| | | | ᠦᠨᠳᠦᠰᠦᠳᠡᠨ ᠤ ᠬᠤᠪᠴᠠᠰᠣ ᠵᠠᠰᠠᠯ ᠨᠢ ᠨᠢᠬᠡᠨ ᠦᠨᠳᠦᠰᠦᠳᠡᠨ ᠤ ᠬᠡᠷᠡᠯ ᠰᠡᠴᠤᠷᠠᠩᠭᠤᠢ ᠰᠤᠶᠤᠯ᠂ ᠲᠡᠦᠬᠡ ᠶᠢᠨ ᠤᠯᠠᠮᠵᠢᠯᠠᠯ ᠢ ᠠᠴᠢᠶᠠᠯᠠᠵᠤ᠂ | ᠦᠨᠳᠦᠰᠦᠳᠡᠨ ᠤ ᠵᠠᠩ ᠲᠠᠳᠬᠠᠯ᠂ ᠦᠨᠳᠦᠰᠦᠳᠡᠨ ᠤ ᠵᠤᠷᠢᠭ ᠰᠠᠨᠠᠭ᠎ᠠ ᠶᠢ ᠢᠯᠡᠷᠡᠬᠦᠯᠳᠡᠭ᠃ ᠪᠠᠭᠠᠷᠢᠨ ᠮᠣᠩᠭᠤᠯ ᠬᠤᠪᠴᠠᠰᠣ ᠵᠠᠰᠠᠯ ᠤᠨ ᠣᠷᠡᠯᠠᠨ ᠣᠶᠣᠵᠣ | ᠪᠦᠳᠦᠬᠡᠬᠦ ᠮᠡᠷᠬᠡᠵᠢᠯ ᠢ ᠬᠡᠦᠬᠡᠳ ᠲᠡᠬᠦᠦᠨᠠᠷ ᠲᠠᠭᠠᠨ ᠤᠯᠠᠮᠵᠢᠯᠠᠨ ᠰᠤᠷᠭᠠᠬᠤ ᠵᠤᠷᠢᠯᠭ᠎ᠠ ᠪᠠᠷ ᠪᠠᠭᠠᠷᠢᠨ ᠦᠨᠳᠦᠰᠦᠳᠡᠨ ᠤ ᠭᠠᠷ ᠣᠶᠢᠯᠡᠳᠬᠡᠯ ᠤᠨ ᠲᠦᠪ ᠤᠨ ︽ | ᠲᠠᠨ᠎ᠠ ᠦᠨᠳᠦᠰᠦᠳᠡᠨ ᠤ ᠬᠤᠪᠴᠠᠰᠣ ᠵᠠᠰᠠᠯ︾ ᠤᠨ ᠲᠡᠯᠭᠡᠬᠦᠷ ᠤᠨ ᠡᠵᠡᠨᠳᠡᠨ᠂ ᠲᠦᠷᠦ ᠶᠢᠨ ᠱᠠᠩᠨᠠᠯᠳᠤ ᠤᠷᠠᠨ ᠤᠶᠤᠳᠠᠯᠳᠠᠨ᠂ ᠦᠪᠡᠷᠳᠡᠬᠡᠨ ᠵᠠᠰᠠᠬᠤ ᠤᠷᠤᠨ ᠤ | ᠲᠡᠰ ᠤᠨ ᠪᠤᠳᠠᠰ ᠤᠨ ᠪᠤᠰᠤ ᠰᠤᠶᠤᠯ ᠤᠨ ᠦᠪ ᠢ ᠦᠪᠯᠡᠨ ᠤᠯᠠᠮᠵᠢᠯᠠᠭᠴᠢ ᠡᠷᠳᠡᠨᠢᠳᠠᠨ᠎ᠠ᠂ ᠳ᠋ᠠᠪᠠᠨ ᠪᠠᠯᠭᠠᠰᠤ ᠶᠢᠨ ᠡᠮᠡᠭᠳᠠᠶᠢᠴᠤᠳ ᠤᠨ ᠬᠤᠯᠪᠤᠭ᠎ᠠ ᠵᠢᠴᠢ | ᠬᠡᠪᠳᠡᠬᠡᠬᠠᠳᠠ ᠲᠤᠰᠬᠤᠨ ᠤ ᠵᠦᠪᠯᠡᠯ᠂ ᠬᠦᠢᠯᠡᠰᠦᠳᠠᠢ ᠭᠠᠴᠠᠭᠠᠨ ᠤ ᠵᠦᠪᠯᠡᠯ ᠤᠨ ᠬᠠᠪᠰᠤᠷᠤᠯᠭ᠎ᠠ ᠲᠡᠮᠵᠢᠯᠬᠡ ᠲᠤᠤᠷ᠎ᠠ᠂ 7 ᠰᠠᠷ᠎ᠠ ᠶᠢᠨ 23 ᠤ ᠡᠳᠦᠷ ᠠᠴᠠ 29 | ᠤ ᠡᠳᠦᠷ ᠪᠤᠯᠳᠠᠯ᠎ᠠ᠂ ᠦᠪᠡᠷ ᠤᠨ ᠨᠣᠳᠤᠭ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠣ ᠶᠢᠨ ᠬᠡᠪᠳᠡᠬᠡᠬᠠᠳᠠ ᠲᠣᠰᠬᠤᠨ ᠪᠤᠯᠤᠨ ᠬᠦᠢᠯᠡᠰᠦᠳᠠᠢ ᠭᠠᠴᠠᠭᠠᠨ | ᠳᠤ ᠬᠤᠶᠠᠷ ᠤᠳᠠᠭᠠᠨ ᠤ ᠣᠷ᠎ᠡ ᠮᠡᠷᠭᠡᠵᠢᠯ ᠤᠨ ᠪᠣᠯᠪᠠᠰᠣᠷᠡᠯ ᠤᠨ ᠠᠩᠬᠢ ᠡᠷᠬᠢᠯᠡᠨ᠂ ᠦᠷᠭᠡᠨ ᠣᠯᠠᠨ ᠮᠠᠯᠴᠢᠨ ᠡᠭᠡᠴᠢ ᠲᠡᠬᠦᠦ ᠨᠡᠷ ᠲᠠᠭᠠᠨ ᠪᠠᠭᠠᠷᠢᠨ ᠮᠣᠩᠭᠤᠯ | ᠬᠤᠪᠴᠠᠰᠣ ᠵᠠᠰᠠᠯ ᠣᠶᠣᠵᠣ ᠡᠰᠬᠡᠭᠦ ᠮᠡᠳᠡᠯᠭᠡ ᠮᠡᠷᠭᠡᠵᠢᠯ ᠬᠦᠷᠳᠡᠭᠡᠵᠠᠢ᠃ | | | | | | | | | | | | | | ᠲᠤᠰ ᠤᠳᠠᠭᠠᠨ ᠤ ᠪᠤᠯᠪᠠᠰᠤᠷᠠᠯ ᠤᠨ ᠠᠵᠢᠯᠯᠠᠭᠠᠨ ᠨᠢ ᠨᠢᠬᠡ ᠭᠠᠷᠠᠭ ᠤᠨ ᠬᠤᠭᠤᠴᠠᠭ᠎ᠠ ᠲᠠᠢ ᠶᠠᠪᠤᠭᠳᠠᠵᠤ᠂ 40 ᠭᠠᠷᠤᠢ ᠮᠠᠯᠴᠢᠨ ᠡᠬᠡᠴᠢ ᠲᠡᠬᠦᠦ ᠨᠠᠷ | ᠤᠷᠤᠯᠴᠠᠨ᠂ ᠮᠤᠩᠭᠤᠯ ᠬᠤᠪᠴᠠᠰᠤ ᠬᠡᠮᠵᠢᠵᠤ ᠡᠰᠬᠡᠵᠤ ᠤᠶᠤᠵᠤ ᠪᠦᠳᠦᠬᠡᠵᠤ ᠰᠠᠮᠧᠫᠠᠨ ᠰᠢᠯᠪᠢ ᠬᠠᠳᠠᠬᠤ ᠬᠦᠷᠳᠡᠯ᠎ᠡ ᠡᠷᠳᠡᠨᠢᠳᠠᠨ᠎ᠠ ᠠᠴᠠ ᠦᠪᠡᠷ ᠤᠨ ᠭᠠᠷ ᠢᠶᠠᠷ | ᠨᠢᠬᠡᠳ ᠨᠢᠬᠡ ᠪᠠᠷ ᠵᠢᠭᠠᠨ ᠵᠢᠯᠤᠭᠤᠳᠴᠤ᠂ ᠬᠤᠪᠴᠠᠰᠣ ᠡᠰᠭᠡᠬᠦ ᠪᠠ ᠣᠷᠠᠯᠠᠵᠣ ᠣᠶᠣᠬᠤ ᠡᠷᠳᠡᠮ ᠮᠡᠷᠭᠡᠵᠢᠯ ᠢᠶᠠᠨ ᠣᠨᠣᠯ ᠦᠢᠯᠡᠳᠦᠯᠭᠡ ᠲᠠᠢ ᠣᠶᠠᠯᠳᠣᠭᠤᠯᠣᠨ | ᠨᠠᠷᠢᠯᠢᠭ ᠰᠠᠶᠢᠬᠠᠨ ᠲᠠᠶᠢᠯᠪᠤᠷᠢᠯᠠᠨ ᠵᠢᠭᠠᠨ ᠣᠯᠠᠮᠵᠢᠯᠠᠵᠣ᠂ ᠡᠬᠦᠨ ᠳᠤ16 ᠬᠦᠮᠦᠨ ᠬᠡᠮᠵᠢᠵᠤ ᠡᠰᠬᠡᠵᠤ ᠤᠶᠤᠵᠤ ᠪᠦᠳᠦᠬᠡᠬᠦ ᠮᠡᠷᠬᠡᠵᠢᠯ ᠢ ᠦᠨᠳᠦᠰᠦᠨ ᠳᠡᠭᠡᠨ | ᠡᠵᠡᠮᠰᠢᠨ᠂ ᠲᠤᠬᠠᠢ ᠶᠢᠨ ᠲᠠᠯᠠᠪᠤᠷ ᠲᠤ ᠬᠡᠦᠬᠡᠳ ᠤᠨ ᠬᠤᠪᠴᠠᠰᠤ᠂ ᠲᠣᠮᠣᠴᠣᠣᠯ ᠤᠨ ᠬᠤᠪᠴᠠᠰᠤ ᠠᠷᠪᠠᠭᠠᠳ ᠵᠠᠬ᠎ᠠ ᠤᠷᠠᠯᠠᠨ ᠤᠶᠤᠵᠤ ᠭᠠᠷᠭᠠᠪᠠ᠂ | ᠪᠤᠯᠪᠠᠰᠤᠷᠠᠯ ᠨᠢ ᠦᠨᠳᠦᠷ ᠠᠮᠵᠢᠯᠳᠠ ᠲᠠᠢ ᠪᠤᠯᠵᠤ᠂ ᠪᠤᠯᠪᠠᠰᠤᠷᠠᠯ ᠳᠤ ᠤᠷᠤᠯᠴᠠᠭᠰᠠᠳ ᠠᠴᠠ ︽ᠮᠠᠰᠢ ᠶᠡᠭᠡ ᠤᠯᠤᠯᠳᠠ ᠲᠠᠢ᠂ ᠮᠤᠩᠭᠤᠯ ᠬᠤᠪᠴᠠᠰᠤ ᠤᠶᠤᠵᠤ | ᠤᠷᠠᠯᠠᠬᠤ ᠮᠡᠷᠬᠡᠵᠢᠯ ᠶᠡᠬᠡᠪᠡᠷ ᠲᠡᠬᠡᠭᠰᠢᠯᠡᠯᠳᠠ ᠲᠠᠢ ᠪᠤᠯᠤᠯ᠎ᠠ︾ ᠬᠡᠵᠡᠬᠡᠵᠦ ᠪᠠᠶᠢᠯ᠎ᠠ᠃ | | | | | | | | | | | ︽ᠪᠠᠭᠠᠷᠢᠨ ᠤ ᠤᠯᠠᠮᠵᠢᠯᠠᠯᠳᠤ ᠮᠤᠩᠭᠤᠯ ᠵᠠᠰᠠᠯ ᠢᠶᠠᠨ ᠤᠷᠠᠯᠠᠨ ᠤᠶᠤᠬᠤ ᠮᠡᠷᠬᠡᠵᠢᠯ ᠢ ᠬᠡᠦᠬᠡᠳ ᠲᠡᠬᠦᠦᠨᠠᠷ ᠲᠠᠭᠠᠨ ᠦᠪᠯᠡᠨ ᠤᠯᠠᠮᠵᠢᠯᠠᠵᠤ᠂ ᠲᠡᠳᠡᠨᠠᠷ ᠤᠨ | ᠠᠮᠢᠳᠤᠷᠠᠯ ᠢᠶᠠᠨ ᠦᠬᠡᠳᠠ ᠪᠠᠨ ᠲᠠᠳᠠᠬᠤ ᠳᠤᠨᠢ ᠦᠴᠦᠬᠡᠨ ᠴᠦ ᠬᠡᠰᠡᠨ ᠲᠤᠰᠠ ᠪᠤᠯᠵᠤ᠂ ᠶᠠᠳᠠᠭᠤ ᠠᠴᠠ ᠠᠩᠬᠢᠵᠢᠷᠠᠭᠤᠯᠬᠤ ᠰᠢᠪᠳᠤᠯᠤᠳᠠ ᠶᠢᠨ ᠦᠷ᠎ᠠ ᠪᠦᠳᠦᠬᠡᠯ | ᠢ ᠪᠠᠬᠢᠵᠡᠬᠦᠯᠬᠦ ᠪᠠ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠳᠤ ᠦᠪᠡᠷ ᠤᠨ ᠬᠦᠴᠦᠨ ᠴᠢᠳᠠᠯ ᠢᠶᠠᠨ ᠡᠷᠬᠦᠬᠦ ᠡᠬᠦᠳᠡᠨ ᠠᠴᠠ ᠲᠤᠰ ᠠᠵᠢᠯᠯᠠᠭᠠᠨ ᠢᠶᠠᠨ | ᠵᠤᠬᠢᠶᠠᠨ ᠪᠠᠶᠢᠭᠤᠯᠵᠤ ᠬᠢᠯ᠎ᠠ︾ ᠭᠡᠵᠣ ᠡᠷᠳᠡᠨᠢᠳᠠᠨ᠎ᠠ ᠶᠠᠷᠢᠨ᠎ᠠ᠃ | | | | | | | | | | | | | | ᠭᠠᠷ ᠤᠷᠠᠨ ᠰᠠᠨᠠᠭ᠎ᠠ ᠰᠠᠶᠢᠬᠠᠨ ᠡᠷᠳᠡᠨᠢᠳᠠᠨ᠎ᠠ᠂ ᠪᠠᠭᠠᠷᠢᠨ ᠤᠯᠠᠮᠵᠢᠯᠠᠯᠳᠤ ᠮᠤᠩᠭᠤᠯ ᠬᠤᠪᠴᠠᠰᠤ ᠵᠠᠰᠠᠯ ᠤᠨ ᠦᠪ ᠰᠤᠶᠤᠯ ᠢ ᠵᠠᠯᠭᠠᠮᠵᠢᠯᠠᠨ ᠤᠯᠠᠮᠵᠢᠯᠠᠬᠤ | ᠪᠠᠷ ᠭᠤᠴᠢ ᠰᠢᠬᠠᠮ ᠵᠢᠯ ᠤᠨ ᠲᠤᠷᠰᠢ ᠴᠦᠬᠦᠷᠡᠰᠢ ᠦᠬᠡᠢ ᠴᠢᠷᠮᠠᠶᠢᠨ ᠵᠢᠳᠭᠦᠵᠦ᠂ ᠤᠯᠠᠨ ᠤᠳᠠᠭ᠎ᠠ ᠤᠯᠤᠰ ᠤᠷᠤᠨ ᠤ ᠲᠡᠰ ᠤᠨ ᠱᠠᠩᠨᠠᠯ ᠬᠦᠬᠢᠬᠦᠯᠦᠯ ᠢ | ᠬᠦᠷᠳᠡᠵᠤ᠂ ᠤᠷ᠎ᠠ ᠮᠡᠷᠬᠡᠵᠢᠯ ᠢᠶᠠᠨ ᠬᠤᠶᠢᠴᠢ ᠦᠶ᠎ᠠ ᠶᠢᠨ ᠬᠢᠨ ᠳᠡᠭᠡᠨ ᠤᠯᠠᠮᠵᠢᠯᠠᠵᠤ ᠢᠷᠡᠭᠰᠡᠨ ᠢᠶᠠᠷ 2014 ᠤᠨ ᠳᠤ ᠪᠠᠭᠠᠷᠢᠨ ᠪᠠᠷᠠᠭᠤᠨ ᠬᠤᠰᠢᠭᠤ ᠲᠡᠰ᠂ | 2016 ᠤᠨ ᠤ 3 ᠰᠠᠷ᠎ᠠ ᠳᠤ ᠤᠯᠠᠭᠠᠨᠬᠠᠳᠠ ᠬᠤᠳᠠ ᠶᠢᠨ ᠲᠡᠰ ᠤᠨ ︽ᠪᠤᠳᠠᠰ ᠤᠨ ᠪᠤᠰᠤ ᠰᠤᠶᠤᠯ ᠤᠨ ᠦᠪ ᠤᠨ ᠦᠪᠯᠡᠨ ᠤᠯᠠᠮᠵᠢᠯᠠᠭᠴᠢ︾ ᠪᠠᠷ | ᠨᠡᠷᠡᠶᠢᠳᠦᠭᠳᠡᠵᠤ᠂ 2016 ᠤᠨ ᠤ10 ᠰᠠᠷ᠎ᠠ ᠳᠤ᠂ ᠪᠠᠭᠠᠷᠢᠨ ᠬᠤᠪᠴᠠᠰᠣ ᠵᠠᠰᠠᠯ ᠤᠨ ︽ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠪᠤᠳᠠᠰ ᠤᠨ | ᠪᠤᠰᠤ ᠰᠤᠶᠤᠯ ᠤᠨ ᠦᠪ ᠤᠨ ᠲᠦᠯᠦᠬᠡᠯᠡᠭᠴᠢ ᠦᠪᠯᠡᠨ ᠤᠯᠠᠮᠵᠢᠯᠠᠭᠴᠢ︾ ᠶᠢᠨ ᠴᠤᠯᠠ ᠶᠢ ᠬᠦᠷᠳᠡᠪᠡ᠃ ︵ᠤᠨᠳᠤᠷᠤᠮᠠᠯ ᠮᠡᠳᠡᠬᠡᠯᠡᠵᠤ᠂ ᠲᠤᠷᠵᠢᠭᠠᠸᠠ ᠵᠢᠷᠤᠭ | ᠰᠡᠬᠦᠳᠡᠷ ᠬᠠᠩᠭᠠᠪᠠ︶ |