ᠮᠡᠬᠡᠯᠡᠬᠦ
ᠨᠡᠶᠢᠲᠡᠯᠡᠭᠰᠡᠨ ᠴᠠᠭ᠄
2022/9/28
      ᠮᠡᠬᠡᠯᠡᠬᠦ ᠬᠡᠳᠡᠭ ᠨᠢ ᠬᠠᠤᠯᠢ ᠪᠤᠰᠤ ᠪᠠᠷ ᠡᠵᠡᠯᠡᠨ ᠠᠪᠬᠤ ᠪᠠᠷ ᠵᠤᠷᠢᠯᠭ᠎ᠠ ᠪᠤᠯᠭᠠᠭᠰᠠᠨ᠂ ᠪᠤᠳᠠᠳᠤ ᠤᠴᠢᠷ ᠢ ᠬᠡᠶᠢᠰᠪᠦᠷᠢᠯᠡᠨ ᠵᠤᠬᠢᠶᠠᠬᠤ ᠪᠤᠶᠤ ᠦᠨᠡᠨ ᠪᠠᠶᠢᠳᠠᠯ ᠢ ᠨᠢᠭᠤᠨ ᠲᠠᠯᠳᠠᠯᠠᠬᠤ ᠠᠷᠭ᠎ᠠ ᠪᠠᠷ ᠠᠯᠪᠠᠨ ᠤ ᠪᠤᠶᠤ ᠬᠤᠪᠢ ᠶᠢᠨ ᠡᠳ᠋ ᠪᠤᠳᠠᠰ ᠢ ᠮᠡᠬᠡᠯᠡᠨ ᠠᠪᠬᠤ ᠠᠵᠢᠯᠯᠠᠭ᠎ᠠ ᠶᠢ ᠵᠢᠭᠠᠨ᠎ᠠ᠃ ᠭᠤᠤᠯᠳᠠᠭᠤ ᠲᠠᠨᠢᠯ ᠲᠠᠰᠤᠯ ᠬᠦᠮᠦᠨ ᠢᠶᠠᠨ ᠠᠰᠢᠭᠯᠠᠵᠤ᠂ ᠵᠠᠭᠤᠴᠢᠯᠠᠭᠴᠢ ᠡᠳᠡᠬᠡᠳ᠂ ᠤᠨᠴᠠᠭᠠᠢ ᠪᠡᠶ᠎ᠠ ᠶᠢᠨ ᠭᠠᠷᠤᠯ᠂ ᠬᠤᠬᠢᠷᠠᠯ ᠳᠤ ᠤᠴᠠᠷᠠᠭᠰᠠᠨ ᠢᠶᠠᠷ ᠤᠪᠯᠠᠬᠤ ᠪᠤᠶᠤ ᠪᠠᠭ᠎ᠠ ᠰᠠᠭ᠎ᠠ ᠠᠰᠢᠭ ᠤᠯᠭᠤᠬᠤ ᠵᠡᠷᠬᠡ ᠪᠠᠷ ᠦᠭᠶᠦᠬᠡ ᠪᠤᠯᠭᠠᠵᠤ ᠰᠦᠯᠵᠢᠶ᠎ᠠ᠂ ᠤᠳᠠᠰᠤ᠂ ᠤᠬᠤᠷ ᠴᠢᠮᠡᠭᠡ ᠪᠠᠷ ᠮᠡᠬᠡᠯᠡᠯ ᠶᠠᠪᠤᠭᠤᠯᠬᠤ ᠦᠵᠡᠭᠳᠡᠯ ᠤᠯᠠᠨ ᠪᠤᠢ᠃     ᠰᠡᠷᠬᠡᠶᠢᠯᠡᠬᠦ ᠭᠤᠤᠯᠳᠠᠯᠭ᠎ᠠ     ● ᠦᠴᠦᠬᠡᠨ ᠤᠯᠵᠠ ᠳᠤ ᠲᠤᠷᠠᠯᠠᠬᠤ ᠶᠢ ᠲᠡᠪᠴᠢᠵᠤ᠂ ︽ᠱᠠᠩᠨᠠᠯ ᠤᠯᠬᠤ︾ ᠠᠭᠤᠯᠭ᠎ᠠ ᠪᠦᠬᠦᠢ ᠤᠬᠤᠷ ᠴᠢᠮᠡᠭᠡ ᠮᠡᠳᠦ ᠶᠢᠨ ︽ᠬᠦᠨᠳᠡᠯᠡᠨ ᠠᠰᠢᠭ︾᠎ ᠢ ᠰᠡᠷᠡᠮᠵᠢᠯᠡᠨ ᠬᠢᠴᠢᠶᠡᠪᠡᠯ ᠵᠤᠬᠢᠨ᠎ᠠ᠃     ● ᠠᠰᠢᠭ ᠬᠤᠨᠵᠢᠪᠦᠷᠢ ᠶᠢᠨ ᠠᠮᠯᠠᠯ ᠢ ᠪᠢᠳᠡᠬᠡᠢ ᠬᠢᠯᠪᠡᠷ ᠢᠶᠠᠷ ᠢᠳᠡᠬᠡᠬᠡᠷᠡᠢ᠂ ᠲᠠᠨᠢᠯ ᠪᠤᠰᠤ ᠬᠦᠮᠦᠨ ᠲᠠᠢ ᠲᠤᠮᠤ ᠴᠢᠬᠤᠯᠠ ᠠᠰᠢᠭ ᠬᠤᠨᠵᠢᠪᠦᠷᠢ ᠶᠢᠨ ᠬᠠᠷᠢᠴᠠᠭ᠎ᠠ ᠶᠠᠪᠤᠯᠴᠠᠭ᠎ᠠ ᠭᠠᠷᠭᠠᠬᠤ ᠦᠬᠡᠢ᠃ ᠦᠢᠯᠠᠭᠠᠬᠤ ᠦᠬᠡᠢ ᠵᠦᠢᠯ ᠳᠤ ︵ᠲᠠᠨᠢᠯ ᠪᠤᠰᠤ ᠬᠦᠷᠢᠶᠠᠨ ᠳᠤ︶ ᠶᠡᠭᠡ ᠬᠡᠮᠵᠢᠶᠠᠨ ᠤ ᠤᠷᠤᠭᠤᠯᠤᠯᠳᠠ ᠵᠠᠷᠤᠴᠠᠭᠤᠯᠬᠤ ᠦᠬᠡᠢ ᠪᠠᠶᠢᠪᠠᠯ ᠵᠤᠬᠢᠨ᠎ᠠ᠃    ● ᠬᠤᠪᠢ ᠬᠦᠮᠦᠨ ᠵᠢᠴᠢ ᠬᠡᠷ ᠪᠦᠯᠢ ᠶᠢᠨ ᠢᠶᠠᠨ ᠰᠤᠷᠠᠭ ᠵᠠᠩᠬᠢ ᠶᠢ ᠲᠠᠨᠢᠯ ᠪᠤᠰᠤ ᠬᠦᠮᠦᠨ ᠳᠤ ᠲᠤᠷ᠎ᠠ ᠪᠠᠷ ᠢᠶᠠᠨ ᠶᠠᠷᠢᠬᠤ ᠦᠬᠡᠢ ᠪᠠᠶᠢᠪᠠᠯ ᠵᠤᠬᠢᠨ᠎ᠠ᠃    ● ᠲᠤᠳᠤᠷᠬᠠᠢ ᠪᠤᠰᠤ ᠤᠳᠠᠰᠤ ᠪᠤᠶᠤ ᠤᠬᠤᠷ ᠴᠢᠮᠡᠭᠡ ᠶᠢ ᠬᠢᠨᠠᠮᠠᠭᠠᠢ ᠵᠠᠳᠠᠯᠵᠤ᠂ ᠤᠴᠢᠷ ᠲᠤᠬᠢᠶᠠᠯᠳᠤᠪᠠᠯ ᠬᠡᠷ ᠤᠨ ᠬᠦᠮᠦᠰ ᠲᠠᠢ ᠪᠠᠨ ᠵᠦᠪᠳᠡᠯᠴᠡᠪᠡᠯ ᠵᠤᠬᠢᠨ᠎ᠠ᠃    ᠠᠷᠭᠠᠴᠠᠭᠠᠬᠤ ᠭᠤᠤᠯᠳᠠᠯᠭ᠎ᠠ    ● ᠮᠡᠬᠡᠯᠡᠭᠳᠡᠭᠰᠡᠨ ᠢᠶᠠᠨ ᠰᠡᠷᠡᠵᠤ ᠮᠡᠳᠡᠪᠡᠯ ᠲᠠᠷᠤᠶᠢᠬᠠᠨ ᠴᠠᠭᠳᠠᠭ᠎ᠠ ᠳᠤ ᠮᠡᠳᠡᠬᠦᠯᠦᠨ᠎ᠠ᠃    ● ᠡᠯ᠎ᠡ ᠵᠦᠢᠯ ᠤᠨ ᠬᠡᠷᠡᠴᠢ᠂ ᠪᠠᠷᠢᠮᠳᠠ ᠶᠢ ᠦᠯᠡᠳᠡᠬᠡᠬᠦ ᠶᠢ ᠠᠩᠬᠠᠷᠴᠤ᠂ ᠬᠠᠤᠯᠢ ᠴᠠᠭᠠᠵᠠ ᠶᠢᠨ ᠠᠷᠭ᠎ᠠ ᠵᠠᠮ ᠢᠶᠠᠷ ᠬᠤᠬᠢᠷᠠᠯ ᠢᠶᠠᠨ ᠪᠠᠭᠠᠰᠬᠠᠬᠤ ᠳᠤ ᠲᠦᠬᠦᠮ ᠪᠠᠶᠢᠯᠭᠠᠬᠤ ᠬᠡᠷᠡᠭᠳᠠᠢ᠃   ● ᠲᠠᠷᠤᠶᠢᠬᠠᠨ ᠪᠤᠰᠤᠳ ᠲᠤ ᠮᠡᠳᠡᠭᠳᠡᠵᠤ᠂ ᠨᠡᠩ ᠤᠯᠠᠨ ᠬᠦᠮᠦᠰ ᠮᠡᠬᠡᠯᠡᠯ ᠳᠤ ᠤᠴᠠᠷᠠᠬᠤ ᠠᠴᠠ ᠵᠠᠶᠢᠯᠠᠰᠬᠢᠬᠤ ᠬᠡᠷᠡᠭᠳᠠᠢ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ