ᠰᠦᠷᠳᠡᠬᠦᠯᠦᠨ ᠲᠠᠭᠠᠷᠢᠬᠤ
ᠨᠡᠶᠢᠲᠡᠯᠡᠭᠰᠡᠨ ᠴᠠᠭ᠄
2022/9/29
     ᠰᠦᠷᠳᠡᠬᠦᠯᠦᠨ ᠲᠠᠭᠠᠷᠢᠬᠤ ᠬᠡᠳᠡᠭ ᠨᠢ ᠲᠠᠪᠠᠷᠠᠮᠠᠳᠠᠭᠠᠢ ᠡᠳᠡᠬᠡᠳ ᠤᠨ ᠵᠤᠷᠢᠭᠤᠳᠠ ᠦᠢᠯᠡᠳᠦᠭᠰᠡᠨ᠂ ᠡᠬᠡᠯ ᠠᠷᠠᠳ ᠵᠢᠴᠢ ᠠᠷᠠᠳ ᠤᠨ ᠬᠡᠷᠡᠭᠯᠡᠬᠡᠨ ᠤ ᠲᠤᠨᠤᠭ ᠲᠦᠬᠦᠬᠡᠷᠦᠮᠵᠢ ᠪᠤᠶᠤ ᠡᠬᠦᠨ ᠠᠴᠠ ᠪᠤᠰᠤᠳ ᠵᠦᠢᠯ ᠳᠤ ᠬᠠᠨᠳᠤᠭᠤᠯᠤᠭᠰᠠᠨ᠂ ᠤᠯᠠᠨ ᠤᠯᠤᠰ ᠤᠨ ᠶᠤᠰᠤ ᠵᠢᠷᠤᠮ ᠳᠤ ᠦᠯᠦ ᠨᠡᠶᠢᠴᠡᠬᠦ ᠲᠠᠭᠠᠷᠢᠯᠳᠠ ᠶᠢᠨ ᠠᠷᠭ᠎ᠠ ᠬᠡᠯᠪᠡᠷᠢ ᠶᠢ ᠵᠢᠭᠠᠨ᠎ᠠ᠃ ᠭᠤᠤᠯᠳᠠᠭᠤ ᠰᠦᠷᠷᠳᠡᠬᠦᠯᠦᠨ ᠪᠠᠷᠢᠴᠠᠭᠠᠯᠠᠬᠤ᠂ ᠲᠡᠯᠪᠡᠷᠡᠯᠳᠠ ᠡᠬᠦᠰᠬᠡᠨ ᠰᠦᠷᠳᠡᠬᠦᠯᠦᠨ ᠲᠠᠭᠠᠷᠢᠬᠤ᠂ ᠬᠢᠮᠢ ᠶᠢᠨ ᠪᠤᠳᠠᠰ ᠢᠶᠠᠷ ᠰᠦᠷᠳᠡᠬᠦᠯᠦᠨ ᠲᠠᠭᠠᠷᠢᠬᠤ᠂ ᠹᠢᠽᠢᠺ ᠤᠨ ᠪᠤᠳᠠᠰ ᠢᠶᠠᠷ ᠰᠦᠷᠳᠡᠬᠦᠯᠦᠨ ᠲᠠᠭᠠᠷᠢᠬᠤ᠂ ᠴᠦᠮ᠎ᠠ ᠶᠢᠨ ᠰᠠᠴᠤᠷᠠᠭ ᠢᠶᠠᠷ ᠰᠦᠷᠳᠡᠬᠦᠯᠦᠨ ᠲᠠᠭᠠᠷᠢᠬᠤ ᠵᠡᠷᠬᠡ ᠶᠢ ᠪᠠᠭᠳᠠᠭᠠᠨ᠎ᠠ᠃     ᠰᠡᠷᠬᠡᠶᠢᠯᠡᠬᠦ ᠭᠤᠤᠯᠳᠠᠯᠭ᠎ᠠ     ᠫᠤᠤᠳᠠᠯᠭ᠎ᠠ ᠶᠢᠨ ᠲᠠᠭᠠᠷᠢᠯᠳᠠ ᠳᠤ ᠤᠴᠠᠷᠠᠪᠠᠯ ᠭᠠᠵᠠᠷ ᠡᠰᠡᠷᠬᠦᠯᠡᠨ ᠬᠡᠪᠳᠡᠵᠤ ᠲᠤᠯᠤᠭᠠᠢ ᠪᠠᠨ ᠲᠡᠪᠡᠷᠢᠨ ᠬᠠᠮᠠᠭᠠᠯᠠᠬᠤ ᠶᠢᠨ ᠬᠠᠮᠳᠤ ᠪᠠᠬᠢᠯᠢᠭ᠌ ᠪᠤᠳᠠᠰ ᠢᠶᠠᠷ ᠲᠠᠯᠳᠠᠯᠠᠨ᠎ᠠ᠃     ᠲᠡᠯᠪᠡᠷᠡᠬᠦ ᠪᠦᠮᠪᠦᠭᠡ ᠶᠢᠨ ᠲᠡᠯᠪᠡᠴᠢᠯᠳᠠ ᠳᠤ ᠤᠴᠠᠷᠠᠪᠠᠯ ᠬᠤᠷᠳᠤᠬᠠᠨ ᠵᠠᠶᠢᠯᠠᠨ ᠲᠤᠳᠠᠭᠠᠨ᠎ᠠ᠂ ᠭᠠᠯ ᠤᠨ ᠠᠶᠤᠯ ᠠᠴᠠ ᠪᠤᠯᠵᠤ ᠤᠳᠤᠭ᠎ᠠ ᠤᠨᠢᠶᠠᠷ ᠶᠡᠬᠡᠳᠠᠢ ᠦᠶ᠎ᠠ ᠳᠤ ᠨᠤᠶᠢᠳᠠᠨ ᠠᠯᠴᠢᠭᠤᠷ᠂ ᠨᠤᠶᠢᠳᠠᠨ ᠴᠠᠭᠠᠰᠤ ᠪᠠᠷ ᠠᠮᠠ ᠬᠠᠮᠠᠷ ᠢᠶᠠᠨ ᠪᠦᠭᠯᠡᠵᠤ᠂ ᠠᠶᠦᠯᠬᠦᠢ ᠭᠠᠵᠠᠷ ᠲᠤ ᠮᠦᠯᠬᠦᠵᠤ ᠬᠦᠷᠦᠨ᠎ᠠ᠃     ᠬᠤᠤᠷᠠᠳᠤ ᠬᠡᠢ ᠶᠢᠨ ᠲᠠᠭᠠᠷᠢᠯᠳᠠ ᠳᠤ ᠤᠴᠠᠷᠠᠪᠠᠯ ᠨᠤᠶᠢᠳᠠᠨ ᠠᠯᠴᠢᠭᠤᠷ ᠵᠡᠷᠬᠡ ᠪᠠᠷ ᠠᠮᠠ ᠬᠠᠮᠠᠷ ᠢᠶᠠᠨ ᠪᠦᠭᠯᠡᠵᠤ᠂ ᠠᠷᠠᠰᠤ ᠮᠢᠬ᠎ᠠ ᠪᠠᠨ ᠪᠦᠳᠡᠬᠡᠨ ᠬᠠᠯᠬᠠᠯᠠᠵᠤ᠂ ᠰᠠᠯᠬᠢ ᠨᠡᠪᠳᠡᠷᠡᠭᠰᠡᠨ ᠭᠠᠵᠠᠷ ᠲᠤ ᠰᠢᠯᠵᠢᠨ ᠬᠦᠷᠴᠦ᠂ ᠦᠢᠷᠠᠯᠴᠠᠭᠠᠬᠢ ᠪᠠᠷᠢᠯᠭ᠎ᠠ ᠳᠤ ᠤᠷᠤᠵᠤ ᠲᠠᠯᠳᠠᠯᠠᠨ᠎ᠠ᠃ ᠡᠬᠦᠳᠠ ᠴᠤᠩᠬᠤ ᠪᠠᠨ ᠬᠠᠭᠠᠵᠤ᠂ ᠬᠡᠢ ᠨᠡᠪᠳᠡᠷᠡᠬᠦ ᠵᠠᠢ ᠶᠢ ᠪᠦᠭᠯᠡᠨ᠂ ᠠᠭᠠᠷ ᠲᠤᠬᠢᠷᠠᠭᠤᠯᠤᠭᠴᠢ᠂ ᠴᠠᠬᠢᠯᠭᠠᠨ ᠰᠡᠩᠰᠠ ᠵᠡᠷᠬᠡ ᠰᠠᠯᠬᠢ ᠨᠡᠪᠳᠡᠷᠡᠬᠦᠯᠬᠦ ᠬᠡᠷᠡᠭᠰᠡᠯ ᠢ ᠠᠵᠢᠯᠯᠠᠭᠤᠯᠬᠤ ᠦᠬᠡᠢ ᠪᠠᠶᠢᠬᠤ ᠬᠡᠷᠡᠭᠳᠠᠢ᠃     ᠡᠮᠳᠦ ᠪᠤᠳᠠᠰ ᠤᠨ ᠲᠠᠭᠠᠷᠢᠯᠳᠠ ᠳᠤ ᠤᠴᠠᠷᠠᠪᠠᠯ ᠲᠠᠷᠤᠶᠢᠬᠠᠨ ᠬᠡᠷᠡᠭ ᠮᠡᠳᠡᠬᠦᠯᠵᠤ᠂ ᠴᠠᠭ ᠲᠤᠬᠠᠢ ᠳᠤ ᠨᠢ ᠡᠮᠴᠢᠯᠡᠬᠦᠯᠦᠨ᠎ᠠ᠃ ᠢᠳᠡᠬᠡᠨ ᠤᠮᠳᠠᠭᠠᠨ ᠤ ᠵᠦᠢᠯ ᠎ ᠢᠶᠠᠨ ᠰᠠᠶᠢᠳᠤᠷ ᠪᠢᠳᠡᠬᠦᠮᠵᠢᠯᠡᠵᠤ᠂ ᠬᠤᠤᠷᠠᠳᠠᠯ ᠳᠤ ᠤᠴᠠᠷᠠᠬᠤ ᠠᠴᠠ ᠰᠡᠷᠬᠡᠶᠢᠯᠡᠨ᠎ᠠ᠃     ᠠᠶᠦᠯᠬᠦᠢ ᠭᠠᠵᠠᠷ ᠲᠤ ᠬᠦᠷᠦᠭᠰᠡᠨ ᠤ ᠲᠠᠷᠠᠭ᠎ᠠ᠂ ᠬᠤᠷᠳᠤᠬᠠᠨ ᠰᠦᠷᠴᠢᠬᠦᠷ ᠤᠰᠤ ᠪᠠᠷ ᠪᠡᠶ᠎ᠠ ᠪᠠᠨ ᠤᠬᠢᠶᠠᠨ᠎ᠠ᠂ ᠬᠤᠤᠷᠠᠳᠤ ᠰᠢᠩᠬᠡᠨ ᠬᠦᠷᠦᠭᠰᠡᠨ ᠠᠷᠠᠰᠤ ᠎ ᠪᠠᠨ ᠴᠠᠭ ᠲᠤᠬᠠᠢ ᠳᠤ ᠨᠢ ᠤᠬᠢᠶᠠᠨ ᠴᠡᠪᠡᠷᠯᠡᠵᠤ᠂ ᠠᠷᠢᠭᠤᠳᠬᠠᠬᠤ ᠶᠢᠨ ᠬᠠᠮᠳᠤ ᠡᠮᠨᠡᠯᠬᠡ ᠳᠤ ᠬᠦᠷᠴᠦ ᠡᠮᠴᠢᠯᠡᠬᠦᠯᠦᠨ᠎ᠠ᠃
ᠢᠷᠡᠯᠲᠡ᠄ ᠪᠠᠭᠠᠷᠢᠨ ᠪᠠᠷᠠᠭᠤᠨ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠣᠯᠲᠠ ᠶᠢᠨ ᠲᠣᠪᠴᠢᠶ᠎ᠠ