| | | ᠬᠤᠯᠠᠭᠠᠶᠢᠯᠠᠬᠤ ᠬᠡᠳᠡᠭ ᠨᠢ ᠤᠯᠠᠨ ᠨᠡᠶᠢᠳᠠ ᠶᠢᠨ ᠵᠠᠮ ᠬᠠᠷᠢᠯᠴᠠᠭ᠎ᠠ ᠶᠢᠨ ᠪᠠᠭᠠᠵᠢ᠂ ᠲᠡᠷᠬᠡᠨ ᠦᠷᠳᠡᠭᠡ᠂ ᠭᠠᠷᠠᠮ᠂ ᠲᠡᠯᠬᠡᠬᠦᠷ᠂ ᠠᠷᠠᠯᠵᠢᠶ᠎ᠠ ᠴᠤᠭᠯᠠᠭ᠎ᠠ ᠶᠢᠨ | ᠵᠠᠬ᠎ᠠ ᠲᠡᠯᠬᠡᠬᠦᠷ᠂ ᠺᠢᠨᠤ᠋ ᠵᠦᠴᠦᠬᠡ ᠶᠢᠨ ᠬᠦᠷᠢᠶᠡᠯᠡᠩ ᠵᠡᠷᠬᠡ ᠭᠠᠵᠠᠷ ᠲᠤ ᠬᠡᠷᠡᠭ ᠡᠳᠦᠭᠴᠢ ᠠᠴᠠ ᠨᠢᠭᠤᠴᠠ ᠪᠠᠷ ᠬᠤᠯᠠᠭᠠᠶᠢᠯᠠᠬᠤ ᠬᠡᠯᠪᠡᠷᠢ ᠪᠠᠷ ᠪᠤᠰᠤᠳ ᠤᠨ ᠪᠡᠶ᠎ᠠ | ᠳᠠᠬᠢ ᠡᠳ᠋ ᠪᠤᠳᠠᠰ ᠢ ᠠᠪᠬᠤ ᠠᠵᠢᠯᠯᠠᠭ᠎ᠠ ᠶᠢ ᠵᠢᠭᠠᠵᠤ ᠪᠤᠢ᠃ | ᠰᠡᠷᠬᠡᠶᠢᠯᠡᠬᠦ ᠭᠤᠤᠯᠳᠠᠯᠭ᠎ᠠ | ● ᠭᠠᠳᠠᠭᠰᠢ ᠭᠠᠷᠬᠤ ᠳᠤ ᠪᠠᠨ ᠪᠤᠭᠴᠤ ᠪᠤᠶᠤ ᠦᠨ᠎ᠠ ᠪᠡᠨ᠎ᠠ ᠲᠠᠢ ᠪᠤᠳᠠᠰ ᠢᠶᠠᠨ ᠲᠤᠳᠤᠷ ᠬᠤᠪᠴᠠᠰᠤᠨ ᠤ ᠬᠠᠷᠮᠠᠨ ᠳᠤ ᠪᠠᠨ ᠬᠢᠵᠤ᠂ ᠡᠬᠦᠷᠬᠦ ᠪᠤᠭᠴᠤ | ᠪᠠᠨ ᠡᠩᠬᠡᠷ ᠲᠤ ᠪᠠᠨ ᠠᠪᠴᠤ ᠶᠠᠪᠤᠪᠠᠯ ᠬᠠᠮᠤᠭ ᠰᠠᠶᠢᠨ᠃ ᠤᠷᠴᠢᠨ ᠲᠤᠭᠤᠷᠢᠨ ᠤ ᠬᠦᠮᠦᠰ ᠢ ᠠᠩᠬᠠᠷᠴᠤ᠂ ᠬᠠᠵᠠᠭᠤ ᠪᠠᠷ ᠰᠢᠬᠠᠯᠳᠤᠨ ᠶᠠᠪᠤᠬᠤ ᠪᠤᠶᠤ ᠲᠡᠷᠬᠡᠨ | ᠳᠤ ᠴᠢᠬᠢᠯᠳᠤᠨ ᠭᠠᠷᠬᠤ ᠬᠦᠮᠦᠨ ᠢ ᠤᠨᠴᠠ ᠠᠩᠬᠠᠷᠬᠤ ᠬᠡᠷᠡᠭᠳᠠᠢ᠃ | ● ᠦᠯᠦ ᠲᠠᠨᠢᠬᠤ ᠬᠦᠮᠦᠰ ᠤᠨ ᠡᠳ᠋ ᠪᠤᠳᠠᠰ ᠲᠤ ᠬᠠᠯᠬᠠᠯᠠᠭᠳᠠᠬᠤ ᠶᠢ ᠬᠢᠴᠢᠶᠡᠬᠦ ᠬᠡᠷᠡᠭᠳᠠᠢ᠃ | ● ᠭᠠᠳᠠᠬᠰᠢ ᠭᠠᠷᠴᠤ ᠪᠠᠷᠠᠭ᠎ᠠ ᠠᠪᠬᠤ ᠳᠤ ᠪᠠᠨ ᠵᠤᠭᠤᠰ ᠠᠷᠪᠢᠨ ᠠᠪᠴᠤ ᠶᠠᠪᠤᠬᠤ ᠦᠬᠡᠢ᠂ ᠬᠡᠮᠵᠢᠶ᠎ᠠ ᠪᠠᠷ ᠢᠶᠠᠨ ᠠᠪᠬᠤ ᠬᠡᠷᠡᠭᠳᠠᠢ | ● ᠨᠡᠶᠢᠳᠠ ᠶᠢᠨ ᠮᠠᠰᠢᠨ ᠳᠤ ᠰᠠᠭᠤᠬᠤ ᠳᠤ ᠪᠠᠨ ᠤᠷᠢᠳ ᠢᠶᠠᠷ ᠰᠤᠯᠠ ᠵᠤᠭᠤᠰ ᠪᠡᠯᠡᠳᠬᠡᠬᠦ ᠬᠡᠷᠡᠭᠳᠠᠢ᠃ | ᠠᠷᠭᠠᠴᠠᠭᠠᠬᠤ ᠭᠤᠤᠯᠳᠠᠯᠭ᠎ᠠ | ● ᠠᠶᠠᠨᠴᠢᠳ ᠤᠨ ᠲᠡᠷᠬᠡᠨ ᠳᠤ ᠬᠤᠯᠠᠭᠠᠶᠢᠴᠢ ᠲᠠᠢ ᠤᠴᠠᠷᠠᠪᠠᠯ ᠬᠡᠷᠡᠭ ᠦᠢᠯᠡᠳᠬᠦ ᠠᠴᠠ ᠨᠢ ᠤᠷᠢᠳ ᠴᠢᠮᠡᠭᠡ ᠭᠠᠷᠭᠠᠵᠤ ᠪᠤᠯᠬᠤ ᠦᠬᠡᠢ᠂ ᠵᠢᠯᠤᠭᠤᠴᠢ ᠲᠠᠢ | ᠰᠡᠮᠡᠬᠡᠷ ᠬᠠᠷᠢᠯᠴᠠᠵᠤ᠂ ᠦᠢᠷᠠᠯᠴᠠᠭᠠᠬᠢ ᠲᠤᠳᠤᠭᠠᠳᠤ ᠶᠢ ᠬᠠᠮᠠᠭᠠᠯᠠᠬᠤ ᠲᠤᠮᠢᠯᠠᠭᠰᠠᠨ ᠰᠠᠯᠪᠤᠷᠢ ᠳᠤ ᠬᠦᠷᠴᠦ ᠠᠷᠠᠳ ᠤᠨ ᠴᠠᠭᠳᠠᠭ᠎ᠠ ᠪᠠᠷ ᠪᠠᠶᠢᠴᠠᠭᠠᠯᠭᠠᠬᠤ ᠬᠡᠷᠡᠭᠳᠠᠢ | ᠃ | ● ᠬᠤᠯᠠᠭᠠᠶᠢᠴᠢ ᠶᠢᠨ ᠡᠪᠰᠡᠯ ᠪᠦᠯᠦᠭ ᠪᠤᠯ ᠲᠤᠬᠢᠶᠠᠯ ᠢ ᠠᠵᠢᠵᠤ ᠬᠡᠷᠡᠭ ᠮᠡᠳᠡᠬᠦᠯᠦᠨ᠎ᠠ᠃ |