᠣᠨ᠂ ᠬᠢᠨᠭ᠍ᠭᠠᠨ ᠶᠡᠷᠣᠩᠭᠡᠢ ᠲᠣᠪᠴᠢᠶᠠᠨ ᠤ ᠣᠨᠴᠠ ᠲᠣᠮᠢᠯᠠᠭᠰᠡᠨ ᠶᠡᠷᠣᠩᠭᠡᠶᠢᠯᠡᠭᠴᠢ ᠪᠣᠯᠭᠠᠪᠡ᠃ ᠵᠠᠭᠠᠷ ᠸᠠᠩ ᠪᠠᠭᠠᠷᠢᠨ ᠨᠣᠳᠤᠭ ᠠᠴᠠ ᠪᠠᠨ ᠰᠠᠯᠣᠨ ᠠᠯᠣᠰ ᠬᠤᠯᠨ ᠰᠠᠭᠤᠷᠢᠰᠢᠵᠦ᠂ ᠦᠪᠡᠷ ᠤᠨ ᠡᠷᠭᠡ ᠮᠡᠳᠡᠯ ᠢᠶᠠᠨ ᠪᠦᠷᠢᠨ ᠠᠯᠳᠠᠭᠰᠡᠨ ᠠᠴᠠ ᠣᠪᠣᠭᠠᠨ ᠲᠠᠬᠢᠯᠭ᠎ᠠ ᠪᠠᠨ ᠵᠢᠯ ᠪᠦᠷᠢ ᠲᠠᠬᠢᠵᠦ ᠲᠠᠶᠢᠯᠬᠦ ᠪᠠᠨ ᠪᠣᠯᠢᠭᠰᠡᠨ ᠲᠣᠯᠨ ᠬᠦᠮᠣᠰ ᠲᠣᠰ ᠣᠪᠣᠭ᠎ᠠ ᠶᠢᠨ ᠵᠠᠭᠠᠷ ᠸᠠᠩ ᠤᠨ ᠣᠪᠣᠭ᠎ᠠ ᠬᠡᠵᠦ ᠨᠡᠷᠡᠶᠢᠳᠬᠦ ᠪᠠᠨ ᠪᠠᠶᠢᠵᠦ᠂ ᠬᠤᠰᠣᠳᠠᠢ ᠶᠢᠨ ᠣᠪᠣᠭ᠎ᠠ᠂ ᠲᠠᠷᠬᠠᠨ ᠣᠪᠣᠭ᠎ᠠ ᠬᠡᠵᠦ ᠲᠦᠭᠡᠮᠡᠯ ᠶᠠᠷᠢᠳᠠᠭ ᠪᠣᠯᠣᠭᠰᠡᠨ ᠪᠠᠶᠢᠨ᠎ᠠ᠃ ᠬᠤᠰᠣᠳᠠᠢ ᠶᠢᠨ ᠣᠪᠣᠭ᠎ᠠ ᠬᠡᠳᠡᠭ ᠨᠢ ᠣᠪᠣᠭ᠎ᠠ ᠶᠢᠨ ᠣᠷᠴᠢᠨ ᠲᠣᠭᠤᠷᠢᠨ ᠳᠤ ᠬᠤᠰᠣ ᠰᠠᠬᠤᠯᠠᠭ ᠣᠷᠭᠤᠭᠰᠡᠨ ᠲᠣᠯᠨ ᠬᠤᠰᠣᠳᠠᠢ ᠶᠢᠨ ᠣᠪᠣᠭ᠎ᠠ ᠬᠡᠳᠡᠭ᠃ ᠲᠠᠷᠬᠠᠨ ᠣᠪᠣᠭ᠎ᠠ ᠬᠡᠳᠡᠭ ᠨᠢ ᠲᠠᠷᠭᠠᠨ ᠠᠭᠤᠯᠨ ᠶᠢᠨ ᠡᠩᠬᠡᠷ ᠬᠦᠳᠣᠯ ᠳᠤ ᠪᠣᠰᠬᠠᠭᠰᠡᠨ ᠲᠣᠯᠨ ᠲᠠᠷᠬᠠᠨ ᠣᠪᠣᠭ᠎ᠠ ᠬᠡᠳᠡᠭ᠃       ᠡᠳᠣᠭᠡ ᠣᠶᠢᠷ᠎ᠠ ᠬᠠᠪᠢ ᠶᠢᠨ ᠮᠠᠯᠴᠢᠳ ᠲᠣᠰ ᠣᠪᠣᠭ᠎ᠠ ᠶᠢ ᠪᠠᠭᠠᠷᠢᠨ ᠸᠠᠩ ᠤᠨ ᠣᠪᠣᠭ᠎ᠠ ᠬᠡᠵᠦ᠂ ᠵᠢᠯ ᠪᠦᠷᠢ ᠰᠠᠭᠠᠳᠣᠯ ᠦᠭᠡᠢ ᠬᠦᠨᠳᠣᠳᠭᠡᠨ ᠲᠠᠬᠢᠳᠠᠭ᠃ ᠬᠤᠰᠣᠳᠠᠢ ᠶᠢᠨ ᠣᠪᠣᠭ᠎ᠠ ᠶᠢ ᠪᠠᠭᠠᠷᠢᠨ ᠤ ᠠᠯᠢ ᠠᠭᠤᠯᠠᠨ ᠤ ᠣᠪᠣᠭ᠎ᠠ ᠠᠴᠠ ᠴᠦ ᠲᠣᠮᠣ ᠰᠦᠷᠯᠢᠭ ᠪᠣᠰᠬᠠᠭᠰᠡᠨ ᠶᠤᠮ᠃ ᠪᠠᠷᠤᠭ ᠠᠷᠪᠡᠨ ᠬᠠᠨ᠎ᠠ ᠲᠠᠢ ᠮᠣᠩᠭᠤᠯ ᠬᠡᠷ ᠤᠨ ᠬᠢᠷᠢ ᠪᠠᠶᠢᠵᠦ᠂ ᠪᠠᠶᠠᠨ ᠲᠣᠣᠪᠠᠢ ᠠᠭᠤᠯᠨ᠂ ᠲᠠᠷᠬᠠᠨ ᠠᠭᠤᠯᠨ ᠶᠢᠨ ᠲᠣᠮᠳᠠ ᠬᠦᠳᠣᠯ ᠳᠤ ᠪᠣᠰᠬᠠᠭᠳᠠᠨ᠂ ᠲᠣᠩ ᠰᠦᠷᠯᠢᠬᠦᠨ ᠬᠠᠷᠠᠭᠳᠠᠳᠠᠭ᠃ ᠣᠪᠣᠭᠠᠨ ᠤ ᠵᠡᠬᠦᠨ᠂ ᠡᠮᠣᠨ᠎ᠠ ᠬᠤᠶᠢᠨ᠎ᠠ ᠭᠤᠷᠪᠡᠨ ᠲᠠᠯ᠎ᠠ ᠪᠠᠷ ᠨᠢ ᠢᠭ᠌ᠴᠢ ᠰᠠᠬᠤᠯᠠᠭ ᠣᠢ ᠮᠣᠳᠦ ᠣᠷᠭᠤᠵᠦ᠂ ᠬᠦᠮᠣᠰ ᠤᠨ ᠰᠦᠵᠢᠭ ᠪᠢᠰᠢᠷᠡᠯ ᠢ ᠬᠦᠷᠭᠡᠳᠡᠭ᠃ ᠲᠣᠰ ᠣᠪᠣᠭ᠎ᠠ ᠨᠢ ᠪᠠᠷᠠᠭᠤᠨ ᠲᠠᠯ᠎ᠠ ᠎ ᠳᠤ ᠪᠠᠨ ᠲᠡᠭᠰᠢᠭᠡᠨ ᠲᠠᠯ᠎ᠠ ᠲᠠᠢ ᠪᠠᠶᠢᠵᠦ ᠪᠦᠭᠡ ᠪᠠᠷᠢᠯᠳᠣᠵᠦ᠂ ᠮᠣᠷᠢ ᠣᠷᠣᠯᠳᠣᠬᠤ ᠰᠠᠶᠢᠬᠠᠨ ᠲᠠᠯᠠᠪᠣᠷ ᠲᠠᠢ᠃ ᠬᠤᠰᠣᠳᠠᠢ ᠶᠢᠨ ᠣᠪᠣᠭ᠎ᠠ ᠶᠢᠨ ᠣᠶᠢᠷ᠎ᠠ ᠣᠷᠴᠢᠮ ᠤᠨ ᠮᠠᠯᠴᠢᠳ ᠲᠣᠰ ᠣᠪᠣᠭᠠᠨ ᠤ ᠪᠠᠨ ᠨᠡᠷ᠎ᠠ ᠰᠦᠷ ᠢ ᠨᠢ ᠣᠯᠠᠮ ᠮᠠᠨᠳᠣᠭᠤᠯᠬᠤ ᠶᠢᠨ ᠡᠬᠦᠳᠡᠨ ᠠᠴᠠ ᠱᠦᠡᠭᠰᠢᠭ ᠲᠠᠷᠣᠬᠤ ᠳᠠᠭᠠᠨ ᠠᠷᠦ ᠬᠤᠷᠴᠢᠨ ᠠᠴᠠ ᠠᠳᠣᠭᠤᠨ ᠡᠷᠢᠯ ᠎ ᠳᠤ ᠢᠷᠡᠭᠰᠡᠨ ᠠᠳᠣᠭᠤᠴᠢᠨ ᠢ ᠠᠷᠢᠬᠢ ᠣᠣᠭᠤᠯᠭᠠᠨ ᠰᠣᠭᠳᠣᠭᠠᠭᠠᠳ᠂ ᠠᠮᠢᠳᠦ ᠪᠠᠷ ᠨᠢ ᠱᠦᠡᠭᠰᠢᠭᠯᠡᠵᠦ ᠬᠡᠵᠦ ᠶᠠᠷᠢᠳᠠᠭ ᠪᠦᠭᠡᠳ ᠠᠮᠢᠳᠣ ᠪᠠᠷ ᠲᠠᠷᠣᠭᠳᠠᠭᠰᠡᠨ ᠡᠨᠡᠬᠦ ᠠᠳᠣᠭᠤᠴᠢᠨ ᠠᠮᠢ ᠭᠤᠣᠯ ᠨᠢ ᠣᠷᠦ ᠲᠣᠣᠷ᠎ᠠ ᠪᠠᠨ ᠲᠠᠰᠣᠷᠠᠭᠰᠡᠨ ᠦᠭᠡᠢ ᠬᠡᠳᠣᠨ ᠡᠳᠣᠷ ᠶᠣᠣᠯᠠᠵᠦ ᠬᠠᠰᠬᠢᠷᠣᠭᠰᠡᠨ ᠬᠡᠳᠡᠭ᠃ ᠡᠨᠡᠬᠦ ᠣᠴᠢᠷ ᠨᠢ ᠪᠣᠳᠠᠳᠦ ᠪᠠᠷᠢᠮᠳᠠ ᠲᠡᠮᠡᠢ ᠬᠦᠢᠴᠡᠳ ᠦᠭᠡᠢ᠃ ᠮᠢᠨᠦ ᠦᠵᠡᠬᠦ ᠪᠠᠷ ᠮᠠᠯᠴᠢᠳ ᠣᠪᠣᠭ᠎ᠠ ᠪᠠᠨ ᠨᠡᠩ ᠰᠠᠬᠢᠭᠤᠰᠣᠵᠢᠭᠤᠯᠣᠨ ᠲᠣᠪᠣᠶᠢᠯᠠᠭᠠᠭᠰᠡᠨ ᠣᠴᠢᠷ ᠮᠠᠭᠠᠳ᠃       ᠣᠳᠦ ᠬᠤᠰᠣᠳᠠᠢ ᠶᠢᠨ ᠣᠪᠣᠭ᠎ᠠ ᠨᠢ ᠮᠦᠨ ᠣᠭ ᠲᠦᠷᠢ ᠲᠦᠷᠬᠦ ᠪᠠᠨ ᠬᠠᠳᠠᠭᠠᠯᠠᠭᠰᠠᠭᠠᠷ ᠪᠦᠭᠡᠳ ᠵᠢᠯ ᠎ ᠠᠴᠠ ᠵᠢᠯ ᠲᠣᠮᠣᠵᠢᠨ ᠪᠦᠳᠣᠬᠦᠷᠡᠵᠦ᠂ ᠵᠠᠰᠠᠵᠦ ᠴᠢᠮᠡᠭᠯᠡᠭᠳᠡᠨ ᠣᠯᠠᠮ ᠰᠦᠷᠯᠢᠬᠦᠨ ᠪᠣᠯᠵᠦ ᠪᠠᠶᠢᠨ᠎ᠠ᠃ ᠵᠢᠯ ᠪᠦᠷᠢ ᠎ ᠶᠢᠨ ᠪᠢᠯᠢᠭ ᠤᠨ ᠣᠯᠠᠷᠢᠯ ᠤᠨ 5 ᠰᠠᠷ᠎ᠠ ᠶᠢᠨ 15᠎ ᠤ ᠡᠳᠣᠷ ᠣᠶᠢᠷ᠎ᠠ ᠬᠠᠪᠢ ᠳᠤ ᠪᠠᠶᠢᠭ᠎ᠠ ᠰᠢᠪᠠᠷᠳᠠᠢ᠂ ᠪᠠᠶ᠋ᠬᠠᠷᠳᠡᠨᠢ᠂ ᠴᠠᠭᠠᠡᠮᠦ᠋ᠷᠡᠨ᠂ ᠳ᠋ᠠᠪᠠᠨ ᠤ ᠺᠠᠳ᠋ᠷ ᠮᠠᠯᠴᠢᠳ ᠬᠦᠷᠣᠯᠴᠡᠨ ᠢᠷᠡᠵᠦ᠂ ᠢᠷᠣᠭᠡᠯ ᠰᠠᠩ ᠣᠡᠭᠰᠢᠭᠤᠯᠵᠦ᠂ ᠪᠦᠬᠦᠯᠢ ᠬᠤᠨᠢᠨ ᠰᠢᠬᠦᠰᠣ ᠪᠠᠷ ᠲᠠᠬᠢᠵᠦ᠂ ᠮᠣᠷᠢ ᠣᠷᠣᠯᠳᠣᠨ᠂ ᠪᠦᠭᠡ ᠪᠠᠷᠢᠯᠳᠣᠵᠦ᠂ ᠨᠠᠶᠢᠷ ᠨᠠᠭᠠᠳᠣᠮ ᠬᠢᠳᠡᠭ ᠪᠠᠶᠢᠨ᠎ᠠ᠃       ᠪᠠᠶᠠᠨ ᠲᠣᠣᠪᠠᠢ ᠠᠭᠤᠯᠨ ᠨᠢ ᠪᠠᠭᠠᠷᠢᠨ ᠤ ᠭᠤᠷᠪᠡᠨ ᠶᠡᠭᠡ ᠬᠠᠨ ᠠᠭᠤᠯᠨ ᠶᠢᠨ ᠨᠢᠭᠡ ᠨᠢ ᠪᠣᠯᠬᠤᠷ ᠪᠣᠰᠣᠳ ᠬᠤᠶᠠᠷ ᠬᠠᠨ ᠲᠠᠢ ᠪᠠᠨ ᠠᠳᠠᠯᠢ ︽ᠰᠠᠪᠳᠠᠭ ᠤᠨ ᠵᠠᠯᠠᠯᠭ᠎ᠠ︾᠂ ︽ᠰᠠᠪᠳᠠᠭ ᠤᠨ ᠠᠯᠳᠠᠨ ᠰᠡᠷᠵᠢᠮ︾᠂ ︽ᠪᠠᠶᠠᠨ ᠲᠣᠣᠪᠠᠢ ᠶᠢᠨ ᠮᠠᠭᠳᠠᠭᠠᠯ︾ ᠵᠡᠷᠭᠡ ᠢᠷᠣᠭᠡᠯ ᠰᠠᠩ ᠤᠨ ᠣᠡᠭᠰᠢᠯᠭ᠎ᠠ ᠬᠦᠢᠴᠡᠳ ᠪᠠᠶᠢᠵᠦ᠂ ᠪᠣᠰᠣᠳ ᠡᠩ ᠎ ᠤᠨ ᠣᠪᠣᠭᠠᠨ ᠲᠠᠬᠢᠯᠭ᠎ᠠ ᠲᠠᠢ ᠠᠳᠠᠯᠢ ᠦᠭᠡᠢ᠂ ᠲᠠᠬᠢᠯᠭ᠎ᠠ ᠨᠢ ᠬᠡᠮᠵᠢᠶ᠎ᠠ ᠶᠡᠭᠡ᠂ ᠣᠳᠬ᠎ᠠ ᠴᠢᠨᠠᠷ ᠢᠶᠠᠷ ᠬᠦᠨ ᠪᠠᠶᠢᠳᠠᠭ᠃ ᠬᠡᠳᠡᠯ᠎ᠠ ᠣᠶᠢᠷ᠎ᠠ ᠬᠠᠪᠢ ᠶᠢᠨ ᠮᠠᠯᠴᠢᠳ ᠣᠪᠣᠭ᠎ᠠ ᠪᠠᠨ ᠲᠠᠬᠢᠵᠦ᠂ ᠨᠠᠶᠢᠷ ᠨᠠᠭᠠᠳᠣᠮ ᠢᠶᠠᠨ ᠡᠬᠦᠰᠭᠡᠨ ᠬᠡᠶᠢᠮᠣᠷᠢ ᠪᠠᠨ ᠰᠡᠷᠬᠦᠭᠡᠨ᠂ ᠲᠣᠩ ᠣᠮᠣᠭᠯᠠᠭᠠᠳ ᠪᠣᠴᠠᠳᠠᠭ ᠪᠣᠯᠪᠠᠴᠦ᠂ ᠰᠠᠶᠢᠬᠠᠨ ᠬᠠᠨ ᠠᠭᠤᠯᠨ᠂ ᠪᠠᠶᠠᠨ ᠬᠠᠨ ᠠᠭᠤᠯᠨ ᠶᠢᠨ ᠣᠪᠣᠭᠠᠨ ᠲᠠᠬᠢᠯᠭ᠎ᠠ ᠰᠢᠭ᠋ ᠬᠤᠰᠢᠭᠤ ᠲᠠᠶᠠᠭᠠᠷ ᠢᠶᠠᠨ ᠲᠠᠬᠢᠳᠠᠭ ︽ᠸᠠᠩ︾᠎ ᠤᠨ ᠲᠠᠬᠢᠯᠭ᠎ᠠ ᠪᠣᠯᠵᠦ ᠴᠢᠳᠠᠭᠰᠡᠨ ᠦᠭᠡᠢ ᠬᠡᠵᠦ ᠵᠢᠯ ᠪᠦᠷᠢ ᠭᠤᠮᠣᠷᠬᠠᠳᠠᠭ ᠢ ᠠᠳᠠ ᠪᠢᠴᠢᠭ ᠢᠶᠠᠷ ᠲᠡᠮᠳᠡᠭᠯᠡᠨ ᠬᠤᠴᠣᠷᠭᠠᠵᠦ᠂ ᠬᠤᠰᠣᠳᠠᠢ ᠎ ᠶᠢᠨ ᠣᠪᠣᠭ᠎ᠠ ᠨᠢ ᠬᠤᠵᠢᠮ ᠦᠨᠡᠩᠬᠦ ᠬᠤᠰᠢᠭᠤ ᠲᠠᠶᠠᠭᠠᠷ ᠤᠨ ᠣᠪᠣᠭ᠎ᠠ ᠪᠣᠯᠵᠦ᠂ ᠲᠠᠯᠠᠢ ᠣᠯᠠᠨ ᠤ ᠰᠠᠬᠢᠭᠤᠰᠣ ᠰᠢᠳᠣᠭᠡᠨ ᠪᠣᠯᠣᠨ ᠬᠡᠶᠢᠮᠣᠷᠢ ᠰᠦᠯᠳᠠ ᠶᠢ ᠮᠠᠨᠳᠣᠭᠤᠯᠬᠤ ᠪᠣᠯᠳᠣᠭᠠᠢ ᠬᠡᠵᠦ ᠵᠦᠡᠭᠨᠡᠯ ᠢᠶᠠᠨ ᠡᠷᠬᠦᠶ᠎ᠠ︕
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ