ᠬᠤᠨᠭ᠍ᠬᠤᠨ ᠲᠠᠭᠤᠨ ᠬᠤᠷᠸ᠎ᠠ ᠶᠢ ᠪᠠᠶᠠᠰᠬᠠᠨ᠎ᠠ
ᠨᠡᠶᠢᠲᠡᠯᠡᠭᠰᠡᠨ ᠴᠠᠭ᠄
2022/5/31
             ᠣᠳᠣᠳ ᠬᠢᠯᠠᠯᠠᠵᠠᠬᠰᠠᠨ ᠰᠦᠨᠢ ᠶᠢᠨ ᠬᠦᠨ ᠢ             ᠣᠪᠤᠭ᠎ᠠ ᠲᠠᠢ ᠲᠠᠰᠬᠠᠯ ᠳᠤ ᠰᠢᠩᠭᠡᠭᠡᠭᠰᠡᠨ              ᠣᠷᠴᠢᠨ ᠦᠡᠭᠭᠡᠷᠡᠬᠦ ᠴᠠᠭ ᠮᠦᠴᠡ ᠪᠠᠷ              ᠣ ᠶᠢᠨ ᠪᠢᠷ ᠢ ᠬᠤᠷᠴᠠᠯᠠᠬᠰᠠᠨ             ᠡᠭᠡᠯᠵᠢᠯᠡᠬᠦ ᠲᠦᠷᠪᠡᠨ ᠣᠯᠠᠷᠢᠯ ᠢ             ᠡᠷᠳᠡᠯᠡᠵᠦ ᠣᠷᠣᠶᠢᠯᠠᠵᠦ ᠵᠢᠳᠬᠦᠭᠰᠡᠨ              ᠡᠷᠳᠡᠮ ᠰᠤᠶᠣᠯ ᠤᠨ ᠡᠷᠢᠯᠴᠢᠨ             ᠡᠷᠬᠢᠮ  ᠬᠦᠨᠳᠦᠳᠡᠢ ᠪᠠᠭᠰᠢ ᠪᠢᠯᠡ᠃      ᠶᠢᠰᠦ ᠶᠢᠨ ᠡᠬᠢᠨ ᠤ ᠬᠦᠢᠳᠡᠨ ᠦᠷᠯᠥᠬᠡ ᠶᠢᠨ ᠠᠮᠢᠰᠬᠤᠯ ᠢ ᠬᠤᠨᠭ᠍ᠬᠤᠨ ᠲᠠᠭᠤᠨ ᠢᠶᠠᠷ  ᠲᠤᠯᠠᠭᠠᠴᠠᠭᠤᠯᠤᠨ᠂ ᠬᠢᠴᠢᠶᠠᠯ ᠣᠷᠣᠯ᠎ᠠ ᠃ ᠾᠦᠡᠭ ᠮᠸᠢ ᠪᠠᠭᠰᠢ ᠡᠨᠡ ᠡᠳᠣᠷ ᠂ ᠶᠡᠷᠣᠳᠡ ᠶᠢᠨ ᠡᠳᠣᠷ ᠲᠠᠢ ᠪᠠᠨ ᠠᠳᠠᠯᠢᠬᠠᠨ ᠦᠪᠡᠷ ᠤᠨ ᠵᠢᠷᠣᠮ ᠢᠶᠠᠷ ᠢᠶᠠᠨ ᠠᠵᠢᠯ ᠢᠶᠠᠨ  ᠡᠬᠢᠯᠡᠬᠦᠯᠥᠯ᠎ᠡ᠃     ᠰᠢᠪᠡᠷᠳᠡᠢ ᠭᠤᠣᠯ ᠤᠨ ᠠᠷᠣ ᠶᠢᠨ ᠲᠡᠨᠵᠢᠨ ᠳᠤ ᠦᠶ᠎ᠡ ᠶᠢᠨ ᠦᠶ᠎ᠡ  ᠰᠣᠳᠣᠨ ᠦᠷᠡᠰ ᠎ ᠢᠶᠠᠨ  ᠬᠦᠮᠦᠵᠢᠬᠦᠯᠳᠡᠭ ᠰᠣᠶᠣᠯ ᠤᠨ ᠦᠯᠥᠬᠡᠢ  ᠪᠠᠶᠢᠳᠠᠭ᠃ ᠾᠦᠡᠭ ᠮᠸᠢ ᠪᠠᠭᠰᠢ ᠠᠳᠡ ᠠᠵᠢᠯᠯᠠᠭᠠᠳ ᠬᠤᠷᠢᠭᠠᠳ ᠵᠢᠯ ᠤᠨ ᠨᠢᠭᠤᠷ ᠦᠵᠡᠵᠡᠢ᠃ ᠲᠡᠷᠡ ᠬᠤᠪᠢᠨ ᠳᠤ ᠪᠠᠨ ᠬᠦᠮᠦᠵᠢᠬᠦᠯᠥᠭᠰᠡᠨ ᠣᠯᠠᠨ ᠰᠣᠷᠣᠬᠴᠢ ᠲᠠᠢ ᠪᠣᠯᠬᠤᠷ ᠰᠡᠳᠬᠢᠯ ᠪᠠᠶᠠᠨ ᠶᠠᠪᠤᠨ᠎ᠠ᠃ ᠰᠣᠷᠭᠠᠭᠤᠯᠢ ᠶᠢᠨ ᠬᠦᠷᠢᠶ᠎ᠡ ᠬᠡᠵᠦ ᠬᠤᠨᠭ᠍ᠬᠤᠨ ᠲᠠᠭᠤᠨ ᠭᠡᠤᠭᠡᠳ ᠤᠨ ᠢᠷᠠᠭᠤ ᠣᠡᠭᠰᠢᠯᠭ᠎ᠠ ᠪᠠᠷ ᠠᠵᠢᠯ ᠢᠶᠠᠨ ᠦᠷᠬᠦᠯᠵᠢᠯᠡᠬᠦᠯᠳᠡᠭ ᠠᠴᠠ ᠬᠦᠮᠣᠨ ᠪᠣᠯᠬᠤ ᠣᠬᠠᠭᠠᠨ᠂ ᠠᠮᠢᠳᠣᠷᠠᠯ ᠤᠨ ᠡᠷᠢᠯ ᠬᠦᠰᠡᠯ ᠠᠳᠡ ᠠᠴᠠ ᠯᠡ ᠡᠬᠢᠯᠡᠳᠡᠭ ᠠᠵᠢ᠃       ᠵᠠᠪᠰᠠᠷᠠᠯᠭ᠎ᠠ ᠶᠢᠨ ᠲᠠᠮᠢᠷ ᠤᠨ ᠭᠡᠳᠦᠨ ᠮᠢᠨᠤᠲ ᠲᠤ ᠰᠣᠷᠣᠬᠴᠢᠳ ᠲᠠᠮᠢᠷ ᠤᠨ ᠲᠠᠯᠠᠪᠠᠢ ᠳᠤ ᠶᠠᠭᠠᠷᠠᠯᠳᠣᠨ᠎ᠠ᠃ ᠡᠩᠭᠦᠷᠡᠢ ᠰᠣᠷᠣᠬᠴᠢᠳ ᠎ ᠲᠤ ᠡᠷᠳᠡᠮ ᠤᠨ ᠵᠢᠯᠤᠭᠤ ᠠᠳᠬᠤᠭᠤᠯᠤᠬᠰᠠᠨ ᠡᠨᠡ ᠰᠣᠷᠭᠠᠭᠤᠯᠢ ᠶᠢ  ᠴᠠᠭᠠᠨᠮᠥ᠋ᠷᠡᠨ ᠰᠤᠮᠣ ᠶᠢᠨ ᠰᠢᠪᠡᠷᠳᠡᠢ ᠭᠤᠣᠯ ᠪᠠᠭ᠎ᠠ ᠰᠣᠷᠭᠠᠭᠤᠯᠢ ᠭᠡᠳᠡᠭ᠃      ᠾᠦᠡᠭ ᠮᠸᠢ ᠪᠠᠭᠰᠢ ᠮᠠᠨᠢ ᠬᠢᠴᠢᠶᠠᠯ ᠤᠨ ᠪᠡᠯᠡᠳᠭᠡᠯ ᠢᠶᠠᠨ ᠪᠦᠷᠢᠨ ᠠᠮᠵᠢᠭᠤᠯᠵᠦ᠂ ᠭᠡᠯᠡ ᠪᠢᠴᠢᠭ ᠤᠨ ᠬᠢᠴᠢᠶᠠᠯ ᠣᠷᠣᠬᠤ ᠪᠠᠷ ᠠᠩᠭᠢ ᠶᠢᠨ ᠭᠡᠷ ᠵᠦᠭ ᠢᠶᠠᠨ ᠶᠠᠭᠠᠷᠠᠨ᠎ᠠ᠃      ᠾᠦᠡᠭ ᠮᠸᠢ ᠪᠠᠭᠰᠢ ᠶᠢᠨ ᠭᠡᠯᠡ ᠪᠢᠴᠢᠭ ᠤᠨ ᠬᠢᠴᠢᠶᠠᠯ ᠡᠬᠢᠯᠡᠬᠦ ᠳᠤ ᠠᠩᠭᠢ ᠶᠢᠨ ᠭᠡᠷ ᠤᠨ ᠠᠭᠤᠷ ᠠᠮᠢᠰᠬᠤᠯ ᠪᠠᠶᠠᠷ ᠪᠠᠶᠠᠰᠣᠯ ᠢᠶᠠᠷ ᠲᠦᠬᠦᠷᠡᠩ ᠪᠤᠯᠵᠥ ᠰᠣᠷᠣᠬᠴᠢᠳ ᠪᠠᠭᠰᠢ ᠶᠢᠨ ᠠᠰᠠᠭᠤᠯᠳᠡ ᠵᠦᠭ ︽ᠪᠢ ᠯᠡ ᠮᠡᠳᠡᠨ᠎ᠡ︾ ᠭᠡᠵᠥ ᠲᠡᠮᠡᠤᠯᠡᠨ᠎ᠡ᠃ ᠾᠦᠡᠭ ᠮᠸᠢ ᠪᠠᠭᠰᠢ ᠢᠡᠭᠭᠢᠵᠦ ᠰᠣᠷᠣᠬᠴᠢᠳ ᠢᠶᠠᠨ ᠪᠦᠬᠦ ᠲᠠᠯ᠎ᠠ ᠪᠠᠷ ᠣᠶᠢᠯᠠᠭᠠᠵᠦ᠂ ᠣᠷᠮ᠎ᠠ ᠵᠣᠷᠢᠭ ᠬᠠᠶᠢᠷᠠᠯᠠᠨ᠂ ᠵᠢᠭᠠᠨ ᠰᠣᠷᠭᠠᠬᠤ ᠬᠠᠷᠠᠯᠳᠡ ᠳᠤ ᠪᠠᠨ ᠬᠦᠷᠳᠡᠭ ᠪᠠᠶᠢᠵᠠᠢ᠃  ᠲᠡᠷᠡ ᠡᠩ ᠲᠡᠷᠢᠬᠦᠨ ᠳᠤ ᠰᠣᠷᠣᠬᠴᠢ ᠨᠢᠭᠡᠪᠦᠷᠢ ᠶᠢᠨ ᠰᠣᠷᠣᠯᠭ᠎ᠠ ᠶᠢᠨ ᠪᠠᠶᠢᠳᠡᠯ᠂ ᠦᠵᠡᠯ ᠰᠠᠨᠠᠭᠠᠨ ᠤ ᠢᠯᠡᠷᠡᠯ᠂ ᠠᠷᠦ ᠭᠡᠷ ᠤᠨ ᠣᠷᠴᠢᠨ ᠲᠤᠭᠤᠷᠢᠨ ᠵᠢᠴᠢ ᠠᠪᠢᠶᠠᠰ ᠪᠢᠯᠢᠭ᠂ ᠣᠶᠤᠨ ᠣᠬᠠᠭᠠᠨ᠂ ᠵᠡᠩ ᠠᠭᠠᠯᠢ ᠶᠢᠨ ᠣᠨᠴᠠᠯᠢᠭ ᠠᠴᠠ ᠣᠳᠣᠬᠢ ᠰᠡᠳᠬᠢᠯ ᠰᠠᠨᠠᠭᠠᠨ ᠤ ᠬᠦᠳᠡᠯᠥᠯ ᠪᠠᠶᠢᠳᠡᠯ ᠳᠤ ᠨᠢ ᠬᠦᠷᠳᠡᠯ᠎ᠡ ᠨᠠᠷᠢᠯᠢᠭ ᠰᠢᠨᠵᠢᠨ᠂  ᠵᠢᠭᠠᠨ ᠰᠣᠷᠭᠠᠯᠳᠡ ᠶᠢᠨ ᠬᠠᠷᠠᠯᠳᠡ ᠎ ᠪᠠᠨ  ᠪᠡᠶᠡᠯᠡᠬᠦᠯᠳᠡᠭ ᠶᠤᠮ ᠪᠠᠶᠢᠨ᠎ᠠ᠃      ᠡᠨᠡ ᠣᠳᠠᠭᠠᠨ ᠤ ᠬᠡᠯᠡ ᠪᠢᠴᠢᠭ ᠤᠨ ᠬᠢᠴᠢᠶᠠᠯ ᠤᠨ ᠠᠭᠤᠯᠭ᠎ᠠ ᠪᠣᠯ ︽ᠮᠠᠯᠡᠬᠡᠢ︾᠎ ᠎ ᠶᠢ ᠲᠠᠨᠢᠯᠴᠠᠭᠤᠯᠤᠬᠰᠠᠨ ᠪᠠᠶᠢᠨ᠎ᠠ᠃ ᠰᠣᠷᠣᠬᠴᠢᠳ ᠦᠪᠡᠷ ᠢᠶᠠᠨ ᠮᠡᠯᠡᠬᠡᠢ ᠪᠤᠯᠤᠬᠰᠠᠨ ᠰᠢᠭ᠋ ᠠᠮᠢᠳᠣᠯᠢᠭ ᠲᠦᠷᠰᠦᠯᠢᠭ ᠣᠶᠢᠯᠡ ᠬᠦᠳᠡᠯᠥᠯ  ᠢᠶᠠᠷ ᠠᠩᠭᠢ ᠶᠢᠨ ᠭᠡᠷ ᠤᠨ ᠠᠳᠠᠷ ᠢ ᠡᠷᠬᠦᠵᠦ ᠠᠪᠤᠮᠠᠷ ᠦᠨᠳᠡᠯᠵᠡᠨ᠎ᠡ᠃ ᠾᠦᠡᠭ ᠮᠸᠢ ᠪᠠᠭᠰᠢ ᠶᠢᠨ ᠵᠢᠭᠠᠨ ᠰᠣᠷᠭᠠᠬᠤ ᠠᠷᠭ᠎ᠠ ᠮᠠᠶ᠋ᠢᠭ ᠨᠢ ᠬᠢᠴᠢᠶᠠᠯ ᠤᠨ ᠭᠡᠷ ᠤᠨ ᠲᠡᠩ ᠴᠣᠯᠭᠤᠢ ᠠᠭᠤᠷ ᠠᠮᠢᠰᠬᠤᠯ ᠢ  ᠦᠬᠡᠷᠡᠴᠢᠯᠡᠵᠦ᠂ ᠬᠦᠭᠵᠢᠶᠡᠡᠳᠦ ᠪᠠᠶᠢᠳᠡᠯ ᠳᠤ ᠣᠷᠣᠭᠤᠯᠤᠬᠰᠠᠨ ᠠᠴᠠ ᠡᠩᠬᠦᠷᠡᠢ ᠰᠣᠷᠣᠬᠴᠢᠳ ᠨᠢ ᠡᠵᠢ ᠠᠪᠤ ᠶᠢᠨ ᠢᠶᠠᠨ ᠲᠡᠷᠭᠡᠳᠡ ᠭᠡᠷ ᠲᠤ ᠪᠠᠨ ᠪᠠᠶᠢᠬᠤ ᠰᠢᠭ᠋ ᠦᠷᠭᠡᠨ ᠴᠢᠯᠥᠭᠡᠳᠡᠢ  ᠪᠤᠯᠤᠬᠰᠠᠨ ᠡ᠃       ᠾᠦᠡᠭ ᠮᠸᠢ ᠪᠠᠭᠰᠢ ᠶᠢᠨ ᠬᠢᠴᠢᠶᠡᠯᠡᠯᠬᠡ ᠶᠢ ᠰᠡᠬᠦᠳᠡᠷᠯᠡᠨ ᠰᠣᠷᠪᠤᠯᠵᠢᠯᠠᠬᠤ ᠶᠠᠪᠤᠴᠡ ᠳᠤ ᠰᠣᠷᠣᠬᠴᠢᠳ ᠤᠨ ᠨᠢᠳᠦ ᠪᠣᠯ ᠴᠠᠭ ᠢᠮᠠᠬᠳᠠ ᠪᠠᠭᠰᠢ ᠶᠢᠨ ᠬᠦᠳᠡᠯᠥᠯ ᠪᠠᠶᠢᠳᠡᠯ ᠢ ᠠᠵᠢᠬᠯᠠᠳᠠᠭ ᠢ ᠮᠡᠳᠡᠯ᠎ᠡ᠃ ᠬᠠᠵᠠᠭᠤ ᠠᠴᠠ ᠨᠢ ᠬᠠᠷᠠᠬᠤ ᠳᠤ ᠵᠦᠪᠭᠡᠨ ᠬᠢᠴᠢᠶᠠᠯ ᠤᠨ ᠴᠠᠭ ᠲᠡᠳᠦᠢ ᠭᠡᠵᠦ ᠦᠵᠡᠬᠦ ᠪᠤᠯᠪᠠᠴᠦ ᠬᠠᠷᠢᠨ ᠪᠠᠭᠰᠢ ᠶᠢᠨ ᠬᠦᠳᠡᠯᠥᠯ ᠪᠠᠷᠢᠯ᠂ ᠬᠡᠯᠡ ᠬᠡᠯᠡᠯᠬᠡ ᠨᠢ  ᠭᠡᠤᠭᠡᠳ ᠤᠨ ᠡᠯ᠎ᠡ ᠲᠠᠯ᠎ᠠ ᠶᠢᠨ ᠬᠦᠮᠦᠵᠢᠯ ᠳᠤ ᠬᠠᠮᠤᠭ ᠤᠨ ᠴᠢᠬᠤᠯᠠ  ᠣᠶᠢᠯᠡᠳᠦᠯ ᠦᠵᠡᠬᠦᠯᠳᠡᠭ ᠶᠤᠮ ᠪᠠᠶᠢᠨ᠎ᠠ᠃  ᠪᠠᠭᠰᠢ ᠬᠦᠮᠣᠨ ᠤ ᠡᠷᠬᠢᠮ ᠨᠠᠨᠳᠢᠨ ᠣᠶᠢᠯᠡᠰ ᠤᠨ ᠮᠦᠷ  ᠢᠡᠭᠬᠢᠵᠦ ᠯᠡ ᠠᠩᠭᠢ ᠶᠢᠨ ᠭᠡᠷ ᠠᠴᠠ ᠠᠮᠢᠳᠣᠷᠠᠯ ᠵᠦᠭ ᠬᠠᠨᠳᠣᠳᠠᠭ ᠡ᠃ ᠦᠰᠪᠤᠷᠢ ᠶᠢᠨ ᠴᠣᠪᠤᠭᠤ ᠭᠡᠤᠭᠡᠳ ᠤᠨ  ᠦᠬᠡᠳᠡᠷᠭᠡᠭ ᠬᠠᠯᠠᠭᠤᠨ ᠵᠣᠷᠢᠭ ᠵᠢᠪᠬᠤᠭ᠎ᠠ ᠪᠠᠳᠠᠷᠠᠬᠰᠠᠨ ᠲᠦᠴᠢᠨ ᠮᠢᠨᠤᠲ ᠤᠨ ᠬᠢᠴᠢᠶᠠᠯ ᠪᠠᠭᠤᠬᠤ ᠴᠠᠭ ᠪᠤᠯᠤᠬᠰᠠᠨ ᠪᠠᠶᠢᠳᠠᠯ᠎ᠠ ᠰᠣᠷᠣᠬᠴᠢᠳ ᠮᠦᠨ ᠯᠡ  ᠭᠠᠷ ᠡᠷᠬᠦᠨ ᠪᠠᠭᠰᠢ ᠶᠢᠨ ᠠᠰᠠᠭᠤᠯᠳᠡ ᠶᠢ ᠬᠠᠷᠢᠭᠤᠯᠠᠬᠤ ᠭᠡᠮᠡᠨ ᠪᠤᠯᠢᠶᠠᠯᠳᠣᠵᠦ ᠪᠠᠶᠢᠯ᠎ᠠ᠃ ᠡᠶᠢᠮᠤ ᠠᠴᠠ ᠪᠠᠭᠰᠢ ᠶᠢᠨ ᠵᠢᠭᠠᠬᠰᠠᠨ ᠬᠢᠴᠢᠶᠠᠯ ᠭᠡᠬᠦ ᠶᠢᠨ ᠣᠷᠣᠨ ᠳᠤ ᠪᠠᠭᠰᠢ ᠠᠴᠠ  ᠰᠣᠷᠣᠬᠴᠢᠳ ᠎ ᠤᠨ  ᠲᠤᠰ ᠪᠡᠶ᠎ᠡ ᠳᠤ ᠨᠢ ᠰᠡᠳᠬᠢᠨ ᠪᠤᠳᠣᠯᠬᠢᠯᠠᠬᠤ ᠣᠷᠣᠨ ᠵᠠᠢ ᠶᠢ  ᠣᠯᠠᠭᠤᠬᠰᠠᠨ ᠠᠮᠵᠢᠯᠳᠡ ᠎ ᠲᠠᠢ ᠬᠢᠴᠢᠶᠡᠯᠯᠡᠭᠡ ᠭᠡᠵᠦ ᠭᠡᠯᠡᠪᠡᠯ ᠲᠠᠭᠠᠷᠠᠬᠤ ᠴᠤ ᠪᠢᠯᠢᠥ︖        12ᠰᠠᠷ᠎ᠠ ᠶᠢᠨ19᠎ ᠤ ᠡᠳᠣᠷ᠂ ᠪᠡᠭᠡᠵᠢᠩ ᠤᠨ ᠵᠢᠩ ᠱᠢ ᠶᠤᠸᠡᠨ ᠰᠣᠷᠭᠠᠨ ᠬᠦᠮᠦᠵᠢᠯ ᠤᠨ ᠰᠢᠨᠵᠢᠯᠡᠬᠦ ᠣᠬᠠᠭᠠᠨ ᠤ ᠬᠦᠷᠢᠶᠡᠯᠡᠩ ᠭᠤᠤᠯᠯᠠᠨ ᠡᠷᠬᠢᠯᠡᠭᠰᠡᠨ2021 ᠣᠨ ᠤ ᠪᠦᠬᠦ ᠣᠯᠤᠰ ᠤᠨ ᠬᠠᠮᠤᠭ ᠤᠨ ᠭᠤᠶᠤ ᠪᠠᠭᠰᠢ ᠶᠢ ᠰᠢᠯᠭᠠᠷᠠᠭᠤᠯᠬᠤ ᠲᠤᠮᠣ ᠭᠡᠯᠪᠡᠷᠢ ᠶᠢᠨ ᠨᠠᠶᠢᠳᠡ ᠶᠢᠨ ᠠᠰᠠᠷᠠᠮᠵᠢ ᠶᠢᠨ ᠠᠵᠢᠯᠯᠠᠭ᠎ᠠ ᠵᠢᠨ‌ᠠᠩᠬᠠᠨ ᠤ ᠰᠢᠭᠰᠢᠬᠡ ᠪᠠᠷ 3800 ᠭᠠᠷᠣᠢ ᠪᠠᠭᠰᠢ ᠰᠢᠯᠭᠠᠷᠠᠨ ᠦᠯᠡᠳᠡᠭᠰᠡᠨ ᠪᠣᠯᠪᠠᠴᠦ ᠵᠢᠱᠢᠶᠡᠴᠢ ᠣᠶᠢᠯᠡ ᠠᠵᠢᠯᠯᠠᠭ᠎ᠠ ᠵᠡᠷᠭᠡ ᠣᠯᠠᠨ ᠲᠠᠯ᠎ᠠ ᠶᠢᠨ ᠭᠡᠷᠡᠴᠢᠯᠡᠭᠡ ᠬᠢᠬᠦ ᠵᠡᠷᠭᠡ ᠬᠠᠳᠠᠭᠤ ᠲᠠᠪᠠᠭ᠎ᠠ ᠨᠤᠭᠤᠳ ᠢ  ᠲᠠᠪᠠᠵᠦ᠂ ᠡᠴᠣᠰ ᠲᠤ ᠱᠠᠩᠨᠠᠯ ᠣᠯᠭᠤᠯᠬᠤ ᠶᠤᠰᠣᠯᠠᠯ ᠲᠡᠭᠡᠷ᠎ᠡ ᠦᠪᠤᠷ ᠮᠣᠩᠭᠤᠯ ᠤᠨ ᠴᠣᠷ ᠤᠨ ᠭᠠᠭᠴᠡ ᠲᠦᠯᠥᠬᠡᠯᠡᠭᠴᠢ ᠪᠠᠷ ᠣᠷᠣᠯᠴᠠᠬᠰᠠᠨ ᠪᠦᠬᠦ ᠣᠯᠤᠰ ᠤᠨ ᠬᠠᠮᠤᠭ ᠤᠨ ᠭᠤᠶᠣ ᠪᠠᠭᠰᠢ ᠪᠣᠯ ᠲᠠᠷᠣᠢ ᠾᠦᠡᠭ ᠮᠸᠢ ᠪᠠᠭᠰᠢ ᠮᠠᠨᠢ ᠪᠠᠶᠢᠯ᠎ᠠ᠃      ᠾᠦᠡᠭ ᠮᠸᠢ ᠪᠠᠭᠰᠢ᠂ ᠣᠯᠠᠭᠠᠬᠠᠳᠠ ᠬᠤᠳᠡ ᠶᠢᠨ ᠪᠠᠭ᠎ᠠ ᠰᠣᠷᠭᠠᠭᠤᠯᠢ ᠶᠢᠨ ᠬᠢᠳᠡᠳ ᠬᠡᠯᠡᠨ  ᠤ ᠬᠢᠴᠢᠶᠠᠯ ᠲᠦᠷᠦᠯ ᠤᠨ ᠭᠠᠷᠮᠠᠭᠠᠢ ᠵᠢᠭᠠᠬᠴᠢ᠂ ᠦᠪᠤᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠰᠢᠯᠢᠳᠡᠭ ᠬᠦᠳᠡᠭᠡ ᠲᠤᠰᠬᠤᠨ ᠤ ᠪᠠᠭᠰᠢ᠂ ᠬᠤᠳᠠ ᠶᠢᠨ ᠲᠡᠰ ᠤᠨ ᠵᠢᠭᠠᠨ ᠰᠣᠷᠭᠠᠬᠤ ᠴᠢᠳᠠᠪᠤᠷᠢᠳᠡᠨ᠂ ᠬᠤᠰᠢᠭᠤ ᠲᠡᠰ ᠤᠨ ᠰᠢᠯᠢᠳᠡᠭ ᠠᠩᠭᠢ ᠡᠷᠬᠢᠯᠡᠭᠴᠢ ᠵᠡᠷᠭᠡ ᠣᠯᠤᠰ᠂ ᠤᠷᠤᠨ᠂ ᠬᠤᠳᠠ᠂ ᠬᠤᠰᠢᠭᠤ ᠲᠡᠰ ᠤᠨ ᠱᠠᠩᠨᠠᠯ ᠢ  ᠣᠯᠠᠨᠳᠡ  ᠲᠤᠰᠴᠦ  ᠪᠢᠯᠡ᠃       ᠾᠦᠡᠭ ᠮᠸᠢ ᠪᠠᠭᠰᠢ ᠬᠢᠴᠢᠶᠠᠯ ᠤᠨ ᠰᠣᠯᠠ ᠰᠡᠯᠡᠬᠦᠥ ᠴᠠᠭ ᠢ ᠠᠰᠢᠬᠯᠠᠨ ᠰᠣᠷᠣᠬᠴᠢᠳ ᠤᠨ ᠨᠣᠮ ᠣᠡᠭᠰᠢᠬᠤ ᠣᠷᠮ᠎ᠠ ᠪᠠᠬ᠎ᠠ ᠶᠢ ᠲᠠᠶᠢᠴᠢᠯᠠᠵᠦ᠂ ᠰᠣᠷᠭᠠᠭᠤᠯᠢ ᠶᠢᠨ ᠨᠣᠮ ᠤᠨ ᠦᠷᠬᠦᠭᠡ ᠳᠤ ᠭᠡᠤᠭᠡᠳ ᠤᠨ ᠣᠨᠴᠠᠯᠢᠭ ᠲᠤ ᠲᠤᠬᠢᠷᠠᠬᠰᠠᠨ ᠵᠢᠷᠣᠬᠳᠦ ᠲᠡᠪᠳᠡᠷ ᠵᠡᠷᠭᠡ ᠶᠢ ᠰᠣᠩᠭᠤᠨ᠂ ᠬᠢᠴᠢᠶᠠᠯ ᠤᠨ  ᠠᠭᠤᠯᠭ᠎ᠠ ᠲᠠᠢ ᠎ ᠨᠢ  ᠠᠳᠠᠯᠢᠬᠠᠨ ᠠᠮᠢᠳᠣᠯᠢᠭ ᠰᠠᠶᠢᠬᠠᠨ ᠣᠴᠢᠷ ᠣᠬᠠᠭᠠᠨ ᠢ ᠨᠢ ᠭᠡᠯᠡᠵᠦ ᠦᠭᠳᠡᠭ᠃ ᠲᠡᠭᠡᠳᠦ ᠱᠠᠳᠣᠨ ᠤ ᠭᠡᠤᠭᠡᠳ ᠤᠨ ᠰᠣᠷᠣᠯᠭ᠎ᠠ ᠬᠢᠴᠢᠶᠠᠯ ᠤᠨ ᠲᠠᠷᠣᠭᠠᠰᠦ ᠶᠢ ᠬᠦᠡᠭᠭᠡᠷᠡᠬᠦᠯᠬᠦ  ᠠᠵᠢᠯ ᠤᠨ ᠱᠠᠭᠠᠷᠳᠠᠯᠭ᠎ᠠ ᠶᠤᠰᠣᠭᠠᠷ ᠾᠦᠡᠭ ᠮᠸᠢ ᠪᠠᠭᠰᠢ ᠠᠴᠠ ᠰᠣᠷᠣᠬᠴᠢ ᠳᠤ ᠲᠠᠭᠠᠯᠭᠠᠪᠤᠷᠢ ᠦᠯᠡᠳᠡᠭᠡᠬᠦ ᠳᠤ ᠪᠠᠨ ᠠᠮᠢᠳᠣᠷᠠᠯ ᠲᠠᠢ ᠣᠶᠢᠷᠠᠳᠣᠬᠰᠠᠨ᠂ ᠣᠷᠮ᠎ᠠ ᠪᠠᠬ᠎ᠠ ᠶᠢ ᠨᠢ ᠲᠠᠳᠠᠬᠰᠠᠨ ᠠᠮᠢᠳᠣᠯᠢᠭ ᠵᠢᠭᠠᠨ ᠰᠣᠷᠭᠠᠯᠳᠠ ᠲᠠᠢ  ᠤᠶᠠᠯᠳᠣᠭᠤᠯᠬᠤ ᠎ ᠶᠢ  ᠵᠤᠷᠢᠳᠠᠭ᠃       ᠾᠦᠡᠭ ᠮᠸᠢ ᠪᠠᠭᠰᠢ ᠶᠢᠨ ᠠᠵᠢᠯᠯᠠᠵᠦ ᠪᠠᠶᠢᠭ᠎ᠠ ᠰᠢᠪᠡᠷᠳᠡᠢ ᠭᠤᠣᠯ ᠰᠣᠷᠭᠠᠭᠤᠯᠢ ᠨᠢ ᠲᠡᠭᠦᠨ ᠤ ᠭᠡᠷ ᠠᠴᠠ ᠲᠠᠪᠢᠭᠠᠳ ᠭᠠᠵᠠᠷ ᠤᠨ ᠵᠠᠢ ᠳᠤ ᠪᠠᠶᠢᠳᠠᠭ᠃ ᠡᠨᠡ ᠰᠣᠷᠭᠠᠭᠤᠯᠢ ᠶᠢᠨ ᠪᠠᠭᠰᠢ ᠨᠠᠷ ᠪᠦᠷ ᠯᠡ ᠢᠡᠭᠭᠢᠵᠦ ᠬᠤᠰᠢᠭᠤᠨ ᠲᠦᠪ ᠲᠠᠬᠢ ᠭᠡᠷ ᠠᠴᠠ ᠪᠠᠨ ᠨᠠᠰᠢ ᠴᠠᠰᠢ ᠵᠠᠮᠨᠠᠳᠠᠭ᠃ ᠾᠦᠡᠭ ᠮᠸᠢ ᠪᠠᠭᠰᠢ ᠰᠢᠪᠡᠷᠳᠡᠢ ᠭᠤᠣᠯ ᠪᠠᠭ᠎ᠠ ᠰᠣᠷᠭᠠᠭᠤᠯᠢ ᠳᠤ ᠠᠵᠢᠯᠯᠠᠬᠰᠠᠨ ᠬᠤᠷᠢᠨ ᠵᠢᠯ ᠤᠨ ᠲᠤᠷᠰᠢ ᠡᠨᠡ ᠨᠤᠳᠤᠭ ᠤᠨ ᠬᠦᠮᠣᠨ ᠵᠤᠨ ᠲᠠᠢ ᠠᠷᠭ᠎ᠠ ᠦᠬᠡᠢ ᠲᠠᠰᠣᠯᠴᠠᠵᠠᠢ᠃ ᠲᠡᠬᠦᠨ ᠤ ᠬᠠᠳᠡᠮ ᠤᠨ ᠭᠠᠵᠠᠷ ᠨᠢ ᠴᠤ ᠠᠳᠡᠬᠢ ᠶᠢᠨ ᠬᠢ ᠪᠤᠯᠬᠤᠷ ᠬᠦᠷᠦᠰᠦ ᠰᠢᠷᠦᠢ ᠠᠴᠠ ᠨᠢ ᠡᠬᠢᠯᠡᠬᠡᠳ ᠨᠡᠩ ᠡᠬᠡᠯᠢᠳᠡᠢ ᠰᠠᠨᠠᠬᠳᠠᠵᠦ ᠪᠠᠶᠢᠳᠠᠭ᠃      ᠵᠢᠩ ᠲᠠᠢ ᠡᠪᠤᠯ ᠤᠨ ᠬᠦᠢᠳᠡᠨ ᠤ ᠭᠡᠴᠡᠬᠦᠥ ᠳᠤ ᠵᠣᠷᠢᠭ ᠮᠤᠬᠤᠵᠦ ᠰᠠᠭᠤᠭ᠎ᠠ ᠦᠬᠡᠢ᠂ ᠵᠤᠯᠠᠢ ᠲᠦᠬᠡᠨᠡᠮ᠎ᠡ ᠬᠠᠯᠠᠭᠤᠨ ᠨᠠᠷᠠᠨ ᠳᠤ ᠵᠢᠷᠦᠭᠡᠰᠢᠶᠡᠵᠦ ᠬᠤᠶᠢᠰᠢ ᠪᠠᠨ ᠣᠬᠤᠷᠢᠭ᠎ᠠ ᠦᠬᠡᠢ ᠵᠢᠳᠬᠦᠯ ᠢᠳᠡᠭᠡᠯ ᠢᠶᠠᠷ ᠲᠦᠬᠦᠷᠡᠩ ᠶᠠᠪᠤᠭ᠎ᠠ ᠾᠦᠡᠭ ᠮᠸᠢ ᠪᠠᠭᠰᠢ ᠮᠠᠨᠢ ᠪᠤᠰᠣᠳ ᠪᠠᠭᠰᠢ ᠨᠠᠷ ᠲᠠᠢ ᠠᠳᠠᠯᠢᠬᠠᠨ ᠬᠢᠴᠢᠶᠠᠯ ᠢᠶᠠᠨ ᠣᠷᠣᠬᠤ ᠪᠠᠷ ᠢᠶᠠᠨ ᠣᠷᠣᠵᠦ᠂ ᠡᠳᠣᠷ ᠤᠨ ᠠᠵᠢᠯ  ᠢᠶᠠᠨ ᠲᠠᠭᠤᠰᠬᠠᠵᠦ ᠭᠡᠷ ᠲᠤ ᠪᠠᠨ ᠬᠠᠷᠢᠭᠠᠳ ᠯᠡ ᠢᠷᠡᠯ᠎ᠡ᠃        ᠣᠶᠢᠯᠡᠰ ᠤᠨ ᠰᠠᠶᠢᠬᠠᠨ ᠳᠤ ᠣᠶᠤᠨ ᠢᠶᠠᠨ ᠰᠢᠪᠬᠠᠬᠰᠠᠨ ᠡᠭᠡᠯ ᠵᠢᠷ ᠤᠨ ᠪᠦᠰᠡᠬᠦᠢ᠂ ᠡᠩᠬᠦᠷᠡᠢ ᠰᠣᠷᠣᠬᠴᠢᠳ ᠲᠤ ᠪᠠᠨ ᠡᠷᠴᠢ ᠬᠠᠶᠢᠷᠠᠯᠠᠬᠰᠠᠨ ᠡᠷᠬᠢᠮ ᠬᠦᠨᠳᠦᠳᠡᠢ ᠪᠠᠭᠰᠢ ᠾᠦᠡᠭ ᠮᠸᠢ ᠶᠢᠨ ᠲᠤᠬᠠᠢ᠂  ᠮᠦᠨ ᠴᠤ ᠡᠭᠡᠯᠵᠢᠯᠡᠬᠦ ᠡᠪᠦᠯ ᠵᠤᠨ ᠢ ᠡᠷᠳᠡᠯᠡᠵᠦ ᠣᠷᠣᠶᠢᠯᠠᠵᠦ ᠦᠡᠭᠭᠡᠷᠡᠭᠦᠯᠥᠭᠰᠡᠭᠡᠷ᠂ ᠡᠩ ᠣᠯᠠᠨ ᠰᠣᠷᠣᠬᠴᠢᠳ ᠢᠶᠠᠨ ᠠᠷᠣ ᠠᠷᠦ ᠠᠴᠠ ᠨᠢ ᠬᠦᠮᠦᠵᠢᠬᠦᠯᠥᠭᠰᠡᠨ ᠡᠷᠬᠢᠮ ᠣᠯᠠᠨ ᠪᠠᠭᠰᠢ ᠨᠠᠷ ᠎ ᠤᠨ ᠢᠶᠠᠨ ᠠᠷᠢᠭᠤᠨ ᠣᠶᠢᠯᠡᠰ ᠢ ᠰᠣᠷᠪᠤᠯᠵᠢᠯᠠᠨ ᠲᠡᠮᠳᠡᠭᠯᠡᠬᠦ ᠶᠠᠭᠤᠮ᠎ᠠ ᠮᠠᠨ ᠤ ᠰᠣᠷᠪᠤᠯᠵᠢᠯᠠᠭ᠎ᠠ ᠳᠤ ᠣᠯᠠᠨ ᠪᠠᠶᠢᠮᠠᠷ ᠯᠡ ᠰᠠᠨᠠᠬᠳᠠᠨ᠎ᠠ᠃( ᠭᠠᠩᠪᠠᠭᠠᠳᠤᠷ ᠮᠡᠳᠡᠬᠡᠯᠡᠪᠡ︶ 
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ