ᠬᠤᠤᠷ᠎ᠠ
ᠨᠡᠶᠢᠲᠡᠯᠡᠭᠰᠡᠨ ᠴᠠᠭ᠄
2022/9/29
     ᠬᠤᠤᠷ᠎ᠠ ᠬᠡᠳᠡᠭ ᠨᠢ ᠬᠠᠷ᠎ᠠ ᠲᠠᠮᠠᠬᠢ᠂ ᠮᠤᠷᠫᠢ᠂ ᠮᠧᠳᠢᠯᠳᠦ ᠹᠧᠨ᠋ᠽᠧᠨ᠂ ᠮᠤᠷᠹᠢ᠂ ᠺᠤᠺᠠᠶᠢᠨ ᠵᠢᠴᠢ ᠤᠯᠤᠰ ᠠᠴᠠ ᠴᠠᠭᠠᠵᠠᠯᠠᠭᠰᠠᠨ᠂ ᠬᠦᠮᠦᠰ ᠤᠨ ᠤᠶᠤᠨ ᠤᠬᠠᠭᠠᠨ ᠢ ᠮᠢᠨᠴᠦᠬᠦᠷᠡᠬᠦᠯᠳᠡᠭ ᠡᠮᠳᠦ ᠪᠤᠳᠠᠰ ᠢ ᠵᠢᠭᠠᠨ᠎ᠠ᠃     ᠰᠡᠷᠬᠡᠶᠢᠯᠡᠬᠦ ᠭᠤᠤᠯᠳᠠᠯᠭ᠎ᠠ     ● ᠬᠤᠤᠷ᠎ᠠ ᠶᠢᠨ ᠠᠶᠤᠯ ᠵᠢᠴᠢ ᠬᠤᠤᠷ᠎ᠠ ᠲᠠᠳᠠᠬᠤ ᠶᠢ ᠵᠤᠭᠰᠤᠭᠠᠬᠤ ᠶᠢᠨ ᠬᠦᠴᠢᠷᠳᠡᠯ ᠢ ᠰᠤᠷᠤᠯᠴᠠᠨ ᠤᠶᠢᠯᠠᠭᠠᠨ᠎ᠠ᠃     ● ᠵᠢᠷᠭᠠᠵᠤ ᠴᠡᠩᠬᠡᠬᠦ ᠶᠢ ᠰᠤᠬᠤᠷ ᠪᠠᠯᠠᠢ ᠪᠠᠷ ᠬᠦᠬᠡᠬᠡᠴᠡᠯᠳᠦᠬᠦ ᠦᠬᠡᠢ ᠪᠠᠶᠢᠪᠠᠯ ᠵᠤᠬᠢᠨ᠎ᠠ᠃     ● ᠬᠤᠤᠷ᠎ᠠ ᠢᠶᠠᠷ ᠡᠪᠡᠳᠴᠢᠨ ᠵᠠᠰᠠᠬᠤ᠂ ᠭᠤᠨᠢᠭ ᠵᠤᠪᠠᠭᠤᠷᠢ ᠶᠢ ᠲᠠᠶᠢᠯᠠᠬᠤ᠂ ᠪᠠᠶᠠᠷ ᠬᠦᠷ ᠡᠳ᠋ᠯᠡᠬᠦ ᠵᠡᠷᠬᠡ ᠤᠷᠠᠨ ᠦᠬᠡ ᠶᠢ ᠢᠳᠡᠬᠡᠵᠤ ᠪᠤᠯᠬᠤ ᠦᠬᠡᠢ᠃     ● ᠮᠠᠭᠠᠳ ᠬᠤᠤᠷ᠎ᠠ ᠠᠷᠠᠯᠵᠢᠶᠠᠯᠠᠵᠤ ᠪᠠᠶᠢᠭ᠎ᠠ ᠲᠠᠯᠠᠪᠤᠷ ᠲᠤ ᠤᠴᠢᠬᠤ ᠦᠬᠡᠢ᠂ ᠬᠤᠤᠷ᠎ᠠ ᠲᠠᠳᠠᠵᠤ᠂ ᠬᠤᠤᠷ᠎ᠠ ᠠᠷᠠᠯᠵᠢᠶᠠᠯᠠᠵᠤ ᠪᠠᠶᠢᠭ᠎ᠠ ᠬᠦᠮᠦᠰ ᠲᠠᠢ ᠦᠢᠷᠠᠳᠬᠤ ᠦᠬᠡᠢ ᠪᠠᠶᠢᠬᠤ ᠬᠡᠷᠡᠭᠳᠠᠢ᠃    ● ᠲᠤᠳᠤᠷᠬᠠᠢ ᠪᠤᠰᠤ ᠶᠠᠭᠤᠮ᠎ᠠ ᠶᠢ ᠲᠠᠨᠢᠯ ᠪᠤᠰᠤ ᠬᠦᠮᠦᠰ ᠤᠨ ᠬᠤᠭᠤᠷᠤᠨᠳᠤ ᠨᠢ ᠲᠠᠮᠵᠢᠭᠤᠯᠬᠤ ᠦᠬᠡᠢ᠃    ᠠᠷᠭᠠᠴᠠᠭᠠᠬᠤ ᠭᠤᠤᠯᠳᠠᠯᠭ᠎ᠠ    ● ᠪᠠᠶᠢᠳᠠᠯ ᠢ ᠦᠢᠯᠠᠭᠠᠬᠤ ᠦᠬᠡᠢ ᠪᠠᠷ ᠠᠳᠡᠬᠦᠦ ᠬᠦᠳᠦᠯᠦᠭᠳᠡᠨ ᠮᠡᠬᠡᠯᠡᠭᠳᠡᠵᠤ ᠬᠤᠤᠷ᠎ᠠ ᠲᠠᠳᠠᠭᠰᠠᠠ ᠢᠶᠠᠨ ᠮᠡᠳᠡᠪᠡᠯ ᠲᠠᠬᠢᠵᠤ ᠶᠠᠭᠠᠭᠢᠭᠰᠠᠨ ᠴᠤ ᠪᠡᠶ᠎ᠠ ᠳᠤ ᠎ ᠪᠠᠨ ᠦᠢᠷᠠᠳᠤᠭᠤᠯᠬᠤ ᠦᠬᠡᠢ ᠪᠠᠶᠢᠬᠤ ᠬᠡᠷᠡᠭᠳᠠᠢ᠃    ● ᠲᠦᠷᠦᠯ ᠰᠠᠳᠤᠨ ᠨᠠᠶᠢᠵᠠ ᠨᠦᠬᠦᠳ ᠤᠨ ᠢᠶᠠᠨ ᠬᠤᠤᠷ᠎ᠠ ᠲᠠᠳᠠᠵᠤ ᠪᠠᠶᠢᠬᠤ ᠶᠢ ᠮᠡᠳᠡᠭᠰᠡᠨ ᠤ ᠲᠠᠷᠠᠭ᠎ᠠ ᠢᠳᠬᠠᠨ ᠬᠤᠷᠢᠭᠯᠠᠭᠠᠳ ᠪᠦᠳᠦᠮᠵᠢ ᠦᠬᠡᠢ ᠪᠤᠯ ᠲᠡᠬᠦᠨ ᠠᠴᠠ ᠵᠠᠶᠢᠳᠠᠵᠤ᠂ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠮᠡᠳᠡᠬᠦᠯᠬᠦ ᠬᠡᠷᠡᠭᠳᠠᠢ᠃    ● ᠬᠤᠤᠷ᠎ᠠ ᠲᠠᠳᠠᠭᠰᠠᠳ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠢᠳᠡᠪᠬᠢᠳᠠᠢ ᠬᠠᠮᠵᠢᠯᠴᠠᠨ ᠬᠤᠤᠷ᠎ᠠ ᠲᠠᠳᠠᠬᠤ ᠶᠢ ᠵᠤᠭᠰᠤᠭᠠᠪᠠᠯ ᠵᠤᠬᠢᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ