| | | | ᠬᠠᠤᠯᠢ ᠪᠤᠰᠤ ᠪᠠᠷ ᠡᠳ᠋ ᠪᠤᠳᠠᠰ ᠡᠵᠡᠯᠡᠬᠦ ᠵᠤᠷᠢᠯᠭ᠎ᠠ ᠪᠠᠷ ᠬᠠᠮᠳᠤ ᠬᠤᠪᠢ ᠶᠢᠨ ᠡᠳ᠋ ᠬᠦᠷᠦᠩᠬᠡ ᠶᠢ ᠨᠢᠭᠤᠨ ᠬᠤᠯᠠᠭᠠᠶᠢᠯᠠᠬᠤ ᠶᠢ ᠵᠢᠭᠠᠵᠤ ᠪᠤᠢ᠃ | ᠰᠡᠷᠬᠡᠶᠢᠯᠡᠬᠦ ᠭᠤᠤᠯᠳᠠᠯᠭ᠎ᠠ | ●ᠦᠯᠦ ᠲᠠᠨᠢᠬᠤ ᠬᠦᠮᠦᠨ ᠤᠴᠠᠷᠠᠬᠤ ᠪᠠᠷ ᠢᠷᠡᠪᠡᠯ ᠰᠡᠷᠡᠮᠵᠢᠯᠡᠬᠦ ᠬᠡᠷᠡᠭᠳᠠᠢ᠃ ᠨᠠᠰᠤᠳᠠᠨ ᠪᠤᠶᠤ ᠬᠡᠦᠬᠡᠳ ᠬᠡᠷ ᠲᠤ ᠪᠠᠨ ᠪᠠᠶᠢᠬᠤ ᠦᠶᠡᠰ ᠦᠯᠦ ᠲᠠᠨᠢᠬᠤ | ᠬᠦᠮᠦᠨ ᠲᠠᠢ ᠤᠴᠠᠷᠠᠬᠤ ᠦᠬᠡᠢ ᠪᠤᠯ ᠰᠠᠶᠢᠨ᠃ | ● ᠲᠦᠯᠬᠢᠬᠦᠷ ᠢᠶᠠᠨ ᠬᠡᠦᠬᠡᠳ ᠤᠨ ᠬᠦᠵᠦᠬᠦᠨ ᠳᠤ ᠵᠡᠬᠦᠯᠬᠡᠬᠦ ᠦᠬᠡᠢ᠂ ᠲᠦᠯᠬᠢᠬᠦᠷ ᠢᠶᠠᠨ ᠬᠡᠬᠡᠪᠡᠯ ᠤᠨᠢᠰᠤ ᠪᠠᠨ ᠲᠠᠷᠤᠶᠢᠬᠠᠨ ᠰᠤᠯᠢᠬᠤ ᠬᠡᠷᠡᠭᠳᠠᠢ᠃ | ● ᠬᠡᠷ ᠲᠤ ᠪᠠᠨ ᠦᠨ᠎ᠠ ᠪᠡᠨ᠎ᠠ ᠲᠠᠢ ᠪᠤᠳᠠᠰ ᠶᠡᠭᠡ ᠬᠡᠮᠵᠢᠶᠠᠨ ᠤ ᠵᠤᠭᠤᠰ ᠬᠠᠳᠠᠭᠠᠯᠠᠬᠤ ᠦᠬᠡᠢ᠃ ᠬᠡᠷ ᠲᠤ ᠪᠠᠨ ᠬᠠᠷᠢᠬᠤ ᠳᠤ ᠡᠬᠦᠳᠠ᠂ ᠴᠤᠩᠬᠤ᠂ | ᠤᠨᠢᠰᠤ ᠴᠢᠨᠢ ᠬᠡᠪ ᠤᠨ ᠪᠤᠰᠤ ᠪᠤᠯ ᠬᠦᠩᠬᠡᠨ ᠬᠠᠭᠤᠳᠠᠮ ᠢᠶᠠᠷ ᠬᠡᠷ ᠲᠤ ᠪᠠᠨ ᠤᠷᠤᠵᠤ ᠪᠠᠶᠢᠴᠠᠭᠠᠬᠤ ᠦᠬᠡᠢ᠂ ᠲᠠᠭᠤ ᠴᠢᠮᠡᠭᠡ ᠶᠢ ᠠᠩᠬᠠᠷᠴᠤ᠂ ᠬᠦᠮᠦᠨ ᠪᠠᠶᠢᠬᠤ | ᠳᠤ ᠬᠦᠷᠪᠡᠯ ᠲᠠᠷᠤᠶᠢᠬᠠᠨ ᠡᠬᠦᠳᠠ ᠪᠠᠨ ᠭᠠᠳᠠᠭᠰᠢ ᠬᠠᠭᠠᠵᠤ ᠴᠢᠩᠭ᠎ᠠ ᠲᠠᠷᠤᠭᠠᠳ ᠬᠡᠷᠡᠭ ᠮᠡᠳᠡᠬᠦᠯᠦᠨ᠎ᠠ᠃ | ●ᠡᠬᠦᠳᠡᠨ ᠳᠤ ᠬᠠᠪᠴᠢᠭᠤᠯᠤᠭᠰᠠᠨ ᠵᠠᠷ ᠵᠡᠷᠬᠡ ᠶᠢ ᠴᠠᠭ ᠲᠤᠬᠠᠢ ᠳᠤ ᠨᠢ ᠴᠡᠪᠡᠷᠯᠡᠨ᠎ᠠ᠃ | ● ᠬᠤᠪᠢ ᠬᠦᠮᠦᠨ ᠤ ᠰᠤᠷᠠᠭ ᠴᠢᠮᠡᠭᠡ ᠶᠢ ᠰᠠᠶᠢᠳᠤᠷ ᠬᠠᠮᠠᠭᠠᠯᠠᠵᠤ᠂ ᠤᠯᠠᠨ ᠨᠡᠶᠢᠳᠠ ᠶᠢᠨ ᠲᠠᠯᠠᠪᠤᠷ ᠲᠤ ᠡᠳ᠋ ᠬᠦᠷᠦᠩᠬᠡ ᠪᠠᠨ ᠭᠠᠶᠢᠬᠠᠭᠤᠯᠤᠭᠰᠠᠨ ᠤ | ᠬᠡᠷᠡᠭ ᠦᠬᠡᠢ᠃ | ᠠᠷᠭᠠᠴᠠᠭᠠᠬᠤ ᠭᠤᠤᠯᠳᠠᠯᠭ᠎ᠠ | ●ᠰᠦᠨᠢ ᠤᠷᠤᠢ ᠬᠡᠷ ᠲᠤ ᠬᠤᠯᠠᠭᠠᠶᠢᠴᠢ ᠤᠷᠤᠬᠤ ᠳᠤ ᠬᠦᠷᠪᠡᠯ ᠲᠠᠷᠤᠶᠢᠬᠠᠨ ᠪᠠᠶᠢᠴᠠᠭᠠᠵᠤ ᠦᠵᠡᠬᠦ ᠪᠤᠶᠤ ᠳ᠋ᠧᠩ ᠢᠶᠠᠨ ᠨᠤᠴᠤᠭᠠᠵᠤ᠂ ᠬᠠᠨᠢᠶᠠᠬᠤ ᠴᠢᠮᠡᠭᠡ | ᠭᠠᠷᠭᠠᠵᠤ᠂ ᠵᠤᠷᠢᠭᠤᠳᠠ ︽ᠬᠡᠨ ᠪᠤᠢ﹈ ᠬᠡᠵᠤ ᠠᠰᠠᠭᠤᠵᠤ᠂ ᠭᠠᠷ ᠤᠳᠠᠰᠤ ᠵᠡᠷᠬᠡ ᠪᠠᠷ110 ᠳᠤ ᠬᠡᠷᠡᠭ ᠮᠡᠳᠡᠬᠦᠯᠵᠤ᠂ ᠬᠡᠷᠡᠭ ᠡᠬᠦᠰᠬᠦ ᠶᠢ ᠴᠢᠳᠠᠬᠤ ᠶᠢᠨ ᠬᠢᠷᠢ | ᠪᠠᠷ ᠦᠬᠡᠶᠢᠰᠬᠡᠵᠤ᠂ ᠪᠡᠶ᠎ᠠ ᠮᠠᠬᠠᠪᠤᠳ ᠢᠶᠠᠨ ᠰᠢᠷᠠᠭᠳᠤᠭᠤᠯᠬᠤ ᠶᠢ ᠬᠢᠴᠢᠶᠡᠨ᠎ᠠ᠃ | ● ᠬᠡᠷ ᠲᠤ ᠬᠤᠯᠠᠭᠠᠶᠢᠴᠢ ᠤᠷᠤᠪᠠᠯ ᠲᠠᠷᠤᠶᠢᠬᠠᠨ ᠬᠡᠷᠡᠭ ᠮᠡᠳᠡᠬᠦᠯᠵᠤ᠂ ᠲᠤᠬᠠᠢ ᠶᠢᠨ ᠲᠠᠯᠠᠪᠤᠷ ᠢ ᠰᠠᠶᠢᠳᠤᠷ ᠬᠠᠮᠠᠭᠠᠯᠠᠨ᠎ᠠ᠃ | ● ᠬᠡᠷ ᠲᠤ ᠲᠤᠨᠤᠭᠠᠴᠢ ᠲᠠᠢ ᠤᠴᠠᠷᠠᠪᠠᠯ ᠡᠳ᠋ ᠪᠤᠳᠠᠰ ᠢᠶᠠᠨ ᠲᠠᠶᠠᠭᠳᠠᠵᠤ᠂ ᠪᠡᠶ᠎ᠠ ᠶᠢᠨ ᠠᠮᠤᠷ ᠲᠦᠪᠰᠢᠨ ᠢᠶᠠᠨ ᠪᠠᠳᠤᠯᠠᠨ᠎ᠠ᠃ |